ᠰᠡᠴᠡᠨᠲᠠᠨ᠎ᠠ
ᠬᠡᠦᠬᠡᠳ᠎ᠤᠨ ᠦᠰᠦᠨ ᠪᠤᠶ᠋ᠢᠵᠢᠯᠲᠠ ᠵᠢᠨ ᠶᠠᠪᠤᠴᠠ᠎ᠳᠤ ᠲᠤᠭᠯᠠᠭ᠋ᠠᠮ᠎ᠠᠴᠠ ᠰᠠᠯᠵᠤ ᠳᠡᠶ᠋ᠢᠯᠬᠦ ᠦᠭᠡᠢ᠃ ᠲᠤᠭᠯᠠᠭ᠋ᠠᠮ᠎ᠨᠢ ᠬᠡᠦᠬᠡᠳ᠎ᠤᠨ ᠤᠶᠤᠨ ᠪᠢᠯᠢᠭ᠎ᠢ ᠨᠡᠬᠡᠭᠡᠭᠳᠡᠭᠦᠯᠵᠦ᠂ ᠪᠠᠯᠴᠢᠷ ᠬᠡᠦᠬᠡᠳ᠎ᠤᠨ ᠪᠡᠶ᠎ᠡ ᠰᠡᠳᠭᠢᠴᠡ ᠵᠢᠨ ᠬᠦᠭᠵᠢᠯᠲᠡ ᠵᠢ ᠠᠬᠢᠭᠤᠯᠳᠠᠭ᠃ ᠲᠤᠭᠯᠠᠭ᠋ᠠᠮ᠎ᠨᠢ ᠪᠠᠯᠴᠢᠷ ᠬᠡᠦᠬᠡᠳ᠎ᠤᠨ ᠰᠤᠷᠭ᠋ᠠᠨ ᠬᠦᠮᠦᠵᠢᠯ᠎ᠳᠤ ᠴᠢᠬᠤᠯᠠ ᠳᠦᠷᠢ ᠵᠢ ᠲᠤᠭᠯᠠᠵᠤ᠂ ᠬᠢᠴᠢᠶᠡᠯ᠎ᠤᠨ ᠲᠠᠩᠭᠢᠮ᠎ᠤᠨ ᠠᠭᠤᠷ ᠠᠮᠢᠰᠬᠤᠯ᠎ᠢ ᠳᠠᠶ᠋ᠢᠴᠢᠯᠠᠵᠤ᠂ ᠪᠠᠯᠴᠢᠷ ᠬᠡᠦᠬᠡᠳ᠎ᠤᠨ ᠰᠤᠨᠢᠷᠬᠠᠯ᠎ᠢ ᠲᠠᠲᠠᠵᠤ᠂ ᠵᠢᠭ᠋ᠠᠨ ᠰᠤᠷᠭ᠋ᠠᠯᠲᠠ ᠵᠢᠨ ᠶᠠᠰᠤ ᠴᠢᠨᠠᠷ᠎ᠢ ᠳᠡᠭᠡᠭᠰᠢᠯᠡᠭᠦᠯᠬᠦ᠎ᠳᠤ ᠴᠢᠬᠤᠯᠠ ᠠᠴᠢ ᠬᠤᠯᠪᠤᠭᠳᠠᠯ᠎ᠲᠠᠢ ᠶᠤᠮ᠃ ᠪᠠᠯᠴᠢᠷ ᠬᠡᠦᠬᠡᠳ᠎ᠤᠨ ᠬᠤᠭᠤᠴᠠᠭ᠎ᠠ ᠪᠤᠯ ᠬᠡᠦᠬᠡᠳ᠎ᠤᠨ ᠪᠡᠶ᠎ᠡ ᠰᠡᠳᠭᠢᠯ ᠴᠦᠮ ᠲᠤᠭᠲᠠᠪᠤᠷᠢᠲᠤ ᠪᠤᠰᠤ ᠱᠠᠲᠤ ᠪᠠᠶ᠋ᠢᠵᠤ᠂ ᠲᠤᠭᠯᠠᠭ᠋ᠠᠮ ᠵᠶ᠋ᠠᠷ ᠳᠠᠮᠵᠢᠨ ᠬᠡᠦᠬᠡᠳ᠎ᠢ ᠬᠠᠪᠰᠤᠷᠴᠤ ᠦᠪᠡᠷ ᠪᠢ ᠵᠢ᠎ᠨᠢ ᠲᠡᠭᠦᠯᠳᠡᠷᠵᠢᠭᠦᠯᠵᠦ᠂ ᠨᠡᠶ᠋ᠢᠭᠡᠮ ᠪᠤᠯᠤᠨ ᠠᠮᠢᠳᠤᠷᠠᠯ᠎ᠤᠨ ᠲᠤᠬᠠᠢ ᠲᠠᠨᠢᠨ ᠮᠡᠳᠡᠷᠡᠬᠦᠢ ᠵᠢ᠎ᠨᠢ ᠴᠢᠩᠭ᠋ᠠᠳᠬᠠᠨ᠎ᠠ᠃ ᠶᠠᠷᠢᠶᠠᠨ ᠦᠭᠡᠢ᠂ ᠲᠤᠭᠯᠠᠭ᠋ᠠᠮ᠎ᠤᠨ ᠲᠤᠬᠢᠷᠠᠭᠤᠯᠤᠯᠲᠠ᠎ᠨᠢ ᠳᠦᠭᠦᠮᠬᠡᠨ ᠵᠶ᠋ᠠᠷ ᠬᠠᠭᠤᠯᠪᠤᠷᠢᠯᠠᠭ᠍ᠤ ᠪᠢᠰᠢ᠂ ᠬᠠᠷᠢᠨ ᠪᠠᠯᠴᠢᠷ ᠬᠡᠦᠬᠡᠳ᠎ᠤᠨ ᠪᠡᠶ᠎ᠡ ᠰᠡᠳᠭᠢᠯ᠎ᠤᠨ ᠤᠨᠴᠠᠯᠢᠭ᠎ᠲᠠᠢ ᠤᠶᠠᠯᠳᠤᠭᠤᠯᠵᠤ᠂ ᠬᠠᠮᠤᠭ᠎ᠤᠨ ᠲᠤᠬᠢᠷᠠᠮᠵᠢᠲᠠᠢ᠎ᠪᠠᠷ ᠲᠤᠭᠯᠠᠭ᠋ᠠᠮ᠎ᠤᠨ ᠦᠵᠡᠭᠳᠡᠯ᠎ᠢ ᠲᠤᠬᠢᠷᠠᠭᠤᠯᠬᠤ ᠬᠡᠷᠡᠭᠲᠡᠢ᠂ ᠢᠩᠭᠢᠪᠡᠯ ᠰᠠᠶᠢ ᠪᠠᠯᠴᠢᠷ ᠬᠡᠦᠬᠡᠳ ᠲᠤᠭᠯᠠᠭ᠋ᠠᠮ᠎ᠤᠨ ᠬᠠᠪᠤ ᠴᠡᠩᠭᠡᠯ᠎ᠢ ᠦᠨᠡᠨ ᠬᠦ᠌ ᠮᠡᠳᠡᠷᠡᠵᠦ ᠳᠡᠶ᠋ᠢᠯᠦᠨ᠎ᠡ᠃
ᠴᠡᠴᠡᠷᠯᠢᠭ᠎ᠤᠨ ᠬᠡᠦᠬᠡᠳ᠎ᠤᠨ ᠤᠯᠠᠨᠭ᠌ᠬᠢ᠎ᠨᠢ 3~6 ᠨᠠᠰᠤᠨ᠎ᠤ ᠬᠤᠭᠤᠷᠤᠨᠳᠤ ᠪᠠᠶ᠋ᠢᠵᠤ᠂ ᠠ᠋ᠨᠡ ᠬᠦ᠌ ᠬᠤᠭᠤᠴᠠᠭ᠎ᠠ ᠪᠤᠯ ᠦᠪᠡᠷᠮᠢᠴᠡ ᠴᠢᠨᠠᠷ᠎ᠤᠨ ᠰᠠᠭᠤᠷᠢ ᠵᠢᠨ ᠴᠢᠨᠠᠷᠲᠠᠢ ᠱᠠᠲᠤ ᠪᠠᠶ᠋ᠢᠵᠤ᠂ ᠮᠦᠨ ᠴᠤ᠌ ᠪᠠᠯᠴᠢᠷ ᠬᠡᠦᠬᠡᠳ᠎ᠤᠨ ᠦᠪᠡᠷᠮᠢᠴᠡ ᠴᠢᠨᠠᠷ᠎ᠤᠨ ᠬᠦᠭᠵᠢᠯᠲᠡ ᠵᠢᠨ ᠵᠠᠩᠭᠢᠯᠠᠭ᠎ᠠ ᠵᠢᠨ ᠬᠤᠭᠤᠴᠠᠭ᠎ᠠ ᠪᠤᠯᠤᠨ᠎ᠠ᠃ ᠠ᠋ᠨᠡ ᠬᠦ᠌ ᠬᠤᠭᠤᠴᠠᠭ᠋ᠠᠨ᠎ᠤ ᠪᠠᠯᠴᠢᠷ ᠬᠡᠦᠬᠡᠳ᠎ᠤᠨ ᠤᠯᠠᠩᠭᠢ᠎ᠨᠢ ᠨᠡᠯᠢᠶᠡᠳ ᠰᠡᠷᠭᠡᠭ᠂ ᠰᠤᠨᠢᠭᠤᠴᠢ ᠰᠡᠳᠭᠢᠯ᠎ᠨᠢ ᠴᠢᠩᠭ᠎ᠠ᠂ ᠰᠠᠨᠠᠭ᠋ᠠᠴᠢᠯᠠᠭ᠎ᠠ᠎ᠲᠠᠢ᠎ᠪᠠᠷ ᠪᠤᠰᠤᠳ᠎ᠢ ᠳᠠᠭᠤᠷᠢᠶᠠᠵᠤ᠂ ᠠᠭ᠋ᠠᠵᠢᠮ ᠵᠶ᠋ᠠᠷ ᠲᠤᠰᠠᠭ᠋ᠠᠷ ᠬᠥᠮᠥᠨ ᠴᠢᠨᠠᠷ᠎ᠤᠨ ᠤᠨᠴᠠᠯᠢᠭ᠎ᠢ ᠪᠦᠷᠢᠯᠳᠦᠭᠦᠯᠳᠡᠭ᠃ ᠠ᠋ᠶ᠋ᠢᠮᠦ᠎ᠠᠴᠠ ᠪᠠᠯᠴᠢᠷ ᠬᠡᠦᠬᠡᠳ᠎ᠤᠨ ᠬᠤᠭᠤᠴᠠᠭ᠋ᠠᠨ᠎ᠤ ᠰᠤᠷᠭ᠋ᠠᠨ ᠬᠦᠮᠦᠵᠢᠯ ᠪᠤᠯ ᠮᠠᠰᠢ ᠴᠢᠬᠤᠯᠠ ᠶᠤᠮ᠃ ᠪᠠᠯᠴᠢᠷ ᠬᠡᠦᠬᠡᠳ᠎ᠤᠨ ᠰᠤᠷᠭ᠋ᠠᠨ ᠬᠦᠮᠦᠵᠢᠯ᠎ᠳᠤ᠎ᠬᠢ ᠲᠤᠭᠯᠠᠭ᠋ᠠᠮ᠎ᠤᠨ ᠬᠡᠷᠡᠭᠯᠡᠯᠲᠡ᠎ᠨᠢ ᠰᠤᠷᠤᠭᠴᠢᠳ᠎ᠤᠨ ᠳᠦᠷᠰᠦᠯᠡᠨ ᠪᠤᠳᠤᠬᠤ ᠴᠢᠳᠠᠪᠤᠷᠢ ᠪᠤᠯᠤᠨ ᠠ᠋ᠭᠦᠳᠦᠨ ᠪᠦᠲᠦᠭᠡᠬᠦ ᠴᠢᠳᠠᠪᠤᠷᠢ ᠵᠢ᠎ᠨᠢ ᠭᠦᠢ᠍ᠴᠡᠳ ᠪᠠᠳᠠᠷᠠᠭᠤᠯᠵᠤ᠂ ᠪᠠᠯᠴᠢᠷ ᠬᠡᠦᠬᠡᠳ᠎ᠲᠤ ᠬᠡᠦᠬᠡᠳ ᠨᠠᠰᠤᠨ᠎ᠤ ᠪᠠᠶᠠᠷ ᠪᠠᠶᠠᠰᠤᠯ᠎ᠢ ᠠ᠋ᠳ᠋ᠯᠡᠭᠦᠯᠦᠨᠡ᠃
ᠨᠢᠭᠡ᠂ ᠪᠠᠯᠴᠢᠷ ᠬᠡᠦᠬᠡᠳ᠎ᠤᠨ ᠰᠤᠷᠭ᠋ᠠᠨ ᠬᠦᠮᠦᠵᠢᠯ᠎ᠳᠤ᠎ᠬᠢ ᠲᠤᠭᠯᠠᠭ᠋ᠠᠮ᠎ᠤᠨ ᠴᠢᠬᠤᠯᠠ ᠴᠢᠨᠠᠷ
ᠲᠤᠭᠯᠠᠭ᠋ᠠᠮ᠎ᠨᠢ ᠪᠠᠯᠴᠢᠷ ᠬᠡᠦᠬᠡᠳ᠎ᠲᠤ ᠠᠪᠴᠤ ᠬᠡᠯᠡᠪᠡᠯ ᠨᠠᠭ᠋ᠠᠳᠬᠤ ᠠᠷᠭ᠎ᠠ ᠪᠠᠷᠢᠯ ᠪᠤᠯᠬᠤ ᠮᠦᠷᠲᠡᠭᠡᠨ ᠨᠡᠩ ᠴᠤ᠌ ᠰᠤᠷᠭ᠋ᠠᠨ ᠬᠦᠮᠦᠵᠢᠯ ᠬᠦᠷᠲᠡᠬᠦ ᠨᠢᠭᠡ ᠵᠦᠢ᠍ᠯ᠎ᠤᠨ ᠴᠢᠬᠤᠯᠠ ᠠᠷᠭ᠎ᠠ ᠪᠠᠷᠢᠯ ᠪᠤᠯᠤᠨ᠎ᠠ᠃ ᠲᠤᠭᠯᠠᠭ᠋ᠠᠮ᠎ᠨᠢ ᠬᠡᠦᠬᠡᠳ᠎ᠤᠨ ᠮᠡᠳᠡᠯᠭᠡ ᠵᠢ ᠨᠡᠮᠡᠭᠳᠡᠭᠦᠯᠬᠦ᠎ᠪᠠᠷ ᠪᠠᠷᠠᠭ᠍ᠤ ᠦᠭᠡᠢ᠂ ᠪᠠᠰᠠ ᠪᠠᠯᠴᠢᠷ ᠬᠡᠦᠬᠡᠳ᠎ᠤᠨ ᠦᠭᠡ ᠬᠡᠯᠡ ᠪᠤᠯᠤᠨ ᠤᠶᠤᠨ ᠪᠢᠯᠢᠭ᠎ᠤᠨ ᠬᠦᠭᠵᠢᠯᠲᠡ ᠵᠢ ᠠᠬᠢᠭᠤᠯᠳᠠᠭ᠃
(ᠨᠢᠭᠡ) ᠶᠡᠷᠦ ᠵᠢᠨ ᠮᠡᠳᠡᠯᠭᠡ ᠵᠢᠨ ᠴᠢᠨᠠᠷᠲᠠᠢ ᠮᠡᠳᠡᠯᠭᠡ ᠵᠢ ᠪᠠᠲᠤᠳᠬᠠᠨ᠎ᠠ
ᠤᠯᠠᠮᠵᠢᠯᠠᠯᠲᠤ ᠰᠤᠷᠭ᠋ᠠᠨ ᠬᠦᠮᠦᠵᠢᠯ᠎ᠤᠨ ᠵᠠᠭᠪᠤᠷ᠎ᠤᠨ ᠨᠦᠯᠦᠭᠡ᠎ᠪᠠᠷ᠂ ᠪᠠᠯᠴᠢᠷ ᠬᠡᠦᠬᠡᠳ᠎ᠤᠨ ᠰᠤᠷᠭ᠋ᠠᠨ ᠬᠦᠮᠦᠵᠢᠯ᠎ᠳᠤ ᠮᠠᠰᠢ ᠤᠯᠠᠨ ᠶᠡᠷᠦ ᠵᠢᠨ ᠮᠡᠳᠡᠯᠭᠡ ᠵᠢᠨ ᠴᠢᠨᠠᠷᠲᠠᠢ ᠵᠢᠭ᠋ᠠᠨ ᠰᠤᠷᠭ᠋ᠠᠬᠤ ᠠᠭᠤᠯᠭ᠎ᠠ ᠬᠤᠯᠪᠤᠭᠳᠠᠵᠤ᠂ ᠠ᠋ᠳᠡᠭᠡᠷ ᠮᠡᠳᠡᠯᠭᠡ᠎ᠨᠢ ᠨᠡᠶ᠋ᠢᠳᠡᠮ᠎ᠳᠤ᠎ᠪᠠᠨ ᠰᠤᠨᠢᠷᠬᠠᠯ᠎ᠢ ᠲᠠᠲᠠᠵᠤ ᠳᠡᠶ᠋ᠢᠯᠬᠦ ᠦᠭᠡᠢ᠎ᠠᠴᠠ ᠪᠤᠯᠵᠤ᠂ ᠪᠠᠯᠴᠢᠷ ᠬᠡᠦᠬᠡᠳ ᠤᠳᠤᠬᠢ ᠰᠤᠷᠤᠯᠴᠠᠯᠭ᠎ᠠ᠎ᠳᠤ᠎ᠪᠠᠨ ᠳᠡᠮᠡᠢ ᠳᠤᠷ᠎ᠠ ᠪᠠᠬ᠎ᠠ ᠦᠭᠡᠢ ᠪᠤᠯᠤᠭᠰᠠᠨ ᠪᠠᠶ᠋ᠢᠨ᠎ᠠ᠃ ᠶᠡᠷᠦ ᠵᠢᠨ ᠮᠡᠳᠡᠯᠭᠡ ᠵᠢᠨ ᠴᠢᠨᠠᠷᠲᠠᠢ ᠵᠢᠭ᠋ᠠᠨ ᠰᠤᠷᠭ᠋ᠠᠬᠤ ᠠᠭᠤᠯᠭ᠎ᠠ ᠵᠢᠨ ᠤᠯᠠᠩᠬᠢ᠎ᠨᠢ ᠪᠠᠯᠴᠢᠷ ᠬᠡᠦᠬᠡᠳ᠎ᠲᠤ ᠵᠢᠭ᠋ᠠᠨ ᠰᠤᠷᠭ᠋ᠠᠬᠤ ᠵᠢᠭ᠋ᠠᠬᠤ ᠮᠠᠲ᠋ᠧᠷᠢᠶᠠᠯ᠎ᠠᠴᠠ ᠢᠷᠡᠯᠲᠡ᠎ᠲᠠᠢ ᠪᠦᠭᠡᠳ ᠢᠷᠡᠭᠡᠳᠦᠢ ᠵᠢᠨ ᠬᠦᠭᠵᠢᠯᠲᠡ ᠵᠢᠨ ᠲᠦᠯᠦᠪᠯᠡᠭᠡ ᠵᠢᠨ ᠲᠤᠬᠠᠢ ᠵᠤᠬᠢᠬᠤ ᠲᠠᠶ᠋ᠢᠯᠪᠤᠷᠢᠯᠠᠯᠲᠠ ᠵᠢᠨ ᠰᠢᠨᠵᠢ᠎ᠲᠠᠢ ᠮᠡᠳᠡᠯᠭᠡ᠎ᠲᠠᠢ ᠲᠤᠯᠠ ᠠ᠋ᠨᠡ᠎ᠨᠢ ᠪᠠᠯᠴᠢᠷ ᠬᠡᠦᠬᠡᠳ᠎ᠢ ᠠᠮᠠᠷᠬᠠᠨ ᠬᠠᠯᠠᠰᠢᠷᠠᠭᠤᠯᠳᠠᠭ ᠪᠠᠶ᠋ᠢᠨ᠎ᠠ᠃ ᠲᠤᠭᠯᠠᠭ᠋ᠠᠮ᠎ᠢ ᠠᠭᠤᠰᠬᠠᠪᠠᠯ ᠤᠨᠤᠯ᠎ᠤᠨ ᠮᠡᠳᠡᠯᠭᠡ ᠵᠢᠨ ᠪᠠᠯᠴᠢᠷ ᠬᠡᠦᠬᠡᠳ᠎ᠢ ᠲᠠᠲᠠᠵᠤ ᠴᠢᠳᠠᠭ᠍ᠤ ᠦᠭᠡᠢ ᠪᠠᠶ᠋ᠢᠬᠤ ᠠᠰᠠᠭᠤᠳᠠᠯ᠎ᠢ ᠮᠠᠰᠢ ᠰᠠᠶ᠋ᠢᠨ ᠰᠢᠢ᠍ᠳᠪᠦᠷᠢᠯᠡᠵᠦ᠂ ᠰᠤᠷᠤᠭᠴᠢᠳ᠎ᠤᠨ ᠰᠤᠷᠤᠯᠴᠠᠭ᠍ᠤ ᠢᠳᠡᠪᠬᠢᠵᠢᠯ᠎ᠢ ᠰᠠᠶ᠋ᠢᠬᠠᠨ ᠳᠠᠶ᠋ᠢᠴᠢᠯᠠᠳᠠᠭ ᠶᠤᠮ᠃ ᠲᠤᠭᠯᠠᠭ᠋ᠠᠮ᠎ᠤᠨ ᠲᠤᠰ ᠪᠡᠶ᠎ᠡ ᠵᠢᠨ ᠬᠠᠪᠤ ᠴᠡᠩᠬᠡᠯ᠎ᠨᠢ ᠪᠠᠯᠴᠢᠷ ᠬᠡᠦᠬᠡᠳ᠎ᠢ ᠲᠤᠭᠯᠠᠭ᠋ᠠᠮ᠎ᠤᠨ ᠳᠤᠮᠳᠠ ᠦᠪᠡᠷ ᠪᠢ ᠵᠢ᠎ᠨᠢ ᠴᠢᠯᠦᠭᠡᠯᠡᠵᠦ᠂ ᠦᠪᠡᠷ᠎ᠤᠨ ᠪᠤᠳᠤᠯ ᠵᠶ᠋ᠠᠨ ᠪᠠᠶᠠᠷᠲᠠᠢ᠎ᠪᠠᠷ ᠢᠯᠡᠳᠭᠡᠵᠦ᠂ ᠪᠠᠯᠴᠢᠷ ᠬᠡᠦᠬᠡᠳ᠎ᠤᠨ ᠰᠤᠷᠤᠯᠴᠠᠭ᠍ᠤ ᠰᠠᠨᠠᠭ᠋ᠠᠴᠢᠯᠠᠭ᠋ᠠᠲᠤ ᠴᠢᠨᠠᠷ᠎ᠢ ᠨᠡᠮᠡᠭᠳᠡᠭᠦᠯᠵᠦ ᠴᠢᠳᠠᠨ᠎ᠠ᠃ ᠵᠢᠱ᠌ᠢᠶᠡᠯᠡᠪᠡᠯ᠂ ᠦᠷᠭᠦᠯᠵᠢ ᠬᠡᠷᠡᠭᠯᠡᠳᠡᠭ ᠠᠮᠢᠳᠤᠷᠠᠯ᠎ᠤᠨ ᠬᠡᠷᠡᠭᠰᠡᠯ᠎ᠤᠨ ᠬᠡᠷᠡᠭᠴᠡᠭᠡ ᠪᠤᠯᠤᠨ ᠤᠨᠴᠠᠯᠢᠭ᠎ᠢ ᠲᠠᠶ᠋ᠢᠯᠪᠤᠷᠢᠯᠠᠭ᠍ᠤ ᠦᠶ᠎ᠡ᠎ᠳᠤ᠂ ᠪᠠᠯᠴᠢᠷ ᠬᠡᠦᠬᠡᠳ᠎ᠤᠨ ᠰᠤᠷᠤᠯᠴᠠᠭ᠍ᠤ ᠤᠷᠮ᠎ᠠ ᠪᠠᠬ᠎ᠠ ᠵᠢ ᠬᠦᠭᠵᠢᠭᠡᠬᠦ ᠵᠢᠨ ᠲᠦᠯᠦᠭᠡ᠂ ᠪᠠᠭᠰᠢ ᠤᠷᠢᠳ ᠵᠶ᠋ᠠᠷ ᠬᠠᠮᠢᠶ᠎ᠠ ᠪᠦᠬᠦᠢ ᠪᠠᠭ᠋ᠠᠵᠢ ᠵᠢ ᠪᠡᠯᠡᠳᠭᠡᠵᠦ᠂ ᠪᠠᠯᠴᠢᠷ ᠬᠡᠦᠬᠡᠳ ᠵᠶ᠋ᠠᠷ ᠮᠡᠳᠡᠷᠡᠭᠦᠯᠵᠦ ᠬᠡᠷᠡᠭᠯᠡᠭᠦᠯᠵᠦ ᠪᠤᠯᠤᠨ᠎ᠠ᠃ ᠢᠩᠭᠢᠬᠦ᠎ᠨᠢ ᠪᠠᠯᠴᠢᠷ ᠬᠡᠦᠬᠡᠳ᠎ᠤᠨ ᠤᠨᠤᠯ᠎ᠤᠨ ᠮᠡᠳᠡᠯᠭᠡ ᠵᠢ ᠭᠠᠳᠠᠭᠤᠷᠴᠢᠯᠠᠭ᠍ᠤ ᠵᠢ ᠨᠠᠮᠳᠠᠭᠤᠯᠵᠤ ᠪᠤᠯᠬᠤ ᠪᠦᠭᠡᠳ ᠲᠡᠳᠡᠨᠤᠰ ᠵᠶ᠋ᠠᠷ ᠦᠪᠡᠷ᠎ᠤᠨ ᠪᠡᠶ᠎ᠡ᠎ᠪᠠᠷ᠎ᠨᠢ ᠦᠢ᠍ᠯᠡᠳᠦᠯᠭᠡᠵᠢᠭᠦᠯᠬᠦ᠎ᠪᠠᠷ ᠳᠠᠮᠵᠢᠨ ᠤᠨᠤᠯ᠎ᠤᠨ ᠮᠡᠳᠡᠯᠭᠡ ᠵᠢᠨ ᠪᠤᠳᠠᠳᠤ ᠠᠴᠢ ᠬᠤᠯᠪᠤᠭᠳᠠᠯ᠎ᠢ ᠲᠠᠨᠢᠭᠤᠯᠵᠤ ᠪᠤᠯᠤᠨ᠎ᠠ᠃
(ᠬᠤᠶᠠᠷ) ᠪᠠᠯᠴᠢᠷ ᠬᠡᠦᠬᠡᠳ᠎ᠤᠨ ᠬᠡᠯᠡᠨ᠎ᠤ ᠴᠢᠳᠠᠪᠤᠷᠢ ᠵᠢ ᠳᠡᠭᠡᠭᠰᠢᠯᠡᠭᠦᠯᠦᠨ᠎ᠡ
ᠪᠠᠯᠴᠢᠷ ᠬᠡᠦᠬᠡᠳ᠎ᠤᠨ ᠵᠢᠭ᠋ᠠᠨ ᠰᠤᠷᠭ᠋ᠠᠬᠤ ᠬᠡᠯᠡ ᠵᠢ ᠳᠤᠷᠠᠳᠤᠮᠠᠭᠴᠠ ᠶᠡᠷᠦ᠎ᠳᠤ᠎ᠪᠠᠨ ᠬᠡᠦᠬᠡᠳ᠎ᠤᠨ ᠲᠤᠮᠤᠭ᠂ ᠶᠤᠵᠤᠳᠤ ᠦᠯᠢᠭᠡᠷ ᠵᠡᠷᠭᠡ ᠵᠤᠬᠢᠶᠠᠯ᠎ᠤᠨ ᠰᠲ᠋ᠢᠯᠢ ᠵᠢ ᠪᠤᠳᠤᠵᠤ ᠤᠯᠳᠠᠭ᠃ ᠠ᠋ᠶ᠋ᠢᠮᠦᠷᠬᠦᠦ ᠢᠯᠡᠳᠭᠡᠬᠦ ᠬᠡᠯᠪᠡᠷᠢ᠎ᠨᠢ ᠪᠠᠯᠴᠢᠷ ᠬᠡᠦᠬᠡᠳ᠎ᠤᠨ ᠪᠡᠶ᠎ᠡ ᠰᠡᠳᠭᠢᠴᠡ ᠵᠢᠨ ᠤᠨᠴᠠᠯᠢᠭᠲᠤ ᠨᠡᠩ ᠲᠤᠬᠢᠷᠠᠳᠠᠭ᠃ ᠪᠠᠯᠴᠢᠷ ᠬᠡᠦᠬᠡᠳ᠎ᠢ ᠠᠳᠠᠯᠢ ᠪᠤᠰᠤ ᠳᠦᠷᠢ᠎ᠪᠠᠷ ᠬᠤᠪᠢᠶᠠᠵᠤ᠂ ᠲᠤᠭᠯᠠᠭ᠋ᠠᠮ᠎ᠤᠨ ᠠᠬᠤᠢ ᠪᠠᠶ᠋ᠢᠳᠠᠯ᠎ᠢ ᠢᠯᠡᠷᠡᠭᠦᠯᠵᠦ᠂ ᠪᠠᠯᠴᠢᠷ ᠬᠡᠦᠬᠡᠳ ᠵᠶ᠋ᠠᠷ ᠦᠯᠢᠭᠡᠷ᠎ᠲᠤ᠎ᠬᠢ ᠬᠥᠮᠥᠰ᠎ᠤᠨ ᠰᠡᠳᠭᠢᠯᠭᠡ ᠵᠢ ᠦᠪᠡᠷ᠎ᠤᠨ ᠮᠡᠳᠡᠷᠡᠮᠵᠢ᠎ᠪᠠᠷ᠎ᠨᠢ ᠢᠯᠡᠷᠡᠭᠦᠯᠵᠦ᠂ ᠳᠡᠭᠡᠷ᠎ᠡ᠎ᠨᠢ ᠠ᠋ᠭᠦᠷᠭᠡ ᠵᠢᠨ ᠵᠶ᠋ᠠᠨ ᠬᠡᠯᠡᠨ᠎ᠤ ᠤᠨᠴᠠᠯᠢᠭ᠎ᠢ ᠳᠠᠭᠤᠷᠢᠶᠠᠵᠤ ᠢᠯᠡᠷᠡᠭᠦᠯᠪᠡᠯ᠂ ᠪᠠᠯᠴᠢᠷ ᠬᠡᠦᠬᠡᠳ᠎ᠤᠨ ᠬᠡᠯᠡᠨ᠎ᠤ ᠴᠢᠳᠠᠪᠤᠷᠢ ᠵᠢ ᠮᠠᠰᠢ ᠰᠠᠶ᠋ᠢᠨ ᠵᠶ᠋ᠠᠷ ᠬᠦᠮᠦᠵᠢᠭᠦᠯᠵᠦ ᠴᠢᠳᠠᠨ᠎ᠠ᠃ ᠬᠡᠯᠡᠨ᠎ᠤ ᠠᠬᠤᠢ ᠪᠠᠶ᠋ᠢᠳᠠᠯ᠎ᠢ ᠲᠤᠭᠲᠠᠭ᠋ᠠᠬᠤ᠎ᠪᠠᠷ ᠳᠠᠮᠵᠢᠵᠤ᠂ ᠪᠠᠯᠴᠢᠷ ᠬᠡᠦᠬᠡᠳ ᠰᠠᠨᠠᠭ᠋ᠠᠴᠢᠯᠠᠭ᠋ᠠᠲᠤ ᠴᠢᠨᠠᠷ ᠵᠶ᠋ᠠᠨ ᠪᠠᠳᠠᠷᠠᠭᠤᠯᠵᠤ᠂ ᠬᠡᠯᠡᠨ᠎ᠤ ᠴᠢᠳᠠᠪᠤᠷᠢ᠎ᠪᠠᠨ ᠪᠠᠶᠠᠯᠢᠬ᠍ᠵᠢᠭᠤᠯᠬᠤ ᠪᠠ ᠲᠡᠭᠦᠯᠳᠡᠷᠵᠢᠭᠦᠯᠵᠦ᠂ ᠬᠡᠦᠬᠡᠳ᠎ᠤᠨ ᠬᠤᠵᠢᠮ᠎ᠤᠨ ᠬᠦᠭᠵᠢᠯᠲᠡ᠎ᠳᠤ ᠮᠠᠰᠢ ᠠᠰᠢᠭᠲᠠᠢ ᠶᠤᠮ᠃ (ᠭᠤᠷᠪᠠ) ᠪᠠᠯᠴᠢᠷ ᠬᠡᠦᠬᠡᠳ᠎ᠤᠨ ᠶᠡᠷᠦᠩᠬᠡᠶ᠋ᠢᠯᠡᠭᠰᠡᠨ ᠴᠢᠳᠠᠪᠤᠷᠢ ᠵᠢ ᠳᠡᠭᠡᠭᠰᠢᠯᠡᠭᠦᠯᠦᠨ᠎ᠡ
ᠪᠠᠯᠴᠢᠷ ᠬᠡᠦᠬᠡᠳ᠎ᠤᠨ ᠬᠤᠭᠤᠴᠠᠭ᠎ᠠ ᠪᠤᠯ ᠬᠡᠦᠬᠡᠳ᠎ᠤᠨ ᠨᠢᠭᠡ ᠨᠠᠰᠤᠨ᠎ᠤ ᠬᠦᠭᠵᠢᠯᠲᠡ᠎ᠲᠠᠢ ᠬᠤᠯᠪᠤᠭᠳᠠᠭ᠍ᠤ ᠶᠡᠭᠡ ᠶᠠᠪᠤᠳᠠᠯ ᠮᠦᠨ᠃ ᠠ᠋ᠶ᠋ᠢᠮᠦ᠎ᠠᠴᠠ ᠶᠤᠰᠤ᠂ ᠮᠤᠷᠠᠯ᠂ ᠤᠶᠤᠨ ᠤᠬᠠᠭ᠋ᠠᠨ᠂ ᠪᠡᠶ᠎ᠡ ᠮᠠᠭ᠍ᠠᠪᠤᠳ᠂ ᠭᠤᠸ᠎ᠠ ᠰᠠᠶ᠋ᠢᠬᠠᠨ᠂ ᠬᠦᠳᠡᠯᠮᠦᠷᠢ ᠵᠡᠷᠭᠡ ᠡᠯ᠎ᠡ ᠲᠠᠯ᠎ᠠ ᠵᠢ ᠬᠠᠷᠠᠭ᠋ᠠᠯᠵᠠᠵᠤ᠂ ᠵᠤᠬᠢᠴᠠᠩᠭᠤᠢ ᠬᠦᠭᠵᠢᠭᠦᠯᠬᠦ ᠬᠡᠷᠡᠭᠲᠡᠢ᠃ ᠠ᠋ᠨᠡ᠎ᠨᠢ ᠬᠡᠦᠬᠡᠳ᠎ᠤᠨ ᠬᠤᠵᠢᠮ᠎ᠤᠨ ᠵᠠᠩ ᠴᠢᠨᠠᠷ᠎ᠤᠨ ᠬᠦᠮᠦᠵᠢᠭᠦᠯᠦᠯ᠂ ᠬᠥᠮᠥᠨ᠎ᠲᠠᠢ ᠶᠠᠪᠤᠯᠴᠠᠵᠤ ᠬᠡᠷᠡᠭ ᠪᠤᠳᠠᠰ᠎ᠲᠤ ᠬᠠᠨᠳᠤᠬᠤ ᠵᠢᠴᠢ ᠪᠡᠶ᠎ᠡ ᠮᠠᠭ᠍ᠠᠪᠤᠳ᠎ᠤᠨ ᠬᠡᠪ ᠴᠢᠨᠠᠷ ᠵᠡᠷᠭᠡ ᠡᠯ᠎ᠡ ᠲᠠᠯ᠎ᠠ ᠵᠢᠨ ᠬᠦᠮᠦᠵᠢᠯ᠎ᠳᠤ ᠠᠪᠴᠤ ᠬᠡᠯᠡᠪᠡᠯ ᠴᠢᠬᠤᠯᠠ ᠤᠳᠬ᠎ᠠ ᠠᠭᠤᠯᠭ᠎ᠠ᠎ᠲᠠᠢ ᠶᠤᠮ᠃ ᠲᠤᠭᠯᠠᠭ᠋ᠠᠮ᠎ᠤᠨ ᠬᠡᠷᠡᠭᠯᠡᠯᠲᠡ ᠵᠢᠨ ᠶᠠᠪᠤᠴᠠ᠎ᠳᠤ ᠲᠤᠭᠯᠠᠭ᠋ᠠᠮ᠎ᠤᠨ ᠳᠦᠷᠢᠮ ᠵᠶ᠋ᠠᠷ ᠲᠤᠭᠯᠠᠭ᠋ᠠᠮ᠎ᠤᠨ ᠤᠷᠤᠭᠰᠢᠲᠠᠢ ᠶᠠᠪᠤᠭᠳᠠᠭ᠍ᠤ ᠵᠢ ᠪᠠᠲᠤᠯᠠᠭ᠍ᠤ ᠬᠡᠷᠡᠭᠲᠡᠢ᠂ ᠠ᠋ᠳᠡᠭᠡᠷ ᠳᠦᠷᠢᠮ᠎ᠨᠢ ᠬᠡᠦᠬᠡᠳ᠎ᠢ ᠰᠠᠨᠠᠮᠰᠠᠷ ᠦᠭᠡᠢ᠎ᠪᠠᠷ ᠰᠠᠶ᠋ᠢᠨ ᠰᠠᠶ᠋ᠢᠬᠠᠨ ᠰᠠᠬᠢᠯᠭ᠎ᠠ ᠪᠠᠲᠤᠴᠢ ᠴᠢᠨᠠᠷ ᠪᠤᠯᠤᠨ ᠵᠠᠩ ᠴᠢᠨᠠᠷᠲᠠᠢ ᠪᠤᠯᠭ᠋ᠠᠨ ᠬᠥᠮᠥᠵᠢᠭᠦᠯᠦᠨ᠎ᠡ᠃ ᠠ᠋ᠭᠦᠨ᠎ᠠᠴᠠ ᠭᠠᠳᠠᠨ᠎ᠠ᠂ ᠲᠤᠭᠯᠠᠭ᠋ᠠᠮ᠎ᠤᠨ ᠲᠤᠬᠢᠷᠠᠭᠤᠯᠤᠯᠲᠠ᠎ᠳᠤ ᠪᠠᠯᠴᠢᠷ ᠬᠡᠦᠬᠡᠳ ᠲᠠᠷᠢᠬᠢ᠎ᠪᠠᠨ ᠬᠦᠳᠡᠯᠭᠡᠬᠦ ᠪᠠ ᠬᠠᠮᠢᠶ᠎ᠠ ᠪᠦᠬᠦᠢ ᠲᠠᠮᠢᠷ᠎ᠤᠨ ᠪᠤᠯᠪᠠᠰᠤᠷᠠᠯ᠎ᠢ ᠱᠠᠭ᠋ᠠᠷᠳᠠᠵᠤ᠂ ᠲᠤᠭᠲᠠᠭᠰᠠᠨ ᠪᠡᠶ᠎ᠡ ᠲᠠᠮᠢᠷ ᠪᠤᠯᠤᠨ ᠲᠠᠷᠢᠬᠢᠨ᠎ᠤ ᠪᠤᠯᠪᠠᠰᠤᠷᠠᠯ᠎ᠤᠨ ᠳᠤᠮᠳᠠ ᠪᠠᠯᠴᠢᠷ ᠬᠡᠦᠬᠡᠳ᠎ᠤᠨ ᠰᠡᠳᠭᠢᠬᠦ ᠴᠢᠳᠠᠪᠤᠷᠢ ᠪᠤᠯᠤᠨ ᠰᠤᠷᠤᠯᠴᠠᠯᠭ᠎ᠠ ᠵᠢᠨ ᠲᠦᠪᠰᠢᠨ᠎ᠨᠢ ᠮᠠᠰᠢ ᠶᠡᠭᠡ᠎ᠪᠠᠷ ᠳᠡᠭᠡᠭᠰᠢᠯᠡᠵᠦ᠂ ᠪᠠᠯᠴᠢᠷ ᠬᠡᠦᠬᠡᠳ᠎ᠤᠨ ᠶᠠᠷᠦᠩᠬᠡᠶ᠋ᠢᠯᠡᠭᠰᠡᠨ ᠴᠢᠳᠠᠪᠤᠷᠢ ᠵᠢ ᠬᠦᠮᠦᠵᠢᠭᠦᠯᠬᠦ᠎ᠳᠤ ᠢᠯᠡᠷᠬᠡᠢ ᠦᠷ᠎ᠡ ᠪᠦᠲᠦᠮᠵᠢ᠎ᠲᠠᠢ ᠶᠤᠮ᠃
ᠬᠤᠶᠠᠷ᠂ ᠪᠠᠯᠴᠢᠷ ᠬᠡᠦᠬᠡᠳ᠎ᠤᠨ ᠲᠤᠭᠯᠠᠭ᠋ᠠᠮ᠎ᠢ ᠪᠦᠲᠦᠮᠵᠢᠲᠡᠢ ᠬᠡᠷᠡᠭᠯᠡᠬᠦ ᠠᠷᠭ᠎ᠠ ᠪᠤᠳᠤᠯᠭ᠎ᠠ
(ᠨᠢᠭᠡ) ᠪᠠᠯᠴᠢᠷ ᠬᠡᠦᠬᠡᠳ᠎ᠲᠤ ᠰᠠᠶ᠋ᠢᠨ ᠰᠠᠶ᠋ᠢᠬᠠᠨ ᠲᠤᠭᠯᠠᠭ᠋ᠠᠮ᠎ᠤᠨ ᠤᠷᠴᠢᠨ᠎ᠢ ᠠ᠋ᠭᠦᠳᠴᠦ ᠦᠭᠬᠦ ᠬᠡᠷᠡᠭᠲᠡᠢ
ᠲᠤᠭᠯᠠᠭ᠋ᠠᠮ᠎ᠨᠢ ᠨᠢᠭᠡ ᠵᠦᠢ᠍ᠯ᠎ᠤᠨ ᠤᠨᠴᠠᠭ᠋ᠠᠢ ᠰᠤᠷᠭ᠋ᠠᠨ ᠬᠦᠮᠦᠵᠢᠯ᠎ᠤᠨ ᠬᠡᠯᠪᠡᠷᠢ ᠪᠤᠯᠤᠭᠰᠠᠨ᠎ᠤ ᠬᠤᠪᠢ᠎ᠳᠤ᠂ ᠲᠡᠭᠦᠨ᠎ᠤ ᠬᠡᠷᠡᠭᠵᠢᠭᠦᠯᠦᠭᠳᠡᠬᠦ ᠦᠷ᠎ᠡ ᠪᠦᠲᠦᠮᠵᠢ ᠵᠢᠨ ᠰᠠᠶ᠋ᠢᠨ ᠮᠠᠭᠤ᠎ᠨᠢ ᠵᠢᠭ᠋ᠠᠨ ᠰᠤᠷᠭ᠋ᠠᠯᠲᠠ ᠵᠢᠨ ᠤᠷᠴᠢᠨ ᠲᠤᠭᠤᠷᠢᠨ᠎ᠨᠢ ᠱᠠᠭ᠋ᠠᠷᠳᠠᠯᠭ᠎ᠠ᠎ᠳᠤ ᠨᠡᠶ᠋ᠢᠴᠡᠬᠦ ᠠ᠋ᠰᠡᠬᠦ᠎ᠳᠤ ᠪᠠᠶ᠋ᠢᠵᠤ᠂ ᠪᠠᠯᠴᠢᠷ ᠬᠡᠦᠬᠡᠳ᠎ᠤᠨ ᠪᠡᠶ᠎ᠡ ᠰᠡᠳᠭᠢᠴᠡ ᠵᠢᠨ ᠠ᠋ᠷᠡᠭᠦᠯ ᠴᠢᠬᠢᠷᠠᠭ᠎ᠤᠨ ᠲᠦᠪᠰᠢᠨ᠎ᠢ ᠳᠡᠭᠡᠭᠰᠢᠯᠡᠭᠦᠯᠬᠦ ᠵᠢᠨ ᠲᠦᠯᠦᠭᠡ ᠰᠠᠶ᠋ᠢᠨ ᠰᠠᠶ᠋ᠢᠬᠠᠨ ᠵᠢᠭ᠋ᠠᠨ ᠰᠤᠷᠭ᠋ᠠᠯᠲᠠ ᠵᠢᠨ ᠠᠭᠤᠷ ᠠᠮᠢᠰᠬᠤᠯ᠎ᠢ ᠪᠤᠢ ᠪᠤᠯᠭ᠋ᠠᠬᠤ ᠬᠡᠷᠡᠭᠲᠡᠢ᠃ ᠨᠢᠭᠡ ᠲᠠᠯ᠎ᠠ᠎ᠪᠠᠷ᠂ ᠵᠢᠭ᠋ᠠᠨ ᠰᠤᠷᠭ᠋ᠠᠯᠲᠠ ᠵᠢᠨ ᠲᠤᠨᠤᠭ ᠲᠦᠭᠦᠭᠡᠷᠦᠮᠵᠢ ᠪᠤᠯᠤᠨ ᠬᠡᠷᠡᠭᠰᠡᠯ᠎ᠨᠢ ᠵᠢᠭ᠋ᠠᠨ ᠰᠤᠷᠭ᠋ᠠᠯᠲᠠ ᠵᠢᠨ ᠪᠤᠲᠠᠲᠠᠢ ᠲᠦᠪᠰᠢᠨ᠎ᠢ ᠬᠠᠩᠭ᠋ᠠᠵᠤ ᠳᠡᠶ᠋ᠢᠯᠬᠦ ᠠ᠋ᠰᠡᠬᠦ ᠵᠢ ᠠ᠋ᠩ ᠲᠡᠷᠢᠭᠦᠨ᠎ᠳᠤ ᠪᠤᠳᠤᠯᠬᠢᠯᠠᠭ᠍ᠤ ᠴᠢᠬᠤᠯᠠᠲᠠᠢ ᠪᠠᠶ᠋ᠢᠵᠤ᠂ ᠬᠡᠷᠡᠭᠰᠡᠯ ᠪᠤᠯᠤᠨ ᠲᠠᠯᠠᠪᠤᠷ᠎ᠤᠨ ᠲᠤᠬᠢᠷᠠᠭᠤᠯᠤᠯᠲᠠ᠎ᠨᠢ ᠵᠤᠬᠢᠰᠲᠠᠢ ᠪᠠᠶ᠋ᠢᠬᠤ ᠠ᠋ᠰᠡᠬᠦ ᠵᠢ ᠠᠵᠢᠭᠯᠠᠵᠤ ᠨᠤᠲᠠᠯᠠᠭ᠍ᠤ ᠬᠡᠷᠡᠭᠲᠡᠢ᠃ ᠬᠠᠮᠤᠭ᠎ᠤᠨ ᠴᠢᠬᠤᠯᠠ᠎ᠨᠢ ᠪᠠᠯᠴᠢᠷ ᠬᠡᠦᠬᠡᠳ᠎ᠤᠨ ᠤᠳᠤ ᠵᠢᠨ ᠱᠠᠲᠤᠨ᠎ᠤ ᠭᠤᠸ᠎ᠠ ᠰᠠᠶ᠋ᠢᠬᠠᠨ᠎ᠤ ᠲᠠᠭ᠋ᠠᠰᠢᠶᠠᠯ᠎ᠤᠨ ᠲᠦᠪᠰᠢᠨ᠎ᠲᠠᠢ ᠤᠶᠠᠯᠳᠤᠭᠤᠯᠵᠤ᠂ ᠪᠠᠯᠴᠢᠷ ᠬᠡᠦᠬᠡᠳ᠎ᠤᠨ ᠠᠩᠬᠠᠷᠤᠯ᠎ᠢ ᠲᠠᠲᠠᠵᠤ᠂ ᠰᠤᠷᠤᠯᠴᠠᠯᠭ᠎ᠠ ᠵᠢᠨ ᠢᠳᠡᠪᠬᠢᠵᠢᠯ᠎ᠢ᠎ᠨᠢ ᠳᠠᠶ᠋ᠢᠴᠢᠯᠠᠵᠤ ᠴᠢᠳᠠᠭ᠍ᠤ ᠠ᠋ᠰᠡᠬᠦ ᠵᠢ ᠦᠵᠡᠨ᠎ᠡ᠃ ᠵᠢᠱ᠌ᠢᠶᠡᠯᠡᠪᠡᠯ᠂ ᠠᠩᠭᠢ ᠵᠢᠨ ᠭᠡᠷ᠎ᠤᠨ ᠰᠢᠷᠡᠭᠡ ᠰᠠᠨᠳᠠᠯᠢ ᠵᠢ ᠲᠤᠬᠢᠷᠠᠭᠤᠯᠬᠤ ᠦᠶ᠎ᠡ᠎ᠳᠤ᠂ ᠪᠠᠯᠴᠢᠷ ᠬᠡᠦᠬᠡᠳ᠎ᠤᠨ ᠲᠤᠭᠤᠳᠠᠭ ᠦᠩᠭᠡ ᠪᠤᠶᠤ ᠬᠡᠯᠪᠡᠷᠢ ᠵᠢ ᠰᠤᠩᠭᠤᠵᠤ᠂ ᠰᠢᠨᠵᠢᠯᠡᠬᠦ ᠤᠬᠠᠭ᠋ᠠᠨᠴᠢ ᠵᠤᠬᠢᠰᠲᠠᠢ᠎ᠪᠠᠷ ᠪᠠᠶ᠋ᠢᠷᠢᠯᠠᠭᠤᠯᠵᠤ᠂ ᠬᠡᠦᠬᠡᠳ ᠠ᠋ᠳᠦᠷ ᠲᠤᠳᠤᠮ ᠨᠠᠭ᠋ᠠᠳᠬᠤ᠎ᠳᠤ ᠭᠦᠢ᠍ᠴᠡᠳ ᠵᠠᠢ ᠦᠯᠡᠳᠡᠭᠡᠵᠦ ᠦᠭᠬᠦ ᠬᠡᠷᠡᠭᠲᠡᠢ᠃ ᠨᠦᠭᠦᠭᠡ ᠨᠢᠭᠡ ᠲᠠᠯ᠎ᠠ᠎ᠪᠠᠷ᠂ ᠪᠠᠯᠴᠢᠷ ᠬᠡᠦᠬᠡᠳ᠎ᠤᠨ ᠪᠠᠭᠰᠢ ᠵᠢᠭ᠋ᠠᠨ ᠰᠤᠷᠭ᠋ᠠᠯᠲᠠ ᠵᠢᠨ ᠤᠷᠴᠢᠨ ᠲᠤᠭᠤᠷᠢᠨ᠎ᠢ ᠵᠤᠬᠢᠰᠲᠠᠢ ᠠᠰᠢᠭᠯᠠᠭ᠍ᠤ᠎ᠪᠠᠷ ᠳᠠᠮᠵᠢᠵᠤ᠂ ᠠᠩᠭᠢ ᠵᠢᠨ ᠭᠡᠷ᠎ᠤᠨ ᠰᠤᠯᠠ ᠭᠠᠵᠠᠷ᠎ᠢ ᠵᠠᠰᠠᠨ ᠴᠢᠮᠡᠭᠯᠡᠵᠦ᠂ ᠲᠤᠭᠯᠠᠭ᠋ᠠᠮ᠎ᠤᠨ ᠴᠠᠭ᠋ᠠᠨᠠᠬᠢ ᠮᠡᠳᠡᠯᠭᠡ ᠵᠢᠨ ᠠᠭᠤᠯᠭ᠎ᠠ ᠵᠢ ᠰᠤᠷᠤᠭᠴᠢᠳ ᠵᠶ᠋ᠠᠷ ᠰᠢᠭᠤᠳ ᠦᠵᠡᠭᠦᠯᠭᠡ ᠵᠢᠨ ᠮᠠᠶᠢᠭ ᠵᠶ᠋ᠠᠷ ᠤᠶ᠋ᠢᠯᠠᠭ᠋ᠠᠭᠤᠯᠤᠨᠠ᠃ ᠠ᠋ᠨᠡ ᠬᠦ᠌ ᠭᠤᠭᠴᠤᠭ᠋ᠠᠨ᠎ᠳᠤ ᠪᠠᠯᠴᠢᠷ ᠬᠡᠦᠬᠡᠳ᠎ᠤᠨ ᠢᠳᠡᠪᠬᠢᠲᠡᠢ᠎ᠪᠠᠷ ᠤᠷᠤᠯᠴᠠᠭ᠍ᠤ ᠵᠢ ᠵᠤᠷᠢᠬ᠍ᠵᠢᠭᠤᠯᠵᠤ᠂ ᠬᠠᠮᠲᠤ᠎ᠪᠠᠷ ᠠ᠋ᠭᠦᠳᠦᠨ ᠪᠦᠲᠦᠭᠡᠬᠦ᠎ᠪᠠᠷ ᠳᠠᠮᠵᠢᠭᠤᠯᠵᠤ᠂ ᠰᠤᠷᠤᠭᠴᠢᠳ᠎ᠤᠨ ᠬᠤᠭᠤᠷᠤᠨᠳᠤᠬᠢ ᠨᠡᠪᠲᠡᠷᠡᠯᠴᠡᠯ ᠪᠤᠯᠤᠨ ᠰᠤᠯᠢᠯᠴᠠᠯᠢ ᠬᠦᠮᠦᠵᠢᠭᠦᠯᠦᠨ᠎ᠡ᠃ ᠠ᠋ᠭᠦᠨ᠎ᠠᠴᠠ ᠪᠠᠭᠰᠢ ᠪᠠᠯᠴᠢᠷ ᠬᠡᠦᠬᠡᠳ᠎ᠤᠨ ᠠ᠋ᠳᠦᠷ ᠲᠤᠳᠤᠮ᠎ᠤᠨ ᠵᠢᠭ᠋ᠠᠨ ᠰᠤᠷᠭ᠋ᠠᠯᠲᠠ᠎ᠳᠤ᠎ᠬᠢ ᠢᠯᠡᠷᠡᠯ᠎ᠨᠢ ᠵᠤᠬᠢᠰᠲᠠᠢ ᠪᠠᠶ᠋ᠢᠬᠤ ᠠ᠋ᠰᠡᠬᠦ ᠵᠢ ᠰᠢᠭᠤᠳ ᠤᠯᠵᠤ ᠬᠠᠷᠠᠨ᠎ᠠ᠃
(ᠬᠤᠶᠠᠷ) ᠲᠤᠭᠯᠠᠭ᠋ᠠᠮ᠎ᠤᠨ ᠲᠦᠰᠦᠪᠯᠡᠯᠲᠡ᠎ᠨᠢ ᠪᠠᠯᠴᠢᠷ ᠬᠡᠦᠬᠡᠳ᠎ᠤᠨ ᠤᠨᠴᠠᠯᠢᠭᠲᠤ ᠨᠡᠶ᠋ᠢᠴᠡᠬᠦ ᠬᠡᠷᠡᠭᠲᠡᠢ
ᠪᠠᠯᠴᠢᠷ ᠬᠡᠦᠬᠡᠳ᠎ᠤᠨ ᠵᠢᠭ᠋ᠠᠨ ᠰᠤᠷᠭ᠋ᠠᠯᠲᠠ ᠵᠢᠨ ᠭᠤᠤᠯ ᠴᠤᠭᠴᠠ᠎ᠨᠢ ᠪᠠᠯᠴᠢᠷ ᠬᠡᠦᠬᠡᠳ ᠪᠤᠯᠤᠨ᠎ᠠ᠂ ᠠ᠋ᠶ᠋ᠢᠮᠦ᠎ᠠᠴᠠ ᠲᠤᠭᠯᠠᠭ᠋ᠠᠮ᠎ᠢ ᠲᠤᠭᠲᠠᠭ᠋ᠠᠬᠤ᠎ᠳᠤ᠎ᠪᠠᠨ ᠪᠠᠯᠴᠢᠷ ᠬᠡᠦᠬᠡᠳ᠎ᠤᠨ ᠪᠡᠶ᠎ᠡ ᠰᠡᠳᠭᠢᠴᠡ ᠵᠢᠨ ᠬᠦᠭᠵᠢᠯᠲᠡ ᠵᠢᠨ ᠪᠠᠶ᠋ᠢᠳᠠᠯ᠎ᠢ ᠪᠤᠳᠤᠯᠬᠢᠯᠠᠵᠤ᠂ ᠠᠳᠠᠯᠢ ᠪᠤᠰᠤ ᠬᠡᠦᠬᠡᠳ᠎ᠤᠨ ᠤᠨᠴᠠᠯᠢᠭ᠎ᠢ ᠲᠠᠰᠤᠷᠠᠯᠲᠠ ᠦᠭᠡᠢ ᠵᠠᠳᠠᠯᠬᠤ᠎ᠪᠠᠷ ᠳᠠᠮᠵᠢᠨ ᠴᠢᠭᠯᠡᠯᠲᠦ ᠴᠢᠨᠠᠷᠲᠠᠢ ᠲᠤᠭᠯᠠᠭ᠋ᠠᠮ᠎ᠢ ᠵᠤᠬᠢᠶᠠᠵᠤ᠂ ᠪᠠᠯᠴᠢᠷ ᠬᠡᠦᠬᠡᠳ᠎ᠤᠨ ᠦᠪᠡᠷᠮᠢᠴᠡ ᠴᠢᠨᠠᠷ᠎ᠢ ᠬᠦᠨᠳᠦᠳᠭᠡᠬᠦ ᠬᠡᠷᠡᠭᠲᠡᠢ᠃ ᠲᠤᠭᠯᠠᠭ᠋ᠠᠮ᠎ᠤᠨ ᠭᠤᠭᠴᠤᠭ᠋ᠠᠨ᠎ᠳᠤ᠂ ᠪᠠᠯᠴᠢᠷ ᠬᠡᠦᠬᠡᠳ᠂ ᠲᠤᠭᠯᠠᠭ᠋ᠠᠮ᠎ᠤᠨ ᠮᠠᠲ᠋ᠧᠷᠢᠶᠠᠯ᠂ ᠤᠷᠴᠢᠨ ᠲᠤᠭᠤᠷᠢᠨ᠎ᠨᠢ ᠴᠦᠮ ᠠᠳᠠᠯᠢ ᠪᠤᠰᠤ ᠬᠡᠮᠵᠢᠶ᠎ᠡ᠎ᠪᠠᠷ ᠮᠦᠷᠭᠦᠯᠳᠦᠭᠡᠨ ᠠ᠋ᠭᠦᠰᠳᠡᠭ᠃ ᠠ᠋ᠨᠡ ᠦᠶ᠎ᠡ᠎ᠳᠤ ᠪᠠᠭᠰᠢ ᠵᠢᠨ ᠵᠤᠬᠢᠴᠠᠭᠤᠯᠭ᠎ᠠ ᠵᠢ ᠱᠠᠭ᠋ᠠᠷᠳᠠᠵᠤ᠂ ᠪᠠᠰᠠ ᠠᠳᠠᠯᠢ ᠪᠤᠰᠤ ᠰᠤᠷᠤᠭᠴᠢᠳ᠎ᠤᠨ ᠠᠳᠠᠯᠢ ᠪᠤᠰᠤ ᠱᠠᠭ᠋ᠠᠷᠳᠠᠯᠭ᠎ᠠ᠎ᠳᠤ ᠴᠢᠭᠯᠡᠭᠦᠯᠦᠨ ᠰᠢᠨᠵᠢᠯᠡᠬᠦ ᠤᠬᠠᠭ᠋ᠠᠨᠴᠢ ᠵᠦᠢ ᠵᠤᠬᠢᠰᠲᠠᠢ ᠲᠤᠭᠯᠠᠭ᠋ᠠᠮ᠎ᠢ ᠵᠤᠬᠢᠶᠠᠭ᠍ᠤ ᠬᠡᠷᠡᠭᠲᠡᠢ᠃ ᠵᠢᠱ᠌ᠢᠶᠡᠯᠡᠪᠡᠯ᠂ ᠤᠯᠠᠨ ᠺᠠᠷᠲ᠋ᠤᠨ ᠺᠢᠨᠤ᠋ ᠵᠢ ᠠ᠋ᠳᠦᠷ ᠲᠤᠳᠤᠮ᠎ᠤᠨ ᠵᠢᠭ᠋ᠠᠨ ᠰᠤᠷᠭ᠋ᠠᠯᠲᠠ ᠵᠢᠨ ᠳᠤᠮᠳᠠ ᠠᠭᠤᠰᠤᠯᠴᠠᠭᠤᠯᠵᠤ᠂ ᠪᠠᠯᠴᠢᠷ ᠬᠡᠦᠬᠡᠳ᠎ᠤᠨ ᠵᠤᠭᠰᠤᠴᠠ᠎ᠠᠴᠠ ᠰᠤᠨᠢᠷᠬᠠᠯᠲᠤ ᠴᠢᠨᠠᠷᠲᠠᠢ ᠵᠢᠭ᠋ᠠᠨ ᠰᠤᠷᠭ᠋ᠠᠯᠲᠠ ᠵᠢᠨ ᠠᠵᠢᠯᠯᠠᠭ᠎ᠠ ᠶᠠᠪᠤᠭᠳᠠᠭᠤᠯᠵᠤ ᠪᠤᠯᠤᠨ᠎ᠠ᠃
(ᠭᠤᠷᠪᠠ) ᠵᠢᠭ᠋ᠠᠨ ᠰᠤᠷᠭ᠋ᠠᠯᠲᠠ ᠵᠢᠨ ᠭᠤᠤᠯ ᠰᠡᠳᠦᠪ᠎ᠨᠢ ᠰᠤᠷᠭ᠋ᠠᠨ ᠬᠦᠮᠦᠵᠢᠭᠦᠯᠬᠦ ᠠᠭᠤᠯᠭ᠎ᠠ᠎ᠪᠠᠷ ᠭᠤᠤᠯᠯᠠᠭᠤᠯᠬᠤ ᠬᠡᠷᠡᠭᠲᠡᠢ᠃
ᠪᠤᠢ ᠪᠦᠬᠦᠢ ᠲᠤᠭᠯᠠᠭ᠋ᠠᠮ᠎ᠨᠢ ᠦᠨᠡᠨ᠎ᠳᠤ᠎ᠪᠠᠨ ᠳᠠᠷᠤᠢ ᠪᠤᠳᠠᠲᠤ ᠠᠮᠢᠳᠤᠷᠠᠯ ᠳᠤᠮᠳᠠᠬᠢ ᠠᠵᠢᠯᠯᠠᠭ᠎ᠠ ᠵᠢ ᠳᠠᠭᠤᠷᠢᠶᠠᠵᠤ᠂ ᠳᠡᠭᠡᠷ᠎ᠡ᠎ᠨᠢ ᠳᠠᠬᠢᠨ ᠪᠦᠲᠦᠭᠡᠬᠦ ᠪᠠ ᠲᠡᠭᠦᠯᠳᠡᠷᠵᠢᠭᠦᠯᠦᠭᠰᠡᠨ ᠡᠯ᠎ᠡ ᠵᠦᠢ᠍ᠯ᠎ᠤᠨ ᠬᠠᠷᠢᠯᠴᠠᠨ ᠦᠢ᠍ᠯᠡᠳᠦᠯᠴᠡᠯ᠎ᠤᠨ ᠶᠡᠷᠦᠩᠬᠡᠢ ᠨᠡᠷᠡᠶ᠋ᠢᠳᠦᠯ ᠪᠤᠯᠤᠨ᠎ᠠ᠃
ᠦᠭᠡᠷ᠎ᠡ᠎ᠪᠠᠷ ᠬᠡᠯᠡᠪᠡᠯ᠂ ᠠᠮᠢᠳᠤᠷᠠᠯ᠎ᠤᠨ ᠦᠢ᠍ᠯᠡᠳᠦᠯᠭᠡ ᠵᠢᠨ ᠲᠤᠷᠰᠢᠯᠭ᠎ᠠ᠎ᠨᠢ ᠵᠢᠭ᠋ᠠᠨ ᠰᠤᠷᠭ᠋ᠠᠯᠲᠠ ᠵᠢᠨ ᠠᠭᠤᠯᠭ᠎ᠠ᠎ᠲᠠᠢ ᠰᠢᠭᠤᠳ ᠬᠠᠷᠢᠴᠠᠭ᠋ᠠᠲᠤ ᠪᠤᠯᠤᠨ᠎ᠠ᠃ ᠠᠮᠢᠳᠤᠷᠠᠯ᠎ᠤᠨ ᠦᠢ᠍ᠯᠡᠳᠦᠯᠭᠡ ᠵᠢᠨ ᠮᠡᠳᠡᠯᠭᠡ ᠵᠢ ᠵᠢᠭ᠋ᠠᠨ ᠰᠤᠷᠭ᠋ᠠᠯᠲᠠ ᠵᠢᠨ ᠤᠨᠤᠯ᠎ᠤᠨ ᠳᠤᠮᠳᠠ ᠨᠡᠩ ᠤᠯᠠᠨ ᠵᠶ᠋ᠠᠷ ᠠᠭᠤᠰᠤᠯᠴᠠᠭᠤᠯᠬᠤ ᠬᠡᠷᠡᠭᠲᠡᠢ᠃ ᠪᠠᠯᠴᠢᠷ ᠬᠡᠦᠬᠡᠳ᠎ᠤᠨ ᠪᠠᠭᠰᠢ ᠪᠤᠯᠤᠭᠰᠠᠳ ᠦᠪᠡᠷ᠎ᠤᠨ ᠪᠡᠶ᠎ᠡ ᠵᠢᠨ ᠵᠢᠭ᠋ᠠᠨ ᠰᠤᠷᠭ᠋ᠠᠯᠲᠠ ᠵᠢᠨ ᠲᠦᠪᠰᠢᠨ ᠵᠶ᠋ᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠨᠡᠩ ᠤᠯᠠᠨ ᠠᠮᠢᠳᠤᠷᠠᠯ᠎ᠤᠨ ᠦᠢ᠍ᠯᠡᠳᠦᠯᠭᠡ ᠵᠢᠨ ᠠᠭᠤᠯᠭ᠎ᠠ ᠵᠢ ᠵᠢᠭ᠋ᠠᠨ ᠰᠤᠷᠭ᠋ᠠᠯᠲᠠ ᠲᠤᠭᠯᠠᠭ᠋ᠠᠮ᠎ᠤᠨ ᠠᠭᠤᠯᠭ᠎ᠠ᠎ᠲᠠᠢ ᠠᠭᠤᠰᠤᠯᠴᠠᠭᠤᠯᠵᠤ᠂ ᠠᠭᠤᠵᠢᠮ ᠴᠢᠯᠦᠭᠡᠲᠡᠢ ᠪᠠᠶᠠᠷ ᠪᠠᠶᠠᠰᠤᠯ᠎ᠲᠠᠢ ᠤᠷᠴᠢᠨ ᠲᠤᠭᠤᠷᠢᠨ᠎ᠤ ᠳᠤᠮᠳᠠ ᠪᠠᠯᠴᠢᠷ ᠬᠡᠦᠬᠡᠳ ᠵᠶ᠋ᠠᠷ ᠠᠮᠢᠳᠤᠷᠠᠯ᠎ᠤᠨ ᠦᠢ᠍ᠯᠡᠳᠦᠯᠭᠡ ᠵᠢ ᠤᠬᠠᠭ᠋ᠠᠷᠠᠭᠤᠯᠵᠤ᠂ ᠠ᠋ᠭᠦᠨ᠎ᠤ ᠤᠯᠠᠮ᠎ᠠᠴᠠ ᠨᠡᠶ᠋ᠢᠭᠡᠮ᠎ᠤᠨ ᠲᠤᠷᠰᠢᠯᠭ᠎ᠠ ᠵᠢ᠎ᠨᠢ ᠨᠡᠮᠡᠭᠳᠡᠭᠦᠯᠦᠨ᠎ᠡ᠃ ᠵᠢᠱ᠌ᠢᠶᠡᠯᠡᠪᠡᠯ᠂ ᠪᠠᠯᠴᠢᠷ ᠬᠡᠦᠬᠡᠳ᠎ᠤᠨ ᠬᠠᠮᠲᠤᠯᠢᠭ᠎ᠤᠨ ᠤᠬᠠᠮᠰᠠᠷ᠎ᠢ ᠬᠦᠮᠦᠵᠢᠭᠦᠯᠬᠦ ᠵᠢᠨ ᠲᠦᠯᠦᠭᠡ᠂ ᠪᠠᠭᠰᠢ᠎ᠨᠢ ᠶᠤᠭᠳᠠ ᠦᠯᠢᠭᠡᠷ ᠮᠡᠲᠦ ᠵᠢᠨ ᠠᠭᠤᠯᠭ᠎ᠠ ᠵᠢ ᠠᠰᠢᠭᠯᠠᠵᠤ ᠳᠦᠷᠢ ᠵᠢ ᠲᠤᠭᠯᠠᠵᠤ᠂ ᠲᠤᠭᠯᠠᠭ᠋ᠠᠮ᠎ᠤᠨ ᠳᠤᠮᠳᠠ᠎ᠠᠴᠠ ᠬᠠᠮᠲᠤᠯᠢᠭ᠎ᠤᠨ ᠬᠠᠮᠲᠤᠷᠠᠯᠴᠠᠯ᠎ᠨᠢ ᠪᠦᠬᠦᠶ᠋ᠢᠯᠡ ᠵᠤᠷᠢᠯᠭ᠎ᠠ ᠵᠢᠨ ᠪᠡᠶᠡᠯᠡᠭᠳᠡᠯᠳᠤᠬᠢ ᠴᠢᠬᠤᠯᠠ ᠴᠢᠨᠠᠷ᠎ᠢ ᠮᠡᠳᠡᠷᠡᠭᠦᠯᠦᠨ᠎ᠡ᠃ ᠲᠤᠭᠯᠠᠭ᠋ᠠᠮ᠎ᠤᠨ ᠦᠵᠡᠭᠳᠡᠯ᠎ᠢ ᠤᠳᠤᠷᠢᠳᠤᠨ ᠤᠷᠤᠭᠤᠯᠬᠤ᠎ᠪᠠᠷ ᠳᠠᠮᠵᠢᠨ ᠰᠤᠷᠤᠭᠴᠢᠳ᠎ᠤᠨ ᠤᠷᠤᠯᠴᠠᠯᠭ᠎ᠠ ᠵᠢᠨ ᠲᠦᠪᠰᠢᠨ᠎ᠢ ᠳᠡᠭᠡᠭᠰᠢᠯᠡᠭᠦᠯᠵᠦ᠂ ᠬᠠᠮᠲᠤᠳᠤᠨᠢ ᠨᠡᠶ᠋ᠢᠭᠡᠮ᠎ᠤᠨ ᠤᠷᠤᠰᠢᠬᠤᠢ ᠵᠢᠨ ᠵᠢᠮ᠎ᠡ ᠶᠤᠰᠤ ᠵᠢᠴᠢ ᠲᠤᠷᠰᠢᠯᠭ᠎ᠠ ᠵᠢ ᠡᠵᠡᠮᠳᠡᠬᠦ ᠦᠷ᠎ᠡ ᠪᠦᠲᠦᠮᠵᠢ ᠵᠢ᠎ᠨᠢ ᠳᠡᠭᠡᠭᠰᠢᠯᠡᠭᠦᠯᠦᠨ᠎ᠡ᠃
ᠬᠤᠷᠢᠶᠠᠩᠭᠤᠶ᠋ᠢᠯᠠᠪᠠᠯ᠂ ᠪᠠᠯᠴᠢᠷ ᠬᠡᠦᠬᠡᠳ᠎ᠤᠨ ᠰᠤᠷᠭ᠋ᠠᠨ ᠬᠦᠮᠦᠵᠢᠯ᠎ᠳᠤ᠎ᠬᠢ ᠲᠤᠭᠯᠠᠭ᠋ᠠᠮ᠎ᠤᠨ ᠬᠡᠷᠡᠭᠯᠡᠯᠲᠡ᠎ᠠᠴᠠ ᠬᠡᠦᠬᠡᠳ ᠰᠠᠭᠤᠷᠢ ᠮᠡᠳᠡᠯᠭᠡ ᠵᠢ ᠬᠦᠷᠲᠡᠵᠦ ᠳᠡᠶ᠋ᠢᠯᠬᠦ ᠪᠦᠭᠡᠳ ᠪᠡᠶ᠎ᠡ ᠰᠡᠳᠭᠢᠴᠡ᠎ᠨᠢ ᠴᠦᠮ ᠠ᠋ᠷᠡᠭᠦᠯ ᠴᠢᠬᠢᠷᠠᠭ ᠵᠶ᠋ᠠᠷ ᠬᠦᠭᠵᠢᠵᠦ ᠴᠢᠳᠠᠨ᠎ᠠ᠃ ᠪᠠᠭᠰᠢ ᠪᠤᠯᠤᠭᠰᠠᠨ᠎ᠤ ᠬᠤᠪᠢ᠎ᠳᠤ᠂ ᠪᠠᠯᠴᠢᠷ ᠬᠡᠦᠬᠡᠳ᠎ᠤᠨ ᠵᠢᠭ᠋ᠠᠨ ᠰᠤᠷᠭ᠋ᠠᠯᠲᠠ᠎ᠳᠤ᠎ᠬᠢ ᠲᠤᠭᠯᠠᠭ᠋ᠠᠮ᠎ᠤᠨ ᠴᠢᠬᠤᠯᠠ ᠴᠢᠨᠠᠷ᠎ᠢ ᠲᠠᠨᠢᠵᠤ᠂ ᠲᠤᠭᠯᠠᠭ᠋ᠠᠮ᠎ᠢ ᠪᠠᠯᠴᠢᠷ ᠬᠡᠦᠬᠡᠳ᠎ᠤᠨ ᠵᠢᠭ᠋ᠠᠨ ᠰᠤᠷᠭ᠋ᠠᠯᠲᠠ᠎ᠳᠤ ᠨᠡᠩ ᠰᠠᠶ᠋ᠢᠨ ᠵᠶ᠋ᠠᠷ ᠠᠰᠢᠭᠯᠠᠵᠤ᠂ ᠪᠠᠯᠴᠢᠷ ᠬᠡᠦᠬᠡᠳ᠎ᠤᠨ ᠭᠤᠤᠯ ᠴᠤᠭᠴᠠ ᠵᠢᠨ ᠪᠠᠶ᠋ᠢᠷᠢ ᠰᠠᠭᠤᠷᠢ ᠵᠢ ᠢᠮᠠᠭᠲᠠ ᠪᠠᠷᠢᠮᠲᠠᠯᠠᠵᠤ᠂ ᠬᠡᠦᠬᠡᠳ᠎ᠢ ᠬᠢᠴᠢᠶᠡᠯ᠎ᠤᠨ ᠲᠠᠩᠭᠢᠮ᠎ᠤᠨ ᠵᠢᠭ᠋ᠠᠨ ᠰᠤᠷᠭ᠋ᠠᠯᠲᠠ ᠵᠢᠨ ᠡᠵᠡᠨ᠎ᠨᠢ ᠪᠤᠯᠭ᠋ᠠᠬᠤ ᠬᠡᠷᠡᠭᠲᠡᠢ᠃ ᠪᠠᠯᠴᠢᠷ ᠬᠡᠦᠬᠡᠳ᠎ᠤᠨ ᠢᠳᠡᠪᠬᠢᠵᠢᠯ᠎ᠢ ᠬᠡᠷᠬᠢᠨ ᠬᠠᠮᠤᠭ᠎ᠤᠨ ᠶᠡᠭᠡ ᠬᠡᠮᠵᠢᠶ᠎ᠡ᠎ᠪᠠᠷ ᠳᠠᠶ᠋ᠢᠴᠢᠯᠠᠵᠤ᠂ ᠨᠡᠩ ᠤᠯᠠᠨ ᠤᠨᠴᠠᠯᠢᠭ᠎ᠲᠠᠢ ᠲᠤᠭᠯᠠᠭ᠋ᠠᠮ᠎ᠢ ᠲᠦᠰᠦᠪᠯᠡᠬᠦ ᠪᠤᠯ ᠦᠷᠭᠡᠨ ᠤᠯᠠᠨ ᠴᠡᠴᠡᠷᠯᠢᠭ᠎ᠤᠨ ᠪᠠᠭᠰᠢ ᠵᠢᠨ ᠲᠠᠰᠤᠷᠠᠯᠲᠠ ᠦᠭᠡᠢ ᠰᠦᠪᠡᠭᠴᠢᠯᠡᠬᠦ ᠴᠢᠬᠤᠯᠠᠲᠠᠢ ᠰᠡᠳᠦᠪ ᠮᠦᠨ᠃
ᠬᠠᠶᠢᠬ᠄ ᠤᠨᠭ᠌ᠨᠢᠭᠤᠳ ᠬᠤᠰᠢᠭᠤᠨ᠎ᠤ
ᠭᠡᠷᠰᠡᠩ ᠭᠤᠤᠯ ᠪᠠᠭ᠎ᠠ ᠰᠤᠷᠭ᠋ᠠᠭᠤᠯᠢ
(ᠰᠦᠶ᠎ᠠ ᠨᠠᠢ᠍ᠢ᠍ᠷᠠᠭᠤᠯᠪᠠ)
2020 ᠤᠨ᠎ᠤ 2 ᠳ᠋ᠤᠭ᠋ᠠᠷ ᠬᠤᠭᠤᠴᠠᠭ᠎ᠠ