ᠰᠢᠠᠭ᠍ᠤᠸᠠ
ᠮᠡᠳᠡᠭᠡᠵᠢ᠎ᠪᠠᠷ᠂ ᠬᠡᠦᠬᠡᠳ᠎ᠤᠨ ᠭᠡᠯᠡᠨ᠎ᠤ ᠬᠦᠭᠵᠢᠯᠲᠡ᠎ᠳᠤ ᠰᠤᠨᠤᠰᠬᠤ ᠪᠠ ᠶᠠᠷᠢᠬᠤ ᠴᠢᠳᠠᠪᠤᠷᠢ ᠵᠢᠨ ᠬᠦᠮᠦᠵᠢᠯ ᠴᠢᠬᠤᠯᠠ ᠰᠠᠭᠤᠷᠢ ᠪᠤᠯᠵᠤ ᠪᠠᠶ᠋ᠢᠳᠠᠭ᠃ ᠠ᠋ᠶ᠋ᠢᠨ ᠬᠦ᠌ ᠴᠡᠴᠡᠷᠯᠢᠭ᠎ᠤᠨ ᠪᠠᠭᠰᠢ ᠨᠠᠷ ᠬᠡᠦᠬᠡᠳ᠎ᠤᠳ᠎ᠢ ᠪᠠᠭ᠎ᠠ ᠰᠤᠷᠭ᠋ᠠᠭᠤᠯᠢ᠎ᠳᠤ ᠤᠷᠤᠬᠤ ᠦᠶᠡᠰ ᠰᠤᠨᠤᠰᠬᠤ ᠶᠠᠷᠢᠬᠤ ᠲᠠᠯ᠎ᠠ᠎ᠪᠠᠷ ᠭᠦᠢ᠍ᠴᠡᠳ ᠬᠦᠭᠵᠢᠯᠲᠡ᠎ᠲᠠᠢ ᠪᠤᠯᠭ᠋ᠠᠵᠤ᠂ ᠴᠠᠭ᠋ᠠᠰᠢᠳᠠ ᠰᠤᠷᠤᠯᠴᠠᠭ᠍ᠤ᠎ᠳᠤᠨᠢ ᠰᠠᠭᠤᠷᠢ ᠲᠠᠯᠪᠢᠵᠤ ᠦᠭᠬᠦ ᠴᠢᠬᠤᠯᠠᠲᠠᠢ᠃ ᠠ᠋ᠭᠦᠨ᠎ᠢ ᠴᠡᠴᠡᠷᠯᠢᠭ᠎ᠤᠨ ᠪᠠᠭᠰᠢ ᠨᠠᠷ᠎ᠤᠨ ᠵᠠᠪᠠᠯ ᠭᠦᠢ᠍ᠴᠡᠳᠭᠡᠬᠦ ᠠ᠋ᠭᠦᠷᠭᠡ ᠭᠡᠬᠦ᠎ᠳᠤ ᠠᠬᠠᠳᠠᠭ᠍ᠤ ᠦᠭᠡᠢ ᠶᠤᠮ᠃
ᠨᠢᠭᠡ᠂ ᠦᠯᠢᠭᠡᠷ ᠰᠤᠨᠤᠰᠴᠤ᠂ ᠦᠯᠢᠭᠡᠷ ᠬᠡᠯᠡᠬᠦ ᠬᠦᠳᠡᠯᠪᠦᠷᠢ᠎ᠪᠠᠷ ᠬᠡᠦᠬᠡᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠳᠡᠭᠡᠭᠰᠢᠯᠡᠭᠦᠯᠵᠦ ᠪᠤᠯᠤᠨ᠎ᠠ᠃ ᠦᠯᠢᠭᠡᠷ ᠰᠣᠨᠣᠰᠬᠤ᠎ᠨᠢ ᠬᠡᠦᠬᠡᠳ᠎ᠤᠨ ᠤᠨᠴᠠᠯᠢᠭᠲᠤ ᠲᠤᠬᠢᠷᠠᠵᠤ ᠳᠤᠷ᠎ᠠ ᠪᠠᠬ᠎ᠠ ᠵᠢ᠎ᠨᠢ ᠳᠠᠲᠠᠵᠤ ᠳᠡᠶ᠋ᠢᠯᠳᠡᠭ᠃ ᠪᠤᠳᠠᠲᠠᠢ ᠬᠡᠯᠡᠪᠡᠯ᠂ ᠬᠡᠦᠬᠡᠳ ᠦᠯᠢᠭᠡᠷ ᠰᠤᠨᠤᠰᠬᠤ ᠲᠤᠩ ᠳᠤᠷᠠᠲᠠᠢ ᠮᠦᠷᠲᠡᠭᠡᠨ ᠰᠤᠨᠤᠰᠤᠭᠰᠠᠨ ᠦᠯᠢᠭᠡᠷ ᠵᠶ᠋ᠠᠨ ᠴᠦ᠍ ᠪᠤᠰᠤᠳ᠎ᠲᠤ ᠶᠠᠷᠢᠵᠤ ᠦᠭᠬᠦ ᠳᠤᠷᠠᠲᠠᠢ ᠪᠠᠶ᠋ᠢᠳᠠᠭ᠃ ᠠ᠋ᠶ᠋ᠢᠮᠦ᠎ᠠᠴᠠ ᠬᠡᠦᠬᠡᠳ᠎ᠤᠨ ᠲᠠᠯ᠎ᠠ᠎ᠠᠴᠠ ᠠᠪᠴᠤ ᠬᠡᠯᠡᠪᠡᠯ᠂ ᠦᠯᠢᠭᠡᠷ ᠰᠤᠨᠤᠰᠬᠤ ᠪᠠ ᠰᠤᠨᠤᠰᠤᠭᠰᠠᠨ ᠦᠯᠢᠭᠡᠷ ᠵᠶ᠋ᠠᠨ ᠪᠤᠰᠤᠳ᠎ᠲᠤ ᠶᠠᠷᠢᠵᠤ ᠦᠭᠬᠦ ᠪᠤᠯ ᠲᠡᠳᠡ ᠨᠡᠷ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠳᠡᠭᠡᠭᠰᠢᠯᠡᠭᠦᠯᠬᠦ ᠨᠢᠭᠡᠨ ᠵᠦᠢ᠍ᠯ᠎ᠤᠨ ᠪᠦᠲᠦᠮᠵᠢᠲᠡᠢ ᠠᠷᠭ᠎ᠠ ᠪᠠᠷᠢᠯ ᠮᠥᠨ᠃ ᠪᠢ ᠠ᠋ᠨᠡ ᠬᠦ᠌ ᠪᠦᠲᠦᠮᠵᠢᠲᠡᠢ ᠠᠷᠭ᠎ᠠ ᠪᠠᠷᠢᠯ᠎ᠢ ᠠᠰᠢᠭᠯᠠᠨ ᠠᠩᠬᠢ ᠵᠢᠨ ᠬᠡᠦᠬᠡᠳ᠎ᠤᠨ ᠵᠶ᠋ᠠᠨ ᠰᠤᠨᠤᠰᠬᠤ ᠪᠠ ᠶᠠᠷᠢᠬᠤ ᠴᠢᠳᠠᠪᠤᠷᠢ ᠵᠢ ᠪᠤᠯᠪᠠᠰᠤᠷᠠᠭᠤᠯᠬᠤ᠎ᠳᠤ ᠭᠡᠷ᠎ᠤᠨ ᠠᠬᠠᠮᠠᠳ᠎ᠲᠠᠢ ᠬᠠᠮᠵᠢᠯᠴᠠᠭᠰᠠᠨ᠎ᠠᠴᠠ᠂ ᠠ᠋ᠨᠡ ᠲᠠᠯ᠎ᠠ ᠵᠢᠨ ᠠᠵᠢᠯ᠎ᠤᠨ ᠦᠷ᠎ᠡ ᠠᠰᠢᠭ᠎ᠢ ᠠᠬᠢᠭᠤᠯᠵᠤ ᠴᠢᠳᠠᠭᠰᠠᠨ ᠪᠠᠶ᠋ᠢᠨ᠎ᠠ᠃ ᠲᠤᠬᠠᠶ᠋ᠢᠯᠠᠪᠠᠯ᠂ ᠬᠡᠦᠬᠡᠳ ᠭᠡᠷ᠎ᠲᠤ᠎ᠪᠠᠨ ᠭᠡᠷ᠎ᠤᠨ ᠠᠬᠠᠮᠠᠳ᠎ᠠᠴᠠ᠎ᠪᠠᠨ ᠣᠬᠤᠷᠬᠠᠨ᠂ ᠰᠤᠨᠢᠷᠬᠠᠯ᠎ᠲᠠᠢ᠂ ᠠ᠋ᠷᠡᠭᠦᠯ ᠠᠭᠤᠯᠭ᠎ᠠ ᠪᠦᠬᠦᠢ ᠦᠯᠢᠭᠡᠷ ᠰᠤᠨᠤᠰᠴᠤ᠂ ᠲᠡᠭᠦᠨ᠎ᠢ ᠴᠡᠭᠡᠵᠢᠯᠡᠭᠦᠯᠵᠤ᠂ ᠴᠡᠴᠡᠷᠯᠢᠭ᠎ᠲᠤ᠎ᠪᠠᠨ ᠢᠷᠡᠵᠦ ᠪᠠᠭᠰᠢ ᠪᠠ ᠨᠠᠶ᠋ᠢᠵᠢ ᠨᠠᠷ᠎ᠲᠤ᠎ᠪᠠᠨ ᠴᠡᠭᠡᠵᠢᠯᠡᠭᠰᠡᠨ ᠦᠯᠢᠭᠡᠷ ᠵᠶ᠋ᠠᠨ ᠶᠠᠷᠢᠵᠤ ᠰᠤᠨᠤᠰᠬᠠᠨ᠎ᠠ᠃ ᠪᠠᠭᠰᠢ᠎ᠠᠴᠠ ᠬᠡᠦᠬᠡᠳ᠎ᠤᠨ ᠶᠠᠷᠢᠭᠰᠠᠨ ᠦᠯᠢᠭᠡᠷ᠎ᠢ ᠰᠤᠨᠤᠰᠴᠤ ᠳᠠᠬᠢᠨ ᠵᠢᠯᠤᠭᠤᠳᠤᠯᠭ᠎ᠠ ᠬᠢᠨ᠎ᠡ᠃ ᠠ᠋ᠭᠦᠨ᠎ᠳᠤ ᠪᠠᠭᠰᠢ ᠪᠠ ᠭᠡᠷ᠎ᠤᠨ ᠠᠬᠠᠮᠠᠳ᠎ᠲᠤ᠎ᠪᠠᠨ ᠦᠭᠡ ᠵᠢᠭ᠋ᠠᠬᠤ ᠪᠤᠶᠤ ᠳᠠᠭ᠋ᠠᠭᠤᠯᠤᠨ ᠬᠡᠯᠡᠬᠦ ᠵᠡᠷᠭᠡ ᠳᠤᠳᠤᠮᠳᠠᠯᠭ᠎ᠠ ᠵᠢᠯᠤᠭᠤᠳᠤᠯᠭ᠎ᠠ ᠠᠭᠤᠰᠤᠯᠳᠤᠨ ᠶᠠᠪᠤᠭᠳᠠᠵᠤ ᠪᠠᠶ᠋ᠢᠳᠠᠭ᠃ ᠵᠢᠯᠤᠭᠤᠳᠤᠯᠭ᠎ᠠ ᠪᠠ ᠶᠠᠷᠢᠬᠤ ᠠᠵᠢᠯᠯᠠᠭ᠋ᠠᠨ᠎ᠤ ᠳᠠᠭ᠋ᠠᠤ᠎ᠳᠤ᠎ᠨᠢ ᠬᠡᠦᠬᠡᠳ᠎ᠢ ᠦᠨᠡᠯᠡᠨ ᠵᠤᠷᠢᠬ᠍ᠵᠢᠭᠤᠯᠵᠤ ᠤᠷᠮ᠎ᠠ ᠵᠢ ᠬᠦᠭᠵᠢᠭᠡᠬᠦ ᠵᠢ ᠤᠮᠳᠤᠭ᠋ᠠᠶ᠋ᠢᠯᠠᠵᠤ ᠪᠤᠯᠬᠤ ᠦᠭᠡᠢ᠃ ᠤᠷᠮ᠎ᠠ ᠪᠠᠬ᠎ᠠ ᠪᠤᠯ ᠬᠠᠮᠤᠭ᠎ᠤᠨ ᠰᠠᠶ᠋ᠢᠨ ᠪᠠᠭᠰᠢ ᠭᠡᠳᠡᠭ ᠰᠢᠤ᠃ ᠢᠩᠬᠢᠵᠦ ᠤᠳᠠᠭ᠋ᠠᠨ ᠪᠠᠷᠢᠮᠲᠠᠯᠠᠪᠠᠯ ᠬᠡᠦᠬᠡᠳ ᠰᠤᠨᠤᠰᠬᠤ ᠪᠠ ᠶᠠᠷᠢᠬᠤ ᠲᠠᠯ᠎ᠠ᠎ᠪᠠᠷ ᠤᠯᠠᠮ ᠳᠤᠷ᠎ᠠ ᠪᠠᠬᠠᠲᠠᠢ ᠪᠤᠯᠵᠤ᠂ ᠢᠳᠡᠭ ᠢᠳᠡᠭ ᠵᠶ᠋ᠠᠷ ᠰᠤᠨᠤᠰᠬᠤ ᠪᠠ ᠶᠠᠷᠢᠬᠤ ᠴᠢᠳᠠᠪᠤᠷᠢ ᠲᠡᠳᠡᠨ᠎ᠤ ᠤᠢ ᠤᠬᠠᠭ᠋ᠠᠨ᠎ᠳᠤ ᠠ᠋ᠬᠢᠯᠡᠨ ᠪᠦᠷᠢᠯᠳᠤᠭᠦ ᠪᠦᠭᠡᠳ ᠢᠳᠡᠭ ᠠᠯᠬᠤᠮ ᠵᠶ᠋ᠠᠷ ᠦᠷᠭᠦᠯᠵᠢᠯᠡᠨ ᠣᠷᠭᠤᠨ ᠲᠦᠯᠵᠢᠬᠦ ᠪᠤᠯᠤᠨ᠎ᠠ᠃
ᠬᠤᠶᠠᠷ᠂ ᠤᠨᠢᠰᠤᠭ᠎ᠠ ᠲᠠᠭ᠋ᠠᠭ᠋ᠠᠬᠤ᠂ ᠵᠦᠢ᠍ᠷ ᠰᠡᠴᠡᠨ ᠦᠭᠡ ᠶᠠᠷᠢᠵᠤ ᠡᠵᠡᠮᠰᠢᠬᠦ᠂ ᠬᠡᠯᠡ ᠵᠦᠭᠰᠢᠷᠡᠭᠦᠯᠬᠦ ᠦᠭᠡ ᠵᠢ ᠬᠡᠯᠡᠵᠦ ᠪᠤᠯᠪᠠᠰᠤᠷᠠᠭ᠍ᠤ ᠬᠦᠳᠡᠯᠪᠦᠷᠢ᠎ᠪᠠᠷ ᠬᠡᠦᠬᠡᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠳᠡᠭᠡᠭᠰᠢᠯᠡᠭᠦᠯᠵᠦ ᠪᠤᠯᠤᠨ᠎ᠠ᠃ ᠮᠠᠨ᠎ᠤ ᠮᠤᠩᠭᠤᠯ ᠦᠨᠳᠦᠰᠦᠲᠡᠨ᠎ᠤ ᠦᠭᠡᠰ᠎ᠤᠨ ᠰᠠᠩ ᠳᠠᠯᠠᠢ ᠪᠠᠶᠠᠨ᠂ ᠬᠡᠯᠡᠨ᠎ᠤ ᠠ᠋ᠬᠢ ᠪᠠᠶᠠᠯᠢᠭ ᠦᠯᠡᠮᠵᠢ ᠪᠠᠶ᠋ᠢᠳᠠᠭ᠃ ᠠ᠋ᠭᠦᠨ᠎ᠤ ᠳᠤᠲᠤᠷᠠᠬᠢ ᠣᠨᠢᠰᠤᠭ᠎ᠠ ᠲᠠᠭ᠋ᠠᠬᠤ᠂ ᠵᠦᠢ᠍ᠷ ᠰᠡᠴᠡᠨ ᠦᠭᠡ ᠶᠠᠷᠢᠵᠤ ᠡᠵᠡᠮᠰᠢᠬᠦ᠂ ᠬᠡᠯᠡ ᠪᠤᠯᠪᠠᠰᠤᠷᠠᠭᠤᠯᠬᠤ ᠦᠭᠡ ᠬᠡᠯᠡᠵᠦ ᠬᠡᠯᠡ ᠵᠢ᠎ᠨᠢ ᠤᠷᠠᠯᠢᠭ ᠪᠤᠯᠭ᠋ᠠᠨ ᠪᠤᠯᠪᠠᠰᠤᠷᠠᠭᠤᠯᠬᠤ᠎ᠨᠢ ᠴᠦᠮ ᠬᠡᠦᠬᠡᠳ ᠪᠠᠭ᠋ᠠᠴᠤᠳ᠎ᠤᠨ ᠬᠦᠭᠵᠢᠯᠲᠡ᠎ᠳᠤ ᠲᠤᠩ ᠲᠤᠬᠢᠷᠠᠮᠵᠢᠲᠠᠢ ᠠᠵᠢᠯᠯᠠᠭ᠋ᠠᠨ ᠪᠤᠯᠬᠤ ᠶᠤᠮ᠃ ᠮᠥᠨ ᠴᠦ᠍ ᠬᠡᠦᠬᠡᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢᠨ ᠬᠦᠭᠵᠢᠯᠲᠡ᠎ᠳᠤ ᠬᠠᠮᠤᠭ᠎ᠤᠨ ᠲᠤᠬᠢᠷᠠᠮᠵᠢᠲᠠᠢ ᠮᠦᠷᠲᠡᠭᠡᠨ ᠲᠤᠩ ᠠᠰᠢᠭᠲᠠᠢ ᠨᠢᠭᠡ ᠵᠦᠢ᠍ᠯ᠎ᠤᠨ ᠠᠷᠭ᠎ᠠ ᠪᠠᠷᠢᠯ ᠪᠤᠯᠬᠤ᠎ᠨᠢ ᠮᠠᠷᠭᠤᠰᠢ ᠦᠭᠡᠢ᠃ ᠪᠢ ᠠᠩᠬᠢ ᠵᠢᠨ ᠵᠶ᠋ᠠᠨ ᠦᠭᠡ ᠬᠡᠯᠡᠨ᠎ᠤ ᠬᠦᠳᠡᠯᠭᠡᠭᠡᠨ᠎ᠤ ᠴᠠᠭ᠎ᠢ ᠠᠰᠢᠭᠯᠠᠨ᠂ ᠬᠡᠦᠬᠡᠳ᠎ᠤᠳ᠎ᠲᠤ ᠤᠨᠢᠰᠤᠭ᠎ᠠ ᠲᠠᠭ᠋ᠠᠭ᠋ᠠᠬᠤ᠂ ᠵᠦᠢ᠍ᠷ ᠰᠡᠴᠡᠨ ᠦᠭᠡ ᠶᠠᠷᠢᠵᠤ ᠡᠵᠡᠮᠰᠢᠬᠦ᠂ ᠬᠡᠯᠡ ᠵᠦᠭᠰᠢᠷᠡᠭᠦᠯᠬᠦ ᠦᠭᠡ ᠵᠢ ᠬᠡᠯᠡᠵᠦ ᠪᠤᠯᠪᠠᠰᠤᠷᠠᠭ᠍ᠤ ᠬᠦᠳᠡᠯᠪᠦᠷᠢ ᠵᠢ ᠬᠢᠯᠭᠡᠵᠦ᠂ ᠬᠡᠦᠬᠡᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠪᠤᠯᠪᠠᠰᠤᠷᠠᠭᠤᠯᠤᠭ᠋ᠠᠳ ᠬᠡᠦᠬᠡᠳ᠎ᠤᠨ ᠰᠤᠨᠤᠰᠬᠤ ᠶᠠᠷᠢᠬᠤ ᠬᠢᠭᠡᠳ ᠬᠡᠯᠡᠨ᠎ᠤ ᠤᠷᠠᠯᠢᠭ᠎ᠤᠨ ᠪᠤᠯᠪᠠᠰᠤᠷᠠᠯ᠎ᠢ ᠵᠤᠬᠢᠬᠤ ᠬᠡᠮᠵᠢᠶᠡᠨ᠎ᠡ ᠠᠬᠢᠭᠤᠯᠵᠤ ᠴᠢᠳᠠᠭᠰᠠᠨ ᠪᠠᠶ᠋ᠢᠨ᠎ᠠ᠃ ᠴᠤᠬᠤᠰ ᠳᠤᠷᠠᠳᠪᠠᠯ᠂ ᠭᠡᠷ᠎ᠤᠨ ᠠᠬᠠᠮᠠᠳ᠎ᠲᠠᠢ ᠬᠠᠮᠵᠢᠯᠴᠠᠨ ᠬᠡᠦᠬᠡᠳ ᠵᠶ᠋ᠠᠷ ᠤᠨᠢᠰᠤᠭ᠎ᠠ ᠴᠡᠭᠡᠵᠢᠯᠡᠭᠦᠯᠦᠭᠰᠡᠨ ᠰᠠᠭᠤᠷᠢᠨ ᠳᠡᠭᠡᠷ᠎ᠡ᠂ ᠬᠡᠦᠬᠡᠳ᠎ᠤᠨ ᠨᠢᠭᠡ᠎ᠨᠢ ᠤᠨᠢᠰᠤᠭ᠎ᠠ ᠬᠡᠯᠡᠵᠦ᠂ ᠪᠤᠰᠤᠳ᠎ᠨᠢ ᠤᠨᠢᠰᠤᠭ᠎ᠠ ᠲᠠᠭ᠋ᠠᠭ᠋ᠠᠬᠤ᠂ ᠵᠦᠢ᠍ᠷ ᠰᠡᠴᠡᠨ ᠦᠭᠡ ᠴᠡᠭᠡᠵᠢᠯᠡᠭᠰᠡᠨ ᠰᠠᠭᠤᠷᠢᠨ ᠳᠡᠭᠡᠷ᠎ᠡ᠂ ᠨᠢᠭᠡ ᠬᠡᠦᠬᠡᠳ ᠵᠦᠢ᠍ᠷ ᠰᠡᠴᠡᠨ ᠦᠭᠡ ᠵᠢᠨ ᠬᠠᠭ᠋ᠠᠰ᠎ᠢ ᠬᠡᠯᠡᠵᠦ᠂ ᠪᠤᠰᠤᠳ᠎ᠨᠢ ᠵᠠᠯᠭ᠋ᠠᠨ ᠬᠡᠯᠡᠵᠦ ᠪᠦᠷᠢᠨ ᠪᠤᠯᠭ᠋ᠠᠬᠤ᠂ ᠪᠤᠰᠤᠳ᠎ᠤᠨ ᠬᠡᠯᠡᠭᠰᠡᠨᠤ ᠳᠤᠮᠳᠠᠬᠢ ᠭᠡᠭᠡᠵᠦ ᠤᠷᠬᠢᠭᠳᠠᠭᠰᠠᠨᠢ ᠨᠦᠬᠦᠪᠦᠷᠢᠯᠡᠬᠦ; ᠬᠡᠯᠡ ᠵᠦᠭᠰᠢᠷᠡᠭᠦᠯᠬᠦ ᠦᠭᠡ ᠵᠢ ᠬᠠᠮᠲᠤ᠎ᠪᠠᠷ ᠬᠡᠯᠡᠵᠦ ᠪᠤᠯᠪᠠᠰᠤᠷᠠᠭ᠍ᠤ᠂ ᠭᠠᠭᠴᠠᠭ᠋ᠠᠷ ᠬᠡᠯᠡᠵᠦ ᠪᠤᠯᠪᠠᠰᠤᠷᠠᠭ᠍ᠤ᠂ ᠬᠡᠳᠦᠭᠦᠯᠡ ᠬᠡᠯᠡᠵᠦ ᠪᠤᠯᠪᠠᠰᠤᠷᠠᠭ᠍ᠤ᠂ ᠰᠤᠨᠤᠰᠤᠭᠰᠠᠨ ᠬᠡᠦᠬᠡᠳ ᠪᠤᠰᠤᠳ᠎ᠤᠨ ᠠᠨᠳᠠᠭᠤ ᠲᠠᠰᠢᠶ᠎ᠠ ᠵᠢ ᠵᠠᠯᠠᠷᠠᠭᠤᠯᠵᠤ ᠦᠭᠬᠦ ᠁ ᠵᠡᠷᠭᠡ᠎ᠨᠢ ᠴᠦᠮ ᠬᠡᠦᠬᠡᠳ᠎ᠤᠨ ᠬᠡᠯᠡᠨ᠎ᠤ ᠬᠦᠭᠵᠢᠯᠲᠡ ᠵᠢ ᠢᠳᠡᠭ ᠢᠳᠡᠭ ᠵᠶ᠋ᠠᠷ ᠠᠬᠢᠭᠤᠯᠬᠤ ᠨᠠᠷᠢᠯᠢᠬ ᠭᠤᠭᠴᠤᠭ᠎ᠠ ᠪᠤᠯᠬᠤ ᠶᠤᠮ᠃ ᠪᠠᠭᠰᠢ᠎ᠠᠴᠠ ᠬᠡᠦᠬᠡᠳ ᠪᠤᠯᠭ᠋ᠠᠨ᠎ᠤ ᠠᠵᠢᠯᠯᠠᠭ᠋ᠠᠨ᠎ᠢ ᠨᠠᠷᠢᠯᠢᠬ ᠠᠵᠢᠭᠯᠠᠵᠤ᠂ ᠳᠠᠪᠰᠢᠯᠲᠠ ᠳᠡᠭᠡᠭᠰᠢᠯᠡᠯᠲᠡ᠂ ᠤᠪᠤᠷᠲᠤᠨᠢ ᠦᠨᠡᠯᠡᠯᠲᠡ ᠵᠤᠷᠢᠬ᠍ᠵᠢᠭᠤᠯᠤᠯ ᠳᠠᠭ᠋ᠠᠯᠳᠤᠭᠤᠯᠬᠤ ᠴᠢᠬᠤᠯᠠᠲᠠᠢ᠃ ᠠ᠋ᠭᠦᠨ᠎ᠤ ᠳᠤᠲᠤᠷ᠎ᠠ ᠮᠥᠨ ᠴᠦ᠍ ᠪᠠᠭᠰᠢ ᠪᠤᠯᠤᠨ ᠭᠡᠷ᠎ᠤᠨ ᠠᠬᠠᠮᠠᠳ᠎ᠤᠨ ᠲᠠᠭ᠋ᠠᠭᠤᠯᠤᠨ ᠬᠡᠯᠡᠬᠦ᠂ ᠵᠢᠭ᠋ᠠᠵᠤ ᠦᠭᠬᠦ ᠵᠠᠯᠠᠷᠠᠭᠤᠯᠤᠨ ᠦᠭᠬᠦ ᠁ ᠵᠡᠷᠭᠡ ᠠᠵᠢᠯᠯᠠᠭ᠋ᠠᠨ ᠠᠭᠤᠰᠤᠯᠳᠤᠨ ᠨᠡᠪᠴᠢᠵᠤ᠂ ᠤᠳᠠᠭ᠋ᠠᠨ ᠳᠠᠭ᠋ᠠᠭ᠋ᠠᠮᠠᠭ᠋ᠠᠢ ᠲᠡᠰᠪᠦᠷᠢ ᠲᠡᠪᠴᠢᠶᠡᠷᠢ᠎ᠲᠠᠢ ᠤᠪᠤᠷ ᠠᠵᠢᠯᠯᠠᠭ᠋ᠠᠨ᠎ᠤ ᠪᠦᠬᠦ ᠶᠠᠪᠤᠴᠠ᠎ᠳᠤ ᠳᠠᠭ᠋ᠠᠯᠳᠤᠨ ᠶᠠᠪᠤᠭᠳᠠᠨ᠎ᠠ᠃
ᠭᠤᠷᠪᠠ᠂ ᠬᠡᠦᠬᠡᠳ᠎ᠤᠨ ᠰᠢᠯᠦᠭ ᠤᠩᠰᠢᠬᠤ ᠪᠠ ᠰᠢᠯᠦᠭ ᠤᠩᠰᠢᠯᠭ᠎ᠠ ᠵᠢ ᠰᠤᠨᠤᠰᠬᠤ ᠬᠦᠳᠡᠯᠪᠦᠷᠢ᠎ᠪᠠᠷ ᠬᠡᠦᠬᠡᠳ᠎ᠤᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠳᠡᠭᠡᠭᠰᠢᠯᠡᠭᠦᠯᠵᠦ ᠪᠤᠯᠤᠨ᠎ᠠ᠃ ᠰᠢᠯᠦᠭ ᠤᠩᠰᠢᠬᠤ ᠪᠠ ᠰᠢᠯᠥᠭ ᠤᠩᠰᠢᠯᠭ᠎ᠠ ᠵᠢ ᠰᠤᠨᠤᠰᠬᠤ ᠪᠤᠯ ᠬᠡᠦᠬᠡᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠳᠡᠭᠡᠭᠰᠢᠯᠡᠭᠦᠯᠬᠦ᠎ᠳᠤ ᠠᠰᠢᠭᠲᠠᠢ ᠪᠠᠰᠠ ᠨᠢᠭᠡᠨ ᠠᠷᠭ᠎ᠠ ᠪᠠᠷᠢᠯ ᠪᠤᠯᠬᠤ᠎ᠨᠢ ᠳᠠᠮᠵᠢᠭ ᠦᠭᠡᠢ᠃ ᠬᠡᠦᠬᠡᠳ᠎ᠤᠨ ᠰᠢᠯᠦᠭ᠎ᠨᠢ ᠬᠡᠦᠬᠡᠳ᠎ᠤᠨ ᠤᠨᠴᠠᠯᠢᠭᠲᠤ ᠲᠤᠬᠢᠷᠠᠭᠰᠠᠨ ᠪᠤᠯᠬᠤᠷ ᠲᠡᠳᠡᠨᠣᠰ᠎ᠤᠨ ᠤᠩᠰᠢᠬᠤ ᠪᠠ ᠰᠤᠨᠤᠰᠬᠤ᠎ᠳᠤ ᠠᠶᠠᠲᠠᠢ ᠪᠠᠶ᠋ᠢᠵᠤ᠂ ᠤᠷᠮ᠎ᠠ ᠵᠢ᠎ᠨᠢ ᠳᠠᠲᠠᠵᠤ ᠴᠢᠳᠠᠳᠠᠭ᠃ ᠪᠢ ᠠᠩᠬᠢ ᠵᠢᠨ ᠵᠶ᠋ᠠᠨ ᠬᠡᠦᠬᠡᠳ᠎ᠢ ᠵᠢᠯᠤᠭᠤᠳᠤᠨ ᠲᠡᠳᠡᠨᠤᠰ᠎ᠲᠤ ᠦᠷᠭᠦᠯᠵᠢ ᠰᠢᠯᠦᠭ ᠴᠡᠭᠡᠵᠢᠯᠡᠭᠦᠯᠦᠨ᠂ ᠤᠩᠰᠢᠯᠭ᠎ᠠ ᠬᠢᠯᠭᠡᠳᠡᠭ᠃ ᠠ᠋ᠨᠡ᠎ᠨᠢ ᠬᠡᠦᠬᠡᠳ᠎ᠤᠨ ᠰᠤᠨᠤᠰᠬᠤ ᠪᠠ ᠶᠠᠷᠢᠬᠤ ᠲᠠᠯ᠎ᠠ ᠵᠢᠨ ᠬᠡᠯᠡᠨ᠎ᠤ ᠬᠦᠭᠵᠢᠯᠲᠡ᠎ᠳᠤ ᠠᠬᠢᠭᠤᠯᠬᠤ ᠦᠢ᠍ᠯᠡᠳᠦᠯ ᠦᠵᠡᠭᠦᠯᠵᠦ ᠴᠢᠳᠠᠭᠰᠠᠨ ᠪᠠᠶ᠋ᠢᠨ᠎ᠠ᠃ ᠳᠠᠷᠣᠢ ᠬᠡᠦᠬᠡᠳ ᠴᠡᠭᠡᠵᠢᠯᠡᠭᠰᠡᠨ ᠰᠢᠯᠥᠭ ᠵᠶ᠋ᠠᠨ ᠤᠩᠰᠢᠵᠤ᠂ ᠪᠤᠰᠤᠳ᠎ᠨᠢ ᠰᠤᠨᠤᠰᠬᠤ ᠦᠶ᠎ᠡ᠎ᠳᠤ᠂ ᠢᠷᠠᠭᠤ ᠰᠤᠨᠤᠰᠬᠤᠯᠠᠩ᠎ᠲᠠᠢ᠂ ᠠᠶ᠋ᠢᠵᠠᠮ᠎ᠲᠠᠢ ᠮᠦᠷᠲᠡᠭᠡᠨ ᠰᠡᠳᠭᠢᠯᠭᠡ ᠠᠭᠤᠯᠤᠭᠰᠠᠨ ᠤᠷᠠᠨ ᠲᠤᠳᠤ ᠤᠩᠰᠢᠯᠭ᠎ᠠ᠎ᠳᠤ ᠰᠤᠨᠤᠰᠴᠤ ᠪᠠᠶ᠋ᠢᠭ᠎ᠠ ᠬᠡᠦᠬᠡᠳ ᠴᠦ᠍ ᠳᠠᠲᠠᠭᠳᠠᠵᠤ᠂ ᠳᠤᠷᠠᠲᠠᠢ ᠰᠤᠨᠤᠰᠴᠤ ᠪᠠᠶ᠋ᠢᠳᠠᠭ᠃ ᠤᠩᠰᠢᠯᠭ᠎ᠠ ᠬᠢᠭᠰᠡᠨ ᠬᠡᠦᠬᠡᠳ᠎ᠨᠢ ᠤᠷᠠᠨ ᠤᠩᠰᠢᠯᠭ᠎ᠠ ᠵᠢᠨ ᠦᠢ᠍ᠯᠡᠳᠦᠯᠭᠡ᠎ᠳᠤ ᠪᠡᠶ᠎ᠡ᠎ᠪᠠᠷ ᠵᠶ᠋ᠠᠨ ᠤᠷᠤᠯᠴᠠᠭ᠍ᠤ᠎ᠪᠠᠷ ᠥᠯᠥ ᠪᠠᠷᠠᠨ ᠰᠡᠯᠡᠭᠦᠨ ᠲᠠᠭ᠋ᠠᠲᠠᠢ ᠰᠡᠳᠭᠢᠯᠭᠡ ᠵᠢᠨ ᠤᠷᠴᠢᠨ᠎ᠳᠤ ᠠᠭᠤᠰᠴᠤ ᠨᠠᠮ ᠲᠤᠭᠲᠠᠭᠤᠨ ᠲᠠᠪᠠᠲᠠᠢ ᠪᠠᠶ᠋ᠢᠳᠠᠭ᠃ ᠠ᠋ᠭᠦᠨ᠎ᠳᠤ ᠪᠠᠭᠰᠢ ᠵᠢᠨ ᠵᠢᠭ᠋ᠠᠨ ᠳᠠᠭ᠋ᠠᠭᠤᠯᠭ᠎ᠠ᠂ ᠵᠠᠰᠠᠨ ᠵᠠᠯᠠᠷᠠᠭᠤᠯᠭ᠎ᠠ᠂ ᠳᠦᠷᠢᠮ ᠳᠠᠭᠤᠷᠢᠶᠠᠯ᠂ ᠨᠡᠩ ᠢᠯᠡᠭᠦᠦ ᠲᠡᠰᠪᠦᠷᠢ ᠲᠡᠪᠴᠢᠶᠡᠷᠢ ᠳᠤᠲᠠᠭᠳᠠᠵᠤ ᠪᠤᠯᠬᠤ ᠦᠭᠡᠢ᠃ ᠭᠡᠷ᠎ᠤᠨ ᠠᠬᠠᠮᠠᠳ᠎ᠤᠨ ᠢᠳᠡᠪᠬᠢᠲᠡᠢ ᠬᠠᠪᠰᠤᠷᠤᠯᠭ᠎ᠠ ᠰᠠᠨᠠᠭᠤᠯᠭ᠎ᠠ ᠵᠦᠪᠯᠡᠯᠭᠡ ᠵᠡᠷᠭᠡ ᠬᠠᠮᠵᠢᠯᠴᠠᠭ᠎ᠠ ᠬᠠᠪᠰᠤᠷᠤᠯᠭ᠎ᠠ ᠴᠦ᠍ ᠳᠤᠲᠠᠭᠳᠠᠵᠤ ᠪᠤᠯᠬᠤ ᠦᠭᠡᠢ᠃
ᠳᠦᠷᠪᠡ᠂ ᠶᠠᠷᠢᠶ᠎ᠠ ᠬᠠᠷᠢᠯᠴᠠᠭ᠎ᠠ ᠬᠢᠯᠭᠡᠬᠦ ᠬᠦᠳᠡᠯᠪᠦᠷᠢ᠎ᠪᠠᠷ ᠬᠡᠦᠬᠡᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠳᠡᠭᠡᠭᠰᠢᠯᠡᠭᠦᠯᠵᠦ ᠪᠤᠯᠤᠨ᠎ᠠ᠃ ᠶᠠᠷᠢᠶ᠎ᠠ ᠬᠠᠷᠢᠯᠴᠠᠭ᠎ᠠ᠎ᠨᠢ ᠬᠦᠮᠦᠰ᠎ᠤᠨ ᠠᠮᠢᠳᠤᠷᠠᠯ ᠳᠤᠮᠳᠠᠬᠢ ᠲᠤᠩ ᠴᠢᠬᠤᠯᠠ ᠨᠢᠭᠡᠨ ᠵᠦᠢ᠍ᠯ᠎ᠤᠨ ᠬᠠᠷᠢᠯᠴᠠᠨ ᠤᠶ᠋ᠢᠯᠠᠭ᠋ᠠᠯᠴᠠᠭ᠍ᠤ ᠪᠠ ᠰᠤᠯᠢᠯᠴᠠᠭ᠍ᠤ ᠠᠷᠭ᠎ᠠ ᠬᠡᠯᠪᠡᠷᠢ ᠮᠥᠨ᠃ ᠶᠠᠷᠢᠶ᠎ᠠ ᠬᠠᠷᠢᠯᠴᠠᠭ᠎ᠠ᠎ᠨᠢ ᠬᠡᠦᠬᠡᠳ᠎ᠤᠨ ᠰᠤᠨᠤᠰᠬᠤ ᠬᠢᠭᠡᠳ ᠶᠠᠷᠢᠬᠤ ᠴᠢᠳᠠᠪᠤᠷᠢ ᠵᠢᠨ ᠪᠤᠯᠪᠠᠰᠤᠷᠠᠨ ᠭᠦᠨᠵᠡᠭᠡᠶ᠋ᠢᠷᠡᠬᠦ ᠨᠢᠭᠡ ᠵᠦᠢ᠍ᠯ᠎ᠤᠨ ᠠᠷᠭ᠎ᠠ ᠵᠠᠮ ᠪᠤᠯᠬᠤ᠎ᠨᠢ ᠶᠠᠷᠢᠶᠠᠨ ᠦᠭᠡᠢ᠃ ᠬᠡᠦᠬᠡᠳ ᠬᠤᠷᠠᠮᠳᠤᠭᠤᠯᠤᠭᠰᠠᠨ ᠰᠤᠷᠠᠭ ᠵᠠᠩᠬᠢ᠎ᠪᠠᠨ ᠶᠠᠷᠢᠶ᠎ᠠ ᠬᠠᠷᠢᠯᠴᠠᠭ᠎ᠠ᠎ᠪᠠᠷ ᠳᠠᠮᠵᠢᠨ ᠢᠯᠡᠳᠭᠡᠵᠦ᠂ ᠬᠦᠮᠦᠰ᠎ᠲᠤ ᠮᠡᠳᠡᠭᠳᠡᠵᠦ ᠤᠶ᠋ᠢᠯᠠᠭ᠋ᠠᠭᠤᠯᠬᠤ ᠴᠢᠬᠤᠯᠠᠲᠠᠢ᠃ ᠪᠢ ᠠᠩᠬᠢ ᠵᠢᠨ ᠬᠡᠦᠬᠡᠳ᠎ᠤᠳ᠎ᠲᠤ ᠪᠡᠶ᠎ᠡ᠎ᠪᠠᠨ ᠲᠠᠨᠢᠯᠴᠠᠭᠤᠯᠬᠤ᠂ ᠵᠢᠵᠢᠭ ᠤᠴᠢᠷ ᠶᠠᠪᠤᠳᠠᠯ᠎ᠤᠨ ᠶᠠᠪᠤᠴᠠ ᠵᠢ ᠶᠠᠷᠢᠬᠤ᠂ ᠭᠡᠷ᠎ᠤᠨ ᠠᠬᠠᠮᠠᠳ ᠵᠶ᠋ᠠᠨ ᠲᠠᠨᠢᠯᠴᠠᠭᠤᠯᠬᠤ᠂ ᠠᠨᠳᠠ ᠨᠠᠶ᠋ᠢᠵᠠ᠎ᠪᠠᠨ ᠲᠠᠨᠢᠯᠴᠠᠭᠤᠯᠬᠤ ᠁ ᠵᠡᠷᠭᠡ ᠳᠦᠭᠦᠮᠬᠡᠨ ᠶᠠᠷᠢᠶ᠎ᠠ ᠬᠠᠷᠢᠯᠴᠠᠭ᠎ᠠ ᠬᠢᠬᠦ ᠵᠢ ᠵᠢᠯᠤᠭᠤᠳᠤᠨ ᠪᠤᠯᠪᠠᠰᠤᠷᠠᠭᠤᠯᠵᠤ᠂ ᠨᠢᠭᠡ ᠬᠡᠦᠬᠡᠳ ᠶᠠᠷᠢᠵᠤ᠂ ᠪᠤᠰᠤᠳ ᠬᠡᠦᠬᠡᠳ᠎ᠨᠢ ᠰᠤᠨᠤᠰᠬᠤ ᠬᠡᠯᠡᠨ᠎ᠤ ᠪᠠ ᠰᠤᠨᠤᠷ᠎ᠤᠨ ᠬᠦᠳᠡᠯᠪᠦᠷᠢ᠎ᠶᠢ ᠬᠢᠯᠭᠡᠳᠡᠭ ᠮᠦᠷᠲᠡᠭᠡᠨ ᠴᠠᠭ ᠳᠠᠷᠤᠢ᠎ᠳᠤ᠎ᠨᠢ ᠵᠠᠰᠠᠨ ᠵᠠᠯᠠᠷᠠᠭᠤᠯᠵᠤ ᠦᠭᠳᠡᠭ᠃ ᠶᠠᠷᠢᠭᠰᠠᠨ ᠰᠤᠨᠤᠰᠤᠭᠰᠠᠨ ᠬᠡᠦᠬᠡᠳ᠎ᠤᠳ᠎ᠢ ᠴᠥᠮ ᠵᠤᠷᠢᠬ᠍ᠵᠢᠭᠤᠯᠤᠨ ᠦᠨᠡᠯᠡᠳᠡᠭ᠎ᠠᠴᠠ ᠬᠡᠦᠬᠡᠳ᠎ᠤᠳ᠎ᠤᠨ ᠶᠠᠷᠢᠶ᠎ᠠ ᠬᠠᠷᠢᠯᠴᠠᠭ᠋ᠠᠨ᠎ᠳᠤ ᠤᠷᠤᠯᠴᠠᠭ᠍ᠤ ᠢᠳᠡᠪᠬᠢᠵᠢᠯ ᠳᠠᠶ᠋ᠢᠴᠢᠯᠠᠭᠳᠠᠨ᠂ ᠠ᠋ᠨᠡ ᠲᠠᠯ᠎ᠠ ᠵᠢᠨ ᠠᠵᠢᠯᠯᠠᠭ᠋ᠠᠨ᠎ᠳᠤ ᠢᠳᠡᠭ ᠠᠯᠬᠤᠮ ᠵᠶ᠋ᠠᠷ ᠳᠤᠷ᠎ᠠ ᠪᠠᠬᠠᠲᠠᠢ ᠪᠤᠯᠵᠤ᠂ ᠶᠠᠪᠤᠴᠠ ᠵᠢᠨ ᠳᠤᠮᠳᠠ ᠶᠠᠷᠢᠵᠤ ᠬᠠᠷᠢᠯᠴᠠᠭ᠍ᠤ ᠲᠠᠯ᠎ᠠ᠎ᠪᠠᠷ ᠮᠡᠳᠡᠭᠳᠡᠮ᠎ᠡ ᠳᠡᠭᠡᠭᠰᠢᠯᠡᠯᠲᠡ᠎ᠲᠠᠢ ᠪᠤᠯᠵᠤ᠂ ᠶᠠᠷᠢᠶ᠎ᠠ ᠬᠠᠷᠢᠯᠴᠠᠭ᠋ᠠᠨ᠎ᠤ ᠦᠨᠳᠦᠰᠦᠨ ᠤᠬᠠᠮᠰᠠᠷ ᠪᠠ ᠴᠢᠳᠠᠪᠤᠷᠢ ᠠᠩᠬ᠎ᠠ ᠠᠯᠬᠤᠮ ᠪᠤᠢ ᠪᠤᠯᠤᠭᠰᠠᠨ ᠪᠠᠶ᠋ᠢᠨ᠎ᠠ᠃ ᠠ᠋ᠭᠦᠨ᠎ᠤ ᠶᠠᠪᠤᠴᠠ᠎ᠳᠤ ᠮᠥᠨ ᠬᠦ᠌ ᠭᠡᠷ᠎ᠤᠨ ᠠᠬᠠᠮᠠᠳ ᠬᠢᠭᠡᠳ ᠪᠠᠭᠰᠢ ᠵᠢᠨ ᠵᠢᠯᠤᠭᠤᠳᠤᠯᠭ᠎ᠠ ᠭᠤᠭᠴᠤᠭ᠎ᠠ ᠪᠤᠯᠭ᠋ᠠᠨ᠎ᠳᠤᠨᠢ ᠳᠠᠭ᠋ᠠᠯᠳᠤᠨ ᠶᠠᠪᠤᠭᠳᠠᠵᠤ᠂ ᠲᠡᠰᠪᠦᠷᠢ ᠲᠡᠪᠴᠢᠶᠡᠷᠢ ᠴᠦ᠍ ᠪᠦᠬᠦᠶ᠋ᠢᠯᠡ ᠶᠠᠪᠤᠴᠠ᠎ᠳᠤ᠎ᠨᠢ ᠠᠭᠤᠰᠤᠯᠳᠤᠨ ᠰᠢᠮᠡᠳᠦᠭᠰᠡᠨ ᠪᠠᠶ᠋ᠢᠨ᠎ᠠ᠃
ᠲᠠᠪᠤ᠂ ᠵᠢᠷᠤᠭ ᠦᠵᠡᠵᠦ ᠶᠠᠷᠢᠬᠤ ᠬᠦᠳᠡᠯᠪᠦᠷᠢ᠎ᠪᠠᠷ ᠬᠡᠦᠬᠡᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠳᠡᠭᠡᠭᠰᠢᠯᠡᠭᠦᠯᠵᠦ ᠪᠤᠯᠤᠨ᠎ᠠ᠃ ᠬᠡᠦᠬᠡᠳ ᠪᠤᠯᠭ᠋ᠠᠨ ᠵᠢᠷᠤᠭ ᠰᠤᠨᠢᠷᠬᠠᠬᠤ ᠳᠤᠷᠠᠲᠠᠢ᠃ ᠠ᠋ᠨᠡ᠎ᠨᠢ ᠬᠡᠦᠬᠡᠳ ᠪᠦᠬᠦᠨ᠎ᠳᠤ ᠪᠠᠶ᠋ᠢᠳᠠᠭ ᠨᠡᠶ᠋ᠢᠳᠡᠮ᠎ᠤᠨ ᠤᠨᠴᠠᠯᠢᠭ ᠪᠤᠯᠤᠨ᠎ᠠ᠃ ᠵᠢᠷᠤᠭ᠎ᠨᠢ ᠬᠠᠷᠢᠴᠠᠩᠭᠤᠢ᠎ᠪᠠᠷ ᠪᠤᠳᠠᠲᠤ ᠦᠵᠡᠭᠳᠡᠯᠲᠦ ᠴᠢᠨᠠᠷᠲᠠᠢ ᠲᠤᠯᠠ ᠬᠡᠦᠬᠡᠳ᠎ᠤᠨ ᠦᠵᠡᠵᠦ ᠤᠶ᠋ᠢᠯᠠᠭ᠋ᠠᠬᠤ᠎ᠳᠤ ᠳᠦᠭᠦᠮ ᠪᠠᠶ᠋ᠢᠳᠠᠭ᠃ ᠠ᠋ᠭᠦᠨ᠎ᠳᠤ ᠬᠡᠦᠬᠡᠳ ᠵᠶ᠋ᠠᠷ ᠳᠦᠭᠦᠮ ᠲᠤᠳᠤᠷᠬᠠᠢ ᠲᠡᠳᠡᠨ᠎ᠳᠤ ᠲᠤᠬᠢᠷᠠᠭᠰᠠᠨ ᠵᠢᠷᠤᠭ᠎ᠢ ᠦᠵᠡᠭᠦᠯᠵᠦ ᠵᠢᠯᠤᠭᠤᠳᠪᠠᠯ᠂ ᠬᠡᠦᠬᠡᠳ ᠵᠢᠷᠤᠭ ᠦᠵᠡᠵᠦ ᠤᠶ᠋ᠢᠯᠠᠭ᠋ᠠᠵᠤ ᠴᠢᠳᠠᠭ᠍ᠤ ᠮᠦᠷᠲᠡᠭᠡᠨ ᠦᠵᠡᠵᠦ ᠤᠶ᠋ᠢᠯᠠᠭ᠋ᠠᠭᠰᠠᠨ ᠵᠶ᠋ᠠᠨ ᠪᠤᠰᠤᠳ᠎ᠲᠤ ᠬᠡᠯᠡᠵᠦ ᠦᠭᠬᠦ ᠳᠤᠷᠠᠲᠠᠢ᠎ᠨᠢ ᠠᠷᠭ᠎ᠠ ᠦᠭᠡᠢ᠃ ᠪᠢ ᠬᠡᠦᠬᠡᠳ᠎ᠤᠨ ᠠ᠋ᠶ᠋ᠢᠮᠦ ᠤᠨᠴᠠᠯᠢᠭ᠎ᠢ ᠠᠰᠢᠭᠯᠠᠨ᠂ ᠵᠢᠷᠤᠭ ᠦᠵᠡᠵᠦ ᠶᠠᠷᠢᠬᠤ ᠬᠦᠳᠡᠯᠪᠦᠷᠢ ᠵᠢ ᠵᠢᠯᠤᠭᠤᠳᠤᠨ ᠬᠢᠯᠭᠡᠵᠦ᠂ ᠲᠡᠳᠡᠨ᠎ᠤ ᠰᠣᠨᠣᠰᠬᠤ ᠪᠠ ᠶᠠᠷᠢᠬᠤ ᠴᠢᠳᠠᠪᠤᠷᠢ ᠵᠢᠨ ᠳᠡᠭᠡᠭᠰᠢᠯᠡᠯᠲᠡ ᠵᠢ ᠠᠬᠢᠭᠤᠯᠵᠠᠢ᠃ ᠵᠢᠱ᠌ᠢᠶᠡᠯᠡᠪᠡᠯ᠄ ᠬᠡᠦᠬᠡᠳ᠎ᠤᠳ᠎ᠲᠤ ᠳᠦᠭᠦᠮᠬᠡᠨ ᠵᠢᠷᠤᠭ ᠠᠵᠢᠭᠯᠠᠭᠤᠯᠵᠤ᠂ ᠵᠢᠷᠤᠭ᠎ᠤᠨ ᠠᠭᠤᠯᠭ᠎ᠠ ᠵᠢ ᠶᠠᠷᠢᠭᠤᠯᠬᠤᠳᠤᠪᠠᠨ ᠡᠵᠡᠨ ᠪᠡᠶ᠎ᠡ᠎ᠲᠠᠢ᠂ ᠭᠦᠢ᠍ᠴᠡᠳ᠂ ᠲᠤᠳᠤᠷᠬᠠᠢ᠂ ᠳᠦᠭᠦᠮᠬᠡᠨ ᠵᠶ᠋ᠠᠷ ᠶᠠᠷᠢᠵᠤ ᠢᠯᠡᠳᠭᠡᠬᠦ ᠵᠢ ᠵᠢᠯᠤᠭᠤᠳᠤᠨ᠂ ᠬᠡᠦᠬᠡᠳ ᠵᠶ᠋ᠠᠷ ᠶᠠᠷᠢᠭᠤᠯᠤᠨ ᠪᠤᠯᠪᠠᠰᠤᠷᠠᠭᠤᠯᠵᠤ᠂ ᠰᠡᠭᠦᠯᠡᠷ᠎ᠨᠢ ᠨᠢᠭᠡ ᠬᠡᠦᠬᠡᠳ ᠵᠢᠷᠤᠭ ᠦᠵᠡᠵᠦ ᠠᠭᠤᠯᠭ᠎ᠠ ᠵᠢ᠎ᠨᠢ ᠶᠠᠷᠢᠵᠤ ᠪᠤᠰᠤᠳ ᠬᠡᠦᠬᠡᠳ ᠰᠤᠨᠤᠰᠬᠤ ᠠᠵᠢᠯᠯᠠᠭ᠎ᠠ ᠵᠢ ᠶᠠᠪᠤᠭᠳᠠᠭᠤᠯᠪᠠ᠃ ᠮᠥᠨ ᠴᠦ᠍ ᠭᠡᠷ᠎ᠤᠨ ᠠᠬᠠᠮᠠᠳ᠎ᠲᠠᠢ ᠬᠠᠮᠵᠢᠯᠴᠠᠨ ᠬᠡᠦᠬᠡᠳ᠎ᠤᠳ᠎ᠢ ᠭᠡᠷ᠎ᠲᠤ᠎ᠨᠢ ᠪᠠᠰᠠ ᠠ᠋ᠶ᠋ᠢᠮᠦ ᠪᠤᠯᠪᠠᠰᠤᠷᠠᠯ᠎ᠢ ᠬᠢᠯᠭᠡᠬᠦ ᠪᠤᠶᠤ ᠬᠡᠦᠬᠡᠳ᠎ᠤᠨ ᠪᠠᠶ᠋ᠢᠳᠠᠯ᠎ᠢ ᠦᠨᠳᠦᠰᠦᠯᠡᠨ ᠨᠦᠬᠦᠪᠦᠷᠢᠯᠡᠬᠦ ᠪᠤᠯᠪᠠᠰᠤᠷᠠᠯ᠎ᠢ ᠬᠢᠯᠭᠡᠪᠡ᠃ ᠲᠡᠭᠡᠭᠰᠡᠨ᠎ᠠᠴᠠ ᠬᠡᠦᠬᠡᠳ᠎ᠤᠳ ᠵᠢᠷᠤᠭ ᠦᠵᠡᠵᠦ ᠤᠶ᠋ᠢᠯᠠᠭ᠋ᠠᠬᠤ᠂ ᠤᠶ᠋ᠢᠯᠠᠭ᠋ᠠᠭᠰᠠᠨ ᠵᠶ᠋ᠠᠨ ᠶᠠᠷᠢᠬᠤ ᠲᠠᠯ᠎ᠠ᠎ᠪᠠᠷ ᠮᠡᠳᠡᠭᠳᠡᠮ᠎ᠡ ᠳᠡᠭᠡᠭᠰᠢᠯᠡᠯᠲᠡ᠎ᠲᠠᠢ ᠪᠤᠯᠤᠭᠰᠠᠨ ᠪᠠᠶ᠋ᠢᠨ᠎ᠠ᠃ ᠬᠡᠦᠬᠡᠳ᠎ᠤᠨ ᠭᠡᠷ᠎ᠤᠨ ᠠᠬᠠᠮᠠᠳ᠎ᠤᠳ ᠴᠦ᠍ ᠠ᠋ᠨᠡ ᠬᠦ᠌ ᠠᠵᠢᠯᠯᠠᠭ᠎ᠠ ᠵᠢ ᠦᠷ᠎ᠡ ᠠᠰᠢᠭᠲᠠᠢ ᠭᠡᠵᠦ ᠮᠡᠳᠡᠷᠡᠭᠡᠳ᠂ ᠳᠤᠷᠠᠲᠠᠢ ᠳᠡᠮᠵᠢᠬᠦ ᠪᠤᠯᠤᠭᠰᠠᠨ ᠪᠠᠶ᠋ᠢᠨ᠎ᠠ᠃
ᠬᠡᠦᠬᠡᠳ᠎ᠤᠨ ᠴᠡᠴᠡᠷᠯᠢᠭ᠎ᠤᠨ ᠪᠠᠭᠰᠢ ᠨᠠᠷ ᠬᠡᠦᠬᠡᠳ᠎ᠤᠨ ᠨᠡᠶ᠋ᠢᠳᠡᠮ᠎ᠤᠨ ᠤᠨᠴᠠᠯᠢᠭ ᠪᠠ ᠨᠡᠶ᠋ᠢᠳᠡᠮ᠎ᠤᠨ ᠳᠤᠷ᠎ᠠ ᠪᠠᠬ᠎ᠠ ᠵᠢ ᠦᠨᠳᠦᠰᠦᠯᠡᠨ᠂ ᠦᠯᠢᠭᠡᠷ ᠶᠠᠷᠢᠵᠤ᠂ ᠦᠯᠢᠭᠡᠷ ᠰᠤᠨᠤᠰᠬᠤ᠂ ᠤᠨᠢᠰᠤᠭ᠎ᠠ ᠲᠠᠭ᠋ᠠᠬᠤ᠂ ᠵᠦᠢ᠍ᠷ ᠰᠡᠴᠡᠨ ᠦᠭᠡ ᠴᠡᠭᠡᠵᠢᠯᠡᠬᠦ ᠪᠠ ᠶᠠᠷᠢᠬᠤ᠂ ᠬᠡᠯᠡ ᠪᠤᠯᠪᠠᠰᠤᠷᠠᠭᠤᠯᠬᠤ ᠦᠭᠡ ᠬᠡᠯᠡᠵᠦ ᠪᠤᠯᠪᠠᠰᠤᠷᠠᠭ᠍ᠤ᠂ ᠬᠡᠦᠬᠡᠳ᠎ᠤᠨ ᠰᠢᠯᠦᠭ ᠤᠩᠰᠢᠬᠤ᠂ ᠰᠢᠯᠦᠭ ᠤᠩᠰᠢᠯᠭ᠎ᠠ ᠵᠢ ᠰᠣᠨᠣᠰᠬᠤ᠂ ᠶᠡᠷᠦ ᠵᠢᠨ ᠶᠠᠷᠢᠶ᠎ᠠ ᠬᠠᠷᠢᠯᠴᠠᠭ᠎ᠠ ᠬᠢᠬᠦ᠂ ᠵᠢᠷᠤᠭ ᠦᠵᠡᠵᠦ ᠶᠠᠷᠢᠬᠤ ᠁ ᠵᠡᠷᠭᠡ ᠬᠡᠦᠬᠡᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠬᠦᠮᠦᠵᠢᠭᠦᠯᠬᠦ᠎ᠳᠤ ᠠᠰᠢᠭᠲᠠᠢ ᠬᠦᠳᠡᠯᠪᠦᠷᠢᠨᠦᠭᠦᠳᠢ ᠠᠰᠢᠭᠯᠠᠨ᠂ ᠬᠡᠦᠬᠡᠳ᠎ᠤᠳ᠎ᠲᠤ ᠶᠠᠷᠢᠬᠤ ᠰᠤᠨᠤᠰᠬᠤ ᠲᠠᠪᠴᠠᠩ ᠪᠠᠶ᠋ᠢᠭᠤᠯᠤᠨ ᠦᠭᠴᠦ᠂ ᠶᠠᠷᠢᠬᠤ ᠰᠣᠨᠣᠰᠬᠤ ᠠᠵᠢᠯᠯᠠᠭ᠋ᠠᠨ᠎ᠢ ᠵᠢᠯᠤᠭᠤᠳᠤᠨ ᠶᠠᠪᠤᠭᠳᠠᠭᠤᠯᠵᠤ᠂ ᠭᠤᠭᠴᠤᠭ᠎ᠠ ᠪᠤᠯᠭ᠋ᠠᠨ᠎ᠢ ᠨᠠᠷᠢᠯᠢᠬ ᠵᠢᠯᠤᠭᠤᠳᠬᠤ ᠪᠦᠭᠡᠳ ᠭᠡᠷ᠎ᠤᠨ ᠠᠬᠠᠮᠠᠳ᠎ᠲᠠᠢ ᠰᠠᠶ᠋ᠢᠲᠤᠷ ᠬᠠᠮᠵᠢᠯᠴᠠᠨ᠂ ᠬᠠᠷᠢᠯᠴᠠᠨ ᠲᠤᠰᠠᠯᠠᠯᠴᠠᠵᠤ᠂ ᠬᠠᠷᠢᠯᠴᠠᠨ ᠨᠦᠬᠦᠪᠦᠷᠢᠯᠡᠨ᠂ ᠬᠡᠦᠬᠡᠳ᠎ᠢ ᠬᠠᠮᠲᠤ᠎ᠪᠠᠷ ᠵᠢᠯᠤᠭᠤᠳᠤᠨ᠂ ᠬᠠᠮᠲᠤ᠎ᠪᠠᠷ ᠵᠤᠷᠢᠬ᠍ᠵᠢᠭᠤᠯᠤᠨ᠂ ᠤᠳᠠᠭ᠋ᠠᠨ ᠳᠠᠭ᠋ᠠᠭ᠋ᠠᠮᠠᠭ᠋ᠠᠢ ᠲᠡᠰᠪᠦᠷᠢ ᠲᠡᠪᠴᠢᠶᠡᠷᠢ᠎ᠲᠠᠢ ᠵᠠᠩ᠎ᠲᠠᠢ ᠪᠠᠶ᠋ᠢᠵᠤ᠂ ᠠᠵᠢᠯᠯᠠᠭ᠋ᠠᠨ ᠵᠶ᠋ᠠᠨ ᠦᠷᠭᠦᠯᠵᠢᠯᠡᠨ ᠪᠠᠷᠢᠮᠲᠠᠯᠠᠪᠠᠯ᠂ ᠬᠡᠦᠬᠡᠳ᠎ᠤᠨ ᠬᠡᠯᠡᠨ᠎ᠤ ᠬᠦᠭᠵᠢᠯᠲᠡ ᠵᠢ ᠠᠬᠢᠭᠤᠯᠵᠤ᠂ ᠪᠠᠭ᠎ᠠ ᠰᠤᠷᠭ᠋ᠠᠭᠤᠯᠢ᠎ᠳᠤ ᠰᠤᠨᠤᠰᠬᠤ ᠪᠠ ᠶᠠᠷᠢᠬᠤ ᠲᠠᠯ᠎ᠠ᠎ᠪᠠᠷ ᠵᠤᠬᠢᠬᠤ ᠬᠡᠮᠵᠢᠶᠡᠨ᠎ᠤ ᠴᠢᠳᠠᠪᠤᠷᠢ ᠪᠠ ᠳᠠᠳᠬᠠᠯ ᠪᠦᠷᠢᠯᠳᠦᠭᠰᠡᠨ᠂ ᠬᠡᠯᠡᠨ᠎ᠤ ᠰᠠᠭᠤᠷᠢ ᠰᠠᠶ᠋ᠢᠲᠠᠢ ᠬᠡᠦᠬᠡᠳ᠎ᠤᠳ᠎ᠢ ᠲᠡᠪᠰᠢᠭᠦᠯᠭᠦ ᠪᠤᠯᠤᠨ᠎ᠠ᠃ ᠠ᠋ᠨᠡ᠎ᠨᠢ ᠴᠡᠴᠡᠷᠯᠢᠭ᠎ᠤᠨ ᠪᠠᠭᠰᠢ ᠨᠠᠷ ᠬᠡᠦᠬᠡᠳ᠎ᠤᠳ᠎ᠲᠤ ᠬᠠᠷᠢᠭᠤᠴᠠᠵᠤ ᠪᠠᠶ᠋ᠢᠭ᠎ᠠ ᠶᠠᠪᠤᠳᠠᠯ ᠮᠥᠨ᠃ ᠮᠥᠨ ᠴᠦ᠍ ᠴᠡᠴᠡᠷᠯᠢᠭᠴᠢ ᠵᠢᠨ ᠠᠵᠢᠯ ᠠ᠋ᠭᠦᠷᠭᠡᠳᠤᠪᠠᠨ ᠬᠠᠷᠢᠭᠤᠴᠠᠵᠤ ᠪᠠᠶ᠋ᠢᠭ᠎ᠠ ᠶᠠᠪᠤᠳᠠᠯ ᠮᠥᠨ᠃ ᠰᠤᠨᠤᠰᠬᠤ ᠪᠠ ᠶᠠᠷᠢᠬᠤ ᠲᠠᠯ᠎ᠠ ᠵᠢᠨ ᠳᠠᠳᠬᠠᠯ ᠪᠤᠯᠪᠠᠰᠤᠷᠠᠯ᠎ᠨᠢ ᠬᠡᠦᠬᠡᠳ᠎ᠤᠨ ᠪᠤᠰᠤᠳ ᠰᠠᠶ᠋ᠢᠨ ᠰᠠᠶ᠋ᠢᠬᠠᠨ ᠴᠢᠳᠠᠪᠤᠷᠢ ᠪᠠ ᠵᠠᠩ ᠳᠠᠳᠬᠠᠯ᠎ᠤᠨ ᠪᠦᠷᠢᠯᠳᠦᠬᠦ᠎ᠳᠤ ᠰᠢᠭᠤᠳ ᠪᠤᠶᠤ ᠳᠠᠮ ᠵᠶ᠋ᠠᠷ ᠦᠢ᠍ᠯᠡᠴᠢᠯᠡᠭᠦ᠎ᠨᠢ ᠭᠠᠷᠴᠠᠭ᠎ᠠ ᠦᠭᠡᠢ᠃ ᠠ᠋ᠶ᠋ᠢᠮᠦ᠎ᠠᠴᠠ ᠬᠡᠦᠬᠡᠳ᠎ᠤᠨ ᠴᠡᠴᠡᠷᠯᠢᠭ᠎ᠤᠨ ᠪᠠᠭᠰᠢ ᠨᠠᠷ ᠬᠡᠦᠬᠡᠳ᠎ᠤᠳ᠎ᠤᠨ ᠰᠤᠨᠤᠰᠬᠤ ᠬᠢᠭᠡᠳ ᠶᠠᠷᠢᠬᠤ ᠴᠢᠳᠠᠪᠤᠷᠢ ᠵᠢ ᠬᠦᠮᠦᠵᠢᠭᠦᠯᠬᠦ ᠪᠠ ᠳᠡᠭᠡᠭᠰᠢᠯᠡᠭᠦᠯᠬᠦ ᠲᠠᠯ᠎ᠠ᠎ᠪᠠᠷ ᠢᠯᠡᠭᠦᠬᠡᠨ ᠤᠷᠤᠯᠳᠤᠨ ᠰᠦᠪᠡᠭᠴᠢᠯᠡᠬᠦ ᠪᠦᠭᠡᠳ ᠦᠢ᠍ᠯᠡᠳᠦᠯᠭᠡᠵᠢᠭᠦᠯᠵᠦ᠂ ᠪᠦᠲᠦᠮᠵᠢᠲᠡᠢ ᠠᠷᠭ᠎ᠠ ᠵᠠᠮ᠎ᠢ ᠠ᠋ᠷᠢᠨ ᠤᠯᠵᠤ᠂ ᠬᠡᠦᠬᠡᠳ᠎ᠤᠳ᠎ᠲᠤ ᠠ᠋ᠨᠡ ᠲᠠᠯ᠎ᠠ ᠵᠢᠨ ᠴᠢᠳᠠᠪᠤᠷᠢ ᠵᠢ ᠠ᠋ᠷᠬᠡᠪᠰᠢ ᠰᠤᠶᠤᠭ᠋ᠠᠯᠠᠭᠤᠯᠵᠤ ᠦᠭᠬᠦ ᠴᠢᠬᠤᠯᠠᠲᠠᠢ ᠪᠦᠭᠡᠳ ᠳᠠᠭ᠋ᠠᠤ᠎ᠳᠤ᠎ᠨᠢ ᠠ᠋ᠨᠡ ᠴᠢᠳᠠᠪᠤᠷᠢ ᠵᠢᠨ ᠦᠷᠭᠦᠯᠵᠢᠯᠡᠨ ᠦᠰᠦᠨ ᠪᠤᠵᠠᠭ᠋ᠠᠶ᠋ᠢᠷᠠᠭ᠍ᠤ ᠵᠢᠨ ᠰᠠᠭᠤᠷᠢ ᠵᠢ ᠰᠠᠶ᠋ᠢᠨ ᠲᠠᠯᠪᠢᠬᠤ ᠵᠢ ᠠᠩᠬᠠᠷᠤᠨ ᠪᠡᠶᠡᠯᠡᠭᠦᠯᠪᠡᠯ ᠵᠤᠬᠢᠨ᠎ᠠ᠃
ᠬᠠᠶᠢᠬ᠄ ᠤᠩᠨᠢᠭᠤᠳ ᠬᠤᠰᠢᠭᠤᠨ᠎ᠤ ᠪᠠᠶᠠᠨᠲᠠᠯ᠎ᠠ ᠰᠤᠮᠤ ᠵᠢᠨ ᠭᠤᠤᠯ ᠪᠠᠭ᠎ᠠ ᠰᠤᠷᠭ᠋ᠠᠭᠤᠯᠢ
(ᠮᠦᠨᠭᠭᠦᠨᠴᠢᠮᠡᠭ ᠨᠠᠢ᠍ᠢ᠍ᠷᠠᠭᠤᠯᠪᠠ)
2020 ᠣᠨ᠎ᠤ 3 ᠳ᠋ᠤᠭ᠋ᠠᠷ ᠬᠤᠭᠤᠴᠠᠭ᠎ᠠ