ᠵᠢᠨ ᠷᠦᠩ
2017 ᠣᠨ᠎ᠤ 12 ᠰᠠᠷ᠎ᠠ ᠵᠢᠨ 21᠎ᠤ ᠠ᠋ᠳᠦᠷ᠎ᠠᠴᠠ 12 ᠰᠠᠷ᠎ᠠ ᠵᠢᠨ 30᠎ᠤ ᠠ᠋ᠳᠦᠷ ᠪᠣᠯᠲᠠᠯ᠎ᠠ ᠾᠧᠨᠠᠨ ᠮᠤᠵᠢ ᠵᠢᠨ ᠯᠦᠸᠸᠶᠠᠩ ᠬᠣᠲᠠ᠎ᠳᠤ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠤᠨ᠎ᠤ ᠮᠣᠩᠭᠤᠯ ᠵᠶ᠋ᠠᠷ ᠬᠢᠴᠢᠶᠡᠯᠯᠡᠬᠦ ᠪᠠᠭ᠎ᠠ ᠰᠤᠷᠭ᠋ᠠᠭᠤᠯᠢ ᠵᠢᠨ ᠬᠢᠴᠢᠶᠡᠯ ᠲᠦᠷᠦᠯ᠎ᠤᠨ ᠭᠣᠣᠯᠯᠠᠭᠴᠢ ᠪᠠᠭᠰᠢ ᠵᠢᠨ ᠲᠡᠭᠡᠳᠦ ᠵᠡᠷᠭᠡ ᠵᠢᠨ ᠪᠣᠯᠪᠠᠰᠤᠷᠠᠯ ᠠ᠋ᠬᠢᠯᠡᠨ᠂ ᠪᠣᠯᠪᠠᠰᠤᠷᠠᠯ ᠠ᠋ᠬᠢᠯᠡᠬᠦ ᠲᠠᠶ᠋ᠢᠴᠢᠯᠠᠯᠲᠠ ᠵᠢᠨ ᠬᠤᠷᠠᠯ᠂ 《ᠨᠡᠷᠡᠲᠦ ᠪᠠᠭᠰᠢ ᠵᠢᠨ ᠠᠵᠢᠯ᠎ᠤᠨ ᠬᠠᠮᠲᠤᠯᠢᠭ》 ᠪᠠᠶ᠋ᠢᠭᠤᠯᠬᠤ᠂ ᠲᠤᠰᠬᠠᠢ ᠮᠡᠷᠭᠡᠵᠢᠯᠲᠡᠨ᠎ᠤ ᠶᠠᠷᠢᠶ᠎ᠠ ᠲᠠᠶ᠋ᠢᠯᠤᠮᠵᠢ ᠬᠢᠬᠦ᠂ ᠰᠢᠯᠢᠳᠡᠭ ᠬᠢᠴᠢᠶᠡᠯᠯᠡᠭᠡ ᠵᠢᠨ ᠲᠦᠰᠦᠪ ᠪᠢᠴᠢᠬᠦ᠂ ᠰᠢ ᠰᠢᠶᠠ ᡂᠢ ᠪᠠᠭ᠎ᠠ ᠰᠤᠷᠭ᠋ᠠᠭᠤᠯᠢ ᠵᠢᠨ 《ᠪᠣᠳᠠᠲᠤ ᠪᠡᠶᠡᠴᠢᠯᠡᠭᠰᠡᠨ ᠵᠢᠭ᠋ᠠᠨ ᠰᠤᠷᠭ᠋ᠠᠯᠲᠠ》 ᠵᠢ ᠲᠤᠭᠤᠷᠢᠨ ᠰᠤᠷᠤᠯᠴᠠᠬᠤ᠂ ᠬᠠᠷᠢᠭᠤ ᠮᠡᠳᠡᠭᠦᠯᠦᠯᠲᠡ᠂ ᠳ᠋ᠦᠩᠨᠡᠯᠲᠡ ᠪᠠᠶ᠋ᠢᠷᠢᠯᠠᠭᠤᠯᠤᠯᠲᠠ ᠬᠢᠬᠦ ᠵᠡᠷᠭᠡ ᠶᠠᠪᠤᠴᠠ ᠬᠡᠯᠪᠡᠷᠢ᠎ᠪᠠᠷ ᠶᠠᠪᠤᠭᠳᠠᠭᠰᠠᠨ ᠪᠠᠶ᠋ᠢᠨ᠎ᠠ᠃
ᠲᠤᠰ ᠪᠣᠯᠪᠠᠰᠤᠷᠠᠯ᠎ᠢ ᠰᠤᠷᠤᠭᠴᠢ ᠵᠢᠨ ᠬᠦᠭᠵᠢᠯᠲᠡ᠎ᠪᠠᠷ ᠲᠦᠪᠯᠡᠭᠰᠡᠨ᠂ ᠰᠢᠨ᠎ᠡ ᠬᠡᠯᠪᠡᠷᠢ ᠵᠢᠨ ᠵᠢᠭ᠋ᠠᠨ ᠰᠤᠷᠭ᠋ᠠᠬᠤ ᠬᠠᠷᠢᠴᠠᠭ᠎ᠠ ᠵᠢ ᠪᠠᠶ᠋ᠢᠭᠤᠯᠵᠤ᠂ ᠦᠨᠳᠦᠰᠦᠲᠡᠨ᠎ᠤ ᠰᠤᠷᠭ᠋ᠠᠨ ᠬᠦᠮᠦᠵᠢᠯ ᠵᠢᠭ᠋ᠠᠨ ᠰᠤᠷᠭ᠋ᠠᠯᠲᠠ ᠵᠢᠨ ᠶᠠᠰᠤ ᠴᠢᠨᠠᠷ᠎ᠢ ᠲᠡᠭᠡᠭᠰᠢᠯᠡᠭᠦᠯᠵᠦ᠂ ᠨᠡᠶ᠋ᠢᠭᠡᠮ᠎ᠤᠨ ᠬᠡᠷᠡᠭᠴᠡᠭᠡ᠂ ᠰᠢᠨ᠎ᠡ ᠴᠠᠭ ᠦᠶ᠎ᠡ ᠵᠢᠨ ᠱᠠᠭ᠋ᠠᠷᠳᠠᠯᠭ᠎ᠠ᠎ᠳᠤ ᠨᠡᠶ᠋ᠢᠴᠡᠭᠰᠡᠨ ᠬᠢᠷᠢ ᠲᠡᠩᠴᠡᠭᠰᠡᠨ ᠠ᠋ᠷᠬᠡ᠎ᠲᠦ ᠠᠷᠠᠳ᠎ᠢ ᠬᠦᠮᠦᠵᠢᠭᠦᠯᠬᠦ ᠵᠣᠷᠢᠯᠭ᠎ᠠ᠎ᠠᠴᠠ ᠠ᠋ᠷᠬᠢᠯᠡᠨ᠂ ᠪᠦᠬᠦ ᠣᠷᠤᠨ᠎ᠤ 200 ᠰᠢᠬᠠᠮ ᠭᠣᠣᠯᠯᠠᠭᠴᠢ ᠪᠠᠭᠰᠢ ᠨᠠᠷ᠎ᠢ ᠬᠢᠴᠢᠶᠡᠯ ᠲᠦᠷᠦᠯ᠎ᠤᠨ ᠲᠤᠰᠬᠠᠢ ᠮᠡᠷᠭᠡᠵᠢᠯᠲᠡᠨ ᠪᠣᠯᠭ᠋ᠠᠬᠤ᠂ ᠬᠢᠴᠢᠶᠡᠯᠯᠡᠭᠡ ᠵᠢᠨ ᠦᠭᠡᠷᠡᠴᠢᠯᠡᠯᠲᠡ᠎ᠳᠤ ᠣᠷᠤᠯᠴᠠᠭᠤᠯᠬᠣ᠂ ᠵᠢᠭ᠋ᠠᠨ ᠰᠤᠷᠭ᠋ᠠᠯᠲᠠ ᠵᠢᠨ ᠰᠤᠳᠤᠯᠭ᠋ᠠᠨ ᠬᠢᠯᠭᠡᠬᠦ ᠵᠡᠷᠭᠡ ᠬᠠᠷᠠᠯᠲᠠ᠎ᠲᠠᠢ᠎ᠪᠠᠷ ᠪᠣᠯᠪᠠᠰᠤᠷᠠᠭᠤᠯᠤᠭᠰᠠᠨ ᠶᠤᠮ᠃
ᠨᠢᠭᠡ᠂ 《ᠨᠡᠷᠡᠲᠦ ᠪᠠᠭᠰᠢ ᠵᠢᠨ ᠠᠵᠢᠯ᠎ᠤᠨ ᠬᠠᠮᠲᠤᠯᠢᠭ》᠎ᠤᠨ ᠠᠵᠢᠯ᠎ᠤᠨ ᠲᠤᠬᠠᠢ
《ᠨᠠᠷᠠᠳᠤ ᠪᠠᠭᠰᠢ ᠵᠢᠨ ᠠᠵᠢᠯ᠎ᠤᠨ ᠬᠠᠮᠳᠤᠯᠢᠬ》 ᠪᠠᠭ᠎ᠠ ᠲᠤᠭᠤᠶ᠋ᠢᠯᠠᠩ᠎ᠤᠨ ᠬᠡᠯᠪᠡᠷᠢ᠎ᠪᠠᠷ ᠬᠤᠷᠰᠢᠨ ᠠᠵᠢᠯᠯᠠᠳᠠᠭ᠂ ᠠᠳᠠᠯᠢ ᠪᠣᠰᠤ ᠭᠠᠵᠠᠷ ᠣᠷᠤᠨ᠎ᠤ ᠡᠯ᠎ᠡ ᠬᠢᠴᠢᠶᠡᠯ ᠲᠦᠷᠦᠯ᠎ᠤᠨ ᠨᠡᠷᠡᠲᠦ ᠰᠢᠯᠢᠳᠡᠭ ᠪᠠᠭᠰᠢᠨᠠᠷ ᠵᠶ᠋ᠠᠷ ᠪᠦᠷᠢᠯᠳᠦᠭᠰᠡᠡ ᠵᠢᠭ᠋ᠠᠨ ᠰᠤᠷᠭ᠋ᠠᠯᠲᠠ᠂ ᠦᠭᠡᠷᠡᠴᠢᠯᠡᠯᠲᠡ ᠰᠢᠨᠡᠴᠢᠯᠡᠯᠲᠡ ᠵᠢᠨ ᠶᠠᠮᠠᠷ ᠨᠢᠭᠡᠨ ᠠᠰᠠᠭᠤᠳᠠᠯ ᠠ᠋ᠭᠦᠷᠭᠡ ᠵᠢᠨ ᠲᠣᠭᠤᠷᠢᠨ᠎ᠳᠤ ᠬᠠᠮᠲᠤᠷᠠᠨ ᠠᠵᠢᠯᠯᠠᠳᠠᠭ ᠵᠣᠬᠢᠶᠠᠨ ᠪᠠᠶ᠋ᠢᠭᠤᠯᠤᠯᠲᠠ ᠪᠤᠯᠬᠤ ᠶᠤᠮ᠃ ᠬᠠᠮᠲᠤᠯᠢᠭ᠎ᠤᠨ ᠬᠡᠰᠢᠭᠦᠨ ᠪᠠᠭᠰᠢᠨᠠᠷ᠎ᠨᠢ ᠠ᠋ᠷᠬᠡᠪᠰᠢ ᠲᠥᠷᠦ ᠵᠢᠨ ᠪᠣᠳᠤᠯᠭ᠎ᠠ ᠰᠤᠷᠭ᠋ᠠᠨ ᠬᠦᠮᠦᠵᠢᠯ᠎ᠤᠨ ᠬᠦᠭᠵᠢᠯ ᠬᠠᠨᠳᠤᠰᠢ ᠵᠢ ᠣᠶ᠋ᠢᠯᠠᠭ᠋ᠠᠳᠠᠭ᠂ ᠦᠨᠳᠦᠰᠦᠨ ᠬᠡᠪ ᠪᠣᠯᠪᠠᠰᠤᠷᠠᠯ ᠦᠨᠳᠦᠷ᠂ ᠬᠢᠴᠢᠶᠡᠯᠯᠡᠭᠡ ᠵᠢᠨ ᠦᠭᠡᠷᠡᠴᠢᠯᠡᠯᠲᠡ᠎ᠳᠤ ᠣᠷᠤᠯᠴᠠᠨ᠂ ᠵᠢᠭ᠋ᠠᠨ ᠰᠤᠷᠭ᠋ᠠᠯᠲᠠ᠎ᠳᠤ ᠭᠠᠪᠰᠢᠭ᠋ᠠᠶ᠋ᠢᠯᠠᠨ ᠠᠵᠢᠯᠯᠠᠳᠠᠭ᠂ ᠲᠠᠪᠰᠢᠵᠤ ᠲᠡᠭᠡᠭᠰᠢᠯᠡᠬᠦ ᠬᠦᠰᠡᠯ ᠠ᠋ᠷᠡᠮᠠᠯᠵᠠᠯ ᠪᠦᠬᠦᠢ ᠣᠷᠤᠯᠳᠤᠯᠭ᠎ᠠ ᠴᠢᠷᠮᠠᠶ᠋ᠢᠯᠭ᠎ᠠ᠎ᠲᠠᠢ ᠬᠦᠮᠦᠰ ᠪᠠᠶ᠋ᠢᠬᠤ ᠨᠦᠭᠦᠴᠡᠯ᠎ᠲᠠᠢ ᠶᠤᠮ᠃ ᠲᠡᠭᠦᠨ᠎ᠠᠴᠠ ᠬᠣᠶ᠋ᠢᠰᠢ ᠪᠦᠬᠦ ᠣᠷᠤᠨ᠎ᠳᠤ ᠤᠷᠢᠳ ᠬᠣᠵᠢᠳ 4 ᠤᠳᠠᠭ᠋ᠠᠨ᠎ᠤ ᠪᠣᠯᠪᠠᠰᠤᠷᠠᠯ᠎ᠢ ᠠ᠋ᠷᠬᠢᠯᠡᠵᠦ᠂ ᠦᠢ᠍ᠯᠡᠳᠦᠯᠭᠡ ᠵᠢᠨ ᠵᠢᠯᠤᠭᠤᠳᠤᠯᠭ᠎ᠠ ᠵᠢ ᠲᠡᠷᠢᠭᠦᠨ ᠪᠠᠶ᠋ᠢᠷᠢᠨ᠎ᠳᠤ ᠲᠠᠯᠪᠢᠬᠤ᠂ ᠨᠢᠭᠡ ᠤᠳᠠᠭ᠋ᠠᠨ᠎ᠤ ᠪᠣᠯᠪᠠᠰᠤᠷᠠᠯ᠎ᠳᠤ ᠨᠢᠭᠡ ᠵᠦᠢ᠍ᠯ᠎ᠤᠨ ᠮᠡᠷᠭᠡᠰᠢᠯ ᠡᠵᠡᠮᠰᠢᠬᠦ᠂ ᠰᠤᠷᠤᠭᠰᠠᠨ ᠮᠡᠳᠡᠯᠭᠡ᠎ᠪᠠᠨ ᠪᠣᠰᠤᠳ᠎ᠲᠤ ᠶᠠᠷᠢᠨ ᠣᠶ᠋ᠢᠯᠠᠭ᠋ᠠᠭᠤᠯᠵᠤ ᠴᠢᠳᠠᠬᠤ ᠵᠢᠨ ᠬᠠᠮᠲᠤ ᠦᠪᠡᠷ ᠵᠶ᠋ᠠᠨ ᠲᠦᠷᠦᠭᠦᠯᠦᠨ ᠬᠢᠵᠦ᠂ ᠦᠷᠦᠭᠡᠯ᠎ᠢ ᠨᠦᠯᠦᠭᠡᠯᠡᠨ ᠲᠠᠭ᠋ᠠᠭᠤᠯᠵᠤ ᠲᠡᠶ᠋ᠢᠯᠬᠦ ᠪᠠᠷᠢᠮᠵᠢᠶ᠎ᠠ ᠱᠠᠭ᠋ᠠᠷᠳᠠᠯᠭ᠎ᠠ᠎ᠪᠠᠷ ᠵᠶ᠋ᠠᠨ ᠪᠣᠰᠤᠳ ᠪᠣᠯᠪᠠᠰᠤᠷᠠᠯ᠎ᠠᠴᠠ ᠣᠨᠴᠠᠯᠠᠨ ᠢᠯᠭ᠋ᠠᠭᠳᠠᠵᠤ ᠢᠷᠡᠵᠠᠢ᠃ ᠨᠡᠩ ᠢᠯᠠᠩᠭᠤᠶ᠎ᠠ ᠪᠣᠯᠪᠠᠰᠤᠷᠠᠯ ᠠ᠋ᠷᠬᠢᠯᠡᠬᠦ ᠭᠠᠵᠠᠷ᠎ᠢ ᠠᠷᠪᠠᠨ ᠭᠤᠷᠪᠠᠨ ᠬᠠᠭ᠋ᠠᠳ ᠨᠣᠶᠠᠳ᠎ᠤᠨ ᠰᠠᠭᠤᠷᠢᠯᠠᠨ ᠨᠡᠶ᠋ᠢᠰᠯᠡᠭᠰᠡᠨ ᠲᠡᠥᠬᠡ ᠰᠤᠶᠤᠯ᠎ᠤᠨ ᠠ᠋ᠷᠲᠡᠨ᠎ᠤ ᠬᠣᠲᠠ ᠯᠦᠸᠸᠶᠠᠩᠢ ᠰᠢᠯᠢᠵᠦ᠂ ᠪᠣᠯᠪᠠᠰᠤᠷᠠᠯ᠎ᠳᠤ ᠣᠷᠤᠯᠴᠠᠭᠰᠠᠨ ᠪᠠᠭᠰᠢ ᠨᠠᠷ᠎ᠲᠤ᠎ᠪᠠᠨ ᠲᠡᠳᠡᠨ᠎ᠤ ᠵᠢᠭ᠋ᠠᠨ ᠰᠤᠷᠭ᠋ᠠᠯᠲᠠ ᠵᠢᠨ ᠲᠠᠪᠰᠢᠩᠭᠤᠢ ᠪᠠᠶ᠋ᠢᠳᠠᠯ᠂ ᠦᠭᠡᠷᠡᠴᠢᠯᠡᠯᠲᠡ ᠵᠢᠨ ᠵᠣᠷᠢᠭ ᠰᠠᠨᠠᠭ᠎ᠠ᠂ ᠪᠤᠳᠠᠲᠠᠢ ᠠᠷᠭ᠎ᠠ ᠠᠪᠴᠠᠯ᠎ᠢ ᠨᠢᠳᠦ᠎ᠪᠠᠷ ᠵᠶ᠋ᠠᠨ ᠦᠵᠡᠵᠦ ᠠᠳᠠᠯᠢᠳᠬᠠᠨ ᠬᠠᠷᠢᠴᠠᠭᠤᠯᠵᠤ᠂ ᠦᠪᠡᠷ᠎ᠢ᠎ᠪᠠᠨ ᠲᠤᠶ᠋ᠢᠯᠪᠤᠷᠢᠲᠠᠢ ᠲᠠᠨᠢᠬᠤ ᠵᠠᠪᠰᠢᠶᠠᠨ᠎ᠢ ᠤᠯᠭᠤᠵᠤ ᠪᠠᠶ᠋ᠢᠭ᠎ᠠ᠎ᠨᠢ ᠨᠢᠭᠡᠨ ᠵᠦᠢ᠍ᠯ᠎ᠤᠨ ᠬᠡᠮᠵᠢᠶᠡᠯᠡᠰᠢ ᠦᠭᠡᠢ ᠠᠴᠢ ᠬᠣᠯᠪᠤᠭᠳᠠᠯ ᠪᠦᠬᠦᠢ ᠠᠵᠢᠯᠯᠠᠭ᠎ᠠ ᠪᠣᠯᠬᠤ ᠶᠤᠮ᠃
ᠣᠬᠤᠷᠬᠠᠨ ᠬᠣᠶᠠᠷ ᠵᠢᠯ᠎ᠤᠨ ᠬᠤᠭᠤᠴᠠᠭ᠋ᠠᠨ᠎ᠳᠤ ᠬᠠᠮᠲᠤᠯᠢᠭ᠎ᠤᠨ ᠬᠡᠰᠢᠭᠦᠨ ᠨᠢᠭᠡᠪᠦᠷᠢ ᠦᠪᠡᠷ ᠦᠪᠡᠷ᠎ᠤᠨ ᠠ᠋ᠭᠦᠷᠭᠡ ᠬᠠᠷᠢᠭᠤᠴᠠᠯᠭ᠎ᠠ᠎ᠪᠠᠨ ᠲᠣᠳᠤᠷᠬᠠᠢ ᠲᠠᠨᠢᠨ᠂ ᠵᠢᠭ᠋ᠠᠨ ᠰᠤᠷᠭ᠋ᠠᠯᠲᠠ ᠵᠢᠨ ᠰᠤᠳᠤᠯᠭ᠋ᠠᠨ᠎ᠤ ᠠᠵᠢᠯ ᠵᠶ᠋ᠠᠨ ᠠ᠋ᠷᠴᠢᠮᠵᠢᠭᠦᠯᠦᠨ᠂ ᠦᠪᠡᠷ᠎ᠢ᠎ᠪᠠᠨ ᠲᠡᠭᠦᠯᠳᠡᠷᠵᠢᠭᠦᠯᠬᠦ ᠵᠢᠨ ᠬᠠᠮᠲᠤ ᠪᠤᠰᠤᠳ᠎ᠢ ᠨᠦᠯᠦᠭᠡᠯᠡᠨ ᠲᠠᠭ᠋ᠠᠭᠤᠯᠵᠤ ᠵᠢᠯᠤᠭᠤᠳᠤᠨ ᠲᠡᠭᠡᠭᠰᠢᠯᠡᠭᠦᠯᠬᠦ ᠠᠵᠢᠯ᠎ᠢ ᠴᠦ᠍ ᠮᠠᠰᠢ ᠰᠠᠶ᠋ᠢᠨ ᠬᠢᠭᠰᠡᠭᠡᠷ ᠢᠷᠡᠭᠰᠡᠨ ᠪᠠ ᠵᠢᠭ᠋ᠠᠬᠤ ᠮᠠᠲ᠋ᠧᠷᠢᠶᠠᠯ ᠬᠢᠴᠢᠶᠡᠯ᠎ᠤᠨ ᠪᠢᠴᠢᠭ᠎ᠤᠨ ᠵᠢᠭ᠋ᠠᠬᠤ ᠲᠦᠰᠦᠪ᠂ ᠺᠣᠣᠷᠰᠸᠠᠶ᠋ᠢᠷ ᠨᠠᠶ᠋ᠢᠷᠠᠭᠤᠯᠤᠨ ᠠ᠋ᠬᠢ ᠪᠠᠶᠠᠯᠢᠭ᠎ᠤᠨ ᠬᠦᠮᠦᠷᠭᠡ᠎ᠳᠤ ᠲᠡᠪᠰᠢᠭᠦᠯᠵᠦ ᠦᠷᠭᠡᠨ ᠣᠯᠠᠨ ᠪᠠᠭᠰᠢᠨᠠᠷ᠎ᠲᠤ ᠬᠢᠨᠠᠨ ᠯᠠᠪᠯᠠᠬᠤ ᠮᠠᠲ᠋ᠧᠷᠢᠶᠠᠯ ᠬᠠᠩᠭ᠋ᠠᠬᠤ ᠠᠵᠢᠯ ᠴᠦ᠍ ᠠᠮᠵᠢᠯᠲᠠ᠎ᠲᠠᠢ ᠶᠠᠪᠤᠭᠳᠠᠭᠰᠠᠨ ᠶᠤᠮ᠃ ᠨᠡᠩ ᠢᠯᠠᠩᠭᠤᠶ᠎ᠠ ᠪᠠᠭ᠎ᠠ ᠰᠤᠷᠭ᠋ᠠᠭᠤᠯᠢ᠎ᠳᠤ ᠮᠣᠩᠭᠤᠯ ᠬᠡᠯᠡ ᠪᠢᠴᠢᠭ᠎ᠤᠨ ᠲᠤᠭᠤᠶ᠋ᠢᠯᠠᠩ᠎ᠤᠨ 《ᠲᠦᠷᠪᠡᠨ ᠪᠣᠭᠣᠮᠲᠠ ᠲᠠᠪᠠᠭᠤᠯᠬᠤ ᠰᠤᠳᠤᠯᠭ᠋ᠠᠨ》᠂ ᠲᠤᠭ᠋ᠠᠨ᠎ᠤ ᠤᠬᠠᠭ᠋ᠠᠨ᠎ᠤ ᠲᠤᠭᠤᠶ᠋ᠢᠯᠠᠩ᠎ᠤᠨ 《ᠭᠤᠷᠪᠠᠨ ᠠᠯᠬᠤᠮᠲᠤ ᠵᠢᠭ᠋ᠠᠬᠤ ᠠᠷᠭ᠎ᠠ》 ᠵᠢᠨ ᠰᠤᠳᠤᠯᠭ᠋ᠠᠨ᠎ᠤ ᠠᠵᠢᠯ᠎ᠨᠢ ᠨᠢᠭᠡᠨᠲᠡ ᠬᠡᠪ ᠵᠠᠭᠪᠤᠷ ᠵᠶ᠋ᠠᠨ ᠣᠯᠵᠤ᠂ ᠲᠠᠰᠤᠷᠠᠯᠲᠠ ᠦᠭᠡᠢ ᠨᠠᠷᠢᠯᠢᠬ᠍ᠵᠢᠭᠤᠯᠤᠨ ᠰᠢᠯᠢᠳᠡᠭᠵᠢᠭᠦᠯᠬᠦ ᠱᠠᠲᠤᠨ᠎ᠳᠤ᠎ᠪᠠᠨ ᠣᠷᠤᠭ᠋ᠠᠳ ᠪᠠᠶ᠋ᠢᠭ᠎ᠠ ᠶᠤᠮ᠃
ᠣᠷᠤᠨ᠎ᠤ ᠵᠢᠭ᠋ᠠᠬᠤ ᠵᠢ ᠰᠤᠳᠤᠯᠬᠤ ᠭᠡᠷ᠎ᠤᠨ ᠠ᠋ᠷᠳᠡᠮᠳᠡᠨ ᠪᠠᠭᠰᠢ᠎ᠨᠠᠷ᠎ᠤᠨ ᠴᠢᠷᠮᠠᠶ᠋ᠢᠯᠭ᠎ᠠ ᠪᠠ ᠵᠢᠯᠤᠭᠤᠳᠤᠯᠭ᠎ᠠ ᠲᠣᠣᠷ᠎ᠠ 《ᠨᠡᠷᠡᠲᠦ ᠪᠠᠭᠰᠢ ᠵᠢᠨ ᠠᠵᠢᠯ᠎ᠤᠨ ᠬᠠᠮᠲᠤᠯᠢᠭ》᠎ᠤᠨ ᠠᠵᠢᠯ ᠨᠡᠩ ᠠ᠋ᠷᠴᠢᠮ᠎ᠲᠠᠢ ᠶᠠᠪᠤᠭᠳᠠᠵᠤ᠂ ᠬᠦᠭᠵᠢᠨ ᠪᠤᠵᠠᠭ᠋ᠠᠶ᠋ᠢᠷᠠᠭ᠋ᠠᠳ᠂ ᠬᠢᠴᠢᠶᠡᠯ᠎ᠤᠨ ᠲᠠᠩᠬᠢᠮ᠎ᠤᠨ ᠠᠰᠠᠭᠤᠳᠠᠯ ᠵᠶ᠋ᠠᠷ ᠭᠣᠣᠯᠯᠠᠵᠤ᠂ ᠵᠢᠭ᠋ᠠᠨ ᠰᠤᠷᠭ᠋ᠠᠬᠤ ᠠᠷᠭ᠎ᠠ᠎ᠪᠠᠷ ᠲᠠᠭ᠋ᠠᠭᠤᠯᠬᠤ ᠬᠢᠴᠢᠶᠡᠯᠯᠡᠭᠡ ᠵᠢᠨ ᠦᠭᠡᠷᠡᠴᠢᠯᠡᠯᠲᠡ ᠵᠢ ᠠᠬᠢᠭᠤᠯᠵᠤ᠂ ᠦᠨᠳᠦᠰᠦᠲᠡᠨ᠎ᠤ ᠰᠤᠶᠤᠯ ᠰᠤᠷᠭ᠋ᠠᠨ ᠬᠦᠮᠦᠵᠢᠯ ᠦᠷᠨᠢᠨ ᠬᠦᠭᠵᠢᠵᠦ᠂ ᠮᠣᠩᠭᠤᠯ ᠬᠡᠦᠬᠡᠳ᠎ᠤᠳ᠎ᠤᠨ ᠮᠢᠨᠢ ᠨᠠᠰᠤᠨ ᠲᠤᠷᠰᠢᠲᠠ ᠵᠢᠨ ᠬᠦᠭᠵᠢᠯᠲᠡ᠎ᠳᠤ ᠲᠤᠰᠠᠯᠠᠮᠵᠢ ᠦᠵᠡᠭᠦᠯᠦᠨ᠂ ᠰᠢᠨ᠎ᠡ ᠴᠠᠭ ᠦᠶ᠎ᠡ ᠵᠢᠨ ᠱᠠᠭ᠋ᠠᠷᠳᠠᠯᠭ᠎ᠠ᠎ᠳᠤ ᠨᠡᠶ᠋ᠢᠴᠡᠭᠰᠡᠨ ᠵᠠᠩᠭᠢᠯᠠᠭ᠎ᠠ ᠵᠢᠨ ᠴᠢᠳᠠᠪᠤᠷᠢ ᠵᠢ ᠦᠨᠡᠨᠬᠦ ᠬᠦᠮᠦᠵᠢᠭᠦᠯᠬᠦ᠎ᠨᠢ ᠯᠠᠪᠲᠠᠢ!
ᠬᠣᠶᠠᠷ᠂ 《ᠭᠤᠷᠪᠠᠨ ᠠᠯᠬᠤᠮᠲᠤ ᠵᠢᠭ᠋ᠠᠬᠤ ᠠᠷᠭ᠎ᠠ》 ᠬᠢᠭᠡᠳ ᠲᠡᠭᠦᠨ᠎ᠤ ᠠᠴᠢ ᠬᠣᠯᠪᠤᠭᠳᠠᠯ᠎ᠤᠨ ᠲᠤᠬᠠᠢ
ᠤᠯᠤᠰ᠎ᠤᠨ ᠲᠣᠲᠤᠭ᠋ᠠᠳᠤ ᠭᠠᠳᠠᠭ᠋ᠠᠳᠤ᠎ᠳᠤ ᠨᠡᠷ᠎ᠡ ᠠᠯᠳᠠᠷᠰᠢᠵᠤ ᠪᠠᠶ᠋ᠢᠭ᠎ᠠ ᠬᠠᠨᠭ᠌ᠵᠸᠦ ᠬᠣᠲᠠ ᠵᠢᠨ ᠲᠢᠶᠠᠨ ᠴᠠᠩ ᠪᠠᠭ᠎ᠠ ᠰᠤᠷᠭ᠋ᠠᠭᠤᠯᠢ ᠵᠢᠨ 《ᠵᠦᠷᠢᠶᠡᠨᠲᠦ ᠬᠢᠴᠢᠶᠡᠯᠯᠡᠭᠡ》 ᠵᠢᠨ ᠤᠶ᠋ᠢᠯᠠᠭ᠋ᠠᠭᠳᠠᠬᠤᠨ ᠠᠷᠭ᠎ᠠ ᠶᠠᠪᠤᠴᠠ᠂ ᠬᠡᠦᠬᠡᠳ᠎ᠤᠨ ᠠᠳᠠᠯᠢ ᠪᠣᠰᠤ ᠤᠳᠤᠮᠰᠢᠯ᠎ᠤᠨ ᠵᠦᠷᠢᠶ᠎ᠡ᠂ ᠴᠢᠳᠠᠪᠤᠷᠢ ᠵᠢᠨ ᠵᠦᠷᠢᠶ᠎ᠡ᠂ ᠬᠡᠷᠡᠭᠴᠡᠭᠡ ᠵᠢᠨ ᠵᠦᠷᠢᠶ᠎ᠡ᠎ᠠᠴᠠ ᠠ᠋ᠭᠦᠰᠬᠦ᠂ ᠲᠣᠭᠯᠠᠭ᠋ᠠᠮ ᠨᠠᠭ᠋ᠠᠳᠤᠮ ᠲᠤᠷᠰᠢᠯᠲᠠ ᠵᠢᠨ ᠬᠡᠯᠪᠡᠷᠢ ᠵᠢᠨ ᠵᠢᠭ᠋ᠠᠨ ᠰᠤᠷᠭ᠋ᠠᠯᠲᠠ ᠵᠢᠨ ᠰᠢᠯᠢᠳᠡᠭ ᠲᠠᠪᠠᠭᠤᠯᠢᠭ ᠪᠠ ᠾᠧᠨᠠᠨ ᠮᠤᠵᠢ ᠵᠢᠨ ᠯᠦᠸᠸᠶᠠᠩ ᠬᠣᠲᠠ ᠵᠢᠨ ᠰᠢ ᠰᠢᠶᠠ ᡂᠢ ᠪᠠᠭ᠎ᠠ ᠰᠤᠷᠭ᠋ᠠᠭᠤᠯᠢ ᠵᠢᠨ 《ᠪᠣᠳᠠᠲᠤ ᠪᠡᠶᠡᠴᠢᠯᠡᠭᠰᠡᠨ ᠵᠢᠭ᠋ᠠᠨ ᠰᠤᠷᠭ᠋ᠠᠯᠲᠠ》 ᠵᠢᠨ ᠬᠢᠴᠢᠶᠡᠯ᠎ᠢ ᠰᠣᠨᠤᠰᠴᠤ᠂ ᠲᠣᠭᠤᠷᠢᠨ ᠰᠤᠷᠤᠯᠴᠠᠭ᠋ᠠᠳ ᠪᠠᠭ᠎ᠠ ᠰᠤᠷᠭ᠋ᠠᠭᠤᠯᠢ ᠵᠢᠨ ᠬᠡᠦᠬᠡᠳ ᠣᠨᠴᠠᠭ᠋ᠠᠶ᠋ᠢᠯᠠᠨ ᠲᠣᠣᠷ᠎ᠠ ᠣᠨ᠎ᠤ ᠬᠡᠦᠬᠡᠳ᠎ᠤᠨ ᠰᠡᠷᠡᠯ᠎ᠤᠨ ᠲᠠᠨᠢᠯᠲᠠ ᠵᠢᠨ ᠵᠢᠮ᠎ᠡ ᠶᠣᠰᠤ ᠵᠢ ᠠᠰᠢᠭᠯᠠᠨ ᠪᠣᠳᠠᠲᠣ ᠪᠡᠶ᠎ᠡ᠎ᠪᠠᠷ ᠣᠷᠤᠯᠳᠤᠭᠤᠯᠤᠨ ᠪᠡᠶᠡᠴᠢᠯᠡᠨ ᠰᠡᠷᠡᠭᠦᠯᠬᠦ᠂ ᠳᠦᠷᠢ ᠪᠠ ᠰᠡᠷᠡᠯ᠎ᠤᠨ ᠬᠣᠯᠪᠤᠭᠳᠠᠯ᠎ᠤᠨ ᠵᠢᠭ᠋ᠠᠨ ᠰᠤᠷᠭ᠋ᠠᠯᠲᠠ ᠵᠢ ᠴᠢᠬᠤᠯᠠᠴᠢᠯᠠᠵᠤ ᠪᠠᠶ᠋ᠢᠬᠤ ᠲᠤᠬᠠᠢ ᠬᠤᠪᠢ ᠬᠤᠪᠢᠨ᠎ᠤ ᠬᠢᠨᠢ ᠦᠪᠡᠷᠮᠢᠴᠡ ᠲᠠᠪᠠᠭᠤᠯᠢᠭ᠎ᠢ ᠤᠢ᠍ᠢ᠍ᠯᠠᠭ᠋ᠠᠨ ᠮᠡᠳᠡᠯ᠎ᠡ᠃ ᠨᠡᠩ ᠢᠯᠠᠩᠭᠤᠶ᠎ᠠ ᠲᠤᠰ ᠰᠤᠷᠭ᠋ᠠᠭᠤᠯᠢ᠎ᠨᠢ ᠪᠠᠭᠰᠢ ᠰᠤᠷᠤᠭᠴᠢ ᠵᠢᠨ ᠰᠡᠳᠬᠢᠴᠡ ᠵᠢᠨ ᠬᠦᠮᠦᠵᠢᠯ᠎ᠢ ᠴᠢᠬᠤᠯᠠᠴᠢᠯᠠᠨ ᠱᠠᠭ᠋ᠠᠷᠳᠠᠵᠤ ᠪᠠᠶ᠋ᠢᠭ᠎ᠠ᠎ᠠᠴᠠ ᠰᠤᠷᠭ᠋ᠠᠨ ᠬᠦᠮᠦᠵᠢᠯ᠎ᠢ ᠠᠬᠢᠭᠤᠯᠬᠤ ᠪᠠᠰᠠ ᠨᠢᠭᠡᠨ ᠠᠮᠵᠢᠯᠲᠠ ᠵᠢᠨ ᠪᠠᠲᠤᠯᠠᠭ᠎ᠠ ᠪᠣᠯᠬᠤ ᠡᠴᠢᠨ᠎ᠡ ᠭᠦᠨ ᠳᠠᠯᠳᠠ ᠶᠣᠰᠤ ᠵᠢ ᠤᠬᠠᠯ᠎ᠠ!
ᠬᠦᠭᠵᠢᠭᠰᠡᠨ ᠭᠠᠵᠠᠷ ᠣᠷᠤᠨ᠎ᠤ ᠲᠠᠪᠰᠢᠩᠭᠤᠢ ᠵᠢᠭ᠋ᠠᠨ ᠰᠤᠷᠭ᠋ᠠᠯᠲᠠ ᠵᠢᠨ ᠣᠨᠤᠯᠵᠢᠬᠤᠨ᠂ ᠪᠣᠲᠠᠲᠠᠢ ᠠᠷᠭ᠎ᠠ ᠶᠠᠪᠤᠴᠠ ᠵᠢ ᠮᠠᠨ᠎ᠤ ᠦᠪᠡᠷ᠎ᠤᠨ ᠲᠤᠷᠰᠢᠨ ᠰᠤᠳᠤᠯᠵᠤ ᠪᠠᠶ᠋ᠢᠭ᠎ᠠ ᠭᠤᠷᠪᠠᠨ ᠠᠯᠬᠤᠮᠲᠤ ᠵᠢᠭ᠋ᠠᠬᠤ ᠠᠷᠭ᠎ᠠ᠎ᠲᠠᠢ᠎ᠪᠠᠨ ᠬᠠᠷᠢᠴᠠᠭᠤᠯᠤᠨ ᠠᠳᠠᠯᠢᠳᠬᠠᠬᠤ᠎ᠪᠠᠷ ᠲᠠᠮᠵᠢᠭ᠋ᠠᠳ ᠭᠤᠷᠪᠠᠨ ᠠᠯᠬᠤᠮᠲᠤ ᠵᠢᠭ᠋ᠠᠬᠤ ᠠᠷᠭ᠎ᠠ ᠪᠣᠯ ᠲᠡᠳᠡᠨ᠎ᠤ ᠵᠢᠭ᠋ᠠᠨ ᠰᠤᠷᠭ᠋ᠠᠯᠲᠠ ᠵᠢᠨ ᠣᠨᠤᠯᠵᠢᠬᠤᠨ ᠦᠵᠡᠯ ᠰᠠᠨᠠᠭ᠎ᠠ᠎ᠲᠠᠢ ᠮᠦᠷᠦ ᠵᠡᠷᠭᠡᠴᠡᠨ ᠣᠷᠤᠰᠢᠵᠤ ᠪᠠᠶ᠋ᠢᠬᠤ ᠪᠦᠭᠡᠳ ᠮᠣᠩᠭᠤᠯ ᠦᠨᠳᠦᠰᠦᠲᠡᠨ᠎ᠤ ᠬᠡᠦᠬᠡᠳ᠎ᠤᠨ ᠣᠨᠴᠠᠯᠢᠭ᠎ᠲᠤ᠎ᠪᠠᠨ ᠵᠣᠬᠢᠴᠠᠭᠰᠠᠨ᠂ ᠬᠦᠮᠦᠨ᠎ᠤ ᠲᠠᠨᠢᠯᠲᠠ ᠵᠢᠨ ᠵᠢᠮ᠎ᠡ ᠶᠣᠰᠤᠨ᠎ᠳᠤ ᠨᠡᠶ᠋ᠢᠴᠡᠭᠰᠡᠨ᠂ ᠬᠢᠴᠢᠶᠡᠯ᠎ᠤᠨ ᠪᠠᠷᠢᠮᠵᠢᠶ᠎ᠠ ᠱᠠᠭ᠋ᠠᠷᠳᠠᠯᠭ᠎ᠠ᠎ᠲᠠᠢ ᠨᠢᠭᠡᠳᠦᠭᠰᠡᠨ᠂ ᠬᠢᠴᠢᠶᠡᠯ ᠲᠦᠷᠦᠯ ᠵᠶ᠋ᠠᠷ ᠵᠶ᠋ᠠᠨ ᠰᠠᠭᠤᠷᠢᠯᠠᠭᠰᠠᠨ ᠦᠪᠡᠷᠮᠢᠴᠡ ᠲᠠᠪᠠᠭᠤᠯᠢᠭ ᠣᠨᠴᠠᠯᠢᠭ ᠪᠠ ᠬᠦᠭᠵᠢᠭᠦᠯᠦᠨ ᠠᠰᠢᠭᠯᠠᠬᠤ ᠣᠷᠤᠨ ᠵᠠᠢ ᠬᠡᠷᠡᠭᠯᠡᠭᠡᠨ᠎ᠤ ᠦᠨ᠎ᠡ ᠦᠷᠲᠡᠭ᠎ᠲᠠᠢ ᠪᠠᠶ᠋ᠢᠬᠤ ᠵᠢ ᠨᠡᠩ ᠭᠦᠨᠵᠡᠭᠡᠢ ᠰᠡᠷᠡᠵᠦ ᠮᠡᠳᠡᠯ᠎ᠡ᠃
ᠭᠤᠷᠪᠠ᠂ ᠦᠪᠡᠷ᠎ᠤᠨ ᠬᠣᠶ᠋ᠢᠰᠢᠲᠠ ᠵᠢᠨ ᠠ᠋ᠭᠦᠷᠭᠡ ᠬᠠᠷᠢᠭᠤᠴᠠᠯᠭ᠎ᠠ ᠵᠢᠨ ᠲᠤᠬᠠᠢ
ᠲᠤᠰ ᠤᠳᠠᠭ᠋ᠠᠨ᠎ᠤ ᠪᠣᠯᠪᠠᠰᠤᠷᠠᠯ᠎ᠳᠤ ᠬᠠᠮᠢᠶ᠎ᠠ ᠪᠦᠬᠦᠢ ᠤᠳᠤᠷᠢᠳᠤᠯᠭ᠎ᠠ ᠵᠢᠨ ᠶᠠᠷᠢᠶ᠎ᠠ ᠲᠠᠶ᠋ᠢᠯᠤᠮᠵᠢ᠂ ᠲᠤᠰᠬᠠᠢ ᠮᠡᠷᠭᠡᠵᠢᠯᠲᠡᠨ ᠪᠠᠭᠰᠢ ᠨᠠᠷ᠎ᠤᠨ ᠣᠨᠤᠯ᠎ᠤᠨ ᠵᠢᠯᠤᠭᠤᠳᠤᠯᠭ᠎ᠠ ᠵᠢ ᠰᠣᠨᠤᠰᠬᠤ ᠪᠠ ᠰᠢ ᠰᠢᠶᠠ ᡂᠢ ᠪᠠᠭ᠎ᠠ ᠰᠤᠷᠭ᠋ᠠᠭᠤᠯᠢ᠎ᠳᠤ ᠲᠤᠭᠤᠷᠢᠨ ᠰᠤᠷᠤᠯᠴᠠᠬᠤ᠎ᠪᠠᠷ ᠲᠠᠮᠵᠢᠭ᠋ᠠᠳ ᠦᠪᠡᠷ᠎ᠤᠨ ᠵᠢᠭ᠋ᠠᠨ ᠰᠤᠷᠭ᠋ᠠᠯᠲᠠ ᠵᠢᠨ ᠬᠦᠷᠦᠯᠴᠡᠬᠦ ᠦᠭᠡᠢ ᠵᠦᠢ᠍ᠯᠡᠰ᠂ ᠵᠦᠷᠢᠶ᠎ᠡ ᠲᠦᠪᠰᠢᠨ ᠵᠶ᠋ᠠᠨ ᠲᠣᠳᠣᠷᠬᠠᠢ ᠲᠠᠨᠢᠬᠤ ᠵᠢᠨ ᠬᠠᠮᠲᠤ ᠬᠤᠶ᠋ᠢᠰᠢᠲᠠ ᠵᠢᠨ ᠠᠵᠢᠯ᠎ᠤᠨ ᠠ᠋ᠭᠦᠷᠭᠡ ᠬᠠᠷᠢᠭᠤᠴᠠᠯᠭ᠎ᠠ᠎ᠪᠠᠨ ᠨᠡᠩ ᠲᠣᠳᠤᠷᠬᠠᠢ ᠮᠡᠳᠡᠯ᠎ᠡ᠃
1. ᠣᠷᠤᠯᠳᠤᠯᠭ᠎ᠠ ᠰᠦᠪᠡᠭᠴᠢᠯᠡᠯ ᠲᠤᠲᠠᠮᠠᠭ᠂ ᠠ᠋ᠷᠭᠢᠴᠡᠭᠦᠯᠦᠯ ᠲᠤᠩᠭ᠋ᠠᠯᠲᠠ ᠬᠣᠮᠰᠠ ᠪᠠᠶ᠋ᠢᠨ᠎ᠠ᠃ ᠪᠢᠳᠡᠨ᠎ᠤ ᠡᠴᠢᠨᠡᠨ ᠵᠢᠯ᠎ᠤᠨ ᠵᠢᠭ᠋ᠠᠨ ᠰᠤᠷᠭ᠋ᠠᠯᠲᠠ ᠵᠢᠨ ᠶᠠᠪᠤᠴᠠ᠎ᠳᠤ ᠬᠢᠬᠦ ᠠᠵᠢᠯ ᠵᠶ᠋ᠠᠨ ᠰᠤᠳᠤᠯᠵᠤ᠂ ᠦᠪᠡᠷ᠎ᠤᠨ ᠭᠡᠰᠡᠨ ᠵᠠᠭᠪᠤᠷ᠎ᠢ ᠰᠦᠪᠡᠭᠴᠢᠯᠡᠬᠦ ᠪᠠ ᠬᠢᠭᠰᠡᠨ ᠠᠵᠢᠯ᠂ ᠲᠤᠷᠰᠢᠯᠭ᠎ᠠ ᠰᠤᠷᠭ᠋ᠠᠮᠵᠢ᠎ᠪᠠᠨ ᠳ᠋ᠦᠩᠨᠡᠨ ᠬᠤᠷᠢᠶᠠᠩᠭᠤᠶ᠋ᠢᠯᠠᠬᠤ ᠦᠵᠡᠯ ᠤᠬᠠᠮᠰᠠᠷ ᠲᠠᠳᠬᠠᠯ ᠪᠤᠯᠪᠠᠰᠤᠷᠠᠯ ᠲᠣᠯᠢᠮᠠᠭ ᠪᠠᠶ᠋ᠢᠨ᠎ᠠ᠃ 《ᠭᠤᠷᠪᠠᠨ ᠠᠯᠬᠤᠮᠲᠤ ᠵᠢᠭ᠋ᠠᠬᠤ ᠠᠷᠭ᠎ᠠ》᠎ᠨᠢ ᠮᠠᠨ᠎ᠤ ᠬᠡᠦᠬᠡᠳ᠎ᠤᠨ ᠲᠣᠭ᠋ᠠᠨ᠎ᠤ ᠤᠬᠠᠭ᠋ᠠᠨ ᠰᠤᠷᠬᠤ ᠳᠤᠷ᠎ᠠ ᠦᠭᠡᠢ ᠪᠠᠢ᠍ᠢ᠍ᠳᠠᠬ ᠬᠦᠴᠢᠷ ᠠᠰᠠᠭᠤᠳᠠᠯ᠎ᠢ ᠰᠢᠢ᠍ᠳᠪᠦᠷᠢᠯᠡᠵᠦ ᠡᠵᠠᠨ ᠮᠠᠳᠠᠭᠦ ᠴᠢᠳᠠᠪᠤᠷᠢ᠂ ᠬᠤᠷᠰᠢᠨ ᠬᠠᠮᠳᠤᠷᠠᠬᠤ ᠴᠢᠳᠠᠪᠤᠷᠢ᠂ ᠰᠢᠨ᠎ᠠ ᠵᠢ ᠠ᠋ᠭᠦᠳᠭᠦ ᠴᠢᠳᠠᠪᠤᠷᠢ ᠵᠢ ᠪᠤᠯᠪᠠᠰᠤᠷᠠᠭᠤᠯᠤᠨ ᠭᠦᠮᠦᠵᠢᠭᠦᠯᠵᠤ ᠴᠢᠳᠠᠬᠤ ᠶᠤᠮ᠃ ᠪᠢᠳᠡ ᠵᠠᠬᠢᠷᠬᠤ ᠬᠡᠯᠪᠡᠷᠢ᠎ᠠᠴᠠ ᠰᠤᠳᠤᠯᠬᠤ ᠬᠡᠯᠪᠡᠷᠢ ᠵᠦᠭ᠂ ᠡᠵᠡᠮᠳᠡᠬᠦ ᠬᠡᠯᠪᠡᠷᠢ᠎ᠠᠴᠠ ᠦᠢ᠍ᠯᠡᠴᠢᠯᠡᠬᠦ ᠬᠡᠯᠪᠡᠷᠢ ᠲᠡᠢ᠍ᠢ᠍ᠰᠢ᠂ ᠵᠢᠭ᠋ᠠᠬᠤ ᠵᠢ ᠰᠤᠳᠤᠯᠬᠤ ᠬᠡᠯᠪᠡᠷᠢ᠎ᠠᠴᠠ ᠰᠤᠷᠬᠤ ᠵᠢ ᠰᠤᠳᠤᠯᠬᠤ ᠬᠡᠯᠪᠡᠷᠢ ᠤᠷᠤᠭᠤ ᠰᠢᠯᠵᠢᠵᠦ᠂ ᠠ᠋ᠳᠦᠷ ᠲᠣᠲᠤᠮ᠎ᠤᠨ ᠵᠢᠭ᠋ᠠᠨ ᠰᠤᠷᠭ᠋ᠠᠯᠲᠠ ᠲᠤᠮᠲᠠ᠎ᠪᠠᠨ ᠰᠤᠷᠤᠭᠴᠢᠳ᠎ᠲᠤ ᠰᠤᠷᠤᠯᠴᠠᠯᠭ᠎ᠠ ᠵᠢᠨ ᠡᠵᠡᠨ᠎ᠤ ᠠ᠋ᠷᠬᠡ ᠴᠢᠯᠦᠭᠡ ᠵᠢ ᠣᠯᠭᠤᠨ᠂ ᠡᠵᠡᠨ ᠮᠡᠳᠡᠨ ᠰᠦᠪᠡᠭᠴᠢᠯᠡᠬᠦ ᠴᠠᠭ ᠬᠢᠭᠡᠳ ᠣᠷᠤᠨ ᠵᠠᠢ ᠵᠢ ᠭᠦᠢ᠍ᠴᠡᠳ ᠬᠠᠩᠭ᠋ᠠᠨ ᠦᠭᠴᠦ᠂ ᠰᠤᠷᠤᠭᠴᠢ ᠵᠢᠨ ᠪᠡᠶᠡᠴᠢ ᠴᠢᠳᠠᠮᠠᠭ᠋ᠠᠢ ᠣᠷᠤᠯᠳᠤᠯᠭ᠎ᠠ ᠵᠢ ᠴᠢᠬᠤᠯᠠᠴᠢᠯᠠᠨ ᠮᠡᠳᠡᠯᠭᠡ ᠵᠢᠨ ᠪᠦᠷᠢᠯᠳᠦᠯ᠎ᠢ ᠪᠡᠶᠡᠴᠢᠯᠡᠨ ᠦᠩᠭᠡᠷᠡᠭᠦᠯᠬᠦ᠎ᠪᠠᠷ ᠲᠠᠮᠵᠢᠭᠤᠯᠤᠨ ᠲᠡᠳᠡᠨ᠎ᠤ ᠲᠠᠷᠢᠬᠢᠨ᠎ᠳᠤ ᠳᠦᠷᠢ ᠪᠦᠲᠦᠭᠡᠯᠭᠡᠨ᠂ ᠲᠤᠭ᠋ᠠᠨ᠎ᠤ ᠤᠬᠠᠭ᠋ᠠᠨ᠎ᠢ ᠰᠤᠷᠤᠯᠴᠠᠬᠤ ᠤᠷᠮ᠎ᠠ ᠰᠣᠨᠢᠷᠬᠠᠯ ᠪᠠ ᠰᠤᠷᠤᠯᠴᠠᠯᠭ᠎ᠠ ᠵᠢᠨ ᠴᠢᠳᠠᠪᠤᠷᠢ ᠪᠣᠯᠪᠠᠰᠤᠷᠠᠯ᠎ᠢ ᠲᠡᠭᠡᠭᠰᠢᠯᠡᠭᠦᠯᠵᠦ᠂ 《ᠭᠤᠷᠪᠠᠨ ᠠᠯᠬᠤᠮᠲᠤ ᠵᠢᠭ᠋ᠠᠬᠤ ᠠᠷᠭ᠎ᠠ》 ᠵᠢ ᠲᠠᠰᠤᠷᠠᠯᠲᠠ ᠦᠭᠡᠢ ᠰᠤᠳᠤᠯᠤᠨ ᠲᠡᠭᠦᠯᠳᠡᠷᠵᠢᠭᠦᠯᠬᠦ ᠪᠣᠯ ᠨᠢᠳᠦᠨ ᠠ᠋ᠮᠦᠨ᠎ᠡ ᠲᠤᠯᠭ᠋ᠠᠮ᠎ᠠ ᠱᠠᠭ᠋ᠠᠷᠳᠠᠭᠳᠠᠵᠤ ᠪᠠᠶ᠋ᠢᠭ᠎ᠠ ᠠ᠋ᠭᠦᠷᠭᠡ ᠪᠣᠯᠣᠭ᠋ᠠᠳ ᠪᠠᠶ᠋ᠢᠨ᠎ᠠ᠃
2. ᠵᠦᠪ ᠠ᠋ᠨᠧᠷᠬᠢ ᠵᠢᠨ ᠴᠡᠨᠡᠭᠯᠡᠯ᠂ ᠲᠡᠰᠪᠦᠷᠢ ᠬᠠᠲᠠᠭᠤ ᠪᠠᠷᠢᠮᠲᠠᠯᠠᠯ ᠰᠤᠯᠠ ᠪᠠᠶ᠋ᠢᠨ᠎ᠠ᠃ ᠵᠢᠭ᠋ᠠᠨ ᠰᠤᠷᠭ᠋ᠠᠯᠲᠠ ᠵᠢᠨ ᠠᠵᠢᠯ ᠪᠣᠯ ᠤᠷᠲᠤ ᠤᠳᠠᠭ᠋ᠠᠨ ᠴᠢᠨᠠᠷᠲᠠᠢ ᠨᠠᠷᠢᠯᠢᠬ ᠠᠵᠢᠯ ᠶᠤᠮ᠃ ᠪᠢᠳᠡ ᠶᠠᠭᠤᠨ᠎ᠤ ᠠ᠋ᠮᠦᠨ᠎ᠡ ᠠᠵᠢᠯ ᠵᠶ᠋ᠠᠨ ᠦᠢ᠍ᠯᠡᠰ ᠬᠡᠮᠡᠨ ᠲᠡᠭᠡᠳᠦᠯᠡᠵᠦ᠂ ᠦᠨᠳᠦᠰᠦᠲᠡᠨ ᠤᠭᠰᠠᠭ᠎ᠠ᠂ ᠦᠷ᠎ᠡ ᠬᠣᠶ᠋ᠢᠴᠢᠰ ᠵᠶ᠋ᠠᠨ ᠬᠦᠭᠵᠢᠭᠦᠯᠦᠨ ᠮᠠᠨᠳᠤᠭᠤᠯᠬᠤ ᠪᠣᠶᠠᠨᠤ ᠦᠢ᠍ᠯᠡᠰ ᠬᠢᠵᠦ ᠶᠠᠪᠤᠭᠠᠳᠤᠪᠠᠨ ᠪᠠᠬᠠᠷᠬᠠᠨ ᠣᠮᠤᠭᠰᠢᠬᠤ ᠬᠡᠷᠡᠭᠲᠠᠢ᠃ ᠦᠵᠡᠯ ᠰᠠᠨᠠᠭ᠎ᠠ᠎ᠪᠠᠨ ᠴᠢᠯᠦᠭᠡᠯᠡᠨ᠂ ᠰᠡᠳᠬᠢᠴᠡ ᠵᠦᠢ ᠵᠢᠨ ᠣᠨᠤᠯ᠎ᠤᠨ ᠲᠦᠪᠰᠢᠨ ᠵᠶ᠋ᠠᠨ ᠦᠨᠳᠦᠷᠵᠢᠭᠦᠯᠵᠦ᠂ ᠵᠣᠯ ᠵᠢᠷᠭ᠋ᠠᠯᠲᠤ ᠠᠷᠠᠳ᠎ᠤᠨ ᠪᠠᠭᠰᠢ ᠪᠣᠯᠵᠤ ᠴᠢᠳᠠᠬᠤ ᠬᠡᠷᠡᠭᠲᠠᠢ᠃ ᠪᠠᠭᠰᠢ ᠪᠣᠯᠤᠭᠰᠠᠳ ᠭᠠᠭᠴᠠ᠎ᠬᠦ ᠬᠠᠷᠢᠭᠤᠴᠠᠯᠭ᠎ᠠ᠂ ᠴᠢᠷᠮᠠᠶ᠋ᠢᠯᠭ᠎ᠠ᠎ᠳᠤ ᠲᠦᠰᠢᠭᠯᠡᠭᠡᠳ ᠪᠣᠯᠬᠤ ᠦᠭᠡᠢ ᠪᠠᠰᠠ ᠠ᠋ᠷᠡᠭᠦᠯ ᠰᠡᠳᠬᠢᠴᠡ᠂ ᠡᠪ ᠬᠠᠮᠲᠤᠷᠠᠯ᠂ ᠠ᠋ᠩ ᠲᠦᠬᠦᠷ ᠠᠷᠭ᠎ᠠ ᠠᠪᠴᠠᠯ᠎ᠢ ᠤᠶᠠᠯᠳᠤᠭᠤᠯᠬᠤ᠎ᠨᠢ ᠴᠢᠬᠤᠯᠠ᠎ᠠᠴᠠ ᠴᠢᠬᠤᠯᠠ ᠭᠡᠳᠡᠭ᠎ᠢ ᠨᠡᠩ ᠰᠠᠶ᠋ᠢᠨ ᠣᠶ᠋ᠢᠯᠠᠭ᠋ᠠᠬᠤ ᠬᠡᠷᠡᠭᠲᠠᠢ᠃ ᠮᠦᠨᠴᠦ ᠲᠡᠭᠡᠵᠦ ᠠᠵᠢᠯᠯᠠᠵᠤ ᠴᠢᠳᠠᠬᠤ ᠬᠡᠷᠡᠭᠲᠠᠢ! ᠴᠢᠷᠮᠠᠶ᠋ᠢᠯᠭ᠎ᠠ ᠪᠣᠯᠪᠠᠰᠤᠷᠠᠯ ᠵᠶ᠋ᠠᠷ ᠲᠠᠮᠵᠢᠭᠤᠯᠤᠨ ᠢᠯᠡ ᠤᠬᠠᠮᠰᠠᠷ᠂ ᠳᠠᠯᠳᠠ ᠤᠬᠠᠮᠰᠠᠷ᠎ᠤᠨ ᠴᠢᠭᠯᠡᠯ ᠱᠤᠭᠤᠮ ᠵᠶ᠋ᠠᠨ ᠢᠵᠢᠯᠢᠰᠢᠭᠦᠯᠦᠨ᠂ ᠬᠢᠴᠢᠶᠡᠯ ᠲᠦᠷᠦᠯ᠎ᠤᠨ ᠲᠤᠰᠬᠠᠢ ᠮᠡᠷᠭᠡᠵᠢᠯᠲᠡᠨ ᠪᠣᠯᠵᠤ᠂ ᠵᠢᠭ᠋ᠠᠨ ᠰᠤᠷᠭ᠋ᠠᠯᠲᠠ᠎ᠳᠤ᠎ᠪᠠᠨ ᠴᠠᠭ᠋ᠠᠷᠠᠨ ᠨᠡᠪᠲᠡᠷᠡᠬᠦ ᠪᠠᠲᠤ ᠴᠢᠩᠭ᠎ᠠ ᠢᠲᠡᠭᠡᠯ ᠪᠢᠰᠢᠷᠡᠯ᠎ᠢ ᠡᠪᠦᠷᠯᠡᠨ ᠦᠪᠡᠷ᠎ᠢ᠎ᠪᠠᠨ ᠲᠠᠰᠤᠷᠠᠯᠲᠠ ᠦᠭᠡᠢ ᠲᠡᠭᠦᠯᠲᠡᠷᠵᠢᠭᠦᠯᠦᠨ ᠲᠡᠭᠡᠭᠰᠢᠯᠡᠭᠦᠯᠵᠦ ᠴᠢᠷᠮᠡᠶ᠋ᠢᠠ ᠠᠵᠢᠯᠯᠠᠬᠤ ᠬᠡᠷᠡᠭᠲᠠᠢ ᠪᠠᠶ᠋ᠢᠨ᠎ᠠ᠃
ᠬᠠᠶᠢᠬ᠄ ᠪᠠᠷᠠᠭᠤᠨ ᠦᠵᠦᠮᠦᠴᠢᠨ ᠬᠤᠰᠢᠭᠤᠨ᠎ᠤ ᠨᠢᠭᠡᠳᠦᠭᠡᠷ ᠮᠤᠩᠭᠤᠯ ᠦᠨᠳᠦᠰᠦᠲᠡᠨ᠎ᠤ ᠪᠠᠭ᠎ᠠ ᠰᠤᠷᠭ᠋ᠠᠭᠤᠯᠢ
(ᠦᠭᠡᠯᠠᠳ ᠪᠠᠭ᠋ᠠᠳᠤᠷ ᠨᠠᠢ᠍ᠢ᠍ᠷᠠᠭᠤᠯᠪᠠ)
2018 ᠣᠨ᠎ᠤ 3 ᠳ᠋ᠤᠭ᠋ᠠᠷ ᠬᠤᠭᠤᠴᠠᠭ᠎ᠠ