ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠰᠣᠨᠣᠷ᠎ᠤᠨ ᠰᠠᠴᠣᠷᠠᠭ
ᠭᠡᠤᠭᠡᠳ᠎ᠤᠨ ᠭᠦᠮᠦᠵᠢᠯ ᠪᠤᠯᠪᠠᠰᠤᠷᠠᠯ᠎ᠳᠤ ᠦᠵᠡᠭᠦᠯᠭᠦ ᠭᠡᠷ᠎ᠤᠨ ᠠᠬᠠᠮᠠᠳ᠎ᠤᠨ ᠨᠦᠯᠦᠭᠡ
ᠨᠡᠶ᠋ᠢᠲᠡᠯᠡᠭᠰᠡᠨ ᠴᠠᠭ᠄ 2020-05-20

      ᠨᠠᠢ᠍ᠢ᠍ᠷᠠᠭᠤᠯᠤᠭᠴᠢ ᠵᠢᠨ ᠦᠭᠡ᠄ ᠲᠤᠰ ᠠᠭᠤᠯᠭ᠎ᠠ ᠪᠤᠯ 2019 ᠤᠨ᠎ᠤ ᠤᠯᠤᠰ᠎ᠤᠨ ᠰᠢᠯᠭ᠋ᠠᠯᠲᠠ᠎ᠳᠤ 622 ᠬᠤᠪᠢ ᠰᠢᠯᠭ᠋ᠠᠭᠤᠯᠵᠤ᠂ ᠲᠦᠩᠯᠢᠶᠤᠤ ᠬᠤᠲᠠ ᠵᠢᠨ ᠮᠤᠨᠭ᠌ᠭᠤᠯ ᠵᠶ᠋ᠠᠷ ᠬᠢᠴᠢᠶᠠᠯᠯᠠᠵᠤ ᠪᠠᠢ᠍ᠢ᠍ᠭ᠎ᠠ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠤ ᠬᠢᠴᠢᠶᠠᠯ ᠲᠦᠷᠤᠯ᠎ᠤᠨ ᠮᠠᠩᠯᠠᠢ᠎ᠪᠠᠷ ᠲᠤᠲᠤᠷᠠᠨ᠂ ᠤᠳᠤ ᠲᠤᠷᠤᠨᠠᠲᠦ ᠵᠢᠨ ᠤᠯᠤᠰ ᠲᠦᠷᠦ ᠬᠠᠤᠯᠢ ᠴᠠᠭ᠋ᠠᠵᠠ ᠵᠢᠨ ᠶᠡᠭᠡ ᠰᠤᠷᠭ᠋ᠠᠭᠤᠯᠢ ᠵᠢᠨ ᠬᠠᠤᠯᠢ ᠵᠢᠨ ᠤᠬᠠᠭ᠋ᠠᠨ᠎ᠤ ᠰᠠᠯᠪᠤᠷᠢ᠎ᠳᠤ ᠰᠤᠷᠤᠯᠴᠠᠵᠦ ᠪᠠᠢ᠍ᠢ᠍ᠭ᠎ᠠ ᠭᠠᠩᠭ᠋ᠠᠩ᠎ᠤᠨ ᠡᠵᠢ — ᠤᠳᠤᠨ ᠪᠠᠭᠰᠢ ᠵᠢᠨ ᠬᠡᠤᠬᠡᠨ ᠵᠶ᠋ᠠᠨ ᠦᠰᠭᠡᠨ ᠬᠦᠮᠦᠵᠢᠭᠦᠯᠦᠭᠰᠡᠨ ᠠᠷᠭ᠎ᠠ ᠲᠤᠷᠰᠢᠯᠭ᠎ᠠ᠎ᠪᠠᠨ ᠲᠠᠨᠢᠯᠴᠠᠭᠤᠯᠵᠤ ᠪᠢᠴᠢᠭᠰᠡᠨ ᠵᠤᠬᠢᠶᠠᠯ ᠪᠤᠯᠬᠤ ᠶᠤᠮ᠂ ᠵᠤᠬᠢᠶᠠᠯ᠎ᠤᠨ ᠠᠷᠤ᠎ᠳᠤ ᠲᠤᠭᠲᠠᠭ᠍ᠤ ᠪᠠᠭᠰᠢ ᠵᠢᠨ ᠦᠵᠠᠯᠳᠠ ᠤᠢ᠍ᠢ᠍ᠯᠠᠭ᠋ᠠᠯᠳᠠ ᠵᠢ ᠲᠠᠭ᠋ᠠᠯᠳᠤᠭᠤᠯᠪᠠ᠃

                 

                    ᠮᠢᠨᠦ ᠦᠵᠡᠯᠳᠠ
                                           — ᠤᠳᠤᠨ


      ᠶᠸ ᠱᠸᠩ ᠲᠤᠤ ᠠᠪᠤᠭ᠋ᠠᠢ᠄ 《ᠶᠠᠭᠤ ᠵᠢ ᠰᠤᠷᠭ᠋ᠠᠨ ᠬᠦᠮᠦᠵᠢᠯ ᠭᠡᠬᠦ ᠪᠤᠢ? ᠲᠦᠭᠦᠮᠬᠡᠨ ᠬᠡᠯᠡᠪᠡᠯ᠂ ᠰᠤᠷᠭ᠋ᠠᠨ ᠬᠦᠮᠦᠵᠢᠯ ᠪᠤᠯ ᠲᠠᠷᠤᠢ ᠬᠡᠤᠬᠡᠳ᠎ᠢ ᠲᠠᠳᠬᠠᠯᠵᠢᠭᠤᠯᠬᠤ ᠬᠦᠮᠦᠵᠢᠯ ᠪᠤᠯᠤᠨ᠎ᠠ》 ᠭᠡᠵᠡᠢ᠃ ᠦᠭᠡᠷ᠎ᠡ᠎ᠪᠠᠷ ᠬᠡᠯᠡᠪᠡᠯ᠂ ᠰᠤᠷᠤᠭᠴᠢᠳ᠎ᠲᠤ ᠰᠤᠷᠤᠯᠴᠠᠭ᠍ᠤ ᠲᠠᠳᠬᠠᠯ᠂ ᠮᠡᠳᠡᠯᠭᠡ ᠡᠵᠡᠮᠰᠢᠬᠦ ᠤᠷᠮ᠎ᠠ ᠰᠡᠳᠭᠢᠯᠭᠡ᠂ ᠵᠦᠪ ᠤᠨᠤᠪᠴᠢᠲᠡᠢ ᠶᠢᠷᠲᠢᠨᠴᠦ ᠵᠢᠨ ᠦᠵᠡᠯᠲᠡ ᠪᠠ ᠦᠷᠲᠡᠭ᠎ᠤᠨ ᠦᠵᠡᠯᠲᠡ ᠵᠢ ᠪᠤᠢ ᠪᠤᠯᠭ᠋ᠠᠬᠤ ᠶᠠᠪᠤᠳᠠᠯ ᠪᠤᠯᠤᠨ᠎ᠠ ᠭᠡᠵᠦ ᠬᠡᠯᠡᠵᠦ ᠪᠤᠯᠬᠤ ᠶᠤᠮ᠃ ᠠ᠋ᠳᠡᠭᠡᠷ᠎ᠨᠢ ᠬᠡᠳᠦᠶ᠋ᠢᠪᠡᠷ ᠰᠤᠷᠭ᠋ᠠᠭᠤᠯᠢ ᠵᠢᠨ ᠵᠢᠭ᠋ᠠᠨ ᠰᠤᠷᠭ᠋ᠠᠯᠲᠠ ᠵᠢᠨ ᠶᠠᠪᠤᠴᠠ᠎ᠳᠤ ᠪᠦᠷᠢᠯᠳᠦᠳᠡᠭ ᠪᠤᠯᠪᠠᠴᠦ᠂ ᠭᠡᠷ ᠪᠦᠯᠢ ᠵᠢᠨ ᠬᠦᠮᠦᠵᠢᠯ᠎ᠨᠢ ᠰᠠᠭᠤᠷᠢ ᠴᠢᠯᠠᠭᠤ ᠵᠢᠨ ᠦᠢ᠍ᠯᠡᠳᠤᠯ ᠦᠵᠡᠭᠦᠯᠵᠦ   ᠪᠠᠶ᠋ᠢᠳᠠᠭ᠃ ᠠ᠋ᠶ᠋ᠢᠮᠦ ᠤᠴᠢᠷ᠎ᠠᠴᠠ᠂ ᠬᠡᠤᠬᠡᠳ᠎ᠤᠨ ᠬᠦᠮᠦᠵᠢᠯ᠎ᠳᠤ ᠭᠡᠷ ᠪᠦᠯᠢ ᠵᠢᠨ ᠭᠦᠮᠦᠵᠢᠯ᠎ᠨᠢ ᠤᠮᠳᠤᠭ᠋ᠠᠶ᠋ᠢᠯᠠᠵᠦ ᠪᠤᠯᠤᠰᠢ ᠦᠭᠡᠢ ᠴᠢᠬᠤᠯᠠ ᠪᠠᠶ᠋ᠢᠳᠠᠭ᠃ ᠲᠡᠭᠡᠪᠡᠯ ᠭᠡᠷ᠎ᠤᠨ ᠠᠬᠠᠮᠠᠳ ᠪᠤᠯᠤᠭᠰᠠᠳ ᠬᠡᠤᠬᠡᠳ ᠵᠶ᠋ᠠᠨ ᠬᠡᠷᠬᠢᠨ ᠰᠤᠷᠭ᠋ᠠᠨ ᠬᠦᠮᠦᠵᠢᠭᠦᠯᠪᠡᠯ ᠵᠤᠬᠢᠬᠤ ᠪᠤᠢ? ᠡ᠊ᠨᠲᠡ ᠪᠢ ᠠ᠋ᠨᠡ ᠭᠦ᠌ ᠠᠰᠠᠭᠤᠳᠠᠯ᠎ᠢ ᠲᠤᠤᠷᠠᠬᠢ ᠮᠡᠲᠦ ᠬᠡᠳᠦᠨ ᠲᠠᠯ᠎ᠠ᠎ᠪᠠᠷ ᠲᠦᠭᠦᠮ ᠶᠠᠷᠢᠰᠤᠭ᠋ᠠᠢ᠃
     (ᠨᠢᠭᠡ) ᠭᠡᠷ᠎ᠤᠨ ᠠᠬᠠᠮᠠᠳ ᠪᠤᠯᠤᠭᠰᠠᠳ ᠬᠠᠮᠤᠭ᠎ᠤᠨ ᠲᠦᠷᠦᠭᠦᠨ᠎ᠳᠤ ᠬᠡᠤᠬᠡᠳ᠎ᠲᠤ᠎ᠪᠠᠨ ᠬᠦᠮᠦᠨ ᠪᠤᠯᠬᠤ ᠶᠤᠰᠤ ᠵᠢ ᠮᠡᠳᠡᠭᠦᠯᠵᠦ᠂ ᠬᠦᠮᠦᠨᠴᠢ ᠴᠢᠨᠠᠷ᠎ᠤᠨ ᠬᠦᠮᠦᠵᠢᠯ ᠬᠢᠬᠦ ᠵᠢ ᠴᠢᠬᠤᠯᠠᠴᠢᠯᠠᠭ᠍ᠤ ᠬᠡᠷᠡᠭᠲᠡᠢ
      ᠶᠠᠭᠤᠨ᠎ᠤ ᠤᠷᠢᠳ ᠬᠦᠮᠦᠨ ᠪᠤᠯᠬᠤ ᠶᠤᠰᠤ ᠵᠢ ᠮᠡᠳᠡᠬᠦ ᠴᠢᠬᠤᠯᠠ᠎ᠲᠠᠢ ᠪᠠᠶ᠋ᠢᠳᠠᠭ᠃ 《ᠬᠦᠮᠦᠨ ᠪᠤᠯᠬᠤ ᠪᠠᠭ᠎ᠠ᠎ᠠᠴᠠ᠎ᠪᠠᠨ᠂ ᠬᠦᠯᠦᠭ ᠪᠤᠯᠬᠤ ᠤᠨᠠᠭ᠋ᠠᠨ᠎ᠠᠴᠠ᠎ᠪᠠᠨ》 ᠭᠡᠳᠡᠭᠴᠢᠯᠠᠨ ᠪᠢᠲᠡ ᠬᠡᠤᠬᠡᠳ ᠵᠶ᠋ᠠᠨ ᠬᠠᠷᠠᠭ᠍ᠠᠨ ᠪᠠᠭ᠎ᠠ᠎ᠠᠴᠠ᠎ᠨᠢ ᠰᠠᠶ᠋ᠢᠨ ᠬᠦᠮᠦᠨ ᠪᠤᠯᠬᠤ᠂ ᠬᠦᠮᠦᠨ ᠮᠦᠰᠦ᠎ᠲᠠᠢ ᠬᠦᠮᠦᠨ ᠪᠤᠯᠬᠤ ᠲᠡᠰᠢ ᠬᠦᠮᠦᠵᠢᠭᠦᠯᠦᠨ   ᠰᠤᠷᠭ᠋ᠠᠵᠦ᠂ ᠠᠪᠤ ᠡᠵᠢ ᠪᠤᠯᠤᠨ ᠪᠠᠭᠰᠢ ᠠᠬᠠᠮᠠᠳ ᠵᠶ᠋ᠠᠨ ᠬᠦᠨᠳᠦᠯᠡᠬᠦ᠂ ᠠᠩᠭ᠎ᠠ ᠲᠡᠭᠦᠦ ᠨᠠᠷ ᠵᠶ᠋ᠠᠨ ᠬᠠᠷᠠᠭ᠋ᠠᠯᠵᠠᠭ᠍ᠤ ᠪᠤᠶᠤ ᠬᠠᠮᠲᠤ ᠨᠦᠬᠦᠳ᠎ᠲᠠᠢ᠎ᠪᠠᠨ ᠠ᠋ᠶ᠎ᠡ ᠨᠠᠶ᠋ᠢᠷᠲᠠᠢ ᠶᠠᠪᠤᠬᠤ ᠵᠡᠷᠭᠡ ᠬᠦᠮᠦᠨ ᠪᠤᠯᠬᠤ ᠵᠢᠨ ᠤᠭ ᠶᠤᠰᠤ ᠵᠢ ᠲᠠᠨᠢᠭᠤᠯᠵᠦ ᠮᠡᠳᠡᠭᠦᠯᠬᠦ ᠶᠠᠪᠤᠳᠠᠯ᠎ᠨᠢ ᠤᠮᠳᠤᠭ᠋ᠠᠶ᠋ᠢᠯᠠᠵᠦ ᠪᠤᠯᠤᠰᠢ ᠦᠭᠡᠢ ᠴᠢᠬᠤᠯᠠ ᠪᠠᠶ᠋ᠢᠳᠠᠭ᠃ ᠮᠤᠩᠭᠤᠯ ᠵᠦᠢ᠍ᠷ ᠰᠡᠴᠡᠨ ᠦᠭᠡᠨ᠎ᠳᠤ 《ᠲᠡᠪᠡᠯ᠎ᠳᠤ ᠵᠠᠬ᠎ᠠ᠎ᠲᠠᠢ᠂ ᠬᠦᠮᠦᠨ᠎ᠳᠤ ᠠᠬ᠎ᠠ᠎ᠲᠠᠢ》 ᠭᠡᠳᠡᠭ ᠪᠢᠰᠢᠤ᠃ ᠨᠢᠭᠡ ᠬᠦᠮᠦᠨ ᠬᠡᠳᠦᠶ᠋ᠢᠴᠢᠨᠡᠬᠡᠨ ᠶᠡᠭᠡ ᠠ᠋ᠷᠲᠡᠮ ᠮᠡᠳᠡᠯᠭᠡ᠎ᠲᠠᠢ ᠪᠠᠶ᠋ᠢᠭᠰᠠᠨ ᠴᠦ᠍ ᠬᠦᠮᠦᠨ ᠪᠤᠯᠬᠤ ᠦᠨᠳᠦᠰᠦᠨ ᠶᠤᠰᠤ ᠵᠢ ᠮᠡᠳᠡᠭᠦ ᠦᠭᠡᠢ ᠪᠤᠯᠪᠠᠯ ᠬᠡᠷᠡᠭ ᠦᠭᠡᠢ ᠶᠤᠮ᠃ ᠮᠠᠨ᠎ᠤ ᠲᠡᠷᠭᠡᠲᠡ ᠲᠦᠷᠦᠭᠰᠡᠨ ᠠᠪᠤ ᠡᠵᠢ᠎ᠪᠠᠨ ᠲᠡᠵᠢᠭᠡᠬᠦ ᠦᠭᠡᠢ᠂ ᠬᠠᠳᠠᠮ ᠡᠵᠢ ᠠᠪᠤ᠎ᠪᠠᠨ ᠬᠦᠨᠳᠦᠯᠡᠬᠦ ᠦᠭᠡᠢ᠂ ᠤᠯᠠᠨ ᠨᠡᠶ᠋ᠢᠲᠡ ᠵᠢᠨ ᠲᠠᠯᠠᠪᠤᠷ᠎ᠲᠤ ᠦᠪᠡᠷ᠎ᠤᠨ ᠲᠦᠷᠦᠭᠰᠡᠨ ᠡᠵᠢ᠎ᠪᠠᠨ ᠴᠤᠬᠢᠵᠦ ᠨᠦᠳᠦᠬᠦ ᠮᠡᠲᠦ ᠵᠢᠨ ᠨᠠᠵᠠᠭ᠋ᠠᠢ ᠪᠤᠷᠤᠭᠤ ᠠᠵᠢᠯᠯᠠᠭ᠎ᠠ ᠤᠯᠠᠨ ᠠᠷᠪᠢᠨ ᠭᠠᠷᠴᠦ ᠪᠠᠶ᠋ᠢᠨ᠎ᠠ᠃ ᠮᠢᠨᠤ ᠪᠤᠳᠤᠬᠤ᠎ᠪᠠᠷ ᠠ᠋ᠳᠡᠭᠡᠷ᠎ᠨᠢ᠂ ᠭᠡᠷ᠎ᠤᠨ ᠠᠬᠠᠮᠠᠳ᠎ᠠᠴᠠ ᠬᠡᠤᠬᠡᠳ᠎ᠲᠤ᠎ᠪᠠᠨ ᠬᠦᠮᠦᠨ ᠪᠤᠯᠬᠤ ᠶᠤᠰᠤ ᠵᠢ ᠪᠦᠷᠢᠨ ᠬᠦᠢ᠍ᠴᠡᠳ ᠮᠡᠳᠡᠭᠦᠯᠦᠭᠰᠡᠨ ᠦᠭᠡᠢ ᠵᠢᠨ ᠦᠷ᠎ᠡ ᠳ᠋ᠦᠩ ᠭᠡᠵᠦ ᠦᠵᠡᠵᠦ ᠪᠠᠶ᠋ᠢᠨ᠎ᠠ᠃
     (ᠬᠤᠶᠠᠷ) ᠬᠡᠤᠬᠡᠳ᠎ᠲᠤ ᠰᠤᠷᠭ᠋ᠠᠭᠤᠯᠢ ᠵᠢᠨ ᠨᠠᠰᠤᠨ᠎ᠠᠴᠠ ᠠ᠋ᠮᠦᠨᠡᠬᠢ ᠭᠡᠷ ᠪᠦᠯᠢ ᠵᠢᠨ ᠬᠦᠮᠦᠵᠢᠯ᠎ᠢ ᠰᠠᠶ᠋ᠢᠨ ᠬᠢᠬᠦ ᠴᠢᠬᠤᠯᠠ᠎ᠲᠠᠢ
      ᠠ᠋ᠨᠡ ᠲᠤᠬᠠᠢ ᠪᠢ ᠬᠡᠤᠬᠡᠨ ᠵᠶ᠋ᠠᠨ ᠬᠦᠮᠦᠵᠢᠭᠦᠯᠦᠭᠰᠡᠨ ᠶᠠᠪᠤᠳᠠᠯ᠎ᠲᠠᠢ ᠤᠶᠠᠯᠳᠤᠭᠤᠯᠵᠦ ᠲᠤᠤᠷᠠᠬᠢ ᠮᠡᠲᠦ ᠬᠡᠲᠦᠨ ᠲᠠᠯ᠎ᠠ᠎ᠪᠠᠷ ᠦᠭᠦᠯᠡᠶ᠎ᠡ᠃ ᠬᠡᠤᠬᠡᠨ᠎ᠢ ᠪᠠᠭ᠎ᠠ᠎ᠳᠤ᠎ᠨᠢ ᠭᠤᠤᠯᠳᠠᠭᠤ ᠮᠢᠨᠤ ᠡᠵᠢ ᠰᠠᠭ᠋ᠠᠲᠠᠭᠤᠯᠵᠦ ᠦᠰᠭᠡᠭᠰᠡᠨ ᠶᠤᠮ᠃ ᠮᠢᠨᠤ ᠡᠵᠢ ᠭᠡᠵᠦ ᠪᠠᠭ᠎ᠠ ᠰᠤᠷᠭ᠋ᠠᠭᠤᠯᠢ ᠵᠢᠨ ᠭᠤᠷᠪᠠᠳᠤᠭ᠋ᠠᠷ ᠤᠨ᠎ᠤ ᠬᠢᠷᠢ ᠭᠡᠮ᠎ᠲᠠᠢ᠂ ᠬᠦᠳᠡᠭᠡ ᠵᠢᠨ ᠵᠢᠷ᠎ᠤᠨ ᠨᠢᠭᠡᠨ ᠮᠠᠯᠴᠢᠨ ᠪᠦᠰᠡᠭᠦᠢ ᠶᠤᠮ᠃ ᠡᠵᠢ ᠮᠢᠨᠢ ᠬᠡᠤᠬᠡᠳ᠎ᠲᠤ ᠲᠤᠩ ᠬᠠᠶ᠋ᠢᠷᠠᠲᠡᠢ ᠪᠠᠶ᠋ᠢᠳᠠᠭ᠃ ᠬᠡᠤᠬᠡᠨ᠎ᠢ ᠦᠰᠭᠡᠬᠦ᠎ᠳᠤ᠎ᠪᠠᠨ ᠶᠠᠮᠠᠷᠴᠦ ᠲᠡᠶ᠋ᠢᠮᠦ ᠢᠯᠡ ᠲᠤᠲᠤ ᠬᠠᠷᠠᠯᠲᠠ ᠵᠤᠷᠢᠯᠭ᠎ᠠ ᠦᠭᠡᠢ ᠪᠤᠯᠪᠠᠴᠦ᠂ ᠦᠪᠡᠷ᠎ᠤᠨ ᠮᠡᠳᠡᠳᠡᠭ ᠵᠦᠢ᠍ᠯ ᠵᠶ᠋ᠠᠨ ᠦᠯᠢᠭᠡᠷᠯᠡᠨ ᠶᠠᠷᠢᠬᠤ ᠠᠷᠭ᠎ᠠ᠎ᠪᠠᠷ ᠦᠰᠭᠡᠵᠦ ᠪᠠᠶ᠋ᠢᠵᠠᠢ᠃ ᠬᠡᠤᠬᠡᠨ ᠠᠷᠠᠢ ᠴᠢᠷᠠᠢ ᠦᠭᠡ ᠬᠡᠯᠡᠵᠦ ᠠ᠋ᠬᠢᠯᠡᠮᠡᠭᠴᠡ ᠡᠵᠢ᠎ᠠᠴᠠ ᠬᠡᠤᠬᠡᠨ᠎ᠲᠠᠢ ᠤᠯᠠᠨ ᠠᠷᠪᠢᠨ ᠦᠭᠡ ᠶᠠᠷᠢᠶ᠎ᠠ ᠭᠦᠤᠷᠨᠢᠨ ᠵᠤᠭᠤᠭᠳᠠᠳᠠᠭ᠃ ᠵᠢᠱ᠌ᠢᠶᠡᠯᠡᠪᠡᠯ᠂ ᠬᠠᠰᠢᠶᠠᠨ᠎ᠳᠤ᠎ᠪᠠᠨ ᠨᠤᠭᠤᠭ᠎ᠠ ᠲᠠᠷᠢᠵᠦ ᠪᠠᠶ᠋ᠢᠬᠤ ᠦᠶᠡᠰ᠂ ᠠᠯᠢ᠎ᠨᠢ ᠨᠤᠭᠤᠭ᠎ᠠ ᠵᠢᠨ ᠴᠢᠬᠢ ᠪᠤᠯᠬᠤ᠂ ᠠᠯᠢ᠎ᠨᠢ ᠪᠤᠵᠠᠷ ᠡᠪᠡᠰᠦ ᠪᠤᠯᠬᠤ᠂ ᠠᠯᠢ᠎ᠨᠢ ᠲᠦᠪᠡᠳ ᠬᠠᠰᠢ ᠵᠢᠨ ᠴᠢᠬᠢ ᠪᠤᠯᠬᠤ᠂ ᠠᠯᠢ᠎ᠨᠢ ᠬᠠᠰᠢ ᠵᠢᠨ ᠴᠢᠬᠢ ᠪᠤᠯᠬᠤ ᠵᠡᠷᠭᠡ ᠵᠢ ᠨᠢᠭᠡᠳ ᠨᠢᠭᠡ᠎ᠪᠠᠷ ᠬᠡᠯᠡᠵᠦ ᠦᠭᠳᠡᠭ ᠪᠠᠶ᠋ᠢᠵᠠᠢ᠃ ᠠ᠋ᠭᠦᠨ᠎ᠠᠴᠠ ᠭᠠᠳᠠᠨ᠎ᠠ᠂ ᠲᠤᠭᠤᠯ ᠵᠶ᠋ᠠᠨ ᠠ᠋ᠷᠭᠢᠬᠦᠯᠬᠦ᠎ᠪᠠᠷ ᠶᠠᠪᠤᠬᠤ᠎ᠳᠤ᠂ ᠬᠡᠤᠬᠡᠨ ᠵᠶ᠋ᠠᠨ ᠠᠷᠤ᠎ᠳᠤ᠎ᠪᠠᠨ ᠠ᠋ᠭᠦᠷᠴᠦ ᠪᠠᠶ᠋ᠢᠬᠤ ᠦᠶ᠎ᠡ᠎ᠳᠤ᠎ᠪᠠᠨ ᠠᠶ᠎ᠠ ᠲᠠᠭᠤᠤ ᠭᠡᠩᠰᠢᠳᠡᠭ ᠪᠦᠭᠡᠳ ᠬᠡᠤᠬᠡᠨ᠎ᠢ ᠭᠠᠷ᠎ᠠᠴᠠ᠎ᠨᠢ ᠬᠦᠲᠦᠯᠵᠦ ᠶᠠᠪᠤᠬᠤ᠎ᠳᠤ᠎ᠪᠠᠨ ᠡᠪᠡᠰᠦ ᠤᠷᠭᠤᠮᠠᠯ᠎ᠤᠨ ᠨᠡᠷ᠎ᠡ ᠵᠢ ᠤᠯᠠᠨ ᠠᠷᠪᠢᠨ ᠬᠡᠯᠡᠵᠦ ᠦᠭᠳᠡᠭ ᠪᠠᠶ᠋ᠢᠪᠠ᠃ ᠵᠢᠱ᠌ᠢᠶᠡᠯᠡᠪᠡᠯ᠂ ᠪᠦᠪᠡᠭᠡᠳᠡᠩ ᠬᠤᠸᠠᠷ᠂ ᠰᠢᠷ᠎ᠡ ᠬᠤᠸᠠᠷ᠂ ᠴᠠᠬᠢᠯᠳᠠᠭ᠎ᠤᠨ ᠴᠡᠴᠡᠭ᠎ᠢ ᠶᠠᠮᠠᠷ ᠲᠦᠷᠤᠯ᠎ᠤᠨ ᠡᠪᠡᠰᠦ ᠪᠤᠯᠬᠤ ᠵᠢ ᠨᠢᠭᠡᠳ ᠨᠢᠭᠡ᠎ᠪᠠᠷ ᠰᠠᠶ᠋ᠢᠬᠠᠨ ᠶᠠᠷᠢᠵᠦ ᠦᠭᠳᠡᠭ ᠠᠵᠢ᠃ ᠠ᠋ᠮᠡᠭᠡ ᠵᠢᠨ ᠵᠶ᠋ᠠᠨ ᠢᠩᠭᠢᠵᠦ ᠬᠡᠯᠡᠵᠦ ᠶᠠᠷᠢᠬᠤ ᠦᠭᠡ ᠶᠠᠷᠢᠶ᠎ᠠ ᠵᠢ ᠬᠡᠤᠬᠡᠨ ᠮᠠᠨᠢ ᠮᠠᠰᠢ ᠰᠡᠳᠭᠢᠯ ᠲᠠᠯᠪᠢᠨ ᠰᠤᠨᠤᠰᠳᠠᠭ ᠶᠤᠮ᠃ ᠤᠴᠢᠷ᠎ᠨᠢ᠂ ᠪᠢᠲᠡ ᠠᠵᠢᠯᠯᠠᠭ᠍ᠤ᠎ᠪᠠᠷ ᠶᠠᠪᠤᠭᠰᠠᠨ᠎ᠤ ᠲᠠᠷᠠᠭ᠎ᠠ ᠬᠡᠤᠬᠡᠨ ᠮᠠᠨᠢ ᠠ᠋ᠮᠡᠭᠡ᠎ᠲᠠᠢ᠎ᠪᠠᠨ ᠬᠤᠶᠠᠭᠤᠯᠬᠠᠨ ᠭᠡᠷ᠎ᠲᠤ᠎ᠪᠠᠨ ᠦᠯᠡᠳᠡᠬᠦ ᠪᠤᠯᠬᠤᠷ ᠠ᠋ᠮᠡᠭᠡ ᠡᠵᠢ᠎ᠠᠴᠠ᠎ᠪᠠᠨ ᠤᠯᠠᠨ ᠠᠷᠪᠢᠨ ᠦᠯᠢᠭᠡᠷ ᠲᠤᠮᠤᠭ ᠪᠤᠶᠤ ᠨᠤᠲᠤᠭ ᠤᠰᠤᠨ᠎ᠤ ᠲᠤᠬᠠᠢ ᠵᠤᠭᠤᠭ ᠶᠠᠷᠢᠶ᠎ᠡ ᠵᠢ ᠤᠯᠵᠦ ᠰᠤᠨᠤᠰᠲᠠᠭ ᠪᠠᠶ᠋ᠢᠪᠠ᠃ ᠠ᠋ᠨᠡ ᠦᠶ᠎ᠡ᠎ᠳᠤ ᠭᠠᠩᠭ᠋ᠠᠩ ᠠ᠋ᠮᠡᠭᠡ ᠡᠵᠢ᠎ᠠᠴᠠ᠎ᠪᠠᠨ ᠮᠠᠰᠢ ᠤᠯᠠᠨ ᠤᠬᠠᠭ᠋ᠠᠨ᠎ᠢ᠎ᠨᠢ ᠤᠯᠬᠤ ᠦᠭᠡᠢ ᠠᠰᠠᠭᠤᠯᠲᠠ ᠠᠰᠠᠭᠤᠳᠠᠭ ᠪᠤᠯᠪᠠᠴᠦ᠂ ᠮᠢᠨᠤ ᠡᠵᠢ ᠤᠭᠲᠤ ᠬᠠᠯᠠᠰᠢᠷᠠᠯ ᠦᠭᠡᠢ᠂ ᠬᠦᠯᠢᠴᠡᠩᠬᠦᠢ ᠰᠠᠶ᠋ᠢᠬᠠᠨ ᠬᠠᠷᠢᠭᠤᠯᠵᠦ ᠦᠭᠳᠡᠭ ᠪᠠᠶ᠋ᠢᠪᠠ᠃
      ᠨᠦᠭᠦᠭᠡ ᠲᠠᠯ᠎ᠠ᠎ᠪᠠᠷ᠂ ᠮᠢᠨᠤ ᠡᠵᠢ ᠮᠤᠩᠭᠤᠯ ᠦᠰᠦᠭ᠎ᠢ ᠲᠤᠷᠤᠭ᠎ᠠ ᠦᠭᠡᠢ ᠰᠠᠶ᠋ᠢᠬᠠᠨ ᠤᠩᠰᠢᠵᠦ ᠭᠠᠷᠳᠠᠭ ᠪᠤᠯᠬᠤᠷ ᠮᠤᠩᠭᠤᠯ ᠵᠶ᠋ᠠᠷ ᠪᠢᠴᠢᠭᠳᠡᠭᠰᠡᠨ ᠦᠯᠢᠭᠡᠷ᠎ᠤᠨ ᠨᠤᠮ᠎ᠢ ᠤᠩᠰᠢᠬᠤ ᠲᠤᠷ᠎ᠡ᠎ᠲᠠᠢ ᠪᠢᠯᠠ᠃ ᠪᠠᠭ᠎ᠠ ᠪᠠᠶ᠋ᠢᠬᠤ᠎ᠳᠤ ᠮᠠᠨ᠎ᠤ ᠭᠡᠷ᠎ᠲᠤ 《ᠱᠦᠢ ᠬᠡᠤ ᠵᠢᠨ ᠦᠯᠢᠭᠡᠷ》᠂ 《ᠭᠤᠷᠪᠠᠨ ᠤᠯᠤᠰ᠎ᠤᠨ ᠦᠯᠢᠭᠡᠷ》᠂ 《ᠰᠠᠬᠢᠭᠤᠯᠤᠭᠰᠠᠨ ᠠ᠋ᠷᠭᠦᠮᠵᠢᠯᠡᠭᠰᠡᠨ ᠦᠯᠢᠭᠡᠷ》 ᠪᠤᠶᠤ 《ᠪᠠᠷᠠᠭᠤᠨᠰᠢ ᠵᠤᠷᠴᠢᠭᠰᠠᠨ ᠲᠡᠮᠲᠡᠭᠯᠡᠯ》 ᠵᠡᠷᠭᠡ ᠤᠯᠠᠨ ᠲᠦᠷᠤᠯ᠎ᠤᠨ ᠨᠤᠮ᠎ᠲᠠᠢ ᠪᠠᠶ᠋ᠢᠵᠠᠢ᠃ ᠠ᠋ᠨᠡ ᠨᠤᠮ᠎ᠤᠳ᠎ᠢ ᠡᠵᠢ ᠨᠢᠭᠡ ᠲᠠᠯ᠎ᠠ᠎ᠠᠴᠠ᠎ᠨᠢ ᠬᠡᠤᠬᠡᠨ᠎ᠳᠤ ᠠ᠋ᠮᠬᠢ ᠲᠠᠷᠠᠭ᠎ᠠ᠎ᠲᠠᠢ ᠤᠩᠰᠢᠨ ᠰᠤᠨᠤᠰᠬᠠᠳᠠᠭ ᠪᠠᠶ᠋ᠢᠪᠠ᠃ ᠬᠡᠤᠬᠡᠨ ᠦᠭᠡ ᠬᠡᠯᠡ᠎ᠲᠠᠢ ᠪᠤᠯᠵᠦ ᠠ᠋ᠬᠢᠯᠡᠬᠦ ᠦᠶ᠎ᠡ᠎ᠳᠤ᠂ ᠡᠵᠢ ᠵᠢᠨ ᠤᠩᠰᠢᠳᠠᠭ ᠨᠤᠮ᠎ᠨᠢ ᠦᠯᠢᠭᠡᠷ ᠲᠡᠤᠬᠡ᠎ᠠᠴᠠ᠎ᠪᠠᠨ 《ᠮᠤᠩᠭᠤᠯ ᠠᠷᠠᠳ᠎ᠤᠨ ᠬᠡᠤᠬᠡᠳ᠎ᠤᠨ ᠲᠤᠮᠤᠭ》 ᠤᠷᠤᠭᠤ ᠰᠢᠯᠵᠢᠭᠰᠡᠨ ᠮᠦᠷᠲᠡᠭᠡᠨ᠂ ᠮᠠᠨᠤᠰ᠎ᠢ ᠭᠠᠳᠠᠭᠰᠢ ᠭᠠᠷᠬᠤ ᠪᠤᠯᠭ᠋ᠠᠨ᠎ᠳᠤ ᠮᠤᠩᠭᠤᠯ ᠬᠡᠤᠬᠡᠳ᠎ᠤᠨ ᠦᠯᠢᠭᠡᠷ ᠲᠤᠮᠤᠭ᠎ᠤᠨ ᠨᠤᠮ᠎ᠢ ᠠᠪᠴᠢᠷᠠᠭᠤᠯᠤᠨ ᠭᠠᠩᠭ᠋ᠠᠩ᠎ᠳᠤ ᠤᠩᠰᠢᠨ ᠰᠤᠨᠤᠰᠬᠠᠳᠠᠭ ᠪᠠᠶ᠋ᠢᠪᠠ᠃ ᠵᠢᠱ᠌ᠢᠶᠡᠯᠡᠪᠡᠯ᠂ ᠲᠡᠤᠯᠠᠢ ᠵᠢᠨ ᠦᠯᠢᠭᠡᠷ᠂ ᠠᠷᠰᠯᠠᠨ᠎ᠤ ᠦᠯᠢᠭᠡᠷ᠂ ᠪᠠᠷᠰ᠎ᠤᠨ ᠦᠯᠢᠭᠡᠷ ᠪᠤᠶᠤ ᠬᠤᠯᠤᠭ᠋ᠠᠨ᠎ᠠ ᠵᠢᠨ ᠦᠯᠢᠭᠡᠷ᠎ᠢ ᠤᠩᠰᠢᠨ ᠰᠤᠨᠤᠰᠬᠠᠬᠤ ᠪᠤᠶᠤ ᠬᠡᠯᠡᠵᠦ ᠰᠤᠨᠤᠰᠬᠠᠳᠠᠭ ᠪᠢᠯᠠ᠃ ᠮᠠᠨ᠎ᠢ ᠠ᠋ᠳᠦᠷ ᠪᠤᠯᠭ᠋ᠠᠨ ᠠᠵᠢᠯ ᠪᠠᠭᠤᠵᠦ ᠭᠡᠷ᠎ᠲᠤ᠎ᠪᠠᠨ ᠬᠠᠷᠢᠵᠦ ᠢᠷᠡᠬᠦ᠎ᠳᠤ᠂ ᠬᠡᠤᠬᠡᠨ ᠨᠢᠭᠡ ᠠ᠋ᠳᠦᠷ᠎ᠤᠨ ᠰᠤᠨᠤᠰᠴᠦ ᠴᠡᠭᠡᠵᠢᠯᠡᠭᠰᠡᠨ ᠦᠯᠢᠭᠡᠷ ᠵᠶ᠋ᠠᠨ ᠮᠠᠨᠤᠰ᠎ᠲᠤ ᠤᠷᠮ᠎ᠠ᠎ᠲᠠᠢ ᠰᠠᠶ᠋ᠢᠬᠠᠨ ᠶᠠᠷᠢᠵᠦ ᠦᠭᠳᠡᠭ ᠶᠤᠮ᠃ ᠠ᠋ᠳᠦᠷ ᠤᠳᠠᠭ᠋ᠠᠨ ᠦᠷᠬᠦᠯᠵᠢᠯᠡᠬᠦ ᠵᠢ ᠲᠠᠭ᠋ᠠᠯᠳᠤᠨ ᠬᠡᠤᠬᠡᠨ᠎ᠤ ᠴᠡᠭᠡᠵᠢᠯᠡᠬᠦ ᠴᠢᠳᠠᠪᠤᠷᠢ᠎ᠨᠢ ᠶᠠᠪᠤᠬᠤ ᠲᠤᠲᠤᠮ ᠲᠡᠭᠡᠭᠰᠢᠯᠡᠵᠤ᠂ ᠬᠡᠯᠡᠵᠦ ᠶᠠᠷᠢᠬᠤ ᠴᠢᠳᠠᠪᠤᠷᠢ᠎ᠨᠢ ᠤᠷᠤᠰᠤᠮ᠎ᠠ ᠮᠦᠷᠲᠡᠭᠡᠨ ᠪᠤᠰᠤᠳ᠎ᠠᠴᠠ ᠲᠠᠪᠠᠭᠰᠠᠨ ᠪᠠᠶ᠋ᠢᠳᠠᠯ᠎ᠲᠠᠢ ᠪᠤᠯᠵᠦ   ᠠ᠋ᠬᠢᠯᠡᠵᠠᠢ᠃ ᠢᠩᠭᠢᠵᠦ ᠬᠡᠤᠬᠡᠨ ᠮᠠᠨᠢ ᠠ᠋ᠮᠡᠭᠡ᠎ᠠᠴᠠ᠎ᠪᠠᠨ ᠤᠯᠠᠨ ᠠᠷᠪᠢᠨ ᠦᠯᠢᠭᠡᠷ ᠨᠤᠮ᠎ᠢ ᠤᠯᠵᠦ ᠰᠤᠨᠤᠰᠬᠤ᠎ᠪᠠᠷ ᠲᠠᠮᠵᠢᠨ᠂ ᠨᠤᠮ᠎ᠳᠤ ᠬᠤᠷᠤᠬᠠᠢ᠎ᠲᠠᠢ ᠪᠤᠯᠵᠦ᠂ ᠨᠤᠮ ᠤᠩᠰᠢᠬᠤ ᠲᠤᠷ᠎ᠡ᠎ᠲᠠᠢ ᠪᠤᠯᠤᠭᠰᠠᠨ ᠵᠶ᠋ᠠᠷ ᠪᠠᠷᠠᠭ᠍ᠤ ᠦᠭᠡᠢ ᠨᠤᠮ᠎ᠳᠤ ᠰᠡᠳᠭᠢᠯ ᠲᠠᠲᠠᠭᠳᠠᠨ ᠨᠤᠮ᠎ᠠᠴᠠ ᠲᠤᠩ ᠤᠯᠠᠨ ᠮᠡᠳᠡᠯᠭᠡ ᠵᠢ ᠤᠯᠵᠦ ᠰᠤᠷᠳᠠᠭ᠎ᠢ ᠮᠡᠳᠡᠵᠦ ᠠ᠋ᠬᠢᠯᠡᠭᠰᠡᠨ ᠪᠠᠶ᠋ᠢᠨ᠎ᠠ᠃ ᠠ᠋ᠭᠦᠨ ᠵᠶ᠋ᠠᠷ ᠪᠠᠷᠠᠭ᠍ᠤ ᠦᠭᠡᠢ ᠨᠤᠮ ᠤᠩᠰᠢᠬᠤ ᠲᠤᠷ᠎ᠡ ᠪᠠᠬ᠎ᠠ᠎ᠨᠢ ᠠ᠋ᠳᠦᠷ᠎ᠠᠴᠠ ᠠ᠋ᠳᠦᠷ ᠨᠡᠮᠡᠭᠳᠡᠵᠦ ᠠ᠋ᠬᠢᠯᠡᠭᠰᠡᠨ ᠶᠤᠮ᠃
      ᠡᠵᠢ ᠦᠪᠡᠷ᠎ᠤᠨ ᠮᠡᠳᠡᠳᠡᠭ ᠬᠡᠲᠦᠨ ᠪᠠᠳᠠᠭ ᠰᠢᠯᠦᠭ ᠵᠶ᠋ᠠᠨ ᠬᠡᠤᠬᠡᠨ᠎ᠳᠤ ᠵᠢᠭ᠋ᠠᠵᠦ ᠦᠭᠬᠦ᠎ᠪᠠᠷ ᠪᠠᠷᠠᠭ᠍ᠤ ᠦᠭᠡᠢ᠂ ᠶᠢᠰᠦ ᠶᠢᠰᠦ ᠵᠢᠨ ᠦᠷᠡᠵᠢᠬᠦᠯᠬᠦ ᠦᠢ᠍ᠯᠡᠳᠤᠯ᠎ᠤᠨ ᠠᠮᠠᠨ ᠤᠩᠰᠢᠯᠭ᠎ᠠ᠂ ᠠᠷᠪᠠ᠎ᠠᠴᠠ ᠬᠤᠷᠢ ᠲᠤᠲᠤᠷᠠᠬᠢ ᠲᠤᠭ᠋ᠠᠨ᠎ᠤ ᠨᠡᠮᠡᠵᠦ ᠬᠠᠰᠤᠬᠤ ᠠᠷᠭ᠎ᠠ ᠵᠢ ᠵᠢᠭ᠋ᠠᠵᠦ ᠡᠵᠡᠮᠰᠢᠭᠦᠯᠦᠭᠰᠡᠨ ᠪᠠᠶ᠋ᠢᠳᠠᠭ᠃ ᠡᠵᠢ ᠭᠠᠩᠭ᠋ᠠᠩ᠎ᠳᠤ ᠠ᠋ᠳᠡᠭᠡᠷ᠎ᠢ ᠵᠢᠭ᠋ᠠᠬᠤ᠎ᠳᠤ᠎ᠪᠠᠨ ᠵᠠᠪᠠᠯ ᠴᠡᠭᠡᠵᠢᠯᠡᠬᠦᠯᠬᠦ ᠭᠡᠵᠦ ᠠᠯᠪᠠᠳᠠᠭᠰᠠᠨ ᠪᠢᠰᠢ᠂ ᠬᠠᠷᠢᠨ ᠬᠠᠵᠠᠭᠤ᠎ᠳᠤ᠎ᠨᠢ ᠰᠠᠨᠠᠭ᠋ᠠᠴᠢᠯᠠᠭ᠎ᠠ᠎ᠲᠠᠢ᠎ᠪᠠᠷ ᠤᠳᠠᠭ᠍ᠤ ᠦᠭᠡᠢ ᠤᠳᠠᠭ᠍ᠤ ᠦᠭᠡᠢ ᠦᠪᠡᠷ ᠵᠶ᠋ᠠᠨ ᠤᠩᠰᠢᠳᠠᠭ ᠪᠠᠶ᠋ᠢᠪᠠ᠃ ᠢᠩᠭᠢᠵᠦ ᠤᠳᠠᠭ᠋ᠠᠨ ᠠ᠋ᠳᠦᠷ ᠦᠷᠭᠦᠯᠵᠢᠯᠡᠬᠦ ᠵᠢ ᠲᠠᠭ᠋ᠠᠯᠳᠤᠨ ᠭᠠᠩᠭ᠋ᠠᠩ ᠠ᠋ᠮᠡᠭᠡ ᠵᠢᠨ ᠵᠶ᠋ᠠᠨ ᠤᠩᠰᠢᠳᠠᠭ ᠰᠢᠯᠦᠭ ᠪᠤᠶᠤ ᠠᠮᠠᠨ ᠤᠩᠰᠢᠯᠭ᠎ᠠ ᠵᠢ ᠰᠠᠨᠠᠮᠰᠠᠷ ᠦᠭᠡᠢ᠎ᠪᠠᠷ ᠴᠡᠭᠡᠵᠢ᠎ᠪᠠᠷ ᠤᠩᠰᠢᠵᠦ ᠴᠢᠳᠠᠭ᠍ᠤ ᠪᠤᠯᠤᠭᠰᠠᠨ ᠵᠶ᠋ᠠᠷ ᠪᠠᠷᠠᠭ᠍ᠤ ᠦᠭᠡᠢ᠂ ᠬᠡᠯᠡᠵᠦ ᠶᠠᠷᠢᠬᠤ ᠴᠢᠳᠠᠪᠤᠷᠢ ᠪᠤᠶᠤ ᠴᠡᠭᠡᠵᠢᠯᠡᠬᠦ ᠴᠢᠳᠠᠪᠤᠷᠢ᠎ᠨᠢ ᠲᠡᠭᠡᠭᠰᠢᠯᠡᠨ ᠨᠠᠯᠢᠶᠠᠳ ᠬᠤᠷᠳᠤᠨ ᠬᠡᠯᠡ᠎ᠳᠤ ᠤᠷᠤᠭᠰᠠᠨ     ᠪᠢᠯᠠ᠃ ᠦᠭᠡ ᠬᠡᠯᠡᠬᠦ᠎ᠳᠤ᠎ᠪᠠᠨ ᠤᠭᠲᠤ ᠲᠤᠷᠴᠦ ᠲᠡᠭᠡᠭᠯᠡᠳᠡᠭ ᠦᠭᠡᠢ ᠮᠦᠷᠲᠡᠭᠡᠨ ᠤᠷᠤᠰᠤᠮ᠎ᠠ ᠰᠠᠶ᠋ᠢᠬᠠᠨ ᠶᠠᠷᠢᠵᠦ ᠴᠢᠳᠠᠭ᠍ᠤ ᠪᠤᠯᠤᠭᠰᠠᠨ ᠶᠤᠮ᠃
      ᠡᠵᠢ ᠪᠠᠰᠠ ᠮᠠᠨ᠎ᠢ ᠪᠠᠭ᠎ᠠ᠎ᠳᠤ ᠱᠠᠭ᠍ᠠᠢ ᠬᠤᠪᠴᠠᠰᠦ ᠤᠶᠤᠬᠤ ᠦᠶ᠎ᠡ᠎ᠳᠤ᠂ ᠭᠠᠩᠭ᠋ᠠᠩ᠎ᠢ ᠲᠠᠭᠤᠳᠠᠨ ᠵᠡᠬᠦᠦ᠎ᠪᠠᠨ ᠰᠦᠪᠡᠯᠡᠭᠦᠯᠳᠡᠭ ᠪᠤᠶᠤ ᠬᠡᠤᠬᠡᠨ ᠵᠶ᠋ᠠᠷ ᠬᠠᠶ᠋ᠢᠴᠢ ᠪᠠᠷᠢᠭᠤᠯᠵᠦ᠂ ᠤᠯᠠᠨ ᠲᠦᠷᠤᠯ᠎ᠤᠨ ᠬᠠᠶ᠋ᠢᠴᠢᠯᠠᠮᠠᠯ ᠬᠠᠶ᠋ᠢᠴᠢᠯᠠᠭᠤᠯᠬᠤ ᠠᠷᠭ᠎ᠠ᠎ᠪᠠᠷ ᠭᠠᠷ᠎ᠢ᠎ᠨᠢ ᠬᠦᠳᠡᠯᠭᠡᠵᠦ᠂ ᠪᠡᠶ᠎ᠡ ᠵᠢᠨ ᠬᠦᠳᠡᠯᠮᠤᠷᠢ᠎ᠳᠤ ᠤᠷᠤᠯᠴᠠᠭᠤᠯᠳᠠᠭ ᠪᠠᠶ᠋ᠢᠵᠠᠢ᠃ ᠵᠢᠱ᠌ᠢᠶᠡᠯᠡᠪᠡᠯ᠂ 《ᠬᠤᠤᠰᠪᠠᠶᠷ》 ᠭᠡᠳᠡᠭ ᠬᠢᠲᠡᠳ ᠦᠰᠦᠭ᠂ ᠵᠢᠭ᠋ᠠᠰᠤ ᠪᠤᠶᠤ ᠤᠷᠠᠨ ᠬᠠᠵᠢᠨ ᠵᠡᠷᠭᠡ ᠵᠢ ᠦᠪᠡᠷ ᠵᠶ᠋ᠠᠨ ᠵᠢᠷᠤᠵᠦ ᠪᠠᠷᠠᠭᠰᠠᠨ᠎ᠤ ᠲᠠᠷᠠᠭ᠎ᠠ ᠭᠠᠩᠭ᠋ᠠᠩ ᠵᠶ᠋ᠠᠷ ᠬᠠᠶ᠋ᠢᠴᠢᠯᠠᠭᠤᠯᠳᠠᠭ ᠪᠠᠶ᠋ᠢᠪᠠ᠃ ᠠ᠋ᠨᠡ ᠬᠦ᠌ ᠠᠷᠭ᠎ᠠ᠎ᠨᠢ᠂ ᠮᠢᠨᠤ ᠬᠡᠤᠬᠡᠨ᠎ᠤ ᠪᠠᠭ᠎ᠠ ᠵᠢᠨ ᠦᠶ᠎ᠡ ᠵᠢᠨ ᠤᠶᠤᠨ ᠤᠬᠠᠭ᠋ᠠᠨ᠎ᠢ᠎ᠨᠢ ᠨᠦᠯᠦᠭᠡᠯᠡᠵᠦ᠂ ᠲᠠᠷᠢᠬᠢ ᠲᠤᠯᠤᠭ᠋ᠠᠢ ᠵᠢᠨ ᠬᠦᠭᠵᠢᠯᠲᠡ ᠵᠢ ᠮᠠᠰᠢ ᠶᠡᠭᠡ ᠨᠦᠯᠦᠭᠡᠯᠡᠵᠦ ᠴᠢᠳᠠᠭᠰᠠᠨ ᠪᠠᠶ᠋ᠢᠨ᠎ᠠ᠃ ᠮᠢᠨᠤ ᠡᠵᠢ ᠬᠡᠤᠬᠡᠨ᠎ᠢ ᠬᠡᠵᠢᠶᠡᠲᠡ ᠠᠭᠤᠷᠯᠠᠵᠤ ᠵᠠᠩᠨᠠᠳᠠᠭ ᠦᠭᠡᠢ ᠮᠦᠷᠲᠡᠭᠡᠨ ᠠᠶ᠎ᠠ ᠵᠢ᠎ᠨᠢ ᠳᠠᠭ᠋ᠠᠭᠤᠯᠵᠦ ᠴᠢᠳᠠᠳᠠᠭ᠎ᠠᠴᠠ ᠭᠠᠩᠭ᠋ᠠᠩ ᠠ᠋ᠮᠡᠭᠡ᠎ᠪᠠᠨ ᠨᠠᠳᠠ᠎ᠠᠴᠠ ᠢᠯᠡᠬᠦᠦ ᠲᠠᠭ᠋ᠠᠬᠤ ᠪᠤᠯᠵᠦ᠂ ᠠ᠋ᠮᠡᠭᠡ᠎ᠲᠠᠢ᠎ᠪᠠᠨ ᠨᠠᠳᠠ᠎ᠠᠴᠠ ᠢᠯᠡᠬᠦᠦ ᠲᠠᠰᠴᠢᠬᠠᠭᠰᠠᠨ ᠪᠠᠶ᠋ᠢᠪᠠ᠃ ᠲᠤᠮᠲᠠᠳᠤ ᠰᠤᠷᠭ᠋ᠠᠭᠤᠯᠢ ᠵᠢᠨ ᠨᠢᠭᠡᠨ ᠤᠳᠠᠭ᠋ᠠᠨ᠎ᠤ ᠬᠤᠭᠤᠴᠠᠭ᠋ᠠᠨ ᠡᠴᠤᠰ᠎ᠤᠨ ᠬᠢᠲᠡᠳ ᠬᠡᠯᠡᠨ᠎ᠤ ᠰᠢᠯᠭ᠋ᠠᠯᠲᠠ᠎ᠳᠤ 《ᠮᠢᠨᠤ ᠪᠠᠭᠰᠢ》 ᠭᠡᠰᠡᠨ ᠭᠠᠷᠴᠠᠭ ᠵᠶ᠋ᠠᠷ ᠦᠪᠡᠷ᠎ᠤᠨ ᠠ᠋ᠮᠡᠭᠡ ᠵᠢᠨ ᠵᠶ᠋ᠠᠨ ᠲᠤᠬᠠᠢ ᠤᠬᠤᠷ ᠵᠤᠬᠢᠶᠠᠯ ᠪᠢᠴᠢᠭᠰᠡᠨ ᠪᠠᠶ᠋ᠢᠪᠠ᠃ ᠠ᠋ᠨᠡ ᠵᠤᠬᠢᠶᠠᠯ᠎ᠢ᠎ᠨᠢ ᠪᠠᠭᠰᠢ᠎ᠨᠢ ᠮᠠᠰᠢ ᠪᠠᠭ᠍ᠠᠷᠬᠠᠨ ᠲᠤᠭᠤᠭᠰᠠᠨ ᠮᠦᠷᠲᠡᠭᠡᠨ ᠲᠦᠩᠯᠢᠶᠤᠤ ᠵᠢᠨ ᠠ᠋ᠳᠤᠷ᠎ᠤᠨ ᠰᠤᠨᠢᠨ᠎ᠳᠤ ᠬᠦᠷᠭᠡᠵᠦ ᠦᠭᠭᠦᠭᠰᠡᠨ᠎ᠳᠤ᠂ 2015 ᠤᠨ᠎ᠤ 5 ᠰᠠᠷ᠎ᠡ ᠵᠢᠨ 14᠎ᠤ ᠲᠦᠩᠯᠢᠶᠤᠤ ᠵᠢᠨ ᠠ᠋ᠳᠤᠷ᠎ᠤᠨ ᠰᠤᠨᠢᠨ᠎ᠳᠤ ᠨᠡᠶ᠋ᠢᠲᠡᠯᠡᠭᠳᠡᠭᠰᠡᠨ ᠪᠠᠶ᠋ᠢᠪᠠ᠃ ᠠ᠋ᠶ᠋ᠢᠨ ᠬᠦ᠌ ᠮᠢᠨᠤ ᠬᠡᠤᠬᠡᠨ᠎ᠤ ᠬᠠᠮᠤᠭ᠎ᠤᠨ ᠠᠩᠬ᠎ᠠ ᠪᠢᠴᠢᠭᠰᠡᠨ ᠬᠢᠲᠡᠳ ᠵᠤᠬᠢᠶᠠᠯ᠎ᠤᠨ ᠠ᠋ᠬᠢᠨ᠎ᠳᠤ 《ᠪᠠᠭᠰᠢ ᠭᠡᠵᠦ ᠬᠡᠯᠡᠬᠦ᠎ᠳᠤ ᠪᠢ ᠶᠠᠭᠤᠨ᠎ᠤ ᠠ᠋ᠮᠦᠨ᠎ᠡ ᠪᠤᠳᠤᠵᠦ ᠤᠯᠬᠤ᠎ᠨᠢ ᠦᠷᠭᠡᠨ ᠮᠡᠳᠡᠯᠭᠡ᠎ᠲᠠᠢ᠂ ᠠᠯᠤᠰ᠎ᠤᠨ ᠬᠠᠷᠠᠯᠲᠠ᠎ᠲᠠᠢ ᠮᠦᠷᠲᠡᠭᠡᠨ ᠮᠡᠳᠡᠯᠭᠡ ᠴᠢᠳᠠᠪᠤᠷᠢ ᠬᠤᠤᠰᠯᠠᠭᠰᠠᠨ ᠮᠦᠷᠲᠡᠭᠡᠨ ᠨᠢᠳᠤᠨ᠎ᠳᠤ᠎ᠪᠠᠨ ᠰᠢᠯ ᠵᠡᠭᠦᠵᠦ ᠦᠰᠦ ᠭᠡᠵᠢᠭᠡ᠎ᠨᠢ ᠪᠤᠭᠤᠷᠤᠯ ᠪᠤᠯᠤᠭᠰᠠᠨ ᠳ᠋ᠤᠺᠲ᠋ᠤᠷ ᠪᠤᠶᠤ ᠫᠷᠤᠹᠸᠰᠰᠤᠷ ᠪᠢᠰᠢ᠂ ᠬᠠᠷᠢᠨ ᠵᠠᠵᠢᠨ ᠦᠰᠦ᠎ᠨᠢ ᠴᠠᠶ᠋ᠢᠵᠦ᠂ ᠡᠴᠢᠵᠦ ᠲᠤᠷᠠᠭᠰᠠᠨ ᠬᠦᠳᠡᠭᠡ ᠵᠢᠨ ᠵᠢᠷ᠎ᠤᠨ ᠨᠢᠭᠡᠨ ᠮᠠᠯᠴᠢᠨ ᠠ᠋ᠮᠡᠭᠡᠨ ᠪᠤᠯᠬᠤ ᠶᠤᠮ》 ᠭᠡᠵᠦ᠂ ᠦᠪᠡᠷ᠎ᠤᠨ ᠠᠩᠬᠠᠨ᠎ᠤ ᠪᠠᠭᠰᠢ ᠪᠤᠯᠬᠤ ᠠ᠋ᠮᠡᠭᠡ ᠡᠵᠢ ᠵᠢᠨ ᠵᠶ᠋ᠠᠨ ᠲᠤᠬᠠᠢ ᠪᠢᠴᠢᠭᠰᠡᠨ ᠪᠢᠯᠠ᠃ ᠠ᠋ᠭᠦᠨ᠎ᠠᠴᠠ ᠪᠢ ᠮᠢᠨᠤ ᠬᠡᠤᠬᠡᠨ᠎ᠤ ᠪᠠᠭ᠎ᠠ ᠨᠠᠰᠦ ᠵᠢ ᠬᠠᠮᠤᠭ᠎ᠠᠴᠠ ᠨᠦᠯᠦᠭᠡᠯᠡᠭᠰᠡᠨ᠎ᠨᠢ ᠪᠢ ᠪᠢᠰᠢ᠂ ᠬᠠᠷᠢᠨ ᠮᠢᠨᠤ ᠡᠵᠢ ᠪᠤᠯᠤᠨ᠎ᠠ ᠭᠡᠳᠡᠭ᠎ᠢ ᠰᠡᠳᠭᠢᠯ᠎ᠳᠤ᠎ᠪᠠᠨ ᠪᠤᠳᠤᠵᠦ ᠶᠠᠪᠤᠳᠠᠭ᠃ ᠪᠢ ᠡᠵᠢ ᠵᠢᠨ ᠵᠶ᠋ᠠᠨ ᠲᠤᠬᠠᠢ ᠶᠠᠷᠢᠬᠤ᠎ᠳᠤ ᠮᠡᠳᠡᠯᠭᠡ ᠰᠤᠶᠤᠯ ᠦᠭᠡᠢ ᠮᠦᠷᠲᠡᠭᠡᠨ ᠬᠦᠮᠦᠨ᠎ᠠᠴᠠ ᠲᠠᠪᠠᠭᠰᠠᠨ ᠠ᠋ᠷᠳᠡᠮᠲᠡᠨ ᠪᠢᠰᠢ᠂ ᠠ᠋ᠭᠦᠨ ᠵᠶ᠋ᠠᠷ ᠪᠠᠷᠠᠭ᠍ᠤ ᠦᠭᠡᠢ ᠬᠡᠤᠬᠡᠨ᠎ᠢ ᠬᠦᠮᠦᠵᠢᠬᠦᠯᠬᠦ᠎ᠳᠤ ᠶᠠᠮᠠᠷᠴᠦ ᠵᠤᠷᠢᠯᠭ᠎ᠠ᠎ᠲᠠᠢ᠎ᠪᠠᠷ ᠤᠴᠢᠵᠦ ᠬᠢᠭᠰᠡᠨ ᠵᠦᠢ᠍ᠯ ᠪᠠᠶ᠋ᠢᠳᠠᠭ ᠦᠭᠡᠢ ᠪᠢᠯᠠ᠃ ᠵᠦᠪᠬᠡᠨ ᠦᠪᠡᠷ᠎ᠤᠨ ᠨᠠᠰᠤᠨ ᠲᠤᠷᠰᠢ ᠵᠢᠨ ᠦᠩᠭᠡᠷᠡᠯᠲᠡ ᠲᠤᠷᠰᠢᠯᠭ᠎ᠠ ᠪᠤᠯᠤᠨ ᠠ᠋ᠳᠦᠢ ᠲᠡᠲᠦᠢ ᠪᠤᠳᠤᠵᠦ ᠤᠯᠤᠭᠰᠠᠨ ᠵᠦᠢ᠍ᠯ ᠵᠶ᠋ᠠᠨ ᠬᠡᠤᠬᠡᠨ᠎ᠳᠤ ᠬᠠᠷᠠᠮ ᠦᠭᠡᠢ ᠬᠦᠨᠲᠦᠷᠦᠨ ᠴᠢᠳᠬᠤᠭᠰᠠᠨ ᠵᠦᠢ᠍ᠯᠡᠰ᠎ᠨᠢ ᠭᠡᠤᠭᠡᠳ᠎ᠤᠨ ᠬᠦᠮᠦᠵᠢᠯ ᠪᠤᠯᠪᠠᠰᠤᠷᠠᠯ᠎ᠳᠤ ᠲᠦᠢ᠍ᠯ᠎ᠤᠨ ᠶᠡᠭᠡ ᠰᠡᠩᠬᠡᠷᠡᠭᠦᠯᠦᠯ ᠬᠦᠷᠲᠡᠭᠡᠵᠦ ᠴᠢᠳᠠᠭᠰᠠᠨ ᠪᠠᠢ᠍ᠢ᠍ᠨ᠎ᠠ᠃
     (ᠭᠤᠷᠪᠠ) ᠦᠨᠳᠦᠰᠦᠨ ᠱᠠᠲᠤᠨ᠎ᠤ ᠰᠠᠭᠤᠷᠢ ᠰᠤᠷᠭ᠋ᠠᠨ ᠬᠦᠮᠦᠵᠢᠯ᠎ᠢ ᠭᠤᠤᠯ ᠪᠤᠯᠭ᠋ᠠᠨ ᠠᠳᠬᠤᠬᠤ ᠵᠢ ᠴᠢᠬᠤᠯᠠᠴᠢᠯᠠᠭᠰᠠᠨ
      ᠬᠡᠤᠬᠡᠳ᠎ᠲᠤ ᠠᠪᠴᠦ ᠬᠡᠯᠡᠪᠡᠯ ᠪᠠᠭ᠎ᠠ ᠰᠤᠷᠭ᠋ᠠᠭᠤᠯᠢ ᠵᠢᠨ ᠱᠠᠲᠦ ᠪᠤᠯ ᠰᠠᠶᠢ ᠠ᠋ᠬᠢᠯᠡᠨ ᠰᠤᠷᠭ᠋ᠠᠭᠤᠯᠢ᠎ᠳᠤ ᠰᠠᠭᠤᠵᠦ᠂ ᠠᠩᠬ᠎ᠠ ᠠᠯᠬᠤᠮ ᠰᠤᠷᠭ᠋ᠠᠭᠤᠯᠢ ᠵᠢᠨ ᠠᠮᠢᠳᠤᠷᠠᠯ᠎ᠳᠤ ᠠ᠋ᠬᠢᠯᠡᠨ ᠲᠠᠳᠬᠤ ᠵᠢᠨ ᠴᠢᠬᠤᠯᠠ ᠨᠢᠭᠡᠨ ᠱᠠᠲᠦ ᠦᠶ᠎ᠡ ᠪᠤᠯᠤᠨ᠎ᠠ᠃ ᠠ᠋ᠨᠡ ᠦᠶ᠎ᠡ᠎ᠨᠢ ᠬᠡᠤᠬᠡᠳ᠎ᠤᠨ ᠤᠬᠠᠭ᠋ᠠᠨ ᠲᠦᠬᠦᠭᠡ ᠠᠩᠬ᠎ᠠ ᠠᠯᠬᠤᠮ ᠠ᠋ᠬᠢᠯᠡᠨ ᠪᠦᠷᠢᠯᠳᠦᠵᠦ ᠪᠠᠶ᠋ᠢᠭ᠎ᠠ ᠱᠠᠲᠦ ᠦᠶ᠎ᠡ ᠪᠤᠯᠬᠤ ᠤᠴᠢᠷ᠎ᠠᠴᠠ ᠠ᠋ᠨᠡ ᠱᠠᠲᠤᠨ᠎ᠤ ᠰᠤᠷᠭ᠋ᠠᠨ ᠬᠦᠮᠦᠵᠢᠯ᠎ᠢ ᠭᠤᠤᠯ ᠪᠤᠯᠭ᠋ᠠᠨ ᠠᠳᠬᠤᠵᠦ᠂ ᠰᠤᠷᠤᠯᠭ᠎ᠠ ᠵᠢᠨ ᠲᠠᠯ᠎ᠠ᠎ᠳᠤ᠎ᠨᠢ ᠢᠯᠡᠬᠦᠬᠡᠨ ᠠᠩᠬᠠᠷᠤᠯ ᠲᠠᠯᠪᠢᠵᠦ ᠬᠡᠤᠬᠡᠳ᠎ᠤᠨ ᠪᠡᠶ᠎ᠡ ᠰᠡᠳᠭᠢᠴᠡ ᠵᠢᠨ ᠬᠦᠭᠵᠢᠯᠲᠡ ᠵᠢ ᠴᠢᠬᠤᠯᠠᠴᠢᠯᠠᠨ ᠦᠵᠡᠪᠡᠯ ᠲᠠᠭ᠋ᠠᠷᠠᠨ᠎ᠠ ᠭᠡᠵᠦ ᠦᠵᠡᠵᠦ ᠪᠤᠢ᠃ ᠠ᠋ᠨᠡ ᠪᠤᠯ ᠤᠳᠤᠬᠠᠨ᠎ᠤ ᠭᠡᠷ᠎ᠤᠨ ᠠᠬᠠᠮᠠᠳ᠎ᠲᠤ ᠲᠤᠯᠭ᠋ᠠᠷᠠᠵᠦ ᠪᠦᠬᠦᠢ ᠰᠢᠢ᠍ᠳᠪᠦᠷᠢᠯᠡᠬᠦ ᠴᠢᠬᠤᠯᠠ᠎ᠲᠠᠢ ᠠᠰᠠᠭᠤᠳᠠᠯ ᠪᠤᠯᠬᠤ ᠶᠤᠮ᠃ ᠮᠠᠨ᠎ᠤ ᠵᠠᠷᠢᠮ ᠬᠡᠷ᠎ᠤᠨ ᠠᠬᠠᠮᠠᠳ ᠪᠠᠭ᠎ᠠ ᠰᠤᠷᠭ᠋ᠠᠭᠤᠯᠢ ᠵᠢᠨ ᠥᠨᠳᠥᠰᠥᠨ ᠱᠠᠳᠥᠨ᠎ᠤ ᠰᠠᠭᠤᠷᠢ ᠰᠤᠷᠭ᠋ᠠᠨ ᠬᠥᠮᠥᠵᠢᠯ᠎ᠢ ᠤᠮᠳᠤᠭ᠋ᠠᠶ᠋ᠢᠯᠠᠵᠥ᠂ 《ᠪᠠᠭ᠎ᠠ ᠰᠤᠷᠭ᠋ᠠᠭᠤᠯᠢ ᠵᠢᠨ ᠱᠠᠲᠦ ᠪᠤᠯ ᠬᠠᠮᠢᠶ᠎ᠠ ᠦᠭᠡᠢ᠂ ᠰᠤᠷᠤᠭᠰᠠᠨ ᠴᠦ᠍ ᠪᠤᠯᠤᠨ᠎ᠠ᠂ ᠰᠤᠷᠬᠤ ᠦᠭᠡᠢ ᠴᠦ᠍ ᠪᠠᠰᠠ ᠪᠤᠯᠤᠨ᠎ᠠ᠂ ᠬᠤᠵᠢᠮ ᠦᠭᠡᠯᠡᠢ ᠪᠤᠯᠤᠭ᠋ᠠᠳ ᠨᠢᠭᠡ ᠯᠠ ᠮᠡᠳᠡᠴᠢᠭᠡᠶ᠎ᠡ》 ᠭᠡᠵᠦ ᠪᠤᠳᠤᠳᠠᠭ᠃ ᠦᠨᠡᠨ᠎ᠢ ᠬᠡᠯᠡᠬᠦ᠎ᠳᠤ᠂ ᠠ᠋ᠨᠡ ᠦᠶ᠎ᠡ᠎ᠳᠤ ᠬᠡᠤᠬᠡᠳ ᠶᠠᠮᠠᠷ ᠬᠡᠪ ᠲᠦᠷᠢᠮ ᠵᠶ᠋ᠠᠷ ᠪᠢᠴᠢᠭ ᠦᠵᠡᠪᠡᠯ ᠲᠡᠶ᠋ᠢᠮᠦ ᠬᠡᠪ ᠲᠦᠷᠢᠮ᠎ᠤᠨ ᠪᠡᠶ᠎ᠡ ᠰᠡᠳᠭᠢᠴᠡ᠎ᠲᠠᠢ ᠪᠤᠯᠵᠦ ᠬᠦᠮᠦᠵᠢᠭᠳᠡᠳᠡᠭ ᠶᠤᠮ᠃ ᠲᠡᠶ᠋ᠢᠮᠦ᠎ᠠᠴᠠ ᠪᠢ ᠬᠡᠤᠬᠡᠨ᠎ᠤ᠎ᠪᠠᠨ ᠪᠠᠭ᠎ᠠ ᠰᠤᠷᠭ᠋ᠠᠭᠤᠯᠢ ᠵᠢᠨ ᠱᠠᠲᠤᠨ᠎ᠤ ᠰᠤᠷᠤᠯᠭ᠎ᠠ ᠵᠢ ᠭᠤᠤᠯ ᠪᠤᠯᠭ᠋ᠠᠬᠤ ᠵᠢᠨ ᠲᠠᠭ᠋ᠠᠤ ᠪᠠᠭᠰᠢ ᠵᠢᠨ ᠦᠯᠡᠳᠡᠭᠡᠭᠰᠡᠨ ᠲᠠᠰᠬᠠᠯ᠎ᠢ ᠶᠠᠭ᠋ᠠᠬᠢᠵᠦ ᠪᠡᠶᠡᠯᠡᠭᠦᠯᠵᠦ ᠪᠠᠶ᠋ᠢᠬᠤ᠂ ᠪᠠᠭᠰᠢ ᠵᠢᠨ ᠵᠶ᠋ᠠᠨ ᠬᠢᠴᠢᠶᠡᠯ᠎ᠢ ᠬᠢᠷᠢ ᠵᠡᠷᠭᠡ ᠰᠡᠳᠭᠢᠯ ᠲᠠᠯᠪᠢᠨ ᠰᠤᠨᠤᠰᠴᠦ ᠪᠠᠶ᠋ᠢᠬᠤ᠂ ᠰᠤᠷᠭ᠋ᠠᠭᠤᠯᠢ᠎ᠳᠤ᠎ᠪᠠᠨ ᠬᠠᠮᠲᠤ ᠨᠦᠬᠦᠳ᠎ᠲᠠᠢ᠎ᠪᠠᠨ ᠬᠢᠷᠢ ᠵᠡᠷᠭᠡ ᠬᠠᠷᠢᠴᠠᠵᠦ ᠪᠠᠶ᠋ᠢᠬᠤ ᠵᠡᠷᠭᠡ ᠤᠯᠠᠨ ᠲᠠᠯ᠎ᠠ᠎ᠠᠴᠠ ᠠᠩᠬᠠᠷᠤᠯ ᠲᠠᠯᠪᠢᠨ ᠠᠵᠢᠭᠯᠠᠨ ᠰᠢᠨᠵᠢᠵᠤ ᠰᠤᠷᠭ᠋ᠠᠨ ᠭᠦᠮᠦᠵᠢᠭᠦᠯᠳᠡᠭ᠃
      ᠨᠢᠭᠡ᠎ᠳᠤ᠂ ᠪᠠᠭ᠎ᠠ ᠰᠤᠷᠭ᠋ᠠᠭᠤᠯᠢ ᠵᠢᠨ ᠨᠢᠭᠡᠲᠦᠭᠡᠷ ᠤᠨ᠎ᠳᠤ ᠲᠤᠭ᠎ᠠ ᠪᠤᠳᠤᠯᠭ᠎ᠠ ᠵᠢᠨ ᠲᠦᠷᠭᠡᠨ ᠪᠤᠳᠤᠯᠭ᠎ᠠ ᠭᠡᠰᠡᠨ ᠬᠢᠲᠡᠳ ᠮᠠᠲᠸᠷᠢᠶᠠᠯ᠎ᠢ ᠠᠪᠴᠦ ᠬᠢᠯᠭᠡᠳᠡᠭ ᠪᠠᠶ᠋ᠢᠵᠠᠢ᠃ ᠲᠤᠰ ᠮᠠᠲᠸᠷᠢᠶᠠᠯ᠎ᠤᠨ ᠠᠭᠤᠯᠭ᠎ᠠ᠎ᠨᠢ ᠲᠡᠶ᠋ᠢᠮᠥ ᠬᠥᠴᠢᠷ ᠪᠢᠰᠢ᠂ ᠰᠡᠳᠥᠪ᠎ᠨᠢ ᠠᠮᠠᠷᠬᠠᠨ ᠪᠠᠶ᠋ᠢᠳᠠᠭ᠎ᠤᠨ ᠤᠴᠢᠷ᠎ᠠᠴᠠ ᠤᠯᠠᠩᠬᠢ ᠭᠡᠷ᠎ᠤᠨ ᠠᠬᠠᠮᠠᠳ ᠠ᠋ᠶ᠋ᠢᠮᠦ ᠬᠢᠯᠪᠡᠷ ᠶᠠᠭᠤᠮ᠎ᠠ ᠵᠢ ᠬᠢᠬᠦ ᠴᠢᠬᠤᠯᠠ ᠦᠭᠡᠢ ᠭᠡᠵᠦ ᠦᠵᠡᠳᠡᠭ ᠪᠢᠯᠠ᠃ ᠭᠡᠲᠡᠯ᠎ᠡ ᠠ᠋ᠨᠡ᠎ᠨᠢ ᠬᠡᠳᠦᠶ᠋ᠢᠪᠡᠷ ᠬᠢᠲᠡᠳ ᠮᠠᠲᠸᠷᠢᠶᠠᠯ ᠪᠤᠯᠪᠠᠴᠦ ᠮᠠᠰᠢ ᠨᠠᠷᠢᠯᠢᠬ᠂ ᠠ᠋ᠮᠬᠢ ᠵᠢᠷᠤᠮ᠎ᠲᠠᠢ᠂ ᠤᠳᠤᠬᠢᠴᠢᠯᠠᠭᠰᠠᠨ ᠬᠡᠯᠪᠡᠷᠢ᠎ᠲᠠᠢ ᠮᠦᠷᠲᠡᠭᠡᠨ ᠴᠢᠨᠠᠷ ᠴᠢᠨᠰᠠᠭ᠎ᠠ᠎ᠨᠢ ᠮᠠᠰᠢ ᠰᠠᠶ᠋ᠢᠨ ᠪᠠᠶ᠋ᠢᠳᠠᠭ᠎ᠠᠴᠠ ᠬᠡᠤᠬᠡᠳ᠎ᠤᠨ ᠰᠡᠳᠤᠪ ᠬᠢᠬᠦ ᠬᠤᠷᠳᠤᠴᠠ ᠪᠠ ᠰᠡᠳᠤᠪ ᠬᠢᠬᠦ ᠤᠨᠤᠪᠴᠢ ᠵᠢᠨ ᠬᠡᠮᠵᠢᠶ᠎ᠡ ᠵᠢ ᠲᠡᠭᠡᠭᠰᠢᠯᠡᠭᠦᠯᠬᠦ᠎ᠳᠤ ᠲᠤᠩ ᠴᠢᠬᠤᠯᠠ ᠦᠢ᠍ᠯᠡᠳᠤᠯ᠎ᠲᠠᠢ ᠭᠡᠵᠦ ᠦᠵᠡᠵᠦ ᠪᠠᠶ᠋ᠢᠨ᠎ᠠ᠃ ᠠ᠋ᠨᠡ ᠮᠠᠲᠸᠷᠢᠶᠠᠯ᠎ᠤᠨ ᠤᠨᠴᠠᠯᠢᠭ᠎ᠤᠨ ᠲᠠᠯ᠎ᠠ᠎ᠠᠴᠠ ᠠᠪᠴᠦ ᠬᠡᠯᠡᠪᠡᠯ᠂ ᠰᠡᠳᠤᠪ᠎ᠢ ᠬᠢᠬᠦ᠎ᠳᠤ ᠰᠤᠷᠤᠭᠴᠢ ᠲᠠᠷᠢᠬᠢ ᠶᠠᠳᠠᠷᠠᠬᠤ ᠦᠭᠡᠢ ᠮᠦᠷᠲᠡᠭᠡᠨ ᠰᠡᠳᠤᠪ ᠬᠢᠬᠦ ᠬᠤᠷᠳᠤᠴᠠ ᠪᠠ ᠠᠷᠭ᠎ᠠ ᠤᠬᠠᠭ᠋ᠠᠨ᠎ᠢ ᠡᠵᠡᠮᠰᠢᠭᠦᠯᠬᠦ ᠵᠡᠷᠭᠡ ᠤᠯᠠᠨ ᠠᠷᠪᠢᠨ ᠰᠠᠶ᠋ᠢᠨ᠎ᠲᠠᠢ ᠲᠠᠯ᠎ᠠ ᠪᠠᠶ᠋ᠢᠳᠠᠭ᠃ ᠠ᠋ᠶ᠋ᠢᠮᠦ᠎ᠠᠴᠠ ᠭᠡᠷ᠎ᠤᠨ ᠠᠬᠠᠮᠠᠳ ᠬᠡᠤᠬᠡᠳ᠎ᠲᠤ᠎ᠪᠠᠨ ᠠ᠋ᠨᠡ ᠰᠡᠳᠤᠪ᠎ᠢ ᠬᠢᠯᠭᠡᠬᠦ᠎ᠨᠢ ᠬᠡᠤᠬᠡᠳ᠎ᠤᠨ ᠲᠦᠷᠭᠡᠨ ᠪᠤᠳᠤᠬᠤ ᠴᠢᠳᠠᠪᠤᠷᠢ ᠵᠢ ᠲᠡᠭᠡᠭᠰᠢᠯᠡᠭᠦᠯᠵᠦ᠂ ᠲᠠᠷᠢᠬᠢᠨ᠎ᠤ ᠬᠦᠭᠵᠢᠯᠲᠡ ᠵᠢ ᠠᠬᠢᠭᠤᠯᠵᠦ ᠲᠡᠶ᠋ᠢᠯᠦᠨ᠎ᠡ ᠭᠡᠵᠦ ᠰᠠᠨᠠᠭᠤᠯᠵᠦ ᠪᠠᠶ᠋ᠢᠨ᠎ᠠ᠃
      ᠬᠤᠶᠠᠷ᠎ᠲᠤ᠂ ᠵᠤᠷᠢᠯᠭ᠎ᠠ᠎ᠲᠠᠢ᠎ᠪᠠᠷ ᠨᠤᠮ᠎ᠤᠨ ᠲᠡᠯᠭᠡᠭᠦᠷ᠎ᠲᠤ ᠤᠴᠢᠵᠦ ᠨᠤᠮ ᠤᠩᠰᠢᠭᠤᠯᠳᠠᠭ ᠪᠠᠶ᠋ᠢᠵᠠᠢ᠃ ᠮᠢᠨᠤ ᠴᠡᠭᠡᠵᠢᠯᠡᠵᠦ ᠪᠠᠶ᠋ᠢᠬᠤ᠎ᠪᠠᠷ ᠦᠬᠢᠨ ᠵᠶ᠋ᠠᠨ ᠲᠤᠯᠤᠭ᠋ᠠᠨ ᠨᠠᠰᠤ᠎ᠲᠠᠢ ᠦᠶ᠎ᠡ᠎ᠳᠤ ᠭᠠᠨᠵᠤᠭ᠎ᠠ ᠪᠠᠯᠭ᠋ᠠᠰᠤᠨ᠎ᠤ ᠰᠢᠠᠭ᠍ᠤᠸᠠ ᠨᠤᠮ᠎ᠤᠨ ᠲᠡᠯᠭᠡᠬᠦᠷ᠎ᠲᠤ ᠲᠠᠭ᠋ᠠᠭᠤᠯᠵᠦ ᠤᠴᠢᠭᠰᠠᠨ᠎ᠳᠤ᠂ ᠬᠡᠤᠬᠡᠨ ᠮᠢᠨᠢ ᠲᠡᠯᠭᠡᠬᠦᠷ᠎ᠤᠨ ᠠ᠋ᠭᠦᠳᠡᠨ᠎ᠳᠤ ᠭᠦᠷᠦᠮᠡᠭᠴᠡ 《ᠠ᠋ᠨᠡ ᠴᠢᠨᠢ ᠮᠢᠨᠤ ᠠ᠋ᠮᠡᠭᠡ ᠵᠢᠨ ᠨᠠᠳᠠ᠎ᠳᠤ ᠬᠡᠯᠡᠵᠦ ᠦᠭᠭᠦᠭᠰᠡᠨ ᠦᠯᠢᠭᠡᠷ ᠪᠤᠯᠤᠨ᠎ᠠ᠂ ᠪᠢ ᠲᠤᠮᠤᠭ ᠦᠯᠢᠭᠡᠷ᠎ᠢ ᠠᠪᠤᠨ᠎ᠠ》 ᠭᠡᠪᠡ᠃ ᠠ᠋ᠭᠦᠨ ᠵᠶ᠋ᠠᠷ ᠪᠠᠷᠠᠭ᠍ᠤ ᠦᠭᠡᠢ ᠲᠡᠷᠡ ᠨᠤᠮ᠎ᠢ ᠬᠤᠳᠠᠯᠳᠤᠨ ᠠᠪᠤᠮᠠᠭᠴᠠ ᠨᠤᠮ᠎ᠤᠨ ᠲᠡᠯᠭᠡᠬᠦᠷ᠎ᠲᠤ ᠰᠠᠭᠤᠵᠦ ᠪᠠᠶ᠋ᠢᠭ᠋ᠠᠳ ᠤᠩᠰᠢᠵᠦ ᠲᠠᠭᠤᠰᠬᠠᠭᠰᠠᠨ ᠪᠦᠭᠡᠳ ᠠ᠋ᠮᠡᠭᠡ ᠵᠢᠨ ᠵᠶ᠋ᠠᠨ ᠬᠡᠯᠡᠵᠦ ᠦᠭᠭᠦᠭᠰᠡᠨ ᠦᠭᠡᠷ᠎ᠡ ᠪᠤᠰᠤᠳ ᠦᠯᠢᠭᠡᠷ᠎ᠤᠨ ᠨᠤᠮ᠎ᠤᠳ᠎ᠢ ᠪᠠᠷᠤᠭ ᠪᠦᠬᠦᠨ᠎ᠢ ᠬᠤᠳᠠᠯᠳᠤᠨ ᠠᠪᠤᠭᠰᠠᠨ ᠪᠠᠶ᠋ᠢᠨ᠎ᠠ᠃ ᠪᠢ ᠬᠡᠤᠬᠡᠨ᠎ᠤ᠎ᠪᠠᠨ ᠠ᠋ᠶ᠋ᠢᠨ ᠬᠦ᠌ ᠨᠤᠮ᠎ᠳᠤ ᠬᠤᠷᠤᠬᠠᠢ᠎ᠲᠠᠢ ᠪᠤᠯᠤᠭᠰᠠᠨ᠎ᠢ ᠮᠡᠳᠡᠭᠰᠡᠨ᠎ᠤ ᠲᠠᠷᠠᠭ᠎ᠠ᠂ ᠭᠠᠷᠠᠭ ᠪᠤᠯᠭ᠋ᠠᠨ ᠨᠤᠮ᠎ᠤᠨ ᠲᠡᠯᠭᠡᠬᠦᠷ᠎ᠲᠤ ᠲᠠᠭ᠋ᠠᠭᠤᠯᠤᠨ ᠤᠴᠢᠳᠠᠭ ᠪᠤᠯᠪᠠ᠃ ᠨᠤᠮ᠎ᠤᠨ ᠲᠡᠯᠭᠡᠬᠦᠷ᠎ᠲᠤ ᠤᠴᠢᠬᠤ᠎ᠳᠤ᠎ᠪᠠᠨ ᠪᠢ ᠬᠡᠤᠬᠡᠨ᠎ᠳᠤ᠎ᠪᠠᠨ ᠶᠠᠮᠠᠷ ᠨᠤᠮ ᠦᠵᠡᠬᠦ ᠵᠢ ᠵᠠᠬᠢᠳᠠᠭ ᠦᠭᠡᠢ ᠪᠦᠭᠡᠳ ᠬᠢᠲᠡᠳ ᠨᠤᠮ᠂ ᠮᠤᠩᠭᠤᠯ ᠨᠤᠮ᠎ᠤᠨ ᠠᠯᠢᠨ᠎ᠢ᠎ᠨᠢ ᠦᠵᠡᠭᠰᠡᠨ ᠴᠦ᠍ ᠤᠭᠲᠤ ᠬᠠᠮᠢᠶᠠᠷᠳᠠᠭ ᠦᠭᠡᠢ ᠶᠤᠮ᠃ ᠤᠳᠠᠭ᠎ᠠ ᠪᠤᠯᠭ᠋ᠠᠨ ᠬᠤᠶᠠᠷ ᠴᠠᠭ ᠪᠤᠶᠤ ᠬᠠᠭ᠋ᠠᠰ ᠠ᠋ᠳᠦᠷ᠎ᠤᠨ ᠴᠠᠭ ᠭᠠᠷᠭ᠋ᠠᠨ ᠲᠤᠷᠡᠲᠡᠢ ᠨᠤᠮ᠎ᠢ᠎ᠨᠢ ᠤᠩᠰᠢᠭᠤᠯᠵᠦ ᠪᠠᠷᠠᠭᠰᠠᠨ᠎ᠤ ᠲᠠᠷᠠᠭ᠎ᠠ ᠭᠡᠷ᠎ᠲᠤ᠎ᠪᠠᠨ ᠬᠠᠷᠢᠳᠠᠭ᠃ ᠢᠩᠭᠢᠵᠦ ᠠ᠋ᠳᠦᠷ ᠬᠤᠨᠤᠭ ᠦᠷᠭᠦᠯᠵᠢᠯᠡᠬᠦ ᠵᠢ ᠲᠠᠭ᠋ᠠᠯᠳᠤᠨ ᠬᠡᠤᠬᠡᠨ᠎ᠤ ᠨᠤᠮ ᠦᠵᠡᠬᠦ ᠤᠷᠮ᠎ᠠ ᠪᠠᠬ᠎ᠠ᠎ᠨᠢ ᠤᠯᠠᠮ ᠨᠡᠮᠡᠭᠳᠡᠵᠦ᠂ ᠭᠠᠷᠠᠭ᠎ᠤᠨ ᠠ᠋ᠳᠦᠷ ᠪᠤᠯᠪᠠᠯ ᠦᠪᠡᠷ ᠵᠶ᠋ᠠᠨ ᠨᠤᠮ᠎ᠤᠨ ᠳᠡᠯᠭᠡᠭᠦᠷ᠎ᠲᠤ ᠤᠴᠢᠬᠤ ᠵᠢ ᠭᠤᠶᠤᠴᠢᠯᠠᠳᠠᠭ ᠪᠤᠯᠪᠠ᠃ ᠲᠡᠷᠡ ᠦᠶ᠎ᠡ᠎ᠳᠤ ᠪᠢ ᠬᠡᠤᠬᠡᠨ ᠵᠶ᠋ᠠᠨ ᠨᠤᠮ᠎ᠤᠨ ᠲᠡᠯᠭᠡᠬᠦᠷ᠎ᠲᠤ ᠬᠦᠷᠭᠡᠵᠦ ᠤᠴᠢᠪᠠᠯ ᠬᠦᠯᠢᠶᠡᠵᠦ ᠰᠠᠭᠤᠳᠠᠭ ᠦᠭᠡᠢ ᠪᠤᠯᠤᠭᠰᠠᠨ ᠮᠦᠷᠲᠡᠭᠡᠨ᠂ ᠬᠡᠤᠬᠡᠨ ᠦᠪᠡᠷ᠎ᠤᠨ ᠲᠤᠷ᠎ᠡ᠎ᠪᠠᠷ ᠵᠶ᠋ᠠᠨ ᠨᠤᠮ ᠵᠶ᠋ᠠᠨ ᠤᠩᠰᠢᠵᠦ ᠪᠠᠷᠠᠪᠠᠯ ᠦᠪᠡᠷᠲᠡᠭᠡᠨ ᠭᠡᠷ᠎ᠲᠤ᠎ᠪᠠᠨ ᠬᠠᠷᠢᠵᠦ ᠢᠷᠡᠳᠡᠭ ᠪᠤᠯᠪᠠ᠃
      ᠭᠤᠷᠪᠠ᠎ᠳᠤ᠂ ᠲᠠᠰᠬᠠᠯ ᠵᠶ᠋ᠠᠨ ᠴᠠᠭ ᠲᠤᠬᠠᠢ᠎ᠳᠤ᠎ᠨᠢ ᠬᠢᠭᠦ᠂ ᠰᠢᠯᠭ᠋ᠠᠯᠳᠠ ᠵᠢᠨ ᠰᠡᠳᠥᠪ ᠵᠶ᠋ᠠᠨ ᠠᠯᠢ ᠠᠯᠢ ᠵᠢ᠎ᠨᠢ ᠬᠢᠵᠥ ᠴᠢᠳᠠᠭ᠍ᠤ ᠥᠭᠡᠢ ᠪᠠᠶ᠋ᠢᠬᠤ ᠲᠤᠬᠠᠢ ᠵᠠᠳᠠᠯᠥᠨ ᠰᠢᠨᠵᠢᠯᠡᠵᠥ ᠬᠡᠯᠡᠵᠥ ᠦᠭᠬᠦ ᠵᠢ ᠬᠢᠴᠢᠶᠡᠳᠡᠭ ᠪᠠᠶ᠋ᠢᠵᠠᠢ᠃ ᠬᠡᠤᠬᠡᠨ᠎ᠢ ᠰᠤᠷᠭ᠋ᠠᠭᠤᠯᠢ᠎ᠳᠤ ᠤᠷᠤᠭᠰᠠᠨ᠎ᠠᠴᠠ ᠠᠪᠤᠭ᠋ᠠᠳ ᠲᠤᠮᠲᠠᠳᠤ ᠰᠤᠷᠭ᠋ᠠᠭᠤᠯᠢ ᠵᠢ ᠲᠡᠭᠦᠰᠬᠦ ᠪᠤᠯᠲᠠᠯ᠎ᠠ᠂ ᠪᠢ ᠬᠡᠤᠬᠡᠨ᠎ᠤ ᠠᠩᠭ᠍ᠯᠢ ᠬᠡᠯᠡᠨ᠎ᠠᠴᠠ ᠪᠤᠰᠤᠳ ᠬᠢᠴᠢᠶᠡᠯ ᠲᠦᠷᠤᠯ᠎ᠤᠨ ᠰᠢᠯᠭ᠋ᠠᠯᠲᠠ ᠵᠢ ᠶᠡᠭᠡ ᠪᠠᠭ᠎ᠠ ᠭᠡᠵᠦ ᠬᠠᠮᠢᠶᠠᠷᠬᠤ ᠦᠭᠡᠢ ᠯᠠᠪᠲᠠᠢ ᠬᠢᠨᠠᠨ ᠪᠠᠶ᠋ᠢᠴᠠᠭ᠋ᠠᠬᠤ ᠵᠢ ᠢᠮᠠᠭᠲᠠ ᠪᠠᠷᠢᠮᠳᠠᠯᠠᠳᠠᠭ᠃ ᠰᠡᠳᠤᠪ᠎ᠢ ᠬᠢᠨᠠᠭ᠍ᠤ ᠲᠤᠮᠲᠠ ᠠᠯᠢ ᠰᠡᠳᠤᠪ᠎ᠢ ᠬᠢᠵᠦ ᠴᠢᠳᠠᠭᠰᠠᠨ᠂ ᠠᠯᠢ ᠰᠡᠳᠤᠪ᠎ᠢ ᠬᠢᠵᠦ ᠴᠢᠳᠠᠭᠰᠠᠨ ᠦᠭᠡᠢ ᠪᠤᠶᠤ ᠶᠠᠭ᠋ᠠᠬᠢᠵᠦ ᠬᠢᠬᠦ ᠠ᠋ᠰᠡᠭᠦᠯ᠎ᠡ ᠦᠭᠡᠷ᠎ᠡ ᠶᠠᠮᠠᠷ ᠬᠢᠬᠦ ᠠᠷᠭ᠎ᠠ ᠪᠠᠶ᠋ᠢᠬᠤ ᠲᠤᠬᠠᠢ ᠤᠯᠠᠨ ᠠᠷᠪᠢᠨ ᠶᠠᠷᠢᠯᠴᠠᠨ ᠵᠤᠭᠤᠭᠳᠠᠳᠠᠭ ᠪᠠᠶ᠋ᠢᠪᠠ᠃ ᠠ᠋ᠭᠦᠨ ᠵᠶ᠋ᠠᠷ ᠲᠠᠮᠵᠢᠨ ᠮᠢᠨᠤ ᠬᠡᠤᠬᠡᠨ᠎ᠤ ᠤᠢ ᠤᠬᠠᠭ᠋ᠠᠨ᠎ᠳᠤ ᠰᠢᠯᠭ᠋ᠠᠯᠲᠠ ᠭᠡᠳᠡᠭ ᠪᠤᠯ ᠲᠤᠶ᠋ᠢᠯ᠎ᠤᠨ ᠴᠢᠬᠤᠯᠠ ᠭᠡᠰᠡᠨ ᠦᠵᠡᠯᠲᠡ ᠪᠤᠢ ᠪᠤᠯᠵᠦ ᠪᠦᠷᠢᠯᠳᠦᠭᠰᠡᠨ ᠪᠠᠶ᠋ᠢᠨ᠎ᠠ᠃ ᠠ᠋ᠶ᠋ᠢᠮᠦ᠎ᠠᠴᠠ ᠬᠡᠤᠭᠡᠨ ᠮᠠᠨᠢ ᠰᠢᠯᠭ᠋ᠠᠯᠲᠠ ᠪᠤᠯᠭ᠋ᠠᠨ᠎ᠢ ᠬᠦᠨᠳᠦᠳᠭᠡᠨ ᠦᠵᠡᠵᠦ ᠬᠦᠩᠭᠡᠨ ᠬᠠᠭᠤᠳᠠᠮᠴᠢ ᠬᠠᠨᠳᠤᠳᠠᠭ ᠦᠭᠡᠢ ᠪᠤᠯᠪᠠ᠃
      ᠲᠦᠷᠪᠡ᠎ᠳᠤ᠂ ᠭᠠᠳᠠᠭ᠋ᠠᠳᠥ ᠤᠷᠴᠢᠨ᠎ᠲᠠᠢ ᠬᠠᠷᠢᠯᠴᠠᠭ᠍ᠤ ᠲᠠᠯ᠎ᠠ᠎ᠪᠠᠷ ᠬᠢᠵᠠᠭ᠋ᠠᠷᠯᠠᠳᠠᠭ ᠪᠠᠶ᠋ᠢᠵᠠᠢ᠃ ᠪᠢ ᠬᠡᠤᠭᠡᠨ ᠵᠶ᠋ᠠᠨ ᠪᠠᠭ᠎ᠠ᠎ᠠᠴᠠ᠎ᠨᠢ ᠶᠡᠭᠡ ᠪᠠᠭ᠎ᠠ ᠨᠠᠶ᠋ᠢᠷ ᠨᠠᠭ᠋ᠠᠳᠤᠮ ᠪᠤᠶᠤ ᠬᠤᠭᠤᠯᠠᠨ ᠰᠢᠷᠡᠭᠡ ᠵᠡᠷᠭᠡ ᠤᠯᠠᠨ ᠨᠡᠶ᠋ᠢᠳᠡ ᠵᠢᠨ ᠲᠠᠯᠠᠪᠤᠷ᠎ᠲᠤ ᠲᠠᠭ᠋ᠠᠭᠤᠯᠵᠥ ᠤᠴᠢᠬᠤ ᠵᠢ ᠶᠡᠭᠡ ᠬᠢᠴᠢᠶᠡᠳᠡᠭ ᠪᠠᠶ᠋ᠢᠪᠠ᠃ ᠤᠴᠢᠷ᠎ᠨᠢ ᠬᠤᠭᠤᠯᠠᠨ ᠰᠢᠷᠡᠭᠡ ᠭᠡᠳᠡᠭ ᠪᠤᠯ ᠤᠯᠠᠨ ᠵᠦᠢ᠍ᠯ᠎ᠤᠨ ᠬᠦᠮᠦᠰ ᠴᠤᠭᠯᠠᠷᠠᠨ ᠦᠪᠡᠷ ᠦᠪᠡᠷ᠎ᠤᠨ ᠦᠵᠡᠯᠲᠡ ᠵᠤᠷᠢᠯᠲᠡ᠎ᠪᠠᠨ ᠶᠠᠷᠢᠬᠤ ᠪᠤᠶᠤ ᠨᠠᠭ᠋ᠠᠳᠤᠮ ᠲᠤᠭᠯᠠᠭ᠋ᠠᠮ ᠭᠠᠷᠭ᠋ᠠᠳᠠᠭ ᠴᠢᠯᠦᠭᠡᠲᠡᠢ ᠤᠷᠴᠢᠨ ᠪᠠᠶ᠋ᠢᠵᠦ᠂ ᠠ᠋ᠨᠡ ᠰᠢᠷᠡᠭᠡᠨ᠎ᠠᠴᠠ ᠠ᠋ᠯᠳᠡᠪ᠎ᠤᠨ ᠰᠤᠨᠢᠨ ᠰᠡᠪᠡᠭᠦᠨ᠂ ᠮᠠᠭᠤ ᠮᠠᠭᠤᠬᠠᠢ ᠪᠤᠶᠤ ᠵᠦᠪ ᠪᠤᠷᠤᠭᠤ ᠶᠠᠮᠠᠷᠴᠦ ᠦᠭᠡ ᠶᠠᠷᠢᠶ᠎ᠠ ᠪᠦᠷ ᠭᠠᠷᠴᠦ ᠪᠤᠯᠳᠠᠭ᠃ ᠲᠡᠶ᠋ᠢᠮᠤ ᠪᠤᠯᠬᠤᠷ ᠪᠠᠭ᠎ᠠ ᠨᠠᠰᠤᠨ᠎ᠤ ᠬᠡᠤᠬᠡᠳ᠎ᠢ ᠠ᠋ᠯᠳᠡᠪ ᠠ᠋ᠰᠡᠨ ᠨᠠᠶ᠋ᠢᠷ ᠨᠠᠭ᠋ᠠᠳᠤᠮ᠎ᠤᠨ ᠰᠢᠷᠡᠭᠡᠨ᠎ᠳᠤ ᠲᠠᠭ᠋ᠠᠭᠤᠯᠵᠦ ᠤᠴᠢᠬᠤ᠎ᠨᠢ ᠵᠠᠷᠢᠮ ᠮᠠᠭᠤ ᠮᠠᠭᠤᠬᠠᠢ ᠵᠦᠢ᠍ᠯ᠎ᠳᠤ ᠨᠦᠯᠦᠭᠡᠯᠡᠭᠳᠡᠬᠦ ᠪᠤᠶᠤ ᠨᠠᠵᠠᠭ᠋ᠠᠢ ᠪᠤᠷᠤᠭᠤ ᠤᠶ᠋ᠢᠯᠠᠭ᠋ᠠᠯᠲᠠ᠎ᠲᠠᠢ ᠪᠤᠯᠵᠦ ᠮᠡᠳᠡᠬᠦ ᠶᠤᠮ᠃
      ᠲᠠᠪᠤ᠎ᠳᠤ᠂ ᠬᠡᠤᠬᠡᠨ ᠵᠶ᠋ᠠᠨ ᠠ᠋ᠳᠤᠷ ᠪᠦᠷᠢ ᠰᠤᠷᠤᠭᠰᠠᠨ ᠬᠢᠴᠢᠶᠡᠯ ᠲᠤᠷᠤᠯ᠎ᠤᠨ ᠲᠤᠬᠠᠢ ᠶᠠᠷᠢᠭᠤᠯᠳᠠᠭ ᠪᠠᠶ᠋ᠢᠵᠠᠢ᠃ ᠪᠢ ᠭᠡᠤᠬᠡᠨ ᠵᠶ᠋ᠠᠨ ᠰᠤᠷᠭ᠋ᠠᠭᠤᠯᠢ᠎ᠳᠤ ᠤᠷᠤᠭᠰᠠᠨ ᠲᠡᠷᠡ ᠴᠠᠭ᠎ᠠᠴᠠ᠎ᠨᠢ ᠠ᠋ᠬᠢᠯᠡᠵᠥ ᠠ᠋ᠳᠥᠷ ᠪᠥᠷᠢ ᠰᠤᠷᠭ᠋ᠠᠭᠤᠯᠢ᠎ᠳᠤ᠎ᠪᠠᠨ ᠶᠠᠭᠤ ᠰᠤᠷᠤᠭᠰᠠᠨ ᠲᠤᠬᠠᠢ ᠬᠡᠷ᠎ᠲᠤ᠎ᠪᠠᠨ ᠢᠷᠡᠪᠡᠯ ᠵᠠᠪᠠᠯ ᠶᠠᠷᠢᠭᠤᠯᠳᠠᠭ ᠪᠠᠶ᠋ᠢᠭᠰᠠᠨ ᠶᠤᠮ᠃ ᠵᠢᠱ᠌ᠢᠶᠡᠯᠡᠪᠡᠯ᠂ ᠨᠢᠭᠡᠲᠦᠭᠡᠷ ᠬᠢᠴᠢᠶᠡᠯ ᠪᠤᠯ ᠲᠤᠭ᠎ᠠ ᠪᠤᠳᠤᠯᠭ᠎ᠠ ᠵᠢᠨ ᠬᠢᠴᠢᠶᠡᠯ᠂ ᠬᠤᠶᠠᠳᠤᠭ᠋ᠠᠷ ᠬᠢᠴᠢᠶᠡᠯ ᠪᠤᠯ ᠬᠡᠯᠡ ᠪᠢᠴᠢᠭ᠎ᠤᠨ ᠬᠢᠴᠢᠶᠡᠯ ᠪᠠᠶ᠋ᠢᠵᠦ᠂ ᠲᠤᠭ᠋ᠠᠨ᠎ᠤ ᠬᠢᠴᠢᠶᠡᠯ᠎ᠳᠤ ᠶᠠᠭᠤ ᠵᠢ ᠰᠤᠷᠴᠦ ᠬᠡᠯᠡ ᠪᠢᠴᠢᠭ᠎ᠤᠨ ᠬᠢᠴᠢᠶᠡᠯ᠎ᠳᠤ ᠶᠠᠭᠤ ᠵᠢ ᠰᠤᠷᠤᠭᠰᠠᠨ ᠲᠤᠬᠠᠢ ᠨᠠᠷᠢᠨ ᠨᠢᠭᠲᠠ ᠲᠠᠶ᠋ᠢᠯᠪᠤᠷᠢᠯᠠᠨ ᠶᠠᠷᠢᠭᠤᠯᠳᠠᠭ ᠪᠠᠶ᠋ᠢᠪᠠ᠃ ᠢᠩᠭᠢᠵᠥ ᠤᠷᠳᠤ ᠬᠤᠭᠤᠴᠠᠭ᠎ᠠ ᠶᠠᠷᠢᠭᠤᠯᠬᠤ᠎ᠪᠠᠷ ᠲᠠᠮᠵᠢᠭ᠋ᠠᠳ ᠬᠡᠤᠭᠡᠨ᠎ᠤ ᠰᠤᠷᠤᠯᠭ᠎ᠠ ᠵᠢᠨ ᠵᠠᠮ᠎ᠳᠤ ᠬᠢᠴᠢᠶᠡᠯ᠎ᠤᠨ ᠴᠠᠭ᠎ᠲᠤ ᠪᠠᠭᠰᠢ ᠵᠢᠨ ᠲᠠᠶ᠋ᠢᠯᠪᠤᠷᠢᠯᠠᠭ᠍ᠤ ᠵᠢ ᠵᠠᠪᠠᠯ ᠰᠡᠳᠭᠢᠯ ᠲᠠᠯᠪᠢᠨ ᠰᠤᠨᠤᠰᠬᠤ ᠬᠡᠷᠡᠭᠲᠡᠢ ᠭᠡᠰᠡᠨ ᠦᠵᠡᠯᠲᠡ ᠪᠤᠢ ᠪᠤᠯᠵᠦ ᠪᠦᠷᠢᠯᠲᠦᠭᠰᠡᠨ ᠪᠠᠶ᠋ᠢᠨ᠎ᠠ᠃ ᠠ᠋ᠶ᠋ᠢᠮᠦ᠎ᠠᠴᠠ ᠬᠡᠵᠢᠶ᠎ᠡ ᠶᠠᠮᠠᠷ ᠰᠤᠷᠭ᠋ᠠᠭᠤᠯᠢ᠎ᠳᠤ ᠤᠷᠤᠭᠰᠠᠨ ᠴᠦ᠍ ᠲᠡᠷᠡ ᠮᠠᠨᠢ ᠪᠠᠭᠰᠢ ᠵᠢᠨ ᠬᠢᠴᠢᠶᠡᠯ᠎ᠢ ᠲᠦᠢ᠍ᠯ ᠵᠶ᠋ᠠᠷ ᠠᠩᠬᠠᠷᠤᠯ ᠲᠦᠪᠯᠡᠷᠡᠭᠦᠯᠦᠨ ᠰᠤᠨᠤᠰᠳᠠᠭ ᠪᠤᠯᠵᠦ᠂ ᠬᠢᠴᠢᠶᠡᠯ ᠲᠡᠭᠡᠷ᠎ᠡ ᠭᠠᠷᠴᠦ ᠢᠷᠡᠬᠦ ᠪᠤᠢ ᠪᠦᠬᠦᠢ ᠮᠡᠳᠡᠯᠭᠡ ᠵᠢ ᠦᠨᠳᠦᠰᠦᠨ᠎ᠳᠤ᠎ᠪᠠᠨ ᠲᠡᠮᠡᠢ ᠠᠯᠳᠠᠳᠠᠭ ᠦᠭᠡᠢ ᠪᠠᠶ᠋ᠢᠪᠠ᠃ ᠤᠴᠢᠷ᠎ᠨᠢ᠂ ᠲᠡᠷᠡ ᠬᠢᠴᠢᠶᠡᠯ ᠲᠡᠭᠡᠷᠡᠬᠢ ᠮᠡᠳᠡᠯᠭᠡ ᠵᠢ ᠲᠤᠬᠠᠢ ᠵᠢᠨ ᠴᠠᠭ᠎ᠲᠤ᠎ᠨᠢ ᠰᠢᠩᠭᠡᠭᠡᠵᠦ ᠴᠢᠳᠠᠳᠠᠭ ᠪᠤᠯᠴᠢᠬᠠᠭᠰᠠᠨ ᠪᠤᠯᠬᠤᠷ᠂ ᠬᠢᠴᠢᠶᠡᠯ᠎ᠠᠴᠠ ᠭᠠᠳᠠᠭᠤᠷ ᠲᠡᠮᠡᠢ ᠬᠦᠴᠦ ᠲᠡᠯᠪᠢᠨ ᠲᠠᠪᠲᠠᠭ᠍ᠤ ᠦᠭᠡᠢ ᠪᠠᠶ᠋ᠢᠭᠰᠠᠨ ᠴᠦ᠍ ᠰᠤᠷᠤᠯᠭ᠎ᠠ ᠵᠢᠨ ᠬᠢᠷᠢ ᠪᠦᠲᠦᠮᠵᠢ᠎ᠨᠢ ᠨᠠᠯᠢᠶᠡᠳ ᠲᠤᠭᠲᠠᠪᠤᠷᠢᠲᠡᠢ ᠪᠤᠯᠤᠭᠰᠠᠨ᠎ᠲᠠᠢ ᠬᠤᠯᠪᠤᠭ᠎ᠠ᠎ᠲᠠᠢ ᠭᠡᠵᠦ ᠦᠵᠡᠨ᠎ᠡ᠃ ᠭᠡᠤᠭᠡᠨ ᠮᠢᠨᠢ ᠲᠡᠭᠡᠳᠤ ᠲᠤᠮᠲᠠᠳᠤ ᠲᠡᠭᠦᠰᠲᠡᠯ᠎ᠡ ᠬᠡᠵᠢᠶᠡᠲᠡ ᠦᠷᠯᠦᠭᠡ ᠲᠤᠯᠤᠭ᠋ᠠᠨ ᠴᠠᠭ᠎ᠲᠤ ᠪᠤᠰᠴᠦ᠂ ᠤᠷᠤᠢ ᠪᠠᠰᠠ ᠲᠡᠶ᠋ᠢᠮᠦ ᠤᠷᠤᠢ ᠪᠤᠯᠳᠠᠭ ᠦᠭᠡᠢ᠂ ᠤᠨᠲᠠᠭ᠍ᠤ ᠴᠠᠭ᠎ᠲᠤ᠎ᠪᠠᠨ ᠤᠨᠲᠠᠳᠠᠭ ᠪᠠᠶ᠋ᠢᠪᠠ᠃
     (ᠲᠥᠷᠪᠡ) ᠦᠷᠢᠰᠦᠯᠳᠦᠭᠡᠨ᠎ᠤ ᠴᠢᠳᠠᠪᠥᠷᠢ ᠵᠢ᠎ᠨᠢ ᠠᠯᠬᠤᠮ ᠠᠯᠬᠤᠮ ᠵᠶ᠋ᠠᠷ ᠪᠠᠳᠠᠷᠠᠭᠤᠯᠤᠨ᠎ᠠ
      ᠮᠢᠨᠤ ᠬᠡᠦᠬᠡᠨ ᠴᠢᠯᠠᠭᠤᠲᠦ ᠰᠤᠮᠤ ᠵᠢᠨ ᠭᠤᠤᠯ ᠪᠠᠭ᠎ᠠ ᠰᠤᠷᠭ᠋ᠠᠭᠤᠯᠢ᠎ᠳᠤ ᠪᠢᠴᠢᠭ ᠦᠵᠡᠵᠠᠢ᠃ ᠰᠤᠷᠭ᠋ᠠᠭᠤᠯᠢ᠎ᠳᠤ ᠰᠠᠭᠤᠵᠦ ᠪᠢᠴᠢᠭ ᠦᠵᠡᠬᠦ ᠪᠤᠯᠤᠭᠰᠠᠨ᠎ᠤ ᠲᠠᠷᠠᠭ᠎ᠠ ᠪᠢ ᠭᠡᠦᠭᠡᠨ᠎ᠤ᠎ᠪᠠᠨ ᠪᠡᠶ᠎ᠡ ᠲᠡᠭᠡᠷ᠎ᠡ ᠨᠢᠭᠡᠨ ᠵᠦᠢ᠍ᠯ᠎ᠤᠨ ᠠ᠋ᠮᠵᠡᠭ ᠲᠠᠯ᠎ᠠ ᠪᠠᠶ᠋ᠢᠬᠤ ᠵᠢ ᠤᠯᠵᠦ ᠮᠡᠳᠡᠵᠡᠢ᠃ ᠲᠡᠷᠡ᠎ᠨᠢ ᠶᠡᠭᠤ ᠪᠤᠢ ᠭᠡᠪᠡᠯ᠂ ᠨᠢᠭᠡ ᠶᠠᠭᠤᠮ᠎ᠠ ᠵᠢ ᠰᠤᠷᠤᠭ᠋ᠠᠳ ᠬᠦᠮᠦᠨ᠎ᠤ ᠠ᠋ᠮᠦᠨ᠎ᠡ ᠤᠷᠤᠴᠢᠬᠠᠪᠠᠯ ᠲᠡᠮᠡᠢ ᠶᠡᠭᠡ ᠴᠢᠷᠮᠠᠶ᠋ᠢᠬᠤ ᠦᠭᠡᠢ ᠪᠠᠶ᠋ᠢᠳᠠᠯ ᠢᠯᠡᠷᠡᠳᠡᠭ᠃ ᠵᠢᠱ᠌ᠢᠶᠡᠯᠡᠪᠡᠯ᠂ ᠠᠩᠭᠢ᠎ᠳᠤ᠎ᠪᠠᠨ ᠲᠦᠷᠦᠭᠦᠦ ᠨᠢᠭᠡ ᠬᠤᠶᠠᠷ᠎ᠲᠤ ᠤᠷᠤᠪᠠᠯ ᠲᠡᠮᠡᠢ ᠶᠡᠭᠡ ᠴᠢᠷᠮᠠᠶ᠋ᠢᠬᠤ ᠦᠭᠡᠢ᠂ ᠤᠮᠤᠷᠬᠠᠭ ᠰᠠᠭᠰᠠᠭᠤ ᠵᠠᠩ ᠭᠠᠷᠭ᠋ᠠᠳᠠᠭ᠃ ᠪᠠᠭ᠎ᠠ ᠰᠤᠷᠭ᠋ᠠᠭᠤᠯᠢ ᠵᠢᠨ ᠭᠤᠷᠪᠠᠳᠤᠭ᠋ᠠᠷ ᠤᠨ᠎ᠤ ᠦᠶ᠎ᠡ᠎ᠳᠤ ᠴᠢᠯᠠᠭᠤᠲᠤ ᠭᠤᠤᠯ ᠪᠠᠭ᠎ᠠ ᠰᠤᠷᠭ᠋ᠠᠭᠤᠯᠢ ᠵᠢᠨ ᠨᠢᠭᠡ ᠤᠨ᠎ᠳᠤ ᠬᠤᠶᠠᠷ ᠠᠩᠭᠢ᠎ᠲᠠᠢ ᠪᠤᠯᠤᠭᠰᠠᠨ ᠪᠢᠯᠡ᠃ ᠭᠡᠪᠡᠴᠦ ᠬᠡᠤᠬᠡᠨ᠎ᠤ ᠰᠤᠷᠤᠯᠭ᠎ᠠ ᠵᠢᠨ ᠬᠢᠷᠢ ᠪᠦᠲᠦᠮᠵᠢ᠎ᠨᠢ ᠦᠨᠳᠦᠰᠦᠨ᠎ᠳᠤ᠎ᠪᠠᠨ ᠨᠡᠯᠢᠶᠡᠳ ᠰᠠᠶ᠋ᠢᠨ ᠪᠠᠶ᠋ᠢᠳᠠᠭ᠎ᠠᠴᠠ ᠤᠮᠤᠷᠬᠠᠭ ᠵᠠᠩ ᠭᠠᠷᠭ᠋ᠠᠨ ᠲᠡᠮᠡᠢ ᠴᠢᠷᠮᠠᠶ᠋ᠢᠨ ᠰᠤᠷᠤᠯᠴᠠᠳᠠᠭ ᠦᠭᠡᠢ ᠪᠤᠯᠪᠠ᠃ ᠠ᠋ᠨᠡ ᠪᠠᠶ᠋ᠢᠳᠠᠯ᠎ᠢ ᠦᠵᠡᠵᠦ ᠭᠠᠷᠤᠭᠰᠠᠨ᠎ᠤ ᠲᠠᠷᠠᠭ᠎ᠠ᠂ ᠪᠢ ᠬᠡᠤᠬᠡᠨ ᠵᠶ᠋ᠠᠨ ᠲᠦᠷᠪᠡᠲᠦᠭᠡᠷ ᠤᠨ ᠪᠤᠯᠬᠤ᠎ᠳᠤ ᠭᠠᠨᠵᠤᠭ᠎ᠠ᠎ᠳᠤ᠎ᠬᠢ ᠮᠤᠩᠭᠤᠯ ᠦᠨᠳᠦᠰᠦᠲᠡᠨ᠎ᠤ ᠲᠤᠷᠰᠢᠯᠲᠠ ᠵᠢᠨ ᠪᠠᠭ᠎ᠠ ᠰᠤᠷᠭ᠋ᠠᠭᠤᠯᠢ᠎ᠳᠤ ᠬᠦᠷᠭᠡᠨ ᠰᠤᠷᠤᠯᠴᠠᠭᠤᠯᠤᠭᠰᠠᠨ ᠶᠤᠮ᠃ ᠲᠤᠰ ᠰᠤᠷᠭ᠋ᠠᠭᠤᠯᠢ᠎ᠨᠢ ᠬᠤᠰᠢᠭᠤᠨ᠎ᠤ ᠭᠤᠤᠯᠳᠠᠯᠭ᠎ᠠ᠎ᠲᠠᠢ ᠰᠤᠷᠭ᠋ᠠᠭᠤᠯᠢ ᠪᠤᠯᠤᠭᠰᠠᠨ᠎ᠤ ᠬᠤᠪᠢ᠎ᠳᠤ ᠰᠤᠷᠤᠭᠴᠢ ᠵᠢᠨ ᠲᠤᠭ᠎ᠠ ᠮᠠᠰᠢ ᠠᠷᠪᠢᠨ ᠮᠦᠷᠲᠡᠭᠡᠨ ᠨᠢᠭᠡ ᠠᠩᠭᠢ᠎ᠳᠤ ᠵᠢᠷᠠ ᠭᠠᠷᠤᠢ ᠬᠦᠮᠦᠨ᠎ᠲᠠᠢ᠂ ᠨᠢᠭᠡ ᠤᠨ᠎ᠳᠤ ᠠᠷᠪᠠᠭ᠋ᠠᠳ ᠠᠩᠭᠢ᠎ᠲᠠᠢ ᠪᠠᠶ᠋ᠢᠪᠠ᠃ ᠠ᠋ᠨᠡ ᠦᠶᠡᠰ ᠬᠡᠤᠬᠡᠨ᠎ᠤ ᠬᠢᠷᠢ ᠪᠦᠲᠦᠮᠵᠢ᠎ᠨᠢ ᠲᠡᠮᠡᠢ ᠰᠠᠶ᠋ᠢᠨ ᠪᠢᠰᠢ ᠮᠦᠷᠲᠡᠭᠡᠨ ᠭᠤᠴᠢ ᠪᠤᠶᠤ ᠳᠥᠴᠢ ᠳ᠋ᠤᠭ᠋ᠠᠷ᠎ᠲᠤ ᠰᠢᠯᠭ᠋ᠠᠬᠤ ᠪᠤᠯᠪᠠ᠃ ᠠ᠋ᠶ᠋ᠢᠨ ᠬᠦ᠌ ᠪᠠᠶ᠋ᠢᠳᠠᠯ ᠲᠤᠤᠷ᠎ᠡ ᠬᠡᠤᠬᠡᠨ᠎ᠤ ᠤᠮᠤᠷᠬᠠᠭ ᠰᠠᠭᠰᠠᠭᠤ ᠵᠠᠩ᠎ᠨᠢ ᠵᠢᠭ᠋ᠠᠬᠠᠨ ᠪᠠᠭᠤᠷᠠᠵᠦ ᠴᠢᠷᠮᠠᠶ᠋ᠢᠨ ᠰᠤᠷᠤᠯᠴᠠᠭ᠍ᠤ ᠪᠤᠯᠵᠦ᠂ ᠪᠠᠭ᠎ᠠ ᠰᠤᠷᠭ᠋ᠠᠭᠤᠯᠢ ᠲᠡᠭᠦᠰᠬᠦ ᠰᠢᠯᠭ᠋ᠠᠯᠲᠠ᠎ᠳᠤ ᠪᠦᠬᠦ ᠬᠤᠰᠢᠭᠤᠨ᠎ᠳᠤ ᠬᠤᠶᠠᠳᠤᠭ᠋ᠠᠷ᠎ᠲᠤ ᠰᠢᠯᠭ᠋ᠠᠵᠦ᠂ ᠭᠠᠨᠵᠤᠭ᠎ᠠ᠎ᠳᠤ᠎ᠬᠢ ᠮᠤᠩᠭᠤᠯ ᠦᠨᠳᠦᠰᠦᠲᠡᠨ᠎ᠤ ᠲᠤᠮᠲᠠᠳᠤ ᠰᠤᠷᠭ᠋ᠠᠭᠤᠯᠢ᠎ᠳᠤ ᠰᠢᠯᠭ᠋ᠠᠨ ᠤᠷᠤᠭᠰᠠᠨ ᠶᠤᠮ᠃ ᠠᠩᠬ᠎ᠠ ᠲᠤᠮᠲᠠᠳᠤ ᠵᠢᠨ ᠨᠢᠭᠡᠳᠦᠭᠡᠷ ᠤᠨ᠎ᠳᠤ ᠦᠨᠳᠦᠰᠦᠨ᠎ᠳᠤ᠎ᠪᠠᠨ ᠲᠦᠷᠦᠬᠦᠦ ᠰᠢᠯᠭ᠋ᠠᠬᠤ ᠪᠤᠯᠵᠦ ᠤᠮᠤᠷᠬᠠᠭ ᠰᠠᠭᠰᠠᠭᠤ ᠵᠠᠩ᠎ᠨᠢ ᠪᠠᠰᠠᠯᠠ ᠢᠯᠡᠷᠡᠭᠰᠡᠨ ᠪᠠᠶ᠋ᠢᠪᠠ᠃ ᠠ᠋ᠨᠡ ᠪᠠᠶ᠋ᠢᠳᠠᠯ᠎ᠳᠤ ᠴᠢᠭᠯᠡᠭᠦᠯᠦᠨ ᠪᠢ ᠬᠡᠤᠬᠡᠨ ᠵᠶ᠋ᠠᠨ ᠠᠩᠬ᠎ᠠ ᠲᠤᠮᠲᠠᠳᠤ ᠵᠢᠨ ᠬᠤᠶᠠᠳᠤᠭ᠋ᠠᠷ ᠤᠨ ᠪᠤᠯᠬᠤ᠎ᠳᠤ ᠲᠦᠩᠯᠢᠶᠤᠤ ᠬᠤᠲᠠ ᠵᠢᠨ ᠮᠤᠩᠭᠤᠯ ᠦᠨᠳᠦᠰᠦᠲᠡᠨ᠎ᠤ ᠰᠤᠷᠭ᠋ᠠᠭᠤᠯᠢ᠎ᠳᠤ ᠰᠢᠯᠵᠢᠭᠦᠯᠦᠨ ᠰᠤᠷᠤᠯᠴᠠᠭᠤᠯᠪᠠ᠃ ᠠ᠋ᠨᠡ ᠦᠶᠡᠰ ᠬᠡᠤᠬᠡᠨ᠎ᠤ ᠬᠢᠷᠢ ᠪᠦᠲᠦᠮᠵᠢ᠎ᠨᠢ ᠲᠡᠶ᠋ᠢᠮᠦ ᠰᠠᠶ᠋ᠢᠨ ᠪᠢᠰᠢ ᠵᠢᠨ ᠲᠡᠭᠡᠷ᠎ᠡ ᠬᠦᠮᠦᠨ᠎ᠠᠴᠠ ᠬᠤᠵᠢᠭᠳᠠᠭ᠍ᠤ ᠪᠠᠶ᠋ᠢᠳᠠᠯ᠎ᠲᠠᠢ ᠪᠤᠯᠪᠠ᠃ ᠲᠡᠭᠡᠲᠡᠯ᠎ᠡ ᠬᠡᠤᠬᠡᠨ ᠵᠢᠭ᠋ᠠᠬᠠᠨ ᠰᠠᠨᠲᠤᠷᠭ᠍ᠤ ᠪᠠᠶ᠋ᠢᠳᠠᠯ᠎ᠲᠠᠢ ᠪᠤᠯᠵᠦ᠂ ᠰᠤᠷᠤᠯᠭ᠎ᠠ᠎ᠳᠤ᠎ᠪᠠᠨ ᠵᠤᠷᠢᠭ ᠰᠢᠭᠤᠳᠤᠨ ᠰᠢᠮᠲᠠᠨ ᠰᠤᠷᠤᠯᠴᠠᠵᠦ ᠠ᠋ᠬᠢᠯᠡᠭᠰᠡᠨ ᠪᠢᠯᠡ᠃ ᠠ᠋ᠨᠡ ᠮᠡᠲᠦ᠎ᠪᠠᠷ ᠪᠢ ᠬᠡᠤᠬᠡᠨ ᠵᠶ᠋ᠠᠨ ᠨᠠᠷᠢᠨ ᠠᠵᠢᠭᠯᠠᠵᠦ᠂ ᠤᠷ᠎ᠠ ᠴᠢᠳᠠᠪᠤᠷᠢ ᠵᠢ᠎ᠨᠢ ᠪᠠᠳᠠᠷᠠᠭᠤᠯᠬᠤ ᠲᠠᠶ᠋ᠢᠰᠠ ᠵᠢ᠎ᠨᠢ ᠤᠳᠠᠭ᠎ᠠ ᠪᠤᠯᠭ᠋ᠠᠨ ᠪᠦᠷᠢᠯᠳᠦᠭᠦᠯᠦᠨ ᠦᠭᠴᠦ ᠪᠠᠶ᠋ᠢᠭᠰᠠᠨ ᠶᠤᠮ᠃ ᠠ᠋ᠬᠦᠨ ᠵᠶ᠋ᠠᠷ ᠲᠠᠮᠵᠢᠨ ᠬᠡᠤᠬᠡᠨ᠎ᠤ ᠰᠢᠨ᠎ᠡ ᠤᠷᠴᠢᠨ ᠲᠤᠭᠤᠷᠢᠨ᠎ᠳᠤ ᠲᠠᠳᠬᠤ ᠪᠤᠶᠤ ᠪᠡᠶ᠎ᠡ᠎ᠪᠠᠨ ᠲᠠᠭ᠋ᠠᠭ᠋ᠠᠵᠥ ᠰᠤᠷᠤᠯᠴᠠᠭ᠍ᠤ ᠴᠢᠳᠠᠪᠥᠷᠢ᠎ᠨᠢ ᠲᠡᠭᠡᠭᠰᠢᠯᠡᠵᠥ᠂ ᠦᠷᠢᠰᠦᠯᠳᠦᠭᠡᠨ᠎ᠤ ᠲᠤᠮᠲᠠ ᠦᠪᠡᠷ᠎ᠢ᠎ᠪᠠᠨ ᠢᠯᠡᠵᠦ ᠴᠢᠳᠠᠭ᠍ᠤ ᠪᠤᠯᠵᠦ ᠬᠦᠮᠦᠵᠢᠭᠳᠡᠭᠰᠡᠨ ᠪᠠᠶ᠋ᠢᠨ᠎ᠠ᠃
     (ᠲᠠᠪᠤ) ᠰᠤᠷᠤᠯᠴᠠᠭ᠍ᠤ ᠬᠡᠯᠪᠡᠷᠢ ᠵᠢ ᠤᠯᠠᠨ ᠵᠥᠢ᠍ᠯ᠎ᠤᠨ ᠪᠠᠶ᠋ᠢᠯᠭ᠋ᠠᠵᠥ᠂ ᠡᠯ᠎ᠡ ᠵᠥᠢ᠍ᠯ᠎ᠤᠨ ᠬᠡᠯᠪᠡᠷᠢ᠎ᠪᠠᠷ ᠰᠤᠷᠤᠯᠴᠠᠬᠤ ᠵᠢ ᠵᠤᠷᠢᠬ᠍ᠵᠢᠭᠤᠯᠤᠭᠰᠠᠨ
      ᠪᠢ ᠬᠡᠤᠬᠡᠨ ᠵᠶ᠋ᠠᠨ ᠲᠠᠰᠬᠠᠯ ᠵᠶ᠋ᠠᠨ ᠵᠠᠪᠠᠯ ᠵᠥᠪ ᠬᠢᠵᠦ ᠲᠠᠭᠤᠰᠬᠠᠬᠤ ᠵᠢ ᠤᠨᠴᠠ ᠱᠠᠭ᠋ᠠᠷᠳᠠᠳᠠᠭ᠃ ᠭᠡᠪᠡᠴᠦ ᠬᠡᠷ᠎ᠤᠨ ᠲᠠᠰᠬᠠᠯ᠎ᠢ ᠬᠢᠯᠭᠡᠭᠦ᠎ᠳᠤ᠎ᠪᠠᠨ ᠵᠠᠪᠠᠯ ᠰᠠᠨᠳᠠᠯᠢ ᠲᠡᠭᠡᠷ᠎ᠡ ᠲᠥᠪ ᠰᠠᠭᠤᠵᠥ᠂ ᠰᠢᠷᠡᠭᠡᠨ ᠲᠡᠭᠡᠷ᠎ᠡ ᠰᠤᠷᠤᠯᠴᠠᠭ᠍ᠤ ᠵᠢ ᠠᠯᠪᠠᠳᠠᠨ ᠱᠠᠭ᠋ᠠᠷᠳᠠᠳᠠᠭ ᠦᠭᠡᠢ ᠪᠠᠶ᠋ᠢᠵᠦ᠂ ᠬᠡᠪᠳᠡᠵᠥ ᠪᠠᠶ᠋ᠢᠭ᠋ᠠᠳ ᠬᠢᠭᠰᠡᠨ ᠴᠦ᠍ ᠪᠤᠯᠤᠨ᠎ᠠ᠂ ᠠᠯᠬᠤᠵᠦ ᠪᠠᠶ᠋ᠢᠭ᠋ᠠᠳ ᠬᠢᠭᠰᠡᠨ ᠴᠦ᠍ ᠪᠤᠯᠤᠨ᠎ᠠ᠂ ᠢᠲᠡᠵᠦ ᠪᠠᠶ᠋ᠢᠭ᠋ᠠᠳ ᠬᠢᠭᠰᠡᠨ ᠴᠦ᠍ ᠪᠥᠷ ᠪᠤᠯᠥᠨ᠎ᠡ ᠭᠡᠵᠦ ᠵᠦᠪᠰᠢᠶᠡᠷᠡᠳᠡᠭ ᠪᠠᠶ᠋ᠢᠵᠠᠢ᠃ ᠨᠢᠭᠡ ᠠ᠋ᠳᠦᠷ ᠰᠤᠷᠭ᠋ᠠᠭᠤᠯᠢ᠎ᠳᠤ ᠲᠦᠪ ᠰᠠᠭᠤᠵᠦ᠂ ᠰᠢᠷᠡᠭᠡ ᠰᠠᠨᠳᠠᠯᠢ᠎ᠲᠠᠢ ᠨᠤᠴᠤᠯᠳᠤᠨ ᠶᠠᠳᠠᠷᠠᠭ᠋ᠠᠳ ᠢᠷᠡᠭᠰᠡᠨ ᠬᠡᠤᠬᠡᠳ᠎ᠢ ᠭᠡᠷ᠎ᠲᠤ᠎ᠪᠠᠨ ᠬᠠᠷᠢᠪᠠᠯ ᠪᠠᠰᠠᠯᠠ ᠰᠤᠷᠭ᠋ᠠᠭᠤᠯᠢ᠎ᠲᠠᠢ ᠠᠳᠠᠯᠢ ᠮᠠᠶᠢᠭ ᠵᠶ᠋ᠠᠷ ᠰᠠᠨᠳᠠᠯᠢ ᠲᠡᠭᠡᠷ᠎ᠡ ᠲᠦᠪ ᠰᠠᠭᠤᠯᠭ᠋ᠠᠵᠦ᠂ ᠲᠠᠰᠬᠠᠯ ᠬᠢᠯᠭᠡᠬᠦ ᠵᠢ ᠱᠠᠭ᠋ᠠᠷᠳᠠᠭ᠍ᠤ᠎ᠨᠢ ᠬᠡᠤᠬᠡᠳ᠎ᠲᠤ ᠶᠡᠭᠡ ᠶᠠᠳᠠᠷᠠᠯ᠎ᠲᠠᠢ     ᠰᠠᠨᠠᠭᠳᠠᠳᠠᠭ᠃ ᠦᠨᠡᠨ᠎ᠢ ᠬᠡᠯᠡᠬᠦ᠎ᠳᠤ ᠠ᠋ᠲᠦᠷ ᠲᠤᠵᠢ ᠠᠵᠢᠯᠯᠠᠭ᠋ᠠᠳ ᠶᠠᠳᠠᠷᠠᠵᠦ ᠢᠷᠡᠭᠰᠡᠨ ᠶᠡᠭᠡ ᠬᠦᠮᠦᠨ᠎ᠳᠤ ᠠᠪᠴᠦ ᠬᠡᠯᠡᠭᠰᠡᠨ ᠴᠦ᠍ ᠠᠳᠠᠯᠢᠬᠠᠨ ᠲᠦᠷᠦᠭᠳᠡᠯ᠎ᠲᠠᠢ ᠪᠠᠶ᠋ᠢᠳᠠᠭ᠎ᠠᠴᠠ ᠵᠢᠭ᠋ᠠᠬᠠᠨ ᠰᠤᠯᠠ ᠰᠡᠯᠡᠬᠦᠦ ᠮᠦᠷᠲᠡᠭᠡᠨ ᠴᠢᠯᠦᠭᠡᠲᠡᠢ ᠪᠠᠶ᠋ᠢᠬᠤ ᠵᠢ ᠬᠦᠰᠡᠳᠡᠭ ᠶᠤᠮ᠃ ᠢᠩᠭᠢᠵᠥ ᠤᠯᠠᠨ ᠵᠥᠢ᠍ᠯ᠎ᠤᠨ ᠬᠡᠯᠪᠡᠷᠢ᠎ᠪᠠᠷ ᠴᠢᠯᠦᠭᠡᠲᠡᠢ ᠰᠤᠷᠤᠯᠴᠠᠭᠤᠯᠬᠤ᠎ᠨᠢ ᠬᠡᠤᠭᠡᠳ᠎ᠤᠨ ᠲᠠᠰᠬᠠᠯ ᠬᠢᠭᠦ᠎ᠠᠴᠠ ᠠᠶᠤᠬᠤ᠂ ᠠᠯᠵᠠᠭᠤᠷᠠᠭ᠍ᠤ ᠵᠡᠷᠭᠡ ᠨᠠᠵᠠᠭ᠋ᠠᠢ ᠬᠡᠪ ᠰᠤᠷᠳᠠᠯ᠎ᠲᠠᠢ ᠪᠤᠯᠬᠤ᠎ᠠᠴᠠ ᠵᠠᠶ᠋ᠢᠯᠠᠰᠭᠢᠵᠦ ᠴᠢᠳᠠᠨ᠎ᠠ ᠬᠡᠵᠥ ᠥᠵᠡᠵᠥ ᠪᠤᠢ᠃
     (ᠵᠢᠷᠭᠤᠭ᠎ᠠ) ᠰᠤᠷᠤᠯᠭ᠎ᠠ ᠵᠢᠨ ᠠᠰᠠᠭᠤᠳᠠᠯ᠎ᠳᠤ ᠬᠡᠤᠭᠡᠳ᠎ᠲᠤ ᠥᠪᠡᠷ᠎ᠤᠨ ᠬᠡᠰᠡᠨ ᠠ᠋ᠷᠭᠡ ᠵᠢ᠎ᠨᠢ ᠦᠭᠴᠦ᠂ ᠥᠪᠡᠷ᠎ᠤᠨ ᠪᠡᠶ᠎ᠡ᠎ᠪᠠᠨ ᠲᠠᠭ᠋ᠠᠭ᠋ᠠᠬᠤ ᠴᠢᠳᠠᠪᠥᠷᠢ ᠵᠢ ᠬᠦᠮᠦᠵᠢᠭᠦᠯᠦᠭᠰᠡᠨ
      ᠠ᠋ᠨᠡ ᠲᠤᠬᠠᠢ ᠨᠤᠮ ᠤᠩᠰᠢᠬᠤ᠎ᠪᠠᠷ ᠵᠢᠱ᠌ᠢᠶᠡᠯᠡᠬᠦ᠎ᠳᠤ᠂ ᠤᠯᠠᠩᠭᠢ ᠭᠡᠷ᠎ᠤᠨ ᠠᠬᠠᠮᠠᠳ ᠬᠡᠤᠬᠡᠳ᠎ᠤᠨ ᠵᠶ᠋ᠠᠨ ᠲᠤᠷ᠎ᠡ᠎ᠲᠠᠢ ᠠ᠋ᠰᠡᠭᠦ ᠵᠢ ᠬᠠᠮᠢᠶᠠᠷᠬᠤ ᠦᠭᠡᠢ ᠦᠪᠡᠷ ᠵᠶ᠋ᠠᠨ ᠲᠦᠯᠦᠪᠯᠡᠭᠡ ᠲᠤᠭᠲᠠᠭ᠋ᠠᠨ ᠬᠡᠤᠬᠡᠳ ᠵᠶ᠋ᠠᠨ ᠠᠯᠪᠠᠳᠠᠯᠭ᠎ᠠ᠎ᠪᠠᠷ ᠤᠩᠰᠢᠭᠤᠯᠬᠤ ᠵᠢ ᠱᠠᠭ᠋ᠠᠷᠳᠠᠳᠠᠭ᠃ ᠪᠢ ᠪᠤᠯ ᠬᠡᠤᠬᠡᠳ ᠦᠪᠡᠷ᠎ᠤᠨ ᠲᠤᠷ᠎ᠡ᠎ᠲᠠᠢ ᠮᠦᠷᠲᠡᠭᠡᠨ ᠠ᠋ᠷᠡᠭᠦᠯ ᠰᠠᠷᠠᠭᠤᠯ ᠠᠭᠤᠯᠭ᠎ᠠ᠎ᠲᠠᠢ ᠨᠤᠮ ᠪᠤᠯᠪᠠᠯ ᠶᠠᠭᠤ ᠵᠢ ᠤᠩᠰᠢᠭᠰᠠᠨ ᠴᠦ᠍ ᠪᠦᠷ ᠪᠤᠯᠤᠨ᠎ᠠ ᠭᠡᠵᠦ ᠦᠵᠡᠳᠡᠭ᠃ ᠡᠪᠤᠯ᠎ᠤᠨ ᠠᠮᠠᠷᠠᠯᠲᠠ᠎ᠳᠤ ᠵᠠᠪᠠᠯ ᠨᠢᠭᠡ ᠠ᠋ᠳᠦᠷ᠎ᠲᠤ ᠲᠦᠷᠪᠡᠨ ᠴᠠᠭ ᠭᠠᠷᠭ᠋ᠠᠵᠦ ᠲᠠᠰᠬᠠᠯ ᠵᠶ᠋ᠠᠨ ᠬᠢᠬᠦ ᠪᠤᠶᠤ ᠦᠪᠡᠷ ᠵᠶ᠋ᠠᠨ ᠰᠤᠷᠤᠯᠴᠠᠭ᠍ᠤ ᠵᠢ ᠪᠠᠷᠢᠮᠳᠠᠯᠠᠳᠠᠭ ᠪᠠᠶ᠋ᠢᠪᠠ᠃ ᠲᠠᠰᠬᠠᠯ ᠬᠢᠬᠦ᠎ᠳᠤ ᠪᠠᠭᠰᠢ ᠵᠢᠨ ᠵᠶ᠋ᠠᠨ ᠲᠡᠷᠭᠡᠲᠡ ᠤᠴᠢᠬᠤ ᠪᠤᠶᠤ ᠠ᠋ᠰᠡᠭᠦᠯ᠎ᠡ ᠦᠭᠡᠷ᠎ᠡ ᠪᠠᠭᠰᠢ ᠵᠢ ᠠ᠋ᠷᠢᠨ ᠲᠠᠰᠬᠠᠯ ᠵᠶ᠋ᠠᠨ ᠵᠢᠯᠤᠭᠤᠳᠤᠭᠤᠯᠤᠨ ᠬᠢᠵᠦ ᠪᠤᠯᠬᠤ ᠵᠢ ᠵᠦᠪᠰᠢᠶᠡᠷᠡᠳᠡᠭ᠃ ᠠ᠋ᠶ᠋ᠢᠮᠦ᠎ᠠᠴᠠ ᠬᠡᠤᠬᠡᠨ ᠠᠮᠠᠷᠠᠯᠲᠠ ᠲᠠᠯᠪᠢᠭ᠋ᠠᠳ ᠢᠷᠡᠬᠦ᠎ᠳᠤ᠎ᠪᠠᠨ ᠶᠠᠭᠤ ᠬᠢᠬᠦ᠂ ᠠᠯᠢ ᠪᠠᠭᠰᠢ ᠵᠢ ᠠ᠋ᠷᠢᠵᠦ ᠶᠠᠮᠠᠷ ᠬᠢᠴᠢᠶᠡᠯ ᠵᠶ᠋ᠠᠨ ᠵᠢᠯᠤᠭᠤᠳᠤᠭᠤᠯᠬᠤ ᠭᠡᠳᠡᠭ ᠵᠶ᠋ᠠᠨ ᠨᠠᠷᠢᠨ ᠲᠦᠯᠦᠪᠯᠡᠭᠡᠳ ᠢᠷᠡᠳᠡᠭ ᠪᠠᠶ᠋ᠢᠪᠠ᠃ ᠠ᠋ᠨᠡ ᠦᠶ᠎ᠡ᠎ᠳᠤ ᠪᠢ ᠵᠦᠪᠬᠡᠨ ᠪᠠᠭᠰᠢ ᠵᠢ᠎ᠨᠢ ᠠ᠋ᠷᠢᠵᠦ ᠦᠭᠬᠦ᠎ᠠᠴᠠ ᠦᠭᠡᠷ᠎ᠡ ᠶᠠᠭᠤ ᠵᠢ ᠶᠠᠭ᠋ᠠᠬᠢᠵᠦ ᠬᠢᠬᠦ ᠲᠤᠬᠠᠢ ᠲᠦᠯᠦᠪᠯᠡᠨ ᠲᠤᠭᠲᠠᠭ᠋ᠠᠬᠤ ᠪᠤᠶᠤ ᠤᠭᠲᠤ ᠶᠠᠷᠢᠵᠦ ᠶᠠᠩᠰᠢᠳᠠᠭ ᠦᠭᠡᠢ᠃ ᠠᠮᠠᠷᠠᠯᠲᠠ ᠵᠢᠨ ᠬᠤᠭᠤᠴᠠᠭ᠋ᠠᠨ᠎ᠤ ᠭᠤᠴᠢᠨ ᠠ᠋ᠳᠦᠷ᠎ᠠᠴᠠ ᠦᠭᠡᠷ᠎ᠡ ᠴᠠᠭ᠎ᠢ ᠬᠡᠤᠬᠡᠨ ᠦᠪᠡᠷ ᠵᠶ᠋ᠠᠨ ᠴᠤᠬᠤᠮ ᠶᠠᠭᠤ ᠬᠢᠵᠦ᠂ ᠥᠪᠡᠷ᠎ᠤᠨ ᠬᠡᠷᠡᠭ ᠵᠶ᠋ᠠᠨ ᠥᠪᠡᠷ᠎ᠲᠤ᠎ᠪᠠᠨ ᠬᠡᠷᠬᠢᠨ ᠰᠢᠢ᠍ᠳᠪᠥᠷᠢᠯᠡᠭᠦ᠂ ᠶᠠᠭ᠋ᠠᠬᠢᠵᠦ ᠲᠤᠬᠢᠷᠠᠭᠤᠯᠳᠠᠭ᠎ᠢ ᠬᠠᠮᠢᠶᠠᠷᠳᠠᠭ ᠦᠭᠡᠢ ᠮᠦᠷᠲᠡᠭᠡᠨ ᠭᠤᠤᠯ ᠠ᠋ᠷᠬᠡ ᠵᠢ ᠬᠡᠤᠭᠡᠳ᠎ᠲᠤ ᠦᠭᠳᠡᠭ ᠪᠢᠯᠡ᠃ ᠢᠩᠭᠢᠵᠦ ᠬᠢᠬᠦ᠎ᠨᠢ ᠬᠡᠤᠬᠡᠳ᠎ᠤᠨ ᠪᠡᠶ᠎ᠡ᠎ᠪᠠᠨ ᠲᠠᠭ᠋ᠠᠭ᠋ᠠᠬᠤ ᠴᠢᠳᠠᠪᠤᠷᠢ ᠵᠢ ᠬᠦᠮᠦᠵᠢᠬᠦᠯᠬᠦ᠎ᠳᠤ ᠠᠰᠢᠭᠲᠠᠢ ᠭᠡᠵᠦ ᠦᠵᠡᠳᠡᠭ᠃
     (ᠲᠤᠯᠤᠭ᠎ᠠ) ᠬᠥᠮᠥᠨ᠎ᠤ ᠨᠢᠭᠡ ᠨᠠᠰᠥᠨ᠎ᠳᠤ ᠰᠤᠷᠤᠯᠴᠠᠯᠭ᠎ᠠ ᠪᠤᠯ ᠬᠠᠮᠤᠭ᠎ᠤᠨ ᠴᠢᠬᠤᠯᠨ ᠶᠠᠪᠤᠳᠠᠯ ᠭᠡᠵᠦ ᠵᠠᠬᠢᠳᠠᠭ
      ᠪᠢ ᠬᠡᠤᠬᠡᠨ᠎ᠳᠤ᠎ᠪᠠᠨ ᠬᠦᠮᠦᠨ᠎ᠤ ᠨᠢᠭᠡ ᠨᠠᠰᠤᠨ᠎ᠳᠤ ᠰᠤᠷᠤᠯᠴᠠᠯᠭ᠎ᠠ ᠪᠤᠯ ᠬᠠᠮᠤᠭ᠎ᠠᠴᠠ ᠴᠢᠬᠤᠯᠠ ᠵᠦᠢ᠍ᠯ ᠭᠡᠵᠦ ᠶᠠᠷᠢᠳᠠᠭ ᠪᠠᠶ᠋ᠢᠪᠠ᠃ ᠨᠢᠯᠬ᠎ᠠ ᠪᠠᠭ᠎ᠠ ᠪᠠᠶ᠋ᠢᠭᠰᠠᠨ ᠴᠦ᠍ ᠲᠡᠷᠡ᠂ ᠤᠷᠠᠢ ᠵᠠᠯᠠᠭᠤ ᠪᠤᠶᠤ ᠦᠲᠡᠯᠦᠭᠡ ᠨᠠᠰᠤᠯᠠᠭᠰᠠᠨ ᠴᠦ᠍ ᠲᠡᠷᠡ᠂ ᠬᠦᠮᠦᠨ ᠬᠡᠵᠢᠶᠡᠲᠡ ᠰᠤᠷᠤᠯᠴᠠᠯᠭ᠎ᠠ᠎ᠠᠴᠠ ᠰᠠᠯᠵᠥ ᠪᠤᠯᠬᠤ ᠥᠭᠡᠢ᠃ ᠰᠤᠷᠤᠯᠴᠠᠯᠭ᠎ᠠ ᠪᠤᠯ ᠬᠥᠮᠥᠨ᠎ᠤ ᠨᠢᠭᠡ ᠨᠠᠰᠥᠨ᠎ᠤ ᠬᠠᠮᠤᠭ᠎ᠤᠨ ᠴᠢᠬᠤᠯᠨ ᠵᠥᠢ᠍ᠯ ᠮᠥᠨ ᠬᠡᠳᠡᠭ᠎ᠢ ᠨᠠᠷᠢᠨ ᠨᠢᠠᠠᠳᠠ ᠲᠠᠶ᠋ᠢᠯᠪᠤᠷᠢᠯᠠᠨ ᠶᠠᠷᠢᠵᠦ᠂ ᠥᠵᠡᠯ ᠰᠠᠨᠠᠭ᠋ᠠᠨ᠎ᠤ ᠬᠥᠮᠥᠵᠢᠯ᠎ᠢ ᠰᠠᠶ᠋ᠢᠨ ᠬᠢᠭᠦ ᠵᠢ ᠠᠩᠬᠠᠷᠤᠨ ᠵᠢᠯᠤᠭᠤᠳᠤᠭᠰᠠᠨ ᠪᠠᠶ᠋ᠢᠨ᠎ᠠ᠃ ᠶᠠᠮᠠᠷ ᠤᠷᠴᠢᠨ ᠲᠤᠭᠤᠷᠢᠨ  ᠎ᠳᠤ᠂ ᠶᠠᠮᠠᠷ ᠬᠡᠮᠵᠢᠶ᠎ᠡ ᠪᠤᠶᠤ ᠶᠠᠮᠠᠷ ᠬᠦᠴᠢᠷ ᠵᠤᠪᠠᠭᠤᠷᠢ᠎ᠲᠠᠢ ᠪᠠᠶ᠋ᠢᠭᠰᠠᠨ ᠴᠦ᠍ ᠰᠤᠷᠤᠯᠴᠠᠭ᠍ᠤ ᠬᠡᠷᠡᠭᠲᠡᠢ ᠭᠡᠰᠡᠨ᠎ᠢ ᠬᠦᠨᠳᠦᠳᠭᠡᠨ ᠦᠵᠡᠳᠡᠭ ᠪᠠᠶ᠋ᠢᠪᠠ᠃ ᠵᠢᠱ᠌ᠢᠶᠡᠯᠡᠪᠡᠯ᠂ ᠵᠢᠷᠭᠤᠳᠤᠭ᠋ᠠᠷ ᠤᠨ ᠲᠡᠭᠦᠰᠬᠦ᠎ᠠᠴᠠ ᠠ᠋ᠮᠦᠨ᠎ᠡ ᠨᠢᠭᠡ ᠰᠠᠷ᠎ᠡ ᠵᠢᠨ ᠦᠶ᠎ᠡ᠎ᠳᠤ ᠭᠠᠩᠭ᠋ᠠᠩ ᠡᠪᠡᠳᠴᠢᠯᠡᠨ ᠱᠸᠨᠶᠠᠩ ᠬᠤᠲᠠᠨ᠎ᠳᠤ ᠤᠴᠢᠵᠦ ᠮᠡᠰᠡ ᠵᠠᠰᠠᠯ ᠬᠢᠯᠭᠡᠬᠦ ᠴᠢᠬᠤᠯᠠ᠎ᠲᠠᠢ ᠪᠤᠯᠪᠠ᠃ ᠢᠩᠭᠢᠭᠡᠳ ᠮᠡᠰᠡ ᠵᠠᠰᠠᠯ ᠬᠢᠯᠭᠡᠬᠦ᠎ᠪᠠᠷ ᠶᠠᠪᠤᠬᠤ᠎ᠠᠴᠠ ᠠ᠋ᠮᠦᠨ᠎ᠡ ᠬᠡᠦᠬᠡᠨ ᠠᠩᠭᠢ ᠵᠢᠨ ᠪᠠᠭᠰᠢ᠎ᠲᠠᠢ᠎ᠪᠠᠨ ᠠᠭᠤᠯᠵᠠᠨ᠂ ᠲᠠᠰᠬᠠᠯ ᠪᠤᠶᠤ ᠪᠤᠯᠪᠠᠰᠤᠷᠠᠯ ᠵᠢᠴᠢ ᠦᠪᠡᠷ᠎ᠤᠨ ᠨᠤᠮ ᠲᠡᠪᠲᠡᠷ ᠵᠶ᠋ᠠᠨ ᠠ᠋ᠮᠨᠡᠯᠭᠡ᠎ᠳᠤ ᠠᠪᠤᠭ᠋ᠠᠳ ᠶᠠᠪᠤᠭᠰᠠᠨ ᠶᠤᠮ᠃ ᠮᠡᠰᠡ ᠵᠠᠰᠠᠯ ᠬᠢᠵᠦ ᠠ᠋ᠮᠨᠡᠯᠭᠡ ᠵᠢᠨ ᠤᠷᠤ ᠲᠡᠭᠡᠷ᠎ᠡ ᠬᠡᠪᠳᠡᠵᠦ ᠪᠠᠶ᠋ᠢᠭ᠎ᠠ ᠦᠶ᠎ᠡ᠎ᠳᠤ ᠭᠠᠩᠭ᠋ᠠᠩ᠎ᠤᠨ ᠠᠪᠤ᠎ᠲᠠᠢ᠎ᠨᠢ ᠪᠢᠲᠡ ᠬᠤᠶᠠᠭᠤᠯᠠ᠎ᠪᠠᠨ ᠬᠡᠤᠬᠡᠨ᠎ᠳᠤ᠎ᠪᠠᠨ ᠨᠤᠮ᠎ᠢ᠎ᠨᠢ ᠤᠩᠰᠢᠨ ᠦᠭᠴᠦ ᠬᠡᠤᠬᠡᠨ᠎ᠤ᠎ᠪᠠᠨ ᠰᠤᠷᠤᠯᠭ᠎ᠠ ᠵᠢ ᠬᠠᠶᠠᠭᠤᠯᠬᠤ ᠦᠭᠡᠢ ᠬᠡᠮᠡᠨ ᠴᠢᠷᠮᠠᠶ᠋ᠢᠭᠰᠠᠨ ᠪᠢᠯᠠ᠃ ᠨᠢᠭᠡ ᠰᠠᠷ᠎ᠡ ᠵᠢᠨ ᠬᠤᠭᠤᠴᠠᠭ᠎ᠠ ᠦᠩᠭᠡᠷᠡᠭᠡᠵᠦ ᠭᠡᠷ᠎ᠲᠤ᠎ᠪᠠᠨ ᠬᠠᠷᠢᠵᠦ ᠢᠷᠡᠭᠰᠡᠨ᠎ᠤ ᠲᠠᠷᠠᠭ᠎ᠠ᠂ ᠭᠠᠩᠭ᠋ᠠᠩ᠎ᠢ ᠬᠢᠴᠢᠶᠡᠯ᠎ᠤᠨ ᠠᠰᠠᠷ ᠲᠦᠷᠪᠡᠳᠦᠭᠡᠷ ᠲᠠᠪᠬᠤᠷ᠎ᠲᠤ ᠠ᠋ᠭᠦᠷᠴᠦ ᠭᠠᠷᠴᠦ ᠪᠠᠶ᠋ᠢᠭ᠋ᠠᠳ ᠵᠢᠷᠭᠤᠳᠤᠭ᠋ᠠᠷ ᠤᠨ᠎ᠤ ᠲᠡᠬᠦᠰᠬᠦ ᠰᠢᠯᠭ᠋ᠠᠯᠲᠠ᠎ᠳᠤ ᠤᠷᠤᠯᠴᠠᠭᠤᠯᠪᠠ᠃ ᠰᠢᠯᠭ᠋ᠠᠯᠲᠠ ᠵᠢᠨ ᠦᠷ᠎ᠡ ᠳ᠋ᠦᠩ᠎ᠨᠢ ᠰᠠᠨᠠᠭ᠋ᠠᠨ᠎ᠠᠴᠠ ᠭᠠᠳᠠᠭᠤᠷ ᠬᠢᠷᠢ ᠪᠦᠲᠦᠮᠵᠢ ᠤᠯᠵᠦ᠂ ᠭᠠᠩᠭ᠋ᠠᠩ ᠪᠦᠬᠦ ᠬᠤᠰᠢᠭᠤᠨ᠎ᠳᠤ᠎ᠪᠠᠨ ᠬᠤᠶᠠᠳᠤᠭ᠋ᠠᠷ ᠨᠡᠷ᠎ᠡ᠎ᠳᠤ ᠤᠷᠤᠭᠰᠠᠨ ᠪᠠᠶ᠋ᠢᠪᠠ᠃ ᠢᠩᠭᠢᠭᠰᠡᠨ ᠴᠢᠨᠢ ᠬᠡᠤᠬᠡᠨ ᠦᠪᠡᠷ᠎ᠤᠨ ᠪᠡᠶᠡᠨ᠎ᠳᠤ᠎ᠪᠠᠨ ᠮᠠᠰᠢ ᠶᠡᠭᠡ ᠢᠲᠡᠭᠡᠯ᠎ᠲᠠᠢ ᠪᠤᠯᠤᠭᠰᠠᠨ ᠵᠶ᠋ᠠᠷ ᠪᠠᠷᠠᠭ᠍ᠤ ᠦᠭᠡᠢ᠂ ᠮᠢᠨᠤ ᠤᠯᠤᠭᠰᠠᠨ ᠰᠤᠷᠤᠯᠭ᠎ᠠ ᠵᠢᠨ ᠠᠮᠵᠢᠯᠲᠠ᠎ᠳᠤ ᠠᠪᠤ ᠡᠵᠢ ᠵᠢᠨ ᠦᠵᠡᠭᠦᠯᠦᠭᠰᠡᠨ ᠠᠴᠢ ᠭᠠᠪᠢᠶ᠎ᠠ ᠶᠡᠭᠡ᠎ᠲᠠᠢ᠂ ᠬᠡᠷᠪᠡ ᠡᠵᠢ ᠠᠪᠤ ᠮᠢᠨᠢ ᠠ᠋ᠮᠨᠡᠯᠭᠡ ᠵᠢᠨ ᠤᠷᠤ ᠲᠡᠭᠡᠷ᠎ᠡ ᠮᠢᠨᠤ ᠬᠢᠴᠢᠶᠡᠯ᠎ᠢ ᠵᠢᠭ᠋ᠠᠨ ᠵᠢᠯᠤᠭᠤᠳᠤᠭᠰᠠᠨ ᠦᠭᠡᠢ ᠪᠤᠯᠪᠠᠯ᠂ ᠮᠢᠨᠤ ᠦᠨᠦᠲᠦᠷ᠎ᠤᠨ ᠠᠮᠵᠢᠯᠲᠠ ᠪᠦᠲᠦᠭᠡᠯ ᠪᠠᠶ᠋ᠢᠵᠦ ᠴᠢᠳᠠᠭ᠍ᠤ ᠦᠭᠡᠢ ᠭᠡᠵᠦ ᠶᠠᠷᠢᠳᠠᠬ᠃ ᠠ᠋ᠨᠡ ᠬᠦ᠌ ᠦᠩᠭᠡᠷᠡᠯᠲᠡ᠎ᠪᠠᠷ ᠲᠠᠮᠵᠢᠨ ᠭᠡᠦᠬᠡᠨ ᠮᠢᠨᠢ ᠡᠵᠢ ᠠᠪᠤ᠎ᠪᠠᠨ ᠰᠡᠳᠭᠢᠯ᠎ᠤᠨ ᠤᠭ᠎ᠠᠴᠠ᠎ᠪᠠᠨ ᠢᠲᠡᠭᠡᠨ ᠪᠢᠰᠢᠷᠡᠬᠦ ᠪᠤᠯᠵᠦ᠂ ᠲᠡᠭᠦᠨ᠎ᠠᠴᠠ ᠬᠤᠵᠢᠮ ᠪᠢᠲᠡ ᠶᠠᠭᠤ ᠬᠡᠯᠡᠭᠰᠡᠨ ᠴᠦ᠍ ᠲᠤᠷᠠᠳᠠᠢ ᠰᠤᠨᠤᠰᠬᠤ ᠪᠤᠯᠵᠦ ᠬᠤᠪᠢᠷᠠᠭᠰᠠᠨ ᠪᠢᠯᠠ᠃ ᠲᠦᠩᠯᠢᠶᠤᠤ ᠬᠤᠲᠠ ᠵᠢᠨ ᠮᠤᠩᠭᠤᠯ ᠦᠨᠳᠦᠰᠦᠲᠡᠨ᠎ᠤ ᠰᠤᠷᠭ᠋ᠠᠭᠤᠯᠢ᠎ᠠᠴᠠ ᠠᠩᠬ᠎ᠠ ᠲᠤᠮᠲᠠᠳᠤ᠎ᠪᠠᠨ ᠲᠡᠭᠦᠰᠭᠡᠬᠦ ᠦᠶ᠎ᠡ᠎ᠳᠤ᠂ ᠪᠦᠭᠦ ᠤᠷᠤᠨ᠎ᠤ ᠨᠢᠭᠡᠳᠦᠯᠲᠡᠢ ᠰᠢᠯᠭ᠋ᠠᠯᠲᠠ᠎ᠳᠤ ᠲᠠᠪᠢᠨ ᠬᠤᠶᠠᠳᠤᠭ᠋ᠠᠷ᠎ᠲᠤ ᠰᠢᠯᠭ᠋ᠠᠭᠤᠯᠵᠦ᠂ ᠲᠦᠩᠯᠢᠶᠤᠤ ᠮᠤᠩᠭᠤᠯ ᠲᠤᠮᠲᠠᠳᠤ ᠰᠤᠷᠭ᠋ᠠᠭᠤᠯᠢ (ᠳᠡᠭᠡᠳᠤ ᠲᠤᠮᠲᠠᠳᠤ)᠎ᠳᠤ ᠲᠡᠪᠰᠢᠨ ᠤᠷᠤᠭᠰᠠᠨ ᠶᠤᠮ᠃
     (ᠨᠠᠢ᠍ᠮᠨ) ᠠᠩᠭᠢ ᠵᠢᠨ ᠪᠠᠭᠰᠢ ᠪᠠ ᠡᠯ᠎ᠡ ᠬᠢᠴᠢᠶᠡᠯ ᠲᠥᠷᠥᠯ᠎ᠤᠨ ᠪᠠᠭᠰᠢ ᠨᠠᠷ᠎ᠲᠠᠢ ᠬᠠᠷᠢᠯᠴᠠᠭ᠍ᠤ ᠠᠵᠢᠯ᠎ᠢ ᠰᠠᠶ᠋ᠢᠨ ᠬᠢᠭᠰᠡᠨ
      ᠪᠢ ᠬᠡᠤᠬᠡᠨ ᠵᠶ᠋ᠠᠨ ᠰᠤᠷᠭ᠋ᠠᠨ ᠬᠦᠮᠦᠵᠢᠬᠦᠯᠬᠦ ᠲᠤᠮᠲᠠ ᠠᠩᠭᠢ ᠵᠢᠨ ᠪᠠᠭᠰᠢ ᠪᠠ ᠡᠯ᠎ᠡ ᠬᠢᠴᠢᠶᠡᠯ ᠲᠥᠷᠥᠯ᠎ᠤᠨ ᠪᠠᠭᠰᠢ ᠨᠠᠷ᠎ᠲᠠᠢ ᠦᠷᠭᠦᠯᠵᠢ ᠬᠠᠷᠢᠯᠴᠠᠭ᠍ᠤ ᠵᠢ ᠪᠠᠷᠢᠮᠳᠠᠯᠠᠳᠠᠭ ᠪᠠᠶ᠋ᠢᠪᠠ᠃ ᠬᠤᠭᠤᠴᠠᠭ᠎ᠠ ᠪᠦᠷᠢ ᠵᠢᠨ ᠰᠤᠷᠤᠯᠭ᠎ᠠ ᠵᠢᠨ ᠲᠠᠯ᠎ᠠ ᠪᠤᠶᠤ ᠤᠳᠠᠭ᠎ᠠ ᠪᠤᠯᠭ᠋ᠠᠨ᠎ᠤ ᠰᠢᠯᠭ᠋ᠠᠯᠲᠠ᠎ᠳᠤ ᠪᠠᠭᠰᠢ ᠨᠠᠷ᠎ᠲᠠᠢ᠎ᠨᠢ ᠨᠡᠶ᠋ᠢᠲᠡᠮ᠎ᠤᠨ ᠴᠢᠨᠠᠷᠲᠡᠢ ᠬᠠᠷᠢᠯᠴᠠᠭ᠍ᠤ᠎ᠪᠠᠷ ᠲᠠᠮᠵᠢᠨ ᠬᠡᠤᠬᠡᠨ᠎ᠤ᠎ᠪᠠᠨ ᠪᠠᠶ᠋ᠢᠳᠠᠯ᠎ᠢ ᠨᠠᠷᠢᠯᠢᠬ ᠰᠠᠶ᠋ᠢᠬᠠᠨ ᠤᠶ᠋ᠢᠯᠠᠭ᠋ᠠᠵᠦ ᠪᠠᠶ᠋ᠢᠳᠠᠭ᠃ ᠬᠢᠴᠢᠶᠡᠯ ᠰᠤᠷᠤᠯᠴᠠᠯᠭ᠎ᠠ ᠪᠤᠶᠤ ᠪᠡᠶ᠎ᠡ ᠮᠠᠭ᠍ᠠᠪᠤᠳ᠎ᠤᠨ ᠪᠠᠶ᠋ᠢᠳᠠᠯ᠎ᠢ ᠴᠠᠭ ᠲᠤᠬᠠᠢ᠎ᠳᠤ᠎ᠨᠢ ᠮᠡᠳᠡᠵᠦ ᠠᠪᠬᠤ᠎ᠪᠠᠷ ᠪᠠᠷᠠᠭ᠍ᠤ ᠦᠭᠡᠢ᠂ ᠶᠡᠭᠡ ᠪᠠᠭ᠎ᠠ ᠶᠠᠮᠠᠷᠴᠦ ᠠᠰᠠᠭᠤᠳᠠᠯ ᠭᠡᠵᠦ ᠢᠯᠭ᠋ᠠᠬᠤ ᠦᠭᠡᠢ ᠲᠡᠷᠡ ᠲᠠᠷᠤᠢ᠎ᠳᠤ᠎ᠨᠢ ᠮᠡᠳᠡᠵᠦ ᠠᠪᠬᠤ ᠵᠢᠨ ᠲᠠᠭ᠋ᠠᠤ ᠲᠤᠬᠠᠢ ᠵᠢᠨ ᠴᠠᠭ᠎ᠲᠤ᠎ᠨᠢ ᠰᠢᠢ᠍ᠳᠪᠦᠷᠢᠯᠡᠬᠦ ᠵᠢ ᠪᠠᠷᠢᠮᠲᠠᠯᠠᠳᠠᠭ ᠪᠠᠶ᠋ᠢᠪᠠ᠃ ᠲᠦᠩᠯᠢᠶᠤᠤ᠎ᠳᠤ ᠪᠢᠴᠢᠭ ᠦᠵᠡᠵᠦ ᠪᠠᠶ᠋ᠢᠬᠤ ᠦᠶ᠎ᠡ᠎ᠳᠤ ᠭᠠᠷᠠᠭ ᠪᠤᠯᠭ᠋ᠠᠨ ᠬᠡᠤᠬᠡᠨ᠎ᠤ᠎ᠪᠠᠨ ᠬᠠᠵᠠᠭᠤ᠎ᠳᠤ ᠤᠴᠢᠳᠠᠭ ᠪᠤᠯᠪᠠᠴᠦ ᠲᠡᠭᠦᠨ᠎ᠢ ᠲᠠᠭ᠋ᠠᠭᠤᠯᠤᠨ ᠲᠦᠩᠯᠢᠶᠤᠤ ᠬᠤᠲᠠ ᠵᠢᠨ ᠬᠦᠷ ᠬᠦᠭᠵᠢᠶᠡᠨ᠎ᠲᠠᠢ ᠭᠠᠵᠠᠷ ᠪᠤᠶᠤ ᠲᠡᠯᠭᠡᠬᠦᠷ ᠬᠤᠳᠠᠯᠳᠤᠭ᠎ᠠ᠎ᠪᠠᠷ ᠤᠴᠢᠳᠠᠭ ᠪᠢᠰᠢ᠂ ᠬᠠᠷᠢᠨ ᠲᠡᠷᠭᠡᠨ ᠲᠤᠲᠤᠷ᠎ᠡ᠎ᠪᠠᠨ ᠬᠡᠤᠬᠡᠨ᠎ᠤ᠎ᠪᠠᠨ ᠨᠢᠭᠡ ᠭᠠᠷᠠᠭ᠎ᠤᠨ ᠰᠤᠷᠤᠯᠴᠠᠯᠭ᠎ᠠ ᠵᠢᠨ ᠲᠤᠬᠠᠢ ᠶᠠᠷᠢᠯᠴᠠᠨ᠂ ᠤᠷᠤᠰᠢᠵᠦ ᠪᠠᠶ᠋ᠢᠭ᠎ᠠ ᠠᠰᠠᠭᠤᠳᠠᠯ᠎ᠢ ᠨᠢᠭᠡᠳ ᠨᠢᠭᠡ᠎ᠪᠠᠷ ᠰᠢᠢ᠍ᠳᠪᠦᠷᠢᠯᠡᠳᠡᠭ ᠶᠤᠮ᠃ ᠢᠩᠭᠢᠵᠦ ᠪᠠᠷᠠᠭᠰᠠᠨ᠎ᠤ ᠲᠠᠷᠠᠭ᠎ᠠ ᠬᠡᠤᠬᠡᠨ ᠵᠶ᠋ᠠᠨ ᠪᠠᠶ᠋ᠢᠷᠢ᠎ᠳᠤ᠎ᠨᠢ ᠬᠦᠷᠭᠡᠵᠦ ᠨᠢᠭᠡ ᠰᠠᠶ᠋ᠢᠨ ᠤᠨᠲᠠᠵᠦ ᠠᠮᠠᠷᠠᠭ᠍ᠤ ᠵᠢ ᠵᠠᠬᠢᠳᠠᠭ ᠪᠠᠶ᠋ᠢᠪᠠ᠃ ᠭᠠᠷᠠᠭ᠎ᠤᠨ ᠠ᠋ᠳᠦᠷ ᠢᠩᠭᠢᠵᠦ ᠨᠢᠭᠡ ᠰᠠᠶ᠋ᠢᠨ ᠠᠮᠠᠷᠠᠭᠰᠠᠨ᠎ᠤ ᠲᠠᠷᠠᠭ᠎ᠠ᠂ ᠬᠡᠤᠬᠡᠳ᠎ᠤᠨ ᠪᠡᠶ᠎ᠡ ᠰᠡᠳᠭᠢᠯ᠎ᠤᠨ ᠶᠠᠳᠠᠷᠠᠭ᠎ᠠ᠎ᠨᠢ ᠲᠠᠶ᠋ᠢᠯᠤᠭᠳᠠᠨ ᠭᠠᠷᠠᠭ᠎ᠤᠨ ᠨᠢᠭᠡᠨ᠎ᠠᠴᠠ ᠦᠷᠭᠦᠯᠵᠢᠯᠡᠨ ᠬᠢᠴᠢᠶᠡᠯ ᠰᠤᠷᠤᠯᠴᠠᠯᠭ᠎ᠠ᠎ᠳᠤ᠎ᠪᠠᠨ ᠰᠢᠮᠳᠠᠵᠦ ᠴᠢᠳᠠᠳᠠᠭ᠃ ᠦᠬᠢᠨ᠎ᠤ᠎ᠪᠠᠨ ᠲᠦᠩᠯᠢᠶᠤᠤ ᠬᠤᠲᠠ ᠵᠢᠨ ᠮᠤᠩᠭᠤᠯ ᠲᠤᠮᠳᠠᠳᠤ ᠰᠤᠷᠭ᠋ᠠᠭᠤᠯᠢ᠎ᠳᠤ ᠪᠢᠴᠢᠭ ᠦᠵᠡᠵᠦ ᠠ᠋ᠬᠢᠯᠡᠭᠰᠡᠨ᠎ᠠᠴᠠ ᠳᠡᠭᠡᠳᠤ ᠲᠤᠮᠲᠠᠳᠤ ᠲᠡᠭᠦᠰᠲᠡᠯ᠎ᠡ ᠪᠦᠲᠦᠨ ᠲᠠᠪᠤᠨ ᠵᠢᠯ᠎ᠤᠨ ᠬᠤᠭᠤᠴᠠᠭ᠋ᠠᠨ᠎ᠳᠤ ᠪᠢ ᠨᠢᠭᠡ ᠤᠳᠠᠭ᠎ᠠ ᠴᠦ᠍ ᠠᠯᠳᠠᠯ ᠦᠭᠡᠢ᠂ ᠬᠡᠤᠬᠡᠨ᠎ᠤ ᠬᠠᠵᠠᠭᠤ᠎ᠳᠤ ᠭᠠᠷᠠᠭ ᠪᠦᠷᠢ ᠤᠴᠢᠬᠤ ᠵᠢ ᠠ᠋ᠷᠡᠰ ᠪᠠᠷᠢᠮᠲᠠᠯᠠᠭᠰᠠᠨ ᠶᠤᠮ᠃
      ᠲᠡᠭᠡᠷ᠎ᠡ ᠦᠭᠦᠯᠡᠭᠰᠡᠨ ᠪᠤᠯ ᠭᠠᠩᠭ᠋ᠠᠩ᠎ᠤᠨ ᠰᠤᠷᠤᠯᠭ᠎ᠠ ᠪᠤᠯᠪᠠᠰᠤᠷᠠᠯ᠎ᠤᠨ ᠲᠠᠯ᠎ᠠ᠎ᠳᠤ ᠠᠪᠤᠭᠰᠠᠨ ᠮᠢᠨᠤ ᠵᠢᠵᠢᠭ ᠰᠠᠵᠢᠭ ᠲᠤᠷᠰᠢᠯᠭ᠎ᠠ ᠰᠤᠷᠭ᠋ᠠᠮᠵᠢ ᠪᠤᠯᠬᠤ ᠶᠤᠮ᠃ ᠠ᠋ᠳᠡᠭᠡᠷ ᠠᠷᠭ᠎ᠠ ᠬᠡᠯᠪᠡᠷᠢ ᠵᠢᠨ ᠲᠤᠲᠤᠷ᠎ᠡ ᠵᠠᠷᠢᠮ᠎ᠨᠢ ᠵᠤᠷᠢᠯᠭ᠎ᠠ᠎ᠲᠠᠢ ᠪᠤᠶᠤ ᠠ᠋ᠰᠡᠭᠦᠯ᠎ᠡ ᠲᠡᠶ᠋ᠢᠮᠦ ᠢᠯᠡ ᠲᠤᠲᠤ ᠵᠤᠷᠢᠯᠭ᠎ᠠ ᠦᠭᠡᠢ ᠭᠡᠰᠡᠨ ᠴᠦ᠍ ᠬᠡᠤᠬᠡᠨ᠎ᠤ ᠮᠢᠨᠢ ᠰᠤᠷᠤᠯᠭ᠎ᠠ ᠠᠮᠢᠳᠤᠷᠠᠯ᠎ᠳᠤ ᠲᠤᠰᠠᠯᠠᠭ᠍ᠤ ᠦᠢ᠍ᠯᠡᠳᠤᠯ ᠦᠵᠡᠭᠦᠯᠵᠠᠢ ᠭᠡᠵᠦ ᠦᠵᠡᠵᠦ ᠪᠠᠶ᠋ᠢᠨ᠎ᠠ᠃ ᠭᠠᠩᠭ᠋ᠠᠩ᠎ᠤᠨ ᠦᠨᠦᠲᠦᠷ᠎ᠤᠨ ᠤᠯᠤᠭᠰᠠᠨ ᠠᠮᠵᠢᠯᠲᠠ ᠵᠢᠨ ᠠᠷᠤ᠎ᠳᠤ ᠲᠤᠩ ᠤᠯᠠᠨ ᠬᠠᠶ᠋ᠢᠷ᠎ᠠ ᠬᠠᠷᠢᠭᠤᠴᠠᠯᠭ᠎ᠠ᠎ᠲᠠᠢ ᠮᠦᠷᠲᠡᠭᠡᠨ ᠦᠷᠦᠭᠡᠯ᠎ᠤᠨ ᠬᠡᠤᠬᠡᠳ᠎ᠤᠨ ᠲᠦᠯᠦᠭᠡ ᠦᠪᠡᠷ᠎ᠤᠨ ᠠᠯᠢᠪᠠ᠎ᠪᠠᠨ ᠵᠤᠷᠢᠭᠤᠯᠳᠠᠭ ᠠ᠋ᠷᠬᠢᠮ᠎ᠤᠨ ᠤᠯᠠᠨ ᠪᠠᠭᠰᠢᠨᠠᠷ᠎ᠤᠨ ᠭᠦᠨ᠎ᠠᠴᠠ ᠭᠦᠨ ᠬᠠᠶ᠋ᠢᠷ᠎ᠠ ᠬᠠᠯᠠᠮᠵᠢ ᠪᠠ ᠬᠦᠴᠦ ᠬᠦᠳᠡᠯᠮᠤᠷᠢ ᠨᠢᠭᠤᠭᠳᠠᠵᠦ ᠪᠠᠶ᠋ᠢᠬᠤ ᠶᠤᠮ᠃ ᠠ᠋ᠨᠡ ᠪᠤᠯ ᠵᠦᠪᠬᠡᠨ ᠲᠡᠬᠦᠨ᠎ᠤ ᠬᠦᠮᠦᠨ ᠪᠤᠯᠬᠤ ᠤᠷᠲᠤ ᠠᠶᠠᠨ᠎ᠤ ᠲᠤᠮᠳᠠᠬᠢ ᠶᠠᠯᠢᠮ ᠦᠭᠡᠢ ᠵᠢᠭ᠋ᠠᠬᠠᠨ ᠠᠮᠵᠢᠯᠲᠠ ᠲᠡᠲᠦᠢ᠎ᠠᠴᠠ ᠪᠢᠰᠢ᠂ ᠤᠯᠠᠨ᠎ᠠᠴᠠ ᠬᠡᠲᠦᠷᠡᠭᠰᠡᠨ ᠠᠮᠵᠢᠯᠲᠠ ᠪᠦᠲᠦᠭᠡᠯ᠎ᠢ ᠠ᠋ᠭᠦᠳᠦᠭᠰᠡᠨ ᠶᠠᠪᠤᠳᠠᠯ ᠤᠭᠲᠤ ᠪᠢᠰᠢ ᠶᠤᠮ᠃ ᠵᠦᠪᠬᠡᠨ ᠦᠪᠡᠷ᠎ᠤᠨ ᠠᠮᠢᠳᠤᠷᠠᠯ᠎ᠤᠨ ᠠᠩᠬᠠᠨ᠎ᠤ ᠠᠯᠬᠤᠮ ᠵᠶ᠋ᠠᠨ ᠵᠦᠭᠡᠷ ᠠᠯᠬᠤᠭᠰᠠᠨ ᠲᠡᠲᠦᠢ ᠪᠠᠶ᠋ᠢᠵᠦ᠂ ᠲᠡᠭᠦᠨ᠎ᠤ ᠪᠡᠶ᠎ᠡ ᠲᠡᠭᠡᠷ᠎ᠡ ᠪᠠᠰᠠ ᠤᠯᠠᠨ ᠬᠦᠷᠦᠯᠴᠡᠬᠦ ᠦᠭᠡᠢ ᠭᠠᠵᠠᠷ ᠪᠤᠶᠤ ᠲᠤᠲᠠᠭᠳᠠᠯ᠎ᠲᠠᠢ ᠲᠠᠯ᠎ᠠ ᠪᠠᠶ᠋ᠢᠳᠠᠭ᠃ ᠬᠤᠵᠢᠮ᠎ᠤᠨ ᠰᠤᠷᠤᠯᠭ᠎ᠠ ᠵᠢᠨ ᠠᠮᠢᠳᠤᠷᠠᠯ᠎ᠳᠤ ᠦᠪᠡᠷ᠎ᠤᠨ ᠪᠡᠶ᠎ᠡ ᠲᠡᠭᠡᠷ᠎ᠡ ᠤᠷᠤᠰᠢᠵᠦ ᠪᠦᠬᠦᠢ ᠲᠤᠲᠠᠭᠳᠠᠯ᠎ᠲᠠᠢ ᠲᠠᠯ᠎ᠠ᠎ᠪᠠᠨ ᠨᠦᠬᠦᠪᠦᠷᠢᠯᠡᠵᠦ ᠦᠷᠭᠦᠯᠵᠢᠯᠡᠨ ᠴᠢᠷᠮᠠᠶ᠋ᠢᠬᠤ ᠴᠢᠬᠤᠯᠠ᠎ᠲᠠᠢ ᠶᠤᠮ᠃


  
          ᠠᠶ᠋ᠢᠯ᠎ᠠᠴᠠ ᠠ᠋ᠷᠢᠬᠦ᠎ᠪᠠᠷ ᠠᠪᠳᠠᠷ᠎ᠡ᠎ᠠᠴᠠ᠎ᠪᠠᠨ ᠠ᠋ᠷᠢ
                                                   — ᠲᠤᠭᠳᠠᠬᠤ


     《ᠠᠶ᠋ᠢᠯ᠎ᠠᠴᠠ ᠠ᠋ᠷᠢᠬᠦ᠎ᠪᠠᠷ ᠠᠪᠳᠠᠷ᠎ᠠ᠎ᠠᠴᠠ᠎ᠪᠠᠨ ᠠ᠋ᠷᠢ》 ᠭᠡᠳᠡᠭᠴᠢᠯᠡᠨ᠂ ᠤᠳᠤ ᠵᠢᠨ ᠬᠦᠮᠦᠰ ᠬᠡᠤᠬᠡᠤᠨ ᠬᠦᠮᠦᠵᠢᠬᠦᠯᠬᠦ᠎ᠳᠤ ᠶᠠᠭᠤᠨ᠎ᠤ ᠬᠢᠨᠢ ᠰᠢᠨᠵᠢᠯᠡᠬᠦ ᠤᠬᠠᠭ᠋ᠠᠨᠴᠢ ᠪᠢᠰᠢ ᠪᠤᠯ ᠤᠳᠤᠬᠢᠴᠢᠯᠠᠭᠰᠠᠨ ᠮᠡᠷᠭᠡᠵᠢᠯ ᠭᠡᠵᠦ ᠠ᠋ᠷᠤᠢ ᠬᠤᠷᠤᠢ ᠦᠭᠡᠢ ᠶᠠᠷᠢᠬᠤ᠎ᠨᠢ ᠤᠯᠠᠨ ᠪᠤᠯᠵᠦ ᠪᠠᠶ᠋ᠢᠨ᠎ᠠ᠃
      ᠲᠡᠭᠡᠷ᠎ᠡ ᠶᠠᠷᠢᠭᠰᠠᠨ ᠤᠳᠤᠨ ᠪᠠᠭᠰᠢ ᠵᠢᠨ ᠬᠡᠤᠬᠡᠨ ᠵᠶ᠋ᠠᠨ ᠦᠰᠭᠡᠨ ᠬᠦᠮᠦᠵᠢᠭᠦᠯᠦᠭᠰᠡᠨ ᠠᠷᠭ᠎ᠠ ᠲᠤᠷᠰᠢᠯᠭ᠎ᠠ ᠵᠢᠨ ᠲᠤᠲᠤᠷᠠᠬᠢ ᠬᠠᠮᠤᠭ᠎ᠤᠨ ᠴᠢᠬᠤᠯᠠ ᠮᠦᠷᠲᠡᠭᠡᠨ ᠵᠠᠩᠭᠢᠯᠠᠭ᠎ᠠ ᠵᠢᠨ ᠨᠢᠭᠡᠨ ᠠᠭᠤᠯᠭ᠎ᠠ ᠪᠤᠯ ᠭᠠᠩᠭ᠋ᠠᠩ᠎ᠤᠨ ᠨᠢᠯᠬ᠎ᠠ ᠦᠶ᠎ᠡ ᠵᠢᠨ ᠬᠦᠮᠦᠵᠢᠯ ᠪᠤᠯᠤᠨ᠎ᠠ᠃ ᠭᠠᠩᠭ᠋ᠠᠩ ᠬᠡᠤᠬᠡᠨ᠎ᠢ ᠨᠢᠯᠬ᠎ᠠ ᠪᠠᠭ᠎ᠠ᠎ᠠᠴᠠ᠎ᠨᠢ ᠨᠠᠭ᠋ᠠᠴᠦ ᠠ᠋ᠮᠡᠭᠡ᠎ᠨᠢ ᠬᠠᠶ᠋ᠢᠷᠠᠯᠠᠨ ᠰᠠᠨᠠᠵᠦ᠂ ᠬᠠᠷᠠᠭ᠋ᠠᠯᠵᠠᠨ ᠦᠰᠭᠡᠬᠦ᠎ᠳᠤ᠎ᠪᠠᠨ ᠦᠪᠡᠷ᠎ᠤᠨ ᠮᠡᠳᠡᠳᠡᠭ ᠠ᠋ᠲᠦᠢ ᠲᠡᠲᠦᠢ ᠰᠢᠯᠦᠭ ᠲᠠᠭᠤᠤ ᠪᠤᠶᠤ ᠲᠤᠭᠤᠯ᠎ᠤᠨ ᠪᠡᠯᠴᠢᠭᠡᠷ ᠲᠠᠯ᠎ᠠ ᠵᠢᠨ ᠡᠪᠡᠰᠦ ᠵᠡᠷᠭᠡ ᠬᠦᠳᠡᠭᠡ ᠵᠢᠨ ᠠᠮᠢᠳᠤᠷᠠᠯ᠎ᠤᠨ ᠠ᠋ᠳᠦᠷ ᠲᠤᠲᠤᠮ᠎ᠤᠨ ᠵᠦᠢ᠍ᠯᠡᠰ ᠪᠤᠯᠤᠨ ᠦᠪᠡᠷ᠎ᠤᠨ ᠬᠠᠶ᠋ᠢᠷᠠᠲᠠᠢ ᠪᠠᠶ᠋ᠢᠳᠠᠭ ᠦᠯᠢᠭᠡᠷ᠎ᠤᠨ ᠨᠤᠮ᠎ᠢ ᠤᠨᠭ᠌ᠰᠢᠵᠤ ᠦᠭᠭᠦᠭᠰᠡᠨ ᠲᠡᠲᠦᠢ ᠪᠢᠯᠠ᠃ ᠭᠠᠩᠭ᠋ᠠᠩ᠎ᠤᠨ ᠨᠠᠭ᠋ᠠᠴᠦ ᠠ᠋ᠮᠡᠭᠡ᠎ᠳᠤ ᠠᠪᠴᠦ ᠬᠡᠯᠡᠪᠡᠯ᠂ ᠤᠳᠤ ᠵᠢᠨ ᠨᠡᠶ᠋ᠢᠭᠡᠮ᠎ᠳᠤ ᠲᠡᠯᠭᠡᠷᠡᠵᠦ ᠪᠦᠬᠦᠢ ᠵᠢᠯᠤᠭᠤᠳᠬᠤ ᠠᠩᠭᠢ᠂ ᠭᠡᠷ᠎ᠤᠨ ᠪᠠᠭᠰᠢ ᠪᠤᠶᠤ ᠤᠨᠴᠠᠭ᠋ᠠᠢ ᠠᠩᠭᠢ ᠠ᠋ᠰᠡᠭᠦᠯ᠎ᠡ ᠶᠠᠭᠤᠨ᠎ᠤ ᠬᠢᠨᠢ ᠴᠠᠬᠢᠯᠭ᠋ᠠᠨᠴᠢᠯᠠᠭᠰᠠᠨ ᠤᠩᠰᠢᠯᠭ᠎ᠠ ᠵᠢᠨ ᠮᠠᠰᠢᠨ ᠵᠡᠷᠭᠡ᠎ᠨᠢ ᠤᠶ᠋ᠢᠯᠠᠭ᠋ᠠᠭᠳᠠᠰᠢ ᠦᠭᠡᠢ ᠬᠠᠴᠢᠨ ᠪᠠᠶ᠋ᠢᠵᠦ ᠮᠡᠳᠡᠨ᠎ᠡ᠃ ᠡ᠊ᠨᠲᠡ ᠪᠢ ᠦᠪᠡᠷ᠎ᠤᠨ ᠦᠵᠡᠯᠲᠡ᠎ᠪᠠᠨ ᠲᠤᠤᠷᠠᠬᠢ ᠮᠡᠲᠦ ᠬᠡᠳᠦᠨ ᠲᠠᠯ᠎ᠠ᠎ᠪᠠᠷ ᠬᠤᠷᠢᠶᠠᠩᠭᠤᠶ᠋ᠢᠯᠠᠨ ᠶᠠᠷᠢᠶ᠎ᠠ᠃
      ᠨᠢᠭᠡ᠎ᠳᠤ᠂ ᠭᠡᠷ ᠪᠦᠯᠢ ᠵᠢᠨ ᠠᠩᠬᠠᠨ᠎ᠤ ᠰᠤᠷᠭ᠋ᠠᠭᠤᠯᠢ ᠪᠤᠯᠬᠤ ᠦᠢ᠍ᠯᠡᠳᠤᠯ᠎ᠢ ᠬᠦᠢ᠍ᠴᠡᠳ ᠪᠠᠳᠠᠷᠠᠭᠤᠯᠵᠦ ᠴᠢᠳᠠᠭᠰᠠᠨ ᠪᠠᠶ᠋ᠢᠨ᠎ᠠ᠃ ᠲᠡᠤᠬᠡᠨ᠎ᠠᠴᠠ ᠠᠪᠤᠭ᠋ᠠᠳ ᠤᠳᠤ ᠬᠦᠷᠲᠡᠯ᠎ᠡ ᠬᠡᠲᠦᠶ᠋ᠢᠪᠡᠷ ᠭᠡᠷ ᠪᠦᠯᠢ ᠵᠢ ᠰᠤᠷᠭ᠋ᠠᠭᠤᠯᠢ ᠭᠡᠵᠦ ᠬᠡᠯᠡᠳᠡᠭ ᠦᠭᠡᠢ ᠪᠤᠯᠪᠠᠴᠦ᠂ ᠬᠡᠤᠬᠡᠳ᠎ᠲᠤ ᠭᠡᠷ ᠪᠦᠯᠢ ᠵᠢᠨ ᠠ᠋ᠳᠦᠷ ᠲᠤᠲᠤᠮ᠎ᠤᠨ ᠠᠮᠢᠳᠤᠷᠠᠯ ᠲᠤᠮᠲᠠ᠎ᠠᠴᠠ ᠰᠤᠷᠭ᠋ᠠᠵᠦ ᠮᠡᠳᠡᠭᠦᠯᠬᠦ ᠵᠦᠢ᠍ᠯ᠎ᠨᠢ ᠬᠤᠵᠢᠮ᠎ᠤᠨ ᠰᠤᠷᠤᠯᠭ᠎ᠠ ᠠᠮᠢᠳᠤᠷᠠᠯ ᠪᠤᠶᠤ ᠬᠦᠮᠦᠨ ᠪᠤᠯᠬᠤ ᠪᠦᠬᠦ ᠶᠠᠪᠤᠴᠠ ᠵᠢᠨ ᠠᠩᠬᠠᠨ᠎ᠤ ᠰᠠᠭᠤᠷᠢ ᠵᠢ ᠲᠠᠯᠪᠢᠬᠤ ᠴᠢᠬᠤᠯᠠ ᠪᠦᠬᠦᠢ ᠦᠢ᠍ᠯᠡᠳᠤᠯ᠎ᠲᠠᠢ ᠭᠡᠳᠡᠭ᠎ᠢ ᠭᠠᠩᠭ᠋ᠠᠩ᠎ᠤᠨ ᠨᠠᠭ᠋ᠠᠴᠦ ᠠ᠋ᠮᠡᠭᠡ ᠵᠢᠨ ᠦᠨᠡᠨ ᠪᠤᠳᠠᠲᠡᠢ ᠦᠢ᠍ᠯᠡ ᠠᠵᠢᠯᠯᠠᠭ᠎ᠠ᠎ᠠᠴᠠ ᠤᠶ᠋ᠢᠯᠠᠭ᠋ᠠᠨ ᠮᠡᠳᠡᠵᠦ ᠪᠤᠯᠬᠤ ᠶᠤᠮ᠃ ᠭᠠᠩᠭ᠋ᠠᠩ᠎ᠤᠨ ᠨᠠᠭ᠋ᠠᠴᠦ ᠠ᠋ᠮᠡᠭᠡ ᠪᠤᠯ ᠭᠤᠷᠪᠠᠳᠤᠭ᠋ᠠᠷ ᠤᠨ᠎ᠤ ᠰᠤᠷᠤᠯᠭ᠎ᠠ ᠵᠢᠨ ᠬᠢᠷᠢ ᠪᠦᠲᠦᠮᠵᠢ᠎ᠲᠠᠢ ᠬᠦᠳᠡᠭᠡ ᠵᠢᠨ ᠨᠢᠭᠡᠨ ᠮᠠᠯᠴᠢᠨ ᠪᠦᠰᠡᠭᠦᠢ ᠪᠠᠶ᠋ᠢᠵᠦ᠂ 《ᠰᠤᠷᠭ᠋ᠠᠨ ᠬᠦᠮᠦᠵᠢᠯ》 ᠭᠡᠳᠡᠭ ᠴᠤᠬᠤᠮ ᠶᠠᠭᠤ ᠪᠤᠯᠬᠤ ᠲᠤᠬᠠᠢ ᠨᠠᠷᠢᠨ ᠮᠡᠳᠡᠳᠡᠭ ᠦᠭᠡᠢ ᠬᠦᠮᠦᠨ ᠪᠢᠯᠠ᠃ ᠬᠡᠳᠦᠶ᠋ᠢᠪᠡᠷ ᠲᠡᠶ᠋ᠢᠮᠦ ᠪᠠᠶ᠋ᠢᠳᠠᠭ ᠪᠤᠯᠪᠠᠴᠦ ᠬᠡᠤᠬᠡᠳ᠎ᠲᠤ᠎ᠪᠠᠨ ᠮᠠᠰᠢ ᠨᠠᠷᠢᠯᠢᠬ ᠰᠠᠶ᠋ᠢᠬᠠᠨ ᠬᠦᠮᠦᠵᠢᠯ ᠪᠤᠯᠪᠠᠰᠤᠷᠠᠯ᠎ᠢ ᠬᠦᠷᠲᠡᠭᠡᠵᠦ᠂ ᠰᠡᠴᠡᠨ ᠰᠡᠷᠭᠦᠯᠡᠩ ᠮᠦᠷᠲᠡᠭᠡᠨ ᠤᠢ ᠤᠬᠠᠭ᠋ᠠᠨ᠎ᠲᠠᠢ ᠬᠡᠤᠬᠡᠳ ᠪᠤᠯᠭ᠋ᠠᠨ ᠦᠰᠭᠡᠨ ᠬᠦᠮᠦᠵᠢᠬᠦᠯᠵᠦ ᠴᠢᠳᠠᠭᠰᠠᠨ ᠪᠠᠶ᠋ᠢᠨ᠎ᠠ᠃ ᠭᠠᠩᠭ᠋ᠠᠩ᠎ᠤᠨ ᠨᠠᠭ᠋ᠠᠴᠦ ᠠ᠋ᠮᠡᠭᠡ᠎ᠨᠢ ᠲᠡᠭᠦᠨ᠎ᠢ ᠬᠡᠯᠡ᠎ᠳᠤ ᠤᠷᠤᠵᠦ ᠬᠦᠯ ᠤᠷᠤᠬᠤ᠎ᠠᠴᠠ ᠠ᠋ᠬᠢᠯᠡᠨ᠂ ᠦᠪᠡᠷ᠎ᠤᠨ ᠶᠠᠪᠤᠵᠦ ᠦᠩᠭᠡᠷᠡᠭᠦᠯᠦᠭᠰᠡᠨ ᠠᠮᠢᠳᠤᠷᠠᠯ᠎ᠤᠨ ᠲᠤᠷᠰᠢᠯᠭ᠎ᠠ ᠪᠤᠯᠤᠨ ᠭᠡᠷ ᠪᠦᠯᠢ ᠵᠢᠨ ᠠᠮᠢᠳᠤᠷᠠᠯ᠎ᠤᠨ ᠪᠤᠳᠠᠲᠡᠢ ᠪᠠᠶ᠋ᠢᠳᠠᠯ᠎ᠠᠴᠠ᠎ᠪᠠᠨ ᠠ᠋ᠭᠦᠰᠴᠦ᠂ ᠬᠦᠮᠦᠨ ᠪᠤᠯᠬᠤ ᠶᠤᠰᠤ ᠤᠴᠢᠷ᠎ᠢ ᠵᠢᠭ᠋ᠠᠵᠦ᠂ ᠨᠤᠮ ᠤᠩᠰᠢᠨ ᠦᠯᠢᠭᠡᠷ ᠰᠤᠨᠤᠰᠬᠠᠬᠤ ᠮᠡᠲᠦ ᠤᠳᠤ ᠵᠢᠨ ᠬᠦᠳᠡᠭᠡ ᠵᠢᠨ ᠠᠮᠢᠳᠤᠷᠠᠯ᠎ᠳᠤ ᠬᠡᠨ᠎ᠳᠤ ᠴᠦ᠍ ᠪᠦᠷ ᠪᠠᠶ᠋ᠢᠵᠦ ᠴᠢᠳᠠᠭ᠍ᠤ ᠮᠦᠷᠲᠡᠭᠡᠨ ᠬᠡᠨ ᠴᠦ᠍ ᠪᠦᠷ ᠬᠢᠵᠦ ᠲᠡᠶ᠋ᠢᠯᠬᠦ ᠠ᠋ᠩ᠎ᠤᠨ ᠠᠷᠭ᠎ᠠ᠎ᠪᠠᠷ ᠬᠡᠤᠬᠡᠨ ᠵᠶ᠋ᠠᠨ ᠰᠤᠷᠭ᠋ᠠᠵᠦ ᠬᠦᠮᠦᠵᠢᠭᠦᠯᠦᠭᠰᠡᠨ ᠪᠠᠶ᠋ᠢᠨ᠎ᠠ᠃ ᠭᠡᠷ ᠪᠦᠯᠢ ᠵᠢ ᠤᠤᠯ᠎ᠳᠤ᠎ᠪᠠᠨ ᠰᠤᠷᠭ᠋ᠠᠭᠤᠯᠢ ᠭᠡᠵᠦ ᠬᠡᠯᠡᠳᠡᠭ ᠦᠭᠡᠢ ᠪᠠᠶ᠋ᠢᠭᠰᠠᠨ ᠵᠶ᠋ᠠᠨ ᠤᠳᠤ ᠬᠠᠷᠢᠨ ᠰᠤᠷᠭ᠋ᠠᠭᠤᠯᠢ ᠭᠡᠵᠦ ᠬᠡᠯᠡᠬᠦ ᠪᠤᠯᠤᠭᠰᠠᠨ᠎ᠨᠢ ᠭᠡᠷ ᠪᠦᠯᠢ ᠵᠢᠨ ᠰᠤᠷᠭ᠋ᠠᠨ ᠬᠦᠮᠦᠵᠢᠯ᠎ᠤᠨ ᠦᠢ᠍ᠯᠡᠳᠤᠯ᠎ᠨᠢ ᠤᠮᠳᠤᠭ᠋ᠠᠶ᠋ᠢᠯᠠᠵᠦ ᠪᠤᠯᠤᠰᠢ ᠦᠭᠡᠢ ᠴᠢᠬᠤᠯᠠ ᠦᠢ᠍ᠯᠡᠳᠤᠯ᠎ᠲᠠᠢ᠎ᠠᠴᠠ ᠪᠤᠯᠤᠭᠰᠠᠨ ᠭᠡᠵᠦ ᠦᠵᠡᠵᠦ ᠪᠤᠢ᠃
      ᠬᠤᠶᠠᠷ᠎ᠲᠤ᠂ ᠤᠷᠢᠳᠠᠪᠡᠷ ᠵᠦᠪ ᠲᠦᠪ ᠬᠦᠮᠦᠨ ᠪᠤᠯᠭ᠋ᠠᠵᠦ ᠲᠠᠷᠠᠭ᠎ᠠ᠎ᠨᠢ ᠮᠡᠳᠡᠯᠭᠡ ᠤᠯᠠᠮᠵᠢᠯᠠᠭ᠍ᠤ ᠵᠢ ᠴᠢᠬᠤᠯᠠᠴᠢᠯᠠᠭᠰᠠᠨ ᠪᠠᠶ᠋ᠢᠨ᠎ᠠ᠃ 《ᠬᠦᠮᠦᠨ ᠪᠤᠯᠬᠤ ᠪᠠᠭ᠎ᠠ᠎ᠠᠴᠠ᠎ᠪᠠᠨ ᠬᠦᠯᠦᠭ ᠪᠤᠯᠬᠤ ᠤᠨᠠᠭ᠋ᠠᠨ᠎ᠠᠴᠠ᠎ᠪᠠᠨ》 ᠭᠡᠳᠡᠭ᠎ᠢ ᠬᠦᠮᠦᠨ ᠪᠦᠷᠢ ᠮᠡᠳᠡᠳᠡᠭ ᠪᠤᠯᠪᠠᠴᠦ᠂ ᠬᠦᠮᠦᠨ ᠪᠤᠯᠭ᠋ᠠᠬᠤ ᠬᠦᠮᠦᠵᠢᠯ᠎ᠢ ᠵᠦᠪ ᠰᠠᠶ᠋ᠢᠬᠠᠨ ᠬᠢᠵᠦ ᠴᠢᠳᠠᠭ᠍ᠤ ᠭᠡᠵᠦ ᠲᠡᠶ᠋ᠢᠮᠦ ᠬᠢᠯᠪᠠᠷᠬᠠᠨ ᠶᠠᠪᠤᠳᠠᠯ ᠪᠢᠰᠢ ᠪᠤᠯᠤᠭᠰᠠᠨ ᠪᠠᠶ᠋ᠢᠨ᠎ᠠ᠃ ᠭᠠᠩᠭ᠋ᠠᠩ᠎ᠢ ᠬᠦᠮᠦᠨ ᠪᠤᠯᠭ᠋ᠠᠨ ᠦᠰᠭᠡᠬᠦ᠎ᠳᠤ ᠨᠠᠭ᠋ᠠᠴᠦ ᠠ᠋ᠮᠡᠭᠡ᠎ᠨᠢ ᠶᠠᠮᠠᠷ ᠶᠡᠭᠡ ᠤᠨᠤᠯ ᠶᠤᠰᠤ ᠪᠤᠶᠤ ᠰᠢᠨ᠎ᠡ ᠮᠠᠶᠢᠭ᠎ᠤᠨ ᠵᠢᠯᠤᠭᠤᠳᠬᠤ ᠠᠷᠭ᠎ᠠ ᠵᠢ ᠬᠡᠷᠡᠭᠯᠡᠭᠰᠡᠨ ᠪᠢᠰᠢ᠂ ᠬᠠᠷᠢᠨ 《ᠭᠤᠷᠪᠠᠨ ᠤᠯᠤᠰ᠎ᠤᠨ ᠦᠯᠢᠭᠡᠷ》 ᠪᠤᠶᠤ 《ᠱᠦᠢ ᠬᠡᠦ ᠵᠢᠨ ᠦᠯᠢᠭᠡᠷ》 ᠭᠡᠬᠦ ᠮᠡᠲᠦ ᠵᠢᠨ ᠬᠠᠭᠤᠴᠢᠨ᠎ᠤ ᠦᠯᠢᠭᠡᠷ ᠲᠤᠮᠤᠭ᠎ᠲᠤ ᠭᠠᠷᠳᠠᠭ ᠦᠨᠡᠨ ᠬᠤᠳᠠᠯ᠂ ᠵᠦᠪ ᠪᠤᠷᠤᠭᠤ᠂ ᠰᠠᠶ᠋ᠢᠨ ᠮᠠᠭᠤ ᠵᠢᠨ ᠲᠤᠬᠠᠢ ᠪᠤᠳᠠᠲᠡᠢ ᠵᠢᠱ᠌ᠢᠶ᠎ᠡ᠎ᠪᠠᠷ ᠲᠠᠮᠵᠢᠭᠤᠯᠤᠨ ᠬᠦᠮᠦᠨ ᠪᠤᠯᠬᠤ ᠬᠦᠮᠦᠵᠢᠯ᠎ᠤᠨ ᠲᠤᠬᠠᠢ ᠤᠶ᠋ᠢᠯᠠᠭ᠋ᠠᠭᠤᠯᠤᠨ ᠮᠡᠳᠡᠭᠦᠯᠦᠭᠰᠡᠨ ᠪᠠᠶ᠋ᠢᠨ᠎ᠠ᠃ ᠤᠳᠤ ᠬᠡᠳᠦᠶ᠋ᠢᠪᠡᠷ ᠰᠤᠷᠠᠭ ᠵᠠᠩᠭᠢ ᠲᠦᠭᠡᠮᠡᠯᠵᠠᠨ᠂ ᠰᠢᠨ᠎ᠡ ᠮᠠᠶᠢᠭ᠎ᠤᠨ ᠵᠠᠭᠤᠴᠢᠯᠠᠭᠤᠷ ᠵᠡᠷᠭᠡ ᠵᠢ ᠠᠰᠢᠭᠯᠠᠭ᠍ᠤ ᠪᠤᠯᠤᠭᠰᠠᠨ ᠪᠤᠯᠪᠠᠴᠦ᠂ ᠬᠡᠤᠬᠡᠳ᠎ᠲᠤ ᠵᠦᠪ ᠲᠦᠪ ᠬᠦᠮᠦᠵᠢᠯ ᠬᠦᠷᠲᠡᠭᠡᠬᠦ᠎ᠳᠤ ᠦᠯᠢᠭᠡᠷ ᠰᠤᠨᠤᠰᠬᠠᠬᠤ ᠠᠷᠭ᠎ᠠ᠎ᠨᠢ ᠬᠠᠮᠤᠭ᠎ᠤᠨ ᠲᠤᠬᠢᠷᠠᠮᠵᠢᠲᠡᠢ ᠭᠡᠵᠦ ᠦᠵᠡᠵᠦ ᠪᠤᠢ᠃ ᠬᠡᠤᠬᠡᠳ᠎ᠢ ᠢᠩᠭᠢᠵᠦ ᠵᠦᠪ ᠲᠦᠪ ᠬᠦᠮᠦᠵᠢᠯ ᠰᠤᠷᠲᠠᠯ᠎ᠲᠠᠢ ᠬᠦᠮᠦᠨ ᠪᠤᠯᠭ᠋ᠠᠨ ᠬᠦᠮᠦᠵᠢᠬᠦᠯᠬᠦ᠎ᠨᠢ ᠮᠡᠳᠡᠯᠭᠡ ᠤᠯᠠᠮᠵᠢᠯᠠᠭ᠍ᠤ ᠵᠢᠨ ᠤᠷᠢᠳᠠᠯ ᠨᠦᠬᠦᠴᠡᠯ ᠪᠤᠯᠳᠠᠭ᠃ ᠠ᠋ᠨᠡ ᠲᠤᠬᠠᠢ ᠲᠠᠷᠢᠶᠠᠴᠢᠨ ᠦᠨᠳᠦᠰᠦᠲᠡᠨ ᠵᠶ᠋ᠠᠷ ᠵᠢᠱ᠌ᠢᠶᠡᠯᠡᠬᠦ᠎ᠳᠤ᠂ ᠤᠷᠢᠳᠠᠪᠡᠷ ᠬᠦᠷᠦᠰᠦ ᠰᠢᠷᠤᠢ᠎ᠪᠠᠨ ᠵᠦᠭᠡᠯᠡᠷᠡᠭᠦᠯᠦᠭᠰᠡᠨ᠎ᠤ ᠲᠠᠷᠠᠭ᠎ᠠ ᠰᠠᠶᠢ ᠲᠠᠷᠢᠶ᠎ᠠ᠎ᠪᠠᠨ ᠲᠠᠷᠢᠳᠠᠭ᠎ᠨᠢ ᠠᠳᠠᠯᠢᠬᠠᠨ ᠶᠤᠰᠤ ᠭᠡᠵᠦ ᠦᠵᠡᠨ᠎ᠡ᠃ ᠲᠡᠶ᠋ᠢᠮᠤ᠎ᠠᠴᠠ ᠪᠢ ᠭᠠᠩᠭ᠋ᠠᠩ᠎ᠤᠨ ᠨᠠᠭ᠋ᠠᠴᠦ ᠠ᠋ᠮᠡᠭᠡ ᠵᠢᠨ ᠬᠢᠨᠢ ᠬᠡᠤᠬᠡᠳ ᠬᠦᠮᠦᠵᠢᠬᠦᠯᠬᠦ ᠠᠷᠭ᠎ᠠ ᠲᠤᠷᠰᠢᠯᠭ᠎ᠠ᠎ᠳᠤ᠎ᠲᠠᠭᠠᠨ ᠰᠤᠷᠤᠯᠴᠠᠭᠤᠰᠢᠲᠡᠢ ᠬᠤᠪᠤᠷᠬᠠᠨ ᠵᠦᠢ᠍ᠯ ᠨᠢᠭᠤᠭᠳᠠᠵᠦ ᠪᠤᠢ ᠭᠡᠵᠦ ᠦᠵᠡᠵᠦ ᠪᠠᠶ᠋ᠢᠨ᠎ᠠ᠃
      ᠭᠤᠷᠪᠠ᠎ᠳᠤ᠂ ᠲᠠᠳᠬᠠᠯ᠎ᠤᠨ ᠬᠦᠮᠦᠵᠢᠯ᠎ᠢ ᠪᠦᠲᠦᠮᠵᠢᠲᠡᠢ ᠰᠠᠶ᠋ᠢᠬᠠᠨ ᠬᠢᠵᠦ ᠴᠢᠳᠠᠭᠰᠠᠨ ᠪᠠᠶ᠋ᠢᠨ᠎ᠠ᠃ 《ᠰᠤᠷᠤᠭᠰᠠᠨ ᠵᠠᠩ᠎ᠢ ᠰᠤᠷ ᠵᠶ᠋ᠠᠷ ᠪᠤᠭᠤᠭᠰᠠᠨ ᠴᠦ᠍ ᠬᠠᠯᠠᠵᠦ ᠲᠡᠶ᠋ᠢᠯᠬᠦ ᠦᠭᠡᠢ ᠭᠡᠳᠡᠭᠴᠢᠯᠠᠨ》 ᠭᠠᠩᠭ᠋ᠠᠩ ᠬᠡᠤᠬᠡᠨ᠎ᠳᠤ ᠨᠢᠯᠬ᠎ᠠ ᠪᠠᠭ᠎ᠠ᠎ᠠᠴᠠ᠎ᠨᠢ ᠦᠯᠢᠭᠡᠷ ᠲᠡᠤᠬᠡ ᠰᠤᠨᠤᠰᠬᠤ᠂ ᠨᠤᠮ ᠤᠩᠰᠢᠬᠤ᠂ ᠦᠪᠡᠷ ᠵᠶ᠋ᠠᠨ ᠪᠡᠶᠡᠴᠢᠯᠡᠨ ᠤᠷᠤᠯᠴᠠᠭ᠍ᠤ᠂ ᠴᠠᠭ᠎ᠢ ᠪᠠᠷᠢᠮᠳᠠᠯᠠᠭ᠍ᠤ᠂ ᠴᠢᠳᠠᠭ᠍ᠤ ᠦᠭᠡᠢ ᠮᠡᠳᠡᠭᠦ ᠦᠭᠡᠢ᠎ᠪᠠᠨ ᠬᠦᠮᠦᠨ᠎ᠠᠴᠠ ᠠᠰᠠᠭᠤᠬᠤ ᠪᠤᠶᠤ ᠦᠪᠡᠷ᠎ᠤᠨ ᠭᠡᠰᠡᠨ ᠠᠮᠢᠳᠤᠷᠠᠯ᠎ᠤᠨ ᠵᠤᠷᠰᠢᠯ᠎ᠲᠠᠢ ᠪᠠᠶ᠋ᠢᠬᠤ ᠵᠡᠷᠭᠡ ᠲᠠᠳᠬᠠᠯ᠎ᠤᠨ ᠬᠦᠮᠦᠵᠢᠯ᠎ᠢ ᠨᠠᠷᠢᠨ ᠨᠢᠭᠲᠠ ᠰᠠᠶ᠋ᠢᠬᠠᠨ ᠮᠡᠳᠡᠭᠦᠯᠦᠨ ᠰᠤᠷᠭ᠋ᠠᠭᠰᠠᠨ ᠪᠠᠶ᠋ᠢᠨ᠎ᠠ᠃ ᠵᠢᠱ᠌ᠢᠶᠡᠯᠡᠪᠡᠯ᠂ ᠬᠡᠤᠬᠡᠨ᠎ᠳᠤ᠎ᠪᠠᠨ 《ᠭᠤᠷᠪᠠᠨ ᠤᠯᠤᠰ᠎ᠤᠨ ᠦᠯᠢᠭᠡᠷ》 ᠵᠡᠷᠭᠡ ᠦᠯᠢᠭᠡᠷᠲᠦ ᠨᠤᠮ᠎ᠢ ᠤᠩᠰᠢᠨ ᠰᠤᠨᠤᠰᠬᠠᠬᠤ᠎ᠪᠠᠷ ᠲᠠᠮᠵᠢᠭᠤᠯᠤᠨ ᠨᠤᠮ ᠤᠩᠰᠢᠬᠤ ᠲᠠᠳᠬᠠᠯ᠎ᠤᠨ ᠬᠦᠮᠦᠵᠢᠯ᠎ᠢ ᠬᠢᠵᠦ᠂ ᠨᠤᠮ ᠲᠡᠪᠲᠡᠷ᠎ᠲᠤ ᠲᠤᠷ᠎ᠡ ᠪᠠᠬ᠎ᠠ᠎ᠲᠠᠢ ᠪᠤᠯᠭ᠋ᠠᠬᠤ ᠲᠡᠰᠢ ᠬᠦᠲᠦᠯᠦᠭᠰᠡᠨ ᠪᠠᠶ᠋ᠢᠨ᠎ᠠ᠃ ᠲᠠᠳᠬᠠᠯ ᠭᠡᠵᠦ ᠰᠠᠶ᠋ᠢᠨ ᠮᠠᠭᠤ ᠵᠢ ᠢᠯᠭ᠋ᠠᠬᠤ ᠦᠭᠡᠢ ᠨᠢᠭᠡᠨᠲᠡ ᠪᠦᠷᠢᠯᠳᠦᠴᠢᠭᠡᠪᠡᠯ ᠬᠠᠯᠠᠭ᠍ᠤ᠎ᠳᠤ ᠬᠦᠴᠢᠷᠲᠡᠢ ᠪᠠᠶ᠋ᠢᠳᠠᠭ᠃ ᠭᠠᠩᠭ᠋ᠠᠩ ᠬᠡᠤᠬᠡᠨ ᠨᠢᠯᠬ᠎ᠠ ᠪᠠᠭ᠎ᠠ᠎ᠠᠴᠠ᠎ᠪᠠᠨ ᠨᠤᠮ ᠤᠩᠰᠢᠬᠤ ᠲᠠᠳᠬᠠᠯ᠎ᠲᠠᠢ ᠪᠤᠯᠴᠢᠬᠠᠭᠰᠠᠨ ᠤᠴᠢᠷ᠎ᠠᠴᠠ ᠶᠡᠭᠡ ᠪᠤᠯᠤᠭᠰᠠᠨ᠎ᠤ ᠲᠠᠷᠠᠭ᠎ᠠ ᠨᠤᠮ᠎ᠲᠠᠢ ᠬᠠᠨᠢᠯᠠᠵᠦ᠂ ᠨᠤᠮ᠎ᠲᠠᠢ ᠨᠦᠬᠦᠷᠯᠡᠨ ᠦᠪᠡᠷ᠎ᠤᠨ ᠤᠶᠤᠨ ᠤᠬᠠᠭ᠋ᠠᠨ ᠵᠶ᠋ᠠᠨ ᠰᠡᠭᠡᠭᠡᠷᠡᠭᠦᠯᠬᠦ᠎ᠳᠤ ᠬᠡᠷᠡᠭᠴᠡᠭᠡ ᠪᠦᠬᠦᠢ ᠵᠦᠪ ᠠ᠋ᠨ᠋ᠸᠷᠬᠢ ᠵᠢ ᠬᠤᠷᠠᠮᠳᠤᠭᠤᠯᠵᠦ ᠴᠢᠳᠠᠭᠰᠠᠨ ᠪᠠᠶ᠋ᠢᠨ᠎ᠠ᠃ ᠠ᠋ᠭᠦᠨ᠎ᠤ ᠰᠠᠭᠤᠷᠢᠨ ᠲᠡᠭᠡᠷ᠎ᠡ᠂ ᠪᠡᠶ᠎ᠡ᠎ᠪᠠᠨ ᠲᠠᠭ᠋ᠠᠭ᠋ᠠᠵᠦ ᠰᠡᠳᠭᠢᠨ ᠪᠤᠳᠤᠯᠬᠢᠯᠠᠭ᠍ᠤ ᠴᠢᠳᠠᠪᠤᠷᠢ᠎ᠲᠠᠢ ᠪᠤᠯᠵᠦ ᠴᠢᠳᠠᠭᠰᠠᠨ᠎ᠨᠢ ᠭᠠᠩᠭ᠋ᠠᠩ ᠬᠡᠤᠬᠡᠨ᠎ᠤ ᠠᠮᠵᠢᠯᠲᠠ ᠤᠯᠬᠤ᠎ᠳᠤ ᠬᠠᠮᠤᠭ᠎ᠤᠨ ᠶᠡᠭᠡ ᠲᠦᠯᠬᠢᠴᠡ ᠦᠢ᠍ᠯᠡᠳᠤᠯ ᠦᠵᠡᠭᠦᠯᠵᠠᠢ ᠭᠡᠵᠦ ᠬᠡᠯᠡᠵᠦ ᠪᠤᠯᠬᠤ ᠶᠤᠮ᠃
      ᠲᠦᠷᠪᠡ᠎ᠳᠤ᠂ ᠨᠢᠯᠬ᠎ᠠ ᠪᠠᠭ᠎ᠠ᠎ᠠᠴᠠ ᠤᠢ ᠤᠬᠠᠭ᠋ᠠᠨ᠎ᠢ ᠭᠡᠭᠡᠷᠡᠬᠦᠯᠬᠦ ᠬᠦᠮᠦᠵᠢᠯ᠎ᠢ ᠴᠢᠬᠤᠯᠠᠴᠢᠯᠠᠨ ᠠᠳᠬᠤᠭᠰᠠᠨ ᠪᠠᠶ᠋ᠢᠨ᠎ᠠ᠃ ᠭᠠᠩᠭ᠋ᠠᠩ᠎ᠤᠨ ᠨᠠᠭ᠋ᠠᠴᠦ ᠠ᠋ᠮᠡᠭᠡ᠎ᠨᠢ ᠬᠦᠳᠡᠭᠡ ᠨᠤᠲᠤᠭ᠎ᠤᠨ ᠲᠠᠩᠰᠤᠭ ᠪᠠᠶ᠋ᠢᠭ᠋ᠠᠯᠢ ᠵᠢᠨ ᠡᠪᠡᠰᠦ ᠤᠷᠭᠤᠮᠠᠯ ᠪᠤᠯᠤᠨ ᠦᠪᠡᠷ᠎ᠤᠨ ᠠ᠋ᠲᠦᠷ ᠲᠤᠲᠤᠮ᠎ᠤᠨ ᠠᠮᠢᠳᠤᠷᠠᠯ ᠲᠤᠮᠳᠠᠬᠢ ᠵᠡᠬᠦᠦ ᠰᠦᠪᠡᠯᠡᠭᠦᠯᠬᠦ᠂ ᠵᠢᠷᠤᠭ ᠵᠢᠷᠤᠬᠤ ᠪᠤᠶᠤ ᠬᠠᠶ᠋ᠢᠴᠢᠯᠠᠮᠠᠯ ᠬᠠᠶ᠋ᠢᠴᠢᠯᠠᠭᠤᠯᠬᠤ ᠵᠡᠷᠭᠡ ᠠ᠋ᠩ᠎ᠤᠨ ᠵᠦᠢ᠍ᠯᠡᠰ ᠵᠶ᠋ᠠᠷ ᠲᠡᠳᠡᠨ᠎ᠤ ᠬᠤᠭᠤᠷᠤᠨᠳᠤᠬᠢ ᠬᠠᠷᠢᠯᠴᠠᠭ᠋ᠠᠨ᠎ᠤ ᠰᠦᠪᠡᠭᠴᠢ ᠪᠤᠯᠭ᠋ᠠᠬᠤ ᠪᠤᠶᠤ ᠨᠤᠲᠤᠭ ᠤᠰᠤᠨ᠎ᠤ ᠬᠠᠮᠢᠶ᠎ᠠ᠎ᠲᠠᠢ ᠦᠯᠢᠭᠡᠷ ᠵᠤᠭᠤᠭ᠎ᠢ ᠶᠠᠷᠢᠵᠦ ᠰᠤᠨᠤᠰᠬᠠᠳᠠᠭ ᠪᠠᠶ᠋ᠢᠵᠠᠢ᠃ ᠠ᠋ᠨᠡ᠎ᠨᠢ ᠭᠠᠩᠭ᠋ᠠᠩ᠎ᠤᠨ ᠨᠢᠯᠬ᠎ᠠ ᠦᠶ᠎ᠡ ᠵᠢᠨ ᠤᠢ ᠤᠬᠠᠭ᠋ᠠᠨ᠎ᠢ᠎ᠨᠢ ᠭᠡᠭᠡᠷᠡᠬᠦᠯᠬᠦ᠎ᠳᠤ ᠰᠠᠭᠤᠷᠢ ᠪᠦᠬᠦᠢ ᠦᠢ᠍ᠯᠡᠳᠤᠯ᠎ᠢ ᠦᠵᠡᠭᠦᠯᠵᠦ ᠴᠢᠳᠠᠭᠰᠠᠨ ᠭᠡᠵᠦ ᠦᠵᠡᠵᠦ ᠪᠠᠶ᠋ᠢᠨ᠎ᠠ᠃ ᠤᠴᠢᠷ᠎ᠨᠢ ᠶᠠᠭᠤ ᠭᠡᠪᠡᠯ᠂ 《ᠬᠦᠮᠦᠨ ᠠ᠋ᠬᠡ ᠵᠢᠨ ᠬᠡᠪᠡᠯᠢ᠎ᠠᠴᠠ ᠲᠦᠷᠦᠮᠡᠭᠴᠡ ᠠᠪᠢᠶᠠᠰ ᠪᠢᠯᠢᠭ ᠲᠡᠭᠦᠯᠳᠡᠷ ᠪᠠᠶ᠋ᠢᠳᠠᠭ ᠦᠭᠡᠢ᠂ ᠬᠠᠷᠢᠨ ᠬᠤᠵᠢᠮ᠎ᠤᠨ ᠭᠡᠷ ᠪᠦᠯᠢ ᠵᠢᠨ ᠤᠷᠴᠢᠨ ᠲᠤᠭᠤᠷᠢᠨ᠎ᠤ ᠨᠦᠯᠦᠭᠡᠯᠡᠯ ᠵᠶ᠋ᠠᠷ ᠲᠠᠮᠵᠢᠨ ᠤᠢ ᠤᠬᠠᠭ᠋ᠠᠨ᠎ᠨᠢ ᠨᠡᠬᠡᠭᠡᠭᠳᠡᠳᠡᠭ᠂ ᠭᠡᠬᠦ᠎ᠳᠤ᠎ᠪᠠᠨ ᠤᠢ ᠪᠢᠯᠢᠭ᠎ᠤᠨ ᠨᠡᠬᠡᠭᠡᠭᠳᠡᠬᠦ ᠬᠡᠮᠵᠢᠶ᠎ᠡ᠎ᠨᠢ ᠬᠦᠮᠦᠨ ᠬᠦᠮᠦᠨ ᠠᠳᠠᠯᠢ ᠦᠭᠡᠢ ᠪᠠᠶ᠋ᠢᠳᠠᠭ》 ᠭᠡᠵᠦ ᠶᠠᠷᠢᠳᠠᠭ᠎ᠨᠢ ᠲᠠᠷᠤᠢ ᠬᠡᠤᠬᠡᠳ᠎ᠤᠨ ᠤᠢ ᠤᠬᠠᠭ᠋ᠠᠨ᠎ᠤ ᠨᠡᠬᠡᠭᠡᠯᠲᠡ ᠨᠢᠯᠬ᠎ᠠ ᠦᠶ᠎ᠡ ᠵᠢᠨ ᠬᠦᠮᠦᠵᠢᠯ᠎ᠲᠠᠢ ᠰᠢᠭᠤᠳ ᠬᠤᠯᠪᠤᠭ᠎ᠠ᠎ᠲᠠᠢ ᠭᠡᠳᠡᠭ᠎ᠢ ᠬᠡᠯᠡᠵᠦ ᠪᠠᠶ᠋ᠢᠭ᠎ᠠ ᠶᠠᠪᠤᠳᠠᠯ ᠪᠤᠯᠬᠤ ᠶᠤᠮ᠃ ᠬᠡᠤᠬᠡᠳ ᠦᠰᠭᠡᠬᠦ᠎ᠳᠤ ᠶᠠᠮᠠᠷ ᠴᠦ᠍ ᠭᠦᠴᠦ ᠬᠦᠯᠦᠰᠦ ᠤᠷᠤᠰᠬᠠᠬᠤ ᠦᠭᠡᠢ ᠬᠠᠶᠠᠭ᠋ᠠᠨ᠎ᠳᠤ᠎ᠨᠢ ᠬᠠᠶᠠᠭᠰᠠᠨ ᠬᠡᠤᠬᠡᠳ ᠪᠤᠯᠤᠨ ᠶᠡᠬᠡᠭᠡᠨ ᠬᠦᠴᠦ ᠬᠦᠯᠦᠰᠦ ᠵᠠᠷᠤᠴᠠᠭᠤᠯᠤᠭᠰᠠᠨ ᠬᠡᠤᠬᠡᠳ᠎ᠤᠨ ᠮᠡᠳᠡᠯᠭᠡ ᠰᠤᠷᠬᠤ ᠤᠢ ᠪᠢᠯᠢᠭ᠎ᠤᠨ ᠨᠡᠬᠡᠭᠡᠭᠳᠡᠬᠦ ᠬᠡᠮᠵᠢᠶ᠎ᠡ᠎ᠨᠢ ᠠᠳᠠᠯᠢ ᠦᠭᠡᠢ᠎ᠪᠠᠷ ᠪᠠᠷᠠᠭ᠍ᠤ ᠦᠭᠡᠢ᠂ ᠬᠤᠵᠢᠮ ᠬᠤᠶ᠋ᠢᠨ᠎ᠠ ᠰᠤᠷᠭ᠋ᠠᠭᠤᠯᠢ ᠲᠠᠪᠰᠢᠬᠤ ᠵᠢ ᠰᠢᠭᠤᠳ ᠨᠦᠯᠦᠭᠡᠯᠡᠵᠤ᠂ ᠠᠵᠢᠯ ᠠᠮᠢᠳᠤᠷᠠᠯ᠎ᠤᠨ ᠲᠠᠯ᠎ᠠ᠎ᠳᠤ ᠪᠠᠰᠠ ᠪᠦᠷᠢᠮᠤᠰᠤᠨ ᠠᠳᠠᠯᠢ ᠦᠭᠡᠢ ᠦᠷ᠎ᠡ ᠳ᠋ᠦᠩ᠎ᠢ ᠠᠪᠴᠢᠷᠠᠳᠠᠭ ᠶᠤᠮ᠃ ᠬᠦᠳᠡᠭᠡ ᠲᠤᠰᠬᠤᠨ᠎ᠤ ᠦᠨᠳᠦᠰᠦᠨ ᠱᠠᠳᠤᠨ᠎ᠳᠤ ᠪᠠᠭᠰᠢᠯᠠᠵᠦ ᠪᠦᠬᠦᠢ ᠤᠳᠤᠨ ᠪᠠᠭᠰᠢ ᠵᠢᠨ ᠬᠡᠤᠬᠡᠨ ᠭᠠᠩᠭ᠋ᠠᠩ᠎ᠤᠨ ᠪᠦᠬᠦ ᠤᠯᠤᠰ᠎ᠤᠨ ᠨᠢᠭᠡᠲᠦᠯᠲᠡᠢ ᠰᠢᠯᠭ᠋ᠠᠯᠲᠠ᠎ᠳᠤ ᠤᠨᠴᠠ ᠦᠨᠳᠦᠷ ᠬᠢᠷᠢ ᠪᠦᠲᠦᠮᠵᠢ ᠵᠢ ᠰᠢᠯᠭ᠋ᠠᠨ ᠤᠯᠵᠦ᠂ ᠤᠯᠤᠰ᠎ᠤᠨ ᠭᠤᠤᠯᠳᠠᠯᠭ᠎ᠠ᠎ᠲᠠᠢ ᠰᠤᠷᠭ᠋ᠠᠭᠤᠯᠢ᠎ᠳᠤ ᠠ᠋ᠯᠰᠡᠭᠳᠡᠨ ᠤᠷᠤᠭᠰᠠᠨ ᠶᠠᠪᠤᠳᠠᠯ ᠪᠤᠯ ᠨᠢᠯᠬ᠎ᠠ ᠪᠠᠭ᠎ᠠ᠎ᠠᠴᠠ ᠤᠢ ᠤᠬᠠᠭ᠋ᠠᠨ᠎ᠢ ᠭᠡᠭᠡᠷᠡᠭᠦᠯᠬᠦ ᠬᠦᠮᠦᠵᠢᠯ᠎ᠢ ᠴᠢᠬᠤᠯᠠᠴᠢᠯᠠᠨ ᠠᠳᠬᠤᠭᠰᠠᠨ᠎ᠲᠠᠢ ᠰᠢᠭᠤᠳ ᠬᠤᠯᠪᠤᠭ᠎ᠠ᠎ᠲᠠᠢ᠃
      ᠲᠠᠪᠤ᠎ᠳᠤ᠂ ᠦᠪᠡᠷ᠎ᠤᠨ ᠪᠡᠶ᠎ᠡ᠎ᠪᠠᠷ ᠦᠯᠢᠭᠡᠷ ᠲᠠᠭᠤᠷᠢᠶᠠᠯ ᠪᠤᠯᠬᠤ ᠦᠢ᠍ᠯᠡᠳᠤᠯ᠎ᠢ ᠪᠠᠳᠠᠷᠠᠭᠤᠯᠵᠦ ᠴᠢᠳᠠᠭᠰᠠᠨ ᠪᠠᠶ᠋ᠢᠨ᠎ᠠ᠃ ᠭᠠᠩᠭ᠋ᠠᠩ᠎ᠤᠨ ᠦᠨᠦᠲᠦᠷ᠎ᠤᠨ ᠠᠮᠵᠢᠯᠲᠠ ᠤᠯᠤᠭᠰᠠᠨ᠎ᠤ ᠭᠤᠤᠯ ᠰᠢᠯᠲᠠᠭ᠋ᠠᠨ᠎ᠨᠢ ᠲᠡᠭᠦᠨ᠎ᠤ ᠨᠠᠭ᠋ᠠᠴᠦ ᠠ᠋ᠮᠡᠭᠡ ᠪᠤᠶᠤ ᠦᠪᠡᠷ᠎ᠤᠨ ᠡᠵᠢ ᠠᠪᠤ᠎ᠨᠢ ᠪᠡᠶ᠎ᠡ᠎ᠪᠠᠷ ᠵᠶ᠋ᠠᠨ ᠬᠡᠤᠬᠡᠳ᠎ᠤᠨ ᠵᠶ᠋ᠠᠨ ᠰᠠᠶ᠋ᠢᠨ ᠰᠠᠶ᠋ᠢᠬᠠᠨ ᠰᠤᠷᠤᠯᠴᠠᠭ᠍ᠤ ᠦᠯᠢᠭᠡᠷ ᠲᠠᠭᠤᠷᠢᠶᠠᠯ ᠪᠤᠯᠵᠦ ᠴᠢᠳᠠᠭᠰᠠᠨ ᠵᠶ᠋ᠠᠷ ᠪᠠᠷᠠᠭ᠍ᠤ ᠦᠭᠡᠢ᠂ ᠭᠤᠷᠪᠠᠨ ᠦᠶ᠎ᠡ᠎ᠪᠠᠷ ᠵᠶ᠋ᠠᠨ ᠰᠡᠳᠭᠢᠯ ᠨᠢᠭᠡᠲᠦᠨ ᠴᠢᠷᠮᠠᠶ᠋ᠢᠭᠰᠠᠨ᠎ᠲᠠᠢ ᠰᠢᠭᠤᠳ ᠬᠤᠯᠪᠤᠭ᠎ᠠ᠎ᠲᠠᠢ᠃ ᠭᠠᠩᠭ᠋ᠠᠩ᠎ᠤᠨ ᠨᠠᠭ᠋ᠠᠴᠦ ᠠ᠋ᠮᠡᠭᠡ᠎ᠨᠢ ᠲᠤᠬᠠᠢ ᠵᠢᠨ ᠦᠶ᠎ᠡ ᠵᠢᠨ ᠬᠠᠲᠠᠭᠤ ᠵᠦᠳᠡᠬᠦᠦ ᠠᠮᠢᠳᠤᠷᠠᠯ᠎ᠤᠨ ᠨᠦᠬᠦᠴᠡᠯ ᠲᠤᠤᠷ᠎ᠡ ᠭᠠᠩᠭ᠋ᠠᠩ᠎ᠤᠨ ᠡᠵᠢ ᠤᠳᠤᠨ ᠪᠠᠭᠰᠢ ᠵᠢ ᠰᠠᠶ᠋ᠢᠨ ᠰᠠᠶ᠋ᠢᠬᠠᠨ ᠰᠤᠷᠭ᠋ᠠᠨ ᠬᠦᠮᠦᠵᠢᠬᠦᠯᠵᠦ ᠴᠢᠳᠠᠭᠰᠠᠨ ᠦᠭᠡᠢ ᠪᠤᠯᠬᠤ᠎ᠳᠤ ᠬᠦᠷᠪᠡᠯ᠂ ᠤᠳᠤᠨ ᠪᠠᠭᠰᠢ ᠪᠠᠰᠠ ᠬᠡᠤᠬᠡᠨ ᠵᠶ᠋ᠠᠨ ᠢᠩᠭᠢᠵᠦ ᠨᠠᠷᠢᠨ ᠨᠢᠭᠲᠠ ᠬᠦᠮᠦᠵᠢᠬᠦᠯᠦᠨ ᠰᠤᠷᠭ᠋ᠠᠵᠦ ᠦᠨᠦᠲᠦᠷ᠎ᠤᠨ ᠬᠡᠮᠵᠢᠶᠡᠨ᠎ᠳᠤ ᠬᠦᠷᠭᠡᠵᠦ ᠴᠢᠳᠠᠭ᠍ᠤ ᠭᠡᠵᠦ ᠪᠡᠷᠭᠡᠲᠡᠢ ᠪᠠᠶ᠋ᠢᠳᠠᠭ ᠶᠤᠮ᠃ ᠤᠳᠤ ᠵᠢᠨ ᠨᠡᠶ᠋ᠢᠭᠡᠮ᠎ᠳᠤ ᠦᠶ᠎ᠡ ᠠᠯᠤᠰᠯᠠᠭᠰᠠᠨ ᠰᠤᠷᠭ᠋ᠠᠨ ᠬᠦᠮᠦᠵᠢᠯ᠎ᠤᠨ ᠮᠠᠭᠤ ᠲᠠᠯ᠎ᠠ ᠵᠢᠨ ᠨᠦᠯᠦᠭᠡᠨ᠎ᠤ ᠲᠤᠬᠠᠢ ᠶᠠᠷᠢᠬᠤ ᠬᠦᠮᠦᠨ ᠤᠯᠠᠨ ᠪᠠᠶ᠋ᠢᠳᠠᠭ ᠪᠤᠯᠪᠠᠴᠦ᠂ ᠭᠠᠩᠭ᠋ᠠᠩ᠎ᠤᠨ ᠨᠠᠭ᠋ᠠᠴᠦ ᠠ᠋ᠮᠡᠭᠡ ᠰᠢᠭ ᠢᠩᠭᠢᠵᠦ ᠦᠪᠡᠷ᠎ᠤᠨ ᠪᠡᠶ᠎ᠡ᠎ᠪᠠᠷ ᠵᠶ᠋ᠠᠨ ᠦᠯᠢᠭᠡᠷ ᠲᠠᠭᠤᠷᠢᠶᠠᠯ ᠪᠤᠯᠵᠦ ᠦᠷ᠎ᠡ ᠤᠮᠪᠤᠯᠤ᠎ᠪᠠᠨ ᠨᠠᠷᠢᠯᠢᠬ ᠰᠠᠶ᠋ᠢᠬᠠᠨ ᠬᠦᠮᠦᠵᠢᠭᠦᠯᠦᠨ ᠰᠤᠷᠭ᠋ᠠᠵᠦ ᠴᠢᠳᠠᠭ᠍ᠤ ᠦᠯᠢᠭᠡᠷ ᠵᠢᠱ᠌ᠢᠶ᠎ᠡ ᠴᠦᠬᠡᠨ ᠰᠤᠨᠤᠰᠳᠠᠭ᠃ ᠤᠯᠠᠩᠬᠢ ᠡᠪᠦᠭᠡ ᠠ᠋ᠮᠡᠭᠡ ᠪᠤᠯᠤᠭᠰᠠᠳ ᠦᠷ᠎ᠡ ᠬᠡᠤᠬᠡᠳ᠎ᠤᠨ ᠵᠶ᠋ᠠᠨ ᠪᠡᠶ᠎ᠡ ᠮᠠᠭ᠍ᠠᠪᠤᠳ᠎ᠤᠨ ᠬᠦᠮᠦᠵᠢᠯ᠎ᠢ ᠴᠢᠬᠤᠯᠠᠴᠢᠯᠠᠭ᠋ᠠᠳ ᠤᠶᠤᠨ᠎ᠤ ᠬᠦᠮᠦᠵᠢᠯ᠎ᠢ ᠤᠮᠳᠤᠭ᠋ᠠᠶ᠋ᠢᠯᠠᠭ᠍ᠤ᠎ᠠᠴᠠ ᠪᠤᠯᠵᠦ ᠠᠯᠵᠠᠭᠤ ᠵᠠᠯᠬᠠᠭᠤ᠂ ᠯᠠᠷᠵᠠᠯᠠᠵᠦ ᠶᠠᠩᠪᠠᠭ᠋ᠠᠯᠠᠭ᠍ᠤ ᠪᠤᠶᠤ ᠬᠦᠴᠢᠷ᠎ᠠᠴᠠ ᠠᠶᠤᠬᠤ ᠮᠡᠲᠦ ᠨᠠᠵᠠᠭ᠋ᠠᠢ ᠰᠤᠷᠲᠠᠯ᠎ᠲᠠᠢ ᠬᠡᠤᠬᠡᠳ ᠤᠯᠠᠰᠢᠷᠠᠵᠦ ᠪᠠᠶ᠋ᠢᠨ᠎ᠠ᠃
      ᠵᠢᠷᠭᠤᠭ᠎ᠠ᠎ᠳᠤ᠂ ᠡᠵᠢ ᠠᠪᠤ ᠪᠤᠯᠤᠭᠰᠠᠳ ᠬᠡᠤᠬᠡᠳ᠎ᠤᠨ ᠵᠶ᠋ᠠᠨ ᠰᠤᠳᠤᠯᠤᠭ᠋ᠠᠴᠢ ᠪᠤᠯᠵᠦ ᠴᠢᠳᠠᠭᠰᠠᠨ ᠪᠠᠶ᠋ᠢᠨ᠎ᠠ᠃ ᠭᠠᠩᠭ᠋ᠠᠩ᠎ᠢ ᠬᠦᠮᠦᠵᠢᠬᠦᠯᠬᠦ ᠲᠤᠮᠲᠠ ᠡᠵᠢ ᠠᠪᠤ᠎ᠨᠢ ᠬᠡᠤᠬᠡᠨ ᠵᠶ᠋ᠠᠨ ᠵᠦᠪᠬᠡᠨ ᠬᠢᠴᠢᠶᠡᠯ ᠰᠤᠷᠤᠯᠴᠠᠯᠭ᠎ᠠ᠎ᠳᠤ᠎ᠨᠢ ᠱᠠᠭ᠋ᠠᠷᠳᠠᠭᠰᠠᠨ ᠪᠠᠰᠢ ᠬᠠᠷᠢᠨ ᠲᠡᠭᠦᠨ᠎ᠢ ᠡᠯ᠎ᠡ ᠲᠡᠯ᠎ᠡ ᠵᠢᠨ ᠢᠯᠡᠷᠡᠯ ᠪᠠᠶ᠋ᠢᠳᠠᠯ᠎ᠢ ᠨᠠᠷᠢᠨ ᠠᠵᠢᠭᠯᠠᠵᠦ᠂ ᠬᠡᠤᠬᠡᠨ᠎ᠤ᠎ᠪᠠᠨ ᠤᠳᠠᠭ᠎ᠠ ᠲᠠᠷᠠᠭ᠋ᠠᠯᠠᠨ ᠢᠯᠡᠷᠡᠬᠦ ᠤᠮᠤᠷᠬᠠᠭ ᠰᠠᠭᠰᠠᠭᠤ ᠵᠠᠩ᠎ᠢ᠎ᠨᠢ ᠴᠠᠭ ᠲᠤᠬᠠᠢ᠎ᠳᠤ᠎ᠨᠢ ᠠᠵᠢᠭᠯᠠᠨ ᠮᠡᠳᠡᠵᠦ᠂ ᠵᠤᠬᠢᠰᠲᠡᠢ ᠰᠠᠶ᠋ᠢᠬᠠᠨ ᠰᠢᠢ᠍ᠳᠪᠦᠷᠢᠯᠡᠵᠦ ᠪᠠᠶ᠋ᠢᠭᠰᠠᠨ ᠤᠳᠠᠭ᠎ᠠ᠎ᠲᠠᠢ᠃ ᠭᠠᠩᠭ᠋ᠠᠩ ᠬᠡᠤᠬᠡᠨ ᠡᠪᠡᠳᠴᠢᠯᠡᠨ ᠠ᠋ᠮᠨᠡᠯᠭᠡ᠎ᠳᠤ ᠨᠢᠭᠡ ᠰᠠᠷ᠎ᠡ ᠰᠢᠬᠠᠮ ᠠ᠋ᠮᠨᠡᠭᠦᠯᠵᠦ ᠪᠠᠶ᠋ᠢᠬᠤ ᠬᠤᠭᠤᠴᠠᠭ᠋ᠠᠨ᠎ᠳᠤ ᠡᠵᠢ ᠠᠪᠤ᠎ᠨᠢ ᠬᠡᠤᠬᠡᠨ᠎ᠠᠴᠠ᠎ᠪᠠᠨ ᠰᠠᠯᠤᠯ ᠦᠭᠡᠢ ᠠᠰᠠᠷᠠᠵᠦ ᠰᠤᠪᠢᠯᠠᠭ᠍ᠤ ᠵᠢᠨ ᠲᠠᠭ᠋ᠠᠤ ᠬᠢᠴᠢᠶᠡᠯ ᠰᠤᠷᠤᠯᠭ᠎ᠠ ᠵᠢ᠎ᠨᠢ ᠵᠢᠭ᠋ᠠᠨ ᠵᠢᠯᠤᠭᠤᠳᠤᠭᠰᠠᠨ ᠪᠠᠶ᠋ᠢᠨ᠎ᠠ᠃ ᠠ᠋ᠭᠦᠨ ᠵᠶ᠋ᠠᠷ ᠪᠠᠷᠠᠭ᠍ᠤ ᠦᠭᠡᠢ᠂ ᠵᠢᠷᠭᠤᠳᠤᠭ᠋ᠠᠷ ᠤᠨ᠎ᠤ ᠲᠡᠭᠦᠰᠬᠦ ᠰᠢᠯᠭ᠋ᠠᠯᠲᠠ᠎ᠳᠤ ᠬᠡᠤᠬᠡᠨ᠎ᠨᠢ ᠠᠯᠬᠤᠵᠦ ᠲᠡᠶ᠋ᠢᠯᠬᠦ ᠦᠭᠡᠢ ᠪᠠᠶ᠋ᠢᠳᠠᠯ ᠲᠤᠤᠷ᠎ᠡ᠂ ᠲᠡᠭᠦᠨ᠎ᠢ ᠠᠰᠠᠷ ᠲᠡᠭᠡᠷ᠎ᠡ ᠠ᠋ᠭᠦᠷᠦᠨ ᠭᠠᠷᠭ᠋ᠠᠵᠦ ᠰᠢᠯᠭ᠋ᠠᠯᠲᠠ᠎ᠳᠤ ᠤᠷᠤᠯᠴᠠᠭᠤᠯᠤᠭᠰᠠᠨ ᠵᠡᠷᠭᠡ ᠶᠠᠪᠤᠳᠠᠯ᠎ᠨᠢ ᠭᠠᠩᠭ᠋ᠠᠩ ᠬᠡᠤᠬᠡᠨ᠎ᠳᠤ ᠮᠠᠰᠢ ᠶᠡᠭᠡ ᠰᠡᠳᠭᠢᠯ᠎ᠤᠨ ᠵᠤᠷᠢᠬ᠍ᠵᠢᠭᠤᠯᠤᠯ ᠪᠤᠯᠤᠭᠰᠠᠨ ᠶᠤᠮ᠃ ᠠ᠋ᠳᠡᠭᠡᠷ ᠦᠢ᠍ᠯᠡ ᠶᠠᠪᠤᠳᠠᠯ᠎ᠤᠨ ᠦᠩᠭᠡᠷᠡᠯᠲᠡ᠎ᠪᠠᠷ ᠲᠡᠮᠵᠢᠨ ᠭᠠᠩᠭ᠋ᠠᠩ ᠬᠡᠤᠬᠡᠨ ᠠᠪᠤ ᠡᠵᠢ ᠵᠢᠨ ᠵᠶ᠋ᠠᠨ ᠰᠡᠳᠭᠢᠯ᠎ᠢ ᠤᠶ᠋ᠢᠯᠠᠭ᠋ᠠᠨ᠂ ᠦᠨᠡᠨ ᠰᠡᠳᠭᠢᠯ᠎ᠠᠴᠠ᠎ᠪᠠᠨ ᠢᠲᠡᠭᠡᠨ ᠪᠢᠰᠢᠷᠡᠬᠦ ᠪᠤᠯᠤᠭᠰᠠᠨ ᠪᠠᠶ᠋ᠢᠨ᠎ᠠ᠃ ᠠ᠋ᠨᠡ ᠪᠤᠯ ᠡᠵᠢ ᠠᠪᠤ ᠵᠢᠨ ᠬᠢᠨᠢ ᠬᠡᠤᠬᠡᠨ ᠵᠶ᠋ᠠᠨ ᠨᠠᠷᠢᠨ ᠬᠢᠨᠠᠮᠠᠭ᠋ᠠᠢ ᠠᠵᠢᠭᠯᠠᠨ ᠰᠢᠨᠵᠢᠵᠦ᠂ ᠪᠠᠶ᠋ᠢᠳᠠᠯ᠎ᠳᠤ᠎ᠨᠢ ᠲᠤᠬᠢᠷᠠᠭᠤᠯᠤᠨ ᠵᠦᠪ ᠰᠠᠶ᠋ᠢᠬᠠᠨ ᠵᠢᠭ᠋ᠠᠨ ᠵᠢᠯᠤᠭᠤᠳᠤᠭᠰᠠᠨ᠎ᠤ ᠬᠢᠨᠢ ᠦᠷ᠎ᠡ ᠳ᠋ᠦᠩ ᠪᠤᠯᠤᠨ᠎ᠠ᠃
      ᠲᠤᠯᠤᠭ᠎ᠠ᠎ᠳᠤ᠂ ᠬᠡᠯᠡᠬᠦ ᠵᠢ ᠪᠢᠰᠢ ᠬᠢᠬᠦ ᠵᠢ ᠴᠢᠬᠤᠯᠠᠴᠢᠯᠠᠵᠦ᠂ ᠬᠡᠤᠬᠡᠳ᠎ᠤᠨ ᠵᠶ᠋ᠠᠨ ᠰᠡᠳᠭᠢᠯ᠎ᠤᠨ ᠬᠠᠨᠢ ᠪᠤᠯᠵᠦ ᠴᠢᠳᠠᠭᠰᠠᠨ ᠪᠠᠶ᠋ᠢᠨ᠎ᠠ᠃ ᠭᠠᠩᠭ᠋ᠠᠩ᠎ᠤᠨ ᠡᠵᠢ ᠵᠢᠨ ᠬᠢᠨᠢ ᠶᠠᠷᠢᠶᠠᠨ᠎ᠳᠤ ᠬᠡᠤᠬᠡᠨ᠎ᠤ ᠢᠯᠡᠷᠡᠯ ᠪᠠᠶ᠋ᠢᠳᠠᠯ᠎ᠳᠤ ᠠᠭᠤᠷᠯᠠᠵᠦ ᠤᠴᠠᠭ᠋ᠠᠷᠯᠠᠭᠰᠠᠨ ᠵᠦᠢ᠍ᠯ ᠤᠭᠲᠤ ᠬᠠᠷᠠᠭᠳᠠᠭ᠍ᠤ ᠦᠭᠡᠢ ᠪᠠᠶ᠋ᠢᠨ᠎ᠠ᠃ ᠲᠡᠷᠡ ᠦᠪᠡᠷ᠎ᠤᠨ ᠬᠡᠤᠬᠡᠨ᠎ᠤ᠎ᠪᠠᠨ ᠢᠯᠡᠷᠡᠯ ᠪᠠᠶ᠋ᠢᠳᠠᠯ᠎ᠢ ᠨᠠᠷᠢᠨ ᠬᠢᠨᠠᠮᠠᠭ᠋ᠠᠢ ᠠᠵᠢᠭᠯᠠᠨ ᠰᠢᠨᠵᠢᠭᠰᠡᠨ ᠪᠠᠶ᠋ᠢᠳᠠᠯ ᠲᠤᠤᠷ᠎ᠡ᠂ ᠦᠪᠡᠷ ᠵᠶ᠋ᠠᠨ ᠦᠯᠢᠭᠡᠷ ᠲᠠᠭᠤᠷᠢᠶᠠᠯ ᠪᠤᠯᠬᠤ ᠦᠢ᠍ᠯᠡᠳᠤᠯ᠎ᠢ ᠮᠠᠰᠢ ᠰᠠᠶ᠋ᠢᠬᠠᠨ ᠬᠦᠢ᠍ᠴᠡᠳᠭᠡᠵᠦ ᠴᠢᠳᠠᠵᠠᠢ᠃ ᠵᠢᠱ᠌ᠢᠶᠡᠯᠡᠪᠡᠯ᠂ ᠨᠤᠮ᠎ᠤᠨ ᠰᠠᠩ ᠵᠶ᠋ᠠᠷ ᠬᠡᠤᠬᠡᠨ ᠵᠶ᠋ᠠᠨ ᠲᠠᠭ᠋ᠠᠭᠤᠯᠵᠦ ᠨᠤᠮ ᠤᠩᠰᠢᠭᠤᠯᠬᠤ᠂ ᠠ᠋ᠳᠦᠷ ᠪᠤᠯᠭ᠋ᠠᠨ ᠶᠠᠭᠤ ᠰᠤᠷᠤᠭᠰᠠᠨ᠎ᠢ ᠮᠠᠷᠲᠠᠯ ᠦᠭᠡᠢ ᠠᠰᠠᠭᠤᠳᠠᠭ ᠪᠤᠶᠤ ᠲᠦᠩᠯᠢᠶᠤᠤ ᠬᠤᠲᠠᠨ᠎ᠳᠤ ᠪᠢᠴᠢᠭ ᠦᠵᠡᠵᠦ ᠪᠠᠶ᠋ᠢᠭᠰᠠᠨ ᠲᠠᠪᠤᠨ ᠵᠢᠯ᠎ᠤᠨ ᠬᠤᠭᠤᠴᠠᠭ᠋ᠠᠨ᠎ᠳᠤ ᠭᠠᠷᠠᠭ ᠪᠤᠯᠭ᠋ᠠᠨ ᠬᠡᠤᠬᠡᠨ ᠲᠡᠭᠡᠷ᠎ᠡ᠎ᠪᠠᠨ ᠤᠴᠢᠵᠦ᠂ ᠰᠤᠷᠤᠯᠭ᠎ᠠ ᠵᠢᠨ ᠲᠠᠯ᠎ᠠ ᠵᠢᠨ ᠠᠰᠠᠭᠤᠳᠠᠯ᠎ᠢ ᠨᠢᠮᠪᠠᠢ ᠰᠠᠶ᠋ᠢᠬᠠᠨ ᠰᠢᠢ᠍ᠳᠪᠦᠷᠢᠯᠡᠵᠦ ᠪᠠᠶ᠋ᠢᠭᠰᠠᠨ ᠵᠡᠷᠭᠡ᠎ᠨᠢ ᠬᠡᠯᠡᠬᠦ ᠵᠢ ᠴᠢᠬᠤᠯᠠᠴᠢᠯᠠᠭᠰᠠᠨ ᠪᠢᠰᠢ ᠬᠠᠷᠢᠨ ᠬᠢᠬᠦ ᠵᠢ ᠴᠢᠬᠤᠯᠠᠴᠢᠯᠠᠵᠦ᠂ ᠬᠡᠤᠬᠡᠳ᠎ᠤᠨ ᠵᠶ᠋ᠠᠨ ᠰᠡᠳᠭᠢᠯ᠎ᠤᠨ ᠬᠠᠨᠢ ᠪᠤᠯᠵᠦ ᠪᠠᠶ᠋ᠢᠭᠰᠠᠨ᠎ᠨᠢ ᠭᠠᠩᠭ᠋ᠠᠩ᠎ᠤᠨ ᠢᠲᠡᠭᠡᠯ ᠵᠤᠷᠢᠭ᠎ᠢ ᠬᠦᠪᠴᠢᠯᠡᠵᠦ᠂ ᠰᠤᠷᠤᠯᠭ᠎ᠠ ᠵᠢᠨ ᠠᠮᠢᠳᠤᠷᠠᠯ᠎ᠳᠤ ᠲᠤᠩ ᠶᠡᠭᠡ ᠵᠤᠷᠢᠬ᠍ᠵᠢᠭᠤᠯᠤᠯ ᠪᠤᠯᠵᠦ ᠪᠠᠶ᠋ᠢᠭᠰᠠᠨ ᠭᠡᠵᠦ ᠦᠵᠡᠵᠦ ᠪᠠᠶ᠋ᠢᠨ᠎ᠠ᠃
      ᠨᠠᠢ᠍ᠮᠠ᠎ᠳᠤ᠂ ᠰᠤᠷᠭ᠋ᠠᠨ ᠬᠦᠮᠦᠵᠢᠯ ᠪᠤᠯ ᠨᠢᠭᠡᠨ ᠶᠡᠭᠡ ᠪᠡᠯᠡ ᠤᠷᠤᠭᠤᠯᠤᠯᠲᠡ ᠮᠦᠨ ᠭᠡᠰᠡᠨ᠎ᠢ ᠵᠦᠪ ᠵᠶ᠋ᠠᠷ ᠲᠠᠨᠢᠵᠦ ᠦᠷ᠎ᠡ ᠠᠰᠢᠭ᠎ᠲᠠᠢ ᠪᠡᠶᠡᠯᠡᠭᠦᠯᠵᠦ ᠴᠢᠳᠠᠭᠰᠠᠨ ᠭᠡᠵᠦ ᠦᠨᠡᠯᠡᠵᠦ ᠪᠤᠯᠤᠨ᠎ᠠ᠃ ᠤᠳᠤᠨ ᠪᠠᠭᠰᠢ ᠭᠠᠷᠠᠭ ᠪᠤᠯᠭ᠋ᠠᠨ ᠬᠡᠤᠬᠡᠨ ᠲᠡᠭᠡᠷ᠎ᠡ᠎ᠪᠠᠨ ᠤᠴᠢᠵᠦ᠂ ᠬᠡᠤᠬᠡᠨ᠎ᠤ᠎ᠪᠠᠨ ᠪᠠᠶ᠋ᠢᠳᠠᠯ᠎ᠢ ᠯᠠᠪᠯᠠᠨ ᠤᠶ᠋ᠢᠯᠠᠭ᠋ᠠᠵᠦ᠂ ᠬᠡᠵᠢᠶᠡᠲᠡ ᠬᠢᠨᠠᠭᠤᠷ ᠯᠠᠪᠳᠠᠭᠤᠨ ᠵᠶ᠋ᠠᠷ ᠠᠰᠠᠭᠤᠳᠠᠯ᠎ᠢ ᠵᠤᠬᠢᠰᠲᠡᠢ ᠰᠠᠶ᠋ᠢᠬᠠᠨ ᠰᠢᠢ᠍ᠳᠪᠦᠷᠢᠯᠡᠳᠡᠭ ᠪᠠᠶ᠋ᠢᠵᠠᠢ᠃ ᠠ᠋ᠨᠡ᠎ᠨᠢ ᠬᠡᠳᠦᠶ᠋ᠢᠪᠡᠷ ᠬᠡᠯᠡᠬᠦ᠎ᠳᠤ ᠬᠢᠯᠪᠠᠷ ᠪᠠᠶ᠋ᠢᠳᠠᠭ ᠪᠤᠯᠪᠠᠴᠦ ᠬᠢᠬᠦ᠎ᠳᠤ ᠲᠡᠶ᠋ᠢᠮᠦ ᠬᠢᠯᠪᠡᠷ ᠶᠠᠪᠤᠳᠠᠯ ᠪᠢᠰᠢ ᠶᠤᠮ᠃ ᠤᠯᠠᠩᠬᠢ ᠬᠦᠮᠦᠰ ᠬᠡᠤᠬᠡᠳ᠎ᠤᠨ ᠬᠦᠮᠦᠵᠢᠯ᠎ᠢ ᠵᠤᠭᠤᠰ ᠮᠦᠩᠬᠦ᠎ᠲᠠᠢ ᠬᠤᠯᠪᠤᠭᠳᠠᠭᠤᠯᠤᠨ ᠶᠠᠷᠢᠬᠤ ᠪᠦᠭᠡᠳ ᠵᠤᠭᠤᠰ ᠮᠦᠩᠬᠦ ᠵᠢ᠎ᠨᠢ ᠪᠤᠯᠤᠮᠵᠢᠲᠡᠢ ᠰᠠᠶ᠋ᠢᠬᠠᠨ ᠬᠠᠩᠭ᠋ᠠᠴᠢᠬᠠᠪᠠᠯ ᠬᠡᠤᠬᠡᠳ ᠠᠶᠠᠨᠳᠠᠭ᠋ᠠᠨ ᠰᠤᠷᠴᠢᠬᠠᠳᠠᠭ ᠭᠡᠵᠦ ᠦᠵᠡᠳᠡᠭ᠃ ᠭᠡᠪᠡᠴᠦ ᠲᠦᠮᠡᠨ ᠶᠠᠭᠤᠮ᠎ᠠ ᠵᠢ ᠵᠤᠭᠤᠰ ᠵᠶ᠋ᠠᠷ ᠬᠤᠳᠠᠯᠳᠤᠨ ᠠᠪᠴᠦ ᠲᠡᠶ᠋ᠢᠯᠬᠦ ᠪᠤᠯᠪᠠᠴᠦ ᠮᠡᠳᠡᠯᠭᠡ ᠵᠢ ᠮᠦᠩᠬᠦ᠎ᠪᠠᠷ ᠬᠤᠳᠠᠯᠳᠤᠨ ᠠᠪᠴᠦ ᠲᠡᠶ᠋ᠢᠯᠬᠦ ᠦᠭᠡᠢ ᠭᠡᠳᠡᠭ ᠮᠡᠷᠭᠡᠨ ᠦᠭᠡ ᠪᠠᠶ᠋ᠢᠳᠠᠭ᠃ ᠦᠨᠡᠨ᠎ᠢ ᠬᠡᠯᠡᠬᠦ᠎ᠳᠤ ᠰᠤᠷᠬᠤ ᠭᠡᠳᠡᠭ ᠦᠢ᠍ᠯᠡ ᠪᠤᠯ ᠬᠠᠮᠤᠭ᠎ᠤᠨ ᠰᠢᠷᠭ᠋ᠠᠭᠤ ᠬᠠᠲᠠᠭᠤᠵᠢᠯᠲᠡᠢ ᠮᠦᠷᠲᠡᠭᠡᠨ ᠬᠡᠨ ᠴᠦ᠍ ᠭᠡᠰᠡᠨ ᠦᠭᠡᠢ ᠬᠢᠨ᠎ᠡ ᠭᠡᠪᠡᠯ ᠬᠢᠴᠢᠭᠡᠳᠡᠭ ᠬᠢᠯᠪᠠᠷᠬᠠᠨ ᠶᠠᠪᠤᠳᠠᠯ ᠪᠢᠰᠢ ᠶᠤᠮ᠃ ᠰᠤᠷᠤᠭᠴᠢ ᠬᠦᠮᠦᠨ ᠪᠡᠶ᠎ᠡ ᠰᠡᠳᠭᠢᠯ ᠵᠶ᠋ᠠᠨ ᠵᠦᠳᠡᠭᠡᠨ᠂ ᠤᠶᠤᠨ ᠤᠬᠠᠭ᠋ᠠᠨ ᠵᠶ᠋ᠠᠨ ᠰᠢᠪᠬᠠᠵᠦ ᠠ᠋ᠷᠲᠡᠯᠡᠨ ᠤᠷᠤᠶ᠋ᠢᠯᠠᠨ ᠰᠤᠷᠤᠯᠴᠠᠭ᠍ᠤ ᠵᠢᠨ ᠵᠡᠷᠭᠡ᠎ᠳᠤ᠂ ᠡᠴᠢᠭᠡ ᠠ᠋ᠬᠡ ᠪᠤᠯᠤᠭᠰᠠᠳ ᠴᠦ᠍ ᠬᠡᠤᠬᠡᠳ᠎ᠠᠴᠠ᠎ᠪᠠᠨ ᠢᠯᠡᠬᠦᠦ ᠰᠠᠨᠠᠭ᠎ᠠ ᠪᠤᠯᠳᠠᠭ ᠤᠴᠢᠷ᠎ᠲᠠᠢ᠃ ᠠ᠋ᠨᠡ ᠪᠦᠬᠦᠨ᠎ᠢ ᠵᠤᠭᠤᠰ ᠵᠶ᠋ᠠᠷ ᠤᠷᠤᠯᠠᠭᠤᠯᠵᠦ ᠲᠡᠶ᠋ᠢᠯᠬᠦ ᠦᠭᠡᠢ ᠪᠦᠭᠡᠳ ᠵᠤᠭᠤᠰ᠎ᠠᠴᠠ ᠲᠠᠪᠠᠭᠰᠠᠨ ᠦᠷᠲᠡᠭ ᠪᠦᠭᠦᠢ ᠶᠡᠭᠡ ᠪᠡᠯᠡ ᠤᠷᠤᠭᠤᠯᠤᠯᠲᠡ ᠭᠡᠵᠦ ᠬᠡᠯᠡᠵᠦ ᠪᠤᠯᠬᠤ ᠶᠤᠮ᠃ ᠠ᠋ᠢ᠍ᠢ᠍ᠮᠦ᠎ᠪᠠᠷ ᠵᠶ᠋ᠠᠨ ᠪᠢᠲᠡ ᠤᠳᠤᠨ ᠪᠠᠭᠰᠢ ᠵᠢᠨ ᠦᠪᠡᠷ᠎ᠤᠨ ᠬᠡᠤᠬᠡᠨ ᠵᠶ᠋ᠠᠨ ᠦᠰᠭᠡᠨ ᠬᠦᠮᠦᠵᠢᠬᠦᠯᠦᠭᠰᠡᠨ ᠠᠷᠭ᠎ᠠ ᠲᠤᠷᠰᠢᠯᠭ᠎ᠠ᠎ᠠᠴᠠ ᠬᠡᠤᠬᠡᠳ᠎ᠤᠨ ᠬᠦᠮᠦᠵᠢᠯ᠎ᠳᠤ ᠮᠦᠩᠬᠦ ᠵᠤᠭᠤᠰ ᠪᠠᠶ᠋ᠢᠭ᠋ᠠᠳ ᠯᠠ ᠪᠤᠯᠬᠤ ᠪᠢᠰᠢ᠂ ᠬᠠᠷᠢᠨ ᠬᠡᠤᠬᠡᠳ᠎ᠤᠨ ᠵᠶ᠋ᠠᠨ ᠰᠠᠨᠠᠭ᠎ᠠ ᠰᠡᠳᠭᠢᠯᠭᠡ ᠵᠢ ᠤᠶ᠋ᠢᠯᠠᠭ᠋ᠠᠨ ᠮᠡᠳᠡᠵᠦ᠂ ᠬᠡᠤᠬᠡᠳ᠎ᠤᠨ ᠵᠶ᠋ᠠᠨ ᠦᠨᠡᠨ ᠰᠡᠳᠭᠢᠯ᠎ᠤᠨ ᠬᠠᠨᠢ ᠪᠤᠯᠵᠦ ᠴᠢᠳᠠᠭ᠍ᠤ᠎ᠨᠢ ᠬᠠᠮᠤᠭ᠎ᠤᠨ ᠴᠢᠬᠤᠯᠠ ᠭᠡᠳᠡᠭ᠎ᠢ ᠤᠶ᠋ᠢᠯᠠᠭ᠋ᠠᠨ ᠮᠡᠳᠡᠪᠡᠯ ᠲᠠᠭ᠋ᠠᠷᠠᠭ᠍ᠤ ᠶᠤᠮ᠃
      ᠬᠡᠤᠬᠡᠳ ᠪᠤᠯ ᠴᠡᠴᠡᠭ ᠬᠤᠸᠠᠷ᠎ᠲᠠᠢ ᠠᠳᠠᠯᠢᠬᠠᠨ ᠪᠠᠶ᠋ᠢᠵᠦ᠂ ᠲᠡᠳᠡᠨ᠎ᠤ ᠦᠰᠦᠨ ᠲᠤᠷᠨᠢᠬᠤ ᠵᠢᠮ᠎ᠡ ᠶᠤᠰᠤ ᠵᠢ᠎ᠨᠢ ᠤᠶ᠋ᠢᠯᠠᠭ᠋ᠠᠨ ᠮᠡᠳᠡᠭᠰᠡᠨ ᠰᠠᠭᠤᠷᠢᠨ ᠲᠡᠭᠡᠷ᠎ᠡ᠂ ᠪᠠᠶ᠋ᠢᠳᠠᠯ᠎ᠳᠤ᠎ᠨᠢ ᠵᠤᠬᠢᠴᠠᠭᠤᠯᠤᠨ ᠵᠢᠭ᠋ᠠᠨ ᠵᠢᠯᠤᠭᠤᠳᠬᠤ᠎ᠪᠠᠷ ᠪᠠᠷᠠᠭ᠍ᠤ ᠦᠭᠡᠢ ᠴᠢᠳᠠᠪᠤᠷᠢ ᠵᠢᠨ ᠪᠤᠭᠤᠮᠲᠠ ᠵᠢ᠎ᠨᠢ ᠲᠤᠬᠢᠲᠠᠢ ᠴᠠᠭ᠎ᠲᠤ᠎ᠨᠢ ᠨᠡᠬᠡᠭᠡᠵᠦ ᠦᠭᠳᠡᠭ ᠯᠠ ᠶᠤᠮ ᠪᠤᠯ ᠴᠢᠳᠠᠪᠤᠷᠢᠲᠠᠨ ᠪᠤᠯᠬᠤ ᠪᠤᠯᠤᠮᠵᠢ ᠬᠡᠤᠬᠡᠳ ᠪᠤᠯᠭ᠋ᠠᠨ᠎ᠳᠤ ᠠᠳᠠᠯᠢᠬᠠᠨ ᠪᠠᠶ᠋ᠢᠨ᠎ᠠ᠃ ᠭᠡᠪᠡᠴᠦ ᠮᠠᠰᠢ ᠤᠯᠠᠨ ᠡᠴᠢᠭᠡ ᠠ᠋ᠬᠡ ᠪᠤᠯᠤᠭᠰᠠᠳ ᠬᠡᠤᠬᠡᠳ᠎ᠤᠨ ᠵᠶ᠋ᠠᠨ ᠲᠤᠷ᠎ᠡ ᠰᠤᠨᠢᠷᠬᠠᠯ ᠪᠤᠯᠤᠨ ᠠᠪᠢᠶᠠᠰ ᠴᠢᠳᠠᠪᠤᠷᠢ ᠵᠢᠨ ᠬᠦᠮᠦᠵᠢᠯ᠎ᠢ ᠬᠠᠮᠢᠶᠠᠷᠬᠤ ᠦᠭᠡᠢ᠂ ᠬᠠᠮᠢᠶ᠎ᠠ ᠨᠠᠮᠢᠶ᠎ᠠ ᠦᠭᠡᠢ ᠵᠢᠭ᠋ᠠᠨ ᠵᠢᠯᠤᠭᠤᠳᠬᠤ ᠪᠤᠶᠤ ᠠ᠋ᠰᠡᠭᠦᠯ᠎ᠡ ᠬᠡᠤᠬᠡᠳ᠎ᠤᠨ ᠵᠶ᠋ᠠᠨ ᠲᠤᠷ᠎ᠡ ᠰᠤᠨᠢᠷᠬᠠᠯ᠎ᠳᠤ ᠰᠠᠭᠤᠷᠢᠯᠠᠭᠰᠠᠨ ᠤᠷᠬᠢᠯᠤᠮ᠎ᠠ ᠬᠠᠯᠠᠭᠤᠨ ᠰᠡᠳᠭᠢᠯᠭᠡ ᠵᠢ᠎ᠨᠢ ᠬᠦᠭᠵᠢᠭᠡᠵᠦ ᠲᠡᠶ᠋ᠢᠯᠬᠦ᠎ᠠᠴᠠ᠎ᠪᠠᠨ ᠠ᠋ᠮᠦᠨ᠎ᠡ ᠲᠡᠭᠦᠨ᠎ᠢ᠎ᠨᠢ ᠤᠨᠲᠠᠷᠠᠭ᠋ᠠᠵᠦ ᠬᠠᠶᠠᠴᠢᠬᠠᠳᠠᠭ᠃
      ᠬᠡᠯᠡᠯᠭᠡᠨ ᠦᠭᠡᠢ ᠬᠦᠮᠦᠨ ᠬᠦᠮᠦᠨ᠎ᠤ ᠦᠷᠳᠡᠭ᠎ᠤᠨ ᠦᠵᠡᠯᠲᠡ ᠪᠤᠯᠤᠨ ᠬᠡᠤᠬᠡᠳ ᠬᠦᠮᠦᠵᠢᠬᠦᠯᠬᠦ ᠠᠷᠭ᠎ᠠ ᠲᠤᠷᠰᠢᠯᠭ᠎ᠠ ᠠᠳᠠᠯᠢ ᠪᠠᠶ᠋ᠢᠳᠠᠭ ᠦᠭᠡᠢ ᠵᠢᠨ ᠲᠡᠭᠡᠷ᠎ᠡ᠂ ᠤᠳᠤᠬᠠᠨ᠎ᠤ ᠬᠡᠤᠬᠡᠳ᠎ᠤᠨ ᠪᠡᠶ᠎ᠡ ᠲᠡᠭᠡᠷ᠎ᠡ ᠢᠯᠡᠷᠡᠵᠦ ᠪᠦᠬᠦᠢ ᠦᠪᠡᠷᠮᠢᠴᠡ ᠴᠢᠨᠠᠷ᠎ᠤᠨ ᠵᠦᠷᠢᠶ᠎ᠡ ᠵᠢ ᠪᠠᠰᠠ ᠤᠮᠳᠤᠭ᠋ᠠᠶ᠋ᠢᠯᠠᠭ᠍ᠤ ᠵᠢᠨ ᠠᠷᠭ᠎ᠠ ᠦᠭᠡᠢ ᠪᠠᠶ᠋ᠢᠳᠠᠭ᠃ ᠶᠠᠭ ᠲᠡᠶ᠋ᠢᠮᠦ ᠤᠴᠢᠷ᠎ᠠᠴᠠ ᠤᠳᠤᠨ ᠪᠠᠭᠰᠢ ᠵᠢᠨ ᠠᠷᠭ᠎ᠠ ᠲᠤᠷᠰᠢᠯᠭ᠎ᠠ ᠵᠢᠨ ᠲᠤᠮᠲᠠ᠎ᠠᠴᠠ ᠭᠤᠤᠯᠳᠠᠯᠭ᠎ᠠ᠎ᠲᠠᠢ ᠵᠦᠢ᠍ᠯ᠎ᠢ᠎ᠨᠢ ᠠᠮᠢᠳᠤᠯᠢᠭ ᠵᠶ᠋ᠠᠷ ᠰᠢᠩᠭᠡᠭᠡᠨ ᠠᠪᠴᠦ᠂ ᠦᠷ᠎ᠡ ᠬᠡᠤᠬᠡᠳ᠎ᠤᠨ ᠵᠶ᠋ᠠᠨ ᠪᠠᠶ᠋ᠢᠳᠠᠯ᠎ᠳᠤ᠎ᠨᠢ ᠲᠤᠬᠢᠷᠠᠭᠤᠯᠤᠨ ᠵᠤᠬᠢᠰᠲᠡᠢ ᠠᠰᠢᠭᠯᠠᠭ᠍ᠤ ᠵᠢ ᠰᠠᠨᠠᠭᠤᠯᠵᠦ ᠪᠠᠶ᠋ᠢᠨ᠎ᠠ᠃


            ᠬᠠᠶᠢᠬ᠄ ᠤᠳᠤᠨ — ᠲᠦᠨᠭᠯᠢᠶᠤᠤ ᠬᠤᠳᠠ ᠵᠢᠨ ᠬᠤᠷᠴᠢᠨ ᠵᠠᠭᠦᠨ ᠭᠠᠷᠤᠨ

                                ᠬᠤᠢ᠍ᠢ᠍ᠳᠤ ᠬᠤᠰᠢᠭᠤᠨ᠎ᠤ ᠴᠢᠯᠠᠭᠤᠳᠤ ᠪᠠᠯᠭ᠋ᠠᠰᠤᠨ᠎ᠤ

                                ᠠᠨᠭ᠌ᠬ᠎ᠠ ᠵᠡᠷᠭᠡ ᠵᠢᠨ ᠲᠤᠮᠳᠠᠳᠤ ᠰᠤᠷᠭ᠋ᠠᠭᠤᠯᠢ
                    ᠲᠤᠭᠳᠠᠬᠤ — ᠦᠪᠤᠷ ᠮᠤᠨᠭ᠌ᠭᠤᠯ᠎ᠤᠨ ᠦᠨᠳᠤᠰᠤᠳᠠᠨ᠎ᠤ ᠶᠡᠭᠡ ᠰᠤᠷᠭ᠋ᠠᠭᠤᠯᠢ                                         ᠵᠢᠨ ᠰᠤᠷᠭ᠋ᠠᠨ ᠭᠦᠮᠦᠵᠢᠯ᠎ᠤᠨ ᠰᠢᠨᠵᠢᠯᠠᠭᠦ

                                ᠤᠬᠠᠭ᠋ᠠᠨ᠎ᠤ ᠲᠡᠭᠡᠳᠤ ᠰᠤᠷᠭ᠋ᠠᠭᠤᠯᠢ  
                                (ᠠ᠋ᠾᠤᠢ᠍ᠩ ᠮᠸᠢ ᠨᠠᠢ᠍ᠢ᠍ᠷᠠᠭᠤᠯᠪᠠ)

                                2020 ᠤᠨ᠎ᠤ 1 ᠳ᠋ᠦ᠍ᠭᠡᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠥᠮᠥᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠰᠦᠪᠸᠢ ᠰᠢᠶᠡᠨ᠎ᠤ 《ᠮᠤᠷᠢᠨ ᠨᠢᠷᠤᠭᠤᠨ ᠲᠡᠭᠡᠷᠡᠭᠢ ᠰᠤᠷᠭ᠋ᠠᠭᠤᠯᠢ》 ᠵᠢᠨ ᠰᠤᠷᠭ᠋ᠠᠨ ᠭᠦᠮᠦᠵᠢᠯ᠎ᠤᠨ ᠲᠤᠬᠠᠢ
ᠰᠦᠬᠤᠮᠯᠢᠨ᠋ᠰᠺᠢ ᠵᠢᠨ ᠰᠤᠷᠭ᠋ᠠᠨ ᠬᠦᠮᠦᠵᠢᠯ᠎ᠤᠨ ᠦᠵᠡᠯ ᠰᠠᠨᠠᠭ᠋ᠠᠨ᠎ᠤ ᠲᠤᠬᠠᠢ ᠲᠤᠪᠴᠢ ᠦᠬᠦᠯᠡᠬᠦ᠎ᠨᠢ
ᠣᠷᠣᠰ᠎ᠤᠨ ᠲᠡᠭᠡᠳᠦ ᠵᠡᠷᠭᠡ ᠵᠢᠨ ᠰᠣᠷᠭ᠋ᠠᠨ ᠬᠦᠮᠦᠵᠢᠯ᠎ᠤᠨ ᠴᠢᠨᠠᠷ ᠴᠢᠨᠰᠠᠭ᠎ᠠ ᠵᠢᠨ ᠪᠠᠳᠣᠯᠠᠭ᠎ᠠ ᠵᠢᠨ ᠰᠢᠰᠲᠸᠮ᠎ᠢ ᠬᠠᠶ᠋ᠢᠨ ᠰᠦᠪᠡᠭᠴᠢᠯᠡᠬᠦ᠎ᠨᠢ
ᠰᠤᠷᠭ᠋ᠠᠨ ᠬᠦᠮᠦᠵᠢᠯ᠎ᠤᠨ ᠲᠤᠮᠳᠠ ᠰᠢᠢ᠍ᠳᠪᠦᠷᠢᠯᠡᠬᠦ ᠴᠢᠬᠤᠯᠠᠲᠠᠢ ᠬᠡᠳᠦᠨ ᠠᠰᠠᠭᠤᠳᠠᠯ
ᠰᠤᠷᠭ᠋ᠠᠨ ᠭᠦᠮᠦᠵᠢᠯ ᠪᠤᠯ ᠨᠢᠭᠡᠨ ᠵᠤᠷᠪᠤᠰ ᠭᠤᠤᠯ ᠮᠦᠨ
 
             蒙ICP备05000248号