ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠣᠷᠭᠢᠯ ᠪᠤᠯᠠᠭ
ᠨᠠᠢ᠍ᠮᠠᠨ ᠬᠤᠰᠢᠭᠤᠨ᠎ᠤ ᡁᠢ ᠠᠨ ᠪᠠᠯᠭ᠋ᠠᠰᠥᠨ᠎ᠤ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠲᠡᠦᠬᠡᠨ ᠮᠦᠷ
ᠨᠡᠶ᠋ᠢᠲᠡᠯᠡᠭᠰᠡᠨ ᠴᠠᠭ᠄ 2020-04-09

                                  ᠬᠠᠷᠠᠪᠠᠷᠰ


      ᠨᠠᠢ᠍ᠮᠠᠨ ᠬᠤᠰᠢᠭᠤᠨ᠎ᠤ ᡁᠢ ᠠᠨ ᠪᠠᠯᠭ᠋ᠠᠰᠣᠨ᠎ᠤ ᠵᠡᠭᠦᠨ ᠬᠤᠯᠣᠰᠣᠲᠠᠢ ᠭᠠᠴᠠᠭ᠎ᠠ ᠪᠣᠯ ᠠ᠋ᠮᠦᠨᠡᠭᠦᠷ ᠵᠶ᠋ᠠᠨ ᠬᠦᠷᠢᠶ᠎ᠡ ᠬᠤᠰᠢᠭᠤ᠎ᠲᠠᠢ ᠬᠦᠷᠰᠢᠯᠡᠵᠦ᠂ ᠵᠡᠭᠦᠨ ᠲᠠᠯ᠎ᠠ᠎ᠪᠠᠷ ᠵᠶ᠋ᠠᠨ ᠬᠤᠷᠴᠢᠨ ᠵᠡᠭᠦᠨ ᠭᠠᠷᠣᠨ ᠬᠤᠶ᠋ᠢᠲᠣ ᠬᠤᠰᠢᠭᠤ (ᠣᠣᠯ᠎ᠨᠢ ᠪᠢᠩᠳᠦ ᠬᠤᠰᠢᠭᠤ)᠎ᠲᠠᠢ ᠵᠠᠯᠭ᠋ᠠᠯᠳᠣᠵᠣ᠂ ᠵᠡᠭᠦᠨ ᠬᠤᠶ᠋ᠢᠲᠣ ᠲᠠᠯ᠎ᠠ᠎ᠪᠠᠷ ᠵᠶ᠋ᠠᠨ ᠺᠠᠶ᠋ᠢᠯᠦ ᠰᠢᠶᠠᠨ (ᠣᠣᠯ᠎ᠨᠢ ᠳᠠᠷᠬᠠᠨ ᠬᠤᠰᠢᠭᠤ)᠎ᠲᠠᠢ ᠵᠠᠬ᠎ᠠ ᠨᠡᠶ᠋ᠢᠯᠡᠭᠰᠡᠨ᠂ ᠠᠷᠣ ᠲᠠᠯ᠎ᠠ᠎ᠪᠠᠷ ᠵᠶ᠋ᠠᠨ ᠢᠭᠴᠣ ᠵᠣᠵᠠᠭ᠋ᠠᠨ ᠬᠠᠶ᠋ᠢᠯᠠᠰᠣᠨ ᠲᠦᠩ ᠵᠶ᠋ᠠᠷ ᠲᠦᠰᠢᠯᠭᠡ ᠪᠣᠯᠭ᠋ᠠᠵᠣ᠂ ᠠ᠋ᠮᠦᠨᠡᠭᠦᠷ ᠵᠶ᠋ᠠᠨ ᠪᠤᠯᠠᠭ ᠪᠤᠷᠭᠢᠯᠵᠣ ᠭᠤᠷᠤᠬ᠎ᠠ ᠤᠷᠤᠰᠤᠭᠰᠠᠨ᠂ ᠲᠡᠭᠡᠷ᠎ᠡ ᠲᠣᠣᠷ᠎ᠠ ᠪᠣᠯᠠᠭ ᠭᠡᠭᠴᠢ ᠬᠤᠶᠠᠷ ᠲᠣᠮᠣ ᠨᠠᠭᠤᠷ ᠲᠣᠭᠤᠷᠢᠮ᠎ᠳᠤ᠎ᠨᠢ ᠨᠡᠶ᠋ᠢᠳᠡᠮ᠎ᠳᠤ᠎ᠪᠠᠨ ᠬᠤᠯᠣᠰᠣ ᠣᠷᠭᠤᠵᠣ ᠨᠣᠳᠤᠭ ᠵᠶ᠋ᠠᠨ ᠴᠢᠮᠡᠳᠡᠭ ᠪᠠᠶ᠋ᠢᠭᠰᠠᠨ᠎ᠠᠴᠠ ᠠ᠋ᠨᠡ ᠨᠣᠳᠤᠭ᠎ᠨᠢ 《ᠵᠡᠬᠦᠨ ᠬᠤᠯᠣᠰᠣᠲᠠᠢ》 ᠭᠡᠳᠡᠭ ᠰᠠᠶ᠋ᠢᠬᠠᠨ ᠨᠡᠷᠡᠶ᠋ᠢᠳᠣᠯ᠎ᠲᠠᠢ ᠪᠣᠯᠣᠭᠰᠠᠨ   ᠶᠣᠮ᠃
      ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ᠎ᠨᠢ ᠬᠤᠷᠢᠳᠣᠭ᠋ᠠᠷ ᠵᠠᠭᠤᠨ᠎ᠤ ᠳᠦᠴᠢᠭᠡᠳ ᠣᠨ᠎ᠤ ᠠ᠋ᠬᠢᠨ᠎ᠤ ᠦᠶ᠎ᠡ᠎ᠪᠠᠷ ᠴᠠᠭ ᠲᠦᠷᠦ ᠵᠢᠨ ᠣᠷᠤᠭ᠎ᠠ ᠪᠣᠰᠬᠠᠭ᠎ᠠ ᠪᠠᠶ᠋ᠢᠳᠠᠯ ᠲᠤᠤᠷ᠎ᠠ ᠰᠦᠮ᠎ᠡ ᠬᠡᠶ᠋ᠢᠳ᠎ᠢ ᠦᠭᠡᠶ᠋ᠢᠰᠬᠡᠭᠰᠡᠨ᠎ᠤ ᠳᠠᠷᠠᠭ᠎ᠠ ᠵᠡᠭᠦᠨ ᠬᠤᠯᠣᠰᠣᠲᠠᠢ ᠭᠠᠴᠠᠭ᠋ᠠᠨ᠎ᠤ ᠰᠡᠭᠡᠭᠡᠷᠡᠭᠰᠡᠨ ᠵᠠᠯᠠᠭᠤᠴᠤᠳ᠎ᠠᠴᠠ ᠬᠤᠯᠣᠰᠣᠲᠠᠢ ᠵᠢᠨ ᠰᠦᠮ᠎ᠡ ᠵᠢᠨ ᠯᠠᠮᠠ ᠭᠠᠷᠣᠯ᠎ᠲᠠᠢ ᠮᠣᠩᠭᠤᠯ ᠪᠢᠴᠢᠭᠲᠡᠨ ᠷᠢᠨᠴᠢᠨᠨᠢᠩᠪᠦ᠂ ᠯᠣᠷᠣᠢ ᠪᠣᠯᠣᠨ ᠴᠠᠭ᠋ᠠᠨᠨᠠᠭᠤᠷ ᠨᠣᠳᠤᠭ᠎ᠲᠠᠢ ᠬᠠᠰᠪᠠᠭ᠋ᠠᠳᠣᠷ ᠵᠡᠷᠭᠡ ᠪᠠᠭᠰᠢ ᠨᠠᠷ᠎ᠢ ᠣᠷᠢᠵᠣ ᠬᠤᠯᠣᠰᠣᠲᠠᠢ ᠵᠢᠨ ᠰᠦᠮ᠎ᠡ ᠵᠢᠨ ᠬᠠᠮᠤᠭ ᠰᠡᠭᠦᠯᠴᠢ ᠵᠢᠨ ᠰᠦᠮ᠎ᠡ ᠪᠣᠯᠬᠤ 《ᠭᠦᠨ ᠬᠤᠳᠳᠤᠭ᠎ᠤᠨ ᠰᠦᠮ᠎ᠡ》 ᠵᠢᠨ ᠬᠤᠪᠢᠯᠭ᠋ᠠᠨ ᠯᠠᠮᠠ ᠵᠢᠨ ᠣᠷᠳᠣᠨ᠎ᠤ ᠭᠡᠷ᠎ᠲᠤ ᠴᠠᠭ᠋ᠠᠠᠠᠷᠰᠯᠠᠨ᠂ ᠵᠢᠭᠮᠡᠳᠳᠤᠷᠵᠢ᠂ ᠬᠠᠰᠪᠠᠭ᠋ᠠᠳᠣᠷ ᠁ ᠵᠡᠷᠭᠡ ᠬᠤᠷᠢ ᠭᠠᠷᠣᠢ ᠰᠣᠷᠣᠭᠴᠢ᠎ᠲᠠᠢ ᠬᠠᠮᠤᠭ᠎ᠤᠨ ᠠᠩᠬᠠᠨ᠎ᠤ ᠠᠷᠠᠳ᠎ᠠᠴᠠ ᠠ᠋ᠷᠬᠢᠯᠡᠭᠰᠡᠨ ᠰᠣᠷᠭ᠋ᠠᠭᠤᠯᠢ ᠪᠤᠯᠵᠤ ᠪᠠᠶ᠋ᠢᠭᠤᠯᠣᠭᠳᠠᠭᠰᠠᠨ ᠪᠠᠢ᠍ᠢ᠍ᠨ᠎ᠠ᠃
      ᠲᠣᠬᠠᠢ ᠵᠢᠨ ᠦᠶ᠎ᠡ ᠵᠢᠨ ᠲᠦᠯᠦᠭᠡᠯᠡᠬᠦ ᠴᠢᠨᠠᠷ᠎ᠲᠠᠢ ᠵᠢᠭ᠋ᠠᠨ ᠰᠣᠷᠭ᠋ᠠᠬᠤ ᠠᠷᠭ᠎ᠠ᠎ᠨᠢ 《ᠬᠤᠭᠤᠯᠠᠢ ᠨᠡᠶ᠋ᠢᠯᠡᠭᠦᠯᠦᠨ ᠬᠠᠮᠳᠣ᠎ᠪᠠᠷ ᠣᠩᠰᠢᠬᠤ᠂ ᠬᠠᠪᠳᠠᠰᠣ ᠮᠣᠳᠣ᠎ᠪᠠᠷ ᠠᠯᠠᠭ᠎ᠠ ᠳᠠᠪᠰᠢᠬᠤ》 ᠪᠠᠢ᠍ᠢ᠍ᠵᠤ᠂ ᠵᠢᠭ᠋ᠠᠨ ᠰᠣᠷᠭ᠋ᠠᠬᠤ ᠠᠭᠤᠯᠭ᠎ᠠ ᠬᠢᠭᠡᠳ ᠪᠠᠭ᠋ᠠᠵᠢ ᠭᠡᠪᠡᠯ 《ᠰᠣᠷᠬᠤ ᠪᠢᠴᠢᠭ ᠪᠠᠶ᠋ᠢᠬᠤ ᠦᠭᠡᠢ᠂ ᠪᠠᠭᠰᠢ᠎ᠠᠴᠠ ᠲᠦᠰᠦᠪ ᠵᠶ᠋ᠠᠨ ᠲᠣᠭᠲᠠᠭ᠋ᠠᠨ ᠲᠦᠷ ᠨᠠᠶ᠋ᠢᠷᠠᠭᠤᠯᠣᠨ᠎ᠠ᠂ ᠪᠢᠷ ᠴᠠᠭ᠋ᠠᠰᠣ ᠪᠠᠶ᠋ᠢᠬᠤ ᠦᠭᠡᠢ᠂ ᠮᠣᠳᠣᠨ ᠬᠠᠪᠳᠠᠰᠣ ᠵᠢ ᠭᠦᠯᠢᠭᠡᠷ ᠬᠠᠷᠣᠭᠤᠯᠳᠠᠵᠣ ᠳᠠᠬᠢᠨ ᠣᠯᠣᠰᠣᠨ ᠲᠣᠰᠣ᠂ ᠠ᠋ᠰᠡᠭᠦᠯ᠎ᠡ ᠠ᠋ᠷᠡᠨᠳᠡ ᠵᠢᠨ ᠲᠣᠰᠣ ᠵᠢ ᠲᠦᠷᠬᠢᠵᠦ ᠳᠠᠬᠢᠨ ᠳᠡᠭᠡᠷ᠎ᠡ᠎ᠨᠢ ᠦᠨᠡᠰᠦ ᠰᠠᠴᠣᠨ ᠴᠠᠭ᠋ᠠᠰᠣ ᠵᠢ ᠣᠷᠣᠯᠠᠭᠤᠯᠣᠨ᠂ ᠮᠣᠳᠣ ᠵᠢ ᠵᠣᠷᠭᠤᠨ ᠪᠢᠷ ᠪᠣᠯᠭ᠋ᠠᠵᠣ ᠦᠰᠦᠭ ᠪᠢᠴᠢᠭ ᠪᠢᠴᠢᠵᠦ ᠰᠣᠷᠳᠠᠭ     ᠪᠠᠶ᠋ᠢᠵᠠᠢ》᠃
     1947 ᠣᠨ᠎ᠳᠤ ᠳᠣᠮᠳᠠᠳᠣ ᠣᠯᠣᠰ᠎ᠤᠨ ᠡᠪ ᠬᠠᠮᠳᠣ ᠨᠠᠮ᠎ᠤᠨ ᠣᠳᠣᠷᠢᠳᠣᠯᠭ᠎ᠠ ᠳᠣᠣᠷᠠᠬᠢ ᠦᠪᠦᠷ ᠮᠣᠩᠭᠤᠯ᠎ᠤᠨ ᠦᠪᠡᠷᠲᠡᠭᠡᠨ ᠵᠠᠰᠠᠭ᠍ᠣ ᠣᠷᠣᠨ᠎ᠤ ᠵᠠᠰᠠᠭ᠎ᠤᠨ ᠣᠷᠳᠣᠨ ᠪᠠᠶ᠋ᠢᠭᠤᠯᠣᠭᠳᠠᠭᠰᠠᠨ᠎ᠤ ᠳᠠᠷᠠᠭ᠎ᠠ ᠨᠠᠢ᠍ᠮᠠᠨ ᠬᠤᠰᠢᠭᠤᠨ᠎ᠤ ᡁᠢ ᠠᠨ ᠪᠠᠯᠭ᠋ᠠᠰᠣᠨ᠎ᠤ ᠠ᠋ᠮᠦᠨ᠎ᠡ ᠬᠡᠰᠡᠭ᠎ᠤᠨ ᠵᠢᠷᠭᠤᠭ᠋ᠠᠨ ᠠᠶ᠋ᠢᠯ᠎ᠢ ᠨᠢᠭᠡ ᠭᠠᠴᠠᠭ᠎ᠠ ᠪᠣᠯᠭ᠋ᠠᠨ ᠴᠠᠭ᠋ᠠᠨᠨᠠᠭᠤᠷ ᠭᠠᠴᠠᠭ᠎ᠠ ᠭᠡᠵᠦ ᠨᠡᠷᠡᠯᠡᠭᠡᠳ᠂ 1948 ᠣᠨ᠎ᠳᠤ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ᠎ᠨᠢ ᠴᠠᠭ᠋ᠠᠨᠨᠠᠭᠤᠷ ᠭᠠᠴᠠᠭ᠋ᠠᠨ᠎ᠤ ᠰᠣᠷᠭ᠋ᠠᠭᠤᠯᠢ ᠪᠣᠯᠣᠨ ᠦᠭᠡᠷᠡᠴᠢᠯᠡᠭᠳᠡᠵᠦ ᠵᠢᠩᠬᠢᠨᠢ᠎ᠪᠠᠷ ᠠᠯᠪᠠᠨ᠎ᠠᠴᠠ ᠠ᠋ᠷᠬᠢᠯᠡᠭᠰᠡᠨ ᠪᠦᠬᠦᠯᠢ ᠠ᠋ᠳᠦᠷ᠎ᠤᠨ ᠳᠦᠷᠪᠡᠨ ᠵᠢᠯ᠎ᠤᠨ ᠳᠦᠷᠢᠮᠲᠦ ᠴᠣᠯᠣ ᠮᠣᠩᠭᠤᠯ ᠵᠶ᠋ᠠᠷ ᠬᠢᠴᠢᠶᠡᠯᠯᠡᠬᠦ ᠠ᠋ᠩ᠎ᠤᠨ ᠪᠠᠭ᠎ᠠ ᠰᠣᠷᠭ᠋ᠠᠭᠤᠯᠢ ᠪᠣᠯᠵᠣ᠂ ᠠᠯᠪᠠᠨ ᠶᠣᠰᠣᠭ᠋ᠠᠷ ᠵᠡᠭᠦᠨ ᠬᠤᠯᠣᠰᠣᠲᠠᠢ᠂ ᠴᠠᠭ᠋ᠠᠨᠨᠠᠭᠤᠷ᠂ ᠰᠢᠪᠠᠷᠨᠠᠭᠤᠷ᠂ ᠮᠠᠨᠳᠠᠯᠳᠣ᠂ ᠮᠠᠩᠬᠠᠠ ᠠᠶ᠋ᠢᠯ᠂ ᠪᠠᠷᠠᠭᠤᠨ ᠬᠤᠯᠣᠰᠣᠲᠠᠢ᠂ ᠶᠣᠣ ᠵᠢᠨ ᠠᠶ᠋ᠢᠯ ᠵᠡᠷᠭᠡ ᠳᠣᠯᠣᠭ᠋ᠠᠨ ᠠᠶ᠋ᠢᠯ᠎ᠤᠨ ᠰᠣᠷᠣᠭᠴᠢ ᠵᠢ ᠠ᠋ᠯᠰᠡᠵᠣ ᠵᠢᠶᠠᠰᠠᠨ ᠬᠤᠭᠤᠯᠠᠢ ᠨᠣᠳᠤᠭ᠎ᠲᠠᠢ ᠸᠴᠢᠷ᠂ ᠲᠣᠳᠤᠬᠢ (ᠪᠣᠣ ᠳ᠋ᠧ ᠯᠢᠩ) ᠬᠤᠶᠠᠷ ᠪᠠᠭᠰᠢ ᠵᠢ ᠲᠣᠬᠢᠷᠠᠭᠤᠯᠵᠣ ᠰᠢᠨ᠎ᠡ ᠴᠠᠭ ᠦᠶ᠎ᠡ ᠵᠢᠨ ᠠᠩᠬᠠᠨ᠎ᠤ ᠰᠣᠷᠭ᠋ᠠᠭᠤᠯᠢ ᠵᠢᠨ ᠬᠤᠩᠬᠤᠨ ᠳᠠᠭᠤᠨ ᠵᠶ᠋ᠠᠨ ᠠ᠋ᠬᠢᠯᠡᠨ ᠲᠠᠭᠤᠷᠢᠰᠣᠭᠤᠯᠵᠡᠢ᠃
     1948~1965 ᠣᠨ᠂ ᠳᠠᠷᠣᠢ 《ᠰᠣᠶᠣᠯ᠎ᠤᠨ ᠶᠡᠭᠡ ᠬᠤᠪᠢᠰᠬᠠᠯ》 ᠠ᠋ᠬᠢᠯᠡᠬᠦ ᠪᠣᠯᠲᠠᠯᠠᠬᠢ ᠬᠤᠭᠤᠴᠠᠭ᠋ᠠᠨ᠎ᠳᠤ ᠵᠡᠭᠦᠨ ᠬᠤᠯᠣᠰᠣᠲᠠᠢ ᠰᠣᠷᠭ᠋ᠠᠭᠤᠯᠢ᠎ᠨᠢ 70 ᠭᠠᠷᠣᠢ ᠰᠣᠷᠣᠭᠴᠢ᠎ᠲᠠᠢ ᠲᠠᠪᠣᠨ ᠵᠢᠯ᠎ᠤᠨ ᠳᠦᠷᠢᠮᠳᠦ ᠪᠦᠷᠢᠨ ᠪᠠᠭ᠎ᠠ ᠰᠣᠷᠭ᠋ᠠᠭᠤᠯᠢ ᠪᠣᠯᠵᠣ ᠬᠦᠭᠵᠢᠨ ᠪᠣᠵᠠᠭ᠋ᠠᠶ᠋ᠢᠷᠠᠭᠰᠠᠨ ᠪᠠᠶ᠋ᠢᠪᠠ᠃ ᠠ᠋ᠨᠡ ᠬᠤᠭᠤᠴᠠᠭ᠋ᠠᠨ᠎ᠳᠤ ᠲᠣᠰ ᠰᠣᠷᠭ᠋ᠠᠭᠤᠯᠢ᠎ᠳᠤ ᠠᠵᠢᠯᠯᠠᠵᠣ ᠦᠩᠭᠡᠷᠡᠭᠰᠡᠨ ᠪᠠᠭᠰᠢ ᠨᠠᠷ᠎ᠢ ᠣᠨ ᠳᠠᠷᠠᠭ᠋ᠠᠯᠠᠨ ᠪᠦᠷᠢᠳᠭᠡᠪᠡᠯ᠄ ᠷᠢᠨᠴᠢᠨᠨᠢᠩᠪᠦ (1945~1948 ᠣᠨ) (ᠭᠦᠨ ᠬᠤᠳᠳᠤᠭ᠎ᠤᠨ ᠰᠦᠮ᠎ᠡ ᠵᠢᠨ ᠯᠠᠮ᠎ᠠ ᠭᠠᠷᠣᠯᠲᠠᠢ)᠂ ᠯᠣᠷᠣᠢ (1945~1949 ᠣᠨ) (ᠯᠠᠮᠠ ᠭᠠᠷᠣᠯᠲᠠᠢ)᠂ ᠬᠠᠰᠪᠠᠭ᠋ᠠᠳᠣᠷ (1945~1949 ᠣᠨ) (ᠴᠠᠭ᠋ᠠᠨᠨᠠᠭᠤᠷ ᠨᠤᠲᠤᠭ᠎ᠲᠠᠢ)᠂ ᠸᠴᠢᠷ (1948~1950 ᠣᠨ) (ᠵᠢᠶᠠᠰᠠᠨ ᠬᠤᠭᠤᠯᠠᠢ ᠨᠣᠳᠤᠭ᠎ᠲᠠᠢ)᠂ ᠲᠣᠳᠣᠭᠢ (ᠪᠣᠣ ᠳ᠋ᠧ ᠯᠢᠩ) (1948~1950 ᠣᠨ) (ᠵᠢᠶᠠᠰᠡᠨ ᠬᠤᠭᠤᠯᠠᠢ ᠨᠣᠲᠤᠭ᠎ᠲᠠᠢ)᠂ ᠵᠢᠨ ᠴᠠᠩ ᠯᠢᠩ (1951~1953 ᠣᠨ) (ᠬᠠᠷᠢᠶᠠᠳᠣ ᠨᠣᠳᠤᠭ᠎ᠲᠠᠢ)᠂ ᠲᠣᠶᠢᠨᠢᠩᠪᠦ (1952~1953 ᠣᠨ) (ᠰᠦᠳᠡᠨ ᠨᠤᠲᠤᠭ᠎ᠲᠠᠢ)᠂ ᠭᠠᠩᠰᠦ᠋ᠬᠡ (1953~1954 ᠣᠨ) (ᠮᠠᠩᠬᠠᠨ ᠠᠶ᠋ᠢᠯ ᠨᠤᠲᠤᠭ᠎ᠲᠠᠢ)᠂ ᠳᠡᠮᠪᠡᠷᠢᠯ (1954~1955 ᠣᠨ) (ᠪᠠᠭ᠎ᠠ ᠲᠣᠵᠢᠪᠠᠢ ᠨᠤᠲᠤᠭ᠎ᠲᠠᠢ)᠂ ᠮᠢᠩᠭ᠋ᠠᠨᠪᠠᠶᠠᠷ (1954~1956 ᠣᠨ) (ᠮᠠᠩᠬᠢᠰᠣᠳᠠᠢ ᠨᠣᠳᠤᠭ᠎ᠲᠠᠢ)᠂ ᠷᠠᠰᠢᠵᠠᠮᠰᠣ (1954~1955 ᠣᠨ) (ᠵᠡᠭᠦᠨ ᠬᠤᠯᠤᠰᠤᠲᠠᠢ ᠨᠣᠳᠤᠭ᠎ᠲᠠᠢ)᠂ ᠴᠢᠯᠠᠭᠤᠨᠪᠠᠭ᠋ᠠᠳᠣᠷ (1955~1956 ᠣᠨ) (ᠰᠠᠷᠠ ᠵᠢᠨ ᠠᠷᠤ ᠨᠣᠳᠤᠭ᠎ᠲᠠᠢ)᠂ ᠰᠣᠳᠪᠠ (1955~1956 ᠣᠨ) (ᠲᠤᠵᠢᠪᠠᠢ ᠨᠤᠲᠤᠭ᠎ᠲᠠᠢ)᠂ ᠯᠢᠶᠠᠩ ᠪᠠᠯᠳᠠᠨ (1957~1959 ᠣᠨ) (ᠪᠣᠷᠤ ᠬᠤᠰᠢᠭᠤ ᠨᠣᠳᠤᠭ᠎ᠲᠠᠢ)᠂ ᠷᠠᠰᠢᠳᠣᠷᠵᠢ (1956~1957 ᠣᠨ) (ᠵᠡᠭᠦᠨ ᠬᠤᠯᠤᠰᠤᠲᠠᠢ ᠨᠣᠳᠤᠭ᠎ᠲᠠᠢ)᠂ ᠲᠣᠷᠵᠢ (1957~1958 ᠣᠨ) (ᠵᠡᠭᠦᠨ ᠬᠤᠯᠤᠰᠤᠲᠠᠢ ᠨᠣᠳᠤᠭ᠎ᠲᠠᠢ)᠂ ᠮᠠᠨᠢᠪᠠᠳᠠᠷ᠎ᠠ (1959~1961 ᠣᠨ) (ᠮᠠᠨᠳᠠᠯᠲᠣ ᠨᠣᠳᠤᠭ᠎ᠲᠠᠢ)᠂ ᠪᠦᠬᠡᠬᠠᠳᠠ (1959~1960 ᠣᠨ) (ᠵᠠᠩᠭᠤᠲᠠᠢ ᠨᠣᠳᠤᠭ᠎ᠲᠠᠢ)᠂ ᠵᠣᠣ ᠸᠧᠨ ᠱᠠᠨ (1961~63 ᠣᠨ) (ᠰᠢᠪᠠᠷᠨᠠᠭᠤᠷ ᠨᠣᠳᠤᠭ᠎ᠲᠠᠢ)᠂ ᠵᠣᠭᠰᠣᠭ᠋ᠠᠯ (1961~1962) ᠣᠨ (ᠰᠢᠪᠠᠷᠨᠠᠭᠤᠷ ᠨᠣᠳᠤᠭ᠎ᠲᠠᠢ)᠂ ᠵᠢᠮᠪᠠ (1960~1963 ᠣᠨ) (ᠵᠡᠬᠦᠨ ᠬᠤᠯᠣᠰᠣᠳᠠᠢ ᠨᠣᠳᠣᠭ᠎ᠲᠠᠢ)᠂ ᠬᠦᠷᠡᠯᠵᠠᠭ᠋ᠠᠨ᠎ᠠ (1960~1964 ᠣᠨ) (ᠵᠡᠬᠦᠨ ᠬᠤᠯᠣᠰᠣᠳᠠᠢ ᠨᠣᠳᠣᠭ᠎ᠲᠠᠢ)᠂ ᠯᠠᠨ ᠵᠢᠶᠠᠩ (1962~1963 ᠣᠨ) (ᡁᠢ ᠠᠨ ᠪᠠᠯᠭ᠋ᠠᠰᠣᠨ᠎ᠤ ᠬᠢᠳᠠᠳ ᠭᠠᠷᠣᠯ᠎ᠲᠠᠢ ᠮᠣᠩᠭᠤᠯ ᠪᠢᠴᠢᠭᠲᠡᠨ)᠂ ᠲᠠᠮᠦᠵᠠᠪ (1963~1965 ᠣᠨ) (ᠸᠠᠩ᠎ᠤᠨ ᠬᠤᠷᠢᠶ᠎ᠠ ᠨᠣᠳᠤᠭ᠎ᠲᠠᠢ)᠂ ᠬᠦᠦᠳᠠᠭᠤᠯᠠ (1964) ᠣᠨ᠂ ᠷᠢᠨᠴᠢᠨᠳᠣᠷᠵᠢ (1964~1966) ᠣᠨ (ᠬᠠᠭ᠋ᠠᠰ ᠠ᠋ᠳᠦᠷ ᠬᠢᠴᠢᠶᠡᠯᠯᠡᠵᠣ ᠬᠠᠭ᠋ᠠᠰ ᠠ᠋ᠳᠦᠷ ᠬᠦᠳᠡᠯᠮᠦᠷᠢᠯᠡᠬᠦ ᠠᠩᠭᠢ ᠵᠢᠨ ᠪᠠᠭᠰᠢ) (ᠵᠡᠬᠦᠨ ᠬᠤᠯᠣᠰᠣᠳᠠᠢ ᠨᠣᠳᠣᠭ᠎ᠲᠠᠢ)᠂ ᠶᠧᠰᠢ  (1964~1966) ᠣᠨ (ᠬᠠᠭ᠋ᠠᠰ ᠠ᠋ᠳᠦᠷ ᠬᠢᠴᠢᠶᠡᠯᠯᠡᠵᠣ ᠬᠠᠭ᠋ᠠᠰ ᠠ᠋ᠳᠦᠷ ᠬᠦᠳᠡᠯᠮᠦᠷᠢᠯᠡᠬᠦ ᠠᠩᠭᠢ ᠵᠢᠨ ᠪᠠᠭᠰᠢ) (ᠵᠡᠬᠦᠨ ᠬᠤᠯᠣᠰᠣᠳᠠᠢ ᠨᠣᠳᠣᠭ᠎ᠲᠠᠢ)᠃ ᠠ᠋ᠳᠡᠭᠡᠷ ᠪᠠᠭᠰᠢ ᠨᠠᠷ ᠣᠷᠢᠳ ᠬᠤᠵᠢᠳ ᠵᠡᠭᠦᠨ ᠬᠤᠯᠣᠰᠣᠲᠠᠢ ᠵᠢᠨ ᠰᠣᠷᠭ᠋ᠠᠭᠤᠯᠢ᠎ᠳᠤ ᠠᠵᠢᠯᠯᠠᠨ ᠵᠡᠬᠦᠨ ᠬᠤᠯᠣᠰᠣᠲᠠᠢ ᠭᠠᠴᠠᠭ᠋ᠠᠨ᠎ᠤ ᠰᠣᠷᠭ᠋ᠠᠨ ᠬᠦᠮᠦᠵᠢᠯ᠎ᠤᠨ ᠦᠢ᠍ᠯᠡᠰ᠎ᠲᠤ ᠦᠪᠡᠷ ᠦᠪᠡᠷ᠎ᠤᠨ ᠣᠶᠣᠨ ᠣᠬᠠᠭ᠋ᠠᠨ ᠬᠦᠴᠦᠨ ᠴᠢᠳᠠᠯ ᠵᠶ᠋ᠠᠨ ᠠ᠋ᠷᠭᠦᠭᠰᠡᠨ ᠪᠦᠭᠡᠳ ᠮᠠᠰᠢ ᠣᠯᠠᠨ ᠴᠢᠳᠠᠪᠣᠷᠢᠲᠠᠨ᠎ᠢ ᠬᠦᠮᠦᠵᠢᠬᠦᠯᠦᠨ᠂ ᠳᠣᠮᠳᠠ ᠵᠡᠷᠭᠡ ᠵᠢᠨ ᠲᠣᠰᠬᠠᠢ ᠮᠡᠷᠬᠡᠵᠢᠯ᠎ᠤᠨ ᠰᠣᠷᠭ᠋ᠠᠭᠤᠯᠢ ᠪᠣᠯᠣᠨ ᠶᠡᠭᠡ ᠳᠡᠭᠡᠳᠦ ᠰᠣᠷᠭ᠋ᠠᠭᠤᠯᠢ᠎ᠳᠤ ᠲᠡᠪᠰᠢᠬᠦ᠎ᠳᠤ᠎ᠨᠢ ᠠᠩᠬᠠᠨ᠎ᠤ ᠰᠠᠭᠤᠷᠢ ᠵᠢ ᠲᠠᠯᠪᠢᠵᠤ ᠦᠭᠭᠦᠭᠰᠡᠨ ᠪᠠᠶ᠋ᠢᠨ᠎ᠠ᠃ ᠠ᠋ᠳᠡᠭᠡᠷ ᠰᠣᠷᠣᠭᠴᠢᠳ᠎ᠤᠨ ᠳᠣᠲᠣᠷ᠎ᠠ᠎ᠠᠴᠠ ᠲᠦᠯᠦᠭᠡᠯᠡᠬᠦ ᠴᠢᠨᠠᠷ᠎ᠲᠠᠢ ᠬᠡᠳᠦ ᠵᠢ᠎ᠨᠢ ᠳᠣᠷᠠᠳᠪᠠᠯ᠄
      ᠮᠧᠳᠡᠭ᠂ ᠴᠣᠭᠳᠣ᠂ ᠵᠢᠨ ᠰᠢᠶᠣᠣ᠂ ᠭᠡᠪᠡᠨᠢᠩᠪᠦ ᠪᠤᠯ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠪᠠᠶ᠋ᠢᠭᠤᠯᠣᠭᠳᠠᠭᠰᠠᠨ᠎ᠤ ᠳᠠᠷᠠᠭ᠎ᠠ ᠬᠠᠮᠤᠭ᠎ᠤᠨ ᠠᠩᠬᠠᠨ᠎ᠤ ᠣᠯᠣᠰ᠎ᠤᠨ ᠰᠢᠯᠭ᠋ᠠᠯᠳᠠ᠎ᠪᠠᠷ ᠳᠠᠮᠵᠢᠨ ᠳᠣᠮᠳᠠ ᠵᠡᠷᠭᠡ ᠵᠢᠨ ᠲᠣᠰᠬᠠᠢ ᠮᠡᠷᠭᠡᠵᠢᠯ᠎ᠤᠨ ᠰᠣᠷᠭ᠋ᠠᠭᠤᠯᠢ᠎ᠳᠤ ᠰᠣᠷᠣᠯᠴᠠᠭᠰᠠᠨ ᠰᠡᠭᠡᠭᠡᠳᠡᠳ ᠪᠤᠯᠬᠤ ᠶᠤᠮ᠃
      ᠮᠧᠳᠡᠭ (1934~1989)᠃ ᠳᠤᠮᠳᠠᠳᠤ ᠤᠯᠤᠰ᠎ᠤᠨ ᠡᠪ ᠬᠠᠮᠲᠣ ᠨᠠᠮ᠎ᠤᠨ ᠭᠡᠰᠢᠭᠦᠨ᠂ 1955 ᠣᠨ᠎ᠳᠤ ᠣᠣᠯ᠎ᠤᠨ ᠦᠪᠦᠷ ᠮᠣᠩᠭᠤᠯ᠎ᠤᠨ ᠮᠣᠩᠭᠤᠯ ᠬᠡᠯᠡᠨ᠎ᠤ ᠲᠣᠰᠬᠠᠢ ᠮᠡᠷᠭᠡᠵᠢᠯ᠎ᠤᠨ ᠰᠣᠷᠭ᠋ᠠᠭᠤᠯᠢ᠎ᠠᠴᠠ ᠲᠡᠭᠦᠰᠴᠦ ᠦᠪᠦᠷ ᠮᠣᠩᠭᠤᠯ᠎ᠤᠨ ᠨᠠᠮ᠎ᠤᠨ ᠬᠤᠷᠢᠶᠠᠨ᠎ᠳᠤ ᠣᠷᠴᠢᠭᠤᠯᠣᠭᠴᠢ᠎ᠪᠠᠷ ᠠᠵᠢᠯᠯᠠᠨ᠂ 1959 ᠣᠨ᠎ᠳᠤ ᠰᠢᠯᠢ ᠵᠢᠨ ᠭᠤᠣᠯ ᠠᠶ᠋ᠢᠮᠠᠭ᠎ᠲᠤ ᠠᠵᠢᠯ ᠰᠢᠯᠵᠢᠨ ᠰᠦᠨᠢᠳ ᠵᠡᠭᠦᠨ ᠬᠤᠰᠢᠭᠤᠨ᠎ᠤ ᠨᠢᠭᠤᠴᠠ ᠵᠢ ᠬᠠᠮᠠᠭ᠋ᠠᠯᠠᠭ᠍ᠣ ᠲᠣᠪᠴᠢᠶᠠᠨ᠎ᠤ ᠳᠠᠷᠤᠭ᠎ᠠ ᠵᠢᠨ ᠲᠣᠰᠢᠶᠠᠯ᠎ᠠᠴᠠ ᠠᠵᠢᠯ᠎ᠤᠨ ᠠᠮᠠᠷᠠᠯᠳᠠ᠎ᠪᠠᠨ ᠠᠪᠴᠠᠢ᠃
      ᠭᠡᠪᠡᠨᠢᠩᠪᠦ᠂ 1936 ᠣᠨ᠎ᠳᠤ ᠲᠦᠷᠦᠪᠡ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠃ 1955 ᠣᠨ᠎ᠳᠤ ᠦᠪᠦᠷ ᠮᠣᠩᠭᠤᠯ᠎ᠤᠨ ᠮᠣᠩᠭᠤᠯ ᠬᠡᠯᠡᠨ᠎ᠤ ᠲᠣᠰᠬᠠᠢ ᠮᠡᠷᠬᠡᠵᠢᠯ᠎ᠤᠨ ᠰᠣᠷᠭ᠋ᠠᠭᠤᠯᠢ᠎ᠳᠤ ᠰᠢᠯᠭ᠋ᠠᠭᠳᠠᠨ ᠣᠷᠣᠭᠰᠠᠨ ᠪᠣᠯᠪᠠᠴᠦ ᠠ᠋ᠯᠰᠡᠭᠳᠡᠭᠰᠡᠨ ᠮᠡᠳᠡᠭᠳᠡᠯ᠎ᠨᠢ ᠴᠠᠭ᠋ᠠᠨᠨᠠᠭᠤᠷ ᠭᠠᠴᠠᠭ᠋ᠠᠨ᠎ᠠᠴᠠ ᠵᠡᠬᠦᠨ ᠬᠤᠯᠣᠰᠤᠳᠠᠢ᠎ᠳᠤ ᠰᠢᠯᠵᠢᠬᠦᠯᠬᠦ ᠵᠠᠮ ᠵᠠᠭᠤᠷ᠎ᠠ ᠭᠡᠭᠡᠭᠳᠡᠭᠰᠡᠨ ᠵᠶ᠋ᠠᠷ ᠲᠠᠷᠠᠭ᠎ᠠ ᠵᠢᠯ᠎ᠨᠢ ᠲᠠᠬᠢᠵᠦ ᠰᠢᠯᠭ᠋ᠠᠭ᠋ᠠᠳ ᠦᠪᠦᠷ ᠮᠣᠩᠭᠤᠯ᠎ᠤᠨ ᠮᠠᠯ ᠠᠵᠣ ᠠᠬᠤᠢ ᠵᠢᠨ ᠺᠠᠳ᠋ᠷ᠎ᠤᠨ ᠰᠣᠷᠭ᠋ᠠᠭᠤᠯᠢ᠎ᠳᠤ ᠤᠷᠤᠵᠤ᠂ 1958 ᠣᠨ᠎ᠳᠤ ᠰᠣᠷᠭ᠋ᠠᠭᠤᠯᠢ᠎ᠪᠠᠨ ᠲᠡᠭᠦᠰᠭᠡᠵᠡᠢ᠃ 1960 ᠤᠨ᠎ᠳᠤ ᠨᠠᠮ᠎ᠳᠤ ᠠ᠋ᠯᠰᠡᠭᠳᠡᠵᠦ ᠤᠷᠢᠳ ᠬᠤᠵᠢᠳ ᠦᠢ᠍ᠯᠡᠳᠪᠦᠷᠢ ᠵᠢᠨ ᠡᠪᠯᠡᠯ᠎ᠤᠨ ᠠ᠋ᠬᠦᠷ᠎ᠤᠨ ᠶᠡᠷᠦᠩᠬᠡᠢ ᠠ᠋ᠬᠦᠷ᠎ᠤᠨ ᠱᠦᠵᠢ᠂ ᠦᠢ᠍ᠯᠡᠳᠪᠦᠷᠢ ᠵᠢᠨ ᠲᠠᠰᠤᠭ᠎ᠤᠨ ᠲᠠᠷᠤᠭ᠎ᠠ᠂ ᠨᠠᠮ᠎ᠤᠨ ᠠ᠋ᠬᠦᠷ᠎ᠤᠨ ᠱᠦᠵᠢ ᠵᠡᠷᠭᠡ ᠲᠣᠰᠢᠶᠠᠯ ᠬᠠᠷᠢᠭᠤᠴᠠᠵᠦ ᠦᠩᠭᠡᠷᠡᠵᠡᠢ᠃ 1983 ᠣᠨ᠎ᠳᠤ ᠢᠨᠵᠸᠨ᠋ᠸᠷ ᠵᠶ᠋ᠠᠷ ᠴᠣᠯᠠᠯᠠᠭᠳᠠᠨ᠂ ᠦᠪᠦᠷ ᠮᠣᠩᠭᠤᠯ᠎ᠤᠨ ᠠᠮᠢᠳᠦ ᠪᠣᠳᠠᠰ ᠮᠠᠯ᠎ᠤᠨ ᠡᠮ᠎ᠤᠨ ᠦᠢ᠍ᠯᠡᠳᠪᠦᠷᠢ ᠵᠢᠨ ᠬᠦᠳᠡᠯᠮᠦᠷᠢ ᠠᠵᠢᠯᠳᠠᠨ᠎ᠤ ᠰᠠᠯᠠᠭ᠋ᠠᠨ᠎ᠤ ᠰᠠᠯᠠᠭ᠋ᠠᠨ ᠲᠠᠷᠤᠭ᠎ᠠ᠎ᠪᠠᠷ 1998 ᠣᠨ᠎ᠳᠤ ᠠᠵᠢᠯ᠎ᠤᠨ ᠠᠮᠠᠷᠠᠯᠲᠠ᠎ᠪᠠᠨ ᠠᠪᠲᠠᠯ᠎ᠠ ᠠᠵᠢᠯᠯᠠᠭᠰᠠᠨ ᠪᠠᠶ᠋ᠢᠨ᠎ᠠ᠃
      ᠨᠠᠮᠳᠠᠭ᠂ ᠪᠦᠬᠡᠬᠠᠳᠠ᠂ ᠬᠠᠷᠠᠪᠠᠷᠰ᠂ ᠪᠣᠣ ᠴᠤᠭᠲᠤ᠄ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠠ᠋ᠭᠦᠳᠡᠨ ᠪᠣᠱ᠌ᠤᠭ᠎ᠠ ᠵᠢ ᠳᠠᠮᠵᠢᠵᠣ ᠶᠡᠭᠡ ᠳᠡᠭᠡᠳᠦ ᠰᠣᠷᠭ᠋ᠠᠭᠤᠯᠢ᠎ᠳᠤ ᠰᠢᠯᠭ᠋ᠠᠭᠳᠠᠨ ᠣᠷᠣᠭᠰᠠᠨ ᠬᠠᠮᠤᠭ᠎ᠤᠨ ᠠᠩᠬᠠᠨ᠎ᠤ ᠳᠦᠷᠪᠡᠨ ᠣᠶᠣᠲᠠᠨ᠃
      ᠨᠠᠮᠳᠠᠭ᠂ 1939 ᠣᠨ᠎ᠳᠤ ᠲᠦᠷᠦᠪᠡ᠃ 1963 ᠣᠨ᠎ᠳᠤ ᠦᠪᠦᠷ ᠮᠣᠩᠭᠤᠯ᠎ᠤᠨ ᠪᠠᠭᠰᠢ ᠵᠢᠨ ᠳᠡᠭᠡᠳᠦ ᠰᠣᠷᠭ᠋ᠠᠭᠤᠯᠢ᠎ᠠᠴᠠ ᠲᠡᠭᠦᠰᠴᠦ ᠣᠯᠠᠭ᠋ᠠᠨᠴᠠᠪ ᠠᠶ᠋ᠢᠮᠠᠭ᠎ᠤᠨ ᠪᠠᠭᠰᠢ ᠵᠢᠨ ᠰᠣᠷᠭ᠋ᠠᠭᠤᠯᠢ᠎ᠳᠤ ᠠᠵᠢᠯᠯᠠᠵᠤ ᠲᠠᠨᠳᠠ᠎ᠠᠴᠠ ᠠᠵᠢᠯ᠎ᠤᠨ ᠠᠮᠠᠷᠠᠯᠲᠠ᠎ᠪᠠᠨ ᠠᠪᠴᠠᠢ᠂ ᠳᠡᠳ᠋ ᠫᠷᠣᠹᠸᠰᠰᠤᠷ ᠴᠣᠯᠠ᠎ᠲᠠᠢ ᠮᠣᠩᠭᠤᠯ ᠦᠨᠳᠦᠰᠦᠳᠡᠨ᠎ᠤ ᠰᠣᠷᠭ᠋ᠠᠨ ᠬᠦᠮᠦᠵᠢᠯ᠎ᠤᠨ ᠵᠢᠳᠬᠦᠯᠳᠡᠨ᠃ ᠲᠡᠷᠡ ᠤᠳᠠᠭ᠋ᠠᠨ ᠵᠢᠯ ᠮᠣᠩᠭᠤᠯ ᠬᠡᠯᠡᠨ᠎ᠤ ᠵᠢᠭ᠋ᠠᠨ ᠰᠤᠷᠭ᠋ᠠᠯᠲᠠ ᠵᠢᠨ ᠨᠢᠭᠡᠳᠦᠭᠡᠷ ᠹᠷᠣᠨᠲ᠎ᠲᠤ ᠠᠵᠢᠯᠯᠠᠨ ᠦᠢ ᠣᠯᠠᠨ ᠮᠤᠨᠭ᠌ᠭᠤᠯ ᠬᠡᠯᠡᠨ᠎ᠤ ᠪᠠᠭᠰᠢ ᠵᠢ ᠬᠦᠮᠤᠵᠢᠭᠦᠯᠦᠨ ᠦᠨᠳᠦᠰᠦᠲᠡᠨ᠎ᠤ ᠰᠤᠷᠭ᠋ᠠᠨ ᠬᠦᠮᠦᠵᠢᠯ᠎ᠤᠨ ᠦᠢ᠍ᠯᠡᠰ᠎ᠲᠤ ᠰᠢᠨᠳᠠᠷᠠᠰᠢ ᠦᠭᠡᠢ ᠵᠢᠳᠬᠦᠭᠰᠡᠨ ᠵᠶ᠋ᠠᠷ ᠠᠵᠢᠯ ᠨᠢᠭᠡᠳᠡᠨ ᠪᠤᠯᠤᠨ ᠰᠤᠷᠤᠭᠴᠢᠳ᠎ᠤᠨ ᠵᠶ᠋ᠠᠨ ᠬᠦᠨᠳᠦᠳᠭᠡᠯ ᠪᠢᠰᠢᠷᠡᠯ᠎ᠢ ᠤᠯᠵᠠᠢ᠃ ᠦᠪᠦᠷ ᠮᠣᠩᠭᠤᠯ᠎ᠤᠨ ᠨᠠᠰᠤᠲᠠᠶ᠋ᠢᠴᠤᠳ᠎ᠤᠨ ᠤᠷᠠᠨ ᠪᠢᠴᠢᠯᠭᠡᠲᠡᠳ᠎ᠤᠨ ᠨᠡᠶ᠋ᠢᠭᠡᠮᠯᠢᠭ᠎ᠤᠨ ᠭᠡᠰᠢᠭᠦᠨ᠂ ᠦᠪᠦᠷ ᠮᠣᠩᠭᠤᠯ᠎ᠤᠨ ᠮᠣᠩᠭᠤᠯ ᠤᠷᠠᠨ ᠪᠢᠴᠢᠯᠭᠡᠲᠡᠳ᠎ᠤᠨ ᠨᠡᠶ᠋ᠢᠭᠡᠮᠯᠢᠭ᠎ᠤᠨ ᠭᠡᠰᠢᠭᠦᠨ᠂ ᠤᠷᠠᠨ ᠵᠢᠷᠤᠭ ᠪᠢᠴᠢᠯᠭᠡ ᠵᠢᠨ ᠬᠦᠷᠢᠶᠡᠯᠡᠩ᠎ᠤᠨ ᠭᠡᠰᠢᠭᠦᠨ᠃ ᠲᠡᠭᠦᠨ᠎ᠤ ᠮᠣᠩᠭᠤᠯ ᠬᠢᠲᠠᠳ ᠤᠷᠠᠨ ᠪᠢᠴᠢᠯᠭᠡ᠎ᠨᠢ ᠤᠯᠤᠰ᠎ᠤᠨ ᠳᠣᠲᠣᠨ᠎ᠠ ᠭᠠᠳᠠᠨ᠎ᠠ ᠠᠯᠳᠠᠷᠰᠢᠵᠤ ᠳᠡᠯᠡᠬᠡᠢ ᠵᠢᠨ ᠳᠡᠯᠭᠡᠨ ᠦᠵᠡᠭᠦᠯᠭᠡ᠎ᠳᠤ ᠣᠷᠣᠯᠴᠠᠵᠤ ᠦᠩᠭᠡᠷᠡᠭᠰᠡᠨ ᠪᠦᠭᠡᠳ ᠪᠤᠰᠤᠳ᠎ᠲᠠᠢ ᠬᠠᠮᠳᠤᠷᠠᠭᠰᠠᠨ 《ᠮᠣᠩᠭᠤᠯ ᠬᠢᠲᠠᠳ ᠬᠠᠪᠰᠤᠷᠭ᠋ᠠᠭᠰᠠᠨ ᠴᠢᠩᠭᠢᠰ ᠬᠠᠭ᠋ᠠᠨ᠎ᠤ ᠪᠢᠯᠢᠭ ᠰᠤᠷᠭ᠋ᠠᠯ᠎ᠤᠨ ᠤᠷᠠᠨ ᠪᠢᠴᠢᠯᠭᠡ》᠂ 《ᠮᠣᠩᠭᠤᠯ ᠬᠢᠲᠠᠳ ᠬᠠᠪᠰᠤᠷᠭ᠋ᠠᠭᠰᠠᠨ ᠰᠢᠭᠦᠮᠵᠢᠯᠡᠯ ᠦᠭᠦᠯᠡᠯ᠎ᠤᠨ ᠤᠷᠠᠨ ᠪᠢᠴᠢᠯᠭᠡ》 ᠵᠡᠷᠭᠡ ᠬᠤᠶᠠᠷ ᠲᠣᠮᠤ ᠤᠷᠠᠨ ᠪᠢᠴᠢᠯᠭᠡ ᠵᠢᠨ ᠨᠣᠮ᠎ᠲᠠᠢ ᠪᠦᠭᠡᠳ 《ᠮᠣᠩᠭᠤᠯ ᠬᠢᠲᠠᠳ ᠬᠠᠪᠰᠤᠷᠭ᠋ᠠᠭᠰᠠᠨ ᠰᠢᠭᠦᠮᠵᠢᠯᠡᠯ ᠦᠭᠦᠯᠡᠯ᠎ᠤᠨ ᠤᠷᠠᠨ ᠪᠢᠴᠢᠯᠭᠡ》᠎ᠨᠢ ᠦᠪᠦᠷ ᠮᠣᠩᠭᠤᠯ᠎ᠤᠨ ᠰᠣᠶᠤᠯ ᠲᠡᠦᠬᠡ ᠰᠤᠳᠤᠯᠬᠤ ᠭᠠᠵᠠᠷ᠎ᠲᠤ ᠬᠠᠳᠠᠭ᠋ᠠᠯᠠᠭᠳᠠᠭᠰᠠᠨ ᠪᠠᠶ᠋ᠢᠨ᠎ᠠ᠃
      ᠬᠠᠷᠠᠪᠠᠷᠰ᠂ 1938 ᠣᠨ᠎ᠳᠤ ᠲᠦᠷᠦᠪᠡ᠂ ᠳᠤᠮᠳᠠᠳᠤ ᠤᠯᠤᠰ᠎ᠤᠨ ᠡᠪ ᠬᠠᠮᠳᠣ ᠨᠠᠮ᠎ᠤᠨ ᠭᠡᠰᠢᠭᠦᠨ᠃ 1964 ᠣᠨ᠎ᠳᠤ ᠦᠪᠦᠷ ᠮᠣᠩᠭᠤᠯ᠎ᠤᠨ ᠶᠡᠭᠡ ᠰᠣᠷᠭ᠋ᠠᠭᠤᠯᠢ ᠵᠢᠨ ᠲᠣᠭ᠋ᠠᠨ᠎ᠤ ᠤᠬᠠᠭ᠋ᠠᠨ᠎ᠤ ᠰᠠᠯᠪᠤᠷᠢ᠎ᠠᠴᠠ ᠲᠡᠭᠦᠰᠴᠦ ᠦᠪᠦᠷ ᠮᠣᠩᠭᠤᠯ᠎ᠤᠨ ᠪᠠᠭ᠋ᠠᠴᠤᠳ ᠬᠡᠦᠬᠡᠳ᠎ᠤᠨ ᠬᠡᠪᠯᠡᠯ᠎ᠤᠨ ᠬᠤᠷᠢᠶᠠᠨ᠎ᠳᠤ ᠠᠵᠢᠯ᠎ᠤᠨ ᠬᠤᠪᠢᠶᠠᠷᠢ ᠠᠪᠴᠣ᠂ 1985 ᠣᠨ᠎ᠳᠤ ᠳᠠᠬᠢᠨ ᠤᠯᠠᠭ᠋ᠠᠠᠭ᠍ᠠᠳᠠ᠎ᠳᠤ᠎ᠬᠢ ᠦᠪᠤᠷ ᠮᠤᠨᠭ᠌ᠭᠤᠯ᠎ᠤᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠡᠪᠯᠡᠯ᠎ᠤᠨ ᠬᠤᠷᠢᠶᠠᠨ᠎ᠳᠤ ᠠᠵᠢᠯ ᠰᠢᠯᠵᠢᠵᠤ᠂ 1988 ᠣᠨ᠎ᠳᠤ ᠦᠪᠦᠷ ᠮᠣᠩᠭᠤᠯ᠎ᠤᠨ ᠪᠠᠭ᠋ᠠᠴᠣᠳ ᠬᠡᠦᠬᠡᠳ᠎ᠤᠨ ᠬᠡᠪᠯᠡᠯ ᠬᠤᠷᠢᠶᠠᠨ᠎ᠠᠴᠠ ᠠᠵᠢᠯ᠎ᠤᠨ ᠠᠮᠠᠷᠠᠯᠲᠠ᠎ᠪᠠᠨ ᠠᠪᠴᠠᠢ᠃
      ᠪᠣᠣ ᠴᠣᠭᠲᠤ᠂ ᠴᠠᠭ᠋ᠠᠨᠨᠠᠭᠤᠷ ᠨᠤᠲᠤᠭ᠎ᠲᠠᠢ᠃ 1962 ᠣᠨ᠎ᠳᠤ ᠦᠪᠦᠷ ᠮᠣᠩᠭᠤᠯ᠎ᠤᠨ ᠶᠡᠭᠡ ᠰᠤᠷᠭ᠋ᠠᠭᠤᠯᠢ᠎ᠠᠴᠠ ᠲᠡᠭᠦᠰᠪᠡ᠃
      ᠪᠦᠬᠡᠬᠠᠳᠠ᠂ 1963 ᠣᠨ᠎ᠳᠤ ᠦᠪᠦᠷ ᠮᠣᠩᠭᠤᠯ᠎ᠤᠨ ᠶᠡᠭᠡ ᠰᠤᠷᠭ᠋ᠠᠭᠤᠯᠢ᠎ᠠᠴᠠ ᠲᠡᠭᠦᠰᠪᠡ᠃
      ᠪᠦᠬᠡᠪᠠᠶᠠᠷ᠂ ᠪᠠᠯᠳᠠᠨ᠂ ᠠᠯᠠᠮᠠᠰ (ᠴᠠᠭ᠋ᠠᠨᠨᠠᠭᠤᠷ ᠨᠤᠲᠤᠭ᠎ᠲᠠᠢ)᠂ ᠭᠤᠮᠪᠦᠵᠠᠪ᠂ ᠮᠦᠩᠭᠦᠨᠲᠣᠶᠠᠭ᠎ᠠ᠂ ᠵᠧᠩ ᠶᠣᠸᠠᠢ᠂ ᠮᠦᠩᠬᠡ᠂ ᠠᠯᠳᠠᠨᠴᠢᠮᠡᠭ᠂ ᠪᠣᠣ ᠢᠣᠢ᠂ ᠪᠣᠣ ᠵᠢᠨ ᠱᠠᠨ ᠨᠠᠷ ᠪᠣᠯ 《ᠰᠣᠶᠣᠯ᠎ᠤᠨ ᠶᠡᠭᠡ ᠬᠤᠪᠢᠰᠬᠠᠯ》 ᠠ᠋ᠬᠢᠯᠡᠬᠦ᠎ᠠᠴᠠ ᠠ᠋ᠮᠦᠨ᠎ᠡ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠠ᠋ᠭᠦᠳᠡᠨ ᠪᠣᠱ᠌ᠤᠭ᠎ᠠ᠎ᠪᠠᠷ ᠳᠠᠮᠵᠢᠭᠰᠠᠨ ᠣᠶᠣᠳᠡᠨ ᠰᠡᠭᠡᠭᠡᠳᠡᠳ᠃
      ᠠᠯᠮᠠᠰ᠂ ᠲᠦᠩᠯᠢᠶᠤᠤ (ᠣᠣᠯ᠎ᠤᠨ ᠵᠢᠷᠢᠮ ᠠᠶ᠋ᠢᠮᠠᠭ) ᠵᠢᠨ ᠪᠠᠭᠰᠢ ᠵᠢᠨ ᠰᠤᠷᠭ᠋ᠠᠭᠤᠯᠢ᠎ᠠᠴᠠ ᠦᠪᠦᠷ ᠮᠣᠩᠭᠤᠯ᠎ᠤᠨ ᠪᠠᠭᠰᠢ ᠵᠢᠨ ᠲᠡᠭᠡᠳᠦ ᠰᠤᠷᠭ᠋ᠠᠭᠤᠯᠢ᠎ᠳᠤ ᠪᠠᠳᠤᠯᠠᠨ ᠬᠦᠷᠭᠡᠭᠳᠡᠵᠡᠢ᠃ ᠨᠠᠢ᠍ᠮᠠᠨ ᠬᠤᠰᠢᠭᠤᠨ᠎ᠤ ᠮᠣᠩᠭᠤᠯ ᠳᠤᠮᠳᠠᠳᠤ ᠰᠤᠷᠭ᠋ᠠᠭᠤᠯᠢ᠎ᠳᠤ ᠤᠳᠠᠭ᠋ᠠᠨ ᠵᠢᠯ ᠬᠢᠮᠢ ᠵᠢᠨ ᠪᠠᠭᠰᠢ᠎ᠪᠠᠷ ᠠᠵᠢᠯᠯᠠᠵᠣ ᠦᠨᠳᠦᠰᠦᠳᠡᠨ᠎ᠤ ᠰᠣᠷᠭ᠋ᠠᠨ ᠬᠦᠮᠦᠵᠢᠯ᠎ᠤᠨ ᠦᠢ᠍ᠯᠡᠰ᠎ᠲᠤ ᠣᠶᠣᠨ ᠤᠬᠠᠭ᠋ᠠᠨ ᠬᠦᠴᠦᠨ ᠴᠢᠳᠠᠯ ᠵᠶ᠋ᠠᠨ ᠠ᠋ᠷᠭᠦᠭᠰᠡᠨ ᠲᠡᠭᠡᠳᠤ ᠳᠡᠰ᠎ᠤᠨ ᠪᠠᠭᠰᠢ ᠵᠢᠨ ᠮᠡᠷᠭᠡᠵᠢᠯ᠎ᠤᠨ ᠴᠣᠯᠠ᠎ᠲᠠᠢ ᠨᠡᠷᠡᠲᠦ ᠪᠠᠭᠰᠢ᠃ ᠨᠠᠢ᠍ᠮᠠᠨ ᠬᠤᠰᠢᠭᠤᠨ᠎ᠤ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠠᠯᠪᠠᠨ ᠭᠡᠷ᠎ᠤᠨ ᠠ᠋ᠷᠬᠢᠯᠡᠭᠴᠢ ᠵᠢᠨ ᠲᠣᠰᠢᠶᠠᠯ᠎ᠳᠤ ᠪᠠᠢ᠍ᠢ᠍ᠵᠤ ᠪᠠᠢ᠍ᠢ᠍ᠭ᠋ᠠᠳ ᠲᠠᠨᠳᠠ᠎ᠠᠴᠠ ᠠᠵᠢᠯ᠎ᠤᠨ ᠠᠮᠠᠷᠠᠯᠲᠠ᠎ᠪᠠᠨ ᠠᠪᠴᠠᠢ᠃
      ᠭᠤᠮᠪᠣᠵᠠᠪ᠂ (1947~1995)᠂ ᠮᠠᠰᠢᠨ ᠮᠧᠬᠠᠨᠢᠭ᠎ᠤᠨ ᠢᠨᠵᠸᠨᠧᠷ᠃ 1977 ᠣᠨ᠎ᠳᠤ ᠬᠢᠷᠢᠨ ᠮᠣᠵᠢ ᠵᠢᠨ ᠲᠠᠷᠢᠶᠠᠯᠠᠩ᠎ᠤᠨ ᠶᠡᠭᠡ ᠰᠤᠷᠭ᠋ᠠᠭᠤᠯᠢ ᠵᠢᠨ ᠮᠠᠰᠢᠨ ᠮᠧᠬᠠᠨᠢᠬ᠎ᠤᠨ ᠰᠠᠯᠪᠤᠷᠢ᠎ᠠᠴᠠ ᠲᠡᠭᠦᠰᠴᠦ ᠨᠠᠢ᠍ᠮᠠᠨ ᠬᠤᠰᠢᠭᠤᠨ᠎ᠤ ᠲᠠᠷᠢᠶᠠᠯᠠᠩ᠎ᠤᠨ ᠮᠠᠰᠢᠨ ᠰᠡᠯᠪᠢᠨ ᠵᠠᠰᠠᠭ᠍ᠤ ᠦᠢ᠍ᠯᠡᠳᠪᠦᠷᠢ᠎ᠳᠤ ᠶᠡᠷᠦᠩᠬᠡᠢ ᠢᠨᠵᠸᠨᠧᠷ ᠵᠶ᠋ᠠᠷ ᠤᠳᠠᠭ᠋ᠠᠨ ᠵᠢᠯ ᠠᠵᠢᠯᠯᠠᠵᠤ ᠨᠠᠢ᠍ᠮᠠᠨ ᠬᠤᠰᠢᠭᠤᠨ᠎ᠤ ᠮᠠᠰᠢᠨ ᠮᠧᠬᠠᠨᠢᠭ᠎ᠤᠨ ᠦᠢ᠍ᠯᠡᠰ᠎ᠤᠨ ᠬᠦᠭᠵᠢᠯᠲᠡ᠎ᠳᠤ ᠬᠢᠵᠠᠭ᠋ᠠᠷᠯᠠᠰᠢ ᠦᠭᠡᠢ ᠬᠤᠪᠢ ᠨᠡᠮᠡᠷᠢ ᠦᠵᠡᠭᠦᠯᠦᠭᠰᠡᠨ ᠮᠡᠷᠭᠡᠵᠢᠯᠲᠡᠨ᠃
      ᠪᠣᠣ ᠵᠢᠨ ᠱᠠᠨ᠂ 1952 ᠣᠨ᠎ᠳᠤ ᠲᠦᠷᠦᠪᠡ᠂ ᠳᠣᠮᠳᠠᠳᠤ ᠣᠯᠣᠰ᠎ᠤᠨ ᠡᠪ ᠬᠠᠮᠲᠣ ᠨᠠᠮ᠎ᠤᠨ ᠭᠡᠰᠢᠬᠦᠨ᠃ ᠲᠡᠷᠡ ᠴᠣᠭᠲᠠᠢ ᠰᠣᠮᠣ ᠵᠢᠨ ᠰᠣᠮᠣᠨ ᠳᠠᠷᠤᠭ᠎ᠠ᠂ ᠬᠤᠩᠭᠤᠷᠲᠠᠯ᠎ᠠ ᠰᠣᠮᠣᠨ᠎ᠤ ᠨᠠᠮ᠎ᠤᠨ ᠬᠤᠷᠢᠶᠠᠨ᠎ᠤ ᠱᠦᠵᠢ᠂ ᠨᠠᠢ᠍ᠮᠠᠨ ᠬᠤᠰᠢᠭᠤᠨ᠎ᠤ ᠠᠷᠠᠳ᠎ᠤᠨ ᠶᠠᠪᠣᠳᠠᠯ᠎ᠤᠨ ᠲᠣᠪᠴᠢᠶᠡᠨ᠎ᠤ ᠲᠣᠪᠴᠢᠶᠠᠨ ᠲᠠᠷᠤᠭ᠎ᠠ ᠵᠡᠷᠭᠡ ᠠᠯᠪᠠᠨ ᠲᠣᠰᠢᠶᠠᠯ᠎ᠢ ᠠ᠋ᠭᠦᠷᠭᠡᠯᠡᠵᠦ ᠦᠩᠭᠡᠷᠡᠭᠰᠡᠨ ᠪᠦᠬᠡᠳ ᠨᠠᠢ᠍ᠮᠠᠨ ᠬᠤᠰᠢᠭᠤᠨ᠎ᠤ ᠨᠠᠮ᠎ᠤᠨ ᠬᠤᠷᠢᠶᠠᠨ᠎ᠤ ᠲᠦᠯᠦᠪᠵᠢᠭᠦᠯᠭᠡ ᠵᠢᠨ ᠵᠦᠪᠯᠡᠯ᠎ᠤᠨ ᠠ᠋ᠷᠬᠢᠯᠡᠭᠴᠢ ᠵᠢᠨ ᠲᠤᠰᠢᠶᠠᠯ᠎ᠠᠴᠠ ᠠᠵᠢᠯ᠎ᠤᠨ ᠠᠮᠠᠷᠠᠯᠲᠠ᠎ᠪᠠᠨ ᠠᠪᠴᠠᠢ᠂ ᠳᠡᠳ᠋ ᠭᠠᠵᠠᠷ᠎ᠤᠨ ᠳᠡᠰ᠎ᠤᠨ ᠺᠠᠳ᠋ᠷ᠃
     1966~1976 ᠣᠨ᠎ᠤ ᠬᠤᠭᠤᠷᠣᠨᠳᠣ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ᠎ᠨᠢ ᠲᠠᠪᠣᠨ ᠵᠢᠯ᠎ᠤᠨ ᠳᠦᠷᠢᠮᠳᠤ ᠪᠦᠷᠢᠨ ᠪᠠᠭ᠎ᠠ ᠰᠣᠷᠭ᠋ᠠᠭᠤᠯᠢ ᠪᠣᠯᠣᠨ ᠦᠭᠡᠷᠡᠴᠢᠯᠡᠭᠳᠡᠵᠣ ᠰᠣᠷᠣᠭᠴᠢ ᠵᠢᠨ ᠢᠷᠡᠯᠲᠡ ᠨᠡᠮᠡᠭᠳᠡᠬᠦ ᠵᠢ ᠳᠠᠭ᠋ᠠᠯᠳᠣᠨ ᠪᠠᠭᠰᠢ ᠵᠢᠨ ᠠ᠋ᠩᠨᠡᠭᠡ ᠴᠦ᠍ ᠦᠷᠭᠡᠵᠢᠵᠡᠢ᠃ ᠠ᠋ᠨᠡ ᠬᠡᠰᠡᠭ ᠬᠤᠭᠤᠴᠠᠭ᠋ᠠᠨ᠎ᠳᠤ ᠬᠡᠳᠦᠶ᠋ᠢᠪᠡᠷ 《ᠰᠣᠶᠣᠯ᠎ᠤᠨ ᠶᠡᠭᠡ ᠬᠤᠪᠢᠰᠬᠠᠯ》᠎ᠤᠨ ᠨᠦᠯᠦᠭᠡᠨ ᠳᠤᠤᠷ᠎ᠠ 1966 ᠣᠨ᠎ᠳᠤ ᠪᠦᠳᠦᠨ ᠨᠢᠭᠡ ᠵᠢᠯ ᠬᠢᠴᠢᠶᠡᠯ ᠵᠣᠭᠰᠣᠭᠰᠠᠨ ᠪᠤᠯᠪᠠᠴᠤ 1967 ᠣᠨ᠎ᠠᠴᠠ ᠬᠤᠢ᠍ᠢ᠍ᠰᠢ ᠰᠣᠷᠭ᠋ᠠᠭᠤᠯᠢ ᠵᠢᠨ ᠬᠠᠮᠢᠶᠠᠷᠣᠯᠲᠠ ᠪᠠ ᠬᠢᠴᠢᠶᠡᠯ ᠬᠦᠮᠦᠵᠢᠯ᠎ᠤᠨ ᠠᠵᠢᠯ ᠠ᠋ᠮᠬᠢ ᠲᠢᠭᠯᠢᠮ ᠵᠶ᠋ᠠᠨ ᠠᠯᠳᠠᠭᠰᠠᠨ ᠦᠭᠡᠢ ᠶᠣᠮ᠃
      ᠠ᠋ᠨᠡ ᠬᠡᠰᠡᠭ ᠬᠤᠭᠤᠴᠠᠭ᠋ᠠᠨ᠎ᠳᠤ᠎ᠬᠢ ᠵᠡᠭᠦᠨ ᠬᠤᠯᠤᠰᠤᠲᠠᠢ ᠵᠢᠨ ᠰᠤᠷᠭ᠋ᠠᠭᠤᠯᠢ ᠵᠢᠨ ᠲᠡᠦᠬᠡ ᠪᠣᠯ ᠠᠵᠢᠯᠴᠢ ᠠᠷᠪᠢᠴᠢ᠎ᠪᠠᠷ ᠰᠤᠷᠭ᠋ᠠᠭᠤᠯᠢ ᠠ᠋ᠷᠭᠢᠯᠡᠭᠰᠡᠨ ᠲᠡᠦᠬᠡ ᠪᠣᠯᠤᠨ᠎ᠠ᠃ ᠲᠤᠬᠠᠢ ᠵᠢᠨ ᠦᠶ᠎ᠡ ᠵᠢᠨ ᠷᠢᠨᠴᠢᠨᠳᠣᠷᠵᠢ᠂   ᠴᠤᠩᠬᠤᠷᠠ᠂ ᠷᠠᠰᠢ ᠵᠡᠷᠭᠡ ᠭᠤᠷᠪᠠᠨ ᠬᠤᠭᠤᠴᠠᠭ᠋ᠠᠨ᠎ᠤ ᠰᠤᠷᠭ᠋ᠠᠭᠤᠯᠢ ᠵᠢᠨ ᠬᠠᠷᠢᠭᠤᠴᠠᠯᠭ᠋ᠠᠲᠠᠳ ᠦᠢ᠍ᠯᠡᠳᠪᠦᠷᠢᠯᠡᠯ᠎ᠤᠨ ᠪᠠᠷᠢᠭ᠋ᠠᠳᠠ᠎ᠲᠠᠢ ᠬᠠᠷᠢᠴᠠᠵᠤ ᠲᠠᠷᠢᠶᠠᠨ ᠭᠠᠵᠠᠷ ᠬᠤᠪᠢᠳᠠᠨ ᠠᠪᠴᠤ᠂ ᠳᠤᠯᠠᠭ᠋ᠠᠨ᠎ᠤ ᠴᠠᠭ ᠪᠤᠯᠪᠠᠯ ᠪᠠᠭᠰᠢ ᠰᠤᠷᠤᠭᠴᠢ᠎ᠪᠠᠨ ᠲᠠᠭ᠋ᠠᠭᠤᠯᠤᠨ ᠠ᠋ᠷᠡᠨᠳᠡ᠂ ᠪᠣᠷᠴᠠᠭ᠎ᠤᠨ ᠲᠦᠷᠦᠯ ᠲᠠᠷᠢᠵᠤ ᠪᠠᠢ᠍ᠢ᠍ᠭᠰᠠᠨ ᠪᠠ ᠮᠦᠨ ᠨᠠᠷᠢᠨ ᠨᠣᠣᠰᠤᠲᠤ ᠬᠤᠨᠢ ᠲᠡᠵᠢᠭᠡᠵᠦ ᠣᠷᠤᠯᠭ᠎ᠠ ᠣᠯᠵᠤ ᠪᠠᠶ᠋ᠢᠭᠰᠠᠨ ᠲᠤᠯᠠ ᠰᠤᠷᠭ᠋ᠠᠭᠤᠯᠢ᠎ᠨᠢ ᠰᠤᠷᠤᠭᠴᠢ᠎ᠠᠴᠠ ᠰᠤᠷᠤᠯᠭ᠎ᠠ ᠵᠢᠨ ᠰᠦᠢ᠍ᠳᠭᠡᠯ᠂ ᠨᠣᠮ ᠳᠡᠪᠲᠡᠷ᠎ᠤᠨ ᠰᠦᠢ᠍ᠳᠭᠡᠯ ᠭᠡᠵᠦ ᠬᠤᠷᠢᠶᠠᠳᠠᠭ ᠦᠭᠡᠢ ᠪᠠᠢ᠍ᠢ᠍ᠭᠰᠠᠨ ᠪᠦᠭᠡᠳ ᠬᠢᠴᠢᠶᠡᠯ᠎ᠤᠨ ᠭᠡᠷ ᠡᠪᠦᠯ᠎ᠳᠤ᠎ᠪᠠᠨ ᠮᠠᠰᠢ ᠳᠤᠯᠠᠭ᠋ᠠᠨ ᠲᠠᠭ᠋ᠠᠯᠠᠮᠵᠢᠲᠠᠢ ᠪᠠᠶ᠋ᠢᠵᠤ ᠵᠢᠭ᠋ᠠᠨ ᠰᠣᠷᠭ᠋ᠠᠯᠳᠠ ᠵᠢᠨ ᠴᠢᠨᠠᠷ ᠴᠢᠨᠰᠠᠭ᠎ᠠ ᠵᠢ ᠨᠦᠯᠦᠭᠡᠯᠡᠳᠡᠭ ᠦᠭᠡᠢ ᠪᠠᠶ᠋ᠢᠵᠡᠢ᠃ ᠢᠨᠭᠬᠢᠭᠰᠡᠨ᠎ᠠᠴᠠ ᠭᠡᠷ᠎ᠤᠨ ᠠᠮᠢᠳᠤᠷᠠᠯ᠎ᠨᠢ ᠬᠦᠴᠢᠷᠲᠠᠢ ᠬᠡᠦᠬᠡᠳ᠎ᠤᠳ ᠴᠦ᠍ ᠪᠢᠴᠢᠭ ᠰᠣᠶᠤᠯ ᠬᠦᠷᠲᠡᠬᠦ ᠠᠵᠠ ᠳᠣᠬᠢᠶᠠᠯ᠎ᠲᠠᠢ ᠪᠣᠯᠵᠦ ᠴᠢᠳᠠᠭᠰᠠᠨ ᠪᠠ ᠰᠤᠶᠤᠯ᠎ᠤᠨ ᠪᠠᠯᠠᠢ ᠵᠢ ᠠᠷᠢᠯᠭ᠋ᠠᠬᠤ ᠠᠵᠢᠯ᠎ᠢ ᠠ᠋ᠷᠴᠢᠮᠲᠠᠢ ᠬᠢᠭᠰᠡᠨ᠎ᠠᠴᠠ ᠰᠤᠷᠭ᠋ᠠᠭᠤᠯᠢ ᠵᠢᠨ ᠨᠠᠰᠣᠨ᠎ᠤ ᠬᠡᠦᠬᠡᠳ᠎ᠤᠨ ᠰᠣᠷᠭ᠋ᠠᠭᠤᠯᠢ᠎ᠳᠤ ᠣᠷᠣᠭᠰᠠᠨ ᠨᠣᠷᠮ᠎ᠠ ᠵᠠᠭᠤᠨ᠎ᠤ ᠵᠠᠭᠤ᠎ᠳᠤ ᠬᠦᠷᠦᠭᠰᠡᠨ ᠵᠶ᠋ᠠᠷ ᠪᠠᠷᠠᠭ᠍ᠣ ᠦᠭᠡᠢ ᠰᠤᠶᠤᠯ᠎ᠤᠨ ᠪᠠᠯᠠᠢ ᠴᠦ᠍ ᠴᠦᠭᠡᠷᠡᠭᠰᠡᠨ ᠪᠠᠶ᠋ᠢᠨ᠎ᠠ᠃ ᠰᠤᠷᠭ᠋ᠠᠭᠤᠯᠢ᠎ᠨᠢ ᠵᠢᠭ᠋ᠠᠬᠤ ᠪᠠᠭ᠋ᠠᠵᠢ ᠲᠦᠬᠦᠭᠡᠷᠦᠮᠵᠢ ᠬᠤᠳᠠᠯᠳᠤᠨ ᠠᠪᠴᠤ ᠬᠢᠴᠢᠶᠡᠯ ᠲᠦᠷᠦᠯ ᠪᠤᠯᠭ᠋ᠠᠨ᠎ᠢ ᠠ᠋ᠷᠬᠡ ᠲᠡᠭᠰᠢ᠎ᠪᠠᠷ ᠦᠵᠡᠵᠦ ᠲᠠᠮᠢᠷ᠂ ᠤᠷᠠᠯᠢᠭ᠎ᠤᠨ ᠬᠦᠳᠡᠯᠭᠡᠭᠡᠨ᠎ᠢ ᠬᠦᠨᠳᠦᠳᠭᠡᠳᠡᠭ ᠪᠠᠶ᠋ᠢᠭᠰᠠᠨ᠎ᠠᠴᠠ ᠰᠤᠷᠤᠭᠴᠢᠳ᠎ᠤᠨ ᠪᠦᠬᠦ ᠲᠠᠯ᠎ᠠ ᠵᠢᠨ ᠬᠦᠭᠵᠢᠯᠲᠡ ᠵᠢ ᠠᠬᠢᠭᠤᠯᠵᠤ ᠴᠢᠳᠠᠵᠠᠢ᠃ ᠲᠣᠬᠠᠢ ᠵᠢᠨ ᠦᠶ᠎ᠡ ᠵᠢᠨ ᠰᠣᠷᠭ᠋ᠠᠨ ᠬᠦᠮᠦᠵᠢᠯ᠎ᠤᠨ ᠪᠠᠰᠠ ᠨᠢᠭᠡ ᠳᠠᠪᠠᠭᠤᠯᠢᠭ ᠲᠠᠯ᠎ᠠ ᠭᠡᠪᠡᠯ᠂ ᠶᠠᠳᠠᠭᠤ ᠲᠠᠷᠢᠶᠠᠴᠢᠨ ᠰᠣᠷᠭ᠋ᠠᠭᠤᠯᠢ ᠬᠠᠮᠢᠶᠠᠷᠬᠤ ᠲᠦᠷᠦ ᠵᠢᠨ ᠪᠣᠳᠣᠯᠭ᠎ᠠ ᠲᠤᠤᠷ᠎ᠠ ᠭᠡᠷ᠎ᠤᠨ ᠠᠬᠠᠮᠠᠳ ᠣᠳᠠᠭ᠎ᠠ ᠳᠠᠷᠠᠭ᠋ᠠᠯᠠᠨ ᠰᠣᠷᠭ᠋ᠠᠭᠤᠯᠢ᠎ᠳᠤ ᠢᠷᠡᠵᠣ ᠬᠤᠪᠢᠰᠬᠠᠯ᠎ᠤᠨ ᠤᠯᠠᠮᠵᠢᠯᠠᠯ᠎ᠤᠨ ᠬᠦᠮᠦᠵᠢᠯ᠂ ᠰᠢᠨ᠎ᠡ ᠬᠠᠭᠤᠴᠢᠨ ᠨᠡᠶ᠋ᠢᠭᠡᠮ᠎ᠤᠨ ᠬᠠᠷᠢᠴᠠᠭᠤᠯᠣᠯ᠎ᠤᠨ ᠬᠦᠮᠦᠵᠢᠯ ᠬᠢᠭᠰᠡᠨ᠎ᠠᠴᠠ ᠭᠠᠳᠠᠨ᠎ᠠ ᠨᠠᠮ ᠵᠶ᠋ᠠᠨ ᠬᠦᠷᠢᠶᠡᠯᠡᠵᠦ᠂ ᠠᠷᠠᠳ ᠲᠦᠮᠡᠨ ᠵᠶ᠋ᠠᠨ ᠬᠠᠶ᠋ᠢᠷᠠᠯᠠᠭ᠍ᠣ᠂ ᠴᠡᠷᠢᠭ ᠵᠶ᠋ᠠᠨ ᠬᠦᠷᠢᠶᠡᠯᠡᠬᠦ ᠬᠦᠮᠦᠵᠢᠯ᠎ᠢ ᠦᠷᠭᠦᠯᠵᠢ ᠵᠢᠨ ᠴᠢᠨᠠᠷᠲᠠᠢ ᠬᠢᠳᠡᠭ ᠳᠣᠯᠠ ᠰᠣᠷᠭ᠋ᠠᠭᠤᠯᠢ᠂ ᠨᠡᠶ᠋ᠢᠭᠡᠮ᠂ ᠭᠡᠷ ᠪᠦᠯᠢ ᠵᠢᠨ ᠬᠦᠮᠦᠵᠢᠯ᠎ᠤᠨ ᠬᠠᠮᠳᠣᠷᠠᠯᠴᠠᠭ᠎ᠠ ᠵᠢ ᠠᠬᠢᠭᠤᠯᠵᠦ᠂ ᠰᠣᠷᠣᠭᠴᠢᠳ᠎ᠤᠨ ᠶᠣᠰᠣ ᠮᠣᠷᠠᠯ᠂ ᠬᠡᠪ ᠴᠢᠨᠠᠷ ᠦᠨᠳᠦᠷ ᠪᠠᠶ᠋ᠢᠵᠠᠢ᠃
     1975 ᠣᠨ᠎ᠠᠴᠠ ᠠ᠋ᠬᠢᠯᠡᠨ ᠵᠡᠭᠦᠨ ᠬᠤᠯᠤᠰᠤᠲᠠᠢ ᠰᠤᠷᠭ᠋ᠠᠭᠤᠯᠢ᠎ᠨᠢ ᠠᠩᠬ᠎ᠠ ᠳᠣᠮᠳᠠᠳᠣ ᠵᠢᠨ ᠠᠩᠭᠢ᠎ᠳᠤ᠎ᠪᠠᠨ ᠰᠤᠷᠤᠭᠴᠢ ᠠ᠋ᠯᠰᠡᠵᠦ᠂ 1978 ᠣᠨ ᠪᠣᠯᠲᠠᠯ᠎ᠠ ᠬᠤᠶᠠᠷ ᠠ᠋ᠭᠡᠯᠵᠢ ᠵᠢᠨ ᠰᠤᠷᠤᠭᠴᠢ ᠵᠢ   ᠲᠡᠭᠦᠰᠭᠡᠵᠡᠢ᠃ 1978 ᠣᠨ᠎ᠳᠤ ᠠᠩᠬ᠎ᠠ ᠳᠣᠮᠳᠠᠳᠣ ᠵᠢᠨ ᠰᠤᠷᠤᠭᠴᠢ᠎ᠪᠠᠨ ᠱᠧᠩᠯᠢ ᠳᠣᠮᠳᠠᠳᠣ ᠰᠣᠷᠭ᠋ᠠᠭᠤᠯᠢ᠎ᠳᠤ ᠰᠢᠯᠵᠢᠭᠦᠯᠵᠦ ᠵᠦᠪᠬᠡᠨ ᠪᠠᠭ᠎ᠠ ᠰᠤᠷᠭ᠋ᠠᠭᠤᠯᠢ ᠵᠢᠨ ᠲᠠᠪᠤᠨ ᠣᠨ ᠵᠶ᠋ᠠᠨ ᠦᠯᠡᠳᠡᠭᠡᠪᠡ᠃ ᠠ᠋ᠨᠡ ᠬᠤᠭᠤᠴᠠᠭ᠋ᠠᠨ᠎ᠳᠤ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ᠎ᠳᠤ ᠠᠵᠢᠯᠯᠠᠵᠣ ᠦᠩᠭᠡᠷᠡᠭᠰᠡᠨ ᠪᠠᠭᠰᠢ ᠨᠠᠷ᠎ᠢ ᠳᠤᠷᠠᠳᠪᠠᠯ᠄
      ᠷᠠᠰᠢᠳᠣᠷᠵᠢ (ᠰᠣᠷᠭ᠋ᠠᠭᠤᠯᠢ ᠵᠢᠨ ᠬᠠᠷᠢᠭᠤᠴᠠᠯᠭ᠋ᠠᠳᠠᠨ) (1965~1966) ᠣᠨ᠂ ᠭᠠᠨᠵᠣᠣᠷᠵᠠᠪ (1965~1978 ᠣᠨ)᠂ ᠮᠦᠩᠭᠦᠨᠲᠣᠶᠠᠭ᠎ᠠ (1968~1978 ᠣᠨ)᠂ ᠰᠢᠷᠡᠮᠦᠪᠣᠯᠣ (1967~1969 ᠣᠨ) (ᠪᠠᠶ᠋ᠢᠳᠣ ᠵᠢᠨ ᠠᠶ᠋ᠢᠯ ᠨᠣᠳᠤᠭ᠎ᠲᠠᠢ)᠂ ᠷᠢᠨᠴᠢᠨᠳᠣᠷᠵᠢ (ᠰᠣᠷᠭ᠋ᠠᠭᠤᠯᠢ ᠵᠢᠨ ᠬᠠᠷᠢᠭᠤᠴᠠᠯᠭ᠋ᠠᠳᠠᠨ) (1964~1972) ᠣᠨ᠂ ᠬᠤᠸᠠᠩ ᠯᠦᠩ ᠮᠧᠢ (1970~1971 ᠣᠨ)᠂ ᠰᠧᠪᠡᠯᠮ᠎ᠠ (1971~1972 ᠣᠨ)᠂ ᠨᠢᠮ᠎ᠠ (1970~1973 ᠣᠨ)᠂ ᠰᠡᠷᠭᠦᠯᠡᠩ (1971 ᠣᠨ)᠂ ᠴᠠᠭ᠋ᠠᠨᠪᠠᠷᠰ (1972 ᠣᠨ)᠂ ᠴᠣᠩᠬᠤᠷᠠ (ᠰᠣᠷᠭ᠋ᠠᠭᠤᠯᠢ ᠵᠢᠨ ᠬᠠᠷᠢᠭᠤᠴᠠᠯᠭ᠋ᠠᠳᠠᠨ) (1972~1975 ᠣᠨ)᠂ ᠮᠠ ᠪᠠᠲᠣ (1972~1973 ᠣᠨ) (ᠪᠠᠭ᠋ᠠᠪᠡᠷᠬᠡ ᠰᠣᠮᠣ ᠵᠢᠨ ᠨᠣᠳᠤᠭ᠎ᠲᠠᠢ)᠂ ᠷᠠᠰᠢ (ᠰᠣᠷᠭ᠋ᠠᠭᠤᠯᠢ ᠵᠢᠨ ᠬᠠᠷᠢᠭᠤᠴᠠᠯᠭ᠋ᠠᠳᠠᠨ) (1972~1976 ᠣᠨ) (1973 ᠣᠨ᠎ᠠᠴᠠ 1976 ᠣᠨ ᠪᠣᠯᠲᠠᠯ᠎ᠠ ᠴᠡᠷᠢᠭ᠎ᠤᠨ ᠠᠯᠪᠠ ᠲᠠᠭ᠋ᠠᠵᠤ᠂ 1976 ᠣᠨ᠎ᠤ 3 ᠰᠠᠷ᠎ᠠ᠎ᠠᠴᠠ ᠠ᠋ᠬᠢᠯᠡᠨ ᠪᠠᠭᠰᠢᠯᠠᠵᠤ᠂ ᠰᠤᠷᠭ᠋ᠠᠭᠤᠯᠢ ᠵᠢᠨ ᠬᠠᠷᠢᠭᠤᠴᠠᠯᠭ᠋ᠠᠲᠠᠨ ᠵᠶ᠋ᠠᠷ ᠠᠵᠢᠯᠯᠠᠪᠠ)᠂ ᠪᠣᠣ ᠢᠣᠢ (1972~1974) ᠦᠯᠵᠠᠶ᠋ᠢᠪᠣᠯᠠᠭ (1973~1974 ᠣᠨ) (ᠪᠠᠭ᠎ᠠ ᠲᠣᠵᠢᠪᠠᠢ ᠨᠣᠳᠤᠭ᠎ᠲᠠᠢ)᠂ ᠶᠧᠰᠢ (1974~1981 ᠣᠨ)᠂ ᠪᠦᠬᠡᠬᠡᠰᠢᠭ (1975 ᠣᠨ)᠂ ᠪᠣᠣ ᠵᠢᠨ ᠯᠢᠶᠠᠩ (1975~1983 ᠣᠨ)᠂ ᠵᠢᠮᠪᠠᠵᠠᠮᠰᠣ (1975 ᠣᠨ)᠂ ᠲᠣᠭᠲᠠᠭ᠍ᠣ (1976 ᠣᠨ)᠂ ᠯᠢᠶᠠᠩ ᠴᠢᠩ ᠯᠦᠩ (1976~1978 ᠣᠨ)᠂ ᠪᠦᠬᠡᠪᠠᠶᠠᠷ (ᠰᠣᠷᠭ᠋ᠠᠭᠤᠯᠢ ᠵᠢᠨ ᠬᠠᠷᠢᠭᠤᠴᠠᠯᠭ᠋ᠠᠳᠠᠨ) (1975~1977 ᠣᠨ)᠂ ᠪᠥᠬᠡ (1975~1977 ᠣᠨ)᠂ ᠮᠧᠳᠡᠭ (1975~1978 ᠣᠨ)᠂ ᠭᠧᠪᠡᠵᠠᠮᠰᠣ (1976 ᠣᠨ)᠂ ᠴᠠᠭᠳᠣᠷ (1976~1978 ᠣᠨ)᠂ ᠰᠢᠷᠠᠪᠠᠷᠰ (1976~1978 ᠣᠨ)᠂ ᠬᠤᠸᠠᠩ ᠵᠢᠮᠪᠠ (1977~1978 ᠣᠨ)᠂ ᠵᠠᠭᠤᠨᠠᠰᠣᠳᠣ (1976~1977 ᠣᠨ)᠂ ᠬᠦᠷᠡᠯᠵᠠᠭ᠋ᠠᠨ᠎ᠠ (ᠰᠣᠷᠭ᠋ᠠᠭᠤᠯᠢ ᠵᠢᠨ ᠬᠠᠷᠢᠭᠤᠴᠠᠯᠭ᠋ᠠᠳᠠᠨ) (1976~1978 ᠣᠨ)᠂ ᠴᠣᠩᠬᠤᠷᠠ (1978 ᠣᠨ)᠃
      ᠠ᠋ᠳᠡᠭᠡᠷ ᠪᠠᠭᠰᠢ ᠨᠠᠷ ᠣᠷᠤᠭ᠎ᠠ ᠪᠣᠰᠬᠠᠭ᠎ᠠ ᠤᠨ ᠵᠢᠯ᠎ᠤᠳ᠎ᠲᠤ ᠦᠨᠳᠦᠰᠦᠳᠡᠨ᠎ᠤ ᠰᠣᠷᠭ᠋ᠠᠨ ᠬᠦᠮᠦᠵᠢᠯ᠎ᠤᠨ ᠦᠢ᠍ᠯᠡᠰ᠎ᠤᠨ ᠲᠦᠯᠦᠭᠡ ᠣᠶᠣᠨ ᠵᠶ᠋ᠠᠨ ᠰᠢᠪᠬᠠᠨ ᠠᠵᠢᠯᠯᠠᠭᠰᠠᠨ ᠵᠶ᠋ᠠᠷ ᠣᠯᠣᠰ᠎ᠤᠨ ᠰᠢᠯᠭ᠋ᠠᠯᠳᠠ ᠵᠢᠨ ᠳᠦᠷᠢᠮ ᠳᠠᠬᠢᠨ ᠰᠡᠷᠭᠦᠭᠡᠭᠳᠡᠭᠰᠡᠨ᠎ᠤ ᠳᠠᠷᠠᠭ᠎ᠠ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ᠎ᠠᠴᠠ ᠮᠠᠰᠢ ᠤᠯᠠᠨ ᠤᠶᠤᠳᠠᠨ ᠰᠡᠭᠡᠭᠡᠳᠡᠳ ᠴᠤᠯᠭᠤᠷᠠᠨ ᠭᠠᠷᠤᠭᠰᠠᠨ ᠪᠠᠢ᠍ᠢ᠍ᠨ᠎ᠠ᠃ ᠦᠭᠡᠷᠡᠴᠢᠯᠡᠯᠲᠡ ᠬᠢᠵᠦ ᠴᠢᠯᠦᠭᠡᠲᠠᠢ ᠶᠠᠪᠣᠯᠴᠠᠬᠰᠠᠨ᠎ᠤ ᠳᠠᠷᠠᠭ᠎ᠠ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ᠎ᠨᠢ ᠳᠡᠭᠡᠳᠦ ᠱᠠᠳᠣᠨ᠎ᠤ ᠲᠣᠬᠢᠷᠠᠭᠤᠯᠭ᠎ᠠ᠎ᠪᠠᠷ ᠪᠠᠭᠰᠢ ᠵᠢᠨ ᠠ᠋ᠩᠨᠡᠭᠡ᠎ᠪᠠᠨ ᠰᠢᠯᠢᠳᠡᠭᠵᠢᠬᠦᠯᠦᠨ ᠰᠣᠷᠭ᠋ᠠᠭᠤᠯᠢ ᠠ᠋ᠷᠬᠢᠯᠡᠬᠦ ᠦᠵᠡᠯ ᠰᠠᠨᠠᠭ᠎ᠠ᠎ᠪᠠᠨ ᠣᠯᠣᠰ᠎ᠤᠨ ᠰᠣᠷᠭ᠋ᠠᠨ ᠬᠦᠮᠦᠵᠢᠯ᠎ᠤᠨ ᠴᠢᠭᠯᠡᠯᠳᠡ᠎ᠲᠠᠢ ᠨᠢᠭᠡᠳᠬᠡᠵᠦ ᠪᠢᠴᠢᠭ ᠵᠢᠭ᠋ᠠᠵᠦ ᠬᠦᠮᠦᠨ᠎ᠢ ᠬᠦᠮᠦᠵᠢᠭᠦᠯᠬᠦ ᠵᠠᠷᠴᠢᠮ᠎ᠢ ᠪᠠᠷᠢᠮᠳᠠᠯᠠᠨ᠂ 2005 ᠣᠨ᠎ᠳᠤ ᡁᠢ ᠠᠨ᠎ᠤ ᠮᠣᠩᠭᠤᠯ ᠪᠠᠭ᠎ᠠ ᠰᠣᠷᠭ᠋ᠠᠭᠤᠯᠢ᠎ᠲᠠᠢ ᠨᠡᠶ᠋ᠢᠯᠡᠬᠦ ᠪᠣᠯᠲᠠᠯ᠎ᠠ ᠠᠷᠭ᠎ᠠ ᠪᠦᠬᠦᠨ᠎ᠢ ᠰᠦᠪᠡᠭᠴᠢᠯᠡᠨ ᠰᠣᠷᠭ᠋ᠠᠭᠤᠯᠢ ᠵᠢᠨ ᠭᠡᠷ ᠪᠠᠷᠢᠯᠭ᠎ᠠ ᠵᠢ ᠬᠤᠶᠠᠷ ᠣᠳᠠᠭ᠎ᠠ ᠸᠠᠭ᠋ᠠᠷ ᠲᠣᠭᠤᠰᠬᠠᠨ ᠭᠡᠷ ᠵᠶ᠋ᠠᠷ ᠰᠢᠨᠡᠳᠭᠡᠨ ᠪᠠᠶ᠋ᠢᠭᠤᠯᠵᠣ᠂ ᠲᠣᠨᠤᠭ ᠲᠦᠬᠦᠭᠡᠷᠦᠮᠵᠢ᠎ᠪᠠᠨ ᠣᠯᠠᠨ ᠣᠳᠠᠭ᠎ᠠ ᠬᠠᠯᠠᠨ ᠰᠠᠶ᠋ᠢᠵᠢᠷᠠᠭᠤᠯᠣᠭ᠋ᠠᠳ ᠪᠦᠲᠦᠭᠡᠯᠴᠢ᠎ᠪᠠᠷ ᠠᠰᠢᠭᠯᠠᠭ᠍ᠣ ᠵᠢᠨ ᠬᠠᠮᠳᠣ ᠷᠠᠰᠢᠳᠣᠷᠵᠢ᠂ ᠪᠠᠯᠳᠠᠨ᠂ ᠭᠠᠨᠵᠣᠣᠷᠵᠠᠪ᠂ ᠮᠦᠩᠭᠦᠨᠲᠤᠶᠠᠭ᠎ᠠ᠂ ᠶᠧᠰᠢ᠂ ᠬᠦᠷᠡᠯᠳᠣᠭᠤ ᠵᠡᠷᠭᠡ ᠠᠬᠠᠮᠠᠳ ᠪᠠᠭᠰᠢ ᠨᠠᠷ᠎ᠤᠨ ᠣᠳᠠᠭ᠋ᠠᠨ ᠵᠢᠯ᠎ᠤᠨ ᠵᠢᠭ᠋ᠠᠨ ᠰᠤᠷᠭ᠋ᠠᠯᠳᠠ ᠲᠤᠮᠳᠠ ᠬᠤᠷᠠᠮᠳᠣᠭᠤᠯᠣᠭᠰᠠᠨ ᠲᠣᠷᠰᠢᠯᠭ᠎ᠠ᠎ᠪᠠᠨ ᠬᠠᠷᠠᠮ ᠦᠭᠡᠢ ᠳᠡᠯᠭᠡᠷᠡᠭᠦᠯᠦᠨ ᠣᠯᠠᠮᠵᠢᠯᠠᠳᠠᠭ ᠪᠠᠶ᠋ᠢᠭᠰᠠᠨ᠎ᠤ ᠣᠯᠠᠮ᠎ᠠᠴᠠ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ᠎ᠳᠤ ᠠᠵᠢᠯᠯᠠᠭᠰᠠᠨ ᠵᠠᠯᠠᠭᠤ ᠪᠠᠭᠰᠢ ᠨᠠᠷ ᠴᠦ᠍ ᠵᠢᠭ᠋ᠠᠨ ᠰᠣᠷᠭ᠋ᠠᠬᠤ ᠣᠷ᠎ᠠ ᠮᠡᠷᠭᠡᠰᠢᠯ ᠮᠠᠰᠢ ᠲᠦᠷᠭᠡᠨ ᠳᠡᠭᠡᠭᠰᠢᠯᠡᠵᠦ᠂ ᠰᠣᠷᠭ᠋ᠠᠭᠤᠯᠢ ᠵᠢᠨ ᠵᠢᠭ᠋ᠠᠨ ᠰᠣᠷᠭ᠋ᠠᠯᠲᠠ ᠵᠢᠨ ᠬᠢᠷᠢ ᠬᠡᠮᠵᠢᠶ᠎ᠡ ᠵᠢ ᠨᠡᠶ᠋ᠢᠳᠡᠮ᠎ᠤᠨ ᠴᠢᠨᠠᠷ᠎ᠲᠠᠢ ᠪᠠᠲᠣᠯᠠᠭᠰᠠᠭ᠋ᠠᠷ ᠢᠷᠡᠭᠰᠡᠨ ᠶᠣᠮ᠃ ᠣᠨᠴᠠᠭ᠋ᠠᠶ᠋ᠢᠯᠠᠨ ᠪᠠᠯᠳᠠᠨ ᠪᠠᠭᠰᠢ ᠵᠢᠨ ᠦᠪᠡᠷ᠎ᠤᠨ ᠬᠢᠨᠢ ᠰᠣᠳᠣᠯᠣᠨ ᠣᠷᠣᠯᠳᠣᠵᠣ ᠵᠢᠭ᠋ᠠᠨ ᠰᠣᠷᠭ᠋ᠠᠯᠳᠠ᠎ᠳᠤ᠎ᠪᠠᠨ ᠠᠰᠢᠭᠯᠠᠵᠣ ᠪᠠᠶ᠋ᠢᠭᠰᠠᠨ ᠵᠢᠭ᠋ᠠᠨ ᠰᠣᠷᠭ᠋ᠠᠬᠤ ᠠᠷᠭ᠎ᠠ᠎ᠨᠢ ᠬᠡᠳᠦᠶ᠋ᠢᠪᠡᠷ ᠨᠣᠮ ᠳᠡᠪᠲᠡᠷ᠎ᠤᠨ ᠬᠡᠯᠪᠡᠷᠢ᠎ᠪᠠᠷ ᠬᠡᠪᠯᠡᠭᠳᠡᠭᠰᠡᠨ ᠦᠭᠡᠢ ᠪᠣᠯᠪᠠᠴᠣ ᠪᠦᠬᠦ ᠣᠯᠣᠰ᠎ᠤᠨ ᠬᠤᠶᠠᠳᠣᠭ᠋ᠠᠷ ᠣᠳᠠᠭ᠋ᠠᠨ᠎ᠤ ᠵᠢᠭ᠋ᠠᠨ ᠰᠣᠷᠭ᠋ᠠᠯᠲᠠ ᠵᠢᠨ ᠦᠭᠡᠷᠡᠴᠢᠯᠡᠯᠲᠡ ᠵᠢᠨ ᠭᠤᠣᠯ ᠰᠡᠳᠦᠪ᠎ᠲᠠᠢ ᠲᠡᠷᠡ ᠬᠡᠪ ᠵᠶ᠋ᠠᠷ ᠵᠶ᠋ᠠᠨ ᠨᠡᠶ᠋ᠢᠴᠡᠵᠦ ᠪᠠᠶ᠋ᠢᠭᠰᠠᠨ᠎ᠨᠢ ᠭᠠᠶ᠋ᠢᠬᠠᠭᠤᠰᠢᠳᠠᠢ ᠪᠦᠭᠡᠳ ᠵᠠᠯᠠᠭᠤ ᠪᠠᠭᠰᠢ ᠨᠠᠷ᠎ᠲᠤ ᠵᠣᠷᠢᠭ᠎ᠲᠠᠢ᠎ᠪᠠᠷ ᠣᠯᠠᠮᠵᠢᠯᠠᠵᠣ ᠪᠠᠶ᠋ᠢᠭᠰᠠᠨ᠎ᠢ᠎ᠨᠢ ᠮᠠᠭᠳᠠᠭᠤᠰᠢᠳᠠᠢ᠃ ᠲᠡᠷᠡ ᠦᠷᠭᠦᠯᠵᠢ 《ᠪᠠᠭᠰᠢ ᠵᠢᠨ ᠵᠢᠭ᠋ᠠᠵᠣ ᠪᠠᠶ᠋ᠢᠬᠤ᠎ᠨᠢ ᠵᠢᠭ᠋ᠠᠬᠤ ᠦᠭᠡᠢ ᠵᠢᠨ ᠲᠦᠯᠦᠭᠡ ᠶᠣᠮ᠂ ᠪᠠᠭᠰᠢ ᠰᠣᠷᠣᠭᠴᠢ᠎ᠳᠤ ᠲᠦᠯᠬᠢᠭᠦᠷ ᠵᠢᠭ᠋ᠠᠳᠠᠭ》 ᠭᠡᠬᠦ ᠮᠡᠳᠦ ᠦᠭᠡ ᠶᠠᠷᠢᠶ᠎ᠠ᠎ᠪᠠᠷ ᠰᠣᠷᠣᠭᠴᠢᠳ᠎ᠲᠤ ᠰᠣᠷᠬᠤ ᠠᠷᠭ᠎ᠠ ᠵᠢᠨ ᠵᠢᠯᠤᠭᠤᠳᠤᠮᠵᠢ ᠬᠢᠭᠦ ᠪᠠ ᠰᠣᠷᠣᠯᠴᠠᠭ᠍ᠣ ᠣᠷᠮᠠᠰᠢᠯ᠎ᠢ᠎ᠨᠢ ᠲᠡᠭᠡᠭᠰᠢᠯᠡᠭᠦᠯᠭᠦ ᠵᠢᠨ ᠴᠢᠬᠤᠯᠠ ᠴᠢᠨᠠᠷ᠎ᠢ ᠬᠠᠮᠲᠣ ᠠᠵᠢᠯᠯᠠᠭᠰᠠᠳ᠎ᠲᠤ᠎ᠪᠠᠨ ᠣᠬᠠᠮᠰᠠᠷᠠᠭᠤᠯᠬᠤ ᠵᠢᠨ ᠲᠠᠭ᠋ᠠᠣ ᠪᠡᠶ᠎ᠡ᠎ᠪᠠᠷ ᠵᠶ᠋ᠠᠨ ᠵᠢᠯᠣᠭᠤᠳᠣᠨ ᠳᠠᠭ᠋ᠠᠭᠤᠯᠵᠣ ᠰᠣᠷᠭ᠋ᠠᠳᠠᠭ ᠪᠠᠶ᠋ᠢᠭᠰᠠᠨ᠎ᠠᠴᠠ ᠰᠢᠨ᠎ᠡ ᠬᠢᠴᠢᠶᠡᠯᠯᠡᠭᠡ ᠵᠢᠨ ᠦᠭᠡᠷᠡᠴᠢᠯᠡᠯᠲᠡ ᠵᠢ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠪᠠᠭᠰᠢ ᠨᠠᠷ ᠮᠠᠰᠢ ᠬᠢᠯᠪᠠᠷᠬᠠᠨ ᠭᠦᠯᠢᠶᠡᠵᠦ᠂ ᠰᠣᠷᠣᠭᠴᠢᠳ᠎ᠤᠨ ᠰᠣᠷᠣᠯᠭ᠎ᠠ ᠵᠢᠨ ᠬᠢᠷᠢ ᠬᠡᠮᠵᠢᠶ᠎ᠡ ᠶᠠᠪᠣᠬᠤ ᠳᠣᠲᠣᠮ ᠰᠠᠶ᠋ᠢᠵᠢᠷᠠᠭ᠍ᠣ ᠰᠢᠨ᠎ᠡ ᠠᠬᠢᠴᠠ᠎ᠲᠠᠢ ᠪᠣᠯᠵᠦ ᠴᠢᠳᠠᠭᠰᠠᠨ ᠪᠠᠶ᠋ᠢᠨ᠎ᠠ᠃
     1978~2005 ᠣᠨ ᠪᠣᠯᠲᠠᠯ᠎ᠠ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠪᠠᠭᠰᠢ ᠠᠵᠢᠯᠲᠡᠨ᠎ᠤ ᠠᠵᠢᠯᠯᠠᠭᠰᠠᠨ ᠪᠠᠶ᠋ᠢᠳᠠᠯ᠎ᠤᠨ ᠬᠤᠪᠢᠷᠠᠯᠲᠠ ᠵᠢ ᠣᠨ ᠳᠠᠷᠠᠭ᠋ᠠᠯᠠᠨ ᠵᠢᠭᠰᠠᠭ᠋ᠠᠪᠠᠯ᠄
     1977 ᠣᠨ᠎ᠠᠴᠠ 1978 ᠣᠨ᠎ᠤ ᠬᠤᠭᠤᠴᠠᠭ᠋ᠠᠨ᠎ᠳᠤ ᠶᠧᠰᠢ᠂ ᠮᠦᠩᠭᠦᠨᠲᠣᠶᠠᠭ᠎ᠠ᠂ ᠪᠠᠯᠳᠠᠨ᠂ ᠪᠣᠣ ᠵᠢᠨ ᠯᠢᠶᠠᠩ᠂ ᠦ᠋ ᠵᠢᠨ ᠱᠠᠨ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠶᠧᠰᠢ᠃
     1978 ᠣᠨ᠎ᠠᠴᠠ 1979 ᠣᠨ᠎ᠤ ᠬᠤᠭᠤᠴᠠᠭ᠋ᠠᠨ᠎ᠳᠤ ᠶᠧᠰᠢ᠂ ᠬᠦᠷᠡᠯᠳᠣᠭᠤ᠂ ᠪᠣᠣ ᠵᠢᠨ ᠯᠢᠶᠠᠩ᠂ ᠮᠦᠩᠭᠦᠨᠲᠣᠶᠠᠭ᠎ᠠ᠂ ᠦ᠋ ᠵᠢᠨ ᠱᠠᠨ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠶᠧᠰᠢ᠃
     1979 ᠣᠨ᠎ᠠᠴᠠ 1980 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂   ᠮᠦᠩᠭᠦᠨᠲᠣᠶᠠᠭ᠎ᠠ᠂ ᠪᠣᠣ ᠵᠢᠨ ᠯᠢᠶᠠᠩ᠂ ᠦ᠋ ᠵᠢᠨ ᠱᠠᠨ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠶᠧᠰᠢ᠃
     1980 ᠣᠨ᠎ᠠᠴᠠ 1981 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂   ᠮᠦᠩᠭᠦᠨᠲᠣᠶᠠᠭ᠎ᠠ᠂ ᠪᠣᠣ ᠵᠢᠨ ᠯᠢᠶᠠᠩ᠂ ᠦ᠋ ᠵᠢᠨ ᠱᠠᠨ᠂ ᠱᠣᠸᠠᠩ ᠯᠢᠶᠠᠩ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠷᠠᠰᠢᠳᠣᠷᠵᠢ᠃
     1981 ᠣᠨ᠎ᠠᠴᠠ 1982 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂ ᠪᠠᠯᠳᠠᠨ᠂ ᠪᠣᠣ ᠵᠢᠨ ᠯᠢᠶᠠᠩ᠂ ᠦ᠋ ᠵᠢᠨ ᠱᠠᠨ᠂ ᠵᠡᠷᠭᠡ ᠪᠠᠭᠰᠢ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ   ᠬᠠᠷᠢᠭᠤᠴᠠᠯᠭ᠋ᠠᠳᠠᠨ᠄ ᠬᠦᠷᠡᠯᠳᠣᠭᠤ᠃
     1982 ᠣᠨ᠎ᠠᠴᠠ 1983 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂ ᠪᠠᠯᠳᠠᠨ᠂ ᠪᠣᠣ ᠵᠢᠨ ᠯᠢᠶᠠᠩ᠂ ᠦ᠋ ᠵᠢᠨ ᠱᠠᠨ᠂ ᠬᠠᠷᠠᠪᠠᠷᠰ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠦᠷᠡᠯᠳᠣᠭᠤ᠃
     1983 ᠣᠨ᠎ᠠᠴᠠ 1984 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠦ᠋ ᠵᠢᠨ ᠱᠠᠨ᠂ ᠬᠠᠷᠠᠪᠠᠷᠰ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠤᠷᠭ᠋ᠠᠭᠤᠯᠢ ᠵᠢᠨ ᠬᠠᠷᠢᠭᠤᠴᠠᠯᠳᠠᠨ᠄ ᠭᠦᠷᠡᠯᠳᠤᠭᠤ᠃
     1984 ᠣᠨ᠎ᠠᠴᠠ 1985 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠦ᠋ ᠵᠢᠨ ᠱᠠᠨ᠂ ᠬᠠᠷᠠᠪᠠᠷᠰ᠂ ᠪᠣᠣ ᠮᠧᠢ ᠷᠦᠩ᠂ ᠼᠦᠢ ᠢᠣᠢ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠦᠷᠡᠯᠳᠣᠭᠤ᠃
     1985 ᠣᠨ᠎ᠠᠴᠠ 1986 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠦ᠋ ᠵᠢᠨ ᠱᠠᠨ᠂ ᠬᠠᠷᠠᠪᠠᠷᠰ᠂ ᠪᠣᠣ ᠮᠧᠢ ᠷᠦᠩ᠂ ᠵᠢᠨ ᠮᠠ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠦᠷᠡᠯᠳᠣᠭᠤ᠃
     1986 ᠣᠨ᠎ᠠᠴᠠ 1987 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠬᠠᠷᠠᠪᠠᠷᠰ᠂ ᠣᠳᠬᠤᠠᠭ᠍ᠣᠸᠠᠷ᠂ ᠵᠢᠨ ᠮᠠ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠦᠷᠡᠯᠳᠣᠭᠤ᠃
     1987 ᠣᠨ᠎ᠠᠴᠠ 1988 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠣᠳᠬᠤᠠᠭ᠍ᠣᠸᠠᠷ᠂ ᠳᠠᠯᠠᠢ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠦᠷᠡᠯᠳᠣᠭᠤ᠃
     1988 ᠣᠨ᠎ᠠᠴᠠ 1989 ᠣᠨ᠎ᠤ ᠬᠤᠭᠤᠴᠠᠭ᠋ᠠᠨ᠎ᠳᠤ ᠷᠠᠰᠢᠳᠣᠷᠵᠢ᠂ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠪᠣᠣ ᠵᠢᠨ ᠼᠠᠢ᠂ ᠳᠠᠯᠠᠢ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠦᠷᠡᠯᠳᠣᠭᠤ᠃
     1989 ᠣᠨ᠎ᠠᠴᠠ 1990 ᠣᠨ᠎ᠤ ᠬᠤᠭᠤᠴᠠᠭ᠋ᠠᠨ᠎ᠳᠤ᠂ ᠷᠠᠰᠢᠳᠣᠷᠵᠢ᠂ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠪᠣᠣ ᠵᠢᠨ ᠼᠠᠢ᠂ ᠳᠠᠯᠠᠢ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠦᠷᠡᠯᠳᠣᠭᠤ᠃
     1990 ᠣᠨ᠎ᠠᠴᠠ 1995 ᠣᠨ᠎ᠤ 9 ᠰᠠᠷ᠎ᠠ ᠪᠣᠯᠲᠠᠯᠠᠬᠢ ᠬᠤᠭᠤᠴᠠᠭ᠋ᠠᠨ᠎ᠳᠤ᠂ ᠷᠠᠰᠢᠳᠣᠷᠵᠢ᠂ ᠪᠠᠯᠳᠠᠨ᠂ ᠭᠠᠨᠵᠣᠣᠷᠵᠠᠪ᠂ ᠪᠣᠣ ᠵᠢᠨ ᠼᠠᠢ᠂ ᠳᠠᠯᠠᠢ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠭᠠᠨᠵᠣᠣᠷᠵᠠᠪ᠃
     1995 ᠣᠨ᠎ᠳᠤ ᠨᠠᠢ᠍ᠮᠠᠨ ᠬᠤᠰᠢᠭᠤᠨ᠎ᠤ ᠠᠷᠠᠳ᠎ᠤᠨ ᠶᠠᠪᠣᠳᠠᠯ᠎ᠤᠨ ᠲᠣᠪᠴᠢᠶ᠎ᠠ᠎ᠠᠴᠠ ᠵᠡᠬᠦᠨ ᠬᠤᠯᠣᠰᠣᠲᠠᠢ ᠭᠠᠴᠠᠭ᠎ᠠ᠎ᠲᠠᠢ ᠮᠠᠯ ᠠᠵᠣ ᠠᠬᠤᠢ ᠵᠢᠨ ᠬᠠᠮᠲᠣᠷᠠᠯᠴᠠᠭ᠎ᠠ ᠶᠠᠪᠣᠭᠤᠯᠵᠣ᠂ ᠵᠡᠭᠦᠨ ᠬᠤᠯᠣᠰᠣᠲᠠᠢ ᠭᠠᠴᠠᠭ᠎ᠠ ᠵᠢᠨ ᠨᠢᠭᠡ ᠬᠡᠰᠡᠭ ᠨᠣᠲᠤᠭ ᠪᠡᠯᠴᠢᠭᠡᠷ᠎ᠢ ᠡᠵᠡᠩᠨᠡᠭᠰᠡᠨ᠎ᠠᠴᠠ ᠵᠡᠭᠦᠨ ᠬᠤᠯᠣᠰᠣᠲᠠᠢ ᠭᠠᠴᠠᠭ᠎ᠠ ᠵᠢᠨ ᠰᠣᠷᠭ᠋ᠠᠭᠤᠯᠢ ᠵᠢᠨ ᠭᠡᠷ ᠪᠠᠷᠢᠯᠭ᠎ᠠ᠂ ᠲᠣᠨᠤᠭ ᠲᠦᠬᠦᠭᠡᠷᠦᠮᠵᠢ ᠵᠢ ᠪᠦᠬᠦ ᠲᠠᠯ᠎ᠠ᠎ᠪᠠᠷ ᠦᠭᠡᠷᠡᠴᠢᠯᠡᠨ ᠰᠢᠨᠡᠳᠭᠡᠵᠣ᠂ ᠪᠠᠭᠰᠢ ᠵᠢᠨ ᠠ᠋ᠩᠨᠡᠭᠡ᠎ᠳᠤ ᠴᠦ᠍ ᠶᠡᠭᠡ ᠲᠤᠬᠢᠷᠠᠭᠤᠯᠣᠯᠳᠠ ᠬᠢᠭᠰᠡᠨ ᠪᠠᠶ᠋ᠢᠨ᠎ᠠ᠃
     1995 ᠣᠨ᠎ᠠᠴᠠ 1996 ᠣᠨ᠎ᠤ ᠬᠤᠭᠤᠴᠠᠭ᠋ᠠᠨ᠎ᠳᠤ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠬᠠᠷᠠᠪᠠᠷᠰ᠂ ᠪᠣᠣ ᠮᠧᠢ ᠷᠦᠩ᠂ ᠶᠢᠩ ᠢᠣᠢ᠂ ᠳᠠᠯᠠᠢ᠂ ᠬᠠᠢ ᠮᠧᠢ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠠᠷᠠᠪᠠᠷᠰ᠃
     1996 ᠣᠨ᠎ᠠᠴᠠ 1997 ᠣᠨ᠎ᠤ ᠬᠤᠭᠤᠴᠠᠭ᠋ᠠᠨ᠎ᠳᠤ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠬᠠᠷᠠᠪᠠᠷᠰ᠂ ᠪᠣᠣ ᠮᠧᠢ ᠷᠦᠩ᠂ ᠶᠢᠩ ᠢᠣᠢ᠂ ᠳᠠᠯᠠᠢ᠂ ᠬᠠᠢ ᠮᠧᠢ᠂ ᠬᠦᠦᠶ᠋ᠢᠷ᠎ᠡ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠠᠷᠠᠪᠠᠷᠰ᠃
     1997 ᠣᠨ᠎ᠠᠴᠠ 1998 ᠣᠨ᠎ᠤ ᠬᠤᠭᠤᠴᠠᠭ᠋ᠠᠨ᠎ᠳᠤ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠬᠠᠷᠠᠪᠠᠷᠰ᠂ ᠪᠣᠣ ᠮᠧᠢ ᠷᠦᠩ᠂ ᠶᠢᠩ ᠢᠣᠢ᠂ ᠯᠢᠶᠠᠩ ᠱᠧᠩ᠂ ᠳᠠᠯᠠᠢ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠠᠷᠠᠪᠠᠷᠰ᠃
     1998 ᠣᠨ᠎ᠠᠴᠠ 1999 ᠣᠨ᠎ᠤ ᠬᠤᠭᠤᠴᠠᠭ᠋ᠠᠨ᠎ᠳᠤ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠬᠠᠷᠠᠪᠠᠷᠰ᠂ ᠪᠣᠣ ᠮᠧᠢ ᠷᠦᠩ᠂ ᠶᠢᠩ ᠢᠣᠢ᠂ ᠭᠦᠨᠢᠶᠠᠩ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠠᠷᠠᠪᠠᠷᠰ᠃
     1999 ᠣᠨ᠎ᠠᠴᠠ 2000 ᠣᠨ᠎ᠤ ᠬᠤᠭᠤᠴᠠᠭ᠋ᠠᠨ᠎ᠳᠤ ᠬᠦᠷᠡᠯᠳᠣᠭᠤ᠂ ᠪᠠᠯᠳᠠᠨ᠂ ᠭᠠᠨᠵᠣᠣᠷᠵᠠᠪ᠂ ᠬᠠᠷᠠᠪᠠᠷᠰ᠂ ᠪᠣᠣ ᠮᠧᠢ ᠷᠦᠩ᠂ ᠶᠢᠩ ᠢᠣᠢ᠂ ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠠᠷᠠᠪᠠᠷᠰ᠃
     2000 ᠣᠨ᠎ᠳᠤ ᠨᠠᠢ᠍ᠮᠠᠨ ᠬᠤᠰᠢᠭᠤ᠎ᠨᠢ ᠰᠤᠷᠭ᠋ᠠᠨ ᠬᠦᠮᠦᠵᠢᠯ᠎ᠤᠨ ᠶᠡᠭᠡ ᠦᠭᠡᠷᠡᠴᠢᠯᠡᠯᠲᠡ ᠶᠠᠪᠤᠭᠳᠠᠭᠤᠯᠵᠤ ᠣᠷᠤᠨ ᠨᠤᠲᠤᠭ᠎ᠤᠨ ᠪᠠᠭᠰᠢ ᠶᠡᠭᠡ᠎ᠪᠠᠷ ᠭᠠᠳᠠᠭᠰᠢ ᠰᠢᠯᠵᠢᠨ ᠭᠠᠳᠠᠨ᠎ᠠ᠎ᠠᠴᠠ ᠤᠯᠠᠨ ᠪᠠᠭᠰᠢ ᠵᠢ ᠰᠢᠯᠵᠢᠭᠦᠯᠦᠨ ᠤᠷᠤᠭᠤᠯᠵᠤ ᠰᠤᠷᠭ᠋ᠠᠭᠤᠯᠢ᠎ᠠᠴᠠ ᠪᠠᠭᠰᠢ ᠵᠢᠨ ᠪᠠᠶ᠋ᠢᠷᠢ ᠵᠢ ᠲᠣᠬᠢᠷᠠᠭᠤᠯᠪᠠ᠃
     2000 ᠣᠨ᠎ᠠᠴᠠ 2004 ᠣᠨ᠎ᠤ ᠬᠤᠭᠤᠴᠠᠭ᠋ᠠᠨ᠎ᠳᠤ ᠬᠠᠷᠠᠪᠠᠷᠰ᠂ ᠬᠦᠷᠡᠯᠳᠣᠭᠤ᠂ ᠰᠠᠷᠠᠨᠲᠣᠶᠠᠭ᠎ᠠ (ᠱᠧᠩᠯᠢ ᠨᠤᠲᠤᠭ᠎ᠲᠠᠢ)᠂ ᠦ᠋ ᠶᠠᠨ (ᠱᠧᠩᠯᠢ ᠨᠤᠲᠤᠭ᠎ᠲᠠᠢ)᠂ ᠣᠯᠠᠭ᠋ᠠᠨ (ᠵᠠᠷᠤᠳ ᠨᠤᠲᠤᠭ᠎ᠲᠠᠢ) ᠵᠡᠷᠭᠡ ᠪᠠᠭᠰᠢ ᠨᠠᠷ ᠬᠢᠴᠢᠶᠡᠯᠯᠡᠵᠣ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠬᠠᠷᠠᠪᠠᠷᠰ᠃
     2004 ᠣᠨ᠎ᠠᠴᠠ 2005 ᠣᠨ᠎ᠤ ᠬᠤᠭᠤᠴᠠᠭ᠋ᠠᠨ᠎ᠳᠤ ᠬᠠᠷᠠᠪᠠᠷᠰ᠂ ᠬᠦᠷᠡᠯᠳᠣᠭᠤ᠂ ᠰᠠᠶ᠋ᠢᠨᠴᠣᠭᠳᠣ᠂ ᠱᠣᠸᠠᠩ ᠬᠤᠣ᠂ ᠴᠧᠨ ᠶᠠ ᠰᠢᠣᠸᠠᠢ᠂ ᠪᠣᠣ ᠰᠢᠶᠠᠩ ᠹᠦ᠋ ᠵᠡᠷᠭᠡ ᠪᠠᠭᠰᠢ ᠨᠠᠷ ᠬᠢᠴᠢᠶᠡᠯᠯᠡᠵᠦ ᠪᠠᠶ᠋ᠢᠪᠠ᠃ ᠰᠣᠷᠭ᠋ᠠᠭᠤᠯᠢ ᠵᠢᠨ ᠬᠠᠷᠢᠭᠤᠴᠠᠯᠭ᠋ᠠᠳᠠᠨ᠄ ᠪᠣᠣ ᠰᠢᠶᠠᠩ ᠹᠦ᠋᠃
     2005 ᠣᠨ᠎ᠤ 9 ᠰᠠᠷ᠎ᠠ᠎ᠠᠴᠠ ᡁᠢ ᠠᠨ ᠪᠠᠯᠭ᠋ᠠᠰᠣᠨ᠎ᠤ ᠮᠣᠩᠭᠤᠯ ᠵᠶ᠋ᠠᠷ ᠬᠢᠴᠢᠶᠡᠯᠯᠡᠵᠦ ᠪᠠᠶ᠋ᠢᠭᠰᠠᠨ ᠪᠠᠭ᠎ᠠ ᠰᠣᠷᠭ᠋ᠠᠭᠤᠯᠢ᠎ᠨᠤᠭᠤᠳ᠎ᠢ ᠪᠦᠬᠦᠨ᠎ᠢ ᠣᠣᠯ᠎ᠤᠨ ᠨᠠᠢ᠍ᠮᠠᠨ ᠬᠤᠰᠢᠭᠤᠨ᠎ᠤ ᠱᠧᠩᠯᠢ ᠮᠣᠩᠭᠤᠯ ᠳᠣᠮᠳᠠᠳᠣ ᠰᠣᠷᠭ᠋ᠠᠭᠤᠯᠢ ᠵᠢᠨ ᠪᠠᠭᠤᠷᠢ ᠳᠡᠭᠡᠷ᠎ᠡ ᠰᠢᠨ᠎ᠡ᠎ᠪᠠᠷ ᠰᠣᠷᠭ᠋ᠠᠭᠤᠯᠢ ᠪᠠᠶ᠋ᠢᠭᠤᠯᠵᠣ ᠨᠡᠶ᠋ᠢᠯᠡᠭᠦᠯᠦᠨ ᠠᠪᠠᠴᠢᠭ᠋ᠠᠳ 《ᡁᠢ ᠠᠨ ᠮᠣᠩᠭᠤᠯ ᠪᠠᠭ᠎ᠠ ᠰᠣᠷᠭ᠋ᠠᠭᠤᠯᠢ》 ᠭᠡᠵᠣ ᠨᠡᠷᠡᠶ᠋ᠢᠳᠪᠡ᠃ ᠢᠩᠬᠢᠭᠡᠳ ᠵᠡᠭᠦᠨ ᠬᠤᠯᠣᠰᠣᠳᠠᠢ ᠪᠠᠭ᠎ᠠ ᠰᠣᠷᠭ᠋ᠠᠭᠤᠯᠢ ᠵᠢᠷᠠᠨ ᠵᠢᠯ᠎ᠤᠨ ᠣᠢ᠎ᠳᠤ᠎ᠪᠠᠨ ᠲᠤᠯᠵᠤ ᠲᠡᠦᠬᠡᠳᠣ ᠢᠷᠠᠭᠤ ᠠᠯᠳᠠᠷᠳᠣ ᠠ᠋ᠬᠦᠷᠭᠡ᠎ᠪᠠᠨ ᠪᠠᠶᠠᠯᠠᠭᠦᠯᠵᠦ᠂ ᠨᠣᠳᠤᠭ ᠣᠰᠣᠨ᠎ᠤ᠎ᠪᠠᠨ ᠦᠶ ᠣᠯᠠᠨ ᠪᠠᠭ᠋ᠠᠴᠣᠳ᠎ᠢ ᠭᠠᠷ᠎ᠢ᠎ᠨᠢ ᠭᠠᠨᠵᠤᠭ᠋ᠠᠨ᠎ᠳᠤ ᠬᠦᠯ᠎ᠢ᠎ᠨᠢ ᠳᠦᠷᠦᠭᠡᠨ᠎ᠳᠤ ᠬᠦᠷᠭᠡᠵᠣ ᠪᠠᠶ᠋ᠢᠭᠰᠠᠨ ᠰᠣᠶᠣᠯ ᠭᠡᠭᠡᠷᠡᠯ᠎ᠤᠨ ᠦᠯᠦᠭᠡᠢ ᠮᠢᠨᠢ ᠲᠡᠦᠬᠡ ᠪᠣᠯᠤᠨ ᠬᠤᠴᠤᠷᠴᠠᠢ᠃ ᠠ᠋ᠨᠡ ᠬᠦ᠌ ᠵᠢᠷᠠᠨ ᠵᠢᠯ᠎ᠤᠨ ᠲᠡᠦᠬᠡᠨ ᠬᠤᠭᠤᠴᠠᠭ᠋ᠠᠨ᠎ᠳᠤ ᠨᠡᠶ᠋ᠢᠲᠡ 800 ᠭᠠᠷᠤᠢ ᠰᠤᠷᠤᠭᠴᠢ ᠵᠢ ᠬᠦᠮᠦᠵᠢᠭᠦᠯᠦᠭᠰᠡᠨ᠎ᠤ ᠳᠣᠲᠣᠷ᠎ᠠ᠎ᠠᠴᠠ 147 ᠨᠡᠷᠡᠰ ᠰᠤᠷᠤᠭᠴᠢ᠎ᠨᠢ ᠤᠯᠤᠰ᠎ᠤᠨ ᠨᠢᠭᠡᠳᠦᠯᠲᠠᠢ ᠰᠢᠯᠭ᠋ᠠᠯᠲᠠ᠎ᠪᠠᠷ ᠳᠠᠮᠵᠢᠨ ᠪᠦᠬᠦᠯᠢ ᠠ᠋ᠳᠦᠷ᠎ᠤᠨ ᠳᠦᠷᠢᠮᠲᠦ ᠶᠡᠭᠡ ᠳᠡᠭᠡᠳᠦ ᠰᠤᠷᠭ᠋ᠠᠭᠤᠯᠢ ᠪᠠ ᠳᠤᠮᠳᠠ ᠵᠡᠷᠭᠡ ᠵᠢᠨ ᠲᠤᠰᠬᠠᠢ ᠮᠡᠷᠭᠡᠵᠢᠯ᠎ᠤᠨ ᠰᠤᠷᠭ᠋ᠠᠭᠤᠯᠢ ᠲᠡᠬᠦᠰᠬᠡᠵᠦ᠂ 72 ᠨᠡᠷᠡᠰ ᠰᠤᠷᠤᠯᠭ᠋ᠠᠲᠠᠨ᠎ᠨᠢ ᠴᠡᠷᠢᠭ᠎ᠠᠴᠠ ᠬᠠᠯᠠᠭᠳᠠᠨ ᠠᠵᠢᠯ ᠬᠤᠪᠢᠶᠠᠭᠳᠠᠭᠰᠠᠨ ᠪᠣᠶᠤ ᠪᠣᠰᠤᠳ ᠠᠷᠭ᠎ᠠ ᠵᠠᠮ ᠵᠶ᠋ᠠᠷ ᠤᠯᠤᠰ᠎ᠤᠨ ᠠᠯᠪᠠᠨ ᠠᠵᠢᠯ ᠪᠣᠶᠤ ᠠᠵᠢᠯ ᠦᠢ᠍ᠯᠡᠰ᠎ᠤᠨ ᠨᠢᠭᠡᠴᠢ᠎ᠪᠠᠷ ᠠᠵᠢᠯ ᠬᠤᠪᠢᠳᠠᠨ᠂ ᠨᠡᠶ᠋ᠢᠲᠡ 219 ᠨᠡᠷᠡᠰ ᠰᠤᠷᠤᠯᠭ᠋ᠠᠲᠠᠨ ᠤᠯᠤᠰ ᠪᠠ ᠣᠷᠣᠨ᠎ᠤ ᠡᠯ᠎ᠡ ᠭᠠᠵᠠᠷ ᠵᠶ᠋ᠠᠷ ᠠᠯᠪᠠᠨ ᠠᠵᠢᠯ᠎ᠳᠤ ᠣᠷᠤᠯᠴᠠᠭᠰᠠᠨ ᠪᠠᠶ᠋ᠢᠨ᠎ᠠ᠃
      ᠰᠢᠯᠭ᠋ᠠᠯᠳᠠ ᠵᠢᠨ ᠲᠦᠷᠢᠮ ᠰᠡᠷᠬᠦᠭᠡᠭᠳᠡᠭᠰᠡᠨ ᠪᠠ ᠦᠭᠡᠷᠡᠴᠢᠯᠡᠯᠳᠡ ᠬᠢᠵᠦ ᠴᠢᠯᠦᠭᠡᠲᠠᠢ ᠶᠠᠪᠣᠯᠴᠠᠭ᠍ᠣ ᠲᠦᠷᠦ ᠵᠢᠨ ᠪᠣᠳᠣᠯᠭ᠎ᠠ ᠬᠡᠷᠡᠭᠵᠢᠬᠦᠯᠦᠭᠰᠡᠨ᠎ᠤ ᠰᠡᠭᠦᠯᠡᠷ 2005 ᠣᠨ ᠪᠣᠯᠲᠠᠯᠠᠬᠢ ᠭᠤᠴᠢ ᠭᠠᠷᠣᠢ ᠵᠢᠯ᠎ᠤᠨ ᠬᠤᠭᠤᠴᠠᠭ᠋ᠠᠨ᠎ᠳᠤ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠠ᠋ᠭᠦᠳᠡᠨ ᠪᠣᠱ᠌ᠤᠭ᠎ᠠ ᠵᠢ ᠳᠠᠮᠵᠢᠭᠰᠠᠨ 600 ᠭᠠᠷᠣᠢ ᠰᠣᠷᠣᠯᠭ᠋ᠠᠲᠡᠳ᠎ᠠᠴᠠ 132 ᠨᠡᠷᠡᠰ ᠰᠤᠷᠤᠯᠭ᠋ᠠᠲᠠᠨ ᠶᠡᠭᠡ ᠳᠡᠭᠡᠳᠦ ᠰᠤᠷᠭ᠋ᠠᠭᠤᠯᠢ ᠪᠠ ᠳᠣᠮᠳᠠ ᠵᠡᠷᠭᠡ ᠵᠢᠨ ᠲᠤᠰᠬᠠᠢ ᠮᠡᠷᠭᠡᠵᠢᠯ᠎ᠤᠨ ᠰᠤᠷᠭ᠋ᠠᠭᠤᠯᠢ ᠲᠡᠬᠦᠰᠬᠡᠵᠦ᠂ 64 ᠨᠡᠷᠡᠰ ᠰᠤᠷᠤᠬ᠍ᠴᠢ ᠴᠡᠷᠢᠭ᠎ᠠᠴᠠ ᠬᠠᠯᠠᠭᠳᠠᠭᠰᠠᠨ ᠪᠤᠶᠤ ᠪᠣᠰᠤᠳ ᠵᠦᠢ᠍ᠯ᠎ᠤᠨ ᠵᠠᠮ ᠵᠶ᠋ᠠᠷ ᠣᠯᠣᠰ᠎ᠤᠨ ᠠᠯᠪᠠᠨ ᠪᠠᠶ᠋ᠢᠭᠤᠯᠣᠯᠭ᠎ᠠ ᠵᠢᠴᠢ ᠠᠵᠢᠯ ᠦᠢ᠍ᠯᠡᠰ᠎ᠤᠨ ᠨᠢᠭᠡᠴᠢ᠎ᠪᠠᠷ ᠠᠵᠢᠯ ᠬᠤᠪᠢᠳᠠᠨ᠂ ᠨᠡᠶ᠋ᠢᠲᠡ 196 ᠨᠡᠷᠡᠰ ᠰᠤᠷᠤᠭᠴᠢ ᠣᠯᠣᠰ ᠪᠠ ᠣᠷᠣᠨ᠎ᠤ ᠡᠯ᠎ᠡ ᠭᠠᠵᠠᠷ ᠵᠶ᠋ᠠᠷ ᠲᠦᠭᠡᠨ ᠲᠠᠷᠬᠠᠵᠣ᠂ ᠣᠯᠣᠰ ᠣᠷᠣᠨ᠎ᠤ ᠠᠵᠣ ᠠᠬᠤᠢ ᠰᠣᠶᠣᠯ᠎ᠤᠨ ᠪᠠᠶ᠋ᠢᠭᠤᠯᠣᠯᠲᠠ ᠬᠢᠭᠡᠳ ᠨᠡᠶ᠋ᠢᠭᠡᠮ᠎ᠤᠨ ᠬᠦᠭᠵᠢᠯᠲᠡ᠎ᠳᠤ ᠣᠶᠣᠨ ᠣᠬᠠᠭ᠋ᠠᠨ᠂ ᠬᠦᠴᠦᠨ ᠴᠢᠳᠠᠯ ᠵᠶ᠋ᠠᠨ ᠠ᠋ᠷᠭᠦᠭᠰᠡᠨ ᠶᠣᠮ᠃ ᠠ᠋ᠳᠡᠭᠡᠷ ᠴᠢᠳᠠᠪᠣᠷᠢᠲᠡᠳ᠎ᠤᠨ ᠳᠣᠲᠣᠷ᠎ᠠ᠎ᠠᠴᠠ ᠣᠨᠴᠠᠭ᠋ᠠᠢ ᠬᠡᠳᠦ ᠵᠢ ᠳᠣᠷᠠᠳᠪᠠᠯ᠄
      ᠳᠠᠮᠪᠠᠷᠠᠪᠵᠠᠢ᠂ 1957 ᠣᠨ᠎ᠳᠤ ᠲᠦᠷᠦᠪᠡ᠂ ᠳᠤᠮᠳᠠᠳᠤ ᠤᠯᠤᠰ᠎ᠤᠨ ᠡᠪ ᠬᠠᠮᠳᠣ ᠨᠠᠮ᠎ᠤᠨ ᠭᠡᠰᠢᠭᠦᠨ᠃ 1982 ᠣᠨ᠎ᠳᠤ ᠦᠪᠦᠷ ᠮᠣᠩᠭᠤᠯ᠎ᠤᠨ ᠦᠨᠳᠦᠰᠦᠲᠡᠨ᠎ᠤ ᠳᠡᠭᠡᠳᠦ ᠰᠤᠷᠭ᠋ᠠᠭᠤᠯᠢ ᠵᠢᠨ ᠮᠣᠩᠭᠤᠯ ᠬᠡᠯᠡ ᠤᠳᠬ᠎ᠠ ᠵᠣᠬᠢᠶᠠᠯ᠎ᠤᠨ ᠰᠠᠯᠪᠤᠷᠢ ᠵᠢᠨ ᠵᠢᠩᠬᠢᠨᠢ ᠠᠩᠭᠢ᠎ᠠᠴᠠ ᠲᠡᠭᠦᠰᠭᠡᠪᠡ᠃ ᠰᠤᠷᠭ᠋ᠠᠭᠤᠯᠢ᠎ᠪᠠᠨ ᠲᠡᠭᠦᠰᠦᠭᠰᠡᠨ᠎ᠤ ᠳᠠᠷᠠᠭ᠎ᠠ ᠨᠠᠢ᠍ᠮᠠᠨ ᠬᠤᠰᠢᠭᠤᠨ᠎ᠤ ᠮᠣᠩᠭᠤᠯ ᠳᠤᠮᠳᠠᠳᠤ ᠰᠤᠷᠭ᠋ᠠᠭᠤᠯᠢ᠂ ᠵᠢᠷᠢᠮ᠎ᠤᠨ ᠪᠠᠭᠰᠢ ᠵᠢᠨ ᠰᠤᠷᠭ᠋ᠠᠭᠤᠯᠢ᠎ᠳᠤ ᠮᠣᠩᠭᠤᠯ ᠬᠡᠯᠡᠨ᠎ᠤ ᠪᠠᠭᠰᠢ᠎ᠪᠠᠷ ᠤᠳᠠᠭ᠋ᠠᠨ ᠵᠢᠯ ᠠᠵᠢᠯᠯᠠᠪᠠ᠃ ᠵᠢᠷᠢᠮ᠎ᠤᠨ ᠪᠠᠭᠰᠢ ᠵᠢᠨ ᠰᠤᠷᠭ᠋ᠠᠭᠤᠯᠢ᠎ᠨᠢ ᠲᠦᠩᠯᠢᠶᠣᠣ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ ᠪᠤᠯᠤᠭᠰᠠᠨ᠎ᠤ ᠳᠠᠷᠠᠭ᠎ᠠ ᠲᠡᠷᠡ ᠲᠦᠩᠯᠢᠶᠣᠣ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠳᠤ ᠮᠣᠩᠭᠤᠯ ᠬᠡᠯᠡᠨ᠎ᠤ ᠫᠷᠣᠹᠸᠰᠰᠣᠷ ᠵᠶ᠋ᠠᠷ ᠣᠷᠢᠭᠳᠠᠨ ᠠᠵᠢᠯᠯᠠᠵᠤ᠂ ᠠᠵᠢᠯ᠎ᠤᠨ ᠠᠮᠠᠷᠠᠯᠲᠠ᠎ᠪᠠᠨ ᠠᠪᠤᠭᠰᠠᠨ ᠶᠤᠮ᠃ ᠲᠡᠷᠡ ᠬᠢᠴᠢᠶᠡᠯ ᠬᠦᠮᠦᠵᠢᠯ᠎ᠤᠨ ᠠᠵᠢᠯ᠎ᠳᠤ ᠮᠡᠷᠭᠡᠵᠢᠭᠰᠡᠨ ᠨᠡᠷᠡᠲᠦ ᠪᠠᠭᠰᠢ ᠪᠦᠭᠡᠳ ᠬᠢᠲᠠᠳ ᠮᠣᠩᠭᠤᠯ ᠬᠡᠯᠡᠨ᠎ᠤ ᠣᠷᠴᠢᠭᠤᠯᠭ᠎ᠠ᠎ᠳᠤ ᠴᠠᠭ᠋ᠠᠷᠠᠭᠰᠠᠨ ᠠ᠋ᠷᠳᠠᠮᠳᠠᠨ ᠪᠣᠯᠣᠨ᠎ᠠ᠃
      ᠬᠦᠷᠡᠯᠪᠠᠭ᠋ᠠᠳᠣᠷ᠂ 1957 ᠣᠨ᠎ᠳᠤ ᠲᠦᠷᠦᠪᠡ᠂ ᠳ᠋ᠣᠺᠲ᠋ᠣᠷ ᠴᠣᠯᠠ᠎ᠲᠠᠢ᠃ 1983 ᠣᠨ᠎ᠳᠤ ᠦᠪᠦᠷ ᠮᠣᠩᠭᠤᠯ᠎ᠤᠨ ᠶᠡᠭᠡ ᠰᠤᠷᠭ᠋ᠠᠭᠤᠯᠢ ᠵᠢᠨ ᠮᠣᠩᠭᠤᠯ ᠬᠡᠯᠡ ᠤᠳᠬ᠎ᠠ ᠵᠣᠬᠢᠶᠠᠯ᠎ᠤᠨ ᠰᠠᠯᠪᠤᠷᠢ ᠵᠢᠨ ᠵᠢᠨᠭᠬᠢᠨᠢ ᠠᠨᠭ᠌ᠬᠢ᠎ᠠᠴᠠ ᠲᠡᠭᠦᠰᠴᠤ᠂ 1987 ᠣᠨ᠎ᠳᠤ ᠦᠪᠦᠷ ᠮᠣᠩᠭᠤᠯ᠎ᠤᠨ ᠪᠠᠭᠰᠢ ᠵᠢᠨ ᠶᠡᠭᠡ ᠰᠤᠷᠭ᠋ᠠᠭᠤᠯᠢ ᠵᠢᠨ ᠮᠣᠩᠭᠤᠯ ᠬᠡᠯᠡ ᠤᠳᠬ᠎ᠠ ᠵᠣᠬᠢᠶᠠᠯ᠎ᠤᠨ ᠰᠠᠯᠪᠣᠷᠢ᠎ᠠᠴᠠ ᠰᠤᠳᠤᠯᠬᠤ ᠰᠤᠷᠤᠭᠴᠢ ᠵᠢᠨ ᠰᠤᠷᠤᠯᠴᠠᠯᠭ᠎ᠠ᠎ᠪᠠᠨ ᠲᠡᠭᠦᠰᠭᠡᠵᠦ ᠮᠠᠰᠲᠸᠷ ᠴᠣᠯᠠ ᠬᠠᠮᠠᠭ᠋ᠠᠯᠠᠨ᠂ ᠰᠤᠷᠭ᠋ᠠᠭᠤᠯᠢ ᠵᠢᠨ ᠵᠶ᠋ᠠᠨ ᠮᠣᠩᠭᠤᠯ ᠬᠡᠯᠡ ᠤᠳᠬ᠎ᠠ ᠵᠣᠬᠢᠶᠠᠯ᠎ᠤᠨ ᠰᠠᠯᠪᠤᠷᠢ᠎ᠳᠤ ᠦᠯᠡᠳᠡᠨ ᠠᠵᠢᠯᠯᠠᠪᠠ᠃ ᠲᠠᠷᠠᠭ᠎ᠠ᠎ᠨᠢ ᠠᠩᠭ᠍ᠯᠢ ᠵᠢᠨ ᠼᠠᠮᠪᠷᠢᠳᠭ᠌ᠸ ᠶᠡᠭᠡ ᠰᠣᠷᠭ᠋ᠠᠭᠤᠯᠢ᠎ᠳᠤ ᠰᠤᠷᠤᠯᠴᠠᠵᠤ᠂ ᠳ᠋ᠣᠺᠲ᠋ᠣᠷ ᠴᠣᠯᠠ ᠬᠠᠮᠠᠭ᠋ᠠᠯᠠᠵᠠᠢ᠃ ᠬᠤᠵᠢᠮ᠎ᠨᠢ ᠼᠠᠮᠪᠷᠢᠳᠭ᠌ᠸ ᠶᠡᠭᠡ ᠰᠣᠷᠭ᠋ᠠᠭᠤᠯᠢ᠎ᠳᠤ᠎ᠪᠠᠨ ᠦᠯᠡᠳᠡᠵᠦ ᠪᠠᠭᠰᠢᠯᠠᠨ᠂ ᠲᠡᠨᠳᠡ ᠨᠣᠳᠣᠭᠰᠢᠪᠠ᠃
      ᠨᠠᠰᠤᠠᠥ᠌ᠯᠵᠡᠢ᠂ 1959 ᠣᠨ᠎ᠳᠤ ᠲᠦᠷᠦᠪᠡ᠂ ᠳᠤᠮᠳᠠᠳᠤ ᠰᠤᠷᠭ᠋ᠠᠭᠤᠯᠢ ᠵᠢᠨ ᠦᠨᠳᠦᠷ ᠳᠡᠰ᠎ᠤᠨ ᠪᠠᠭᠰᠢ᠃ 1979 ᠣᠨ᠎ᠤ 9 ᠰᠠᠷ᠎ᠠ᠎ᠳᠤ ᠦᠪᠦᠷ ᠮᠣᠩᠭᠤᠯ᠎ᠤᠨ ᠪᠠᠭᠰᠢ ᠵᠢᠨ ᠶᠡᠭᠡ ᠰᠤᠷᠭ᠋ᠠᠭᠤᠯᠢ ᠵᠢᠨ ᠲᠡᠦᠬᠡ ᠵᠢᠨ ᠰᠠᠯᠪᠤᠷᠢ᠎ᠳᠤ ᠰᠢᠯᠭ᠋ᠠᠨ ᠣᠷᠤᠵᠤ᠂ 1983 ᠣᠨ᠎ᠤ 7 ᠰᠠᠷ᠎ᠠ᠎ᠳᠤ ᠲᠡᠭᠦᠰᠪᠡ᠃ 1983 ᠣᠨ᠎ᠤ 9 ᠰᠠᠷ᠎ᠠ᠎ᠠᠴᠠ ᠲᠦᠩᠯᠢᠶᠣᠣ ᠮᠣᠩᠭᠤᠯ ᠳᠤᠮᠳᠠᠳᠤ ᠰᠤᠷᠭ᠋ᠠᠭᠤᠯᠢ᠎ᠳᠤ ᠠᠵᠢᠯ᠎ᠤᠨ ᠬᠤᠪᠢᠶᠠᠷᠢ ᠠᠪᠴᠣ ᠦᠨᠳᠦᠷ ᠳᠤᠮᠳᠠᠳᠤ ᠵᠢᠨ ᠲᠡᠦᠬᠡ ᠵᠢᠨ ᠬᠢᠴᠢᠶᠡᠯ ᠵᠢᠭ᠋ᠠᠵᠤ ᠣᠳᠤ ᠪᠣᠯᠲᠠᠯ᠎ᠠ ᠠᠵᠢᠯᠯᠠᠵᠤ ᠪᠤᠢ᠃ ᠲᠡᠷᠡ ᠤᠳᠠᠭ᠋ᠠᠨ ᠵᠢᠯ ᠵᠢᠭ᠋ᠠᠨ ᠰᠤᠷᠭ᠋ᠠᠯᠲᠠ ᠵᠢᠨ ᠨᠢᠭᠡᠳᠦᠭᠡᠷ ᠹᠷᠣᠨᠲ᠎ᠲᠤ ᠠᠵᠢᠯᠯᠠᠵᠤ ᠦᠢ ᠣᠯᠠᠨ ᠣᠶᠤᠲᠠᠨ᠎ᠢ ᠬᠦᠮᠦᠵᠢᠭᠦᠯᠬᠦ ᠶᠠᠪᠤᠴᠠ᠎ᠳᠤ᠎ᠪᠠᠨ ᠰᠤᠷᠤᠭᠴᠢᠳ᠎ᠤᠨ ᠲᠡᠦᠬᠡ ᠵᠢᠨ ᠬᠢᠴᠢᠶᠡᠯ᠎ᠤᠨ ᠰᠤᠷᠤᠯᠴᠠᠯᠭ᠎ᠠ ᠵᠢᠨ ᠳᠠᠷᠤᠭ᠋ᠠᠰᠤ ᠵᠢ ᠬᠦᠩᠭᠡᠯᠡᠵᠦ ᠰᠤᠷᠤᠯᠴᠠᠯᠭ᠎ᠠ ᠵᠢᠨ ᠦᠷ᠎ᠡ ᠠᠰᠢᠭ᠎ᠢ ᠳᠡᠭᠡᠭᠰᠢᠯᠡᠭᠦᠯᠬᠦ ᠠᠷᠭ᠎ᠠ ᠵᠠᠮ᠎ᠢ ᠬᠠᠶ᠋ᠢᠨ ᠰᠦᠪᠡᠭᠴᠢᠯᠡᠵᠦ ᠦᠢ᠍ᠯᠡᠳᠦᠯᠭᠡᠵᠢᠭᠦᠯᠳᠡᠭ ᠪᠦᠭᠡᠳ ᠬᠢᠴᠢᠶᠡᠯ ᠵᠢᠭ᠋ᠠᠬᠤ ᠤᠷ᠎ᠠ ᠮᠡᠷᠭᠡᠰᠢᠯ᠎ᠨᠢ ᠤᠯᠠᠨ ᠠ᠋ᠰᠢ᠎ᠲᠠᠢ᠂ ᠣᠯᠠᠩᠬᠢ ᠰᠤᠷᠤᠭᠴᠢ ᠵᠢᠨ ᠬᠦᠯᠢᠶᠡᠨ ᠠᠪᠬᠤ ᠴᠢᠳᠠᠪᠤᠷᠢ᠎ᠳᠤ ᠲᠣᠬᠢᠷᠠᠳᠠᠭ ᠲᠤᠯᠠ ᠲᠡᠭᠦᠨ᠎ᠤ ᠵᠢᠭ᠋ᠠᠭᠰᠠᠨ ᠠᠩᠭᠢ ᠵᠢᠨ ᠲᠡᠦᠬᠡ ᠵᠢᠨ ᠬᠢᠴᠢᠶᠡᠯ᠎ᠨᠢ ᠣᠨ ᠳᠠᠷᠠᠭ᠋ᠠᠯᠠᠨ ᠰᠢᠯᠢᠳᠡᠭ ᠬᠢᠷᠢ ᠪᠦᠲᠦᠮᠵᠢ ᠣᠯᠳᠠᠭ ᠪᠠᠶ᠋ᠢᠪᠠ᠃ ᠣᠨᠴᠠᠭ᠋ᠠᠶ᠋ᠢᠯᠠᠨ ᠳᠤᠷᠠᠳᠤᠭᠤᠰᠢᠲᠠᠢ᠎ᠨᠢ ᠲᠡᠭᠦᠨ᠎ᠤ ᠵᠢᠭ᠋ᠠᠭᠰᠠᠨ ᠠᠩᠭᠢ᠎ᠠᠴᠠ ᠲᠡᠭᠦᠰᠦᠭᠰᠡᠨ ᠣᠶᠤᠲᠠᠨ ᠰᠤᠷᠤᠭᠴᠢ ᠵᠢᠴᠢ ᠠᠵᠢᠯ᠎ᠤᠨ ᠪᠠᠶ᠋ᠢᠷᠢ᠎ᠳᠤ ᠪᠠᠶ᠋ᠢᠭ᠎ᠠ ᠰᠤᠷᠤᠭᠴᠢᠳ᠎ᠨᠢ ᠲᠡᠭᠦᠨ᠎ᠤ ᠲᠤᠬᠠᠢ ᠶᠠᠷᠢᠶ᠎ᠠ ᠳᠡᠯᠭᠡᠬᠦ᠎ᠲᠠᠢ ᠵᠡᠷᠭᠡ ᠤᠷᠮ᠎ᠠ᠎ᠨᠢ ᠬᠦᠭᠵᠢᠵᠦ ᠠ᠋ᠷᠡᠬᠡᠢ ᠭᠠᠷᠭ᠋ᠠᠬᠤ ᠦᠭᠡᠢ ᠬᠦᠮᠦᠨ ᠦᠭᠡᠢ᠃ ᠬᠤᠷᠢᠳᠤᠭ᠋ᠠᠷ ᠵᠠᠭᠤᠨ᠎ᠤ ᠨᠠᠶᠠᠭ᠋ᠠᠳ ᠣᠨ᠎ᠤ ᠦᠶ᠎ᠡ᠎ᠪᠠᠷ ᠦᠨᠳᠦᠷ ᠳᠤᠮᠳᠠᠳᠤ ᠵᠢᠨ ᠨᠡᠶ᠋ᠢᠭᠡᠮ᠎ᠤᠨ ᠰᠢᠨᠵᠢᠯᠡᠬᠦ ᠣᠬᠠᠭ᠋ᠠᠨ᠎ᠤ ᠠᠩᠭᠢ ᠵᠢᠨ ᠲᠡᠭᠦᠰᠬᠦ ᠣᠨ᠎ᠤ ᠰᠤᠷᠤᠭᠴᠢᠳ ᠨᠠᠰᠤᠠᠥ᠌ᠯᠵᠡᠢ ᠪᠠᠭᠰᠢ᠎ᠶᠢ ᠪᠤᠯᠢᠶᠠᠯᠳᠤᠵᠤ ᠬᠢᠴᠢᠶᠡᠯ ᠬᠠᠶᠠᠭᠰᠠᠨ ᠦᠯᠢᠭᠡᠷ᠎ᠲᠠᠢ ᠪᠢᠯᠡ᠃ ᠲᠡᠷᠡ ᠲᠡᠭᠡᠳᠦ ᠲᠣᠮᠳᠠᠳᠣ ᠵᠢᠨ ᠲᠡᠣᠭᠡ ᠵᠢᠨ ᠬᠢᠴᠢᠶᠡᠯ᠎ᠤᠨ ᠪᠢᠴᠢᠭ ᠨᠠᠶ᠋ᠢᠷᠠᠭᠤᠯᠬᠤ ᠠᠵᠢᠯ᠎ᠳᠤ ᠣᠯᠠᠨᠳᠠ ᠣᠷᠣᠯᠴᠠᠭᠰᠠᠨ ᠪᠦᠬᠡᠳ ᠣᠯᠣᠰ᠎ᠤᠨ ᠰᠢᠯᠭ᠋ᠠᠯᠳᠠ ᠭᠠᠷᠭ᠋ᠠᠬᠤ ᠠᠵᠢᠯ᠎ᠳᠤ ᠴᠦ᠍ ᠣᠯᠠᠨᠳᠠ ᠣᠷᠣᠯᠴᠠᠵᠠᠢ᠃
      ᠲᠡᠷᠡ ᠵᠢᠭ᠋ᠠᠨ ᠰᠤᠷᠭ᠋ᠠᠯᠲᠠ ᠵᠢᠨ ᠲᠠᠯ᠎ᠠ᠎ᠪᠠᠷ ᠭᠢᠯᠠᠯᠵᠠᠮ᠎ᠠ ᠠᠮᠵᠢᠯᠲᠠ᠎ᠲᠠᠢ᠎ᠪᠠᠷ ᠪᠠᠷᠠᠬᠤ ᠦᠭᠡᠢ ᠵᠢᠭ᠋ᠠᠨ ᠰᠤᠷᠭ᠋ᠠᠯᠲᠠ ᠵᠢᠨ ᠰᠤᠳᠤᠯᠭ᠋ᠠᠨ᠎ᠤ ᠲᠠᠯ᠎ᠠ᠎ᠪᠠᠷ ᠴᠦ᠍ ᠮᠠᠰᠢ ᠣᠯᠠᠨ ᠦᠨ᠎ᠡ ᠦᠷᠲᠡᠭ᠎ᠲᠠᠢ ᠦᠭᠦᠯᠡᠯ ᠪᠢᠴᠢᠵᠦ᠂ ᠣᠷᠤᠨ᠎ᠤ ᠳᠤᠳᠤᠨ᠎ᠠ ᠭᠠᠳᠠᠨ᠎ᠠ ᠵᠢᠨ ᠰᠡᠳᠬᠦᠯ ᠳᠡᠭᠡᠷ᠎ᠡ ᠨᠡᠶ᠋ᠢᠲᠡᠯᠡᠭᠦᠯᠦᠭᠰᠡᠨ ᠪᠦᠭᠡᠳ ᠳᠤᠮᠳᠠᠳᠤ ᠰᠤᠷᠭ᠋ᠠᠭᠤᠯᠢ ᠵᠢᠨ ᠲᠡᠦᠬᠡ ᠵᠢᠨ ᠨᠢᠭᠡᠳᠦᠯᠲᠠᠢ ᠰᠤᠷᠬᠤ ᠪᠢᠴᠢᠭ ᠨᠠᠶ᠋ᠢᠷᠠᠭᠤᠯᠬᠤ ᠺᠤᠮᠢᠰ᠎ᠤᠨ ᠭᠡᠰᠢᠭᠦᠨ ᠵᠶ᠋ᠠᠷ ᠣᠯᠠᠨ ᠵᠢᠯ ᠠᠵᠢᠯᠯᠠᠭᠰᠠᠨ ᠪᠢᠯᠡ᠃
      ᠯᠢᠶᠠᠩ ᠴᠢᠩ ᠯᠦᠩ᠂ ᠪᠢᠷ᠎ᠤᠨ ᠨᠡᠷ᠎ᠡ᠎ᠨᠢ ᠰᠢᠷᠠᠨᠣᠳ ᠮ᠊ · ᠬᠦᠬᠡᠬᠦᠦ᠂ 1958 ᠣᠨ᠎ᠤ 4 ᠰᠠᠷ᠎ᠠ ᠵᠢᠨ 5᠎ᠤ ᠠ᠋ᠳᠦᠷ ᠣᠣᠯ᠎ᠤᠨ ᠵᠢᠷᠢᠮ ᠠᠶ᠋ᠢᠮᠠᠭ᠎ᠤᠨ ᠨᠠᠢ᠍ᠮᠠᠨ ᠬᠤᠰᠢᠭᠤᠨ᠎ᠤ ᡁᠢ ᠠᠨ ᠪᠠᠯᠭ᠋ᠠᠰᠣᠨ᠎ᠤ ᠵᠡᠭᠦᠨ ᠬᠤᠯᠣᠰᠣᠲᠠᠢ ᠭᠠᠴᠠᠭ᠋ᠠᠨ᠎ᠳᠤ ᠲᠦᠷᠦᠪᠡ᠃ 1982 ᠣᠨ᠎ᠳᠤ ᠣᠯᠠᠭ᠋ᠠᠨᠬᠠᠳᠠ ᠵᠢᠨ ᠪᠠᠭᠰᠢ ᠵᠢᠨ ᠲᠣᠰᠬᠠᠢ ᠮᠡᠷᠭᠡᠵᠢᠯ᠎ᠤᠨ ᠲᠡᠭᠡᠳᠦ ᠰᠣᠷᠭ᠋ᠠᠭᠤᠯᠢ᠎ᠠᠴᠠ ᠲᠡᠭᠦᠰᠴᠦ ᠠᠯᠠᠱ᠌ᠠ ᠨᠤᠳᠤᠬ᠎ᠲᠤ ᠠᠵᠢᠯ᠎ᠤᠨ ᠭᠠᠷᠤᠭ᠎ᠠ ᠠᠪᠣᠭ᠋ᠠᠳ᠂ ᠲᠣᠮᠳᠠ᠎ᠨᠢ ᠪᠠᠰᠠ ᠦᠪᠦᠷ ᠮᠣᠩᠭᠤᠯ᠎ᠤᠨ ᠦᠨᠳᠦᠰᠦᠳᠡᠨ᠎ᠤ ᠣᠷᠠᠯᠢᠭ᠎ᠤᠨ ᠳᠡᠭᠡᠳᠦ ᠰᠣᠷᠭ᠋ᠠᠭᠤᠯᠢ ᠵᠢᠨ ᠳᠡᠳ᠋ ᠵᠠᠬᠢᠷᠣᠯ ᠵᠡᠷᠭᠡ ᠲᠣᠰᠢᠶᠠᠯ᠎ᠳᠤ ᠣᠷᠢᠭᠳᠠᠨ ᠠᠵᠢᠯᠯᠠᠵᠤ᠂ ᠲᠡᠳ᠋ ᠭᠠᠵᠠᠷ᠎ᠤᠨ ᠲᠡᠰ᠎ᠤᠨ ᠺᠠᠳ᠋ᠷ ᠵᠡᠷᠭᠡ᠎ᠲᠠᠢ ᠠᠵᠢᠯ᠎ᠤᠨ ᠠᠮᠠᠷᠠᠯᠳᠠ᠎ᠪᠠᠨ ᠠᠪᠴᠡᠢ᠃ ᠦᠪᠦᠷ ᠮᠣᠩᠭᠤᠯ᠎ᠤᠨ ᠵᠣᠬᠢᠶᠠᠯᠴᠢᠳ᠎ᠤᠨ ᠡᠪᠯᠡᠯ᠎ᠤᠨ ᠭᠡᠰᠢᠭᠦᠨ᠂ ᠦᠪᠦᠷ ᠮᠣᠩᠭᠤᠯ᠎ᠤᠨ ᠣᠷᠴᠢᠭᠤᠯᠭ᠎ᠠ ᠵᠢᠨ ᠨᠡᠶ᠋ᠢᠭᠡᠮᠯᠢᠭ᠎ᠤᠨ ᠭᠡᠰᠢᠭᠦᠨ ᠵᠡᠷᠭᠡ ᠨᠡᠶ᠋ᠢᠭᠡᠮ᠎ᠤᠨ ᠲᠣᠰᠢᠶᠠᠯ᠎ᠲᠠᠢ᠃ ᠲᠠᠷᠠ᠎ᠪᠠᠷ 1983 ᠣᠨ᠎ᠠᠴᠠ 1986 ᠣᠨ᠎ᠤ ᠬᠤᠭᠤᠷᠣᠨᠳᠣ ᠠᠯᠠᠱ᠌ᠠ ᠠᠢ᠍ᠢ᠍ᠮᠠᠬ᠎ᠤᠨ ᠪᠠᠶᠠᠨᠬᠤᠳᠠ ᠣᠷᠣᠨ᠎ᠤ 《ᠠᠩᠬᠠᠨ᠎ᠤ ᠴᠠᠰᠣ》 ᠰᠢᠯᠦᠭ ᠲᠠᠭᠤᠣ ᠵᠢᠨ ᠣᠷᠣᠯᠳᠣᠭ᠋ᠠᠨ᠎ᠢ ᠭᠤᠷᠪᠠᠨ ᠵᠢᠯ ᠲᠠᠷᠠᠭ᠋ᠠᠯᠠᠨ ᠵᠣᠬᠢᠶᠠᠨ ᠪᠠᠶ᠋ᠢᠭᠤᠯᠣᠨ ᠠ᠋ᠷᠬᠢᠯᠡᠵᠦ ᠪᠠᠶ᠋ᠢᠭᠰᠠᠨ ᠪᠦᠬᠡᠳ 2013 ᠣᠨ᠎ᠤ 12 ᠰᠠᠷ᠎ᠠ ᠵᠢᠨ 5᠎ᠳᠤ ᠬᠤᠪᠢ ᠬᠦᠮᠦᠨ᠎ᠤ ᠨᠡᠷ᠎ᠡ᠎ᠪᠠᠷ ᠨᠠᠢ᠍ᠮᠠᠨ ᠮᠣᠵᠢ ᠣᠷᠣᠨ᠎ᠤ 《ᠬᠦᠬᠡᠬᠦᠣ ᠨᠡᠷᠡᠮᠵᠢᠳᠦ》 ᠮᠣᠩᠭᠤᠯ ᠢᠷᠠᠭᠤ ᠨᠠᠶ᠋ᠢᠷᠠᠭ ᠣᠶᠠᠩᠭ᠋ᠠᠯᠠᠨ ᠲᠣᠭᠯᠠᠭ᠍ᠣ (ᠲᠠᠶ᠋ᠢᠰᠠᠨ᠎ᠤ ᠣᠷᠠᠯᠢᠭ ᠪᠣᠯᠭ᠋ᠠᠨ ᠲᠣᠭᠯᠠᠭ᠍ᠣ ᠠᠩᠬᠠᠨ᠎ᠤ ᠲᠣᠷᠰᠢᠯᠳᠠ) ᠣᠷᠣᠯᠳᠣᠭ᠋ᠠᠨ᠎ᠢ ᠦᠪᠤᠷ ᠮᠤᠨᠭ᠌ᠭᠤᠯ᠎ᠤᠨ ᠪᠠᠭᠰᠢ ᠵᠢᠨ ᠶᠡᠭᠡ ᠰᠣᠷᠭ᠋ᠠᠭᠤᠯᠢ᠎ᠳᠤ ᠠ᠋ᠷᠬᠢᠯᠡᠬᠡᠳ ᠲᠣᠩ ᠶᠡᠭᠡ ᠨᠦᠯᠦᠭᠡ ᠲᠣᠰᠬᠠᠯ ᠭᠠᠷᠭ᠋ᠠᠨ᠂ ᠪᠠᠰᠠ ᠪᠦᠬᠦ ᠣᠷᠣᠨ᠎ᠤ ᠶᠡᠭᠡ ᠰᠣᠷᠭ᠋ᠠᠭᠤᠯᠢ᠂ ᠲᠡᠭᠡᠳᠦ ᠲᠣᠮᠳᠠᠳᠣ᠂ ᠠᠩᠬ᠎ᠠ ᠲᠣᠮᠳᠠᠳᠣ ᠰᠣᠷᠭ᠋ᠠᠭᠤᠯᠢ ᠵᠢᠨ 《ᠨᠠᠢ᠍ᠮᠠᠨ ᠰᠢᠷᠭ᠎ᠠ》 ᠵᠣᠬᠢᠶᠠᠯ᠎ᠤᠨ ᠣᠷᠣᠯᠳᠣᠭ᠋ᠠᠨ᠎ᠳᠤ ᠭᠤᠷᠪᠠᠨ ᠣᠳᠠᠭ᠎ᠠ ᠠᠩᠬᠠᠨ᠎ᠤ ᠨᠣᠭᠤᠯᠤᠭ᠋ᠠᠨ᠎ᠤ ᠰᠢᠬᠦᠭᠴᠢ᠎ᠪᠠᠷ ᠣᠷᠢᠭᠳᠠᠵᠦ᠂ ᠬᠤᠶᠠᠳᠣᠭ᠋ᠠᠷ ᠣᠳᠠᠭ᠋ᠠᠨ᠎ᠤ ᠱᠠᠩᠨᠠᠯ ᠲᠠᠷᠬᠠᠭ᠋ᠠᠬᠤ ᠶᠣᠰᠣᠯᠠᠯ᠎ᠤᠨ ᠲᠣᠭᠯᠠᠯᠳᠠ ᠵᠢ ᠲᠦᠰᠦᠪᠯᠡᠨ ᠣᠳᠣᠷᠢᠳᠣᠭ᠋ᠠᠵᠦ᠂ ᠬᠦᠳᠦᠯᠬᠦ ᠦᠬᠡ ᠵᠢ᠎ᠨᠢ ᠪᠢᠴᠢᠵᠦ ᠦᠭᠴᠦ ᠪᠠᠶ᠋ᠢᠭᠰᠠᠨ ᠨᠡᠶ᠋ᠢᠬᠡᠮ ᠰᠣᠶᠣᠯ᠎ᠤᠨ ᠵᠢᠳᠬᠦᠯᠳᠡᠨ᠃ ᠲᠡᠭᠦᠨ᠎ᠤ ᠪᠢᠴᠢᠭᠰᠡᠨ 《ᠦᠬᠢᠨ ᠲᠣᠮᠤᠭ ᠲ᠋ᠠᠢ ᠰᠠᠯᠬᠢ》 ᠭᠡᠬᠦ ᠰᠢᠯᠦᠭ᠎ᠤᠨ ᠲᠡᠭᠦᠪᠦᠷᠢ᠎ᠨᠢ 2015 ᠣᠨ᠎ᠳᠤ ᠦᠨᠳᠦᠰᠦᠲᠡᠨ᠎ᠤ ᠬᠡᠪᠯᠡᠯ᠎ᠤᠨ ᠬᠤᠷᠢᠶᠠᠨ᠎ᠳᠤ ᠠᠩᠬᠠᠨ᠎ᠤ ᠬᠡᠪᠯᠡᠯ ᠵᠶ᠋ᠠᠨ ᠬᠡᠪᠯᠡᠭᠦᠯᠦᠨ ᠣᠩᠰᠢᠬ᠍ᠴᠢᠳ᠎ᠤᠨ ᠭᠠᠷ᠎ᠲᠤ ᠬᠦᠷᠦᠭᠰᠡᠨ ᠪᠠᠶ᠋ᠢᠨ᠎ᠠ᠃ 《ᠮᠣᠩᠭᠤᠯ ᠦᠰᠦᠭ ᠲᠠᠭ᠋ᠠᠬᠤ ᠣᠨᠢᠰᠤᠭ᠎ᠠ》᠎ᠨᠢ ᠨᠡᠶ᠋ᠢᠬᠡᠮ᠎ᠤᠨ ᠨᠦᠯᠦᠭᠡ ᠲᠣᠰᠬᠠᠯ ᠶᠡᠬᠡᠳᠡᠢ ᠪᠠᠶ᠋ᠢᠵᠦ᠂ ᠬᠡᠣᠬᠡᠳ᠎ᠤᠨ ᠵᠢᠷᠣᠭᠳᠦ ᠰᠢᠷᠢᠰ ᠨᠣᠮ 《ᠵᠢᠩᠭ᠋ᠠᠷ᠎ᠤᠨ ᠲᠣᠮᠤᠭ》᠎ᠨᠢ ᠪᠣᠷᠣᠯᠠᠭᠤᠯᠭ᠎ᠠ ᠰᠠᠢ᠍ᠢ᠍ᠳᠠᠢ ᠨᠣᠮ ᠪᠤᠯᠤᠭᠰᠠᠨ᠎ᠠᠴᠠ ᠭᠠᠳᠠᠨ᠎ᠠ ᠮᠣᠩᠭᠤᠯ ᠵᠠᠩ ᠵᠠᠩᠰᠢᠯ᠎ᠤᠨ ᠬᠢᠳᠠᠳ ᠣᠷᠴᠢᠭᠤᠯᠭ᠎ᠠ 《ᠮᠣᠩᠭᠤᠯ ᠴᠡᠭᠡᠷ᠎ᠤᠨ ᠴᠢᠭᠤᠯᠭ᠋ᠠᠨ》 ᠵᠡᠷᠭᠡ ᠨᠣᠮ ᠴᠦ᠍ ᠪᠣᠢ᠃ ᠲᠡᠷᠡ 1994 ᠣᠨ᠂ 2018 ᠣᠨ᠎ᠳᠤ ᠲᠣᠰ ᠪᠦᠷᠢ ᠦᠪᠠᠷᠳᠡᠭᠡᠨ ᠵᠠᠰᠠᠬᠤ ᠣᠷᠣᠨ᠎ᠤ 《5.1 ᠢᠨᠵᠸᠨ᠋ᠸᠷᠢᠩ》 ᠱᠠᠩᠨᠠᠯ᠎ᠢ ᠬᠦᠷᠳᠡᠭᠰᠡᠨ ᠪᠦᠬᠡᠳ 2002 ᠣᠨ᠎ᠳᠤ ᠦᠪᠦᠷ ᠮᠣᠩᠭᠤᠯ ᠣᠷᠣᠨ᠎ᠤ ᠮᠣᠩᠭᠤᠯ ᠬᠡᠯᠡ ᠪᠢᠴᠢᠭ ᠰᠣᠷᠴᠦ ᠬᠡᠷᠡᠭᠯᠡᠭᠰᠡᠨ ᠲᠡᠷᠢᠬᠦᠨ᠎ᠤ ᠬᠤᠪᠢ ᠬᠦᠮᠦᠨ ᠵᠶ᠋ᠠᠷ ᠬᠦᠬᠢᠭᠦᠯᠦᠭᠳᠡᠪᠡ᠃ ᠨᠢᠬᠡᠨᠳᠡ ᠬᠡᠪᠯᠡᠯ᠎ᠳᠤ ᠣᠷᠣᠭ᠋ᠠᠳ ᠪᠠᠶ᠋ᠢᠭ᠎ᠠ ᠮᠣᠩᠭᠤᠯ ᠣᠷᠴᠢᠭᠤᠯᠭ᠎ᠠ ᠵᠢᠨ ᠨᠣᠮ 《ᠬᠠᠣᠯᠢ ᠲᠦᠷᠢᠮ᠎ᠢ ᠭᠠᠴᠠᠭ᠎ᠠ ᠲᠣᠰᠬᠤᠨ᠎ᠳᠤ ᠬᠦᠷᠭᠡᠬᠦ ᠰᠦᠪᠡᠭᠴᠢᠯᠡᠯ ᠵᠢᠷᠣᠭᠳᠦ ᠰᠢᠷᠢᠰ ᠴᠣᠪᠣᠷᠠᠯ ᠨᠣᠮ》 62 ᠲᠡᠪᠳᠡᠷ᠂ 《ᠣᠷᠴᠢᠨ ᠲᠣᠭᠤᠷᠢᠨ᠎ᠤ ᠬᠠᠮᠠᠭ᠋ᠠᠯᠠᠯᠳᠠ ᠵᠢᠨ ᠬᠠᠣᠯᠢ》 《ᠢᠳᠡᠭᠡᠨ᠎ᠤ ᠠᠮᠣᠷ ᠲᠦᠪᠰᠢᠨ᠎ᠤ ᠬᠠᠣᠯᠢ》 《ᠮᠠᠯ ᠮᠠᠯᠵᠢᠯ᠎ᠤᠨ ᠬᠠᠣᠯᠢ》 《ᠨᠣᠳᠤᠭ ᠪᠡᠯᠴᠢᠬᠡᠷ᠎ᠤᠨ ᠬᠠᠣᠯᠢ》 《ᠣᠷᠤᠭ᠎ᠤᠨ ᠬᠠᠣᠯᠢ》 ᠵᠡᠷᠭᠡ ᠲᠠᠶ᠋ᠢᠯᠪᠣᠷᠢ ᠲᠠᠭ᠋ᠠᠯᠳᠣᠭᠰᠠᠨ ᠲᠠᠪᠣᠨ ᠨᠣᠮ᠂ 《ᠴᠠ ᠪᠣᠭᠤ ᠵᠢᠨ ᠵᠢᠷᠭᠤᠭ᠋ᠠᠨ ᠣᠯᠠᠷᠢᠯ》 ᠭᠡᠭᠴᠢ ᠷᠣᠮᠠᠨ ᠨᠡᠶ᠋ᠢᠳᠡ 68 ᠲᠡᠪᠳᠡᠷ ᠨᠣᠮ᠎ᠨᠢ 2019 ᠣᠨ᠎ᠳᠤ ᠬᠡᠪᠯᠡᠭᠳᠡᠨ ᠣᠩᠰᠢᠬ᠍ᠴᠢᠳ᠎ᠲᠠᠢ ᠵᠣᠯᠭ᠋ᠠᠬᠤ ᠪᠣᠯᠣᠨ᠎ᠠ᠃
      ᠬᠤᠸᠠᠩ ᠵᠢᠮᠪᠠ᠂ 1959 ᠣᠨ᠎ᠤ 11 ᠰᠠᠷ᠎ᠠ᠎ᠳᠤ ᠲᠦᠷᠦᠪᠡ᠂ ᠳᠣᠮᠳᠠᠳᠤ ᠤᠯᠤᠰ᠎ᠤᠨ ᠡᠪ ᠬᠠᠮᠳᠤ ᠨᠠᠮ᠎ᠤᠨ ᠭᠡᠰᠢᠭᠦᠨ᠃ 1977 ᠣᠨ᠎ᠤ 9 ᠰᠠᠷ᠎ᠠ᠎ᠠᠴᠠ 1978 ᠣᠨ᠎ᠤ 7 ᠬᠦᠷᠲᠡᠯ᠎ᠡ ᠵᠡᠭᠦᠨ ᠬᠤᠯᠤᠰᠤᠳᠠᠢ ᠪᠠᠭ᠎ᠠ ᠰᠤᠷᠭ᠋ᠠᠭᠤᠯᠢ᠎ᠳᠤ ᠪᠠᠭᠰᠢᠯᠠᠪᠠ᠃ 1978 ᠣᠨ᠎ᠠᠴᠠ 1980 ᠣᠨ ᠬᠦᠷᠲᠡᠯ᠎ᠡ ᠣᠣᠯ᠎ᠤᠨ ᠵᠢᠷᠢᠮ ᠠᠶ᠋ᠢᠮᠠᠭ᠎ᠤᠨ ᠪᠠᠭᠰᠢ ᠵᠢᠨ ᠰᠤᠷᠭ᠋ᠠᠭᠤᠯᠢ᠎ᠳᠤ ᠰᠤᠷᠤᠯᠴᠠᠪᠠ᠃ 1980 ᠣᠨ᠎ᠠᠴᠠ 1988 ᠣᠨ ᠬᠦᠷᠲᠡᠯ᠎ᠡ ᠨᠠᠢ᠍ᠮᠠᠨ ᠬᠤᠰᠢᠭᠤᠨ᠎ᠤ ᠪᠠᠶ᠋ᠢᠰᠢᠩᠳᠣ ᠳᠤᠮᠳᠠᠳᠤ ᠰᠤᠷᠭ᠋ᠠᠭᠤᠯᠢ᠎ᠳᠤ ᠪᠠᠭᠰᠢᠯᠠᠪᠠ᠃ 1988 ᠣᠨ᠎ᠤ 10 ᠰᠠᠷ᠎ᠠ᠎ᠠᠴᠠ ᠣᠳᠣ ᠪᠣᠯᠳᠠᠯ᠎ᠠ ᠨᠠᠢ᠍ᠮᠠᠨ ᠬᠤᠰᠢᠭᠤᠨ᠎ᠤ ᠰᠢᠭᠦᠬᠦ ᠬᠤᠷᠢᠶᠠᠨ᠎ᠳᠤ ᠰᠢᠭᠦᠭᠴᠢ᠎ᠪᠠᠷ ᠠᠵᠢᠯᠯᠠᠵᠦ ᠪᠣᠢ᠃
      ᠮᠠᠨᠳᠣᠬᠤ᠂ 1960 ᠣᠨ᠎ᠤ 12 ᠰᠠᠷ᠎ᠠ᠎ᠳᠤ ᠲᠦᠷᠦᠪᠡ᠂ ᠮᠠᠰᠲᠸᠷ᠃ 1984 ᠣᠨ᠎ᠤ 7 ᠰᠠᠷ᠎ᠠ᠎ᠳᠤ ᠦᠪᠦᠷ ᠮᠣᠩᠭᠤᠯ᠎ᠤᠨ ᠠ᠋ᠮᠨᠡᠯᠭᠡ ᠵᠢᠨ ᠳᠡᠭᠡᠳᠦ ᠰᠤᠷᠭ᠋ᠠᠭᠤᠯᠢ ᠵᠢᠨ ᠮᠣᠩᠭᠤᠯ ᠬᠢᠲᠠᠳ ᠠ᠋ᠮᠨᠡᠯᠭᠡ ᠵᠢᠨ ᠰᠠᠯᠪᠣᠷᠢ᠎ᠳᠤ ᠮᠣᠩᠭᠤᠯ ᠠᠨᠠᠭ᠋ᠠᠬᠤ ᠤᠬᠠᠭ᠋ᠠᠨ᠎ᠤ ᠲᠣᠰᠬᠠᠢ ᠮᠡᠷᠭᠡᠵᠢᠯ᠎ᠤᠨ ᠵᠢᠩᠭᠢᠨᠢ ᠠᠩᠭᠢ᠎ᠠᠴᠠ ᠲᠡᠭᠦᠰᠴᠤ᠂ ᠦᠪᠦᠷ ᠮᠣᠩᠭᠤᠯ᠎ᠤᠨ ᠦᠨᠳᠦᠰᠦᠲᠡᠨ᠎ᠤ ᠶᠡᠭᠡ ᠰᠤᠷᠭ᠋ᠠᠭᠤᠯᠢ ᠵᠢᠨ ᠠ᠋ᠮᠨᠡᠯᠭᠡ ᠵᠢᠨ ᠳᠡᠭᠡᠳᠦ ᠰᠤᠷᠭ᠋ᠠᠭᠤᠯᠢ ᠵᠢᠨ ᠬᠠᠷᠢᠶ᠎ᠠ ᠠ᠋ᠮᠨᠡᠯᠭᠡ ᠵᠢᠨ ᠬᠤᠷᠢᠶᠠᠨ᠎ᠳᠤ ᠠᠵᠢᠯ᠎ᠤᠨ ᠬᠤᠪᠢᠶᠠᠷᠢ ᠠᠪᠤᠪᠠ᠃ ᠠᠵᠢᠯ᠎ᠳᠤ ᠭᠠᠷᠣᠭᠰᠠᠨ᠎ᠤ ᠳᠠᠷᠠᠭ᠎ᠠ ᠭᠤᠣᠯᠳᠠᠭᠤ ᠮᠣᠩᠭᠤᠯ ᠠᠨᠠᠭ᠋ᠠᠬᠤ ᠤᠬᠠᠭ᠋ᠠᠨ᠎ᠤ ᠭᠠᠳᠠᠷ ᠰᠠᠯᠠᠭ᠋ᠠᠨ᠎ᠤ ᠠ᠋ᠮᠴᠢᠯᠡᠭᠡ ᠪᠣᠯᠣᠨ ᠵᠢᠭ᠋ᠠᠨ ᠰᠤᠷᠭ᠋ᠠᠯᠲᠠ ᠵᠢᠨ ᠠᠵᠢᠯ᠎ᠢ ᠬᠠᠪᠰᠤᠷᠭ᠋ᠠᠨ ᠬᠢᠭᠰᠡᠨ ᠪᠠᠶ᠋ᠢᠨ᠎ᠠ᠃ ᠣᠯᠠᠨ ᠵᠢᠯ᠎ᠤᠨ ᠠ᠋ᠮᠴᠢᠯᠡᠭᠡᠨ᠎ᠤ ᠶᠠᠪᠤᠴᠠ᠎ᠳᠤ 《ᠤᠯᠠᠭ᠋ᠠᠨ — 13 ᠲᠠᠩ ᠵᠶ᠋ᠠᠷ ᠪᠠᠮᠪᠠᠢ ᠪᠣᠯᠴᠢᠷᠬᠠᠢ ᠵᠢᠨ ᠠᠵᠢᠯᠯᠠᠭ᠎ᠠ ᠬᠡᠲᠦᠷᠡᠭᠰᠡᠨ ᠭᠡᠮ᠎ᠤᠨ ᠮᠡᠰᠡ ᠵᠠᠰᠠᠯ᠎ᠠᠴᠠ ᠠ᠋ᠮᠦᠨᠡᠬᠢ ᠪᠡᠯᠡᠳᠭᠡᠯ᠎ᠳᠤ ᠦᠵᠡᠭᠦᠯᠬᠦ ᠨᠦᠯᠦᠭᠡ ᠵᠢᠨ ᠠ᠋ᠮᠴᠢᠯᠡᠭᠡᠨ᠎ᠤ ᠠᠵᠢᠭᠯᠠᠯᠲᠠ》 ᠭᠡᠬᠦ ᠮᠡᠲᠦ 20 ᠭᠠᠷᠤᠢ ᠦᠭᠦᠯᠡᠯ ᠵᠶ᠋ᠠᠨ ᠤᠷᠢᠳ ᠬᠤᠵᠢᠳ ᠨᠡᠶ᠋ᠢᠲᠡᠯᠡᠭᠦᠯᠵᠠᠢ᠃ 2013 ᠣᠨ᠎ᠳᠤ 《ᠭᠠᠳᠠᠷ ᠰᠠᠯᠠᠭ᠋ᠠᠨ᠎ᠤ ᠤᠳᠠᠭ᠋ᠠᠨ ᠴᠢᠨᠠᠷᠲᠠᠢ ᠡᠪᠡᠳᠴᠢᠨ᠎ᠢ ᠣᠨᠣᠰᠢᠯᠠᠬᠤ ᠰᠡᠳᠬᠢᠴᠡ ᠪᠣᠯᠣᠨ ᠰᠢᠢ᠍ᠳᠪᠦᠷᠢᠯᠡᠬᠦ ᠫᠷᠤᠭ᠌ᠷᠠᠮ》 ᠭᠡᠬᠦ ᠨᠣᠮ ᠵᠶ᠋ᠠᠨ ᠬᠡᠪᠯᠡᠭᠦᠯᠪᠡ᠃ 2017 ᠣᠨ᠎ᠳᠤ ᠲᠦᠩᠯᠢᠶᠣᠣ ᠬᠤᠲᠠ ᠵᠢᠨ 《ᠨᠡᠷᠡᠲᠦ ᠮᠣᠩᠭᠤᠯ ᠠ᠋ᠮᠴᠢ》 ᠴᠤᠯᠠ ᠵᠢ ᠬᠦᠷᠲᠡᠪᠡ᠃ ᠲᠡᠷᠡ ᠠᠵᠢᠯ᠎ᠳᠤ ᠭᠠᠷᠤᠭᠰᠠᠨ ᠭᠤᠴᠢ ᠭᠠᠷᠤᠢ ᠵᠢᠯ᠎ᠳᠤ ᠦᠪᠦᠷ ᠮᠣᠩᠭᠤᠯ᠎ᠤᠨ ᠦᠨᠳᠦᠰᠦᠲᠡᠨ᠎ᠤ ᠶᠡᠭᠡ ᠰᠤᠷᠭ᠋ᠠᠭᠤᠯᠢ ᠵᠢᠨ ᠬᠢᠴᠢᠶᠡᠯ ᠬᠦᠮᠦᠵᠢᠯ ᠪᠠ ᠠ᠋ᠮᠴᠢᠯᠡᠭᠡᠨ᠎ᠤ ᠲᠠᠯ᠎ᠠ ᠵᠢᠨ ᠬᠦᠬᠢᠭᠦᠯᠦᠯ ᠱᠠᠩᠨᠠᠯ᠎ᠢ ᠣᠯᠠᠨ ᠤᠳᠠᠭ᠎ᠠ ᠲᠣᠰᠤᠭᠰᠠᠨ ᠪᠠᠶ᠋ᠢᠨ᠎ᠠ᠃
      ᠯᠠᠶ᠋ᠢᠰᠢᠧᠧ᠂ 1962᠎ᠳᠤ ᠲᠦᠷᠦᠪᠡ᠂ ᠳᠤᠮᠳᠠᠳᠤ ᠤᠯᠤᠰ᠎ᠤᠨ ᠡᠪ ᠬᠠᠮᠳᠤ ᠨᠠᠮ᠎ᠤᠨ ᠭᠡᠰᠢᠭᠦᠨ᠃ 1985 ᠣᠨ᠎ᠤ 7 ᠰᠠᠷ᠎ᠠ᠎ᠳᠤ ᠦᠪᠦᠷ ᠮᠣᠩᠭᠤᠯ᠎ᠤᠨ ᠦᠨᠳᠦᠰᠦᠲᠡᠨ᠎ᠤ ᠪᠠᠭᠰᠢ ᠵᠢᠨ ᠳᠡᠭᠡᠳᠦ ᠰᠤᠷᠭ᠋ᠠᠭᠤᠯᠢ ᠵᠢᠨ ᠮᠣᠩᠭᠤᠯ ᠬᠡᠯᠡᠨ᠎ᠤ ᠰᠠᠯᠪᠤᠷᠢ ᠵᠢᠨ ᠵᠢᠩᠭᠢᠨᠢ ᠠᠩᠭᠢ᠎ᠠᠴᠠ ᠲᠡᠭᠦᠰᠴᠦ ᠦᠪᠦᠷ ᠮᠣᠩᠭᠤᠯ᠎ᠤᠨ ᠷᠠᠳᠢᠣ᠋ ᠲᠧᠯᠸᠢᠰ ᠬᠤᠷᠢᠶᠠᠨ᠎ᠳᠤ ᠠᠵᠢᠯ᠎ᠤᠨ ᠭᠠᠷᠤᠭ᠎ᠠ ᠠᠪᠤᠪᠠ᠃ ᠣᠳᠤ ᠲᠡᠷᠡ ᠦᠪᠦᠷ ᠮᠣᠩᠭᠤᠯ᠎ᠤᠨ ᠷᠠᠳᠢᠣ᠋ ᠲᠧᠯᠸᠢᠰ ᠬᠤᠷᠢᠶᠠᠨ᠎ᠤ ᠪᠠᠷᠠᠭᠤᠨ ᠣᠷᠣᠨ᠎ᠤ ᠦᠷᠲᠡᠭᠡᠨ᠎ᠤ ᠦᠷᠲᠡᠭᠡᠨ ᠳᠠᠷᠤᠭ᠎ᠠ ᠵᠢᠨ ᠲᠤᠰᠢᠶᠠᠯ ᠬᠠᠷᠢᠭᠤᠴᠠᠵᠤ ᠪᠣᠢ᠂ ᠭᠠᠵᠠᠷ᠎ᠤᠨ ᠳᠡᠰ᠎ᠤᠨ ᠺᠠᠳ᠋ᠷ᠃
      ᠲᠡᠭᠦᠰᠪᠠᠶᠠᠷ᠂ 1963 ᠣᠨ᠎ᠳᠤ ᠲᠦᠷᠦᠪᠡ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠃ ᠶᠡᠭᠡ ᠰᠤᠷᠭ᠋ᠠᠭᠤᠯᠢ ᠵᠢᠨ ᠰᠤᠷᠤᠯᠭ᠎ᠠ ᠵᠢᠨ ᠨᠠᠮᠲᠠᠷ᠎ᠲᠠᠢ᠃ 1986 ᠣᠨ᠎ᠳᠤ ᠣᠣᠯ᠎ᠤᠨ ᠵᠢᠷᠢᠮ᠎ᠤᠨ ᠪᠠᠭᠰᠢ ᠰᠤᠷᠭ᠋ᠠᠭᠤᠯᠢ᠎ᠠᠴᠠ ᠲᠡᠭᠦᠰᠴᠦ ᠨᠠᠢ᠍ᠮᠠᠨ ᠬᠤᠰᠢᠭᠤᠨ᠎ᠤ ᠱᠧᠩᠯᠢ ᠳᠤᠮᠳᠠᠳᠤ ᠰᠤᠷᠭ᠋ᠠᠭᠤᠯᠢ᠎ᠳᠤ ᠠᠵᠢᠯ᠎ᠤᠨ ᠬᠤᠪᠢᠶᠠᠷᠢ ᠠᠪᠴᠤ ᠠᠩᠬ᠎ᠠ ᠳᠤᠮᠳᠠᠳᠤ ᠵᠢᠨ ᠹᠢᠽᠢᠺ᠎ᠤᠨ ᠪᠠᠭᠰᠢ᠎ᠪᠠᠷ ᠠᠵᠢᠯᠯᠠᠪᠠ᠃ 1991 ᠣᠨ᠎ᠳᠤ ᠲᠦᠩᠯᠢᠶᠣᠣ ᠬᠤᠲᠠ ᠵᠢᠨ ᠤᠳᠬ᠎ᠠ ᠵᠣᠬᠢᠶᠠᠯ ᠤᠷᠠᠯᠢᠭ ᠰᠤᠳᠤᠯᠬᠤ ᠲᠥᠪ᠎ᠲᠤ ᠠᠵᠢᠯ ᠰᠢᠯᠵᠢᠨ ᠣᠳᠤ ᠪᠣᠯᠲᠠᠯ᠎ᠠ ᠠᠵᠢᠯᠯᠠᠵᠤ   ᠪᠤᠢ᠃ ᠭᠠᠵᠠᠷ᠎ᠤᠨ ᠳᠡᠰ᠎ᠤᠨ ᠺᠠᠳ᠋ᠷ᠃
      ᠪᠣᠣ ᠸᠧᠨ ᠴᠧᠩ (ᠪᠢᠷ᠎ᠤᠨ ᠨᠡᠷ᠎ᠡ ᠭᠡ᠊ · ᠬᠠᠶ᠋ᠢᠷᠬᠠᠨ)᠂ 1964 ᠣᠨ᠎ᠳᠤ ᠲᠦᠷᠦᠪᠡ᠂ ᠳ᠋ᠣᠺᠲ᠋ᠣᠷ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠃ 1985 ᠣᠨ᠎ᠳᠤ ᠦᠪᠦᠷ ᠮᠣᠩᠭᠤᠯ᠎ᠤᠨ ᠶᠡᠭᠡ ᠰᠤᠷᠭ᠋ᠠᠭᠤᠯᠢ ᠵᠢᠨ ᠮᠣᠩᠭᠤᠯ ᠬᠡᠯᠡ ᠤᠳᠬ᠎ᠠ ᠵᠣᠬᠢᠶᠠᠯ᠎ᠤᠨ ᠰᠠᠯᠪᠤᠷᠢ᠎ᠶᠢᠨ ᠮᠣᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠵᠢᠩᠭᠢᠨᠢ ᠠᠩᠭᠢ᠎ᠠᠴᠠ ᠲᠡᠭᠦᠰᠴᠦ᠂ 1988 ᠣᠨ᠎ᠳᠤ ᠦᠪᠦᠷ ᠮᠣᠩᠭᠤᠯ᠎ᠤᠨ ᠶᠡᠭᠡ ᠰᠤᠷᠭ᠋ᠠᠭᠤᠯᠢ ᠵᠢᠨ ᠮᠣᠩᠭᠤᠯ ᠬᠡᠯᠡ ᠤᠳᠬ᠎ᠠ ᠵᠤᠬᠢᠶᠠᠯ᠎ᠤᠨ ᠲᠤᠰᠬᠠᠢ ᠮᠡᠷᠭᠡᠵᠢᠯ᠎ᠤᠨ ᠣᠳᠣ ᠦᠶ᠎ᠡ ᠵᠢᠨ ᠮᠣᠩᠭᠤᠯ ᠬᠡᠯᠡᠨ᠎ᠤ ᠴᠢᠭᠯᠡᠯ᠎ᠤᠨ ᠠᠰᠫᠢᠷᠠᠨᠲ᠎ᠤᠨ ᠰᠣᠳᠣᠯᠬᠤ ᠰᠤᠷᠤᠭᠴᠢ ᠵᠢᠨ ᠰᠤᠷᠤᠯᠭ᠎ᠠ᠎ᠪᠠᠨ ᠲᠡᠭᠦᠰᠭᠡᠪᠡ᠃ 2010 ᠣᠨ᠎ᠳᠤ ᠦᠪᠦᠷ ᠮᠣᠩᠭᠤᠯ᠎ᠤᠨ ᠶᠡᠭᠡ ᠰᠤᠷᠭ᠋ᠠᠭᠤᠯᠢ ᠵᠢᠨ ᠮᠣᠩᠭᠤᠯ ᠰᠤᠳᠤᠯᠤᠯ᠎ᠤᠨ ᠲᠥᠪ᠎ᠲᠤ ᠴᠦᠭᠡᠨ ᠲᠣᠭ᠋ᠠᠲᠣ ᠦᠨᠳᠦᠰᠦᠲᠡᠨ᠎ᠤ ᠲᠡᠦᠬᠡ ᠵᠢᠨ ᠲᠤᠰᠬᠠᠢ ᠮᠡᠷᠭᠡᠵᠢᠯ᠎ᠤᠨ ᠮᠣᠩᠭᠤᠯ ᠰᠣᠶᠤᠯ᠎ᠤᠨ ᠲᠡᠦᠬᠡ ᠵᠢᠨ ᠴᠢᠭᠯᠡᠯ᠎ᠤᠨ ᠳ᠋ᠣᠺᠲ᠋ᠣᠷᠠᠨᠲ᠎ᠤᠨ ᠰᠤᠳᠤᠯᠬᠤ ᠰᠤᠷᠤᠭᠴᠢ ᠵᠢᠨ ᠰᠤᠷᠤᠯᠴᠠᠯᠭ᠎ᠠ᠎ᠪᠠᠨ ᠲᠡᠭᠦᠰᠪᠡ᠃ 1988 ᠣᠨ᠎ᠠᠴᠠ 2007 ᠣᠨ ᠪᠤᠯᠳᠠᠯ᠎ᠠ ᠦᠪᠦᠷ ᠮᠣᠩᠭᠤᠯ᠎ᠤᠨ ᠦᠨᠳᠦᠰᠦᠲᠡᠨ᠎ᠤ ᠶᠡᠭᠡ ᠰᠣᠷᠭ᠋ᠠᠭᠤᠯᠢ᠎ᠳᠤ ᠪᠠᠭᠰᠢᠯᠠᠪᠠ᠃ 1995 ᠣᠨ᠎ᠳᠤ ᠳᠡᠳ᠋ ᠫᠷᠣᠹᠸᠰᠰᠣᠷ ᠮᠡᠷᠭᠡᠵᠢᠯ᠎ᠤᠨ ᠳᠡᠰ᠎ᠲᠤ ᠬᠦᠷᠴᠦ᠂ 2002 ᠣᠨ᠎ᠳᠤ ᠫᠷᠣᠹᠸᠰᠰᠣᠷ ᠮᠡᠷᠭᠡᠵᠢᠯ᠎ᠤᠨ ᠳᠡᠰ᠎ᠲᠤ ᠬᠦᠷᠴᠦ᠂ 2004 ᠣᠨ᠎ᠳᠤ ᠠᠰᠫᠢᠷᠠᠨᠲ᠎ᠤᠨ ᠵᠢᠯᠣᠭᠤᠳᠤᠭᠴᠢ ᠪᠠᠭᠰᠢ᠎ᠪᠠᠷ ᠠᠵᠢᠯᠯᠠᠭ᠋ᠠᠳ ᠭᠤᠷᠪᠠᠨ ᠬᠤᠭᠤᠴᠠᠭ᠋ᠠᠨ᠎ᠤ ᠰᠤᠷᠤᠭᠴᠢ ᠲᠡᠭᠦᠰᠭᠡᠪᠡ᠃ 1996 ᠣᠨ᠎ᠳᠤ ᠦᠪᠡᠷᠲᠡᠭᠡᠨ ᠵᠠᠰᠠᠭ᠍ᠤ ᠣᠷᠣᠨ᠎ᠤ ᠡᠪᠯᠡᠯ᠎ᠤᠨ ᠬᠤᠷᠢᠶ᠎ᠠ ᠪᠣᠯᠣᠨ ᠬᠦᠳᠡᠯᠮᠦᠷᠢ ᠠᠵᠢᠯᠲᠠᠨ᠎ᠤ ᠲᠢᠩᠬᠢᠮ᠎ᠠᠴᠠ ᠣᠯᠭᠤᠭᠰᠠᠨ 《ᠲᠠᠪᠤᠨ ᠰᠠᠷ᠎ᠠ ᠵᠢᠨ ᠳᠦᠷᠪᠡᠨ᠎ᠤ ᠰᠢᠯᠢᠳᠡᠭ ᠵᠠᠯᠠᠭᠤᠴᠣᠳ᠎ᠤᠨ ᠳᠠᠭᠤᠷᠢᠶᠠᠯ》 ᠭᠡᠬᠦ ᠢᠷᠠᠭᠤ ᠠᠯᠳᠠᠷ ᠵᠶ᠋ᠠᠷ ᠰᠠᠶ᠋ᠢᠰᠢᠶᠠᠭᠳᠠᠨ ᠬᠦᠬᠢᠭᠦᠯᠦᠭᠳᠡᠪᠡ᠃ 1999 ᠣᠨ᠎ᠳᠤ ᠦᠪᠡᠷᠲᠡᠭᠡᠨ ᠵᠠᠰᠠᠭ᠍ᠤ ᠤᠷᠣᠨ᠎ᠤ 《ᠰᠢᠨ᠎ᠡ ᠠ᠋ᠷᠡᠨ᠎ᠤ 〈321〉 ᠴᠢᠳᠠᠪᠤᠷᠢᠲᠠᠨ᠎ᠤ ᠢᠨᠵᠸᠨ᠋ᠸᠷᠢᠩ》᠎ᠤᠨ ᠬᠤᠶᠠᠳᠤᠭ᠋ᠠᠷ ᠱᠠᠲᠤᠨ᠎ᠤ ᠭᠡᠰᠢᠭᠦᠨ ᠵᠶ᠋ᠠᠷ ᠰᠤᠨᠭ᠌ᠭᠤᠭᠳᠠᠪᠠ᠃ 《ᠮᠣᠩᠭᠤᠯ ᠬᠡᠯᠡ ᠵᠢᠨ ᠤᠯᠤᠰ ᠲᠦᠷᠦ ᠵᠢᠨ ᠰᠣᠶᠤᠯ᠎ᠳᠠᠬᠢ ᠵᠠᠩᠭᠢᠯᠠᠭ᠎ᠠ ᠵᠢᠨ ᠦᠭᠡᠰ᠎ᠤᠨ ᠰᠣᠳᠣᠯᠣᠯ》 (ᠦᠪᠦᠷ ᠮᠣᠩᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ) ᠭᠡᠬᠦ ᠨᠣᠮ᠎ᠨᠢ ᠦᠪᠦᠷ ᠮᠣᠩᠭᠤᠯ᠎ᠤᠨ ᠦᠪᠡᠷᠲᠡᠭᠡᠨ ᠵᠠᠰᠠᠭ᠍ᠤ ᠣᠷᠣᠨ᠎ᠤ ᠰᠢᠨᠵᠢᠯᠡᠬᠦ ᠤᠬᠠᠭ᠋ᠠᠨ ᠰᠣᠳᠤᠯᠤᠯ᠎ᠤᠨ ᠵᠠᠰᠠᠭ᠎ᠤᠨ ᠣᠷᠳᠤᠨ᠎ᠤ ᠱᠠᠩᠨᠠᠯ᠎ᠢ ᠲᠣᠰᠪᠠ᠃ 2010 ᠣᠨ᠎ᠠᠴᠠ ᠣᠳᠣ ᠪᠤᠯᠳᠠᠯ᠎ᠠ ᠦᠪᠦᠷ ᠮᠣᠩᠭᠤᠯ᠎ᠤᠨ ᠶᠡᠭᠡ ᠰᠤᠷᠭ᠋ᠠᠭᠤᠯᠢ᠎ᠳᠤ ᠠᠵᠢᠯᠯᠠᠵᠦ ᠪᠣᠢ᠃ 1996~1999 ᠣᠨ᠂ 2004~2008᠎ᠤ ᠬᠤᠭᠤᠴᠠᠭ᠋ᠠᠨ᠎ᠳᠤ 《ᠮᠣᠩᠭᠤᠯ ᠬᠡᠯᠡ ᠬᠢᠭᠡᠳ ᠮᠣᠩᠭᠤᠯ ᠦᠨᠳᠦᠰᠦᠲᠡᠨ᠎ᠤ ᠤᠯᠠᠮᠵᠢᠯᠠᠯᠲᠤ ᠰᠣᠶᠤᠯ》᠂ 《ᠮᠣᠩᠭᠤᠯ ᠬᠡᠯᠡᠨ᠎ᠤ ᠰᠣᠶᠤᠯ᠎ᠤᠨ ᠦᠭᠡᠰ᠎ᠤᠨ ᠰᠠᠩ᠎ᠤᠨ ᠰᠤᠳᠣᠯᠣᠯ》 ᠵᠡᠷᠭᠡ ᠦᠪᠡᠷᠲᠡᠭᠡᠨ ᠵᠠᠰᠠᠭ᠍ᠤ ᠣᠷᠣᠨ᠎ᠤ ᠭᠦᠨ ᠤᠬᠠᠭ᠋ᠠᠨ᠂ ᠨᠡᠶ᠋ᠢᠭᠡᠮ᠎ᠤᠨ ᠰᠢᠨᠵᠢᠯᠡᠬᠦ ᠤᠬᠠᠭ᠋ᠠᠨ᠎ᠤ ᠬᠤᠯᠪᠤᠭ᠋ᠠᠨ᠎ᠤ ᠲᠦᠯᠦᠪᠵᠢᠭᠦᠯᠦᠭᠰᠡᠨ ᠬᠤᠶᠠᠷ ᠶᠡᠭᠡ ᠰᠡᠳᠦᠪ᠎ᠢ ᠳᠠᠭ᠋ᠠᠭ᠋ᠠᠴᠢᠯᠠᠨ ᠪᠡᠶᠡᠯᠡᠭᠦᠯᠪᠡ᠃ ᠪᠠᠰᠠ ᠦᠪᠦᠷ ᠮᠣᠩᠭᠤᠯ᠎ᠤᠨ ᠦᠨᠳᠦᠰᠦᠲᠡᠨ᠎ᠤ ᠶᠡᠭᠡ ᠰᠤᠷᠭ᠋ᠠᠭᠤᠯᠢ ᠵᠢᠨ ᠰᠤᠷᠭ᠋ᠠᠭᠤᠯᠢ ᠵᠢᠨ ᠬᠡᠪᠴᠢᠶᠡᠨ᠎ᠤ ᠬᠤᠶᠠᠷ ᠰᠤᠳᠤᠯᠭ᠋ᠠᠨ᠎ᠤ ᠰᠡᠳᠦᠪ᠎ᠢ ᠳᠠᠭ᠋ᠠᠭ᠋ᠠᠴᠢᠯᠠᠨ ᠭᠦᠢ᠍ᠴᠡᠳᠭᠡᠭᠰᠡᠨ ᠪᠠᠶ᠋ᠢᠨ᠎ᠠ᠃ ᠠ᠋ᠭᠦᠨ᠎ᠠᠴᠠ ᠭᠠᠳᠠᠨ᠎ᠠ ᠤᠯᠤᠰ᠎ᠤᠨ ᠰᠤᠷᠭ᠋ᠠᠨ ᠬᠦᠮᠦᠵᠢᠯ᠎ᠤᠨ ᠶᠠᠮᠤᠨ᠎ᠤ ᠲᠦᠯᠦᠪᠯᠡᠭᠰᠡᠨ 《ᠬᠤᠷᠴᠢᠨ ᠨᠣᠲᠤᠭ᠎ᠤᠨ ᠬᠡᠯᠡ ᠬᠢᠭᠡᠳ ᠭᠠᠵᠠᠷ ᠣᠷᠣᠨ᠎ᠤ ᠰᠣᠶᠤᠯ》 ᠭᠡᠬᠦ ᠶᠡᠭᠡ ᠳᠡᠭᠡᠳᠦ ᠰᠤᠷᠭ᠋ᠠᠭᠤᠯᠢ ᠵᠢᠨ ᠰᠣᠳᠤᠯᠭ᠋ᠠᠨ᠎ᠤ ᠰᠡᠳᠦᠪ᠎ᠤᠨ ᠰᠣᠳᠤᠯᠭ᠋ᠠᠨ᠎ᠳᠤ ᠣᠷᠤᠯᠴᠠᠵᠤ᠂ ᠴᠢᠬᠤᠯᠠ ᠪᠦᠷᠢᠯᠳᠦᠬᠦᠨ ᠪᠦᠭᠡᠳ ᠠ᠋ᠷᠬᠢᠯᠡᠨ ᠪᠢᠴᠢᠬᠦ ᠠ᠋ᠭᠦᠷᠭᠡ ᠵᠢ ᠬᠠᠷᠢᠭᠤᠴᠠᠨ ᠪᠡᠶᠡᠯᠡᠭᠦᠯᠪᠡ᠃ 1992 ᠣᠨ᠎ᠠᠴᠠ 1995 ᠣᠨ᠎ᠤ ᠬᠤᠭᠤᠷᠤᠨᠳᠤ ᠲᠡᠷᠡ ᠪᠠᠰᠠ 《ᠮᠣᠩᠭᠤᠯ ᠬᠡᠯᠡᠨ᠎ᠤ ᠦᠭᠡ ᠵᠢᠨ ᠪᠦᠲᠦᠴᠡ ᠵᠢᠨ ᠤᠭ ᠶᠣᠰᠤᠨ᠎ᠤ ᠲᠤᠬᠠᠢ ᠰᠣᠳᠤᠯᠤᠯ》 (ᠦᠪᠦᠷ ᠮᠣᠩᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ᠂ 1998 ᠣᠨ)᠂ 《ᠮᠣᠩᠭᠤᠯ ᠬᠡᠯᠡ ᠬᠢᠭᠡᠳ ᠮᠣᠩᠭᠤᠯ ᠦᠨᠳᠦᠰᠦᠲᠡᠨ᠎ᠤ ᠤᠯᠠᠮᠵᠢᠯᠠᠯᠲᠤ ᠰᠣᠶᠤᠯ》 (ᠦᠪᠦᠷ ᠮᠣᠩᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ᠂ 2001 ᠣᠨ) ᠵᠡᠷᠭᠡ ᠠ᠋ᠷᠳᠡᠮ ᠰᠢᠨᠵᠢᠯᠡᠭᠡᠨ᠎ᠤ ᠨᠠᠢ᠍ᠮᠠᠨ ᠳᠡᠪᠲᠡᠷ ᠨᠣᠮ ᠵᠶ᠋ᠠᠨ ᠣᠷᠢᠳ ᠬᠤᠵᠢᠳ ᠬᠡᠪᠯᠡᠭᠦᠯᠦᠭᠰᠡᠨ ᠵᠶ᠋ᠠᠷ ᠪᠠᠷᠠᠭ᠍ᠤ ᠦᠭᠡᠢ ᠲᠠᠪᠢ ᠭᠠᠷᠤᠢ ᠠ᠋ᠷᠳᠡᠮ ᠰᠢᠨᠵᠢᠯᠡᠭᠡᠨ᠎ᠤ ᠦᠭᠦᠯᠡᠯ ᠵᠶ᠋ᠠᠨ ᠣᠷᠣᠨ᠎ᠤ ᠳᠣᠲᠣᠨ᠎ᠠ ᠭᠠᠳᠠᠨᠠᠬᠢ ᠰᠡᠳᠭᠦᠯ᠎ᠳᠤ ᠨᠡᠶ᠋ᠢᠲᠡᠯᠡᠭᠦᠯᠦᠭᠰᠡᠨ ᠪᠠᠶ᠋ᠢᠨ᠎ᠠ᠃
      ᠪᠦᠷᠢᠨᠵᠢᠷᠭ᠋ᠠᠯ᠂ 1964 ᠣᠨ᠎ᠳᠤ ᠲᠦᠷᠦᠪᠡ᠃ ᠠᠰᠫᠢᠷᠠᠨᠲ᠎ᠤᠨ ᠰᠤᠷᠤᠯᠭ᠎ᠠ ᠵᠢᠨ ᠨᠠᠮᠳᠠᠷ᠎ᠲᠠᠢ᠃ 1989 ᠣᠨ᠎ᠳᠤ ᠦᠪᠦᠷ ᠮᠣᠩᠭᠤᠯ᠎ᠤᠨ ᠪᠠᠭᠰᠢ ᠵᠢᠨ ᠶᠡᠭᠡ ᠰᠤᠷᠭ᠋ᠠᠭᠤᠯᠢ ᠵᠢᠨ ᠭᠠᠵᠠᠷ ᠵᠦᠢ ᠵᠢᠨ ᠰᠠᠯᠪᠤᠷᠢ᠎ᠠᠴᠠ ᠲᠡᠭᠦᠰᠴᠦ ᠬᠦᠯᠦᠨ ᠪᠣᠶ᠋ᠢᠷ᠎ᠤᠨ ᠵᠠᠯᠠᠨ ᠠᠶ᠋ᠢᠯ ᠬᠤᠲᠠ ᠵᠢᠨ ᠨᠢᠭᠡᠳᠦᠭᠡᠷ ᠳᠤᠮᠳᠠᠳᠤ ᠰᠤᠷᠭ᠋ᠠᠭᠤᠯᠢ᠎ᠳᠤ ᠭᠠᠵᠠᠷ ᠵᠦᠢ ᠵᠢᠨ ᠪᠠᠭᠰᠢ᠎ᠪᠠᠷ ᠠᠵᠢᠯᠯᠠᠵᠤ ᠪᠤᠢ᠃ ᠳᠤᠮᠳᠠᠳᠤ ᠰᠤᠷᠭ᠋ᠠᠭᠤᠯᠢ ᠵᠢᠨ ᠳᠡᠭᠡᠳᠤ ᠳᠡᠰ᠎ᠤᠨ ᠪᠠᠭᠰᠢ᠃
      ᠪᠠᠶ᠋ᠢᠭ᠋ᠠᠯᠢ (ᠠᠷᠰᠯᠠᠨ)᠂ 1965 ᠣᠨ᠎ᠳᠤ ᠣᠣᠯ᠎ᠤᠨ ᠵᠢᠷᠢᠮ ᠠᠶ᠋ᠢᠮᠠᠭ᠎ᠤᠨ ᠨᠠᠢ᠍ᠮᠠᠨ ᠬᠤᠰᠢᠭᠤᠨ᠎ᠤ ᡁᠢ ᠠᠨ ᠪᠠᠯᠭ᠋ᠠᠰᠣᠨ᠎ᠤ ᠵᠡᠭᠦᠨ ᠬᠤᠯᠣᠰᠣᠲᠠᠢ ᠭᠠᠴᠠᠭ᠋ᠠᠨ᠎ᠳᠤ ᠲᠦᠷᠦᠪᠡ᠃ ᠠᠰᠫᠢᠷᠠᠨᠲ᠎ᠤᠨ ᠰᠣᠷᠣᠯᠭ᠎ᠠ ᠵᠢᠨ ᠨᠠᠮᠳᠠᠷ᠎ᠲᠠᠢ᠂ ᠠ᠋ᠷᠬᠢᠯᠡᠭᠴᠢ ᠠ᠋ᠮᠴᠢ᠃ 1993 ᠣᠨ᠎ᠳᠤ ᠦᠪᠦᠷ ᠮᠣᠩᠭᠤᠯ᠎ᠤᠨ ᠦᠨᠳᠦᠰᠦᠲᠡᠨ᠎ᠤ ᠶᠡᠭᠡ ᠰᠣᠷᠭ᠋ᠠᠭᠤᠯᠢ ᠵᠢᠨ ᠮᠣᠩᠭᠤᠯ ᠠ᠋ᠮᠨᠡᠯᠭᠡ ᠵᠢᠨ ᠰᠠᠯᠪᠣᠷᠢ ᠵᠢᠨ ᠵᠢᠩᠭᠢᠨᠢ ᠠᠩᠭᠢ᠎ᠠᠴᠠ ᠲᠡᠭᠦᠰᠴᠦ ᠭᠤᠸᠠᠩᠳᠦᠢ᠍ᠩ ᠮᠣᠵᠢ ᠵᠢᠨ ᠹᠥᠸᠧ ᠱᠠᠨ ᠬᠤᠲᠠ ᠵᠢᠨ ᠨᠠᠨ ᠬᠠᠢ ᠲᠣᠭᠤᠷᠢᠭ᠎ᠤᠨ ᠳᠣᠯᠣᠳᠣᠭ᠋ᠠᠷ ᠠ᠋ᠮᠨᠡᠯᠭᠡ ᠵᠢᠨ ᠬᠤᠷᠢᠶᠠᠨ᠎ᠤ ᠠ᠋ᠷᠡᠭᠦᠯᠵᠢᠯ᠎ᠤᠨ ᠠ᠋ᠮᠨᠡᠯᠭᠡ ᠵᠢᠨ ᠰᠠᠯᠠᠭ᠋ᠠᠨ᠎ᠳᠤ ᠠᠵᠢᠯᠯᠠᠪᠠ᠃ ᠠ᠋ᠷᠬᠢᠯᠡᠭᠴᠢ ᠠ᠋ᠮᠴᠢ᠂ ᠠ᠋ᠷᠡᠭᠦᠯᠵᠢᠯ᠎ᠤᠨ ᠠ᠋ᠮᠨᠡᠯᠭᠡ ᠵᠢᠨ ᠰᠠᠯᠠᠭ᠋ᠠᠨ᠎ᠤ ᠠ᠋ᠷᠬᠢᠯᠡᠭᠴᠢ᠂ ᠠᠵᠢᠯᠴᠢᠨ ᠲᠠᠷᠢᠶᠠᠴᠢᠨ᠎ᠤ ᠠᠷᠠᠳᠴᠢᠯᠠᠭᠰᠠᠨ ᠨᠠᠮ᠎ᠤᠨ ᠭᠡᠰᠢᠭᠦᠨ᠂ ᠭᠤᠸᠠᠩᠳᠦ᠋ᠩ ᠠ᠋ᠷᠡᠭᠦᠯᠵᠢᠯ᠎ᠤᠨ ᠨᠡᠶ᠋ᠢᠭᠡᠮᠯᠢᠭ᠎ᠤᠨ ᠠᠮᠢᠰᠬᠤᠯ᠎ᠤᠨ ᠠ᠋ᠷᠡᠭᠦᠯᠵᠢᠯ᠎ᠤᠨ ᠬᠤᠪᠢᠶᠠᠷᠢ ᠨᠡᠶ᠋ᠢᠭᠡᠮᠯᠢᠭ᠎ᠤᠨ ᠪᠠᠶ᠋ᠢᠩᠭᠤ ᠵᠢᠨ ᠭᠡᠰᠢᠭᠦᠨ᠂ ᠳᠣᠮᠳᠠᠳᠣ ᠣᠯᠣᠰ᠎ᠤᠨ ᠵᠡᠭᠦᠦ ᠲᠦᠭᠡᠨᠡᠯᠭᠡ ᠵᠢᠨ ᠣᠬᠠᠭ᠋ᠠᠨ᠎ᠤ ᠨᠡᠶ᠋ᠢᠭᠡᠮᠯᠢᠭ᠎ᠤᠨ ᠭᠤᠸᠠᠩᠳᠦ᠋ᠩ ᠮᠣᠵᠢ ᠵᠢᠨ ᠬᠤᠪᠢᠶᠠᠷᠢ ᠨᠡᠶ᠋ᠢᠬᠡᠮᠯᠢᠭ᠎ᠤᠨ ᠵᠡᠭᠦᠦ ᠵᠠᠰᠠᠯ᠎ᠤᠨ ᠵᠦᠪᠯᠡᠯ᠎ᠤᠨ ᠪᠠᠶ᠋ᠢᠩᠭᠤ ᠵᠢᠨ ᠭᠡᠰᠢᠭᠦᠨ᠂ ᠭᠤᠸᠠᠩᠳᠦ᠋ᠩ ᠮᠣᠵᠢ ᠵᠢᠨ ᠠ᠋ᠷᠡᠭᠦᠯᠵᠢᠯ᠎ᠤᠨ ᠠ᠋ᠮᠨᠡᠯᠭᠡ ᠵᠢᠨ ᠣᠬᠠᠭ᠋ᠠᠨ᠎ᠤ ᠨᠡᠶ᠋ᠢᠭᠡᠮᠯᠢᠭ᠎ᠤᠨ ᠠ᠋ᠷᠡᠭᠦᠯᠵᠢᠯ ᠵᠠᠰᠠᠯ᠎ᠤᠨ ᠬᠤᠪᠢᠶᠠᠷᠢ ᠨᠡᠶ᠋ᠢᠭᠡᠮᠯᠢᠭ᠎ᠤᠨ ᠬᠡᠷᠡᠭ ᠠ᠋ᠷᠬᠢᠯᠡᠭᠴᠢ᠂ ᠭᠤᠸᠠᠩᠳᠦ᠋ᠩ ᠮᠣᠵᠢ ᠵᠢᠨ ᠹᠢᠽᠢᠺ᠎ᠤᠨ ᠠᠨᠠᠭ᠋ᠠᠬᠤ ᠣᠬᠠᠭ᠋ᠠᠨ ᠬᠢᠭᠡᠳ ᠠ᠋ᠷᠡᠭᠦᠯᠵᠢᠯ᠎ᠤᠨ ᠣᠬᠠᠭ᠋ᠠᠨ᠎ᠤ ᠨᠡᠶ᠋ᠢᠭᠡᠮᠯᠢᠭ᠎ᠤᠨ ᠹᠥᠸᠧ ᠱᠠᠨ ᠬᠤᠲᠠ ᠵᠢᠨ ᠬᠤᠪᠢᠶᠠᠷᠢ ᠨᠡᠶ᠋ᠢᠭᠡᠮᠯᠢᠭ᠎ᠤᠨ ᠪᠠᠶ᠋ᠢᠩᠭᠤ ᠵᠢᠨ ᠭᠡᠰᠢᠭᠦᠨ᠂ ᠹᠥᠸᠧ ᠱᠠᠨ ᠬᠤᠲᠠ ᠵᠢᠨ ᠬᠢᠲᠠᠳ ᠧᠦ᠋ᠷᠥᠫᠡ ᠠ᠋ᠮᠨᠡᠯᠭᠡ ᠵᠢᠨ ᠣᠬᠠᠭ᠋ᠠᠨ᠎ᠤ ᠨᠡᠶ᠋ᠢᠭᠡᠮᠯᠢᠭ᠎ᠤᠨ ᠠ᠋ᠷᠡᠭᠦᠯᠵᠢᠯ᠎ᠤᠨ ᠬᠤᠪᠢᠶᠠᠷᠢ ᠨᠡᠶ᠋ᠢᠭᠡᠮᠯᠢᠭ᠎ᠤᠨ ᠳᠡᠳ᠋ ᠠ᠋ᠷᠬᠢᠯᠡᠭᠴᠢ ᠭᠡᠰᠢᠭᠦᠨ᠂ ᠹᠥᠸᠧ ᠱᠠᠨ ᠬᠤᠲᠠ ᠵᠢᠨ ᠠ᠋ᠷᠡᠭᠦᠯᠵᠢᠯ᠎ᠤᠨ ᠠᠨᠠᠭ᠋ᠠᠬᠤ ᠣᠬᠠᠭ᠋ᠠᠨ᠎ᠤ ᠨᠠᠰᠣᠲᠠᠶ᠋ᠢᠴᠣᠳ᠎ᠤᠨ ᠡᠪᠡᠳᠴᠢᠨ᠎ᠤ ᠲᠣᠰᠬᠠᠢ ᠮᠡᠷᠭᠡᠵᠢᠯ᠎ᠤᠨ ᠵᠦᠪᠯᠡᠯ᠎ᠤᠨ ᠳᠡᠳ᠋ ᠠ᠋ᠷᠬᠢᠯᠡᠭᠴᠢ ᠭᠡᠰᠢᠭᠦᠨ᠂ ᠹᠥᠸᠧ ᠱᠠᠨ ᠬᠤᠲᠠ ᠵᠢᠨ ᠠ᠋ᠷᠡᠭᠦᠯᠵᠢᠯ᠎ᠤᠨ ᠠᠨᠠᠭ᠋ᠠᠬᠤ ᠣᠬᠠᠭ᠋ᠠᠨ᠎ᠤ ᠨᠡᠶ᠋ᠢᠭᠡᠮᠯᠢᠭ᠎ᠤᠨ ᠪᠠᠶ᠋ᠢᠩᠭᠤ ᠵᠢᠨ ᠭᠡᠰᠢᠭᠦᠨ ᠵᠡᠷᠭᠡ ᠨᠡᠶ᠋ᠢᠭᠡᠮ᠎ᠤᠨ ᠲᠣᠰᠢᠶᠠᠯ᠎ᠢ ᠬᠠᠷᠢᠭᠤᠴᠠᠵᠣ ᠪᠠᠶ᠋ᠢᠨ᠎ᠠ᠃
      ᠲᠡᠷᠡ ᠪᠠᠰᠠ 《ᠲᠠᠷᠢᠬᠢᠨ᠎ᠤ ᠦᠬᠢᠷᠲᠡᠯ ᠡᠪᠡᠳᠴᠢᠨ᠎ᠢ ᠰᠡᠷᠭᠦᠭᠡᠨ ᠨᠡᠬᠡᠭᠡᠭᠳᠡᠭᠦᠯᠬᠦ ᠵᠡᠭᠦᠦ ᠬᠠᠳᠬᠤᠯᠭ᠎ᠠ ᠳᠠᠭ᠋ᠠᠯᠳᠤᠭᠤᠯᠤᠨ ᠲᠠᠨᠢᠨ ᠮᠡᠳᠡᠷᠡᠬᠦᠢ ᠳᠠᠰᠬᠠᠯ ᠬᠢᠯᠭᠡᠬᠦ ᠵᠢᠨ ᠲᠠᠷᠢᠬᠢᠨ᠎ᠤ ᠭᠡᠮᠲᠦᠯ᠎ᠳᠤ ᠦᠵᠡᠭᠦᠯᠬᠦ ᠨᠦᠯᠦᠭᠡ》᠂ 《ᠮᠠᠺᠺᠤᠨᠰ ᠬᠢᠶᠧ ᠵᠢᠨ ᠵᠠᠰᠠᠯᠭ᠎ᠠ ᠵᠢᠨ ᠠᠷᠭ᠎ᠠ ᠵᠢ ᠨᠢᠷᠤᠭᠤ ᠰᠡᠭᠡᠷ ᠲᠤᠪᠤᠶ᠋ᠢᠭᠰᠠᠨ᠎ᠢ ᠵᠠᠰᠠᠭ᠍ᠤ᠎ᠳᠤ ᠬᠡᠷᠡᠭᠯᠡᠬᠦ᠎ᠨᠢ》 ᠵᠡᠷᠭᠡ ᠦᠭᠦᠯᠡᠯ ᠵᠶ᠋ᠠᠨ ᠨᠡᠶ᠋ᠢᠲᠡᠯᠡᠭᠦᠯᠦᠭᠰᠡᠨ ᠪᠦᠭᠡᠳ ᠪᠠᠰᠠ 《ᠬᠢᠲᠠᠳ ᠡᠮ ᠵᠶ᠋ᠠᠷ ᠪᠢᠲᠡᠭᠦᠮᠵᠢᠯᠡᠨ ᠪᠣᠭᠤᠬᠤ ᠵᠠᠰᠠᠯ》 ᠵᠡᠷᠭᠡ ᠬᠤᠷᠢ ᠭᠠᠷᠣᠢ ᠰᠢᠨ᠎ᠡ ᠲᠦᠷᠦᠯ   ᠵᠦᠢ᠍ᠯ᠂ ᠰᠢᠨ᠎ᠡ ᠮᠡᠷᠭᠡᠵᠢᠯ᠎ᠤᠨ ᠠ᠋ᠭᠦᠷᠭᠡ ᠵᠢ ᠳᠠᠭ᠋ᠠᠭ᠋ᠠᠴᠢᠯᠠᠨ ᠪᠡᠶᠡᠯᠡᠭᠦᠯᠪᠡ᠃
      ᠦᠨᠡᠨᠵᠢᠷᠭ᠋ᠠᠯ᠂ 1972 ᠣᠨ᠎ᠳᠤ ᠲᠦᠷᠦᠪᠡ᠃ 1994 ᠣᠨ᠎ᠳᠤ ᠰᠢᠯᠢ ᠵᠢᠨ ᠭᠤᠣᠯ᠎ᠤᠨ ᠠ᠋ᠳ᠋᠎ᠤᠨ ᠵᠠᠰᠠᠭ ᠠᠵᠤ ᠠᠬᠤᠢ ᠵᠢᠨ ᠰᠤᠷᠭ᠋ᠠᠭᠤᠯᠢ᠎ᠠᠴᠠ ᠲᠡᠭᠦᠰᠴᠦ 1994 ᠣᠨ᠎ᠤ 8 ᠰᠠᠷ᠎ᠠ᠎ᠳᠤ ᡁᠢ ᠠᠨ ᠪᠠᠯᠭ᠋ᠠᠰᠤᠨ᠎ᠤ ᠵᠠᠰᠠᠭ᠎ᠤᠨ ᠣᠷᠳᠤᠨ᠎ᠳᠤ ᠠᠵᠢᠯ᠎ᠤᠨ ᠭᠠᠷᠤᠭ᠎ᠠ ᠠᠪᠴᠤ 1999~2001 ᠣᠨ᠎ᠳᠤ ᡁᠢ ᠠᠨ ᠪᠠᠯᠭ᠋ᠠᠰᠤᠨ᠎ᠤ ᠲᠦᠯᠦᠪᠯᠡᠭᠡᠲᠦ ᠦᠷᠡᠵᠢᠯ᠎ᠤᠨ ᠠᠯᠪᠠᠨ ᠭᠡᠷ᠎ᠤᠨ ᠠ᠋ᠷᠬᠢᠯᠡᠭᠴᠢ ᠵᠢᠨ ᠲᠤᠰᠢᠶᠠᠯ᠎ᠢ ᠬᠠᠷᠢᠭᠤᠴᠠᠵᠤ᠂ 2001~2002 ᠣᠨ᠎ᠳᠤ ᡁᠢ ᠠᠨ ᠪᠠᠯᠭ᠋ᠠᠰᠤᠨ᠎ᠤ ᠡᠪᠯᠡᠯ᠎ᠤᠨ ᠬᠤᠷᠢᠶᠠᠨ᠎ᠤ ᠱᠦᠵᠢ ᠵᠢᠴᠢ ᠡᠵᠡᠩᠨᠡᠨ ᠬᠠᠮᠢᠶᠠᠷᠤᠯᠲᠠ ᠵᠢᠨ ᠦᠷᠲᠡᠭᠡᠨ᠎ᠤ ᠦᠷᠲᠡᠭᠡᠨ ᠳᠠᠷᠤᠭ᠎ᠠ ᠵᠡᠷᠭᠡ ᠲᠣᠰᠢᠶᠠᠯ᠎ᠢ ᠬᠠᠪᠰᠣᠷᠭ᠋ᠠᠨ ᠬᠠᠷᠢᠭᠤᠴᠠᠪᠠ᠃ 2002~2008 ᠣᠨ᠎ᠳᠤ ᡁᠢ ᠠᠨ ᠪᠠᠯᠭ᠋ᠠᠰᠤ ᠵᠢᠨ ᠨᠠᠮ᠎ᠤᠨ ᠬᠤᠷᠢᠶᠠᠨ᠎ᠤ ᠵᠣᠬᠢᠶᠠᠨ ᠪᠠᠶ᠋ᠢᠭᠤᠯᠬᠤ ᠭᠡᠰᠢᠭᠦᠨ ᠪᠦᠭᠡᠳ ᠨᠠᠮ᠎ᠤᠨ ᠬᠤᠷᠢᠶᠠᠨ᠎ᠤ ᠨᠠᠷᠢᠨ ᠪᠢᠴᠢᠭᠡᠴᠢ ᠵᠢᠨ ᠲᠤᠰᠢᠶᠠᠯ᠎ᠢ ᠬᠠᠷᠢᠭᠤᠴᠠᠪᠠ᠃ 2008 ᠣᠨ 3 ᠰᠠᠷ᠎ᠠ᠎ᠠᠴᠠ 2009 ᠣᠨ᠎ᠤ 3 ᠰᠠᠷ᠎ᠠ ᠬᠦᠷᠲᠡᠯ᠎ᠡ ᠵᠠᠬᠢᠳᠠᠯ ᠰᠣᠷᠪᠣᠯᠵᠢᠯᠠᠭ᠎ᠠ ᠵᠢᠨ ᠲᠣᠪᠴᠢᠶᠠᠨ᠎ᠤ ᠲᠣᠪᠴᠢᠶᠠᠨ ᠳᠠᠷᠤᠭ᠎ᠠ ᠵᠢᠨ ᠲᠤᠰᠠᠯᠠᠭᠴᠢ᠎ᠪᠠᠷ ᠠᠵᠢᠯᠯᠠᠪᠠ᠃ 2009 ᠣᠨ᠎ᠤ 3 ᠰᠠᠷ᠎ᠠ᠎ᠠᠴᠠ 2013 ᠣᠨ᠎ᠤ 5 ᠰᠠᠷ᠎ᠠ ᠬᠦᠷᠲᠡᠯ᠎ᠡ ᠨᠠᠢ᠍ᠮᠠᠨ ᠬᠤᠰᠢᠭᠤᠨ᠎ᠤ ᠵᠠᠬᠢᠳᠠᠯ ᠰᠣᠷᠪᠤᠯᠵᠢᠯᠠᠭ᠎ᠠ ᠵᠢᠨ ᠲᠣᠪᠴᠢᠶᠠᠨ᠎ᠤ ᠳᠡᠳ᠋ ᠲᠣᠪᠴᠢᠶᠠᠨ ᠳᠠᠷᠤᠭ᠎ᠠ ᠵᠢᠨ ᠲᠤᠰᠢᠶᠠᠯ᠎ᠢ ᠬᠠᠷᠢᠭᠤᠴᠠᠵᠤ᠂ 2013 ᠣᠨ᠎ᠠᠴᠠ 2018 ᠣᠨ᠎ᠤ 12 ᠰᠠᠷ᠎ᠠ ᠬᠦᠷᠲᠡᠯ᠎ᠡ ᠨᠠᠢ᠍ᠮᠠᠨ ᠬᠤᠰᠢᠭᠤᠨ᠎ᠤ ᠠᠷᠠᠳ᠎ᠤᠨ ᠶᠠᠪᠤᠳᠠᠯ᠎ᠤᠨ ᠲᠣᠪᠴᠢᠶᠠᠨ᠎ᠤ ᠳᠡᠳ᠋ ᠲᠣᠪᠴᠢᠶᠠᠨ ᠳᠠᠷᠤᠭ᠎ᠠ ᠵᠢᠨ ᠲᠣᠰᠢᠶᠠᠯ᠎ᠢ ᠬᠠᠷᠢᠭᠤᠴᠠᠭᠰᠠᠭ᠋ᠠᠷ ᠪᠣᠢ᠃
      ᠰᠢᠪᠰᠢᠭᠤᠳ ᠬᠠᠷᠠᠪᠠᠷᠰ᠂ ᠲᠣᠮᠳᠠᠳᠣ ᠰᠣᠷᠭ᠋ᠠᠭᠤᠯᠢ ᠵᠢᠨ ᠳᠡᠭᠡᠳᠤ ᠵᠡᠷᠭᠡ᠎ᠤᠨ ᠪᠠᠭᠰᠢ ᠴᠣᠯᠠ᠎ᠲᠠᠢ᠃ ᠵᠢᠷᠢᠮ ᠠᠶ᠋ᠢᠮᠠᠭ᠎ᠤᠨ ᠨᠠᠢ᠍ᠮᠠᠨ ᠬᠤᠰᠢᠭᠤᠨ᠎ᠤ ᠠᠮᠣᠭᠤᠯᠠᠩ ᠰᠣᠮᠣ ᠵᠢᠨ ᠵᠡᠬᠦᠨ ᠬᠤᠯᠣᠰᠣᠳᠠᠢ ᠭᠠᠴᠠᠭ᠋ᠠᠨ᠎ᠳᠤ ᠨᠤᠲᠤᠭ᠎ᠲᠠᠢ᠃ ᠪᠠᠶ᠋ᠢᠳᠣ᠂ ᠵᠡᠬᠦᠨ ᠬᠤᠯᠣᠰᠣᠳᠠᠢ ᠪᠠᠭ᠎ᠠ ᠰᠣᠷᠭ᠋ᠠᠭᠤᠯᠢ᠎ᠠᠴᠠ ᠪᠢᠴᠢᠭ ᠰᠣᠶᠣᠯ᠎ᠤᠨ ᠮᠦᠷ ᠬᠦᠬᠡᠬᠡᠵᠦ 1990 ᠣᠨ᠎ᠳᠤ ᠦᠪᠦᠷ ᠮᠤᠩᠭᠤᠯ᠎ᠤᠨ ᠶᠡᠭᠡ ᠰᠣᠷᠭ᠋ᠠᠭᠤᠯᠢ ᠵᠢᠨ ᠮᠤᠨᠭ᠌ᠭᠤᠯ ᠬᠡᠯᠡ ᠣᠳᠬ᠎ᠠ ᠵᠣᠬᠢᠶᠠᠯ᠎ᠤᠨ ᠰᠠᠯᠪᠣᠷᠢ ᠵᠢᠨ ᠵᠢᠩᠭᠢᠨᠢ ᠠᠩᠬᠢ᠎ᠪᠠᠨ ᠲᠡᠭᠦᠰᠭᠡᠭᠡᠳ ᠠᠯᠠᠱ᠌ᠠ ᠠᠶ᠋ᠢᠮᠠᠭ᠎ᠤᠨ ᠡᠵᠡᠨ᠎ᠡ ᠬᠤᠰᠢᠭᠤᠨ᠎ᠤ ᠮᠣᠩᠭᠤᠯ ᠲᠣᠮᠳᠠᠳᠣ ᠰᠠᠣᠷᠭ᠋ᠠᠭᠤᠯᠢ᠎ᠳᠤ ᠪᠠᠭᠰᠢᠯᠠᠵᠤ᠂ ᠲᠣᠣᠷᠠᠶ᠋ᠢᠳᠣ ᠨᠣᠳᠤᠭ᠎ᠤᠨ ᠲᠣᠷᠭᠤᠳ ᠶᠠᠰᠣᠨ᠎ᠤ ᠬᠡᠣᠬᠡᠳ᠎ᠢ 《ᠶᠠᠰᠣ᠎ᠲᠠᠢ᠂ ᠨᠣᠮ ᠲ᠋ᠠᠢ》 ᠪᠣᠯᠭ᠋ᠠᠬᠤ ᠬᠡᠵᠦ ᠮᠠᠬᠠᠷᠠᠨ ᠵᠢᠳᠬᠦᠭᠰᠡᠨ ᠭᠤᠪᠢ ᠵᠢᠨ ᠱᠣᠩᠬᠤᠷ᠎ᠤᠨ ᠨᠢᠬᠡᠨ ᠪᠢᠯᠡ᠃ ᠭᠤᠴᠢ ᠰᠢᠬᠠᠮ ᠵᠢᠯ᠎ᠤᠨ ᠲᠣᠷᠰᠢ ᠲᠦᠷᠦᠭᠰᠡᠨ ᠨᠣᠳᠤᠭ ᠬᠢᠭᠡᠳ ᠬᠠᠷᠢ ᠨᠣᠳᠤᠭ᠎ᠤᠨ᠎ᠬᠢᠨ᠎ᠤ ᠨᠡᠷ᠎ᠡ ᠬᠦᠨᠳᠦ ᠵᠢ ᠭᠤᠳᠣᠭ᠋ᠠᠭᠰᠠᠨ ᠦᠭᠡᠢ ᠮᠡᠷᠡᠶ᠋ᠢᠨ ᠲᠠᠮᠠᠴᠡᠵᠦ᠂ ᠠᠯᠠᠱ᠌ᠠ ᠠᠶ᠋ᠢᠮᠠᠭ᠎ᠤᠨ ᠵᠢᠭ᠋ᠠᠨ ᠰᠣᠷᠭ᠋ᠠᠬᠤ ᠰᠣᠳᠣᠨ ᠴᠢᠳᠠᠪᠣᠷᠢᠳᠠᠨ ᠵᠶ᠋ᠠᠷ ᠬᠤᠶᠠᠷᠳᠠ ᠴᠣᠯᠭᠤᠷᠠᠨ᠂ 2006 ᠣᠨ᠎ᠳᠤ ᠦᠪᠦᠷ ᠮᠣᠩᠭᠤᠯ ᠣᠷᠣᠨ᠎ᠤ ᠰᠢᠯᠢᠳᠡᠭ ᠪᠠᠭᠰᠢ ᠵᠢᠨ ᠠᠯᠳᠠᠷ ᠵᠶ᠋ᠠᠷ ᠠ᠋ᠩᠭᠡᠷ ᠵᠶ᠋ᠠᠨ ᠮᠢᠯᠢᠶᠠᠯᠭ᠋ᠠᠭᠰᠠᠨ ᠪᠠᠢ᠍ᠢ᠍ᠨ᠎ᠠ᠃ ᠠᠯᠠᠱ᠌ᠠ ᠠᠶ᠋ᠢᠮᠠᠭ᠎ᠤᠨ ᠲᠠᠭᠤᠷᠢᠶᠠᠯ ᠦᠵᠡᠬᠦᠯᠬᠦ ᠬᠢᠴᠢᠶᠡᠯᠯᠡᠭᠡ ᠵᠢᠨ ᠪᠦᠯᠬᠦᠮ᠎ᠤᠨ ᠬᠡᠰᠢᠬᠦᠨ᠂ ᠦᠪᠦᠷ ᠮᠣᠩᠭᠤᠯ᠎ᠤᠨ ᠮᠣᠩᠭᠤᠯ ᠬᠡᠯᠡᠨ᠎ᠤ ᠲᠠᠭᠤᠷᠢᠶᠠᠯ ᠦᠵᠡᠬᠦᠯᠬᠦ ᠬᠢᠴᠢᠶᠡᠯᠯᠡᠭᠡ ᠵᠢᠨ ᠦᠬᠡᠷᠡᠴᠢᠯᠡᠯᠳᠡ ᠵᠢᠨ ᠲᠠᠭ᠋ᠠᠭᠤᠯᠣᠭᠴᠢ ᠪᠠᠭᠰᠢ ᠵᠡᠷᠭᠡ᠎ᠪᠠᠷ ᠮᠣᠩᠭᠤᠯ ᠬᠡᠯᠡᠨ᠎ᠤ ᠵᠢᠭ᠋ᠠᠨ ᠰᠣᠷᠭ᠋ᠠᠯᠳᠠ᠎ᠳᠤ ᠬᠤᠰᠢᠭᠤᠴᠢᠯᠠᠨ ᠭᠠᠷᠮᠠᠭ᠋ᠠᠶ᠋ᠢᠯᠠᠵᠦ ᠪᠠᠢ᠍ᠢ᠍ᠨ᠎ᠠ᠃ ᠠᠯᠠᠱ᠌ᠠ ᠠᠶ᠋ᠢᠮᠠᠭ᠎ᠤᠨ ᠣᠷᠠᠨ ᠪᠢᠴᠢᠯᠭᠡᠳᠡᠳ᠎ᠤᠨ ᠨᠡᠶ᠋ᠢᠬᠡᠮᠯᠢᠭ᠎ᠤᠨ ᠬᠡᠰᠢᠬᠦᠨ᠂ ᠦᠪᠦᠷ ᠮᠣᠩᠭᠤᠯ᠎ᠤᠨ ᠣᠷᠠᠨ ᠪᠢᠷ᠎ᠤᠨ ᠪᠢᠴᠢᠯᠭᠡ ᠵᠢᠨ ᠬᠡᠰᠢᠬᠦᠨ᠂ ᠡᠵᠡᠨ᠎ᠡ ᠬᠤᠰᠢᠭᠤᠨ᠎ᠤ ᠵᠣᠬᠢᠶᠠᠯᠴᠢᠳ᠎ᠤᠨ ᠨᠡᠶ᠋ᠢᠬᠡᠮᠯᠢᠭ᠎ᠤᠨ ᠬᠡᠰᠢᠬᠦᠨ᠂ ᠠᠯᠠᠱ᠌ᠠ ᠠᠶ᠋ᠢᠮᠠᠭ᠎ᠤᠨ ᠵᠣᠬᠢᠶᠠᠯᠴᠢᠳ᠎ᠤᠨ ᠨᠡᠶ᠋ᠢᠬᠡᠮᠯᠢᠭ᠎ᠤᠨ ᠬᠡᠰᠢᠬᠦᠨ ᠵᠡᠷᠭᠡ ᠨᠡᠶ᠋ᠢᠬᠡᠮ᠎ᠤᠨ ᠲᠤᠰᠢᠶᠠᠯ᠎ᠲᠠᠢ᠃ 《ᠮᠦᠩᠭᠡ ᠲᠣᠯᠭ᠎ᠠ》 ᠰᠣᠶᠣᠯ᠎ᠤᠨ ᠨᠡᠶ᠋ᠢᠬᠡᠮᠯᠢᠭ᠎ᠤᠨ ᠠ᠋ᠬᠦᠰᠬᠡᠨ ᠪᠠᠶ᠋ᠢᠭᠤᠯᠣᠭᠴᠢ᠃ 《ᠶᠡᠭᠡ ᠭᠤᠪᠢ ᠵᠢᠨ ᠲᠣᠣᠯᠢ》 《ᠣᠶᠠᠩᠭ᠋ᠠᠨ ᠲᠣᠣᠷᠠᠢ》 《ᠠᠷᠢᠭᠤᠨ ᠲᠣᠭᠤᠰᠣ》 ᠵᠡᠷᠭᠡ ᠣᠯᠠᠨ ᠰᠢᠯᠦᠭ᠎ᠤᠨ ᠪᠦᠳᠦᠬᠡᠯ᠎ᠲᠠᠢ᠃ ᠠ᠋ᠳᠦᠬᠡ ᠡᠵᠡᠨ᠎ᠡ ᠬᠤᠰᠢᠭᠤᠨ᠎ᠤ ᠮᠣᠩᠭᠤᠯ ᠲᠣᠮᠳᠠᠳᠣ ᠰᠣᠷᠭ᠋ᠠᠭᠤᠯᠢ ᠵᠢᠨ ᠲᠡᠳ᠋ ᠵᠠᠬᠢᠷᠣᠯ ᠵᠶ᠋ᠠᠷ ᠠᠵᠢᠯᠯᠠᠵᠤ ᠪᠤᠢ᠃
      ᠵᠢᠩ ᠷᠦᠩ᠂ 1973 ᠣᠨ᠎ᠳᠤ ᠲᠦᠷᠦᠪᠡ᠃ ᠠᠰᠫᠢᠷᠠᠨᠲ ᠵᠢᠨ ᠰᠤᠷᠤᠯᠭ᠎ᠠ ᠵᠢᠨ ᠨᠠᠮᠳᠠᠷ᠎ᠲᠠᠢ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠃ 1998 ᠣᠨ᠎ᠳᠤ ᠦᠪᠦᠷ ᠮᠣᠩᠭᠤᠯ᠎ᠤᠨ ᠶᠡᠭᠡ ᠰᠣᠷᠭ᠋ᠠᠭᠤᠯᠢ ᠵᠢᠨ ᠮᠣᠩᠭᠤᠯ ᠬᠡᠯᠡ ᠤᠳᠬ᠎ᠠ ᠵᠣᠬᠢᠶᠠᠯ᠎ᠤᠨ ᠰᠠᠯᠪᠣᠷᠢ᠎ᠠᠴᠠ ᠲᠡᠭᠦᠰᠴᠦ ᠦᠪᠦᠷ ᠮᠣᠩᠭᠤᠯ᠎ᠤᠨ ᠦᠪᠡᠷᠲᠡᠭᠡᠨ ᠵᠠᠰᠠᠭ᠍ᠣ ᠣᠷᠣᠨ᠎ᠤ ᠨᠠᠮ᠎ᠤᠨ ᠬᠤᠷᠢᠶᠠᠨ᠎ᠤ ᠣᠬᠠᠭᠤᠯᠬᠤ ᠬᠡᠯᠲᠡᠰ᠎ᠤᠨ 《ᠰᠣᠯᠣᠩᠭ᠎ᠠ》 ᠰᠡᠳᠬᠦᠯ᠎ᠳᠤ ᠠᠵᠢᠯ᠎ᠤᠨ ᠬᠤᠪᠢᠶᠠᠷᠢ ᠠᠪᠴᠣ ᠣᠷᠴᠢᠭᠤᠯᠣᠭᠴᠢ᠂ ᠨᠠᠶ᠋ᠢᠷᠠᠭᠤᠯᠣᠭᠴᠢ᠂ ᠬᠠᠷᠢᠭᠤᠴᠠᠭᠰᠠᠨ ᠨᠠᠶ᠋ᠢᠷᠠᠭᠤᠯᠣᠭᠴᠢ᠎ᠪᠠᠷ ᠠᠵᠢᠯᠯᠠᠪᠠ᠃
     2006 ᠣᠨ᠎ᠤ 8 ᠰᠠᠷ᠎ᠠ᠎ᠠᠴᠠ 2008 ᠣᠨ᠎ᠤ 7 ᠰᠠᠷ᠎ᠠ ᠪᠤᠯᠳᠠᠯ᠎ᠠ ᠮᠣᠩᠭᠤᠯ ᠣᠯᠣᠰ᠎ᠤᠨ ᠣᠯᠣᠰ᠎ᠤᠨ ᠶᠡᠭᠡ ᠰᠣᠷᠭ᠋ᠠᠭᠤᠯᠢ ᠵᠢᠨ ᠮᠣᠩᠭᠤᠯ ᠬᠡᠯᠡ ᠤᠳᠬ᠎ᠠ ᠵᠣᠬᠢᠶᠠᠯ᠎ᠤᠨ ᠬᠦᠷᠢᠶᠡᠯᠡᠩ᠎ᠳᠤ ᠠᠶ᠋ᠢᠯᠴᠢᠯᠠᠭᠴᠢ ᠮᠡᠷᠭᠡᠵᠢᠯᠲᠡᠨ᠎ᠤ ᠬᠤᠪᠢ᠎ᠪᠠᠷ ᠰᠣᠷᠣᠯᠴᠠᠪᠠ᠃ ᠠ᠋ᠨᠡ ᠬᠤᠭᠤᠴᠠᠭ᠋ᠠᠨ᠎ᠳᠤ᠎ᠪᠠᠨ ᠮᠦᠨ ᠮᠤᠩᠭᠤᠯ ᠤᠯᠤᠰ᠎ᠤᠨ ᠪᠠᠭᠰᠢ ᠵᠢᠨ ᠶᠡᠭᠡ ᠰᠤᠷᠭ᠋ᠠᠭᠤᠯᠢ ᠵᠢᠨ ᠰᠤᠨᠢᠨ ᠮᠡᠳᠡᠭᠡᠨ᠎ᠤ ᠰᠠᠯᠪᠤᠷᠢ᠎ᠳᠤ ᠰᠤᠳᠤᠯᠬᠤ ᠰᠤᠷᠤᠭᠴᠢ᠎ᠪᠠᠷ ᠰᠤᠷᠤᠯᠴᠠᠵᠤ ᠰᠤᠨᠢᠨ ᠮᠡᠳᠡᠭᠡᠨ᠎ᠤ ᠮᠡᠷᠭᠡᠵᠢᠯ᠎ᠤᠨ ᠠᠰᠫᠢᠷᠠᠨᠲ᠎ᠤᠨ ᠴᠤᠯᠠ ᠬᠦᠷᠲᠡᠵᠠᠢ᠃ ᠤᠯᠤᠰ᠎ᠲᠤ᠎ᠪᠠᠨ ᠪᠤᠴᠠᠭᠰᠠᠨ᠎ᠤ ᠳᠠᠷᠠᠭ᠎ᠠ ᠠᠵᠢᠯ᠎ᠤᠨ ᠱᠠᠭ᠋ᠠᠷᠳᠠᠯᠭ᠎ᠠ᠎ᠪᠠᠷ 《ᠰᠤᠨᠢᠨ ᠮᠡᠳᠡᠭᠡ ᠬᠡᠪᠯᠡᠯ᠎ᠤᠨ ᠭᠠᠵᠠᠷ》᠎ᠲᠤ ᠠᠵᠢᠯ ᠰᠢᠯᠵᠢᠵᠤ ᠳᠡᠳ᠋ ᠭᠠᠵᠠᠷ᠎ᠤᠨ ᠳᠡᠰ᠎ᠤᠨ ᠺᠠᠳ᠋ᠷ ᠵᠶ᠋ᠠᠷ ᠠᠵᠢᠯᠯᠠᠵᠤ ᠪᠣᠢ᠃
      ᠲᠡᠷᠡ ᠪᠠᠰᠠ 《ᠬᠢᠲᠠᠳ ᠬᠡᠪᠰᠢᠮᠡᠯ ᠦᠭᠡᠨ᠎ᠤ ᠣᠷᠴᠢᠭᠤᠯᠭ᠎ᠠ ᠵᠢᠨ ᠲᠤᠬᠠᠢ》᠂ 《ᠣᠷᠴᠢᠭᠤᠯᠭ᠎ᠠ ᠵᠢᠨ ᠠᠮᠢᠳᠤᠯᠢᠭ ᠴᠢᠨᠠᠷ》᠂ 《ᠣᠷᠴᠢᠭᠤᠯᠭ᠎ᠠ ᠵᠢᠨ ᠭᠤᠷᠪᠠᠨ ᠵᠠᠩᠭᠢᠯᠠᠭ᠎ᠠ ᠵᠢ ᠡᠵᠡᠮᠰᠢᠬᠦ ᠲᠣᠬᠠᠢ》᠂ 《ᠮᠣᠩᠭᠤᠯ ᠮᠤᠷᠢᠨ᠎ᠤ ᠲᠤᠬᠠᠢ》 ᠵᠡᠷᠭᠡ 30 ᠭᠠᠷᠤᠢ ᠦᠭᠦᠯᠡᠯ ᠵᠶ᠋ᠠᠨ 《ᠮᠣᠩᠭᠤᠯ ᠬᠡᠯᠡ ᠪᠢᠴᠢᠭ》᠂ 《ᠬᠡᠯᠡ ᠪᠠ ᠤᠷᠴᠢᠭᠤᠯᠭ᠎ᠠ》᠂ 《ᠮᠣᠩᠭᠤᠯ ᠬᠡᠯᠡ ᠤᠳᠬ᠎ᠠ ᠵᠤᠬᠢᠶᠠᠯ》᠂ 《ᠦᠪᠦᠷ ᠮᠣᠩᠭᠤᠯ᠎ᠤᠨ ᠠ᠋ᠳᠦᠷ᠎ᠤᠨ ᠰᠤᠨᠢᠨ》 ᠵᠡᠷᠭᠡ ᠰᠤᠨᠢᠨ ᠰᠡᠳᠬᠦᠯ᠎ᠳᠤ ᠨᠡᠶ᠋ᠢᠲᠡᠯᠡᠭᠦᠯᠵᠠᠢ᠃ ᠪᠠᠰᠠ ᠳᠤᠮᠳᠠᠳᠤ᠂ ᠮᠣᠩᠭᠤᠯ᠂ ᠣᠷᠣᠰ ᠭᠤᠷᠪᠠᠨ ᠤᠯᠤᠰ᠎ᠤᠨ ᠵᠠᠯᠠᠭᠤᠴᠤᠳ᠎ᠤᠨ ᠶᠠᠷᠢᠯᠴᠠᠭ᠋ᠠᠨ᠎ᠤ ᠬᠤᠷᠠᠯ᠎ᠤᠨ ᠬᠢᠲᠠᠳ ᠮᠠᠲ᠋ᠧᠷᠢᠶᠠᠯ᠎ᠢ ᠺᠢᠷᠢᠯ ᠦᠰᠦᠭ ᠵᠶ᠋ᠠᠷ ᠤᠷᠴᠢᠭᠤᠯᠬᠤ ᠠᠵᠢᠯ ᠪᠤᠯᠤᠨ ᠦᠪᠦᠷ ᠮᠣᠩᠭᠤᠯ ᠪᠠ ᠮᠣᠩᠭᠤᠯ ᠤᠯᠤᠰ᠎ᠤᠨ ᠨᠦᠬᠦᠷᠰᠡᠭ ᠰᠤᠶᠤᠯ᠎ᠤᠨ ᠠᠵᠢᠯᠯᠠᠭ᠋ᠠᠨ᠎ᠤ ᠤᠷᠴᠢᠭᠤᠯᠤᠭᠴᠢ ᠵᠢᠨ ᠠᠵᠢᠯ᠎ᠢ ᠬᠠᠷᠢᠭᠤᠴᠠᠵᠤ ᠦᠨᠭᠭᠡᠷᠡᠵᠡᠢ᠃ ᠠᠵᠢᠯ᠎ᠳᠤ ᠭᠠᠷᠤᠭᠰᠠᠨ ᠴᠠᠭ᠎ᠠᠴᠠ ᠨᠠᠭ᠋ᠠᠰᠢ 《ᠰᠢᠯᠢᠳᠡᠭ ᠠᠵᠢᠯᠲᠡᠨ》᠂ 《ᠰᠢᠯᠢᠳᠡᠭ ᠨᠠᠮ᠎ᠤᠨ ᠭᠡᠰᠢᠭᠦᠨ》᠂ 《ᠦᠪᠡᠷᠲᠡᠭᠡᠨ ᠵᠠᠰᠠᠭ᠍ᠤ ᠤᠷᠤᠨ᠎ᠤ ᠮᠣᠩᠭᠤᠯ ᠬᠡᠯᠡ ᠰᠤᠷᠴᠤ ᠡᠵᠡᠮᠰᠢᠭᠰᠡᠨ ᠰᠢᠯᠢᠳᠡᠭ ᠠᠵᠢᠯᠲᠠᠨ》 ᠵᠡᠷᠭᠡ ᠢᠷᠠᠭᠤ ᠠᠯᠳᠠᠷ᠎ᠢ ᠬᠦᠷᠲᠡᠭᠰᠡᠨ ᠪᠦᠭᠡᠳ 2010 ᠣᠨ᠎ᠤ ᠱᠠᠩᠬᠠᠢ ᠵᠢᠨ ᠳᠡᠯᠡᠬᠡᠢ ᠵᠢᠨ ᠦᠵᠡᠰᠭᠦᠯᠡᠩ᠎ᠤᠨ ᠬᠤᠷᠠᠯ᠎ᠤᠨ ᠰᠤᠨᠢᠨ ᠮᠡᠳᠡᠭᠡᠨ᠎ᠤ ᠠᠵᠢᠯ᠎ᠤᠨ ᠦᠪᠦᠷ ᠮᠣᠩᠭᠤᠯ᠎ᠳᠤ᠎ᠬᠢ ᠰᠢᠯᠢᠳᠡᠭ ᠬᠤᠯᠪᠤᠭ᠋ᠠᠲᠠᠨ ᠵᠶ᠋ᠠᠷ ᠦᠨᠡᠯᠡᠭᠳᠡᠭᠰᠡᠨ ᠪᠠᠶ᠋ᠢᠨ᠎ᠠ᠃
      ᠪᠣᠣ ᠵᠢᠨ ᠰᠢᠶᠠᠩ᠂ 1972 ᠣᠨ᠎ᠳᠤ ᠲᠦᠷᠦᠪᠡ᠃ ᠠᠰᠫᠢᠷᠠᠨᠲ ᠵᠢᠨ ᠰᠤᠷᠤᠯᠭ᠎ᠠ ᠵᠢᠨ ᠨᠠᠮᠳᠠᠷ᠎ᠲᠠᠢ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠃ 1997 ᠣᠨ᠎ᠳᠤ ᠦᠪᠦᠷ ᠮᠣᠩᠭᠤᠯ᠎ᠤᠨ ᠶᠡᠭᠡ ᠰᠤᠷᠭ᠋ᠠᠭᠤᠯᠢ ᠵᠢᠨ ᠠᠵᠤ ᠠᠬᠤᠢ ᠵᠢᠨ ᠳᠡᠭᠡᠳᠦ ᠰᠤᠷᠭ᠋ᠠᠭᠤᠯᠢ ᠵᠢᠨ ᠠᠵᠤ ᠠᠬᠤᠶ᠋ᠢᠯᠠᠯ᠎ᠤᠨ ᠬᠠᠮᠢᠶᠠᠷᠤᠯᠲᠠ ᠵᠢᠨ ᠰᠠᠯᠪᠤᠷᠢ ᠵᠢᠨ ᠵᠢᠩᠭᠢᠨᠢ ᠠᠩᠭᠢ᠎ᠠᠴᠠ ᠲᠡᠭᠦᠰᠴᠦ᠂ 1997 ᠣᠨ᠎ᠤ 10 ᠰᠠᠷ᠎ᠠ᠎ᠳᠤ ᠠᠵᠢᠯ᠎ᠤᠨ ᠭᠠᠷᠤᠭ᠎ᠠ   ᠠᠪᠤᠪᠠ᠃ 1997 ᠣᠨ᠎ᠠᠴᠠ 2000 ᠣᠨ᠎ᠤ 6 ᠰᠠᠷ᠎ᠠ ᠬᠦᠷᠲᠡᠯ᠎ᠡ ᠪᠡᠭᠡᠵᠢᠩ᠎ᠤᠨ ᠵᠦᠧᠧ ᠶᠣᠸᠠᠢ ᠴᠢᠮᠡᠭᠡ ᠵᠠᠩᠬᠢ ᠵᠢᠨ ᠵᠦᠪᠯᠡᠬᠦ ᠲᠥᠪ᠎ᠲᠤ ᠰᠤᠷᠤᠯᠴᠠᠪᠠ᠃ 2000 ᠣᠨ᠎ᠤ 6 ᠰᠠᠷ᠎ᠠ᠎ᠠᠴᠠ 2006 ᠣᠨ᠎ᠤ 5 ᠰᠠᠷ᠎ᠠ ᠬᠦᠷᠲᠡᠯ᠎ᠡ ᠨᠠᠢ᠍ᠮᠠᠨ ᠬᠤᠰᠢᠭᠤᠨ᠎ᠤ ᠪᠠᠭ᠋ᠠᠪᠡᠷᠬᠡ ᠰᠤᠮᠤᠨ᠎ᠤ ᠡᠵᠡᠩᠨᠡᠯᠲᠡ ᠬᠠᠮᠢᠶᠠᠷᠤᠯᠲᠠ᠎ᠶᠢᠨ ᠦᠷᠲᠡᠭᠡᠨ᠎ᠳᠤ   ᠠᠵᠢᠯᠯᠠᠪᠠ᠃ 2006 ᠣᠨ᠎ᠤ 6 ᠰᠠᠷ᠎ᠠ᠎ᠠᠴᠠ ᠣᠳᠣ ᠪᠤᠯᠳᠠᠯ᠎ᠠ ᠨᠠᠢ᠍ᠮᠠᠨ ᠬᠤᠰᠢᠭᠤᠨ᠎ᠤ ᠲᠠᠷᠢᠶᠠᠯᠠᠩ ᠮᠠᠯ ᠠᠵᠤ ᠠᠬᠤᠢ ᠵᠢᠨ ᠡᠵᠡᠩᠨᠡᠨ ᠬᠠᠮᠢᠶᠠᠷᠤᠯᠲᠠ ᠵᠢᠨ ᠲᠥᠪ᠎ᠲᠤ ᠠᠵᠢᠯᠯᠠᠵᠤ ᠪᠣᠢ᠃ ᠠᠵᠢᠯ᠎ᠳᠤ ᠭᠠᠷᠤᠭᠰᠠᠨ᠎ᠠᠴᠠ ᠨᠠᠰᠢ ᠦᠪᠦᠷ ᠮᠣᠩᠭᠤᠯ᠎ᠤᠨ ᠦᠪᠡᠷᠲᠡᠭᠡᠨ ᠵᠠᠰᠠᠭ᠍ᠤ ᠣᠷᠣᠨ᠎ᠤ ᠣᠯᠭᠤᠭᠰᠠᠨ 《ᠪᠦᠬᠦ ᠣᠷᠣᠨ᠎ᠤ ᠲᠠᠷᠢᠶᠠᠯᠠᠩ᠎ᠤᠨ ᠪᠦᠷᠢᠳᠭᠡᠯ᠎ᠤᠨ ᠴᠢᠮᠡᠭᠡ ᠵᠠᠩᠬᠢ ᠵᠢᠨ ᠲᠡᠷᠢᠭᠦᠨ᠎ᠤ ᠬᠤᠪᠢ ᠬᠦᠮᠦᠨ》᠂ 《ᠪᠦᠬᠦ ᠣᠷᠣᠨ᠎ᠤ ᠲᠠᠷᠢᠶᠠᠯᠠᠩ ᠮᠠᠯ ᠠᠵᠤ ᠠᠬᠤᠢ ᠵᠢᠨ ᠴᠢᠮᠡᠭᠡ ᠵᠠᠩᠬᠢ ᠵᠢᠨ ᠠᠵᠢᠯ᠎ᠤᠨ ᠲᠡᠷᠢᠭᠦᠨ᠎ᠤ ᠬᠤᠪᠢ ᠬᠦᠮᠦᠨ》 ᠵᠡᠷᠭᠡ ᠱᠠᠩᠨᠠᠯ ᠬᠦᠬᠢᠭᠦᠯᠦᠯ᠎ᠢ ᠣᠯᠠᠨᠲᠠ ᠲᠣᠰᠤᠭᠰᠠᠨ ᠪᠠᠶ᠋ᠢᠨ᠎ᠠ᠃
    ᠵᠢᠨ ᠰᠦᠩ᠂ 1974 ᠣᠨ᠎ᠳᠤ ᠲᠦᠷᠦᠪᠡ᠃ 1998 ᠣᠨ᠎ᠤ 7 ᠰᠠᠷ᠎ᠠ᠎ᠳᠤ ᠭᠢᠷᠢᠨ ᠮᠤᠵᠢ ᠵᠢᠨ ᠬᠢᠮᠢ ᠵᠢᠨ ᠠᠵᠤ ᠦᠢ᠍ᠯᠡᠳᠪᠦᠷᠢ ᠵᠢᠨ ᠳᠡᠭᠡᠳᠦ ᠰᠤᠷᠭ᠋ᠠᠭᠤᠯᠢ ᠵᠢᠨ ᠬᠢᠮᠢ ᠵᠢᠨ ᠠᠵᠤ ᠦᠢ᠍ᠯᠡᠳᠪᠦᠷᠢ ᠵᠢᠨ ᠰᠠᠯᠪᠤᠷᠢ ᠵᠢᠨ ᠬᠢᠮᠢ ᠵᠢᠨ ᠠᠵᠤ ᠦᠢ᠍ᠯᠡᠳᠪᠦᠷᠢ ᠵᠢᠨ ᠢᠨᠵᠸᠨᠧᠷᠢᠩ᠎ᠤᠨ ᠠᠩᠭᠢ ᠵᠢᠨ ᠵᠢᠩᠭᠢᠨᠢ ᠠᠩᠭᠢ᠎ᠠᠴᠠ ᠲᠡᠭᠦᠰᠪᠡ᠃
     1998 ᠣᠨ᠎ᠤ 9 ᠰᠠᠷ᠎ᠠ ~2003 ᠣᠨ᠎ᠤ 10 ᠰᠠᠷ᠎ᠠ ᠪᠤᠯᠳᠠᠯ᠎ᠠ᠂ ᠦᠪᠦᠷ ᠮᠣᠩᠭᠤᠯ᠎ᠤᠨ ᠠ᠋ᠷᠡᠨᠳᠡ ᠵᠢᠨ ᠬᠢᠮᠢ ᠵᠢᠨ ᠠᠵᠤ ᠦᠢ᠍ᠯᠡᠳᠪᠦᠷᠢ ᠬᠢᠵᠠᠭ᠋ᠠᠷᠲᠤ ᠺᠣᠮᠫᠠᠨᠢ᠎ᠳᠤ ᠮᠡᠷᠭᠡᠵᠢᠯᠲᠡᠨ᠂ ᠢᠨᠵᠸᠨ᠋ᠸᠷ᠂ ᠦᠢ᠍ᠯᠡᠳᠪᠦᠷᠢ ᠵᠢᠨ ᠲᠠᠰᠤᠭ᠎ᠤᠨ ᠠ᠋ᠷᠬᠢᠯᠡᠭᠴᠢ ᠵᠡᠷᠭᠡ ᠲᠤᠰᠢᠶᠠᠯ᠎ᠢ ᠠ᠋ᠭᠦᠷᠭᠡᠯᠡᠵᠦ ᠠ᠋ᠳᠦᠷ ᠰᠦᠨᠢ ᠵᠢᠨ ᠬᠤᠪᠢᠨ᠎ᠳᠤ ᠴᠢᠷᠮᠠᠶ᠋ᠢᠨ ᠠᠵᠢᠯᠯᠠᠭᠰᠠᠨ᠎ᠠᠴᠠ 6 ᠰᠠᠷ᠎ᠠ ᠵᠢᠨ ᠬᠤᠭᠤᠴᠠᠭ᠋ᠠᠨ᠎ᠳᠤ ᠬᠢᠷᠢ ᠲᠡᠩᠴᠡᠭᠰᠡᠨ ᠪᠦᠲᠦᠭᠡᠭᠳᠡᠬᠦᠨ ᠵᠶ᠋ᠠᠨ ᠭᠠᠷᠭ᠋ᠠᠪᠠ᠃
     2003 ᠣᠨ᠎ᠤ 10 ᠰᠠᠷ᠎ᠠ ~2005 ᠣᠨ᠎ᠤ 5 ᠰᠠᠷ᠎ᠠ ᠪᠤᠯᠳᠠᠯ᠎ᠠ ᠭᠤᠸᠠᠩᠳᠦᠢ᠍ᠩ᠎ᠤᠨ ᠵᠢᠨ ᠲᠢᠶᠠᠨ ᠪᠦᠯᠦᠭᠯᠡᠯ᠎ᠤᠨ ᠵᠢᠶᠠ ᠶᠢ ᠢᠳᠡᠭᠡᠨ᠎ᠤ ᠬᠢᠵᠠᠭ᠋ᠠᠷᠲᠤ ᠺᠤᠮᠫᠠᠨᠢ᠎ᠳᠤ ᠢᠨᠵᠸᠨ᠋ᠸᠷ ᠵᠶ᠋ᠠᠷ ᠠᠵᠢᠯᠯᠠᠪᠠ᠃
     2005 ᠣᠨ᠎ᠤ 5 ᠰᠠᠷ᠎ᠠ ~2008 ᠣᠨ᠎ᠤ 5 ᠰᠠᠷ᠎ᠠ ᠪᠤᠯᠳᠠᠯ᠎ᠠ ᠭᠤᠸᠠᠩᠰᠢ ᠵᠢᠨ ᠴᠢᠨᠵᠧᠦ ᠵᠢᠨ ᠬᠠᠢ ᠨᠠ ᠬᠢᠮᠢ ᠵᠢᠨ ᠠᠵᠤ ᠦᠢ᠍ᠯᠡᠳᠪᠦᠷᠢ ᠵᠢᠨ ᠬᠢᠵᠠᠭ᠋ᠠᠷᠲᠤ ᠺᠤᠮᠫᠠᠨᠢ᠎ᠳᠤ ᠶᠡᠷᠦᠩᠬᠡᠢ ᠢᠨᠵᠸᠨᠧᠷ ᠵᠶ᠋ᠠᠷ ᠠᠵᠢᠯᠯᠠᠪᠠ᠃
     2008 ᠣᠨ᠎ᠤ 5 ᠰᠠᠷ᠎ᠠ ~2011 ᠣᠨ᠎ᠤ 11 ᠰᠠᠷ᠎ᠠ ᠪᠤᠯᠳᠠᠯ᠎ᠠ ᠴᠢᠩᠶᠤᠸᠠᠨ ᠬᠤᠲᠠ ᠵᠢᠨ ᠵᠦᠩ ᠬᠠᠨ ᠰᠢᠨ᠎ᠡ ᠠ᠋ᠨᠧᠷᠬᠢ ᠵᠢᠨ ᠬᠢᠵᠠᠭ᠋ᠠᠷᠲᠤ ᠺᠤᠮᠫᠠᠨᠢ᠎ᠳᠤ ᠲᠦᠷᠦᠯ ᠵᠦᠢ᠍ᠯ᠎ᠤᠨ ᠠ᠋ᠷᠬᠢᠯᠡᠭᠴᠢ᠂ ᠦᠢ᠍ᠯᠡᠳᠪᠦᠷᠢᠯᠡᠬᠦ ᠦᠢ᠍ᠯᠡᠳᠪᠦᠷᠢ ᠵᠢᠨ ᠳᠠᠷᠤᠭ᠎ᠠ ᠵᠡᠷᠭᠡ ᠲᠤᠰᠢᠶᠠᠯ ᠠ᠋ᠬᠦᠷᠬᠡᠯᠡᠨ ᠠᠵᠢᠯᠯᠠᠪᠠ᠃
     2011 ᠣᠨ᠎ᠤ 11 ᠰᠠᠷ᠎ᠠ ~2016 ᠣᠨ᠎ᠤ 5 ᠰᠠᠷ᠎ᠠ ᠪᠤᠯᠳᠠᠯ᠎ᠠ ᠹᠧᠩ ᠶᠢ ᠨᠠᠷᠢᠯᠢᠬ ᠬᠢᠮᠢ ᠵᠢᠨ ᠬᠢᠵᠠᠭ᠋ᠠᠷᠲᠤ ᠺᠤᠮᠫᠠᠨᠢ᠎ᠳᠤ ᠲᠦᠷᠦᠯ ᠵᠦᠢ᠍ᠯ᠎ᠤᠨ ᠠ᠋ᠷᠬᠢᠯᠡᠭᠴᠢ᠂ ᠦᠢ᠍ᠯᠡᠳᠪᠦᠷᠢᠯᠡᠬᠦ ᠦᠢ᠍ᠯᠡᠳᠪᠦᠷᠢ ᠵᠢᠨ ᠳᠠᠷᠤᠭ᠎ᠠ ᠵᠡᠷᠭᠡ ᠲᠤᠰᠢᠶᠠᠯ ᠠ᠋ᠭᠦᠷᠭᠡᠯᠡᠨ ᠠᠵᠢᠯᠯᠠᠪᠠ᠃
     2016 ᠣᠨ᠎ᠤ 5 ᠰᠠᠷ᠎ᠠ ~2018 ᠣᠨ᠎ᠤ 12 ᠰᠠᠷ᠎ᠠ ᠪᠤᠯᠳᠠᠯ᠎ᠠ ᠵᠢᠶᠠᠩᠰᠢ ᠵᠢᠨ ᠰᠦ᠍ ᠰᠢᠩ ᠮᠠᠲ᠋ᠧᠷᠢᠶᠠᠯ᠎ᠤᠨ ᠬᠢᠵᠠᠭ᠋ᠠᠷᠲᠤ ᠺᠤᠮᠫᠠᠨᠢ᠎ᠳᠤ ᠳᠡᠳ᠋ ᠶᠡᠷᠦᠩᠬᠡᠢ ᠠ᠋ᠷᠬᠢᠯᠡᠭᠴᠢ᠎ᠪᠠᠷ ᠠᠵᠢᠯᠯᠠᠪᠠ᠃
     2018 ᠣᠨ᠎ᠤ 12 ᠰᠠᠷ᠎ᠠ᠎ᠠᠴᠠ ᠠ᠋ᠬᠢᠯᠡᠨ ᠦᠪᠦᠷ ᠮᠣᠩᠭᠤᠯ᠎ᠤᠨ ᠴᠢ ᠯᠦ᠍ ᠡᠮ ᠦᠢ᠍ᠯᠡᠳᠪᠦᠷᠢᠯᠡᠬᠦ ᠬᠢᠵᠠᠭ᠋ᠠᠷᠳᠤ ᠺᠤᠮᠫᠠᠨᠢ᠎ᠳᠤ ᠲᠦᠷᠦᠯ ᠵᠦᠢ᠍ᠯ᠎ᠤᠨ ᠠ᠋ᠷᠬᠢᠯᠡᠭᠴᠢ᠎ᠪᠠᠷ ᠠᠵᠢᠯᠯᠠᠵᠤ ᠪᠤᠢ᠃
      ᠠ᠋ᠳᠡᠭᠡᠷ ᠠᠬᠠᠮᠠᠳ ᠦᠶ᠎ᠡ ᠵᠢᠨ ᠤᠶᠤᠳᠠᠳ ᠰᠡᠭᠡᠭᠡᠳᠡᠳ᠎ᠠᠴᠠ ᠭᠠᠳᠠᠨ᠎ᠠ ᠪᠠᠰᠠ ᠦᠢ ᠤᠯᠠᠨ ᠣᠶᠤᠲᠠᠳ ᠪᠦᠬᠦ ᠤᠯᠤᠰ᠎ᠤᠨ ᠡᠯ᠎ᠡ ᠭᠠᠵᠠᠷ ᠵᠶ᠋ᠠᠷ ᠲᠦᠭᠡᠨ ᠲᠠᠷᠬᠠᠵᠤ ᠣᠯᠣᠰ ᠦᠨᠳᠦᠰᠦᠲᠡᠨ᠎ᠤ ᠬᠦᠭᠵᠢᠯᠲᠡ᠎ᠳᠤ ᠦᠪᠡᠷ ᠦᠪᠡᠷ᠎ᠤᠨ ᠬᠦᠴᠦᠨ ᠴᠢᠳᠠᠯ ᠵᠶ᠋ᠠᠨ ᠠ᠋ᠷᠭᠦᠵᠦ ᠪᠤᠢ᠃
     《ᠣᠰᠣ ᠵᠢ᠎ᠨᠢ ᠣᠣᠭᠤᠪᠠᠯ ᠠ᠋ᠬᠢ ᠵᠢ᠎ᠨᠢ ᠪᠣᠣ ᠮᠠᠷᠲᠠ》 ᠭᠡᠳᠡᠭᠴᠢᠯᠡᠨ ᠠ᠋ᠳᠡᠭᠡᠷ ᠣᠯᠠᠨ ᠠ᠋ᠷᠳᠡᠮᠲᠡᠨ ᠴᠢᠳᠠᠪᠣᠷᠢᠳᠠᠨ᠎ᠤ ᠭᠦᠮᠦᠵᠢᠯ ᠭᠦᠷᠳᠡᠭᠦ ᠠᠨᠭ᠌ᠬᠠᠨ᠎ᠤ ᠱᠠᠳᠤᠨ᠎ᠳᠤ ᠠᠯᠢᠪᠠ᠎ᠪᠠᠨ ᠦᠨᠳᠦᠰᠦᠲᠡᠨ᠎ᠤ ᠰᠠᠭᠤᠷᠢ ᠰᠣᠷᠭ᠋ᠠᠨ ᠬᠦᠮᠦᠵᠢᠯ᠎ᠤᠨ ᠦᠢ᠍ᠯᠡᠰ᠎ᠲᠤ ᠠ᠋ᠷᠭᠦᠭᠰᠡᠨ ᠵᠡᠭᠦᠨ ᠬᠤᠯᠣᠰᠣᠲᠠᠢ ᠨᠣᠲᠤᠭ᠎ᠲᠠᠢ ᠬᠡᠳᠦᠨ ᠠᠬᠠᠮᠠᠳ ᠪᠠᠭᠰᠢ ᠵᠢᠨ ᠠᠴᠢ ᠪᠠᠶ᠋ᠢᠭ᠎ᠠ ᠭᠡᠭᠴᠢ ᠵᠢ ᠵᠡᠭᠦᠨ ᠬᠤᠯᠣᠰᠣᠳᠠᠢ ᠵᠢᠨ ᠰᠣᠷᠭ᠋ᠠᠭᠤᠯᠢ ᠵᠢᠨ ᠲᠡᠦᠭᠡᠨ᠎ᠳᠤ ᠮᠠᠷᠳᠠᠰᠢ ᠦᠭᠡᠢ ᠲᠡᠮᠳᠡᠭᠯᠡᠵᠦ ᠦᠯᠡᠳᠡᠭᠡᠬᠦ ᠶᠣᠰᠣᠳᠠᠢ ᠶᠣᠮᠰᠠᠨ᠃
      ᠷᠠᠰᠢᠵᠠᠮᠰᠣ᠂ (1929~1982)᠂ ᠳᠤᠮᠳᠠᠳᠤ ᠤᠯᠤᠰ᠎ᠤᠨ ᠡᠪ ᠬᠠᠮᠳᠤ ᠨᠠᠮ᠎ᠤᠨ ᠭᠡᠰᠢᠭᠦᠨ᠃ ᠲᠠᠪᠢᠭ᠋ᠠᠳ ᠣᠨ᠎ᠤ ᠦᠶ᠎ᠡ᠎ᠪᠠᠷ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ᠎ᠳᠤ ᠬᠡᠳᠦᠬᠡᠨ ᠰᠠᠷ᠎ᠠ ᠠᠵᠢᠯᠯᠠᠭᠰᠠᠨ ᠪᠣᠯᠪᠠᠴᠣ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠲᠡᠦᠬᠡᠨ᠎ᠳᠤ᠎ᠬᠢ ᠨᠢᠬᠡᠨ ᠭᠡᠷᠡᠯᠳᠣ ᠣᠳᠣᠨ ᠭᠡᠵᠦ ᠦᠵᠡᠵᠦ ᠪᠤᠯᠤᠨ᠎ᠠ᠃ ᠲᠡᠷᠡ ᠰᠤᠷᠭ᠋ᠠᠭᠤᠯᠢ᠎ᠪᠠᠨ ᠲᠡᠭᠦᠰᠤᠭᠡᠳ ᠦᠪᠦᠷ ᠮᠣᠩᠭᠤᠯ᠎ᠤᠨ ᠮᠠᠯ ᠠᠵᠣ ᠠᠬᠤᠢ ᠵᠢᠨ ᠲᠢᠩᠬᠢᠮ᠎ᠳᠤ ᠠᠵᠢᠯ᠎ᠤᠨ ᠬᠤᠪᠢᠶᠠᠷᠢ ᠠᠪᠴᠣ ᠮᠠᠯ ᠠᠵᠣ ᠠᠬᠤᠢ ᠵᠢᠨ ᠡᠵᠡᠩᠨᠡᠨ ᠬᠠᠮᠢᠶᠠᠷᠣᠯᠲᠠ ᠵᠢᠨ ᠠᠵᠢᠯ᠎ᠢ ᠬᠠᠷᠢᠭᠤᠴᠠᠵᠣ ᠬᠠᠷᠢᠶ᠎ᠠ ᠪᠠᠶ᠋ᠢᠭᠤᠯᠭ᠎ᠠ᠎ᠳᠤ᠎ᠪᠠᠨ ᠮᠠᠯ ᠠᠵᠣ ᠠᠬᠤᠢ ᠵᠢᠨ ᠡᠵᠡᠩᠨᠡᠨ ᠬᠠᠮᠢᠶᠠᠷᠣᠯᠲᠠ ᠵᠢᠨ ᠬᠠᠮᠢᠶ᠎ᠠ ᠪᠦᠬᠦᠢ ᠬᠢᠴᠢᠶᠡᠯ ᠣᠷᠣᠵᠣ ᠪᠠᠶ᠋ᠢᠭᠰᠠᠨ ᠵᠶ᠋ᠠᠨ ᠬᠤᠵᠢᠮ᠎ᠨᠢ ᠰᠢᠯᠢ ᠵᠢᠨ ᠭᠤᠣᠯ ᠠᠶ᠋ᠢᠮᠠᠭ᠎ᠤᠨ ᠮᠠᠯ ᠠᠵᠣ ᠠᠬᠤᠢ ᠵᠢᠨ ᠰᠣᠷᠭ᠋ᠠᠭᠤᠯᠢ ᠪᠠᠶ᠋ᠢᠭᠤᠯᠣᠭᠳᠠᠭ᠍ᠣ ᠦᠶ᠎ᠡ᠎ᠳᠤ ᠰᠢᠯᠢ ᠵᠢᠨ ᠭᠤᠣᠯ ᠠᠶ᠋ᠢᠮᠠᠭ᠎ᠤᠨ ᠮᠠᠯ ᠠᠵᠣ ᠠᠬᠤᠢ᠎ᠶᠢᠨ ᠰᠣᠷᠭ᠋ᠠᠭᠤᠯᠢ᠎ᠳᠤ ᠪᠠᠭᠰᠢᠯᠠᠭᠰᠠᠨ ᠪᠦᠬᠡᠳ ᠲᠣᠰ ᠰᠣᠷᠭ᠋ᠠᠭᠤᠯᠢ ᠵᠢᠨ ᠬᠠᠮᠤᠭ ᠠᠩᠬᠠᠨ᠎ᠤ ᠲᠣᠰᠬᠠᠢ ᠮᠡᠷᠭᠡᠵᠢᠯ᠎ᠤᠨ ᠰᠣᠷᠬᠤ ᠪᠢᠴᠢᠭ᠎ᠢ ᠨᠠᠶ᠋ᠢᠷᠠᠭᠤᠯᠣᠨ ᠪᠢᠴᠢᠪᠡ᠃ ᠲᠡᠭᠦᠨ᠎ᠤ ᠨᠢᠭᠡ ᠨᠠᠰᠣ ᠪᠣᠯ ᠦᠨᠳᠦᠰᠦᠲᠡᠨ᠎ᠤ ᠰᠣᠶᠣᠯ ᠰᠣᠷᠭ᠋ᠠᠨ ᠬᠦᠮᠦᠵᠢᠯ᠎ᠳᠤ ᠵᠢᠳᠬᠦᠭᠰᠡᠨ ᠨᠢᠭᠡ ᠨᠠᠰᠣ ᠮᠦᠨ᠃ ᠮᠦᠨ ᠴᠦ᠍ ᠦᠨᠳᠦᠰᠦᠲᠡᠨ᠎ᠤ ᠮᠠᠯᠵᠢᠬᠤ ᠦᠢ᠍ᠯᠡᠰ᠎ᠤᠨ ᠬᠦᠭᠵᠢᠯᠲᠡ᠎ᠳᠤ ᠬᠢᠵᠠᠭ᠋ᠠᠷᠯᠠᠰᠢ ᠦᠭᠡᠢ ᠬᠤᠪᠢ ᠨᠡᠮᠡᠷᠢ᠎ᠪᠠᠨ ᠦᠵᠡᠭᠦᠯᠦᠭᠰᠡᠨ ᠰᠠᠶ᠋ᠢᠨ ᠺᠠᠳ᠋ᠷ ᠪᠣᠯᠣᠨ᠎ᠠ᠃
      ᠷᠠᠰᠢᠳᠣᠷᠵᠢ᠂ (1936~2004)᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠭᠡᠰᠢᠭᠦᠨ᠃ ᠵᠢᠷᠢᠮ ᠠᠶ᠋ᠢᠮᠠᠭ᠎ᠤᠨ ᠪᠠᠭᠰᠢ ᠵᠢᠨ ᠰᠣᠷᠭ᠋ᠠᠭᠤᠯᠢ᠎ᠳᠤ ᠬᠤᠶᠠᠷ ᠵᠢᠯ ᠰᠣᠷᠣᠯᠴᠠᠵᠣ ᠰᠣᠷᠣᠯᠭ᠎ᠠ᠎ᠪᠠᠨ ᠲᠡᠭᠦᠰᠦᠭᠰᠡᠨ᠎ᠤ ᠳᠠᠷᠠᠭ᠎ᠠ ᠨᠣᠲᠤᠭ᠎ᠲᠤ᠎ᠪᠠᠨ ᠬᠠᠷᠢᠵᠤ ᠪᠠᠭᠰᠢᠯᠠᠪᠠ᠃ ᠬᠤᠵᠢᠮ᠎ᠨᠢ ᠮᠢᠩ ᠷᠧᠨ ᠰᠣᠮᠣ᠂ ᠴᠢᠩ ᠾᠧ ᠰᠣᠮᠣ ᠵᠡᠷᠭᠡ ᠭᠠᠵᠠᠷ᠎ᠲᠤ ᠪᠠᠭᠰᠢᠯᠠᠵᠣ᠂ ᠳᠠᠬᠢᠨ ᡁᠢ ᠠᠨ ᠪᠠᠯᠭ᠋ᠠᠰᠣᠨ᠎ᠤ ᠶᠣᠣ ᠵᠢᠨ ᠠᠶ᠋ᠢᠯ᠎ᠤᠨ ᠳᠣᠮᠳᠠᠳᠣ ᠰᠣᠷᠭ᠋ᠠᠭᠤᠯᠢ ᠠᠩᠬ᠎ᠠ ᠪᠠᠶ᠋ᠢᠭᠤᠯᠣᠭᠳᠠᠭ᠍ᠣ ᠦᠶᠡᠰ ᠰᠣᠷᠭ᠋ᠠᠭᠤᠯᠢ ᠵᠢᠨ ᠳᠠᠷᠤᠭ᠎ᠠ᠎ᠪᠠᠷ ᠲᠣᠮᠢᠯᠠᠭᠳᠠᠨ ᠤᠴᠢᠵᠤ ᠶᠣᠣ ᠵᠢᠨ ᠠᠶ᠋ᠢᠯ ᠳᠣᠮᠳᠠᠳᠣ ᠰᠣᠷᠭ᠋ᠠᠭᠤᠯᠢ᠎ᠶᠢ ᠠ᠋ᠭᠦᠰᠭᠡᠨ ᠪᠠᠶ᠋ᠢᠭᠤᠯᠪᠠ᠃
      ᠪᠠᠯᠳᠠᠨ᠂ (ᠪᠢᠷ᠎ᠤᠨ ᠨᠡᠷ᠎ᠡ — ᠲ᠊ · ᠬᠢᠩᠭ᠋ᠠᠨ)᠂ (1945~2010)᠃ ᠣᠣᠯ᠎ᠤᠨ ᠵᠢᠷᠢᠮ ᠠᠶ᠋ᠢᠮᠠᠭ᠎ᠤᠨ ᠪᠠᠭᠰᠢ ᠵᠢᠨ ᠰᠣᠷᠭ᠋ᠠᠭᠤᠯᠢ᠎ᠠᠴᠠ ᠲᠡᠭᠦᠰᠴᠦ ᠨᠣᠳᠤᠭ᠎ᠲᠤ᠎ᠪᠠᠨ ᠢᠷᠡᠵᠦ ᠪᠠᠭᠰᠢᠯᠠᠪᠠ᠃ 《ᠵᠢᠭ᠋ᠠᠨ ᠰᠣᠷᠭ᠋ᠠᠯᠲᠠ᠎ᠨᠢ ᠵᠢᠭ᠋ᠠᠬᠤ ᠪᠠ ᠰᠣᠷᠬᠤ ᠬᠠᠷᠢᠴᠠᠭ᠎ᠠ ᠵᠢ ᠵᠦᠪ ᠰᠢᠢ᠍ᠳᠪᠦᠷᠢᠯᠡᠬᠦ ᠶᠠᠪᠣᠳᠠᠯ ᠮᠦᠨ᠂ ᠪᠠᠭᠰᠢ ᠵᠢᠨ ᠵᠢᠭ᠋ᠠᠬᠤ᠎ᠨᠢ ᠵᠦᠪᠬᠡᠨ ᠨᠣᠮ ᠪᠢᠴᠢᠭ ᠳᠡᠭᠡᠷᠡᠬᠢ ᠮᠡᠳᠡᠯᠭᠡ ᠲᠡᠳᠦᠢ ᠪᠢᠰᠢ ᠬᠠᠷᠢᠨ ᠨᠣᠮ ᠪᠢᠴᠢᠭ ᠵᠶ᠋ᠠᠷ ᠵᠠᠭᠤᠴᠢ ᠪᠣᠯᠭ᠋ᠠᠵᠣ ᠮᠡᠳᠡᠯᠭᠡ ᠣᠯᠠᠮᠵᠢᠯᠠᠭ᠍ᠣ ᠵᠢᠨ ᠲᠠᠭ᠋ᠠᠣ ᠰᠣᠷᠬᠤ ᠠᠷᠭ᠎ᠠ ᠵᠢ ᠵᠢᠭ᠋ᠠᠬᠤ᠎ᠨᠢ ᠨᠡᠩ ᠴᠢᠬᠤᠯᠠ᠂ ᠪᠠᠭᠰᠢ᠎ᠨᠢ ᠰᠣᠷᠣᠭᠴᠢ᠎ᠳᠤ ᠲᠦᠯᠬᠢᠭᠦᠷ ᠵᠢᠭ᠋ᠠᠬᠤ ᠬᠡᠷᠡᠭᠲᠡᠢ》 ᠭᠡᠬᠦ ᠮᠡᠲᠦ ᠵᠢᠨ ᠰᠣᠷᠭ᠋ᠠᠨ ᠬᠦᠮᠦᠵᠢᠯ᠎ᠤᠨ ᠦᠵᠡᠯ ᠰᠠᠨᠠᠭ᠎ᠠ᠎ᠨᠢ ᠣᠯᠣᠰ᠎ᠤᠨ ᠰᠢᠨ᠎ᠡ ᠬᠢᠴᠢᠶᠡᠯᠯᠡᠭᠡ ᠵᠢᠨ ᠦᠭᠡᠷᠡᠴᠢᠯᠡᠯᠲᠡ ᠵᠢᠨ ᠦᠵᠡᠯ ᠰᠠᠨᠠᠭ᠎ᠠ ᠵᠢᠴᠢ ᠦᠨᠳᠦᠰᠦᠨ ᠣᠨᠣᠯᠵᠢᠬᠤᠨ᠎ᠲᠠᠢ ᠦᠨᠳᠦᠰᠦᠨ᠎ᠳᠤ᠎ᠪᠠᠨ ᠠᠳᠠᠯᠢ ᠪᠠᠶ᠋ᠢᠭᠰᠠᠨ᠎ᠨᠢ ᠭᠠᠶ᠋ᠢᠬᠠᠯᠳᠠᠢ᠃ ᠲᠡᠭᠦᠨ᠎ᠤ ᠠ᠋ᠨᠡ ᠬᠦ᠌ ᠰᠣᠳᠣᠯᠣᠯ᠎ᠨᠢ ᠤᠨᠤᠯ᠎ᠤᠨ ᠦᠨᠳᠤᠷ ᠲᠦᠪᠰᠢᠨ᠎ᠳᠤ ᠭᠦᠷᠳᠡᠯ᠎ᠡ ᠲᠦᠭᠡᠮᠡᠯᠵᠢᠭᠰᠡᠨ ᠦᠭᠡᠢ ᠪᠣᠯᠪᠠᠴᠣ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠪᠠᠭᠰᠢ ᠰᠣᠷᠣᠭᠴᠢ ᠵᠢᠨ ᠣᠶᠣᠨ᠎ᠢ ᠰᠢᠮᠡᠵᠢᠭᠦᠯᠦᠭᠰᠡᠨ᠎ᠨᠢ ᠶᠠᠭ᠋ᠠᠬᠢᠬᠤ ᠵᠢᠨ ᠠᠷᠭ᠎ᠠ ᠦᠭᠡᠢ ᠦᠨᠡᠨ ᠪᠢᠯᠡ᠃ ᠲᠡᠷᠡ ᠪᠠᠰᠠ ᠣᠷᠠᠨ ᠵᠣᠬᠢᠶᠠᠯ᠎ᠳᠤ ᠣᠨᠴᠠ ᠪᠠᠬ᠎ᠠ᠎ᠲᠠᠢ᠃ ᠵᠠᠯᠠᠭᠤ᠎ᠳᠤ᠎ᠪᠠᠨ 《ᠦᠨᠢᠷ ᠴᠡᠴᠡᠭ》᠂ 《ᠵᠢᠷᠢᠮ᠎ᠤᠨ ᠣᠷᠠᠨ ᠵᠣᠬᠢᠶᠠᠯ》 ᠵᠡᠷᠭᠡ ᠣᠷᠠᠨ ᠵᠣᠬᠢᠶᠠᠯ᠎ᠤᠨ ᠰᠡᠳᠭᠦᠯ᠎ᠤᠳ᠎ᠲᠤ ᠰᠢᠯᠦᠭ ᠵᠣᠬᠢᠶᠠᠯ ᠨᠡᠶ᠋ᠢᠲᠡᠯᠡᠭᠦᠯᠵᠦ ᠪᠠᠶ᠋ᠢᠵᠡᠢ᠃
      ᠭᠠᠨᠵᠣᠣᠷᠵᠠᠪ᠂ 1946 ᠣᠨ᠎ᠳᠤ ᠲᠦᠷᠦᠪᠡ᠃ ᠳᠤᠮᠳᠠᠳᠤ ᠤᠯᠤᠰ᠎ᠤᠨ ᠡᠪ ᠬᠠᠮᠳᠣ ᠨᠠᠮ᠎ᠤᠨ ᠭᠡᠰᠢᠭᠦᠨ᠃ ᠡᠪᠡᠳᠴᠢᠨ᠎ᠤ ᠬᠠᠷᠠᠭ᠎ᠠ᠎ᠠᠴᠠ ᠪᠣᠯᠵᠣ ᠲᠦᠩᠯᠢᠶᠣᠣ ᠬᠤᠶᠠᠳᠣᠭ᠋ᠠᠷ ᠳᠣᠮᠳᠠᠳᠣ ᠰᠣᠷᠭ᠋ᠠᠭᠤᠯᠢ᠎ᠠᠴᠠ ᠰᠠᠯᠵᠤ ᠨᠣᠳᠤᠭ᠎ᠤᠨ ᠪᠠᠭ᠎ᠠ ᠰᠣᠷᠭ᠋ᠠᠭᠤᠯᠢ᠎ᠳᠤ᠎ᠪᠠᠨ ᠪᠠᠭᠰᠢᠯᠠᠵᠠᠢ᠃ ᠲᠡᠭᠦᠨ᠎ᠳᠤ ᠬᠦᠮᠦᠨ᠎ᠠᠴᠠ ᠬᠡᠳᠦᠶ᠋ᠢᠳᠦᠭᠰᠡᠨ ᠰᠣᠳᠣᠯᠭ᠋ᠠᠨ᠎ᠤ ᠪᠦᠲᠦᠭᠡᠯ ᠪᠠᠶ᠋ᠢᠬᠤ ᠦᠭᠡᠢ ᠴᠦ᠍ ᠨᠢᠭᠡ ᠰᠡᠳᠬᠢᠯ ᠨᠢᠭᠡ ᠵᠣᠷᠢᠭ ᠵᠶ᠋ᠠᠷ ᠠᠵᠢᠯ ᠦᠢ᠍ᠯᠡᠰ᠎ᠤᠨ ᠵᠶ᠋ᠠᠨ ᠲᠦᠯᠦᠭᠡ ᠵᠢᠳᠬᠦᠳᠡᠭ ᠵᠣᠷᠢᠭ ᠰᠠᠨᠠᠭ᠎ᠠ᠎ᠨᠢ ᠰᠣᠷᠣᠯᠴᠠᠭᠤᠰᠢᠲᠠᠢ ᠲᠠᠭᠤᠷᠢᠶᠠᠯ ᠪᠢᠯᠡ᠃ ᠲᠡᠷᠡ 1965 ᠣᠨ᠎ᠳᠤ ᠠᠵᠢᠯ᠎ᠳᠤ ᠭᠠᠷᠣᠭᠰᠠᠨ ᠴᠠᠭ᠎ᠠᠴᠠ᠎ᠪᠠᠨ ᠠᠪᠤᠭ᠋ᠠᠳ 1986 ᠣᠨ ᠪᠣᠯᠲᠠᠯᠠᠬᠢ ᠭᠤᠴᠢ ᠭᠠᠷᠣᠢ ᠵᠢᠯ᠎ᠤᠨ ᠲᠤᠷᠰᠢ᠎ᠳᠤ ᡁᠢ ᠠᠨ ᠪᠠᠯᠭ᠋ᠠᠰᠣᠨ᠎ᠤ ᠮᠣᠩᠭᠤᠯ ᠠᠶ᠋ᠢᠯ᠎ᠤᠳ ᠵᠶ᠋ᠠᠷ ᠪᠠᠷᠤᠭ ᠯᠠ ᠪᠦᠷ ᠤᠴᠢᠵᠤ ᠦᠨᠭᠭᠡᠷᠡᠵᠡᠢ᠃ ᠣᠴᠢᠭᠰᠠᠨ ᠭᠠᠵᠠᠷ ᠪᠣᠯᠭ᠋ᠠᠨ᠎ᠨᠢ ᠪᠠᠷᠤᠭ ᠯᠠ ᠠᠩᠬ᠎ᠠ ᠰᠣᠷᠭ᠋ᠠᠭᠤᠯᠢ ᠪᠠᠶ᠋ᠢᠭᠤᠯᠵᠣ ᠪᠠᠶ᠋ᠢᠬᠤ ᠲᠦᠯᠦᠪ᠎ᠲᠠᠢ ᠪᠠᠶ᠋ᠢᠵᠤ᠂ ᠲᠡᠳᠡᠭᠡᠷ ᠰᠤᠷᠭ᠋ᠠᠭᠤᠯᠢ ᠵᠢᠨ ᠪᠠᠶ᠋ᠢᠭᠤᠯᠤᠯᠲᠠ᠎ᠳᠤ ᠲᠡᠭᠦᠨ᠎ᠤ ᠬᠦᠴᠦ ᠬᠦᠯᠦᠰᠦ ᠰᠢᠩᠭᠡᠭᠰᠡᠨ᠎ᠨᠢ ᠦᠨᠡᠨ ᠶᠤᠮ᠃ ᠲᠡᠭᠦᠨ᠎ᠤ ᠭᠤᠶᠣ ᠰᠠᠶ᠋ᠢᠬᠠᠨ ᠪᠢᠴᠢᠯᠭᠡ ᠲᠢᠭ᠎ᠨᠢ ᠦᠢ ᠣᠯᠠᠨ ᠰᠤᠷᠤᠭᠴᠢ ᠵᠢᠨ ᠣᠶᠤᠨ᠎ᠢ ᠤᠮᠳᠠᠯᠠᠭᠰᠠᠨ ᠪᠠᠶ᠋ᠢᠬᠤ ᠶᠣᠰᠤᠲᠠᠢ᠃ ᠲᠡᠭᠦᠨ᠎ᠤ ᠨᠢᠭᠡ ᠨᠠᠰᠣ ᠪᠣᠯ ᠪᠠᠰᠠ ᠴᠦ᠍ ᠦᠨᠳᠦᠰᠦᠲᠡᠨ᠎ᠤ ᠰᠣᠷᠭ᠋ᠠᠨ ᠬᠦᠮᠦᠵᠢᠯ᠎ᠤᠨ ᠦᠢ᠍ᠯᠡᠰ᠎ᠲᠤ ᠰᠢᠳᠣᠷᠭᠤ᠎ᠪᠠᠷ ᠵᠢᠳᠬᠦᠭᠰᠡᠨ ᠨᠢᠭᠡ ᠨᠠᠰᠣ ᠪᠣᠯᠣᠨ᠎ᠠ᠃
      ᠮᠦᠩᠭᠦᠨᠲᠣᠶᠠᠭ᠎ᠠ᠂ 1949 ᠣᠨ᠎ᠳᠤ ᠲᠦᠷᠦᠪᠡ᠃ ᠳᠤᠮᠳᠠᠳᠤ ᠤᠯᠤᠰ᠎ᠤᠨ ᠡᠪ ᠬᠠᠮᠳᠣ ᠨᠠᠮ᠎ᠤᠨ ᠭᠡᠰᠢᠭᠦᠨ᠃ 1968 ᠣᠨ᠎ᠳᠤ ᠣᠣᠯ᠎ᠤᠨ ᠵᠢᠷᠢᠮ ᠠᠶ᠋ᠢᠮᠠᠭ᠎ᠤᠨ ᠪᠠᠭᠰᠢ ᠵᠢᠨ ᠰᠣᠷᠭ᠋ᠠᠭᠤᠯᠢ᠎ᠠᠴᠠ ᠲᠡᠭᠦᠰᠴᠦ ᠨᠣᠳᠤᠭ᠎ᠲᠤ᠎ᠪᠠᠨ ᠬᠠᠷᠢᠵᠤ ᠪᠠᠭᠰᠢᠯᠠᠵᠠᠢ᠃ ᠲᠠᠷᠠ ᠪᠤᠯ ᠪᠠᠭᠰᠢᠯᠠᠬᠤ ᠣᠷ᠎ᠠ ᠠᠪᠢᠶᠠᠰ ᠪᠦᠷᠢᠳᠦᠭᠰᠡᠨ ᠰᠠᠶ᠋ᠢᠨ ᠪᠠᠭᠰᠢ ᠮᠦᠨ᠃ ᠠᠶ᠋ᠢᠯ ᠠᠶ᠋ᠢᠮᠠᠭ᠎ᠤᠨ ᠵᠶ᠋ᠠᠨ ᠲᠣᠮᠣᠭ᠋ᠠᠲᠡᠳ᠎ᠤᠨ ᠰᠡᠳᠬᠢᠯ᠎ᠳᠤ ᠰᠣᠳᠤᠨ ᠦᠬᠢᠨ᠂ ᠰᠤᠷᠤᠭᠴᠢᠳ᠎ᠤᠨ ᠵᠶ᠋ᠠᠨ ᠣᠢ ᠪᠢᠯᠢᠭ᠎ᠲᠤ ᠤᠷᠠᠨ ᠪᠦᠵᠢᠭᠴᠢᠨ᠂ ᠵᠠᠯᠠᠭᠤ ᠽᠠᠨᠳᠠᠨ ᠨᠠᠰᠣ᠎ᠪᠠᠨ ᠨᠣᠳᠤᠭ᠎ᠤᠨ ᠵᠶ᠋ᠠᠨ ᠬᠡᠦᠬᠡᠳ᠎ᠤᠨ ᠰᠣᠶᠣᠯ ᠭᠡᠭᠡᠷᠡᠯ᠎ᠳᠤ ᠵᠣᠷᠢᠭᠤᠯᠣᠭᠰᠠᠨ ᠭᠠᠪᠢᠶᠠᠳᠣ ᠪᠠᠭᠰᠢ᠃ ᠬᠠᠮᠢᠭ᠎ᠠ ᠣᠴᠢᠭᠰᠠᠨ ᠴᠣ᠌ ᠱᠠᠩᠨᠠᠯ ᠬᠦᠬᠢᠭᠦᠯᠦᠯ ᠵᠶ᠋ᠠᠷ ᠠ᠋ᠨᠭ᠌ᠭᠡᠷ ᠵᠶ᠋ᠠᠨ ᠮᠢᠯᠢᠶᠠᠯᠭ᠋ᠠᠵᠣ ᠶᠠᠪᠣᠳᠠᠬ ᠡᠪ ᠬᠠᠮᠳᠣ ᠨᠠᠮ᠎ᠤᠨ ᠭᠡᠰᠢᠭᠦᠨ᠂ ᠠᠮᠢ ᠨᠠᠰᠣᠨ᠎ᠤ ᠰᠢᠵᠢᠷ ᠠᠯᠲᠠᠨ ᠴᠠᠭ ᠮᠦᠴᠡ᠎ᠪᠠᠨ ᠦᠨᠳᠦᠰᠦᠲᠡᠨ᠎ᠤ ᠰᠣᠷᠭ᠋ᠠᠨ ᠬᠦᠮᠦᠵᠢᠯ᠎ᠤᠨ ᠦᠢ᠍ᠯᠡᠰ᠎ᠲᠤ ᠵᠣᠷᠢᠭᠤᠯᠣᠭᠰᠠᠨ ᠤᠷᠤᠨ ᠨᠤᠲᠤᠭ᠎ᠤᠨ ᠰᠣᠷᠭ᠋ᠠᠨ ᠬᠦᠮᠦᠵᠢᠯ᠎ᠤᠨ ᠵᠢᠳᠬᠦᠯᠲᠡᠨ᠃
      ᠬᠦᠷᠡᠯᠳᠣᠭᠤ᠂ 1948 ᠣᠨ᠎ᠳᠤ ᠲᠦᠷᠦᠪᠡ᠃ ᠵᠠᠯᠠᠭᠤ ᠨᠠᠰᠣᠨ᠎ᠳᠤ᠎ᠪᠠᠨ ᠴᠡᠷᠢᠭ᠎ᠤᠨ ᠠᠯᠪᠠ ᠬᠠᠭ᠋ᠠᠭᠰᠠᠨ ᠲᠡᠷᠡ᠂ ᠴᠡᠷᠢᠭ᠎ᠠᠴᠠ ᠬᠠᠯᠠᠭᠳᠠᠭᠰᠠᠨ᠎ᠤ ᠳᠠᠷᠠᠭ᠎ᠠ ᠭᠠᠴᠠᠭ᠋ᠠᠨ᠎ᠤ ᠨᠢᠭᠲᠠᠯᠠᠨ ᠪᠣᠳᠣᠭᠴᠢ ᠵᠢᠨ ᠠᠵᠢᠯ ᠬᠢᠵᠣ ᠪᠠᠶ᠋ᠢᠭᠰᠠᠨ ᠵᠶ᠋ᠠᠨ ᠦᠭᠡᠷᠡᠴᠢᠯᠡᠯᠲᠡ ᠬᠢᠵᠣ ᠴᠢᠯᠦᠭᠡᠲᠠᠢ ᠶᠠᠪᠣᠯᠴᠠᠭ᠍ᠣ ᠲᠦᠷᠦ ᠵᠢᠨ ᠪᠣᠳᠣᠯᠭ᠎ᠠ ᠬᠡᠷᠡᠭᠵᠢᠭᠦᠯᠦᠭᠰᠡᠨ᠎ᠤ ᠳᠠᠷᠠᠭ᠎ᠠ ᠣᠷᠣᠨ ᠲᠠᠶᠠᠭ᠋ᠠᠷ ᠰᠣᠷᠭ᠋ᠠᠨ ᠬᠦᠮᠦᠵᠢᠯ᠎ᠤᠨ ᠶᠠᠰᠣ ᠴᠢᠨᠠᠷ᠎ᠢ ᠴᠢᠬᠤᠯᠠᠴᠢᠯᠠᠭᠰᠠᠨ᠎ᠠᠴᠠ ᠳᠦᠴᠢᠨ ᠨᠠᠰᠣᠨ᠎ᠤ ᠦᠶ᠎ᠡ᠎ᠳᠤ᠎ᠪᠠᠨ ᠪᠠᠭᠰᠢ᠎ᠪᠠᠷ ᠰᠢᠯᠢᠭᠳᠡᠨ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ᠎ᠳᠤ ᠪᠠᠭᠰᠢᠯᠠᠪᠠ᠃ ᠲᠡᠷᠡ ᠪᠠᠭᠰᠢᠯᠠᠭᠰᠠᠨ ᠠ᠋ᠳᠦᠷ᠎ᠠᠴᠠ᠎ᠪᠠᠨ ᠠ᠋ᠬᠢᠯᠡᠨ ᠴᠢᠷᠮᠠᠶ᠋ᠢᠨ ᠰᠣᠷᠣᠯᠴᠠᠵᠣ ᠰᠢᠨᠳᠠᠷᠠᠰᠢ ᠦᠭᠡᠢ ᠰᠣᠳᠣᠯᠣᠨ ᠰᠢᠷᠭ᠋ᠠᠭᠤ ᠠᠵᠢᠯᠯᠠᠭᠰᠠᠨ᠎ᠠᠴᠠ ᠲᠡᠭᠦᠨ᠎ᠤ ᠠ᠋ᠷᠬᠢᠯᠡᠭᠰᠡᠨ ᠠᠩᠭᠢ᠂ ᠵᠢᠭ᠋ᠠᠭᠰᠠᠨ ᠬᠢᠴᠢᠶᠡᠯ᠎ᠨᠢ ᠬᠤᠰᠢᠭᠤ ᠪᠠᠯᠭ᠋ᠠᠰᠣᠨ᠎ᠤ ᠬᠡᠪᠴᠢᠶᠡᠨ᠎ᠳᠤ ᠠᠯᠳᠠᠷᠰᠢᠬᠰᠠᠨ ᠲᠣᠯᠠ ᠲᠡᠭᠦᠨ᠎ᠢ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠬᠠᠷᠢᠭᠤᠴᠠᠯᠭ᠋ᠠᠳᠠᠨ ᠵᠶ᠋ᠠᠷ ᠳᠡᠪᠰᠢᠭᠦᠯᠪᠡ᠃ ᠲᠡᠷᠡ ᠠᠷᠪᠠ ᠭᠠᠷᠣᠢ ᠵᠢᠯ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠬᠠᠷᠢᠭᠤᠴᠠᠯᠭ᠋ᠠᠲᠠᠨ᠎ᠤ ᠠᠵᠢᠯ᠎ᠢ ᠭᠠᠷᠳᠠᠨ ᠬᠢᠭᠡᠳ ᠵᠢᠭ᠋ᠠᠨ ᠰᠣᠷᠭ᠋ᠠᠯᠲᠠ ᠵᠢᠨ ᠶᠠᠰᠣ ᠴᠢᠨᠠᠷ᠎ᠢ ᠨᠡᠶ᠋ᠢᠳᠡᠮ ᠲᠡᠭᠡᠭᠰᠢᠯᠡᠬᠦᠯᠦᠭᠰᠡᠨ ᠪᠠᠶ᠋ᠢᠳᠠᠭ᠃ ᠲᠡᠭᠦᠨ᠎ᠤ ᠬᠠᠲᠠᠭᠤᠵᠢᠯᠲᠠᠢ ᠣᠷᠴᠢᠨ᠎ᠳᠤ ᠲᠡᠰᠪᠦᠷᠢ᠎ᠲᠠᠢ ᠠᠵᠢᠯᠯᠠᠳᠠᠭ ᠵᠣᠷᠢᠭ ᠰᠠᠨᠠᠭ᠎ᠠ᠎ᠨᠢ ᠳᠠᠭᠤᠷᠢᠶᠠᠯ᠎ᠲᠠᠢ᠂ ᠨᠠᠰᠣᠨ ᠲᠣᠷᠰᠢ ᠰᠣᠷᠣᠯᠴᠠᠯᠭ᠎ᠠ ᠵᠢ ᠬᠠᠶᠠᠳᠠᠭ ᠦᠭᠡᠢ ᠵᠣᠷᠰᠢᠯ᠎ᠨᠢ   ᠮᠠᠭᠲᠠᠭᠤᠰᠢᠲᠠᠢ᠃
      ᠨᠢᠮ᠎ᠠ᠂ (1947~2007)᠃ ᠬᠤᠶᠠᠷᠬᠠᠨ ᠵᠢᠯ ᠪᠠᠭᠰᠢᠯᠠᠭᠰᠠᠨ ᠲᠡᠦᠬᠡ᠎ᠲᠠᠢ ᠪᠣᠯᠪᠠᠴᠤ ᠪᠢᠴᠢᠭ ᠵᠢᠭ᠋ᠠᠵᠣ ᠦᠩᠭᠡᠷᠡᠭᠰᠡᠨ ᠰᠤᠷᠤᠭᠴᠢᠳ᠎ᠤᠨ ᠵᠶ᠋ᠠᠨ ᠣᠢ ᠰᠡᠳᠬᠢᠯ᠎ᠳᠤ ᠮᠠᠰᠢ ᠭᠦᠨ ᠰᠠᠭᠤᠭᠳᠠᠯ ᠦᠯᠡᠳᠡᠭᠡᠭᠰᠡᠨ᠎ᠨᠢ ᠪᠢᠰᠢᠷᠡᠭᠦᠰᠢᠲᠠᠢ᠃ ᠲᠡᠷᠡ ᠬᠢᠴᠢᠶᠡᠯ᠎ᠤᠨ ᠨᠣᠮ ᠦᠭᠡᠢ ᠪᠠᠶ᠋ᠢᠳᠠᠯ ᠳᠣᠣᠷ᠎ᠠ ᠮᠠᠣ ᠽᠧ ᠳ᠋ᠦᠩ᠎ᠤᠨ ᠰᠢᠯᠦᠭ ᠳᠠᠭᠤᠯᠠᠯ᠎ᠢ ᠠᠰᠢᠭᠯᠠᠨ ᠬᠡᠯᠡ ᠪᠢᠴᠢᠭ᠎ᠤᠨ ᠬᠢᠴᠢᠶᠡᠯ᠎ᠤᠨ ᠵᠢᠭ᠋ᠠᠨ ᠰᠤᠷᠭ᠋ᠠᠬᠤ ᠠ᠋ᠭᠦᠷᠭᠡ᠎ᠪᠠᠨ ᠠᠮᠵᠢᠯᠲᠠ᠎ᠲᠠᠢ ᠪᠡᠶᠡᠯᠡᠭᠦᠯᠵᠦ ᠪᠠᠶ᠋ᠢᠭᠰᠠᠨ ᠪᠦᠭᠡᠳ ᠠ᠋ᠷᠲᠡᠨ ᠠ᠋ᠳᠦᠭᠡ ᠵᠢᠨ ᠨᠣᠮ ᠪᠢᠴᠢᠭ᠎ᠢ ᠣᠯᠠᠨ ᠪᠣᠳᠢ ᠤᠩᠰᠢᠵᠤ᠂ ᠤᠩᠰᠢᠭᠰᠠᠨ ᠨᠣᠮ᠎ᠤᠨ ᠵᠶ᠋ᠠᠨ ᠰᠤᠩᠭᠤᠳᠠᠭ ᠪᠠᠳᠠᠬ᠎ᠢ ᠠᠮᠠᠨ᠎ᠤ ᠠᠶ᠎ᠠ᠎ᠪᠠᠷ ᠭᠡᠩᠰᠢᠨ᠂ ᠨᠡᠷᠡᠲᠦ ᠬᠦᠮᠦᠰ᠎ᠤᠨ ᠵᠤᠬᠢᠶᠠᠯ ᠪᠦᠲᠦᠭᠡᠯ᠎ᠤᠨ ᠣᠨᠴᠠᠭ᠋ᠠᠢ ᠬᠡᠰᠡᠭᠯᠡᠯ ᠵᠶ᠋ᠠᠷ ᠠ᠋ᠰᠢ ᠲᠠᠲᠠᠨ ᠵᠢᠯᠤᠭᠤᠳᠬᠤ ᠵᠢᠨ ᠬᠠᠮᠲᠣ ᠠ᠋ᠷᠲᠡᠨ᠎ᠤ ᠦᠯᠢᠭᠡᠷ ᠲᠡᠦᠬᠡ ᠵᠢ ᠨᠢᠳᠦᠨ᠎ᠳᠤ ᠦᠵᠡᠭᠳᠡᠮ᠎ᠡ ᠳᠦᠷᠰᠦᠯᠡᠨ ᠶᠠᠷᠢᠳᠠᠭ᠎ᠨᠢ ᠪᠠᠭ᠎ᠠ ᠬᠡᠦᠬᠡᠳ᠎ᠤᠨ ᠳᠤᠷ᠎ᠠ ᠪᠠᠬ᠎ᠠ ᠵᠢ ᠲᠠᠲᠠᠵᠤ ᠬᠦᠰᠡᠯ ᠬᠦᠭᠡᠭᠡᠴᠡᠯᠳᠦᠯ᠎ᠤᠨ ᠬᠢᠨᠢ ᠭᠡᠷᠡᠯᠲᠦ ᠴᠠᠮᠬᠠᠭ ᠪᠣᠯᠵᠤ ᠪᠠᠶ᠋ᠢᠭᠰᠠᠨ᠎ᠨᠢ ᠦᠨᠡᠨ᠎ᠲᠠᠢ᠃
      ᠶᠧᠰᠢ᠂ ᠵᠠᠯᠠᠭᠤ ᠬᠠᠯᠠᠭᠤᠨ ᠨᠠᠰᠤ᠎ᠪᠠᠨ ᠬᠤᠯᠤᠰᠤᠲᠠᠢ ᠨᠤᠲᠤᠭ᠎ᠤᠨ ᠵᠶ᠋ᠠᠨ ᠬᠤᠶ᠋ᠢᠴᠢ ᠦᠶ᠎ᠡ᠎ᠶᠢᠨ ᠰᠣᠶᠣᠯ ᠭᠡᠭᠡᠷᠡᠯ᠎ᠤᠨ ᠦᠢ᠍ᠯᠡᠰ᠎ᠲᠤ ᠵᠣᠷᠢᠭᠤᠯᠤᠭᠰᠠᠨ ᠨᠤᠲᠤᠭ ᠤᠰᠤᠨ᠎ᠤ᠎ᠪᠠᠨ ᠠᠷᠠᠳ᠎ᠤᠨ ᠲᠠᠭ᠋ᠠᠰᠢᠶᠠᠯ᠎ᠢ ᠣᠯᠤᠭᠰᠠᠨ ᠰᠠᠶ᠋ᠢᠨ ᠪᠠᠭᠰᠢ᠃ ᠲᠡᠭᠦᠨ᠎ᠤ ᠰᠤᠷᠤᠯᠭ᠎ᠠ ᠵᠢᠨ ᠨᠠᠮᠲᠠᠷ ᠦᠨᠳᠤᠷ ᠪᠢᠰᠢ ᠴᠦ᠍ ᠰᠤᠷᠤᠯᠭ᠎ᠠ ᠵᠢ ᠠ᠋ᠷᠬᠢᠮᠯᠡᠨ ᠵᠢᠭ᠋ᠠᠨ ᠰᠤᠷᠭ᠋ᠠᠬᠤ ᠤᠷ᠎ᠠ ᠮᠠᠷᠭᠡᠰᠢᠯ ᠵᠶ᠋ᠠᠨ ᠲᠠᠰᠤᠷᠠᠯᠳᠠ ᠦᠭᠡᠢ ᠲᠡᠭᠡᠭᠰᠢᠯᠡᠭᠦᠯᠵᠦ᠂ ᠤᠷᠠᠨ ᠳᠡᠮ᠎ᠲᠠᠢ ᠬᠤᠶᠠᠷ ᠭᠠᠷ ᠵᠶ᠋ᠠᠷ ᠵᠶ᠋ᠠᠨ ᠬᠠᠪᠤᠯᠢᠭ ᠰᠠᠶ᠋ᠢᠬᠠᠨ ᠵᠢᠭ᠋ᠠᠬᠤ ᠪᠠᠭ᠋ᠠᠵᠢ ᠵᠤᠬᠢᠶᠠᠨ ᠠᠰᠢᠭᠯᠠᠵᠤ ᠪᠠᠶ᠋ᠢᠭᠰᠠᠨ᠎ᠢ᠎ᠨᠢ ᠰᠤᠷᠤᠭᠴᠢᠳ᠎ᠨᠢ ᠦᠷᠭᠦᠯᠵᠢ ᠲᠤᠷᠠᠰᠴᠤ ᠪᠠᠢ᠍ᠢ᠍ᠳᠠᠬ᠎ᠠᠴᠠ᠎ᠨᠢ ᠦᠵᠡᠪᠡᠯ ᠪᠠᠭᠰᠢ ᠮᠠᠨᠢ ᠰᠤᠷᠤᠭᠴᠢᠳ᠎ᠤᠨ ᠵᠶ᠋ᠠᠨ ᠤᠢ ᠤᠬᠠᠭ᠋ᠠᠨ᠎ᠳᠤ ᠪᠠᠯᠠᠷᠠᠰᠢ ᠦᠭᠡᠢ ᠢᠮ ᠲᠠᠮᠠᠭ᠎ᠠ ᠦᠯᠡᠳᠡᠭᠡᠵᠡᠢ᠃
      ᠰᠣᠷᠭ᠋ᠠᠭᠤᠯᠢ ᠵᠢᠨ ᠲᠡᠣᠭᠡ ᠭᠡᠮᠡᠭᠴᠢ ᠶᠣᠰᠣᠨ᠎ᠳᠤ᠎ᠪᠠᠨ ᠪᠠᠭᠰᠢ ᠰᠣᠷᠣᠭᠴᠢ ᠵᠢᠨ ᠲᠡᠣᠭᠡ ᠪᠣᠯᠬᠤᠷ ᠪᠢ ᠡ᠊ᠨᠳᠡ ᠪᠠᠭᠰᠢ ᠰᠣᠷᠣᠭᠴᠢ ᠭᠡᠰᠡᠨ ᠬᠤᠶᠠᠷ ᠰᠢᠵᠢᠮ ᠵᠶ᠋ᠠᠷ ᠵᠡᠬᠦᠨ ᠬᠤᠯᠣᠰᠣᠳᠠᠢ ᠪᠠᠭ᠎ᠠ ᠰᠣᠷᠭ᠋ᠠᠭᠤᠯᠢ ᠵᠢᠨ ᠲᠡᠣᠭᠡ ᠵᠢ ᠲᠦᠭᠦᠮᠭᠡᠨ ᠠ᠋ᠮᠬᠢᠳᠭᠡᠪᠡ᠃ ᠡ᠊ᠨᠳᠡᠭᠦᠦ ᠲᠠᠰᠢᠶ᠎ᠠ ᠵᠦᠢ᠍ᠯ ᠪᠠᠢ᠍ᠢ᠍ᠵᠤ ᠮᠠᠳᠡᠨ᠎ᠡ᠂ ᠦᠵᠡᠭᠦ ᠮᠠᠷᠭᠡᠳ ᠵᠠᠰᠠᠨ ᠪᠤᠯᠭᠤᠭ᠋ᠠᠵᠤ ᠵᠠᠯᠠᠷᠠᠭᠤᠯᠤᠨ ᠤᠨᠭ᠌ᠰᠢᠮᠤ!
        ᠬᠠᠶᠢᠬ᠄ ᠨᠠᠢ᠍ᠮᠠᠨ ᠬᠤᠰᠢᠭᠤᠨ᠎ᠤ ᠭᠤᠷᠪᠠᠨᠬᠤᠸᠠ ᠰᠤᠮᠤ ᠵᠢᠨ ᠭᠤᠤᠯ ᠪᠠᠭ᠎ᠠ ᠰᠤᠷᠭ᠋ᠠᠭᠤᠯᠢ
                                         (ᠴ᠊ · ᠲᠤᠭᠳᠠᠭᠤᠨ ᠨᠠᠢ᠍ᠢ᠍ᠷᠠᠭᠤᠯᠪᠠ)
                                           8 ᠳ᠋ᠤᠭ᠋ᠠᠷ ᠬᠤᠭᠤᠴᠠᠭ᠎ᠠ


ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
《ᠮᠤᠩᠭᠤᠯ᠎ᠤᠨ ᠨᠢᠭᠤᠴᠠ ᠳᠤᠪᠴᠢᠶᠠᠨ》᠎ᠳᠤ᠎ᠬᠢ ᠠ᠋ᠮᠡᠭᠳᠠᠶ᠋ᠢᠴᠦᠳ᠎ᠤᠨ ᠲᠦᠷᠢ ᠵᠢ ᠰᠢᠨᠵᠢᠯᠡᠬᠦ᠎ᠨᠢ
ᠮᠢᠨᠤ ᠬᠦᠭᠡᠷᠦᠬᠦᠨ 《ᠵᠢᠭ᠋ᠠᠯ ᠪᠠᠭᠰᠢ》
ᠤᠭ ᠰᠠᠨᠠᠭ᠎ᠠ᠎ᠪᠠᠨ ᠥᠯᠥ ᠮᠠᠷᠲᠠᠵᠤ ᠠ᠋ᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠨᠡᠮ
ᠣᠳᠣ ᠦᠶ᠎ᠡ ᠵᠢᠨ ᠤᠶᠤᠲᠠᠳ᠎ᠤᠨ ᠠᠵᠢᠯ ᠤᠯᠭᠤᠯᠳᠠ ᠵᠢᠨ ᠠᠰᠠᠭᠤᠳᠠᠯ᠎ᠠᠴᠠ ᠰᠡᠳᠬᠢᠭᠳᠡᠭᠰᠡᠨ᠎ᠨᠢ
ᠰᠠᠴᠤᠷᠠᠨᠭ᠌ᠭᠤᠢ 60 ᠵᠢᠯ
 
             蒙ICP备05000248号