ᠠᠯᠳᠠᠩᠬᠤᠸᠠᠷ | | ᠠᠩᠭᠢ ᠶᠢᠨ ᠡᠷᠬᠢᠯᠡᠭᠴᠢ ᠶᠢᠨ ᠠᠵᠢᠯ ᠪᠣᠯ ᠶᠡᠷᠦᠩᠭᠡᠢ ᠳᠤ ᠪᠠᠨ ᠣᠴᠢᠷ ᠶᠠᠪᠣᠳᠠᠯ ᠣᠯᠠᠨ᠂ ᠡᠬᠦᠷᠭᠡ | ᠬᠠᠷᠢᠭᠤᠴᠠᠯᠭ᠎ᠠ ᠬᠦᠨᠳᠦ ᠪᠠᠶᠢᠵᠤ᠂ ᠨᠠᠷᠢᠯᠢᠬ᠂ ᠣᠬᠠᠭᠠᠯᠢᠭ᠂ ᠬᠦᠯᠢᠴᠡᠩᠬᠦᠢ ᠬᠠᠮᠢᠶᠠᠷᠣᠯᠳᠠ ᠱᠠᠭᠠᠷᠳᠠᠳᠠᠭ᠃ | ᠲᠡᠷᠡ ᠨᠢ ᠪᠠᠭᠰᠢ ᠬᠦᠮᠦᠨ ᠤ ᠠᠪᠢᠶᠠᠰ ᠴᠢᠳᠠᠪᠣᠷᠢ ᠪᠠᠨ ᠬᠦᠢᠴᠡᠳ ᠢᠯᠡᠷᠡᠬᠦᠯᠵᠦ ᠪᠣᠯᠬᠤᠶᠢᠴᠡ ᠣᠳᠬ᠎ᠠ | ᠠᠭᠤᠯᠭ᠎ᠠ ᠲᠠᠢ ᠠᠵᠢᠯ ᠤᠨ ᠪᠠᠶᠢᠷᠢ ᠪᠣᠯᠣᠨ᠎ᠠ᠃ ᠠᠩᠭᠢ ᠶᠢᠨ ᠡᠷᠬᠢᠯᠡᠭᠴᠢ ᠪᠣᠯ ᠠᠩᠭᠢ ᠨᠢᠭᠡᠴᠢ ᠶᠢᠨ ᠵᠣᠬᠢᠶᠠᠨ | ᠪᠠᠶᠢᠭᠤᠯᠣᠬᠴᠢ ᠮᠦᠷᠳᠡᠭᠡᠨ ᠵᠢᠯᠣᠭᠤᠳᠣᠬᠴᠢ᠂ ᠰᠣᠷᠣᠬᠴᠢᠳ ᠤᠨ ᠪᠦᠬᠦ ᠲᠠᠯ᠎ᠠ ᠶᠢᠨ ᠬᠦᠭᠵᠢᠯᠳᠡ ᠶᠢᠨ | ᠠᠬᠢᠭᠤᠯᠣᠬᠴᠢ᠂ ᠰᠣᠷᠭᠠᠭᠤᠯᠢ᠂ ᠭᠡᠷ ᠪᠦᠯᠢ᠂ ᠨᠡᠶᠢᠭᠡᠮ ᠤᠨ ᠬᠤᠯᠪᠣᠭᠠᠰᠣ ᠬᠦᠴᠦᠨ ᠮᠦᠨ᠃ ᠠᠩᠭᠢ ᠶᠢᠨ | ᠡᠷᠬᠢᠯᠡᠭᠴᠢ ᠶᠠᠭᠠᠭᠢᠪᠠᠯ ᠰᠠᠶ᠋ᠢ ᠦᠪᠡᠷ ᠤᠨ ᠡᠷᠬᠢᠯᠡᠵᠦ ᠪᠠᠶᠢᠭ᠎ᠠ ᠠᠩᠭᠢ ᠨᠢᠭᠡᠴᠢ ᠪᠠᠨ ᠡᠯ᠎ᠡ ᠲᠠᠯ᠎ᠠ ᠪᠠᠷ ᠰᠠᠶᠢᠨ | ᠪᠣᠯᠭᠠᠬᠤ ᠪᠣᠢ ᠭᠡᠳᠡᠭ ᠠᠰᠠᠭᠤᠳᠠᠯ ᠪᠣᠯ ᠶᠡᠭᠡ ᠡᠷᠳᠡ ᠠᠴᠠ ᠰᠣᠳᠣᠯᠣᠬᠳᠠᠭᠰᠠᠭᠠᠷ ᠢᠷᠡᠭᠰᠡᠨ ᠬᠠᠭᠤᠴᠢᠨ ᠠᠰᠠᠭᠤᠳᠠᠯ | ᠪᠣᠯᠪᠠᠴᠣ ᠴᠠᠭ ᠦᠶ᠎ᠡ ᠶᠢᠨ ᠰᠣᠯᠢᠬᠳᠠᠯ᠂ ᠬᠦᠮᠦᠨ ᠤ ᠵᠦᠷᠢᠶ᠎ᠡ ᠠᠴᠠ ᠪᠣᠯᠣᠭᠠᠳ ᠠᠳᠠᠯᠢ ᠪᠣᠰᠣ ᠶᠢᠨ ᠰᠢᠨ᠎ᠡ | ᠰᠡᠳᠦᠪ ᠤᠳ ᠭᠠᠷᠴᠣ ᠢᠷᠡᠭᠡᠳ ᠪᠠᠶᠢᠳᠠᠭ᠃ ᠠᠩᠭᠢ ᠶᠢᠨ ᠪᠠᠭᠰᠢ ᠪᠣᠯᠣᠬᠰᠠᠳ ᠡᠬᠦᠨ ᠢ ᠡᠷᠭᠡᠪᠰᠢ ᠬᠤᠷᠴᠠ | ᠰᠡᠷᠭᠡᠭ ᠢᠶᠠᠷ ᠲᠠᠨᠢᠵᠣ ᠮᠡᠳᠡᠬᠦ ᠭᠡᠷᠡᠭᠳᠡᠢ᠃ ᠨᠢᠬᠡ ᠰᠠᠶᠢᠨ ᠠᠩᠭᠢ ᠶᠢᠨ ᠪᠠᠭᠰᠢ ᠪᠣᠯᠬᠤ ᠳᠤ ᠶᠠᠭᠤᠨ ᠤ ᠡᠮᠦᠨ᠎ᠡ | ᠰᠣᠷᠣᠬᠴᠢ ᠪᠠᠨ ᠪᠦᠬᠦ ᠲᠠᠯ᠎ᠠ ᠪᠠᠷ ᠣᠶᠢᠯᠠᠭᠠᠵᠣ ᠰᠣᠳᠣᠯᠣᠬᠰᠠᠨ ᠪᠠᠶᠢᠬᠤ ᠭᠡᠷᠡᠭᠳᠡᠢ᠃ ᠲᠠᠷᠣᠢ ᠰᠣᠷᠣᠬᠴᠢ | ᠨᠢᠬᠡᠪᠦᠷᠢ ᠶᠢ ᠣᠶᠢᠯᠠᠭᠠᠵᠣ᠂ ᠲᠡᠳᠡᠨ ᠢ ᠰᠣᠷᠣᠯᠴᠠᠯᠭ᠎ᠠ ᠪᠠ ᠣᠷᠴᠢᠨ ᠲᠣᠭᠤᠷᠢᠨ ᠳᠤ ᠵᠤᠬᠢᠴᠠᠭᠤᠯᠤᠨ ᠬᠦᠯᠢᠴᠡᠩᠭᠦᠢ | ᠣᠪᠣᠷ ᠢᠶᠠᠷ ᠰᠣᠷᠭᠠᠨ ᠬᠦᠮᠦᠵᠢᠬᠦᠯᠬᠦ ᠭᠡᠷᠡᠭᠳᠡᠢ ᠪᠠᠶᠢᠳᠠᠭ᠃ ᠲᠣᠣᠷ᠎ᠠ ᠪᠢ ᠬᠤᠷᠢᠨ ᠵᠢᠯ ᠤᠨ ᠲᠣᠷᠰᠢᠬᠢ ᠠᠩᠭᠢ ᠶᠢᠨ | ᠡᠷᠬᠢᠯᠡᠭᠴᠢ ᠶᠢᠨ ᠠᠵᠢᠯ ᠬᠢᠭᠰᠡᠨ ᠲᠣᠷᠰᠢᠯᠭ᠎ᠠ ᠰᠣᠷᠭᠠᠮᠵᠢ ᠪᠠᠨ ᠲᠦᠬᠦᠮ ᠶᠠᠷᠢᠶ᠎ᠠ᠃ | ᠨᠢᠭᠡ᠂ ᠦᠪᠡᠷ ᠤᠨ ᠪᠡᠶ᠎ᠡ ᠶᠢᠨ ᠭᠡᠪ ᠲᠦᠷᠢᠮᠴᠢ ᠦᠢᠯᠡᠳᠦᠯ ᠢᠶᠠᠨ ᠬᠦᠢᠴᠡᠳ ᠪᠠᠳᠠᠷᠠᠭᠤᠯᠬᠤ ᠭᠡᠷᠡᠭᠳᠡᠢ᠃ | ᠪᠠᠭᠰᠢ ᠶᠢᠨ ᠰᠤᠷᠤᠭᠴᠢᠳ ᠲᠤ ᠦᠭᠬᠦ ᠨᠦᠯᠦᠭᠡ ᠪᠣᠯ ᠲᠣᠩ ᠶᠡᠭᠡ ᠪᠠᠶᠢᠳᠠᠭ᠂ ᠴᠠᠭᠠᠰᠢᠯᠠᠪᠠᠯ ᠨᠢᠭᠡ | ᠨᠠᠰᠣ ᠶᠢ ᠨᠢ ᠨᠦᠯᠦᠭᠡᠯᠡᠵᠦ ᠮᠠᠳᠡᠨ᠎ᠡ᠃ ᠲᠠᠶᠢᠮᠦ ᠪᠤᠯᠬᠤᠷ ᠠᠩᠭᠢ ᠶᠢᠨ ᠡᠷᠬᠢᠯᠡᠭᠴᠢ ᠪᠣᠯᠣᠬᠰᠠᠳ ᠦᠭᠡ ᠶᠠᠷᠢᠶ᠎ᠠ᠂ | ᠦᠢᠯᠡ ᠠᠵᠢᠯᠯᠠᠭ᠎ᠠ᠂ ᠡᠮᠦᠰᠴᠦ ᠵᠡᠬᠦᠬᠦ᠂ ᠬᠦᠳᠡᠯᠣᠯ ᠪᠠᠷᠢᠯ ᠢᠶᠠᠨ ᠦᠷᠭᠦᠯᠵᠢ ᠠᠩᠬᠠᠷᠴᠤ ᠪᠠᠶᠢᠪᠠᠯ ᠵᠤᠬᠢᠨ᠎ᠠ᠃ | ᠪᠠᠭᠰᠢ ᠶᠢᠨ ᠰᠠᠮᠪᠠᠷ᠎ᠠ ᠶᠢᠨ ᠪᠢᠴᠢᠯᠭᠡ᠂ ᠢᠷᠠᠭᠤ ᠰᠠᠶᠢᠬᠠᠨ ᠬᠡᠯᠡ ᠬᠡᠯᠡᠯᠭᠡ ᠪᠣᠯ ᠪᠦᠷ ᠰᠣᠷᠣᠬᠴᠢ ᠶᠢᠨ ᠠᠩᠬᠠᠷᠣᠯ ᠢ | ᠲᠠᠳᠠᠳᠠᠭ ᠬᠦᠴᠦᠨ ᠵᠦᠢᠯᠡᠰ ᠮᠦᠨ᠃ ᠡᠶᠢᠮᠦ ᠠᠴᠠ ᠪᠠᠭᠰᠢ ᠪᠣᠯᠣᠬᠰᠠᠳ ᠤᠷᠢᠳ ᠢᠶᠠᠷ ᠦᠪᠡᠷ ᠤᠨ ᠪᠡᠶ᠎ᠡ ᠪᠠᠨ | ᠰᠢᠯᠢᠳᠡᠭᠵᠢᠭᠦᠯᠭᠦ ᠴᠢᠬᠤᠯᠠᠳᠠᠢ᠃ | ᠬᠤᠶᠠᠷ᠂ ᠰᠣᠷᠣᠬᠴᠢ ᠪᠠᠨ ᠬᠦᠨᠳᠦᠳᠭᠡᠵᠦ᠂ ᠰᠣᠷᠣᠬᠴᠢ ᠪᠠᠨ ᠣᠶᠢᠯᠠᠭᠠᠵᠣ ᠬᠠᠶᠢᠷᠠᠯᠠᠬᠤ ᠭᠡᠷᠡᠭᠳᠡᠢ᠃ | ᠰᠣᠷᠭᠠᠨ ᠬᠦᠮᠦᠵᠢᠬᠦᠯᠬᠦ ᠣᠬᠠᠭᠠᠨ᠂ ᠰᠡᠳᠬᠢᠴᠡ ᠵᠦᠢ ᠳᠤ ᠰᠣᠷᠣᠬᠴᠢ ᠪᠠᠨ ᠣᠶᠢᠯᠠᠭᠠᠬᠤ᠂ ᠬᠠᠶᠢᠷᠠᠯᠠᠬᠤ᠂ | ᠬᠦᠨᠳᠦᠳᠭᠡᠬᠦ ᠶᠢ ᠴᠢᠬᠤᠯᠠᠴᠢᠯᠠᠨ ᠲᠣᠷᠠᠳᠴᠠᠢ᠃ ᠪᠠᠭᠰᠢ ᠨᠢ ᠰᠣᠷᠣᠬᠴᠢ ᠪᠠᠨ ᠣᠶᠢᠯᠠᠭᠠᠵᠣ ᠬᠠᠶᠢᠷᠠᠯᠠᠬᠤ ᠳᠤ ᠪᠠᠰᠠ | ᠣᠯᠠᠨ ᠲᠠᠯ᠎ᠠ ᠲᠠᠢ ᠪᠠᠶᠢᠳᠠᠭ᠃ ᠵᠢᠱᠢᠶᠡᠯᠡᠪᠡᠯ᠄ ᠰᠣᠷᠣᠬᠴᠢ ᠶᠢᠨ ᠬᠦᠳᠡᠯᠮᠦᠷᠢ ᠶᠢᠨ ᠪᠦᠳᠦᠭᠡᠯ ᠢ ᠬᠠᠶᠢᠷᠠᠯᠠᠬᠤ᠂ | ᠰᠣᠷᠣᠬᠴᠢ ᠶᠢᠨ ᠣᠷᠮ᠎ᠠ ᠵᠣᠷᠢᠭ ᠢ ᠬᠦᠭᠵᠢᠭᠡᠬᠦ᠂ ᠰᠣᠷᠣᠬᠴᠢ ᠶᠢᠨ ᠢᠶᠠᠨ ᠠᠪᠢᠶᠠᠰ ᠴᠢᠳᠠᠪᠣᠷᠢ᠂ ᠣᠷ᠎ᠠ | ᠮᠠᠷᠭᠡᠵᠢᠯ ᠢ ᠨᠢ ᠮᠠᠭᠳᠠᠨ ᠦᠨᠡᠯᠡᠬᠦ᠂ ᠰᠣᠷᠣᠬᠴᠢ ᠶᠢᠨ ᠢᠶᠠᠨ ᠡᠷᠳᠡᠮ ᠰᠣᠷᠣᠶ᠎ᠠ ᠭᠡᠰᠡᠨ ᠬᠦᠰᠡᠯ ᠵᠣᠷᠢᠯᠭ᠎ᠠ ᠶᠢ ᠦᠨᠡᠨ | ᠰᠡᠳᠬᠢᠯᠭᠡ ᠠᠴᠠ ᠪᠠᠨ ᠬᠦᠯᠢᠶᠡᠨ ᠠᠪᠴᠣ ᠲᠡᠮᠵᠢᠬᠦ ᠠᠵᠢᠯᠯᠠᠭ᠎ᠠ ᠪᠣᠯ ᠪᠦᠷ ᠴᠣ᠋ ᠡᠨᠡᠬᠦ ᠬᠡᠪᠴᠢᠶᠡᠨ ᠳᠤ ᠪᠠᠭᠳᠠᠨ᠎ᠠ᠃ | ᠪᠠᠭᠰᠢ ᠰᠣᠷᠣᠬᠴᠢ ᠶᠢᠨ ᠬᠠᠶᠢᠷ᠎ᠠ ᠰᠡᠳᠬᠢᠯᠬᠡ ᠭᠦᠨ ᠵᠤᠵᠠᠭᠠᠨ ᠪᠣᠯ ᠠᠩᠭᠢ ᠨᠢᠭᠡᠴᠢ ᠨᠢᠭᠳᠠᠷᠠᠨ ᠴᠢᠩᠭᠠᠷᠠᠵᠤ᠂ | ᠰᠠᠶᠢᠨ ᠰᠠᠶᠢᠬᠠᠨ ᠠᠭᠤᠷ ᠠᠮᠢᠰᠬᠤᠯ ᠪᠦᠷᠢᠯᠳᠦᠨ᠎ᠡ᠃ ᠡ᠊ᠨᠳᠡ ᠪᠢ ᠭᠡᠳᠤᠨ ᠰᠣᠷᠣᠬᠴᠢ ᠶᠢ ᠬᠦᠮᠦᠵᠢᠬᠦᠯᠦᠭᠰᠡᠨ | ᠶᠠᠪᠣᠴᠠ ᠪᠠᠨ ᠲᠦᠬᠦᠮ ᠲᠠᠨᠢᠯᠴᠠᠭᠤᠯᠵᠣ ᠦᠢᠯᠠᠰ ᠨᠢᠭᠡᠳᠡᠳ ᠲᠠᠢ ᠪᠠᠨ ᠲᠤᠷᠰᠢᠯᠭ᠎ᠠ ᠰᠤᠷᠭᠠᠮᠵᠢ ᠪᠠᠨ | ᠬᠤᠪᠢᠶᠠᠯᠴᠠᠶ᠎ᠠ᠃ | ᠰᠣᠷᠣᠬᠴᠢ × ×᠂ ᠡᠷᠡᠭᠳᠡᠢ᠃ ᠲᠣᠰ ᠰᠣᠷᠣᠬᠴᠢ ᠮᠠᠨ ᠤ ᠠᠩᠭᠢ ᠶᠢ ᠭᠤᠷᠪᠠᠳᠤᠭᠠᠷ ᠣᠨ ᠪᠣᠯᠬᠤ ᠳᠤ | ᠭᠠᠳᠠᠨ᠎ᠠ ᠠᠴᠠ ᠰᠢᠯᠵᠢᠵᠦ ᠢᠷᠡᠵᠡᠢ᠃ ᠲᠣᠰ ᠰᠣᠷᠣᠬᠴᠢ ᠶᠢᠨ ᠰᠠᠶᠢᠨ ᠲᠠᠢ ᠲᠠᠯ᠎ᠠ ᠭᠡᠪᠡᠯ ᠰᠣᠨᠢᠭᠤᠴᠢ ᠵᠠᠩ ᠲᠠᠢ᠃ | ᠶᠠᠮᠠᠷ ᠨᠢᠭᠡᠨ ᠶᠠᠭᠤᠮ᠎ᠠ ᠶᠢ ᠴᠠᠭᠠᠰᠢᠳᠠ ᠰᠡᠳᠬᠢᠵᠦ ᠪᠣᠳᠣᠬᠤ᠂ ᠠᠰᠠᠭᠤᠵᠣ ᠨᠢᠬᠳᠠᠯᠠᠬᠤ ᠲᠣᠷᠠᠳᠠᠢ᠃ ᠭᠡᠪᠡᠴᠦ | ᠨᠦᠬᠦᠳ ᠲᠠᠢ ᠪᠠᠨ ᠬᠠᠷᠢᠯᠴᠠᠬᠤ ᠲᠠᠯ᠎ᠠ ᠪᠠᠷ ᠪᠠᠷᠣᠬᠳᠠᠢ᠂ ᠠᠭᠤᠷ ᠣᠴᠠᠭᠠᠷ ᠶᠡᠭᠡ᠂ ᠤᠴᠢᠷ ᠶᠠᠪᠤᠳᠠᠯ ᠲᠤᠯᠭᠠᠷᠠᠪᠠᠯ | ᠪᠠᠴᠢᠮᠳᠠᠵᠣ ᠰᠠᠨᠳᠣᠷᠳᠠᠭ᠃ ᠵᠠᠷᠢᠮ ᠦᠶᠡᠰ ᠬᠠᠮᠳᠣ ᠰᠣᠷᠣᠬᠴᠢ ᠨᠢ ᠰᠢᠷᠡᠭᠡᠨ ᠲᠡᠭᠡᠷᠡᠬᠢ ᠶᠠᠭᠤᠮ᠎ᠠ ᠶᠢ ᠨᠢ ᠰᠠᠨᠠᠮᠰᠠᠷ | ᠦᠭᠡᠢ ᠣᠶᠢᠴᠢᠭᠤᠯᠣᠬᠰᠠᠨ ᠢ ᠴᠦ ᠬᠦᠯᠢᠶᠡᠵᠦ ᠴᠢᠳᠠᠯ ᠦᠭᠡᠢ ᠬᠠᠮᠳᠣ ᠰᠣᠷᠣᠬᠴᠢ ᠳᠤ ᠪᠠᠨ ᠶᠡᠭᠡ ᠪᠠᠷ ᠠᠭᠤᠷᠯᠠᠵᠣ᠂ | ᠪᠠᠷᠭᠢᠷᠠᠨ ᠪᠠᠴᠢᠮᠳᠠᠳᠠᠭ᠂ ᠨᠦᠬᠦᠳ ᠤᠨ ᠬᠤᠭᠤᠷᠣᠨᠳᠣᠬᠢ ᠪᠠᠭ᠎ᠠ ᠰᠠᠭ᠎ᠠ ᠣᠴᠢᠷ ᠶᠠᠪᠣᠳᠠᠯ ᠢᠶᠠᠨ ᠴᠣ᠋ | ᠰᠢᠢᠳᠪᠦᠷᠢᠯᠡᠵᠦ ᠴᠢᠳᠠᠬᠤ ᠦᠭᠡᠢ᠂ ᠵᠠᠪᠠᠯ ᠦᠪᠡᠷ ᠤᠨ ᠵᠣᠷᠢᠭ ᠢᠶᠠᠷ ᠢᠶᠠᠨ ᠠᠭᠠᠰᠢᠯᠠᠵᠣ᠂ ᠰᠠᠨᠠᠭᠠᠨ ᠳᠤ ᠨᠢ | ᠲᠠᠭᠠᠷᠠᠬᠤ ᠦᠭᠡᠢ ᠪᠣᠯ ᠶᠡᠭᠡ ᠪᠠᠷ ᠠᠭᠤᠷᠯᠠᠵᠣ᠂ ᠣᠬᠢᠯᠠᠵᠣ ᠪᠡᠷᠭᠢᠷᠠᠨ ᠠᠭᠠᠰᠢᠯᠠᠳᠠᠭ᠃ ᠡᠶᠢᠮᠦ ᠰᠣᠷᠣᠬᠴᠢ ᠶᠢ | ᠭᠡᠷᠬᠢᠨ ᠭᠦᠮᠦᠵᠢᠭᠦᠯᠭᠦ ᠪᠣᠢ︖ ᠪᠤᠳᠤᠭᠰᠠᠭᠠᠷ ᠪᠠᠶᠢᠵᠤ ᠣᠷᠢᠳᠠᠪᠠᠷ ᠲᠡᠭᠦᠨ ᠤ ᠲᠣᠭᠤᠵᠤ ᠪᠢᠰᠢᠷᠡᠳᠡᠭ ᠬᠤᠶᠠᠷ | ᠭᠡᠣᠭᠡᠳ ᠢ ᠣᠯᠵᠣ ᠲᠣᠰ ᠰᠣᠷᠣᠬᠴᠢ ᠳᠤ ᠦᠵᠡᠯ ᠰᠠᠨᠠᠭᠠᠨ ᠤ ᠬᠦᠮᠦᠵᠢᠯ ᠬᠢᠯᠬᠡᠵᠡᠢ᠃ ᠲᠡᠳᠡᠨ ᠢ ᠬᠢᠴᠢᠶᠡᠯ ᠤᠨ | ᠭᠠᠳᠠᠨ᠎ᠠ ᠢᠯᠡᠬᠦᠭᠡᠨ ᠴᠤᠭ ᠪᠠᠶᠢᠯᠭᠠᠵᠣ᠂ ᠰᠡᠳᠬᠢᠯ ᠤᠨ ᠦᠭᠡ ᠪᠠᠨ ᠰᠣᠯᠢᠯᠴᠠᠬᠤ ᠶᠢ ᠵᠣᠷᠢᠬᠵᠢᠭᠤᠯᠪᠠ᠃ ᠪᠠᠰᠠ | ᠠᠩᠭᠢ ᠶᠢᠨ ᠪᠣᠰᠣᠳ ᠰᠣᠷᠣᠬᠴᠢ ᠶᠢ ᠴᠣ᠋ ᠲᠣᠰ ᠰᠣᠷᠣᠬᠴᠢ ᠲᠠᠢ ᠪᠦᠯᠬᠦᠮᠳᠡᠨ᠂ ᠲᠡᠭᠦᠨ ᠢ ᠠᠭᠤᠴᠢᠯᠠᠵᠣ | ᠪᠠᠭᠳᠠᠭᠠᠨ᠂ ᠰᠠᠶᠢᠨ ᠰᠠᠶᠢᠬᠠᠨ ᠵᠠᠩ ᠲᠠᠢ ᠬᠡᠣᠭᠡᠳ ᠪᠣᠯᠭᠠᠬᠤ ᠲᠡᠶᠢᠰᠢ ᠣᠬᠠᠭᠠᠷᠠᠭᠤᠯᠬᠤ ᠶᠢ ᠣᠷᠢᠶᠠᠯᠠᠪᠠ᠃ | ᠬᠢᠴᠢᠶᠡᠯ ᠤᠨ ᠪᠠᠭᠰᠢ ᠨᠠᠷ ᠢ ᠴᠣ᠋ ᠠᠯᠢ ᠪᠣᠯᠬᠤ ᠪᠠᠷ ᠲᠣᠰ ᠰᠣᠷᠣᠬᠴᠢ ᠳᠤ ᠣᠷᠮ᠎ᠠ ᠬᠠᠶᠢᠷᠠᠯᠠᠨ ᠵᠣᠷᠢᠬᠵᠢᠭᠤᠯᠬᠤ ᠶᠢ | ᠰᠠᠨᠠᠭᠤᠯᠪᠠ᠃ ᠢᠡᠭᠬᠢᠭᠰᠡᠨ ᠠᠴᠠ ᠤᠳᠠᠭᠠᠨ ᠳᠤ ᠪᠠᠨ ᠲᠣᠰ ᠰᠣᠷᠣᠬᠴᠢ ᠲᠣᠩ ᠤᠯᠠᠨ ᠬᠤᠪᠢᠷᠠᠯᠳᠠ ᠭᠠᠷᠴᠠᠢ᠃ | ᠰᠣᠷᠣᠬᠴᠢ ᠨᠦᠬᠦᠳ ᠲᠠᠢ ᠪᠠᠨ ᠰᠠᠶᠢᠬᠠᠨ ᠬᠠᠷᠢᠴᠠᠬᠤ ᠪᠣᠯᠣᠬᠰᠠᠨ ᠪᠦᠭᠡᠳ ᠪᠠᠭ᠎ᠠ ᠰᠠᠭ᠎ᠠ ᠣᠴᠢᠷ ᠢ | ᠪᠠᠭᠳᠠᠭᠠᠵᠣ ᠴᠢᠳᠠᠬᠤ ᠪᠣᠯᠣᠬᠰᠠᠨ ᠪᠠᠶᠢᠨ᠎ᠠ᠃ ᠨᠡᠩ ᠴᠢᠬᠤᠯᠠ ᠨᠢ ᠮᠠᠰᠢ ᠪᠠᠶᠠᠷ ᠪᠠᠶᠠᠰᠬᠤᠯᠠᠩ ᠲᠠᠢ ᠪᠠᠷ ᠬᠢᠴᠢᠶᠡᠯ | ᠰᠣᠷᠣᠯᠭ᠎ᠠ ᠳᠤ ᠪᠠᠨ ᠴᠢᠷᠮᠠᠶᠢᠬᠤ ᠪᠣᠯᠣᠬᠰᠠᠨ ᠪᠠᠶᠢᠨ᠎ᠠ᠃ | ᠰᠣᠷᠣᠬᠴᠢ × ×᠂ ᠡᠷᠡᠭᠳᠡᠢ᠃ ᠲᠣᠰ ᠰᠣᠷᠣᠬᠴᠢ ᠪᠣᠯ ᠡᠷᠭᠡ ᠲᠣᠷ᠎ᠠ ᠪᠠᠷ ᠢᠶᠠᠨ ᠦᠰᠦᠭᠰᠡᠨ ᠬᠡᠣᠭᠡᠳ | ᠪᠣᠯᠣᠨ᠎ᠠ᠃ ᠨᠢᠭᠡᠳᠦᠭᠡᠷ ᠣᠨ ᠳᠤ ᠢᠷᠡᠬᠦ ᠳᠤ ᠡᠪᠦᠭᠡ ᠡᠮᠡᠭᠡ ᠨᠢ ᠬᠠᠷᠠᠵᠤ ᠬᠠᠷᠠᠭᠠᠯᠵᠠᠳᠠᠬ ᠪᠠᠶᠢᠪᠠ᠃ ᠡᠪᠦᠭᠡ | ᠡᠮᠡᠭᠡ ᠶᠢᠨ ᠢᠶᠠᠨ ᠦᠭᠡᠨ ᠳᠤ ᠣᠷᠣᠬᠤ ᠦᠭᠡᠢ᠂ ᠲᠠᠰᠬᠠᠯ ᠪᠣᠯᠪᠠᠰᠣᠷᠠᠯ ᠢᠶᠠᠨ ᠴᠦ ᠬᠢᠬᠦ ᠦᠭᠡᠢ ᠪᠠᠶᠢᠯ᠎ᠠ᠃ ᠲᠡᠭᠡᠭᠡᠳ | ᠵᠦᠭᠡᠯᠡᠨ ᠬᠠᠳᠠᠭᠤ ᠠᠷᠭ᠎ᠠ ᠶᠢ ᠣᠶᠠᠯᠳᠣᠭᠤᠯᠣᠨ ᠭᠡᠷᠡᠭᠯᠡᠵᠦ᠂ ᠣᠷᠣᠢ ᠨᠢ ᠦᠯᠡᠳᠡᠭᠡᠵᠦ ᠪᠠᠶᠢᠭᠠᠳ ᠲᠠᠰᠬᠠᠯ ᠢ ᠨᠢ | ᠬᠢᠯᠬᠡᠬᠦ ᠭᠡᠬᠦ ᠳᠤ ᠡᠬᠢᠨ ᠳᠤ ᠪᠠᠨ ᠮᠢᠨᠦ ᠦᠭᠡᠳᠡ ᠠᠴᠠ ᠢᠰᠬᠦᠯᠵᠦ᠂ ᠶᠠᠭᠤᠮ᠎ᠠ ᠪᠠᠨ ᠰᠢᠳᠡᠵᠦ ᠨᠠᠮ᠎ᠠ ᠶᠢ | ᠰᠦᠷᠳᠡᠭᠦᠯᠬᠦ ᠪᠠᠷ ᠣᠷᠣᠯᠳᠣᠳᠠᠭ ᠪᠠᠶᠢᠪᠠ᠃ ᠪᠣᠰᠣᠳ ᠰᠣᠷᠣᠬᠴᠢᠳ ᠬᠡᠯᠡ ᠪᠢᠴᠢᠭ ᠤᠨ ᠴᠡᠭᠡᠵᠢᠯᠡᠭᠦ ᠠᠭᠤᠯᠭ᠎ᠠ ᠶᠢ | ᠴᠡᠭᠡᠵᠢᠯᠡᠭᠰᠡᠨ ᠪᠠᠶᠢᠬᠤ ᠳᠤ ᠲᠡᠷᠡ ᠴᠡᠭᠡᠵᠢᠯᠡᠳᠡᠭ ᠦᠭᠡᠢ᠃ ᠲᠡᠭᠡᠭᠡᠳ ᠬᠡᠯᠡ ᠪᠢᠴᠢᠭ ᠤᠨ ᠪᠠᠭᠰᠢ ᠲᠠᠢ ᠬᠤᠶᠠᠭᠤᠯᠠ | ᠨᠢᠭᠡ ᠦᠳᠡ ᠳᠤ ᠲᠡᠭᠦᠨ ᠢ ᠦᠯᠡᠳᠡᠭᠡᠵᠦ ᠴᠡᠭᠡᠵᠢᠯᠡᠬᠦᠯᠬᠦ ᠭᠡᠰᠡᠨ ᠳᠤ ᠲᠡᠷᠡ ᠲᠣᠮᠳᠠ ᠨᠢ ᠵᠣᠷᠯᠣᠩ ᠳᠤ ᠶᠠᠪᠣᠬᠤ ᠪᠠᠷ | ᠭᠤᠶᠣᠴᠢᠯᠠᠯᠠ᠃ ᠪᠢᠳᠡ ᠬᠤᠶᠠᠭᠤᠯᠠ ᠬᠦᠯᠢᠶᠡᠭᠡᠳ ᠬᠦᠯᠢᠶᠡᠭᠡᠳ ᠢᠷᠡᠭᠰᠡᠨ ᠦᠭᠡᠢ᠃ ᠭᠡᠷ ᠲᠤ ᠨᠢ ᠤᠴᠢᠬᠤ ᠳᠤ | ᠬᠦᠨᠵᠢᠯᠡ ᠪᠠᠨ ᠨᠦᠮᠦᠷᠤᠭᠡᠳ ᠭᠡᠪᠳᠡᠵᠤ ᠪᠠᠶᠢᠪᠠ᠃ ᠡᠮᠡᠭᠡ ᠨᠢ ᠦᠷᠬᠦᠯᠵᠢ ᠨᠠᠳᠠᠳᠣ᠄ ︽ᠠ᠊ ᠪᠠᠭᠰᠢ ᠲᠠ ᠭᠡᠷ ᠤᠨ | ᠣᠶᠢᠷᠠᠬᠠᠨ ᠶᠠᠪᠣᠳᠠᠭ ᠪᠣᠯ ᠮᠢᠨᠦ ᠬᠦᠦ ᠶᠢ ᠭᠠᠳᠠᠨ᠎ᠠ ᠠᠴᠠ ᠭᠡᠷ ᠲᠤ ᠲᠠᠭᠤᠵᠣ ᠣᠷᠣᠭᠤᠯᠣᠭᠠᠳ ᠠᠯᠢ᠃ ᠮᠢᠨᠦ | ᠦᠭᠡ ᠶᠢ ᠰᠣᠨᠣᠰᠬᠤ ᠦᠭᠡᠢ᠃ ᠪᠢ ᠬᠦᠯ ᠮᠠᠭᠤ ᠪᠣᠯᠬᠤᠷ ᠲᠠᠭᠤᠭᠠᠳ ᠴᠣ᠋ ᠲᠡᠶᠢᠯᠬᠦ ᠦᠭᠡᠢ ᠪᠠᠶᠢᠨ᠎ᠠ︾ ᠭᠡᠵᠦ | ᠭᠡᠯᠡᠳᠡᠭ ᠪᠠᠶᠢᠪᠠ᠃ ᠡᠨᠡ ᠰᠣᠷᠣᠬᠴᠢ ᠶᠢ ᠴᠤᠬᠤᠮ ᠶᠠᠮᠠᠷ ᠠᠷᠭ᠎ᠠ ᠪᠠᠷ ᠬᠦᠮᠦᠵᠢᠬᠦᠯᠳᠡᠭ ᠢ ᠪᠢ ᠪᠠᠭ᠋ᠠᠨ ᠪᠣᠳᠣᠯ᠎ᠠ᠃ | ᠨᠢᠭᠡᠨ ᠭᠠᠷᠠᠭ ᠤᠨ ᠡᠳᠦᠷ ᠠᠪᠤ ᠡᠵᠢ ᠶᠢ ᠨᠢ ᠲᠠᠭᠤᠳᠠᠭᠠᠳ ᠶᠠᠷᠢᠯᠴᠠᠭᠰᠠᠨ ᠤ ᠳ᠋ᠦᠩ ᠳᠤ ᠲᠣᠰ ᠬᠡᠣᠭᠡᠳ | ᠡᠵᠢ ᠠᠴᠠ ᠪᠠᠨ ᠠᠶᠣᠳᠠᠭ ᠭᠡᠳᠡᠭ ᠢ ᠮᠠᠳᠡᠵᠦ ᠡᠵᠢ ᠳᠤ ᠨᠢ ᠲᠠᠭᠠᠭᠠᠯᠭᠠᠨ ᠦᠭᠴᠦ᠂ ᠡᠪᠦᠭᠡ ᠡᠮᠡᠭᠡ ᠨᠢ | ᠬᠦᠳᠡᠭᠡᠨ ᠢᠶᠠᠨ ᠬᠠᠷᠢᠵᠣ ᠪᠢᠯᠡ᠃ ᠢᠩᠭᠢᠭᠡᠳ ᠡᠵᠢ ᠲᠠᠢ ᠨᠢ ᠬᠠᠮᠳᠣ ᠬᠠᠯᠠᠮᠵᠢᠯᠠᠨ ᠬᠦᠮᠦᠵᠢᠬᠦᠯᠬᠦ ᠪᠠᠷ ᠪᠣᠯᠣᠯ᠎ᠠ᠃ | ᠣᠷᠣᠢ ᠳᠤ ᠪᠠᠨ ᠭᠡᠳᠦᠨ ᠲᠦᠷᠦᠯ ᠤᠨ ᠬᠢᠴᠢᠶᠡᠯ ᠤᠨ ᠲᠠᠰᠬᠠᠯ ᠢ ᠨᠢ ᠪᠠᠭᠰᠢ ᠠᠴᠠ ᠨᠢ ᠲᠡᠮᠳᠡᠭᠯᠡᠨ ᠠᠪᠴᠣ᠂ ᠲᠣᠰ | ᠰᠣᠷᠣᠬᠴᠢ ᠶᠢᠨ ᠲᠣᠰ ᠡᠳᠦᠷ ᠤᠨ ᠪᠠᠶᠢᠳᠠᠯ ᠢ ᠨᠢ ᠡᠵᠢ ᠳᠤ ᠨᠢ ᠪᠢᠴᠢᠵᠦ ᠶᠠᠪᠣᠭᠤᠯᠳᠠᠭ ᠪᠣᠯᠪᠠ᠃ ᠲᠣᠰ | ᠬᠡᠣᠭᠡᠳ ᠤᠨ ᠭᠡᠷ ᠲᠤ ᠪᠠᠨ ᠪᠠᠶᠢᠬᠤ ᠦᠶ᠎ᠡ ᠶᠢᠨ ᠪᠠᠶᠢᠳᠠᠯ ᠢ ᠡᠵᠢ ᠨᠢ ᠨᠠᠳᠠᠳᠣ ᠪᠢᠴᠢᠵᠦ ᠶᠠᠪᠣᠭᠤᠯᠳᠠᠭ᠃ ᠡᠨᠡ | ᠮᠡᠳᠦ ᠪᠠᠷ ᠨᠢᠭᠡ ᠵᠢᠯ ᠲᠡᠰᠪᠦᠷᠢᠳᠡᠢ ᠬᠦᠮᠦᠵᠢᠬᠦᠯᠦᠭᠰᠡᠨ ᠠᠴᠠ ᠭᠤᠷᠪᠡᠳᠤᠭᠠᠷ ᠣᠨ ᠪᠣᠯᠬᠤ ᠳᠤ ᠰᠣᠷᠣᠯᠭ᠎ᠠ | ᠬᠢᠴᠢᠶᠡᠯ ᠳᠤ ᠪᠠᠨ ᠰᠢᠮᠳᠡᠨ ᠴᠢᠷᠮᠠᠶᠢᠵᠣ ᠰᠣᠷᠣᠯᠴᠠᠬᠤ ᠪᠣᠯᠣᠬᠰᠠᠨ ᠪᠦᠬᠡᠳ ᠵᠠᠩ ᠮᠣᠷᠠᠯ ᠨᠢ ᠶᠡᠭᠡᠳᠡ ᠰᠠᠶᠢᠵᠢᠷᠠᠵᠣ᠂ | ᠪᠠᠭ᠎ᠠ ᠰᠣᠷᠭᠠᠭᠤᠯᠢ ᠪᠠᠨ ᠠᠮᠵᠢᠯᠳᠠ ᠲᠠᠢ ᠰᠠᠶᠢᠬᠠᠨ ᠲᠡᠭᠦᠰᠭᠡᠭᠰᠡᠨ ᠪᠠᠶᠢᠨ᠎ᠠ᠃ | ᠭᠤᠷᠪᠠ᠂ ᠰᠣᠷᠣᠬᠴᠢ ᠪᠠᠨ ᠬᠠᠶᠢᠷᠠᠯᠠᠵᠣ᠂ ᠢᠯᠡᠬᠦᠭᠡᠨ ᠣᠷᠮᠠᠰᠢᠭᠤᠯᠣᠨ ᠵᠣᠷᠢᠬᠵᠢᠭᠤᠯᠬᠤ ᠭᠡᠷᠡᠭᠳᠡᠢ᠃ | ᠬᠠᠶᠢᠷ᠎ᠠ ᠶᠢᠨ ᠬᠦᠮᠦᠵᠢᠯ ᠪᠣᠯ ᠰᠣᠷᠭᠠᠨ ᠬᠦᠮᠦᠵᠢᠯ ᠤᠨ ᠦᠨᠳᠤᠰᠤ ᠮᠦᠨ᠃ ᠪᠠᠭᠰᠢ ᠪᠣᠯ ᠬᠡᠣᠭᠡᠳ ᠤᠨ | ᠲᠡᠮᠵᠢᠭᠴᠢ᠂ ᠵᠢᠯᠣᠭᠤᠳᠣᠬᠴᠢ᠂ ᠬᠦᠳᠦᠯᠦᠭᠴᠢ ᠨᠢ ᠪᠣᠯᠣᠨ᠎ᠠ᠃ ᠬᠢᠴᠢᠶᠡᠯ ᠤᠨ ᠭᠠᠳᠠᠭᠤᠷ ᠰᠣᠷᠣᠬᠴᠢ ᠲᠠᠢ ᠪᠠᠨ | ᠰᠠᠨᠠᠭᠠᠴᠢᠯᠠᠭ᠎ᠠ ᠲᠠᠢ ᠪᠠᠷ ᠣᠶᠢᠷᠠᠳᠣᠨ᠂ ᠴᠢᠯᠦᠭᠡᠳᠡᠢ ᠶᠠᠷᠢᠯᠴᠠᠵᠤ᠂ ᠲᠡᠳᠡᠨ ᠤ ᠰᠡᠳᠬᠢᠯ ᠤᠨ ᠨᠠᠶᠢᠵᠢ ᠨᠢ ᠪᠣᠯᠵᠣ᠂ | ᠬᠦᠨ ᠵᠣᠵᠠᠭᠠᠨ ᠬᠠᠶᠢᠷ᠎ᠠ ᠰᠡᠳᠬᠢᠯᠭᠡ ᠪᠠᠷ ᠰᠣᠷᠣᠬᠴᠢ ᠳᠤ ᠪᠠᠨ ᠬᠠᠨᠳᠣᠵᠣ᠂ ᠰᠣᠷᠣᠬᠴᠢ ᠪᠠᠨ ᠦᠪᠡᠷ ᠤᠨ | ᠬᠡᠣᠭᠡᠳ ᠢᠶᠠᠨ ᠰᠢᠭ ᠬᠠᠶᠢᠷᠠᠯᠠᠵᠣ᠂ ᠲᠡᠳᠡᠨ ᠤ ᠪᠡᠶ᠎ᠡ ᠲᠡᠭᠡᠷ᠎ᠡ ᠪᠠᠶᠢᠬᠤ ᠦᠴᠦᠭᠡᠨ ᠬᠢᠯᠠᠰ ᠴᠡᠭ ᠢ ᠴᠤ ᠣᠯᠵᠣ | ᠬᠠᠷᠠᠨ ᠮᠠᠭᠳᠠᠨ ᠰᠠᠶᠢᠰᠢᠶᠠᠵᠣ᠂ ᠦᠪᠡᠷ ᠢ ᠨᠢ ᠦᠪᠡᠷ ᠲᠠᠢ ᠨᠢ ᠬᠠᠷᠢᠴᠠᠭᠤᠯᠣᠨ᠂ ᠴᠠᠭ ᠦᠷᠭᠦᠯᠵᠢ ᠣᠷᠮᠠᠰᠢᠭᠤᠯᠣᠨ | ᠵᠣᠷᠢᠬᠵᠢᠭᠤᠯᠬᠤ ᠭᠡᠷᠡᠭᠳᠡᠢ᠃ | ᠰᠣᠷᠣᠬᠴᠢᠳ ᠤᠨ ᠢᠶᠠᠨ ᠰᠣᠷᠣᠯᠴᠠᠬᠤ ᠣᠷᠮ᠎ᠠ ᠵᠣᠷᠢᠭ ᠢ ᠲᠠᠶᠢᠴᠢᠯᠠᠬᠤ ᠭᠡᠷᠡᠭᠳᠠᠢ᠃ ᠰᠡᠳᠬᠢᠴᠡ ᠵᠦᠢ ᠳᠤ | ︽ᠵᠣᠷᠢᠭ ᠭᠡᠭᠴᠢ ᠬᠦᠮᠦᠰ ᠶᠠᠮᠠᠷ ᠨᠢᠭᠡᠨ ᠵᠦᠢᠯ ᠤᠨ ᠵᠣᠷᠢᠯᠭ᠎ᠠ ᠪᠠᠨ ᠪᠡᠶᠡᠯᠡᠬᠦᠯᠬᠦ᠋ᠢᠨ ᠲᠦᠯᠦᠭᠡ᠂ ᠦᠢᠯᠡ | ᠠᠵᠢᠯᠯᠠᠭ᠎ᠠ ᠶᠢᠨ ᠲᠣᠮᠳᠡ ᠣᠬᠠᠮᠰᠠᠷ ᠠᠴᠠ ᠪᠠᠨ ᠬᠦᠴᠢᠷ ᠪᠡᠷᠭᠡᠰᠢᠶᠡᠯ ᠢ ᠢᠯᠡᠨ ᠲᠠᠪᠠᠭ᠋ᠣ ᠦᠶᠡᠰ ᠢᠯᠡᠷᠡᠬᠦᠯᠦᠭᠰᠡᠨ | ᠰᠡᠳᠬᠢᠴᠡ ᠶᠢᠨ ᠶᠠᠪᠣᠴᠠ ᠪᠣᠯᠣᠨ᠎ᠠ︾ ᠭᠡᠵᠡᠢ᠃ ᠰᠣᠷᠣᠬᠴᠢᠳ ᠵᠣᠷᠢᠭ ᠪᠠᠶᠢᠮᠠᠨᠵᠢᠨ ᠰᠠᠶ᠋ᠢ ᠰᠢᠨᠵᠢᠯᠡᠬᠦ ᠣᠬᠠᠭᠠᠨ ᠤ | ᠬᠦᠴᠢᠷ ᠪᠠᠷᠳᠠᠭ᠎ᠠ ᠶᠢ ᠲᠠᠪᠠᠵᠣ᠂ ᠦᠪᠡᠷ ᠤᠨ ᠬᠤᠴᠣᠷᠣᠩᠭᠤᠢ ᠪᠠᠶᠢᠳᠠᠯ ᠢᠶᠠᠨ ᠦᠭᠡᠷᠡᠴᠢᠯᠡᠵᠦ ᠪᠡᠶ᠎ᠡ ᠪᠠᠨ | ᠨᠡᠶᠢᠭᠡᠮ ᠤᠨ ᠰᠢᠨ᠎ᠡ ᠪᠠᠶᠢᠳᠠᠯ ᠳᠤ ᠵᠣᠬᠢᠴᠠᠭᠤᠯᠵᠣ ᠴᠢᠳᠠᠨ᠎ᠠ᠃ ᠵᠣᠷᠢᠭ ᠤᠨ ᠬᠦᠮᠦᠵᠢᠯ ᠢᠶᠠᠷ ᠲᠠᠮᠵᠢᠭᠤᠯᠣᠨ | ᠰᠣᠷᠣᠬᠴᠢᠳᠤᠨ ᠪᠡᠶ᠎ᠡ ᠰᠡᠳᠬᠢᠴᠡ ᠳᠤ ᠲᠣᠬᠢᠶᠠᠯᠳᠣᠵᠣ ᠪᠣᠯᠬᠤ ᠠᠯᠢ ᠣᠯᠠᠨ ᠬᠦᠴᠢᠷ ᠪᠡᠷᠭᠡᠰᠢᠶᠡᠯ᠂ ᠲᠡᠭᠡᠭᠡᠷ᠎ᠡ | ᠲᠠᠷᠣᠭᠠᠰᠣ ᠶᠢ ᠨᠢ ᠠᠷᠢᠯᠭᠠᠵᠣ ᠪᠣᠯᠣᠨ᠎ᠠ᠃ ᠲᠡᠳᠡᠨ ᠤ ᠨᠡᠶᠢᠭᠡᠮ ᠤᠨ ᠬᠠᠷᠢᠭᠤᠴᠠᠯᠭᠠᠳᠣ ᠰᠡᠳᠬᠢᠯᠬᠡ᠂ | ᠬᠦᠳᠡᠯᠮᠣᠷᠢ ᠶᠢ ᠬᠠᠶᠢᠷᠠᠯᠠᠬᠤ᠂ ᠠᠮᠢᠳᠣᠷᠠᠯ ᠳᠤ ᠢᠳᠡᠭᠡᠯ ᠲᠠᠢ᠂ ᠣᠯᠣᠰ ᠦᠨᠳᠦᠰᠦᠳᠡᠨ ᠢᠶᠠᠨ ᠬᠠᠶᠢᠷᠠᠯᠠᠬᠤ ᠣᠪᠣᠷ | ᠰᠡᠳᠬᠢᠯᠭᠡ ᠶᠢ ᠪᠣᠢ ᠪᠣᠯᠭᠠᠵᠣ ᠪᠣᠯᠣᠨ᠎ᠠ᠃ ᠡᠬᠦᠨ ᠳᠤ ᠲᠣᠣᠷᠠᠬᠢ ᠭᠡᠳᠦᠨ ᠵᠦᠢᠯ ᠪᠠᠭᠳᠠᠨ᠎ᠠ᠃ | 1. ᠬᠢᠴᠢᠶᠡᠯ ᠪᠠ ᠠᠩᠭᠢ ᠶᠢᠨ ᠬᠤᠷᠠᠯ ᠢ ᠨᠢᠬᠳᠠ ᠣᠶᠠᠯᠳᠣᠭᠤᠯᠵᠣ᠂ ᠣᠯᠣᠰ ᠤᠨ ᠲᠣᠳᠣᠭᠠᠳᠣ | ᠭᠠᠳᠠᠭᠠᠳᠣ ᠶᠢᠨ ᠠᠯᠢ ᠣᠯᠠᠨ ᠠᠯᠳᠠᠷᠳᠣ ᠬᠦᠮᠦᠰ ᠢ ᠵᠣᠷᠢᠯᠭ᠎ᠠ ᠲᠠᠢ ᠪᠠᠷ ᠲᠠᠨᠢᠯᠴᠠᠭᠤᠯᠵᠣ᠂ ᠲᠡᠳᠡᠨ ᠤ ᠶᠠᠪᠣᠬᠰᠠᠨ | ᠮᠣᠷᠣᠢ ᠰᠡᠷᠣᠢ ᠵᠠᠮ ᠦᠩᠭᠡᠷᠡᠯᠳᠡ ᠶᠢ ᠲᠣᠪᠤᠶᠢᠯᠭᠠᠨ ᠶᠠᠷᠢᠵᠣ ᠪᠣᠯᠣᠨ᠎ᠠ᠃ | 2. ᠰᠣᠷᠭᠠᠭᠤᠯᠢ᠂ ᠠᠩᠭᠢ ᠶᠢᠨ ᠲᠣᠳᠣᠷᠠᠬᠢ ᠨᠡᠶᠢᠳᠡᠯᠢᠭ ᠵᠢᠱᠢᠶ᠎ᠡ ᠶᠢ ᠴᠠᠭ ᠲᠣᠬᠢᠶᠠᠯ ᠢ ᠠᠯᠳᠠᠯ ᠦᠭᠡᠢ | ᠣᠬᠠᠭᠤᠯᠵᠤ ᠪᠤᠯᠤᠨ᠎ᠠ᠃ | 3. ᠰᠣᠷᠣᠬᠴᠢ ᠶᠢᠨ ᠪᠡᠶ᠎ᠡ ᠰᠡᠳᠬᠢᠯ ᠤᠨ ᠬᠤᠪᠢᠷᠠᠯᠳᠠ ᠶᠢ ᠨᠠᠷᠢᠨ ᠰᠣᠳᠣᠯᠵᠣ᠂ ᠲᠡᠳᠡᠨ ᠤ ᠲᠣᠳᠣᠭᠠᠳᠣ | ᠰᠡᠳᠬᠢᠯ ᠤᠨ ᠪᠠᠶᠢᠳᠠᠯ ᠳᠤ ᠨᠢ ᠲᠣᠬᠢᠷᠠᠭᠤᠯᠵᠣ ᠬᠦᠮᠦᠵᠢᠬᠦᠯᠬᠦ ᠭᠡᠷᠡᠭᠳᠡᠢ᠃ ᠣᠳᠣᠬᠠᠨ ᠳᠤ ᠠᠮᠢᠳᠣᠷᠠᠯ ᠤᠨ | ᠨᠦᠬᠦᠴᠡᠯ ᠰᠠᠶᠢᠵᠢᠷᠠᠬᠤ ᠶᠢ ᠲᠠᠭᠠᠯᠳᠣᠨ ᠠᠵᠢᠯᠴᠢ ᠪᠣᠷᠣᠬᠵᠢᠭᠤᠨ ᠰᠣᠷᠳᠠᠯ ᠲᠣᠳᠠᠮᠠᠭ ᠪᠣᠯᠵᠣ ᠪᠠᠭ᠎ᠠ ᠯᠠ ᠬᠦᠴᠢᠷ | ᠪᠡᠷᠭᠡᠰᠢᠶᠡᠯ ᠲᠣᠬᠢᠶᠠᠯᠳᠣᠪᠠᠯ ᠬᠤᠶᠢᠰᠢ ᠣᠬᠤᠷᠢᠬᠤ ᠦᠵᠡᠭᠳᠡᠯ ᠨᠡᠶᠢᠳᠡᠮ ᠣᠷᠣᠰᠢᠳᠠᠭ᠃ ᠢᠩᠭᠢᠬᠦ ᠳᠤ ᠪᠠᠨ ᠬᠦᠮᠦᠨ | ᠪᠣᠯᠭᠠᠨ ᠤ ᠪᠠᠶᠢᠳᠠᠯ ᠣᠨᠳᠣᠣ ᠪᠠᠶᠢᠳᠠᠭ᠃ ᠰᠣᠷᠣᠯᠭ᠎ᠠ ᠶᠢᠨ ᠬᠢᠨᠢ ᠰᠠᠶᠢᠨ ᠮᠠᠭᠤ᠂ ᠵᠠᠩ ᠮᠣᠷᠠᠯ ᠤᠨ ᠬᠢᠨᠢ ᠪᠣᠯᠪᠠᠰᠣᠨ | ᠡᠰᠡᠬᠦ ᠨᠢ ᠪᠦᠷ ᠰᠢᠭᠤᠳ ᠰᠢᠯᠳᠠᠭᠠᠨ ᠪᠣᠯᠳᠠᠭ᠃ | 4. ᠠᠩᠭᠢ ᠳᠤ ᠪᠠᠨ ᠠᠭᠤᠯᠭ᠎ᠠ ᠪᠠᠷ ᠬᠦᠨ᠂ ᠰᠣᠷᠣᠬᠴᠢ ᠶᠢᠨ ᠲᠣᠷ᠎ᠠ ᠪᠠᠬ᠎ᠠ ᠶᠢ ᠲᠠᠳᠠᠵᠣ ᠴᠢᠳᠠᠬᠤ | ᠬᠦᠳᠡᠯᠪᠣᠷᠢ ᠠᠵᠢᠯᠯᠠᠭ᠎ᠠ ᠶᠢ ᠶᠠᠪᠣᠬᠳᠠᠭᠤᠯᠵᠣ ᠪᠣᠯᠣᠨ᠎ᠠ᠃ ᠡᠨᠡ ᠲᠠᠯ᠎ᠠ ᠪᠠᠷ ᠨᠢᠭᠡ ᠪᠣᠳᠠᠳᠠᠢ ᠵᠢᠱᠢᠶ᠎ᠡ ᠲᠠᠳᠠᠪᠠᠯ | ᠲᠣᠣᠷᠠᠬᠢ ᠮᠡᠳᠦ ᠪᠠᠶᠢᠨ᠎ᠠ᠃ | ᠰᠣᠷᠣᠬᠴᠢ × ×᠂ ᠡᠷᠡᠭᠳᠡᠢ᠃ ᠲᠣᠰ ᠰᠣᠷᠣᠬᠴᠢ ᠨᠢᠭᠡᠳᠦᠭᠡᠷ ᠣᠨ ᠪᠠᠶᠢᠬᠤ ᠦᠶᠡᠰ ᠠᠪᠤ ᠡᠵᠢ ᠨᠢ | ᠣᠷᠤᠭ ᠰᠠᠯᠤᠭᠰᠠᠨ ᠠᠴᠠ ᠪᠣᠯᠵᠤ ᠠᠪᠤ ᠪᠠᠨ ᠲᠠᠭᠠᠵᠤ ᠠᠮᠢᠳᠤᠷᠠᠵᠠᠢ᠃ ᠲᠣᠰ ᠰᠣᠷᠣᠬᠴᠢ ᠶᠡᠷᠦ ᠶᠢᠨ ᠴᠠᠭ ᠲᠤ ᠪᠠᠨ | ᠣᠷᠮ᠎ᠠ ᠵᠣᠷᠢᠭ ᠢᠶᠠᠷ ᠠᠨᠠᠢ᠂ ᠰᠡᠳᠬᠢᠯ ᠨᠢ ᠭᠡᠪᠡᠷᠡᠭ᠂ ᠪᠠᠭ᠎ᠠ ᠯᠡ ᠰᠢᠷᠦᠬᠦᠨ ᠣᠷᠣᠪᠠᠯ ᠣᠬᠢᠯᠠᠴᠢᠬᠠᠨᠠ᠃ ᠶᠠᠮᠠᠷ | ᠶᠠᠭᠤᠮᠠᠨ ᠳᠤ ᠴᠣ᠋ ᠲᠡᠮᠡᠢ ᠲᠣᠷ᠎ᠠ ᠰᠣᠨᠢᠷᠬᠠᠯ ᠦᠭᠡᠢ᠃ ᠦᠨᠦᠴᠢᠨ ᠭᠠᠭᠴᠠᠭᠠᠷᠳᠠᠮᠠᠯ ᠪᠠᠶᠢᠳᠠᠯ ᠲᠠᠢ ᠪᠠᠶᠢᠳᠠᠭ᠃ | ᠠᠪᠤ ᠨᠢ ᠦᠨᠡᠨ ᠳᠤ ᠪᠠᠨ ᠶᠡᠭᠡ ᠰᠠᠶᠢᠨ ᠬᠠᠮᠢᠶᠠᠷᠳᠠᠭ ᠪᠣᠯᠪᠠᠴᠣ ᠡᠭᠡ ᠶᠢᠨ ᠬᠠᠶᠢᠷ᠎ᠠ ᠲᠣᠳᠠᠭᠳᠠᠭᠰᠠᠨ ᠠᠴᠠ ᠪᠣᠯᠵᠣ | ᠪᠡᠶ᠎ᠡ ᠪᠠᠨ ᠬᠠᠶᠠᠵᠣ ᠰᠣᠷᠣᠯᠭ᠎ᠠ ᠬᠢᠴᠢᠶᠡᠯ ᠳᠤ ᠪᠠᠨ ᠰᠢᠮᠳᠠᠬᠤ ᠦᠭᠡᠢ᠂ ᠦᠪᠡᠷ ᠤᠨ ᠪᠡᠶᠡᠨ ᠳᠤ ᠪᠠᠨ ᠱᠠᠭᠠᠷᠳᠠᠯᠭ᠎ᠠ | ᠦᠭᠡᠢ᠂ ᠵᠠᠪᠠᠯ ᠪᠠᠭᠰᠢ ᠪᠠᠷ ᠢᠶᠠᠨ ᠴᠠᠭ ᠢᠮᠠᠭᠳᠠ ᠬᠡᠯᠡᠬᠦᠯᠵᠦ ᠪᠠᠶᠢᠮᠠᠨᠵᠢᠨ ᠬᠢᠴᠢᠶᠡᠯ ᠰᠤᠷᠤᠯᠭ᠎ᠠ ᠪᠠᠨ | ᠭᠦᠢᠴᠡᠳᠭᠡᠳᠡᠭ ᠪᠠᠶᠢᠨ᠎ᠠ᠃ | ᠲᠣᠰ ᠰᠣᠷᠣᠬᠴᠢ ᠶᠢ ᠬᠦᠮᠦᠵᠢᠬᠦᠯᠬᠦ ᠳᠤ ᠪᠠᠨ ᠪᠠᠭᠰᠢ ᠠᠴᠠ ᠶᠠᠭᠤᠨ ᠤ ᠤᠷᠢᠳ ᠬᠠᠶᠢᠷ᠎ᠠ ᠰᠡᠳᠬᠢᠯᠭᠡ ᠶᠢᠨ | ᠬᠦᠮᠦᠵᠢᠯ ᠬᠢᠭᠰᠡᠨ ᠪᠠᠶᠢᠨ᠎ᠠ᠃ ᠰᠣᠯᠠ ᠴᠠᠭ ᠭᠠᠷᠪᠠᠯ ᠠᠰ ᠢᠶᠠᠷ ᠨᠢ ᠬᠢᠴᠢᠶᠡᠯ ᠰᠣᠷᠣᠯᠭ᠎ᠠ ᠶᠢ ᠨᠢ ᠵᠢᠯᠣᠭᠤᠳᠴᠣ᠂ | ᠦᠵᠡᠯ ᠰᠠᠨᠠᠭᠠᠨ ᠤ ᠬᠦᠮᠦᠵᠢᠯ ᠬᠢᠨ᠂ ᠢᠯᠡᠬᠦᠭᠡᠨ ᠵᠣᠷᠢᠬᠵᠢᠭᠤᠯᠵᠤ᠂ ᠪᠠᠶᠠᠷ ᠲᠣᠷᠠᠰᠬᠠᠯ ᠤᠨ ᠡᠳᠦᠷ ᠵᠢᠵᠢᠭ ᠪᠡᠯᠡᠭ | ᠭᠦᠷᠭᠡᠨ᠂ ᠴᠢᠯᠣᠭᠡᠨ ᠤ ᠬᠤᠭᠤᠴᠠᠭᠠᠨ ᠳᠤ ᠭᠡᠷ ᠲᠤ ᠪᠠᠨ ᠠᠪᠴᠢᠷᠠᠵᠣ ᠲᠠᠰᠬᠠᠯ ᠲᠠᠭᠠᠭᠠᠯᠭᠠᠪᠣᠷᠢ ᠶᠢ ᠨᠢ ᠬᠢᠯᠬᠡᠪᠡ᠃ | ᠢᠡᠭᠬᠢᠵᠦ ᠵᠦᠭᠡᠯᠡᠨᠢᠶ᠋ᠠᠷ ᠰᠣᠷᠭᠠᠨ᠂ ᠲᠡᠭᠦᠨ ᠤ ᠰᠡᠳᠬᠢᠯ ᠤᠨ ᠦᠭᠡ ᠶᠢ ᠨᠢ ᠰᠣᠨᠣᠰᠴᠣ᠂ ᠵᠣᠪᠠᠯᠠᠩ | ᠲᠠᠷᠣᠭᠠᠰᠣ ᠶᠢ ᠨᠢ ᠬᠤᠪᠢᠶᠠᠯᠴᠠᠭᠰᠠᠨ ᠠᠴᠠ ᠲᠣᠰ ᠰᠣᠷᠣᠬᠴᠢ ᠣᠳᠣ ᠨᠢᠭᠡᠨᠳᠡ ᠪᠡᠶ᠎ᠡ ᠳᠤ ᠪᠠᠨ ᠨᠡᠯᠢᠶᠡᠳ | ᠢᠳᠡᠭᠡᠯ ᠲᠠᠢ ᠪᠣᠯᠵᠣ᠂ ᠣᠣᠯ ᠠᠴᠠ ᠪᠠᠨ ᠬᠤᠯᠡ ᠶᠡᠭᠡ ᠬᠤᠪᠢᠷᠠᠯᠳᠠ ᠲᠠᠢ ᠪᠣᠯᠤᠭᠰᠠᠨ ᠪᠠᠶᠢᠨ᠎ᠠ᠃ | ᠮᠠᠨ ᠤ ᠠᠩᠭᠢ ᠳᠤ ᠡᠶᠢᠮᠦᠷᠬᠦᠤ ᠬᠡᠣᠭᠡᠳ ᠨᠡᠯᠢᠶᠡᠳ ᠭᠡᠳᠤ ᠪᠤᠢ᠃ ᠲᠡᠳᠡ ᠰᠡᠳᠬᠢᠯ ᠨᠢ ᠭᠡᠪᠡᠷᠡᠭ᠂ | ᠬᠠᠶᠢᠷ᠎ᠠ ᠪᠠᠷ ᠲᠣᠳᠠᠭᠤ᠂ ᠰᠡᠳᠬᠢᠴᠡ ᠶᠢᠨ ᠰᠠᠭᠠᠳ ᠲᠠᠢ ᠪᠠᠶᠢᠳᠠᠭ ᠠᠴᠠ ᠪᠡᠶ᠎ᠡ ᠪᠠᠨ ᠭᠤᠯᠣᠬᠤ᠂ ᠲᠣᠷ᠎ᠠ ᠪᠠᠬ᠎ᠠ ᠪᠠᠷ | ᠪᠠᠷᠣᠬᠳᠠᠢ᠂ ᠵᠣᠷᠢᠭ ᠢᠶᠠᠷ ᠲᠣᠳᠠᠮᠠᠭ ᠪᠠᠶᠢᠳᠠᠭ᠃ ᠡᠶᠢᠮᠦᠷᠬᠦᠤ ᠬᠡᠣᠭᠡᠳᠢ ᠬᠦᠮᠦᠵᠢᠬᠦᠯᠬᠦ ᠳᠤ ᠪᠠᠨ ᠲᠡᠳᠡᠨ ᠲᠠᠢ | ᠢᠯᠡᠬᠦᠬᠡᠨ ᠶᠠᠷᠢᠯᠴᠠᠵᠣ᠂ ᠢᠯᠡᠬᠦᠭᠡᠨ ᠲᠤᠰ ᠲᠡᠮᠵᠢᠯᠭᠡ ᠦᠵᠡᠭᠦᠯᠦᠨ ᠢᠯᠡᠭᠦᠭᠡᠨ ᠵᠣᠷᠢᠬᠵᠢᠭᠤᠯᠬᠤ ᠭᠡᠷᠡᠭᠳᠠᠢ᠃ | ᠲᠦᠷᠪᠡ᠂ ᠬᠡᠣᠭᠡᠳ ᠲᠤ ᠪᠠᠨ ᠬᠦᠮᠦᠨ ᠮᠦᠰᠦ ᠶᠢᠨ ᠬᠦᠮᠦᠵᠢᠯ ᠰᠠᠶᠢᠳᠣᠷ ᠬᠢᠬᠦ ᠭᠡᠷᠡᠭᠳᠡᠢ᠃ | ︽ᠬᠦᠮᠦᠨ ᠪᠣᠯᠬᠤ ᠪᠠᠭ᠎ᠠ ᠠᠴᠠ ᠪᠠᠨ᠂ ᠬᠦᠯᠦᠭ ᠪᠣᠯᠬᠤ ᠣᠨᠠᠭᠠᠨ ᠠᠴᠠ ᠪᠠᠨ︾ ᠭᠡᠳᠡᠭᠴᠢᠯᠡᠨ | ᠭᠡᠣᠭᠡᠳ ᠲᠤ ᠪᠠᠨ ᠬᠠᠷᠠᠬᠠᠨ ᠪᠠᠭ᠎ᠠ ᠠᠴᠠ ᠨᠢ ᠬᠦᠮᠦᠨ ᠪᠣᠯᠬᠤ ᠶᠣᠰᠣ ᠶᠢ ᠰᠠᠶᠢᠳᠣᠷ ᠲᠠᠨᠢᠭᠤᠯᠵᠣ᠂ ᠲᠡᠳᠡᠨ ᠳᠤ | ᠰᠣᠷᠣᠯᠭ᠎ᠠ ᠬᠢᠴᠢᠶᠡᠯ ᠤᠨ ᠬᠢᠨᠢ ᠵᠣᠷᠢᠯᠭ᠎ᠠ ᠣᠳᠬ᠎ᠠ ᠶᠢ ᠣᠶᠢᠯᠠᠭᠠᠭᠤᠯᠬᠤ ᠭᠡᠷᠡᠭᠳᠡᠢ ᠪᠠᠶᠢᠳᠠᠭ᠃ ᠰᠣᠷᠣᠯᠭ᠎ᠠ ᠶᠢᠨ | ᠵᠢᠩᠭᠢᠨᠢ ᠵᠣᠷᠢᠯᠭ᠎ᠠ ᠪᠣᠯ ᠬᠦᠮᠦᠰ ᠤᠨ ᠭᠡᠪ ᠪᠣᠯᠪᠠᠰᠣᠷᠠᠯ ᠢ ᠲᠡᠭᠡᠭᠰᠢᠯᠡᠭᠦᠯᠵᠦ᠂ ᠣᠶᠣᠨ ᠣᠬᠠᠭᠠᠨ ᠢ ᠨᠢ | ᠨᠡᠮᠡᠭᠳᠡᠬᠦᠯᠵᠦ ᠡᠷᠳᠡᠮ ᠴᠢᠳᠠᠪᠣᠷᠢᠳᠠᠢ ᠬᠦᠮᠦᠨ ᠪᠣᠯᠬᠤ ᠶᠢᠨ ᠲᠦᠯᠦᠭᠡ ᠭᠡᠰᠡᠨ ᠢ ᠣᠶᠢᠯᠠᠭᠠᠵᠣ ᠮᠡᠳᠡᠬᠦᠯᠭᠦ ᠴᠢᠬᠤᠯᠠᠳᠠᠢ | ᠪᠠᠶᠢᠳᠠᠭ᠃ ᠡᠨᠡ ᠲᠠᠯ᠎ᠠ ᠪᠠᠷ ᠪᠠᠰᠠ ᠨᠢᠭᠡ ᠪᠣᠳᠠᠳᠠᠢ ᠵᠢᠱᠢᠶ᠎ᠡ ᠲᠠᠳᠠᠶ᠎ᠠ᠃ | ᠰᠣᠷᠣᠬᠴᠢ × ×᠂ ᠡᠷᠡᠭᠳᠡᠢ᠃ ᠠᠪᠤ ᠡᠵᠢ ᠨᠢ ᠬᠤᠭᠤᠷᠣᠨᠳᠦ ᠪᠠᠨ ᠰᠠᠶᠢᠨ ᠲᠠᠭᠠᠷᠠᠯᠴᠠᠬᠤ ᠦᠭᠡᠢ ᠠᠴᠠ | ᠪᠣᠯᠵᠣ᠂ ᠰᠣᠷᠣᠯᠭ᠎ᠠ ᠪᠠᠷ ᠠᠨᠠᠢ᠂ ᠶᠣᠰᠣ ᠮᠣᠷᠠᠯ ᠦᠭᠡᠢ᠂ ᠦᠷᠬᠦᠯᠵᠢ ᠪᠣᠰᠣᠳ ᠢ ᠦᠢᠮᠡᠭᠦᠯᠵᠦ᠂ ᠪᠠᠭᠰᠢ ᠶᠢᠨ | ᠬᠢᠴᠢᠶᠡᠯ ᠢ ᠰᠠᠮᠠᠭᠤᠷᠠᠭᠤᠯᠳᠠᠬ᠃ | ᠲᠣᠰ ᠰᠣᠷᠣᠬᠴᠢ ᠶᠢ ᠬᠦᠮᠦᠵᠢᠬᠦᠯᠬᠦ ᠳᠤ ᠶᠠᠭᠤᠨ ᠤ ᠡᠮᠦᠨ᠎ᠡ ᠲᠡᠬᠦᠨ ᠤ ᠲᠠᠪᠠᠭᠤᠯᠢᠭ ᠲᠠᠯᠠᠶᠢ ᠨᠢ ᠣᠯᠵᠣ | ᠦᠵᠡᠬᠦ ᠭᠡᠷᠡᠭᠳᠡᠢ᠃ ᠠᠵᠢᠭᠯᠠᠭᠰᠠᠨ ᠢᠶᠠᠷ᠂ ᠲᠣᠰ ᠰᠣᠷᠣᠬᠴᠢ ᠲᠠᠮᠢᠷ ᠲᠤ ᠪᠠᠨ ᠶᠡᠭᠡ ᠰᠠᠶᠢᠨ ᠪᠠᠶᠢᠳᠠᠭ ᠶᠣᠮ | ᠪᠠᠶᠢᠨ᠎ᠠ᠃ ᠵᠢᠷᠭᠤᠭᠠᠨ ᠰᠠᠷ᠎ᠠ ᠶᠢᠨ ᠨᠢᠭᠡᠨ ᠪᠣᠯᠪᠠᠯ ᠲᠠᠮᠢᠷ ᠤᠨ ᠣᠷᠣᠯᠳᠣᠭᠠᠨ ᠳᠤ ᠣᠷᠣᠯᠴᠠᠵᠣ᠂ ᠠᠩᠭᠢ | ᠨᠢᠭᠡᠴᠢ ᠳᠤ ᠪᠠᠨ ᠢᠷᠠᠭᠤ ᠠᠯᠳᠠᠷ ᠢ ᠠᠪᠴᠢᠷᠠᠳᠠᠭ᠃ ᠪᠢ ᠲᠡᠭᠦᠨ ᠤ ᠡᠨᠡᠬᠦ ᠲᠠᠪᠠᠭᠤᠯᠢᠭ ᠲᠠᠯ᠎ᠠ ᠶᠢ ᠨᠢ ᠠᠰᠢᠬᠯᠠᠨ | ᠣᠯᠠᠨ ᠤ ᠡᠮᠦᠨ᠎ᠡ ᠮᠠᠭᠳᠠᠨ ᠵᠣᠷᠢᠬᠵᠢᠭᠤᠯᠵᠣ ᠠᠩᠭᠢ ᠶᠢᠨ ᠪᠣᠰᠣᠳ ᠨᠦᠬᠦᠳ ᠢ ᠴᠣ᠋ ᠡᠨᠡ ᠲᠠᠯ᠎ᠠ ᠪᠠᠷ | ᠲᠡᠭᠦᠨ ᠠᠴᠠ ᠲᠠᠭᠠᠨ ᠰᠣᠷᠣᠯᠴᠠᠬᠤ ᠶᠢ ᠣᠷᠢᠶᠠᠯᠠᠵᠠᠢ᠃ ᠢᠩᠭᠢᠭᠡᠳ ᠲᠠᠪᠠᠭᠤᠯᠢᠭ ᠲᠠᠯ᠎ᠠ ᠶᠢ ᠨᠢ ᠰᠠᠶᠢᠰᠢᠶᠠᠨ | ᠵᠣᠷᠢᠬᠵᠢᠭᠤᠯᠵᠣ᠂ ᠲᠣᠳᠠᠭᠳᠠᠯ ᠲᠠᠢ ᠲᠠᠯ᠎ᠠ ᠶᠢ ᠨᠢ ᠠᠯᠭᠤᠷ ᠢᠶᠠᠷ ᠬᠠᠯᠠᠨ ᠵᠠᠰᠠᠭᠰᠠᠨ ᠪᠠᠶᠢᠨ᠎ᠠ᠃ | ᠲᠠᠪᠣᠳᠣᠭᠠᠷ ᠣᠨ ᠪᠣᠯᠬᠤ ᠳᠤ ᠲᠣᠰ ᠰᠣᠷᠣᠬᠴᠢ ᠬᠠᠵᠠᠭᠤ ᠰᠢᠷᠡᠭᠡᠨ ᠤ ᠰᠣᠷᠣᠬᠴᠢ ᠶᠢ ᠦᠢᠮᠡᠭᠦᠯᠭᠦ ᠦᠭᠡᠢ | ᠪᠣᠯᠵᠣ᠂ ᠨᠦᠬᠦᠳ ᠬᠤᠭᠤᠷᠤᠨᠳᠤ ᠶᠢᠨ ᠪᠦᠯᠬᠦᠮᠳᠡᠯ ᠴᠣ᠋ ᠲᠣᠩ ᠰᠠᠶᠢᠨ ᠪᠣᠯᠣᠬᠰᠠᠨ ᠪᠠᠶᠢᠨ᠎ᠠ᠃ ᠪᠠᠭᠰᠢ ᠳᠤ ᠪᠠᠨ | ᠴᠦ ᠶᠡᠭᠡ ᠡᠶᠡᠯᠳᠡᠭ ᠢᠶᠠᠷ ᠬᠠᠨᠳᠣᠵᠣ᠂ ᠪᠠᠭᠰᠢ ᠶᠢᠨ ᠦᠭᠡᠨ ᠳᠤ ᠴᠣ᠋ ᠶᠡᠭᠡ ᠣᠷᠣᠳᠠᠭ ᠪᠤᠯᠵᠠᠢ᠃ ᠵᠢᠷᠭᠤᠳᠣᠭᠠᠷ | ᠣᠨ ᠲᠡᠭᠦᠰᠭᠦ ᠳᠤ ᠡᠯ᠎ᠡ ᠲᠦᠷᠦᠯ ᠤᠨ ᠬᠢᠴᠢᠶᠡᠯ ᠳᠤ ᠴᠦᠮ ᠬᠢᠷᠢ ᠲᠡᠩᠴᠡᠵᠡᠢ᠂ ᠲᠣᠰ ᠰᠣᠷᠣᠬᠴᠢ ᠣᠳᠣ | ᠠᠶᠢᠮᠠᠭ ᠤᠨ ᠮᠣᠩᠭᠤᠯ ᠲᠣᠮᠳᠠᠳᠣ ᠰᠣᠷᠭᠠᠭᠤᠯᠢ ᠶᠢᠨ ᠲᠡᠭᠡᠳᠦ ᠨᠢᠭᠡᠳᠦᠭᠡᠷ ᠣᠨ ᠳᠤ ᠰᠣᠷᠣᠯᠴᠠᠵᠣ ᠪᠠᠶᠢᠨ᠎ᠠ᠃ | ᠲᠠᠪᠤ᠂ ᠰᠢᠯᠢᠳᠡᠭ ᠰᠠᠶᠢᠨ ᠠᠩᠭᠢ ᠶᠢᠨ ᠺᠠᠳ᠋ᠷ ᠢ ᠰᠣᠩᠭᠤᠵᠣ ᠬᠦᠮᠦᠵᠢᠬᠦᠯᠬᠦ ᠭᠡᠷᠡᠭᠳᠡᠢ᠃ | ᠠᠩᠭᠢ ᠶᠢᠨ ᠡᠷᠬᠢᠯᠡᠭᠴᠢ ᠪᠣᠯᠣᠬᠰᠠᠳ ᠠᠩᠭᠢ ᠶᠢᠨ ᠺᠠᠳ᠋ᠷ ᠤᠨ ᠬᠤᠰᠢᠭᠤᠴᠢ ᠵᠢᠱᠢᠶᠡᠴᠢ ᠦᠢᠯᠡᠳᠦᠯ ᠢ | ᠪᠠᠳᠠᠷᠠᠭᠤᠯᠬᠤ ᠶᠢᠨ ᠲᠠᠭᠠᠣ ᠠᠯᠢ ᠴᠢᠳᠠᠬᠤ ᠪᠠᠷ ᠰᠣᠷᠣᠬᠴᠢ ᠪᠣᠯᠭᠠᠨ ᠢ ᠠᠩᠭᠢ ᠶᠢᠨ ᠺᠠᠳ᠋ᠷ ᠤᠨ ᠰᠣᠩᠭᠤᠯᠳᠠ ᠳᠤ | ᠣᠷᠣᠯᠴᠠᠭᠤᠯᠵᠣ᠂ ᠲᠡᠳᠡᠨ ᠤ ᠲᠣᠮᠳᠠ ᠠᠴᠠ ᠰᠢᠯᠢᠳᠡᠭ ᠰᠠᠶᠢᠨ ᠠᠩᠭᠢ ᠶᠢᠨ ᠺᠠᠳ᠋ᠷ ᠢ ᠬᠦᠮᠦᠵᠢᠬᠦᠯᠦᠨ᠂ ᠠᠩᠭᠢ ᠶᠢᠨ | ᠪᠦᠯᠬᠦᠮᠳᠡᠯ ᠢ ᠴᠢᠩᠭᠠᠳᠬᠠᠨ᠂ ᠬᠠᠮᠳᠣ ᠪᠠᠷ ᠲᠠᠪᠰᠢᠬᠤ ᠠᠭᠤᠷ ᠠᠮᠢᠰᠬᠤᠯ ᠢ ᠪᠣᠢ ᠪᠣᠯᠭᠠᠬᠤ ᠭᠡᠷᠡᠭᠳᠡᠢ᠃ | ᠵᠢᠷᠭᠤᠭ᠎ᠠ᠂ ᠡᠯ᠎ᠡ ᠬᠢᠴᠢᠶᠡᠯ ᠲᠦᠷᠦᠯ ᠤᠨ ᠪᠠᠭᠰᠢ ᠲᠠᠢ ᠰᠠᠶᠢᠳᠤᠷ ᠬᠠᠮᠵᠢᠯᠴᠠᠬᠤ ᠭᠡᠷᠡᠭᠳᠡᠢ᠃ | ᠠᠩᠭᠢ ᠶᠢᠨ ᠡᠷᠬᠢᠯᠡᠭᠴᠢ ᠪᠠᠭᠰᠢ ᠵᠠᠪᠠᠯ ᠡᠯ᠎ᠡ ᠬᠢᠴᠢᠶᠡᠯ ᠲᠦᠷᠦᠯ ᠤᠨ ᠪᠠᠭᠰᠢ ᠨᠠᠷ ᠲᠠᠢ ᠰᠠᠶᠢᠳᠤᠷ | ᠬᠠᠮᠵᠢᠯᠴᠠᠵᠤ᠂ ᠲᠡᠳᠡᠨ ᠠᠴᠠ ᠠᠩᠭᠢ ᠶᠢᠨ ᠰᠣᠷᠣᠬᠴᠢ ᠶᠢᠨ ᠢᠶᠠᠨ ᠪᠠᠶᠢᠳᠠᠯ ᠢ ᠨᠠᠷᠢᠨ ᠣᠶᠢᠯᠠᠭᠠᠵᠣ ᠰᠣᠷᠣᠬᠴᠢ ᠶᠢᠨ | ᠬᠤᠪᠢᠷᠠᠯᠳᠠ ᠶᠢᠨ ᠲᠣᠬᠠᠢ ᠦᠷᠬᠦᠯᠵᠢ ᠠᠩᠬᠠᠷᠣᠨ ᠵᠦᠪᠳᠡᠯᠴᠡᠵᠦ᠂ ᠲᠦᠪ ᠭᠤᠣᠯᠴᠢ ᠪᠠᠷ ᠰᠣᠷᠣᠬᠴᠢ ᠪᠠᠨ | ᠬᠦᠮᠦᠵᠢᠬᠦᠯᠬᠦ ᠭᠡᠷᠡᠭᠳᠡᠢ᠃ | ᠲᠣᠯᠤᠭ᠎ᠠ᠂ ᠭᠡᠷ ᠤᠨ ᠠᠬᠠᠮᠠᠳ ᠲᠠᠢ ᠢᠯᠡᠬᠦᠭᠡᠨ ᠬᠠᠷᠢᠯᠴᠠᠵᠣ᠂ ᠭᠡᠷ ᠪᠦᠯᠢ ᠶᠢᠨ ᠬᠦᠮᠦᠵᠢᠯ ᠪᠠ | ᠰᠣᠷᠭᠠᠭᠤᠯᠢ ᠶᠢᠨ ᠬᠦᠮᠦᠵᠢᠯ ᠢ ᠣᠷᠭᠠᠨᠢᠭ ᠢᠶᠠᠷ ᠣᠶᠠᠯᠳᠣᠭᠤᠯᠬᠤ ᠭᠡᠷᠡᠭᠳᠡᠢ᠃ | ᠬᠡᠣᠭᠡᠳ ᠢ ᠬᠦᠮᠦᠵᠢᠬᠦᠯᠬᠦ ᠳᠤ ᠭᠡᠷ ᠪᠦᠯᠢ᠂ ᠰᠣᠷᠭᠠᠭᠤᠯᠢ᠂ ᠨᠡᠶᠢᠭᠡᠮ ᠤᠨ ᠬᠦᠮᠦᠵᠢᠯ ᠢ ᠣᠶᠠᠯᠳᠣᠭᠤᠯᠬᠤ | ᠭᠡᠷᠡᠭᠳᠡᠢ᠃ ᠰᠤᠷᠭᠠᠭᠤᠯᠢ ᠶᠢᠨ ᠭᠦᠮᠦᠵᠢᠯ ᠪᠤᠯᠤᠨ ᠭᠡᠷ ᠤᠨ ᠬᠦᠮᠦᠵᠢᠯ ᠨᠢᠭᠡᠳᠬᠦ ᠦᠭᠡᠢ ᠪᠣᠯ ᠬᠡᠣᠭᠡᠳ ᠵᠦᠭ | ᠴᠢᠭ ᠢᠶᠠᠨ ᠣᠯᠬᠤ ᠦᠭᠡᠢ ᠪᠠᠶᠢᠳᠠᠬ᠃ ᠬᠡᠣᠭᠡᠳ ᠢ ᠪᠦᠬᠦ ᠲᠠᠯ᠎ᠠ ᠪᠠᠷ ᠬᠦᠮᠦᠵᠢᠬᠦᠯᠦᠶ᠎ᠡ ᠭᠡᠪᠡᠯ ᠭᠡᠷ ᠤᠨ ᠠᠬᠠᠮᠠᠳ ᠢ | ᠲᠠᠶᠢᠴᠢᠯᠠᠨ ᠬᠡᠣᠭᠡᠳ ᠢ ᠬᠦᠮᠦᠵᠢᠬᠦᠯᠬᠦ ᠠᠵᠢᠯ ᠳᠤ ᠤᠷᠤᠯᠴᠠᠭᠤᠯᠬᠤ ᠭᠡᠷᠡᠭᠳᠡᠢ᠃ ᠰᠣᠷᠭᠠᠭᠤᠯᠢ᠂ ᠭᠡᠷ ᠪᠦᠯᠢ᠂ | ᠨᠡᠶᠢᠭᠡᠮ ᠭᠤᠷᠪᠠᠨ ᠴᠣᠬᠴᠠ ᠶᠢᠨ ᠦᠢᠯᠡᠳᠦᠯ ᠢ ᠣᠶᠠᠯᠳᠣᠭᠤᠯᠤᠨᠠ᠃ ᠡᠬᠦᠨ ᠳᠤ ᠰᠣᠷᠣᠬᠴᠢᠳ ᠢᠶᠠᠷ ᠢᠶᠠᠨ | ᠨᠡᠶᠢᠭᠡᠮ ᠤᠨ ᠪᠠᠶᠢᠴᠠᠭᠠᠯᠳᠠ ᠬᠢᠯᠬᠡᠬᠦ᠂ ᠦᠪᠡᠷ ᠢᠶᠠᠨ ᠲᠣᠬᠳᠠᠭᠰᠠᠨ ᠬᠤᠭᠤᠴᠠᠭ᠎ᠠ ᠲᠠᠢ ᠪᠠᠷ ᠭᠡᠷ ᠤᠨ ᠠᠬᠠᠮᠠᠳ ᠢ | ᠰᠣᠷᠪᠣᠯᠵᠢᠯᠠᠬᠤ ᠵᠡᠷᠭᠡ ᠨᠢ ᠨᠡᠯᠢᠶᠡᠳ ᠪᠦᠳᠦᠮᠵᠢᠳᠡᠢ ᠠᠷᠭ᠎ᠠ ᠮᠠᠶ᠋ᠢᠭ ᠪᠣᠯᠬᠤ ᠶᠣᠮ᠃ | ᠠᠩᠭᠢ ᠶᠢᠨ ᠡᠷᠭᠢᠯᠡᠭᠴᠢ ᠶᠢᠨ ᠬᠤᠪᠢ ᠳᠤ ᠰᠣᠷᠣᠬᠴᠢᠳ ᠢᠶᠠᠨ ᠠᠳᠠᠯᠢ ᠲᠡᠭᠰᠢ ᠪᠠᠷ ᠬᠠᠶᠢᠷᠠᠯᠠᠨ | ᠬᠠᠯᠠᠮᠵᠢᠯᠠᠵᠣ᠂ ᠬᠢᠴᠢᠶᠡᠯ ᠰᠣᠷᠣᠯᠭ᠎ᠠ ᠠᠴᠠ ᠨᠢ ᠡᠬᠢᠯᠡᠭᠦᠯᠦᠨ ᠢᠳᠡᠵᠦ ᠣᠣᠭᠤᠬᠤ᠂ ᠣᠨᠳᠠᠵᠣ ᠠᠮᠠᠷᠠᠬᠤ ᠳᠤ ᠨᠢ | ᠬᠦᠷᠳᠡᠯ᠎ᠡ ᠲᠡᠳᠡᠨ ᠤ ᠲᠦᠯᠦᠭᠡ ᠪᠣᠳᠣᠯᠬᠢᠯᠡᠨ᠂ ᠬᠠᠷᠠᠭᠠᠯᠵᠠᠨ ᠬᠠᠪᠰᠣᠷᠬᠤ ᠴᠢᠬᠤᠯᠠᠳᠠᠢ ᠪᠠᠶᠢᠳᠠᠭ᠃ | ᠰᠣᠷᠣᠬᠴᠢᠳ ᠤᠨ ᠦᠪᠠᠷᠮᠢᠴᠡ ᠣᠨᠴᠠᠯᠢᠭ ᠴᠢᠳᠠᠪᠣᠷᠢ᠂ ᠲᠣᠷ᠎ᠠ ᠪᠠᠬ᠎ᠠ ᠶᠢ ᠨᠢ ᠦᠨᠳᠦᠰᠦᠯᠡᠨ ᠣᠯᠠᠨ ᠭᠡᠯᠪᠡᠷᠢ ᠶᠢᠨ | ᠬᠦᠳᠡᠯᠪᠣᠷᠢ ᠠᠵᠢᠯᠯᠠᠭ᠎ᠠ ᠶᠢ ᠶᠠᠪᠣᠬᠳᠠᠭᠤᠯᠵᠣ ᠪᠣᠯᠣᠨ᠎ᠠ᠃ ᠵᠢᠱᠢᠶᠡᠯᠡᠪᠡᠯ᠄ ᠣᠷᠠᠨ ᠲᠣᠳᠣ ᠣᠩᠰᠢᠯᠭ᠎ᠠ ᠶᠢᠨ | ᠣᠷᠣᠯᠳᠣᠭᠠᠨ᠂ ᠨᠠᠬᠢᠶ᠎ᠠ᠂ ᠴᠣᠮᠣᠷᠯᠢᠭ ᠰᠡᠳᠬᠦᠯ ᠢ ᠣᠩᠰᠢᠭᠤᠯᠬᠤ᠂ ᠲᠠᠮᠢᠷ ᠣᠷᠠᠯᠢᠭ ᠤᠨ ᠬᠦᠳᠡᠯᠪᠣᠷᠢ ᠠᠵᠢᠯᠯᠠᠭ᠎ᠠ | ᠬᠢᠯᠭᠡᠬᠦ ᠵᠡᠷᠭᠡ ᠨᠢ ᠪᠦᠷ ᠰᠠᠶᠢᠨ ᠠᠷᠭ᠎ᠠ ᠪᠣᠯᠬᠤ ᠶᠣᠮ᠃ | ᠠᠩᠭᠢ ᠶᠢᠨ ᠡᠷᠬᠢᠯᠡᠭᠴᠢ ᠪᠣᠯᠣᠬᠰᠠᠳ ᠵᠢᠭᠠᠨ ᠰᠣᠷᠭᠠᠬᠤ ᠲᠣᠮᠳᠠ ᠪᠠᠨ ᠰᠣᠷᠣᠬᠴᠢᠳ ᠲᠠᠢᠪᠠᠨ ᠢᠯᠡᠬᠦᠭᠡᠨ | ᠣᠶᠢᠯᠠᠭᠠᠯᠴᠠᠨ ᠬᠠᠷᠢᠯᠴᠠᠨ ᠬᠠᠶᠢᠷᠠᠯᠠᠵᠣ ᠬᠠᠯᠠᠮᠵᠢᠯᠠᠨ᠂ ᠲᠡᠳᠡᠨ ᠤ ᠲᠣᠷ᠎ᠠ ᠪᠠᠬ᠎ᠠ᠂ ᠰᠡᠳᠬᠢᠯ ᠰᠠᠨᠠᠭ᠎ᠠ ᠶᠢ | ᠪᠦᠷᠢᠮᠦᠰᠣᠨ ᠣᠶᠢᠯᠠᠭᠠᠵᠣ ᠮᠡᠳᠡᠬᠦ ᠶᠢᠨ ᠵᠡᠷᠭᠡ ᠪᠠᠷ ᠠᠮᠢᠳᠣᠯᠢᠭ ᠪᠦᠭᠡᠳ ᠦᠷ᠎ᠡ ᠠᠰᠢᠭ ᠢᠶᠠᠷ ᠰᠠᠶᠢᠨ ᠵᠢᠭᠠᠨ | ᠰᠣᠷᠭᠠᠬᠤ ᠠᠷᠭ᠎ᠠ ᠪᠠᠷᠢᠯ ᠢ ᠢᠳᠡᠪᠬᠢᠳᠡᠢ ᠰᠡᠳᠬᠢᠨ ᠰᠣᠳᠣᠯᠵᠣ᠂ ᠰᠣᠷᠣᠬᠴᠢᠳ ᠢᠶᠠᠨ ᠶᠣᠰᠣ ᠰᠣᠷᠳᠠᠬᠤᠨ᠂ ᠣᠶᠣᠨ | ᠣᠬᠠᠭᠠᠨ᠂ ᠪᠡᠶ᠎ᠡ ᠮᠠᠬᠠᠪᠤᠳ᠂ ᠭᠤᠸ᠎ᠠ ᠰᠠᠶᠢᠬᠠᠨ᠂ ᠬᠦᠳᠡᠯᠮᠣᠷᠢ ᠵᠡᠷᠭᠡ ᠪᠦᠬᠦ ᠲᠠᠯ᠎ᠠ ᠪᠠᠷ ᠵᠢᠭᠠᠨ ᠵᠢᠯᠣᠭᠤᠳᠬᠤ | ᠭᠡᠷᠡᠭᠳᠠᠢ ᠪᠠᠶᠢᠳᠠᠭ᠃ | ᠬᠠᠶ᠋ᠢᠬ᠄ ᠰᠢᠯᠣᠭᠤᠨ ᠬᠦᠭᠡ ᠬᠤᠰᠢᠭᠤᠨ ᠤ ᠮᠣᠩᠭᠤᠯ ᠦᠨᠳᠦᠰᠦᠳᠡᠨ ᠤ ᠪᠠᠭ᠎ᠠ ᠰᠣᠷᠭᠠᠭᠤᠯᠢ | ︵ᠰᠦᠶ᠎ᠡ ᠨᠠᠶᠢᠷᠠᠭᠤᠯᠪᠠ︶ | 7 ᠳ᠋ᠤᠭᠠᠷ ᠬᠤᠭᠤᠴᠠᠭ᠎ᠠ | |