ᠡᠯᠡᠰᠥ ᠵᠢ ᠲᠣᠭᠳᠠᠪᠣᠷᠢᠵᠢᠭᠣᠯᠬᠤ ᠭᠡᠳᠥᠨ ᠵᠥᠢ᠍ᠯᠤᠨ ᠠᠰᠢᠬᠳᠠᠢ ᠠᠷᠭᠠ
ᠡᠯᠡᠰᠥ ᠵᠢ ᠶᠠᠭ᠋ᠠᠬᠢᠵᠣ ᠲᠣᠭᠳᠠᠪᠣᠷᠢᠵᠢᠭᠣᠯᠬᠤ ᠪᠣᠢ ᠭᠡᠪᠡᠯ ᠡᠪᠡᠰᠥ ᠮᠣᠳᠣ᠂ ᠪᠣᠷᠭ᠋ᠠᠰᠣ᠂ ᠨᠠᠡᠭᠬᠢ ᠰᠢᠷᠣᠢ᠂ ᠴᠢᠯᠠᠭᠣ ᠵᠡᠷᠭᠡ ᠵᠢ ᠡᠯᠳᠡᠪ ᠵᠥᠢ᠍ᠯᠤᠨ ᠰᠠᠭ᠋ᠠᠳ ᠬᠠᠷᠰᠢ ᠵᠢᠨ ᠪᠣᠳᠠᠰ ᠪᠣᠯᠭ᠋ᠠᠠ ᠪᠣᠰᠬᠠᠬᠤ᠂ ᠡᠰᠡᠬᠥᠯᠡ ᠲᠡᠭᠰᠢᠭᠡᠡ ᠪᠣᠯᠠᠵᠣ ᠲᠠᠯᠪᠢᠭ᠋ᠠᠳ ᠡᠯᠡᠰᠥ ᠵᠢ ᠲᠣᠭᠳᠠᠪᠣᠷᠢᠵᠢᠭᠣᠯᠳᠠᠭ᠃ ᠡᠳᠡᠭᠡᠷ ᠰᠠᠭ᠋ᠠᠳ ᠬᠠᠷᠰᠢ ᠵᠢᠨ ᠪᠣᠳᠠᠰᠢ ᠮᠸᠬᠠᠨᠢᠬᠤᠨ ᠡᠯᠡᠰᠥ ᠵᠢᠨ ᠰᠢᠪᠡᠭᠡ ᠪᠣᠶᠣ ᠰᠠᠯᠬᠢᠨᠤ ᠰᠢᠪᠡᠭᠡ ᠭᠡᠳᠡᠭ᠂ ᠵᠠᠷᠢᠮ ᠭᠠᠵᠠᠷᠲᠤ ᠰᠠᠯᠬᠢᠨᠤ ᠬᠡᠷᠡᠮ ᠴᠥ᠍ ᠭᠡᠳᠡᠭ᠃
ᠲᠣᠬᠢᠷᠠᠭᠣᠯᠣᠠ ᠵᠣᠬᠢᠶᠠᠭᠰᠠᠠ ᠠᠷᠭᠠ ᠪᠠ ᠥᠢ᠍ᠯᠡᠳᠥᠯ ᠵᠶ᠋ᠠᠷ ᠮᠸᠬᠠᠨᠢᠬᠤᠨ ᠡᠯᠡᠰᠥ ᠵᠢᠨ ᠰᠢᠪᠡᠭᠡ ᠵᠢ ᠲᠡᠭᠰᠢ ᠲᠡᠪᠢᠰᠥᠭᠰᠡᠡ ᠭᠡᠯᠪᠡᠷᠢ ᠪᠠ ᠪᠣᠰᠣᠭᠠ ᠬᠡᠯᠪᠡᠷᠢ ᠭᠡᠵᠥ ᠬᠣᠶᠠᠷ ᠲᠥᠷᠥᠯ ᠬᠣᠪᠢᠶᠠᠵᠣ ᠪᠣᠯᠣᠨᠠ᠃ ᠲᠡᠭᠰᠢ ᠲᠡᠪᠢᠰᠥᠭᠰᠡᠡ ᠭᠡᠯᠪᠡᠷᠢ ᠪᠣᠯ ᠡᠪᠡᠰᠥ ᠮᠣᠳᠣ᠂ ᠪᠣᠷᠭ᠋ᠠᠰᠣ᠂ ᠰᠢᠪᠠᠷ ᠰᠢᠷᠣᠢ ᠵᠡᠷᠭᠡ ᠪᠣᠳᠠᠰᠢ ᠡᠯᠡᠰᠥᠨ ᠲᠡᠭᠡᠷᠡ ᠲᠡᠪᠢᠰᠬᠥ ᠪᠣᠶᠣ ᠪᠠᠷᠣᠭᠰᠢᠨᠤ ᠴᠠᠢ᠍ᠢ᠍ᠳᠠᠮ᠂ ᠪᠥᠭᠡᠭᠡᠨᠡᠷᠡᠯ ᠫᠷᠥᠫᠸᠨ ᠠᠰᠢᠯ ᠠᠮᠢᠨ ᠵᠡᠷᠭᠡ ᠲᠡᠭᠡᠳᠥ ᠮᠣᠯᠸᠺᠥᠢ᠍ᠯᠳᠥ ᠬᠢᠮᠢ ᠵᠢᠨ ᠪᠥᠭᠡᠭᠡᠨᠡᠷᠡᠯ ᠨᠢᠭᠡᠳᠥᠯᠤᠨ ᠪᠣᠳᠠᠰᠢ ᠡᠯᠡᠰᠥᠨ ᠲᠡᠭᠡᠷᠡ ᠰᠠᠴᠣᠭ᠋ᠠᠳ ᠪᠥᠷᠬᠥᠨ ᠲᠣᠭᠳᠠᠪᠣᠷᠢᠵᠢᠭᠣᠯᠵᠣ᠂ ᠰᠠᠯᠬᠢ ᠪᠠ ᠰᠣᠯᠠ ᠡᠯᠡᠰᠥᠲᠠᠢ ᠣᠢ᠍ᠢ᠍ᠷᠠᠳᠣᠭᠣᠯᠬᠤ ᠥᠭᠡᠢ ᠪᠣᠯᠭ᠋ᠠᠭ᠋ᠠᠳ ᠡᠯᠡᠰᠥᠨ ᠲᠣᠪᠣ ᠵᠢᠨ ᠰᠠᠯᠬᠢᠨᠳᠤ ᠨᠡᠭᠥᠳᠡᠯᠯᠡᠬᠥ ᠵᠢ ᠬᠣᠷᠢᠬᠯᠠᠳᠠᠭ ᠶᠣᠮ᠃ ᠲᠡᠭᠰᠢ ᠲᠡᠪᠢᠰᠬᠥᠳᠤ ᠲᠣᠪᠣ ᠵᠢᠨ ᠲᠡᠭᠡᠷᠡ ᠲᠠᠯᠠᠠᠴᠠ ᠲᠣᠷᠣᠭᠰᠢ ᠲᠡᠪᠢᠰᠥᠨᠡ᠂ ᠨᠠᠡᠭᠬᠢ ᠰᠢᠷᠣᠢ ᠵᠢ 6 — 15 ᠰᠡᠡᠲ᠋ᠢᠮᠸᠲᠷ ᠵᠣᠵᠠᠭ᠋ᠠᠠ ᠲᠠᠯᠪᠢᠬᠤ ᠪᠥᠭᠡᠳ ᠰᠠᠯᠬᠢᠨᠤ ᠲᠠᠯᠠ ᠪᠠ ᠲᠣᠪᠣ ᠵᠢᠨ ᠲᠡᠭᠡᠷᠡ ᠲᠠᠯᠠᠳᠤᠨᠢ ᠨᠢᠮᠭᠡᠡ ᠰᠢᠭ ᠲᠡᠪᠢᠰᠴᠥ ᠪᠣᠯᠬᠤ ᠶᠣᠮ᠃ ᠥᠡᠭᠭᠡ ᠵᠢᠨ ᠲᠠᠯᠠ ᠵᠢ ᠰᠣᠯᠠ ᠪᠥᠳᠥᠭᠥᠯᠢᠭ ᠰᠢᠭ ᠪᠠᠢ᠍ᠢ᠍ᠯᠭ᠋ᠠᠵᠣ᠂ ᠰᠠᠯᠬᠢᠨᠳᠤ ᠢᠳᠡᠭᠳᠡᠬᠥᠠᠴᠠ ᠰᠡᠷᠭᠡᠢ᠍ᠢ᠍ᠯᠡᠨᠡ᠃ ᠪᠣᠰᠣᠭᠠ ᠭᠡᠯᠪᠡᠷᠢ ᠪᠣᠯ ᠡᠪᠡᠰᠥ ᠮᠣᠳᠣ᠂ ᠪᠣᠷᠭ᠋ᠠᠰᠣ᠂ ᠬᠠᠪᠳᠠᠰᠣ᠂ ᠪᠣᠷᠭ᠋ᠠᠰᠣᠠ ᠰᠢᠪᠡᠭᠡ ᠵᠢ ᠡᠯᠡᠰᠥᠨ ᠲᠡᠭᠡᠷᠡ ᠬᠠᠳᠬᠣᠵᠣ᠂ ᠡᠰᠡᠬᠥᠯᠡ ᠨᠠᠡᠭᠬᠢ ᠰᠢᠷᠣᠢ ᠮᠡᠳᠥ ᠵᠢᠨ ᠪᠣᠳᠠᠰ ᠵᠶ᠋ᠠᠷ ᠡᠯᠡᠰᠥᠨ ᠲᠡᠭᠡᠷᠡ ᠬᠡᠷᠡᠮ ᠪᠠᠷᠢᠵᠣ ᠲᠠᠯᠪᠢᠳᠠᠬ᠂ ᠰᠠᠯᠬᠢ ᠡᠳᠡᠭᠡᠷ ᠬᠠᠰᠢᠯᠭᠠᠲᠠᠢ ᠮᠥᠷᠭᠥᠪᠡᠯ ᠰᠠᠯᠬᠢᠨᠤ ᠬᠣᠷᠳᠣᠴᠠᠨᠢ ᠪᠠᠭᠣᠷᠠᠵᠣ᠂ ᠢᠪᠴᠣᠣ ᠭᠠᠵᠠᠷᠤᠨ ᠡᠯᠡᠰᠥᠨᠢ ᠬᠠᠷᠢᠨ ᠣᠪᠣᠭ᠋ᠠᠯᠠᠭᠳᠠᠵᠣ᠂ ᠡᠯᠡᠰᠥᠨᠤ ᠨᠡᠭᠥᠳᠡᠯᠯᠡᠬᠥ ᠬᠡᠮᠵᠢᠶᠡ ᠵᠢ ᠶᠡᠬᠡᠪᠠᠷ ᠪᠠᠭ᠋ᠠᠰᠬᠠᠵᠤ᠂ ᠡᠯᠡᠰᠥ ᠵᠢ ᠬᠣᠷᠢᠬᠤ ᠪᠠ ᠲᠣᠭᠳᠠᠪᠣᠷᠢᠵᠢᠭᠣᠯᠬᠤ ᠥᠢ᠍ᠯᠡᠳᠥᠯ ᠥᠵᠡᠭᠥᠯᠬᠥ ᠪᠣᠯᠣᠨᠠ᠃
ᠪᠣᠰᠣᠭᠠ ᠬᠡᠯᠪᠡᠷᠢ ᠵᠢᠨ ᠬᠠᠰᠢᠯᠭᠠ ᠡᠯᠡᠰᠥᠠᠴᠠ 50 ᠰᠡᠡᠲ᠋ᠢᠮᠸᠲᠷᠠᠴᠠ ᠥᠡᠳᠥᠷ ᠪᠠᠷᠢᠬᠰᠠᠠᠢ ᠥᠡᠳᠥᠷ ᠬᠡᠯᠪᠡᠷᠢ ᠵᠢᠨ ᠡᠯᠡᠰᠥᠨ ᠬᠠᠰᠢᠯᠭᠠ ᠭᠡᠵᠥ᠂ ᠡᠯᠡᠰᠥᠠᠴᠠ 20 — 30 ᠰᠡᠡᠲ᠋ᠢᠮᠸᠲᠷ ᠥᠡᠳᠥᠷ ᠭᠠᠷᠣᠭᠰᠠᠠᠢ ᠪᠣᠭᠣᠨᠢ ᠭᠡᠯᠪᠡᠷᠢ ᠵᠢᠨ ᠬᠠᠰᠢᠯᠭᠠ ᠭᠡᠳᠡᠭ᠃ ᠲᠣᠬᠢᠷᠠᠭᠣᠯᠣᠠ ᠪᠠᠷᠢᠬᠤ ᠴᠢᠭᠯᠡᠯᠨᠢ ᠭᠣᠣᠯ ᠰᠠᠯᠬᠢᠨᠲᠠᠢ ᠡᠭᠴᠡ ᠪᠠᠢ᠍ᠢ᠍ᠬᠤ ᠬᠡᠷᠡᠭᠳᠡᠢ᠃ ᠬᠡᠯᠪᠡᠷᠢᠨᠢ ᠵᠡᠷᠭᠡᠴᠡᠭᠡ᠂ ᠲᠥᠷᠪᠡᠯᠵᠢᠨ ᠭᠡᠰᠡᠭ᠂ ᠵᠠᠭ᠋ᠠᠳᠠᠰᠣᠠᠤ ᠥᠷᠭᠡᠰᠥ ᠵᠡᠷᠭᠡ ᠪᠠᠢ᠍ᠢ᠍ᠵᠣ ᠪᠣᠯᠣᠨᠠ᠃ ᠬᠠᠰᠢᠯᠭᠠ ᠵᠢᠨ ᠬᠣᠭᠣᠷᠣᠠᠳᠣᠬᠢ ᠵᠠᠢ᠂ ᠬᠡᠪ ᠮᠠᠶᠢᠬᠢ ᠲᠣᠬᠢᠷᠠᠮᠵᠢᠳᠠᠢ ᠪᠠᠢ᠍ᠢ᠍ᠯᠭ᠋ᠠᠪᠠᠯ ᠡᠯᠡᠰᠥ ᠵᠢ ᠲᠣᠭᠳᠠᠪᠣᠷᠢᠵᠢᠭᠣᠯᠵᠣ ᠴᠢᠳᠠᠬᠤ ᠪᠥᠭᠡᠳ ᠬᠥᠮᠥᠨᠤ ᠬᠥᠴᠥ ᠪᠠ ᠮᠠᠲᠸᠷᠢᠶᠠᠯᠳᠤ ᠴᠥ᠍ ᠴᠥᠮ ᠠᠷᠪᠢᠳᠠᠢ ᠪᠠᠢ᠍ᠢ᠍ᠳᠠᠬ᠃
ᠬᠣᠶᠠᠷ ᠵᠥᠢ᠍ᠯᠤᠨ ᠡᠯᠡᠰᠥ ᠲᠣᠭᠳᠠᠪᠣᠷᠢᠵᠢᠭᠣᠯᠬᠤ ᠮᠣᠳᠣ
ᠲᠡᠷᠪᠡᠯᠵᠢ᠄ ᠲᠡᠷᠪᠡᠯᠵᠢ ᠪᠣᠯ ᠪᠣᠷᠴᠠᠭᠳᠣ ᠢᠵᠠᠭᠣᠷᠤᠨ ᠪᠣᠳᠠ ᠮᠣᠳᠣ ᠪᠣᠯᠣᠨᠠ᠃ ᠥᠡᠳᠥᠰᠥ ᠬᠠᠳᠬᠣᠬᠤᠨᠢ ᠬᠣᠷᠳᠣᠠ᠂ ᠰᠠᠯᠠᠭᠠ ᠭᠠᠷᠬᠤᠨᠢ ᠲᠥᠷᠭᠡᠡ᠂ ᠥᠷᠡᠨᠢ ᠠᠮᠠᠷᠬᠠᠠ ᠰᠣᠶᠣᠭ᠋ᠠᠯᠠᠳᠠᠭ ᠪᠥᠭᠡᠳ ᠰᠠᠯᠬᠢ᠂ ᠡᠯᠡᠰᠥᠨᠠᠴᠠ ᠠᠶᠣᠬᠤ ᠥᠭᠡᠢ᠃ ᠲᠡᠷᠪᠡᠯᠵᠢ ᠡᠯᠡᠰᠥ ᠵᠢ ᠲᠣᠭᠳᠠᠪᠣᠷᠢᠵᠢᠭᠣᠯᠬᠤᠳᠤ ᠰᠠᠢ᠍ᠢ᠍ᠨ ᠮᠥᠷᠳᠡᠭᠡᠡ ᠥᠡᠳᠥᠰᠥᠨ ᠪᠡᠳᠡᠬᠢ ᠵᠢᠨ ᠪᠡᠺᠲᠸᠷᠢ ᠠᠭᠣᠯᠣᠭᠳᠠᠵᠣ ᠪᠠᠢ᠍ᠢ᠍ᠭᠠ ᠪᠣᠯᠬᠣᠷ ᠪᠠᠰᠠ ᠬᠥᠷᠥᠰᠥ ᠰᠢᠷᠣᠢ ᠵᠢ ᠰᠠᠢ᠍ᠢ᠍ᠵᠢᠷᠠᠭᠣᠯᠣᠨᠠ᠃
ᠲᠡᠷᠪᠡᠯᠵᠢ ᠵᠢᠨ ᠨᠠᠪᠴᠢ ᠰᠠᠯᠠᠭ᠋ᠠᠠᠳᠤᠨᠢ ᠰᠢᠮᠡ ᠲᠡᠵᠢᠭᠡᠯ ᠰᠠᠢ᠍ᠢ᠍ᠨ ᠪᠠᠢ᠍ᠢ᠍ᠳᠠᠭ᠂ ᠣᠭᠣᠷᠠᠭ 20.35%᠂ ᠥᠭᠡᠬᠥ 3.7%᠂ ᠪᠥᠳᠥᠭᠥᠯᠢᠭ ᠰᠢᠷᠬᠡᠭᠯᠢᠭ 25.4% ᠪᠠᠢ᠍ᠢ᠍ᠭᠠ ᠪᠣᠯᠬᠣᠷ ᠰᠢᠮᠠ ᠰᠠᠢ᠍ᠢ᠍ᠳᠠᠢ ᠪᠣᠷᠳᠣᠭᠠ ᠪᠣᠯᠳᠠᠬ᠃
ᠨᠣᠷᠠ ᠡᠯᠡᠰᠥᠨᠳᠤ ᠪᠣᠯ ᠲᠡᠷᠪᠡᠯᠵᠢ ᠵᠢ ᠰᠢᠭᠣᠳ ᠥᠷᠡ ᠵᠢᠨᠢ ᠰᠠᠴᠣᠵᠣ ᠲᠠᠷᠢᠨᠠ᠂ ᠨᠥᠮᠥᠷᠢ ᠪᠡᠯ ᠭᠠᠵᠠᠷ ᠪᠣᠶᠣ ᠲᠣᠪᠣᠷᠴᠠᠭ ᠬᠣᠳᠣᠭᠣᠷ ᠭᠠᠵᠠᠷᠲᠤ ᠲᠠᠷᠢᠬᠤ ᠪᠥᠭᠡᠳ ᠮᠥ᠍ ᠪᠥᠷᠢᠳᠤ ᠨᠢᠭᠡ ᠺᠢᠯᠥᠭᠷᠡᠮ ᠥᠷᠡ ᠰᠠᠴᠣᠨᠠ᠃ ᠬᠠᠪᠣᠷᠤᠨ ᠣᠯᠠᠷᠢᠯ ᠪᠣᠶᠣ ᠪᠣᠷᠣᠭ᠋ᠠᠠᠤ ᠣᠯᠠᠷᠢᠯᠳᠤ ᠲᠠᠷᠢᠵᠣ ᠪᠣᠯᠣᠨᠠ᠃ ᠶᠡᠬᠡ ᠪᠣᠷᠣᠭ᠋ᠠᠠᠤ ᠲᠠᠷᠠᠭᠠ ᠲᠠᠷᠢᠪᠠᠯ ᠨᠡᠡᠭ ᠰᠠᠢ᠍ᠢ᠍ᠨ ᠪᠠᠢ᠍ᠢ᠍ᠳᠠᠭ᠃ ᠲᠠᠷᠢᠬᠤᠳᠠᠭᠠᠨ 3 — 5 ᠰᠡᠡᠲ᠋ᠢᠮᠸᠲᠷ ᠬᠥᠨ ᠪᠣᠯᠠᠬᠤ ᠪᠥᠭᠡᠳ ᠨᠥᠭᠡ ᠪᠥᠷᠢᠳᠤ 8 — 10 ᠥᠷᠡ ᠥᠷᠡᠯᠡᠨᠡ᠃ ᠨᠥᠭᠡ ᠵᠢᠨ ᠵᠠᠢ ᠵᠢ 3 ᠮᠸᠲᠷ ᠣᠷᠴᠢᠮ ᠪᠠᠢ᠍ᠢ᠍ᠯᠭ᠋ᠠᠨᠠ᠃ ᠰᠣᠶᠣᠭ᠋ᠠᠯᠠᠭᠰᠠᠠᠤ ᠲᠠᠷᠠᠭᠠ ᠠᠯᠳᠠᠠ ᠢᠯᠠᠭᠠ ᠵᠢᠨ ᠠᠶᠣᠯᠠᠴᠠ ᠰᠡᠷᠭᠡᠢ᠍ᠢ᠍ᠯᠡᠪᠡᠯ ᠵᠣᠬᠢᠨᠠ᠃ ᠵᠣᠯᠵᠠᠭᠠ ᠨᠠᠬᠢᠶᠠ ᠵᠢᠨ ᠥᠶᠡᠳᠤ ᠭᠡᠭᠡᠷᠡ ᠵᠢᠨ ᠲᠠᠣᠯᠠᠢ ᠵᠢᠨ ᠠᠶᠣᠯᠠᠴᠠ ᠰᠡᠷᠭᠡᠢ᠍ᠢ᠍ᠯᠡᠬᠥ ᠭᠡᠷᠡᠭᠳᠡᠢ᠃ ᠲᠡᠷᠪᠡᠯᠵᠢ ᠵᠢ ᠴᠢᠬᠢ ᠪᠣᠢ᠍ᠢ᠍ᠵᠢᠭᠣᠯᠣᠠ ᠲᠠᠷᠢᠵᠣ ᠪᠠᠰᠠ ᠪᠣᠯᠣᠨᠠ᠃ ᠴᠢᠬᠢ ᠪᠣᠢ᠍ᠢ᠍ᠵᠢᠭᠣᠯᠬᠣ ᠥᠷᠡ ᠵᠢ 2 — 3 ᠰᠡᠡᠲ᠋ᠢᠮᠸᠲᠷ ᠪᠣᠯᠠᠵᠣ᠂ ᠮᠥ᠍ ᠪᠥᠷᠢᠳᠤ 2.5 ᠺᠢᠯᠥᠭᠷᠡᠮ ᠥᠷᠡ ᠭᠡᠷᠡᠭᠯᠡᠨᠡ᠃
ᠬᠠᠷᠠ ᠣᠳᠠ᠄ ᠬᠠᠷᠠ ᠣᠳᠠ ᠪᠣᠯ ᠣᠳᠠ ᠣᠯᠢᠶᠠᠰᠣᠠᠤ ᠢᠵᠠᠭᠣᠷᠳᠣ ᠨᠠᠪᠴᠢ ᠵᠣᠯᠭ᠋ᠠᠷᠠᠬᠤ ᠪᠣᠳᠠ ᠮᠣᠳᠣ ᠪᠣᠯᠣᠨᠠ᠃ 3 — 4 ᠮᠸᠲᠷ ᠥᠡᠳᠥᠷ ᠣᠷᠭᠣᠵᠣ᠂ ᠭᠣᠣ ᠭᠠᠡᠭᠭᠠ᠂ ᠭᠣᠣᠯ ᠮᠥᠷᠡᠡᠤ ᠲᠠᠡᠭ ᠭᠠᠵᠠᠷ᠂ ᠲᠣᠪᠣᠷᠴᠠᠭᠤᠨ ᠬᠣᠳᠣᠭᠣᠷ ᠭᠠᠵᠠᠷᠲᠤ ᠣᠷᠭᠣᠨᠠ᠃ ᠬᠠᠷᠠ ᠣᠳᠠ ᠭᠠᠡᠭᠳᠠᠵᠣ ᠣᠰᠣᠳᠣᠬᠤᠳᠤ ᠲᠠᠭ᠋ᠠᠭ᠋ᠠᠴᠠᠳᠠᠢ᠂ ᠣᠰᠣ ᠬᠥᠷᠥᠰᠥ ᠵᠢ ᠬᠠᠮᠠᠭ᠋ᠠᠯᠠᠬᠤ᠂ ᠰᠠᠯᠬᠢ ᠵᠢ ᠬᠣᠷᠢᠬᠯᠠᠠ ᠡᠯᠡᠰᠥ ᠵᠢ ᠲᠣᠭᠳᠠᠪᠣᠷᠢᠵᠢᠭᠣᠯᠵᠣ ᠴᠢᠳᠠᠨᠠ᠃ ᠲᠠᠷᠢᠬᠤᠳᠤ ᠨᠢᠭᠡ ᠵᠢᠯ ᠪᠣᠯᠣᠭᠰᠠᠠ ᠬᠠᠷᠠ ᠣᠳᠠ ᠵᠢᠨ ᠰᠠᠯᠠᠭᠠ ᠵᠢ ᠣᠭᠳᠣᠯᠵᠣ ᠠᠪᠣᠭ᠋ᠠᠳ ᠰᠠᠭᠣᠯᠭ᠋ᠠᠨᠠ᠃ ᠣᠯᠠᠡᠭᠬᠢᠳᠠᠭᠠᠨ ᠪᠣᠷᠣᠭ᠋ᠠᠠᠲᠠᠢ ᠥᠶᠡᠳᠤ ᠰᠠᠭᠣᠯᠭ᠋ᠠᠨᠠ᠃ ᠰᠠᠭᠣᠯᠭ᠋ᠠᠭᠰᠠᠠᠤ ᠲᠠᠷᠠᠭᠠ ᠭᠣᠷᠪᠠᠳᠣᠭ᠋ᠠᠷ ᠵᠢᠯᠳᠤᠨᠢ ᠭᠠᠵᠠᠷ ᠬᠥᠯᠳᠡᠬᠥᠠᠴᠠ ᠡᠮᠥᠨᠡ ᠬᠠᠳᠣᠵᠣ ᠠᠪᠣᠪᠠᠯ ᠢᠷᠡᠬᠥ ᠬᠠᠪᠣᠷᠨᠢ ᠨᠡᠡᠭ ᠢᠳᠡᠷᠡᠭᠥᠨ ᠣᠷᠭᠣᠳᠠᠭ᠃ ᠰᠡᠭᠥᠯᠡᠷᠨᠢ ᠵᠢᠯ ᠪᠥᠷᠢ 《ᠨᠠᠮᠣᠷᠤᠨ ᠠᠭᠣᠷ》 ᠬᠥᠷᠳᠡᠯᠡᠬᠢ ᠬᠣᠭᠣᠴᠠᠭ᠋ᠠᠠᠳᠤ ᠪᠣᠷᠭ᠋ᠠᠰᠣ ᠵᠢᠨᠢ ᠬᠠᠳᠣᠵᠣ ᠠᠪᠣᠭ᠋ᠠᠳ ᠬᠥᠷᠥᠮᠡᠯ ᠬᠥᠷᠥᠬᠥᠳᠤ ᠭᠡᠷᠡᠭᠯᠡᠵᠥ ᠪᠣᠯᠣᠨᠠ᠃ 7 — 8 ᠵᠢᠯ ᠪᠣᠯᠬᠤ ᠪᠥᠷᠢ ᠨᠢᠭᠡ ᠣᠳᠠᠭᠠ ᠪᠥᠬᠥᠨᠢᠨᠢ ᠬᠠᠳᠣᠵᠣ ᠠᠪᠣᠨᠠ᠂ 20 ᠵᠢᠯ ᠪᠣᠯᠣᠭ᠋ᠠᠳ ᠥᠡᠳᠥᠰᠥᠪᠠᠷᠨᠢ ᠬᠠᠳᠣᠵᠣ ᠠᠪᠣᠭ᠋ᠠᠳ ᠲᠡᠬᠢᠨ ᠲᠠᠷᠢᠵᠥ ᠪᠣᠢ᠍ᠢ᠍ᠵᠢᠭᠣᠯᠣᠨᠠ᠃ ᠬᠠᠷᠠ ᠣᠳᠠ ᠵᠢᠨ ᠥᠡᠳᠥᠰᠥᠨᠢ ᠡᠮᠳᠤ ᠣᠷᠣᠨᠠ᠃