ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠵᠢᠮᠢᠰ᠎ᠲᠤ ᠬᠦᠮᠦᠨ᠎ᠤ ᠪᠡᠶ᠎ᠡ᠎ᠳᠤ ᠱᠠᠭ᠋ᠠᠷᠳᠠᠭᠳᠠᠬᠤ ᠡᠯᠸᠮᠸᠨ᠋ᠲ ᠤᠯᠠᠨ ᠪᠤᠢ
ᠨᠡᠶ᠋ᠢᠲᠡᠯᠡᠭᠰᠡᠨ ᠴᠠᠭ᠄ 2020-12-24

      ᠵᠢᠮᠢᠰ᠎ᠤᠨ ᠤᠬᠢ ᠰᠠᠶ᠋ᠢᠨ ᠦᠢ᠍ᠯᠡᠳᠤᠯ᠎ᠢ ᠬᠦᠢ᠍ᠴᠡᠳ ᠪᠠᠳᠠᠷᠠᠭᠤᠯᠤᠶ᠎ᠠ ᠬᠡᠪᠡᠯ ᠵᠦᠪ ᠤᠨᠤᠪᠴᠢᠳᠠᠢ ᠢᠳᠡᠬᠦ ᠠᠷᠭ᠎ᠠ ᠴᠦ᠍ ᠮᠠᠰᠢ ᠴᠢᠬᠤᠯᠠ ᠪᠠᠶ᠋ᠢᠳᠠᠭ᠃ ᠶᠡᠷᠦᠳᠡᠬᠡᠨ ᠦᠷᠯᠦᠬᠡ ᠵᠢᠨ ᠴᠠᠢ᠎ᠠᠴᠠ ᠡᠮᠤᠨ᠎ᠠ ᠵᠢᠮᠢᠰ ᠢᠳᠡᠪᠠᠯ ᠬᠤᠳᠤᠭᠤᠳᠤ ᠵᠢ ᠰᠠᠶ᠋ᠢᠵᠢᠷᠠᠭᠤᠯᠬᠤ ᠮᠦᠷᠳᠡᠬᠡᠨ ᠸᠢᠲ᠋ᠠᠮᠢᠨ᠎ᠤ ᠰᠢᠩᠬᠡᠬᠡᠭᠳᠡᠬᠦ ᠵᠢ ᠠᠬᠢᠭᠤᠯᠳᠠᠭ᠃ ᠬᠦᠮᠦᠰ᠎ᠤᠨ ᠬᠤᠳᠤᠭᠤᠳᠤ ᠬᠡᠳᠡᠰᠤ ᠪᠦᠳᠦᠨ ᠰᠦᠨᠢ ᠠᠮᠠᠷᠠᠭᠰᠠᠨ᠎ᠤ ᠲᠠᠷᠠᠭ᠎ᠠ ᠰᠢᠩᠬᠡᠬᠡᠬᠦ ᠴᠢᠳᠠᠪᠤᠷᠢ᠎ᠨᠢ ᠴᠢᠩᠭ᠎ᠠ ᠪᠢᠰᠢ ᠪᠤᠯᠳᠠᠭ ᠴᠦ᠍ ᠬᠦᠮᠦᠨ᠎ᠤ ᠪᠠᠶ᠎ᠠ ᠬᠦᠢ᠍ᠴᠡᠳ ᠰᠢᠮ᠎ᠠ ᠲᠠᠵᠢᠬᠡᠯ ᠬᠦᠷᠳᠡᠬᠦ ᠵᠢ ᠱᠠᠭ᠋ᠠᠷᠳᠠᠳᠠᠭ ᠪᠤᠯᠬᠤᠷ ᠦᠷᠯᠦᠬᠡ ᠠᠮᠠᠷᠬᠠᠨ ᠰᠢᠩᠬᠡᠬᠡᠳᠡᠭ ᠵᠢᠮᠢᠰ ᠢᠳᠡᠪᠠᠯ ᠦᠳᠡ ᠵᠢᠨ ᠡᠮᠤᠨᠡᠬᠢ ᠠᠵᠢᠯ ᠪᠤᠶᠤ ᠰᠤᠷᠤᠯᠴᠠᠯᠭ᠎ᠠ᠎ᠳᠤ ᠱᠠᠭ᠋ᠠᠷᠳᠠᠬᠤ ᠰᠢᠮ᠎ᠠ ᠲᠠᠵᠢᠬᠡᠯ᠎ᠢ ᠬᠠᠩᠭ᠋ᠠᠵᠤ ᠲᠠᠶ᠋ᠢᠯᠦᠨ᠎ᠠ᠃ ᠬᠡᠪᠡᠴᠦ ᠦᠷᠯᠦᠬᠡ ᠵᠢᠨ ᠴᠠᠢ᠎ᠠᠴᠠ ᠡᠮᠤᠨ᠎ᠠ ᠬᠠᠮᠤᠭ ᠰᠠᠶ᠋ᠢᠨ᠎ᠨᠢ ᠬᠦᠴᠢᠯᠯᠢᠭ ᠴᠢᠨᠠᠷ ᠵᠶ᠋ᠠᠷ ᠴᠢᠩᠭ᠎ᠠ ᠪᠢᠰᠢ ᠪᠠᠶ᠋ᠢᠳᠠᠭ ᠠᠯᠮᠤᠷᠠᠳ᠂ ᠠᠯᠢᠮ᠎ᠠ᠂ ᠪᠠᠨᠠᠨᠠ᠂ ᠦᠵᠦᠮ ᠮᠡᠳᠤ ᠵᠢᠨ ᠵᠢᠮᠢᠰ᠎ᠢ ᠰᠤᠩᠭᠤᠬᠤ ᠬᠡᠷᠡᠭᠳᠠᠢ᠃ ᠬᠤᠳᠤᠭᠤᠳᠤ ᠬᠡᠳᠡᠰᠤ ᠰᠠᠶ᠋ᠢᠨ ᠪᠢᠰᠢ ᠬᠦᠮᠦᠰ ᠡᠨᠡᠬᠦ ᠬᠤᠭᠤᠴᠠᠭ᠋ᠠᠨ᠎ᠳᠤ ᠵᠢᠮᠢᠰ ᠢᠳᠡᠬᠦ ᠦᠬᠡᠢ ᠪᠤᠯ ᠰᠠᠶ᠋ᠢᠨ᠃ ᠦᠳᠡ ᠵᠢᠨ ᠡᠮᠤᠨᠡᠬᠢ 10 ᠴᠠᠭ᠎ᠤᠨ ᠦᠶ᠎ᠠ᠎ᠪᠠᠷ ᠬᠡᠰᠡᠭ ᠬᠤᠭᠤᠴᠠᠭ᠎ᠠ ᠵᠢᠨ ᠪᠠᠴᠢᠮ ᠶᠠᠭ᠋ᠠᠷᠠᠯᠳᠠᠢ ᠠᠵᠢᠯ ᠪᠠ ᠰᠤᠷᠤᠯᠴᠠᠯᠭ᠎ᠠ ᠵᠢ ᠦᠩᠬᠡᠷᠡᠬᠦᠯᠦᠭᠰᠡᠨ ᠪᠤᠯᠬᠤᠷ ᠪᠠᠶ᠎ᠠ ᠲᠤᠳᠤᠷᠠᠬᠢ ᠨᠡᠬᠦᠷᠡᠰᠤ ᠤᠰᠤᠨ᠎ᠤ ᠨᠢᠬᠡᠳᠤᠯ᠎ᠤᠳ ᠦᠨᠳᠤᠰᠤᠨ᠎ᠳᠡᠭᠡᠨ ᠲᠠᠭᠤᠰᠴᠠᠢ᠃ ᠡᠨᠡ ᠦᠶ᠎ᠠ᠎ᠳᠤ ᠵᠢᠮᠢᠰ ᠢᠳᠡᠪᠠᠯ ᠵᠢᠮᠢᠰ᠎ᠤᠨ ᠰᠢᠬᠢᠷ ᠪᠠ ᠦᠵᠦᠮ᠎ᠤᠨ ᠰᠢᠬᠢᠷ᠎ᠨᠢ ᠦᠳᠳᠡᠷ ᠲᠦᠷᠬᠡᠨ ᠵᠶ᠋ᠠᠷ ᠪᠠᠶ᠎ᠠ᠎ᠳᠤ ᠰᠢᠩᠬᠡᠬᠡᠭᠳᠡᠵᠤ᠂ ᠶᠡᠭᠡ ᠲᠠᠷᠢᠬᠢ ᠪᠠ ᠪᠠᠶ᠎ᠠ᠎ᠳᠤ ᠱᠠᠭ᠋ᠠᠷᠳᠠᠭᠳᠠᠬᠤ ᠡᠨᠧᠷᠬᠢ ᠵᠢ ᠨᠦᠬᠦᠪᠤᠷᠢᠯᠡᠳᠡᠭ ᠪᠠᠶ᠋ᠢᠨ᠎ᠠ᠃ ᠡᠨᠡᠬᠦ ᠬᠤᠭᠤᠴᠠᠭ᠎ᠠ᠎ᠨᠢ ᠴᠦ᠍ ᠬᠦᠮᠦᠨ᠎ᠤ ᠪᠠᠶ᠎ᠠ ᠵᠢᠨ ᠰᠢᠩᠬᠡᠬᠡᠯᠳᠡ ᠬᠠᠮᠤᠭ᠎ᠤᠨ ᠰᠠᠶ᠋ᠢᠨ ᠦᠶ᠎ᠠ ᠪᠠᠶ᠋ᠢᠵᠤ᠂ ᠵᠢᠮᠢᠰ᠎ᠤᠨ ᠲᠤᠳᠤᠷᠠᠬᠢ ᠶᠡᠭᠡ ᠬᠡᠮᠵᠢᠶᠡᠨ᠎ᠤ ᠸᠢᠲ᠋ᠠᠮᠢᠨ ᠪᠠ ᠡᠷᠦᠳᠡᠰᠤ ᠪᠤᠳᠠᠰ᠎ᠨᠢ ᠰᠢᠨ᠎ᠠ ᠬᠠᠭᠤᠴᠢᠨ᠎ᠤ ᠰᠤᠯᠢᠯᠴᠠᠭ᠎ᠠ᠎ᠳᠤ ᠮᠠᠰᠢ ᠰᠠᠶ᠋ᠢᠨ ᠠᠬᠢᠭᠤᠯᠬᠤ ᠦᠢ᠍ᠯᠡᠳᠤᠯ᠎ᠲᠠᠢ᠃ ᠬᠢᠳᠡᠳ ᠡᠮᠨᠡᠯᠬᠡ ᠵᠢᠨ ᠦᠵᠡᠬᠦ᠎ᠪᠠᠷ᠂ ᠦᠳᠡ ᠵᠢᠨ ᠡᠮᠤᠨᠡᠬᠢ 10 ᠴᠠᠭ᠎ᠤᠨ ᠦᠶ᠎ᠠ᠎ᠪᠠᠷ ᠬᠤᠳᠤᠭᠤᠳᠤ ᠲᠠᠯᠢᠬᠦᠤ ᠵᠢᠨ ᠠᠵᠢᠯᠯᠠᠭ᠎ᠠ ᠬᠠᠮᠤᠭ ᠰᠠᠶ᠋ᠢᠨ ᠪᠠᠶ᠋ᠢᠵᠤ᠂ ᠬᠤᠳᠤᠭᠤᠳᠤ ᠲᠠᠯᠢᠬᠦᠤ ᠵᠢᠨ ᠬᠡᠮ᠎ᠲᠠᠢ ᠬᠦᠮᠦᠰ ᠡᠨᠡ ᠦᠶ᠎ᠠ᠎ᠳᠤ ᠵᠢᠮᠢᠰ ᠢᠳᠡᠪᠠᠯ ᠰᠢᠩᠬᠡᠬᠡᠯᠳᠡ᠎ᠳᠤ ᠨᠡᠩ ᠰᠠᠶ᠋ᠢᠨ ᠪᠠᠶ᠋ᠢᠳᠠᠭ᠃ ᠬᠤᠭᠤᠯᠠᠨ᠎ᠤ 1 ᠴᠠᠭ᠎ᠤᠨ ᠲᠠᠷᠠᠭ᠎ᠠ ᠵᠢᠮᠢᠰ ᠢᠳᠡᠪᠠᠯ ᠢᠳᠡᠰᠢ ᠵᠢᠨ ᠰᠢᠩᠬᠡᠬᠡᠯᠳᠡ ᠠᠬᠢᠭᠤᠯᠬᠤ ᠪᠤᠯᠬᠤᠷ ᠵᠦᠷᠵᠢ᠂ ᠪᠠᠳᠤᠷᠰᠢ᠂ ᠦᠬᠦᠰᠢᠷᠡᠮᠡᠯ ᠲᠤᠭᠤᠷ᠂ ᠲᠤᠯᠤᠨᠤ ᠵᠡᠷᠬᠡ ᠵᠢᠮᠢᠰ᠎ᠢ ᠢᠳᠡᠪᠠᠯ ᠰᠠᠶ᠋ᠢᠨ᠃ ᠦᠳᠡᠰᠢ ᠵᠢᠨ ᠬᠤᠭᠤᠯᠠᠨ᠎ᠤ ᠲᠠᠷᠠᠭ᠎ᠠ ᠵᠢᠮᠢᠰ ᠢᠳᠡᠪᠠᠯ ᠰᠢᠩᠬᠡᠬᠡᠯᠳᠡ᠎ᠳᠤ ᠠᠰᠢᠭ ᠦᠬᠡᠢ ᠪᠦᠬᠡᠳ ᠪᠠᠰᠠ ᠠᠷᠪᠢᠨ ᠢᠳᠡᠵᠤ ᠲᠠᠶ᠋ᠢᠯᠬᠦ ᠦᠬᠡᠢ ᠪᠤᠯᠬᠤᠷ ᠵᠢᠮᠢᠰ᠎ᠤᠨ ᠲᠤᠳᠤᠷᠠᠬᠢ ᠰᠢᠬᠢᠷ ᠠᠮᠠᠷᠬᠠᠨ ᠦᠬᠡᠬᠦ ᠪᠤᠯᠵᠤ ᠤᠯᠠᠷᠢᠭ᠋ᠠᠳ ᠪᠠᠶ᠎ᠠ ᠲᠤᠳᠤᠷ᠎ᠠ ᠤᠪᠤᠭ᠋ᠠᠷᠠᠳᠠᠭ ᠪᠠᠶ᠋ᠢᠨ᠎ᠠ᠃ ᠵᠢᠮᠢᠰ᠎ᠤᠨ ᠲᠤᠳᠤᠷ᠎ᠠ ᠬᠦᠮᠦᠨ᠎ᠤ ᠪᠠᠶ᠎ᠠ᠎ᠳᠤ ᠱᠠᠭ᠋ᠠᠷᠳᠠᠭᠳᠠᠳᠠᠭ ᠤᠯᠠᠨ ᠵᠦᠢ᠍ᠯ᠎ᠤᠨ ᠸᠢᠲ᠋ᠠᠮᠢᠨ᠂ ᠡᠷᠦᠳᠡᠰᠤ ᠪᠤᠳᠠᠰ᠂ ᠨᠡᠬᠦᠷᠡᠰᠤ ᠤᠰᠤᠨ᠎ᠤ ᠨᠢᠬᠡᠳᠤᠯ᠂ ᠪᠦᠳᠦᠬᠦᠯᠢᠭ ᠰᠢᠷᠬᠡᠭᠯᠢᠭ ᠡᠳ᠋᠂ ᠤᠭᠤᠷᠠᠭ ᠵᠢᠴᠢ ᠦᠬᠡᠬᠦ ᠵᠡᠷᠬᠡ ᠰᠢᠮ᠎ᠠ ᠲᠠᠵᠢᠬᠡᠯᠳᠤ ᠪᠤᠳᠠᠰ ᠠᠭᠤᠯᠬᠤ ᠪᠤᠯᠬᠤᠷ ᠡᠷᠡᠬᠦᠯ ᠮᠡᠨᠳᠤ ᠵᠢ ᠠᠬᠢᠭᠤᠯᠵᠤ᠂ ᠡᠪᠡᠳᠴᠢᠨ ᠬᠡᠮ᠎ᠠᠴᠠ ᠰᠡᠷᠬᠡᠶ᠋ᠢᠯᠡᠳᠡᠭ᠃ ᠪᠠᠰᠠ ᠭᠤᠸᠠᠵᠢᠭᠤᠯᠬᠤ ᠦᠢ᠍ᠯᠡᠳᠤᠯ᠎ᠲᠠᠢ ᠪᠠᠶ᠋ᠢᠵᠤ᠂ ᠤᠳᠤ ᠦᠶ᠎ᠠ ᠵᠢᠨ ᠬᠦᠮᠦᠰ᠎ᠤᠨ ᠬᠠᠮᠤᠭ᠎ᠠᠴᠠ ᠪᠠᠭ᠍ᠠᠷᠬᠠᠳᠠᠭ ᠪᠠᠶ᠋ᠢᠭ᠋ᠠᠯᠢᠯᠢᠬ ᠡᠷᠡᠬᠦᠯᠵᠢᠯ᠎ᠤᠨ ᠢᠳᠡᠬᠡᠨ ᠮᠦᠨ᠃ ᠵᠢᠮᠢᠰ ᠢᠳᠡᠬᠦ᠎ᠳᠡᠭᠡᠨ ᠴᠠᠭ ᠬᠤᠭᠤᠴᠠᠭ᠎ᠠ ᠵᠢ ᠠᠩᠬᠠᠷᠴᠦ᠂ ᠰᠢᠨ᠎ᠠ ᠰᠤᠷᠭᠤᠭ ᠵᠢᠮᠢᠰ᠎ᠢ ᠬᠠᠮᠤᠭ ᠰᠠᠶ᠋ᠢᠨ᠎ᠨᠢ ᠦᠳᠡ ᠵᠢᠨ ᠡᠮᠤᠨ᠎ᠠ ᠢᠳᠡᠪᠡᠯ ᠵᠤᠬᠢᠨ᠎ᠠ᠃ ᠦᠳᠡ ᠵᠢᠨ ᠡᠮᠤᠨ᠎ᠠ ᠵᠢᠮᠢᠰ ᠢᠳᠡᠪᠠᠯ ᠬᠦᠮᠦᠨ᠎ᠤ ᠪᠠᠶ᠎ᠠ᠎ᠳᠤ ᠬᠠᠮᠤᠭ ᠰᠠᠶ᠋ᠢᠨ ᠪᠠᠶ᠋ᠢᠵᠤ᠂ ᠲᠠᠬᠦᠨ᠎ᠤ ᠰᠢᠮ᠎ᠠ ᠲᠠᠵᠢᠬᠡᠯ᠎ᠤᠨ ᠦᠷᠳᠡᠭ᠎ᠢ ᠨᠡᠩ ᠰᠠᠶ᠋ᠢᠨ ᠪᠠᠳᠠᠷᠠᠭᠤᠯᠤᠨ ᠬᠦᠮᠦᠨ᠎ᠤ ᠪᠠᠶ᠎ᠠ᠎ᠳᠤ ᠠᠰᠢᠭᠳᠠᠢ ᠪᠤᠳᠠᠰ᠎ᠢ ᠢᠯᠭ᠋ᠠᠷᠠᠭᠤᠯᠵᠤ ᠲᠠᠶ᠋ᠢᠯᠳᠡᠭ᠃ ᠡᠨᠡ᠎ᠨᠢ ᠭᠤᠤᠯᠳᠠᠭᠤ ᠬᠦᠮᠦᠨ᠎ᠤ ᠪᠠᠶ᠎ᠠ ᠨᠢᠬᠡ ᠰᠦᠨᠢ ᠠᠮᠠᠷᠠᠭᠰᠠᠨ᠎ᠤ ᠲᠠᠷᠠᠭ᠎ᠠ ᠬᠤᠳᠤᠭᠤᠳᠤ ᠬᠡᠳᠡᠰᠤ ᠵᠢᠨ ᠰᠢᠩᠬᠡᠬᠡᠬᠦ ᠴᠢᠳᠠᠪᠤᠷᠢ ᠴᠢᠩᠭ᠎ᠠ ᠪᠢᠰᠢ ᠪᠠᠶ᠋ᠢᠳᠠᠭ ᠪᠤᠯᠪᠠᠴᠦ ᠪᠠᠰᠠ ᠡᠯ᠎ᠠ ᠵᠦᠢ᠍ᠯ᠎ᠤᠨ ᠰᠢᠮ᠎ᠠ ᠲᠠᠵᠢᠬᠡᠯ᠎ᠢ ᠬᠦᠢ᠍ᠴᠡᠳ ᠨᠦᠬᠦᠪᠤᠷᠢᠯᠡᠬᠦ ᠴᠢᠬᠤᠯᠠᠳᠠᠢ ᠪᠤᠯᠬᠤᠷ ᠰᠢᠩᠬᠡᠬᠡᠯᠳᠡ᠎ᠳᠤ ᠰᠠᠶ᠋ᠢᠨ ᠪᠠᠶ᠋ᠢᠳᠠᠭ ᠵᠢᠮᠢᠰ ᠢᠳᠡᠪᠠᠯ ᠦᠳᠡ ᠵᠢᠨ ᠡᠮᠤᠨᠡᠬᠢ ᠠᠵᠢᠯ ᠪᠤᠶᠤ ᠰᠤᠷᠤᠯᠴᠠᠯᠭ᠎ᠠ᠎ᠳᠤ ᠱᠠᠭ᠋ᠠᠷᠳᠠᠬᠤ ᠰᠢᠮ᠎ᠠ ᠲᠠᠵᠢᠬᠡᠯ᠎ᠤᠨ ᠬᠡᠷᠡᠭᠴᠡᠭᠡ ᠵᠢ ᠬᠠᠩᠭ᠋ᠠᠵᠤ ᠲᠠᠶ᠋ᠢᠯᠳᠡᠭ ᠶᠤᠮ᠃

ᠢᠷᠡᠯᠲᠡ᠄
          
ᠬᠠᠮᠢᠶ᠎ᠡ ᠪᠦᠬᠦᠢ ᠰᠣᠨᠢᠨ
ᠰᠠᠮᠤᠷ᠎ᠤᠨ ᠵᠦᠢ᠍ᠯ᠎ᠤᠨ ᠭᠠᠶ᠋ᠢᠬᠠᠮᠰᠢᠬᠳᠤ ᠦᠢ᠍ᠯᠡᠳᠦᠯ
ᠬᠠᠯᠠᠭ᠋ᠠᠢ ᠵᠢᠨ ᠠᠴᠢ ᠲᠤᠰᠠ
ᠮᠠᠯ᠎ᠳᠤ ᠬᠤᠤᠷᠳᠠᠢ ᠡᠪᠡᠰᠦ ᠤᠷᠭᠤᠮᠠᠯ᠎ᠤᠳ
ᠬᠠᠷ᠎ᠠ ᠦᠩᠭᠡ᠎ᠲᠠᠢ ᠴᠡᠴᠡᠭ ᠶᠠᠭ᠋ᠠᠬᠢᠭ᠋ᠠᠳ ᠪᠠᠢ᠌ᠳᠠᠭ ᠦᠭᠡᠢ ᠪᠤᠢ?
ᠨᠠᠪᠴᠢ ᠵᠤᠯᠭ᠋ᠠᠷᠠᠬᠤ ᠮᠤᠳᠤ ᠶᠠᠭ᠋ᠠᠬᠢᠵᠤ ᠡᠪᠤᠯᠵᠢᠵᠤ ᠪᠠᠢ᠌ᠭ᠎ᠠ ᠪᠤᠯ?
 
             蒙ICP备05000248号