ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠬᠠᠯᠠᠭ᠋ᠠᠢ ᠵᠢᠨ ᠠᠴᠢ ᠲᠤᠰᠠ
ᠨᠡᠶ᠋ᠢᠲᠡᠯᠡᠭᠰᠡᠨ ᠴᠠᠭ᠄ 2020-12-24

      ᠲᠠᠪᠤᠨ ᠰᠠᠷ᠎ᠠ ᠵᠢᠨ ᠬᠠᠯᠠᠭ᠋ᠠᠢ ᠵᠢ ᠠᠷᠠᠳ᠎ᠤᠨ ᠤᠯᠠᠮᠵᠢᠯᠠᠯᠲᠤ ᠡᠮᠴᠢᠯᠡᠭᠡᠨ᠎ᠳᠤ ᠥᠷᠭᠡᠨ ᠬᠡᠷᠡᠭᠯᠡᠳᠡᠭ᠃ 5 ᠳ᠋ᠤᠭ᠋ᠠᠷ ᠰᠠᠷ᠎ᠠ ᠵᠢᠨ ᠳᠤᠮᠳᠠ ᠦᠶᠡᠰ ᠣᠢ ᠵᠢᠨ ᠵᠠᠬ᠎ᠠ ᠡᠰᠡᠪᠡᠯ ᠴᠡᠪᠡᠷ ᠬᠡᠭᠡᠷ᠎ᠡ ᠵᠢᠨ ᠭᠤᠤ ᠵᠢᠯᠠᠭ᠎ᠠ᠎ᠠᠴᠠ ᠬᠠᠯᠠᠭ᠋ᠠᠢ ᠵᠢ ᠲᠡᠭᠦᠵᠦ ᠪᠣᠯᠤᠨ᠎ᠠ᠃ ᠡᠨᠡ ᠦᠶ᠎ᠡ᠎ᠳᠤ ᠬᠠᠯᠠᠭ᠋ᠠᠢ 25-30 ᠰᠠᠨᠲ᠋ᠢᠮᠧᠲᠷ ᠤᠷᠭᠤᠭᠰᠠᠨ ᠪᠠᠶ᠋ᠢᠳᠠᠭ᠃ ᠲᠠᠪᠤᠨ ᠰᠠᠷ᠎ᠠ ᠵᠢᠨ ᠬᠠᠯᠠᠭ᠋ᠠᠢ ᠵᠢ ᠬᠠᠲᠠᠭ᠋ᠠᠵᠤ ᠡᠰᠡᠪᠡᠯ ᠰᠢᠭᠤᠳ ᠬᠡᠷᠡᠭᠯᠡᠵᠦ ᠪᠣᠯᠤᠨ᠎ᠠ᠃ ᠬᠠᠯᠠᠭ᠋ᠠᠢ᠎ᠨᠢ ᠠᠮᠢᠨ ᠳᠡᠮ ᠵᠶ᠋ᠡᠷ ᠪᠠᠶᠠᠯᠢᠭ ᠲᠤᠯᠠ ᠪᠡᠶ᠎ᠡ ᠵᠢᠨ ᠳᠠᠷᠬᠠᠯᠠᠭ᠎ᠠ ᠲᠡᠳᠬᠦᠬᠦ᠂ ᠭᠣᠸ᠎ᠠ ᠰᠠᠶ᠋ᠢᠬᠠᠨ ᠬᠤᠪᠢ᠎ᠳᠤ ᠵᠢᠪᠬᠤᠭ᠋ᠠᠵᠢᠭᠤᠯᠬᠤ ᠵᠣᠷᠢᠯᠭ᠎ᠠ᠎ᠪᠠᠷ ᠬᠣᠭᠣᠯᠠ ᠬᠦᠨᠡᠰᠦᠨ᠎ᠳᠤ ᠡᠮᠴᠢᠯᠡᠭᠡᠨ᠎ᠤ ᠵᠢᠷᠤᠮ ᠵᠶ᠋ᠠᠷ ᠮᠥᠨ ᠤᠭᠢᠶᠠᠵᠤ ᠱᠠᠪᠰᠢᠵᠤ ᠬᠡᠷᠡᠭᠯᠡᠵᠦ ᠪᠣᠯᠤᠨ᠎ᠠ᠃    
      ᠶᠡᠷᠦ᠎ᠨᠢ ᠬᠠᠯᠠᠭ᠋ᠠᠢ ᠵᠢ 8-9 ᠰᠠᠷ᠎ᠠ᠎ᠳᠤ ᠴᠤ᠌ ᠲᠡᠭᠦᠨ ᠠᠪᠴᠤ ᠬᠠᠲᠠᠭ᠋ᠠᠵᠤ ᠬᠡᠷᠡᠭᠯᠡᠵᠦ ᠪᠣᠯᠤᠨ᠎ᠠ᠃ ᠬᠠᠯᠠᠭ᠋ᠠᠢ᠎ᠨᠢ ᠸᠢᠲ᠋ᠠᠮᠢᠨ C-K ᠵᠶ᠋ᠠᠷ ᠪᠠᠶᠠᠯᠢᠭ᠂ ᠤᠭᠤᠷᠠᠭ᠂ ᠲᠡᠮᠦᠷ ᠵᠡᠷᠭᠡ ᠡᠯᠧᠮᠧᠨᠲ᠎ᠤᠳ᠎ᠢ ᠶᠡᠬᠡ ᠬᠡᠮᠵᠢᠶ᠎ᠡ᠎ᠪᠠᠷ ᠠᠭᠤᠯᠠᠳᠠᠭ᠃ ᠴᠢᠰᠤ ᠪᠠᠭ᠋ᠠᠳᠠᠯᠲᠠ᠎ᠲᠠᠢ ᠬᠦᠮᠦᠰ 500 ᠭ᠋ᠷᠠᠮ ᠵᠥᠭᠡᠢ ᠵᠢᠨ ᠪᠠᠯ᠎ᠳᠤ 100 ᠭ᠋ᠷᠠᠮ ᠬᠠᠲᠠᠭ᠋ᠠᠵᠤ ᠨᠤᠨᠲᠠᠭᠯᠠᠭᠰᠠᠨ ᠬᠠᠯᠠᠭ᠋ᠠᠢ ᠵᠢ ᠬᠢᠵᠦ ᠨᠠᠶ᠋ᠢᠷᠠᠭᠤᠯᠤᠨ᠂ ᠬᠣᠭᠣᠯᠠᠯᠠᠭᠰᠠᠨ᠎ᠤ ᠳᠠᠷᠠᠭ᠎ᠠ ᠡᠳᠦᠷ᠎ᠲᠤ 3 ᠤᠳᠠᠭ᠎ᠠ ᠤᠤᠭᠤᠨ᠎ᠠ᠃ ᠡᠯᠢᠭᠡ ᠰᠥᠰᠦ ᠬᠣᠳᠣᠭᠣᠳᠣ ᠰᠢᠯᠤᠭᠤᠨ ᠭᠡᠳᠡᠰᠦᠨ᠎ᠤ ᠰᠠᠯᠢᠰᠤᠲᠤ ᠵᠢᠨ ᠦᠷᠪᠢᠰᠦᠯ᠂ ᠴᠠᠭ᠋ᠠᠨ ᠮᠢᠬ᠎ᠠ ᠡᠷᠭᠢᠬᠦ᠂ ᠨᠣᠶ᠋ᠢᠷ ᠬᠤᠯᠵᠢᠬᠤ᠂ ᠤᠰᠤᠨ ᠬᠠᠪᠤᠩ᠂ ᠡᠮᠡᠭᠲᠡᠶ᠋ᠢᠴᠦᠳ᠎ᠤᠨ ᠰᠠᠪᠠᠨ᠎ᠤ ᠡᠪᠡᠳᠴᠢᠨ᠎ᠳᠤ ᠬᠠᠯᠠᠭ᠋ᠠᠢ ᠵᠢ ᠥᠷᠭᠡᠨ ᠬᠡᠷᠡᠭᠯᠡᠨ᠎ᠡ᠃ ᠡᠭᠦᠨ᠎ᠤ ᠲᠤᠯᠠᠳᠠ ᠬᠠᠲᠠᠭ᠋ᠠᠵᠤ ᠨᠤᠨᠲᠠᠭᠯᠠᠭᠰᠠᠨ ᠨᠢᠭᠡ ᠬᠠᠯᠪᠠᠭ᠎ᠠ ᠬᠠᠯᠠᠭ᠋ᠠᠢ ᠵᠢ 200 ᠮᠢᠯᠢᠯᠢᠲᠷ ᠬᠠᠯᠠᠭᠤᠨ ᠤᠰᠤ᠎ᠪᠠᠷ 1 ᠴᠠᠭ ᠣᠷᠴᠢᠮ ᠢᠳᠡᠭᠡᠰᠢᠭᠦᠯᠵᠦ᠂ ᠡᠳᠦᠷ᠎ᠲᠤ ᠭᠤᠷᠪᠠ ᠬᠤᠪᠢᠶᠠᠨ ᠬᠣᠭᠣᠯᠠᠨ᠎ᠤ ᠳᠠᠷᠠᠭ᠎ᠠ ᠤᠤᠭᠤᠨ᠎ᠠ᠃ ᠠᠷᠠᠰᠤ ᠵᠢᠪᠬᠤᠭ᠋ᠠᠵᠢᠭᠤᠯᠬᠤ᠎ᠳᠤ ᠬᠠᠲᠠᠭ᠋ᠠᠵᠤ ᠨᠤᠨᠲᠠᠭᠯᠠᠭᠰᠠᠨ   ᠨᠢᠭᠡ ᠬᠠᠯᠪᠠᠭ᠎ᠠ ᠬᠠᠯᠠᠭ᠋ᠠᠢ ᠵᠢ ᠬᠠᠯᠠᠭᠤᠨ ᠤᠰᠤ᠎ᠪᠠᠷ 10 ᠮᠢᠨᠦ᠋ᠲ ᠢᠳᠡᠭᠡᠰᠢᠭᠦᠯᠦᠨ᠎ᠡ᠃ ᠬᠠᠯᠠᠭ᠋ᠠᠢ ᠵᠢᠨ ᠪᠦᠯᠢᠶᠡᠨ   ᠰᠦᠮᠦᠰᠦ ᠵᠢ ᠨᠢᠭᠤᠷ ᠪᠣᠯᠤᠨ ᠬᠦᠵᠦᠭᠦᠨ᠎ᠳᠤ᠎ᠪᠠᠨ ᠲᠦᠷᠬᠢᠵᠦ᠂ 20-25 ᠮᠢᠨᠦ᠋ᠲ᠎ᠤᠨ ᠳᠠᠷᠠᠭ᠎ᠠ ᠤᠰᠤ᠎ᠪᠠᠷ ᠤᠭᠢᠶᠠᠨ᠎ᠠ᠃ ᠡᠨᠡᠬᠦ ᠨᠢᠯᠬ᠎ᠠ ᠬᠠᠯᠠᠭ᠋ᠠᠢ ᠵᠢᠨ ᠮᠠᠰᠺ᠎ᠢ ᠪᠦᠬᠦ ᠲᠥᠷᠥᠯ᠎ᠤᠨ ᠠᠷᠠᠰᠤ ᠠᠷᠠᠴᠢᠯᠠᠭ᠋ᠠᠨ᠎ᠳᠤ ᠬᠡᠷᠡᠭᠯᠡᠬᠦ᠎ᠳᠤ ᠥᠩᠭᠡᠯᠢᠭ ᠪᠣᠯᠭ᠋ᠠᠬᠤ᠎ᠠᠴᠠ ᠭᠠᠳᠠᠨ᠎ᠠ ᠲᠡᠵᠢᠭᠡᠯ ᠥᠭᠬᠦ ᠰᠠᠶ᠋ᠢᠨ ᠲᠠᠯ᠎ᠠ᠎ᠲᠠᠢ᠃  

ᠢᠷᠡᠯᠲᠡ᠄
          
ᠬᠠᠮᠢᠶ᠎ᠡ ᠪᠦᠬᠦᠢ ᠰᠣᠨᠢᠨ
ᠮᠠᠯ᠎ᠳᠤ ᠬᠤᠤᠷᠳᠠᠢ ᠡᠪᠡᠰᠦ ᠤᠷᠭᠤᠮᠠᠯ᠎ᠤᠳ
ᠬᠠᠷ᠎ᠠ ᠦᠩᠭᠡ᠎ᠲᠠᠢ ᠴᠡᠴᠡᠭ ᠶᠠᠭ᠋ᠠᠬᠢᠭ᠋ᠠᠳ ᠪᠠᠢ᠌ᠳᠠᠭ ᠦᠭᠡᠢ ᠪᠤᠢ?
ᠨᠠᠪᠴᠢ ᠵᠤᠯᠭ᠋ᠠᠷᠠᠬᠤ ᠮᠤᠳᠤ ᠶᠠᠭ᠋ᠠᠬᠢᠵᠤ ᠡᠪᠤᠯᠵᠢᠵᠤ ᠪᠠᠢ᠌ᠭ᠎ᠠ ᠪᠤᠯ?
ᠲᠦᠷᠪᠡᠨ ᠶᠡᠬᠡ ᠬᠤᠤᠷᠲᠤ ᠡᠪᠡᠰᠦ
ᠤᠷᠭᠤᠮᠠᠯ᠎ᠤᠨ ᠡᠪᠡᠳᠴᠢᠨ᠎ᠤ ᠬᠦᠨᠦᠭᠡᠯ᠎ᠢ ᠶᠠᠮᠠᠷ ᠬᠡᠳᠦᠨ ᠲᠦᠷᠦᠯ᠎ᠳᠤ ᠬᠤᠪᠢᠶᠠᠬᠤ ᠪᠤᠢ
 
             蒙ICP备05000248号