ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠮᠠᠯ᠎ᠳᠤ ᠬᠤᠤᠷᠳᠠᠢ ᠡᠪᠡᠰᠦ ᠤᠷᠭᠤᠮᠠᠯ᠎ᠤᠳ
ᠨᠡᠶ᠋ᠢᠲᠡᠯᠡᠭᠰᠡᠨ ᠴᠠᠭ᠄ 2021-01-06

      ᠮᠠᠯ᠎ᠤᠨ ᠦᠰᠦᠯᠲᠡ ᠤᠨᠳᠤᠷᠤᠯᠳᠠ᠎ᠳᠤ ᠬᠤᠬᠢᠷᠠᠯ ᠪᠤᠯᠵᠤ᠂ ᠠᠷᠠᠰᠤ ᠨᠤᠤᠰᠤᠨ᠎ᠤ ᠬᠢᠨᠢ ᠴᠢᠨᠠᠷ ᠴᠢᠨᠰᠠᠭ᠎ᠠ ᠵᠢ ᠨᠦᠯᠦᠭᠡᠯᠡᠳᠡᠭ ᠬᠤᠤᠷᠲᠤ ᠤᠷᠭᠤᠮᠠᠯ᠎ᠢ ᠲᠠᠨᠢᠵᠤ ᠠᠪᠬᠤ ᠶᠠᠪᠤᠳᠠᠯ᠂ ᠮᠠᠰᠢ ᠴᠢᠬᠤᠯᠠ ᠪᠠᠢ᠌ᠳᠠᠭ᠃ ᠲᠤᠤᠷ᠎ᠠ ᠲᠠᠨᠢᠯᠴᠠᠭᠤᠯᠬᠤ ᠬᠡᠳᠦᠨ ᠤᠷᠭᠤᠮᠠᠯ ᠪᠤᠯ ᠮᠠᠨ᠎ᠤ ᠮᠠᠯᠵᠢᠬᠤ ᠤᠷᠤᠨ᠎ᠳᠤ ᠦᠷᠬᠦᠯᠵᠢ ᠳᠤᠬᠢᠶᠠᠯᠳᠤᠳᠠᠭ ᠬᠤᠤᠷᠲᠤ ᠤᠷᠭᠤᠮᠠᠯ᠎ᠤᠳ ᠪᠤᠯᠤᠨ᠎ᠠ᠃
      ᠰᠤᠭᠲᠤᠭᠤ ᠡᠪᠡᠰᠦ᠄ ᠬᠤᠤᠷᠳᠠᠭᠳᠠᠭᠰᠠᠨ ᠮᠠᠯ᠎ᠤᠨ ᠠᠮᠠᠨ᠎ᠠᠴᠠ ᠰᠢᠯᠦᠰᠦ ᠶᠡᠬᠡ ᠭᠤᠭᠤᠵᠢᠨ᠎ᠠ᠃ ᠲᠤᠰ ᠤᠷᠭᠤᠮᠠᠯ᠎ᠤᠨ ᠡᠰᠢ᠎ᠨᠢ ᠰᠢᠯᠤᠭᠤᠬᠠᠨ᠂ ᠪᠤᠲᠠᠯᠠᠵᠤ ᠤᠷᠭᠤᠨ᠎ᠠ᠃ ᠪᠤᠯᠪᠠᠰᠤᠷᠠᠪᠠᠯ ᠬᠦᠷᠡᠩ ᠵᠠᠭ ᠰᠢᠭ ᠪᠤᠷᠤ ᠦᠩᠭᠡ᠎ᠲᠠᠢ ᠪᠤᠯᠳᠠᠭ᠃ ᠦᠨᠳᠦᠷᠯᠢᠭ ᠭᠠᠵᠠᠷ ᠬᠡᠭᠡᠷ᠎ᠡ ᠲᠠᠯ᠎ᠠ᠎ᠳᠤ ᠤᠷᠭᠤᠨ᠎ᠠ᠃
ᠢᠮᠠᠭ᠋ᠠᠨ ᠰᠢᠬᠢᠷ᠎ᠠ᠄ ᠬᠤᠤᠷᠳᠠᠭᠳᠠᠭᠰᠠᠨ ᠮᠠᠯ᠎ᠤᠨ ᠠᠮᠢᠰᠬᠤᠯ᠂ ᠭᠤᠤᠯ ᠠᠷᠲᠸᠷᠢ᠎ᠨᠢ ᠰᠤᠯᠠᠷᠠᠵᠤ᠂ ᠴᠢᠴᠠᠭ᠎ᠠ ᠠᠯᠳᠠᠨ᠎ᠠ᠃ ᠡᠨᠡ᠎ᠨᠢ ᠬᠠᠷ᠎ᠠ ᠦᠩᠭᠡ᠎ᠲᠠᠢ᠂ ᠦᠷᠭᠡᠨ ᠲᠤᠮᠤ ᠨᠠᠪᠴᠢ᠎ᠲᠠᠢ ᠡᠪᠡᠰᠦᠯᠢᠭ ᠤᠷᠭᠤᠮᠠᠯ ᠶᠤᠮ᠃
      ᠮᠦᠩᠬᠡ ᠬᠠᠷᠭ᠋ᠠᠨ᠎ᠠ᠄ ᠬᠤᠤᠷᠳᠠᠭᠳᠠᠭᠰᠠᠨ ᠪᠤᠭ ᠮᠠᠯ᠎ᠤᠨ ᠭᠡᠳᠡᠰᠦ᠎ᠨᠢ ᠬᠦᠬᠡᠬᠡᠵᠦ᠂ ᠰᠢᠯᠦᠰᠦ᠎ᠨᠢ ᠶᠡᠬᠡ ᠭᠤᠭᠤᠵᠢᠨ᠎ᠠ᠃ ᠡᠨᠡ᠎ᠨᠢ ᠰᠢᠷ᠎ᠠ ᠴᠡᠴᠡᠭ᠎ᠲᠠᠢ᠂ ᠨᠠᠪᠴᠢ᠎ᠨᠢ ᠠᠮᠠᠷᠬᠠᠨ ᠵᠤᠯᠭ᠋ᠠᠷᠠᠨ᠎ᠠ᠃ ᠠᠭᠤᠯᠠ ᠵᠢᠨ ᠬᠠᠵᠠᠭᠤ᠎ᠪᠠᠷ ᠰᠦᠭᠡᠭ᠎ᠤᠨ ᠲᠤᠮᠳᠠ ᠤᠷᠭᠤᠨ᠎ᠠ᠃
      ᠬᠡᠷᠡᠰᠦ᠄ ᠬᠤᠤᠷᠳᠠᠭᠳᠠᠭᠰᠠᠨ ᠮᠠᠯ ᠬᠦᠴᠦ ᠲᠠᠮᠢᠷ ᠮᠠᠭᠤᠳᠠᠵᠤ᠂ ᠲᠤᠯᠤᠭ᠋ᠠᠢ᠎ᠨᠢ ᠬᠠᠪᠤᠳᠴᠤ᠂ ᠰᠤᠭᠲᠤᠬᠤ᠂ ᠬᠡᠭᠡᠯ ᠬᠠᠶᠠᠬᠤ ᠵᠡᠷᠭᠡ ᠢᠯᠡᠷᠡᠯ᠎ᠲᠠᠢ ᠪᠠᠢ᠌ᠳᠠᠭ᠃ ᠲᠤᠰ ᠤᠷᠭᠤᠮᠠᠯ᠎ᠨᠢ ᠦᠪᠴᠢ ᠨᠤᠭᠤᠭ᠋ᠠᠨ᠂ ᠵᠠᠷᠢᠮ᠎ᠳᠤ᠎ᠪᠠᠨ ᠤᠯᠠᠪᠢᠷ᠂ ᠨᠠᠮᠤᠷ᠎ᠤᠨ ᠰᠡᠭᠦᠯᠴᠢ᠎ᠳᠤ ᠬᠠᠷᠠᠪᠳᠤᠷ ᠪᠤᠶᠤ ᠤᠯᠠᠭ᠋ᠠᠨ ᠪᠤᠯᠤᠨ᠎ᠠ᠃ ᠬᠤᠵᠢᠷᠯᠢᠭ ᠭᠠᠵᠠᠷ᠂ ᠨᠠᠭᠤᠷ᠎ᠤᠨ ᠲᠠᠩ᠎ᠳᠤ ᠤᠷᠭᠤᠨ᠎ᠠ᠃
      ᠦᠷᠭᠡᠰᠦᠳᠦ ᠠᠷᠴᠠ᠄ ᠬᠤᠤᠷᠳᠠᠭᠳᠠᠭᠰᠠᠨ ᠮᠠᠯ᠎ᠤᠨ ᠪᠠᠭ᠋ᠠᠰᠤ᠎ᠨᠢ ᠬᠠᠳᠠᠭᠤᠷᠠᠵᠤ᠂ ᠬᠤᠳᠤᠭᠤᠳᠤ ᠬᠡᠳᠡᠰᠦ᠂ ᠪᠦᠭᠡᠷ᠎ᠡ᠎ᠨᠢ ᠡᠪᠡᠳᠴᠢᠯᠡᠨ᠎ᠡ᠃ ᠠᠷᠴᠠ᠎ᠨᠢ ᠬᠠᠷ᠎ᠠ ᠬᠦᠷᠡᠩ ᠬᠤᠯᠳᠤᠰᠤ᠎ᠲᠠᠢ᠂ ᠭᠤᠷᠪᠠᠨ ᠢᠷᠮᠡᠭᠲᠦ ᠨᠠᠪᠴᠢ᠎ᠲᠠᠢ᠃ ᠠᠭᠤᠯᠠ ᠵᠢᠨ ᠤᠷᠤᠢ᠂ ᠨᠠᠷᠠᠨ ᠬᠠᠵᠠᠭᠤ᠎ᠳᠠᠬᠢ ᠬᠠᠳᠠ ᠴᠢᠯᠠᠭᠤᠨ᠎ᠤ ᠵᠠᠪᠰᠠᠷ᠂ ᠬᠠᠢ᠌ᠷ ᠴᠢᠯᠠᠭᠤᠳᠤ ᠭᠤᠤ ᠵᠢᠯᠠᠭ᠎ᠠ᠎ᠳᠤ ᠤᠷᠭᠤᠨ᠎ᠠ᠃
      ᠨᠡᠷᠠᠰᠤᠨ ᠡᠪᠡᠰᠦ᠄ ᠲᠡᠭᠦᠨ᠎ᠢ ᠢᠳᠡᠭᠰᠡᠨ ᠠᠳᠤᠭᠤ᠂ ᠦᠬᠡᠷ ᠲᠤᠷᠠᠵᠤ ᠡᠴᠡᠬᠦ ᠪᠠ ᠴᠢᠴᠢᠭ᠎ᠠ ᠠᠯᠳᠠᠵᠤ ᠴᠢᠰᠦ᠎ᠪᠠᠷ ᠰᠢᠭᠡᠨ᠎ᠡ᠃ ᠡᠨᠡ᠎ᠨᠢ ᠬᠠᠷᠠᠪᠲᠤᠷ ᠨᠤᠭᠤᠭ᠋ᠠᠨ ᠦᠩᠭᠡ᠎ᠲᠠᠢ᠂ ᠬᠠᠲᠠᠭᠤ ᠰᠢᠷᠦᠬᠦᠨ ᠡᠪᠡᠰᠦ ᠶᠤᠮ᠃ ᠭᠣᠪᠢ᠂ ᠭᠤᠤᠯ ᠭᠤᠷᠤᠬ᠎ᠠ ᠵᠢᠨ ᠬᠦᠪᠡᠭᠡᠨ᠎ᠳᠤ ᠤᠷᠭᠤᠨ᠎ᠠ᠃
      ᠰᠦᠨ ᠦᠨᠳᠦᠰᠦ᠄ ᠨᠠᠮᠤᠷ᠎ᠤᠨ ᠬᠠᠳᠤᠭᠰᠠᠨ ᠡᠪᠡᠰᠦᠨ᠎ᠳᠤ ᠤᠷᠤᠳᠠᠭ᠎ᠠᠴᠠ ᠦᠬᠡᠷ᠂ ᠬᠤᠨᠢ ᠡᠨᠳᠡᠬᠦᠷᠡᠨ ᠢᠳᠡᠵᠤ ᠬᠤᠤᠷᠳᠠᠭᠳᠠᠨ᠎ᠠ᠃ ᠬᠤᠤᠷᠳᠠᠭᠳᠠᠭᠰᠠᠨ᠎ᠤ ᠬᠤᠢ᠌ᠨ᠎ᠠ ᠪᠦᠭᠡᠯᠵᠢᠵᠬᠦ᠂ ᠴᠢᠰᠦ᠎ᠪᠠᠷ ᠴᠢᠴᠠᠭ᠎ᠠ ᠠᠯᠳᠠᠬᠤ ᠪᠠ ᠰᠦ᠎ᠨᠢ ᠬᠦᠷᠡᠩ ᠪᠤᠯᠤᠨ᠎ᠠ᠃ ᠡᠨᠡ ᠡᠪᠡᠰᠦᠨ᠎ᠳᠤ ᠰᠦ ᠰᠢᠭ ᠰᠢᠬᠦᠰᠦ᠎ᠲᠠᠢ᠂ ᠡᠨᠡ ᠬᠦ᠌ ᠰᠢᠬᠦᠰᠦ᠎ᠨᠢ ᠶᠡᠬᠡ ᠬᠤᠤᠷᠳᠠᠢ ᠪᠢᠯᠡ᠃ ᠨᠠᠮᠤᠭ᠂ ᠨᠠᠭᠤᠷ᠎ᠤᠨ ᠬᠦᠢ᠍ᠬᠡᠨ ᠤᠰᠤᠨ᠎ᠳᠤ ᠤᠷᠭᠤᠨ᠎ᠠ᠃
      ᠬᠤᠤᠷᠲᠤ ᠴᠤᠭᠤᠷ᠄ ᠬᠤᠤᠷᠳᠠᠭᠳᠠᠭᠰᠠᠨ ᠮᠠᠯ ᠪᠦᠭᠡᠯᠵᠢᠵᠬᠦ᠂ ᠰᠢᠳᠦ ᠬᠠᠪᠢᠷᠬᠤ᠂ ᠴᠠᠭ᠋ᠠᠨ ᠬᠦᠭᠡᠰᠦ ᠰᠠᠪᠰᠠᠬᠤ᠂ ᠤᠷᠢᠯᠠᠨ ᠴᠢᠷᠠᠯᠠᠬᠤ ᠪᠦᠭᠡᠳ ᠲᠦᠷᠭᠡᠨ ᠬᠤᠤᠷᠳᠠᠭᠳᠠᠪᠠᠯ ᠬᠠᠭ᠋ᠠᠰ ᠴᠠᠭ᠎ᠤᠨ ᠲᠤᠳᠤᠷ᠎ᠠ ᠦᠬᠦᠨ᠎ᠡ᠃ ᠡᠨᠡ ᠤᠷᠭᠤᠮᠠᠯ ᠡᠰᠢᠨ᠎ᠳᠤ᠎ᠪᠠᠨ ᠶᠠᠭᠤ ᠴᠤ᠌ ᠦᠭᠡᠢ᠂ ᠬᠦᠨᠳᠡᠢ ᠪᠦᠭᠡᠳ ᠨᠤᠭᠤᠭ᠋ᠠᠨ ᠦᠩᠭᠡ᠎ᠲᠠᠢ᠃ ᠨᠠᠮᠤᠭ᠂ ᠴᠢᠭᠢᠭ᠎ᠲᠠᠢ ᠭᠠᠵᠠᠷ ᠵᠶ᠋ᠠᠷ ᠤᠷᠭᠤᠨ᠎ᠠ᠃
      ᠯᠠᠨᠳᠠᠨᠵᠠ᠄ ᠬᠤᠤᠷᠳᠠᠭᠳᠠᠭᠰᠠᠨ ᠮᠠᠯ᠎ᠨᠢ ᠴᠡᠴᠡᠬᠡᠢ ᠲᠤᠮᠤᠷᠠᠬᠤ᠂ ᠲᠠᠳᠠᠯᠵᠠᠬᠤ ᠪᠠ ᠰᠢᠯᠦᠰᠦ ᠭᠤᠭᠤᠵᠢᠭᠤᠯᠤᠨ ᠤᠷᠢᠯᠠᠬᠤ ᠵᠡᠷᠭᠡ ᠢᠯᠡᠷᠡᠯ᠎ᠲᠠᠢ᠃ ᠡᠨᠡ ᠡᠪᠡᠰᠦ ᠦᠮᠡᠬᠡᠢ ᠦᠨᠦᠷ᠎ᠲᠠᠢ᠂ 30~50 ᠰᠡᠨᠲ᠋ᠢᠮᠸᠲᠷ ᠬᠢᠷᠢ ᠤᠷᠭᠤᠨ᠎ᠠ᠃ ᠠᠢ᠌ᠯ ᠬᠤᠳᠠ ᠵᠢᠨ ᠵᠠᠬ᠎ᠠ᠂ ᠵᠠᠮ᠎ᠤᠨ ᠬᠠᠵᠠᠭᠤ᠂ ᠠᠲᠠᠷ ᠭᠠᠵᠠᠷ ᠵᠶ᠋ᠠᠷ ᠤᠷᠭᠤᠨ᠎ᠠ᠃


ᠢᠷᠡᠯᠲᠡ᠄
          
ᠬᠠᠮᠢᠶ᠎ᠡ ᠪᠦᠬᠦᠢ ᠰᠣᠨᠢᠨ
ᠬᠠᠷ᠎ᠠ ᠦᠩᠭᠡ᠎ᠲᠠᠢ ᠴᠡᠴᠡᠭ ᠶᠠᠭ᠋ᠠᠬᠢᠭ᠋ᠠᠳ ᠪᠠᠢ᠌ᠳᠠᠭ ᠦᠭᠡᠢ ᠪᠤᠢ?
ᠨᠠᠪᠴᠢ ᠵᠤᠯᠭ᠋ᠠᠷᠠᠬᠤ ᠮᠤᠳᠤ ᠶᠠᠭ᠋ᠠᠬᠢᠵᠤ ᠡᠪᠤᠯᠵᠢᠵᠤ ᠪᠠᠢ᠌ᠭ᠎ᠠ ᠪᠤᠯ?
ᠲᠦᠷᠪᠡᠨ ᠶᠡᠬᠡ ᠬᠤᠤᠷᠲᠤ ᠡᠪᠡᠰᠦ
ᠤᠷᠭᠤᠮᠠᠯ᠎ᠤᠨ ᠡᠪᠡᠳᠴᠢᠨ᠎ᠤ ᠬᠦᠨᠦᠭᠡᠯ᠎ᠢ ᠶᠠᠮᠠᠷ ᠬᠡᠳᠦᠨ ᠲᠦᠷᠦᠯ᠎ᠳᠤ ᠬᠤᠪᠢᠶᠠᠬᠤ ᠪᠤᠢ
ᠷᠠᠰᠢᠶᠠᠨ ᠤᠰᠤᠨ᠎ᠤ ᠦᠢ᠍ᠯᠡᠳᠦᠯ
 
             蒙ICP备05000248号