ᠬᠤᠯᠠᠨᠳ᠋᠎ᠤᠨ ᠰᠤᠳᠤᠯᠭ᠋ᠠᠳᠠᠳ᠎ᠤᠨ 《ᠤᠯᠠᠨ ᠤᠯᠤᠰ᠎ᠤᠨ ᠤᠷᠤᠨ ᠨᠤᠳᠤᠭ᠎ᠤᠨ ᠡᠪᠡᠳᠴᠢᠨ᠎ᠤ ᠰᠤᠳᠤᠯᠤᠯ᠎ᠤᠨ ᠰᠡᠳᠭᠦᠯ》 ᠳᠡᠭᠡᠷ᠎ᠡ ᠨᠡᠶ᠋ᠢᠳᠡᠯᠡᠭᠰᠡᠨ᠂ 12 ᠳᠦᠮᠡᠨ 55 — 69 ᠨᠠᠰᠤᠨ᠎ᠤ ᠬᠦᠮᠦᠨ᠎ᠳᠤ ᠬᠢᠭᠰᠡᠨ ᠬᠠᠮᠤᠭ᠎ᠤᠨ ᠰᠢᠨ᠎ᠠ ᠰᠤᠳᠤᠯᠭ᠋ᠠᠨ᠎ᠤ ᠳ᠋ᠦᠩ᠎ᠠᠴᠠ ᠦᠵᠡᠪᠡᠯ᠂ ᠰᠠᠮᠤᠷᠤᠨ ᠵᠦᠢ᠍ᠯ᠎ᠨᠢ ᠬᠦᠮᠦᠨ᠎ᠤ ᠪᠡᠶ᠎ᠡ ᠵᠢᠨ ᠡᠷᠡᠭᠦᠯ ᠮᠡᠨᠳᠦ᠎ᠳᠤ ᠪᠦᠬᠦ ᠳᠠᠯ᠎ᠠ ᠵᠢᠨ ᠬᠠᠮᠠᠭ᠋ᠠᠯᠠᠬᠤ ᠦᠢ᠍ᠯᠡᠳᠦᠯ ᠦᠵᠡᠭᠦᠯᠳᠡᠭ ᠪᠠᠶ᠋ᠢᠨ᠎ᠠ᠃ ᠡᠳᠦᠷ᠎ᠲᠤ ᠵᠦᠪᠬᠡᠨ 10 ᠭ᠋ᠷᠡᠮ ᠰᠠᠮᠤᠷ ᠢᠳᠡᠬᠦ᠎ᠳᠤ ᠬᠦᠮᠦᠨ᠎ᠤ ᠦᠷᠭᠦᠯᠵᠢ ᠳᠤᠬᠢᠶᠠᠯᠳᠤᠳᠠᠭ ᠡᠪᠡᠳᠴᠢᠨ ᠵᠶ᠋ᠠᠷ ᠦᠬᠦᠬᠦ ᠠᠶᠤᠯ ᠢᠯᠡᠷᠭᠡᠢ ᠪᠠᠭ᠋ᠠᠰᠴᠤ᠂ ᠵᠢᠷᠦᠭᠡᠨ ᠡᠪᠡᠳᠴᠢᠨ᠂ ᠦᠮᠡᠨ᠂ ᠰᠢᠬᠢᠷ ᠰᠢᠵᠢᠩ ᠡᠪᠡᠳᠴᠢᠨ ᠪᠠ ᠮᠡᠳᠡᠷᠡᠯ᠎ᠤᠨ ᠳᠤᠷᠦ᠋ᠢ᠍ᠳᠠᠯᠤᠨ ᠴᠢᠨᠠᠷᠳᠠᠢ ᠡᠪᠡᠳᠴᠢᠨ (ᠭᠤᠤᠯᠳᠠᠭᠤ ᠠᠯᠽᠧᠶᠢᠮᠧᠷ ᠡᠪᠡᠳᠴᠢᠨ᠎ᠢ ᠪᠠᠭᠳᠠᠭ᠋ᠠᠨ᠎ᠠ)᠎ᠤ ᠠᠶᠤᠯ ᠳᠤᠰ ᠳᠤᠰ 17%᠂ 21%᠂ 30% ᠪᠠ 47%᠎ᠪᠠᠷ ᠪᠠᠭᠤᠷᠠᠬᠤ ᠪᠤᠯᠤᠮᠵᠢ᠎ᠲᠠᠢ ᠭᠡᠳᠡᠭ᠎ᠢ ᠢᠯᠡᠷᠡᠭᠦᠯᠦᠯᠠ ᠭᠡᠰᠡᠨ ᠪᠠᠶ᠋ᠢᠨ᠎ᠠ᠃
ᠳᠤᠮᠳᠠᠳᠤ ᠤᠯᠤᠰ᠎ᠤᠨ ᠰᠢᠮ᠎ᠠ ᠳᠡᠵᠢᠭᠡᠯ᠎ᠤᠨ ᠰᠤᠳᠤᠯᠭ᠋ᠠᠨ᠎ᠤ ᠬᠤᠷᠠᠯ᠎ᠤᠨ ᠳᠡᠳ᠋ ᠭᠡᠷᠡᠭ ᠡᠷᠭᠢᠯᠡᠭᠴᠢᠳ᠎ᠤᠨ ᠳᠠᠷᠤᠭ᠎ᠠ ᠮᠠ ᠭᠤᠸᠠᠨ ᠱᠧᠩ᠄ 《ᠰᠠᠮᠤᠷᠤᠨ ᠵᠦᠢ᠍ᠯ᠎ᠳᠤ ᠮᠤᠳᠤᠨ ᠳᠡᠭᠡᠷ᠎ᠡ ᠤᠷᠭᠤᠳᠠᠭ ᠰᠠᠮᠤᠷᠤᠨ ᠵᠦᠢ᠍ᠯ ᠪᠠ ᠤᠷᠭᠤᠮᠠᠯ᠎ᠤᠨ ᠦᠷ᠎ᠡ ᠪᠠᠭᠳᠠᠨ᠎ᠠ᠂ ᠤᠯᠠᠨ᠎ᠤ ᠮᠡᠳᠡᠳᠡᠭ ᠵᠶ᠋ᠠᠷ ᠬᠤᠰᠢᠭ᠎ᠠ᠂ ᠪᠦᠭᠡᠷᠡᠨ ᠵᠢᠮᠢᠰ᠂ ᠨᠠᠷᠠᠰᠤᠨ ᠰᠠᠮᠤᠷ᠂ ᠬᠦᠢ᠍ᠯᠡᠰᠦᠨ ᠴᠦᠮ᠎ᠠ᠂ ᠫᠢᠰᠲ᠋ᠠᠴ᠂ ᠰᠢᠳ᠂ ᠯᠤᠬᠠᠱ᠌ᠧᠩ᠂ ᠨᠠᠷᠠᠨ ᠬᠤᠸᠠᠷ᠎ᠤᠨ ᠦᠷ᠎ᠡ᠂ ᠳᠠᠷᠪᠤᠰ᠎ᠤᠨ ᠦᠷ᠎ᠡ ᠭᠡᠬᠦ ᠮᠡᠳᠦ᠃ ᠡᠳᠡᠭᠡᠷ᠎ᠤᠨ ᠳᠤᠳᠤᠷ᠎ᠠ 〈ᠦᠰᠪᠦᠷᠢ ᠵᠢᠨ ᠵᠢᠮᠢᠰ〉᠂ 〈ᠤᠷᠳᠤ ᠨᠠᠰᠤᠯᠠᠬᠤ ᠵᠢᠮᠢᠰ〉 ᠭᠡᠳᠡᠭ ᠰᠠᠶ᠋ᠢᠬᠠᠨ ᠨᠡᠷ᠎ᠡ᠎ᠲᠠᠢ᠎ᠨᠢ ᠴᠤ᠌ ᠤᠯᠠᠨ ᠪᠠᠶ᠋ᠢᠳᠠᠭ᠃ ᠰᠢᠮ᠎ᠠ ᠳᠡᠵᠢᠭᠡᠯ᠎ᠤᠨ ᠪᠦᠷᠢᠯᠳᠦᠭᠦᠨ᠎ᠤ ᠳᠠᠯ᠎ᠠ᠎ᠠᠴᠠ ᠵᠠᠳᠠᠯᠵᠤ ᠦᠵᠡᠬᠦ᠎ᠳᠤ ᠰᠠᠮᠤᠷᠤᠨ ᠦᠭᠡᠬᠦ ᠵᠢᠨ ᠠᠭᠤᠯᠤᠭᠳᠠᠴᠠ᠎ᠨᠢ 44% — 70% ᠪᠠᠶ᠋ᠢᠳᠠᠭ ᠪᠦᠭᠡᠳ ᠳᠤᠳᠠᠭᠤ ᠦᠭᠡᠭᠦᠨ ᠬᠦᠴᠢᠯ ᠵᠶ᠋ᠠᠷ ᠭᠤᠤᠯᠳᠠᠵᠤ᠂ ᠴᠢᠰᠦᠨ ᠳᠤᠳᠤᠷᠠᠬᠢ ᠦᠨᠳᠦᠷ ᠨᠢᠬᠳᠠᠴᠠᠳᠤ ᠦᠭᠡᠬᠦᠨ ᠤᠭᠤᠷᠠᠭ᠎ᠤᠨ ᠴᠢᠯᠠᠭᠤᠯᠢᠬ ᠠᠯᠺᠤᠤᠯ (ᠰᠠᠶ᠋ᠢᠨ ᠴᠢᠯᠠᠭᠤᠯᠢᠬ ᠠᠯᠺᠤᠤᠯ)᠎ᠤᠨ ᠳᠦᠪᠰᠢᠨ᠎ᠢ ᠳᠡᠭᠡᠭᠰᠢᠯᠡᠭᠦᠯᠬᠦ᠎ᠳᠤ ᠠᠰᠢᠬᠳᠠᠢ᠃ ᠤᠭᠤᠷᠠᠭ᠎ᠤᠨ ᠠᠭᠤᠯᠤᠭᠳᠠᠴᠠ᠎ᠨᠢ 5.3% — 25% ᠪᠠᠶ᠋ᠢᠳᠠᠭ; ᠤᠯᠠᠨ ᠵᠦᠢ᠍ᠯ᠎ᠤᠨ ᠸᠢᠲ᠋ᠠᠮᠢᠨ ᠪᠠ ᠡᠷᠦᠳᠡᠰᠦ ᠵᠢ ᠡᠯᠪᠡᠭ ᠠᠭᠤᠯᠳᠠᠭ᠂ ᠳᠡᠭᠦᠨ᠎ᠤ ᠳᠤᠳᠤᠷ᠎ᠠ ᠮᠠᠬᠨᠢ᠂ ᠺᠠᠯᠢ᠂ ᠵᠡᠰ ᠵᠡᠷᠭᠡ᠎ᠨᠢ ᠤᠯᠠᠨ ᠳᠠᠯ᠎ᠠ ᠵᠢᠨ ᠹᠢᠽᠢᠦᠯᠦᠭᠢ ᠵᠢᠨ ᠴᠢᠳᠠᠪᠬᠢ ᠵᠢ ᠳᠤᠬᠢᠷᠠᠭᠤᠯᠬᠤ ᠦᠢ᠍ᠯᠡᠳᠦᠯ᠎ᠲᠠᠢ ᠪᠠᠶ᠋ᠢᠳᠠᠭ᠂ ᠸᠢᠲ᠋ᠠᠮᠢᠨ E ᠪᠠ ᠰᠧᠯᠧᠨ᠎ᠨᠢ ᠳᠤᠩ ᠰᠠᠶ᠋ᠢᠨ ᠢᠰᠦᠯᠳᠦᠬᠦ ᠵᠢ ᠬᠤᠷᠢᠬᠯᠠᠬᠤ ᠦᠢ᠍ᠯᠡᠳᠦᠯ᠎ᠲᠠᠢ ᠪᠠᠶ᠋ᠢᠳᠠᠭ》 ᠭᠡᠵᠦ ᠶᠠᠷᠢᠬᠰᠠᠨ ᠪᠠᠶ᠋ᠢᠨ᠎ᠠ᠃
![]()

ᠨᠠᠷᠠᠰᠤᠨ᠎ᠤ ᠰᠠᠮᠤᠷ ᠳᠠᠷᠢᠬᠢ ᠵᠢ ᠨᠦᠬᠦᠵᠦ ᠤᠢ ᠪᠢᠯᠢᠭ᠎ᠢ ᠬᠤᠷᠴᠠᠯᠠᠳᠠᠭ
ᠳᠠᠷᠢᠬᠢᠨ᠎ᠤ ᠡᠰ᠎ᠨᠢ ᠭᠤᠤᠯᠳᠠᠭᠤ ᠳᠤᠳᠠᠭᠤ ᠦᠭᠡᠬᠦᠨ ᠬᠦᠴᠢᠯ ᠪᠠ ᠤᠭᠤᠷᠠᠭ᠎ᠠᠴᠠ ᠪᠦᠷᠢᠯᠳᠦᠳᠡᠭ᠂ ᠰᠠᠮᠤᠷᠤᠨ ᠵᠦᠢ᠍ᠯ᠎ᠨᠢ ᠶᠠᠬ ᠰᠠᠶ᠋ᠢᠬᠠᠨ ᠡᠨᠡ ᠬᠤᠶᠠᠷ ᠵᠦᠢ᠍ᠯ᠎ᠤᠨ ᠰᠢᠮ᠎ᠠ ᠳᠡᠵᠢᠭᠡᠯᠳᠦ ᠪᠤᠳᠠᠰ᠎ᠤᠨ ᠬᠠᠮᠤᠭ᠎ᠤᠨ ᠰᠠᠶ᠋ᠢᠨ ᠢᠷᠡᠯᠳᠡ ᠪᠤᠯᠤᠨ᠎ᠠ᠃ ᠰᠠᠮᠤᠷᠤᠨ ᠵᠦᠢ᠍ᠯ᠎ᠳᠤ ᠠᠭᠤᠯᠤᠭᠳᠠᠬᠤ ᠸᠢᠲ᠋ᠠᠮᠢᠨ B1᠂ B2᠂ B6᠂ ᠸᠢᠲ᠋ᠠᠮᠢᠨ E ᠵᠢᠴᠢ ᠺᠠᠯᠼ᠂ ᠹᠤᠰᠹᠤᠷ᠂ ᠳᠡᠮᠦᠷ᠂ ᠴᠠᠶ᠋ᠢᠷ ᠵᠡᠷᠭᠡ᠎ᠨᠢ ᠮᠦᠨ ᠶᠡᠭᠡ ᠳᠠᠷᠢᠬᠢᠨ᠎ᠤ ᠮᠡᠳᠡᠷᠡᠯ᠎ᠤᠨ ᠡᠰᠲᠤ ᠠᠰᠢᠬᠳᠠᠢ ᠪᠠᠶ᠋ᠢᠳᠠᠭ᠃ ᠨᠠᠷᠠᠰᠤᠨ᠎ᠤ ᠰᠠᠮᠤᠷ᠎ᠲᠤ ᠹᠤᠰᠹᠤᠷ᠂ ᠮᠠᠩᠭ᠋ᠠᠨ᠂ ᠠᠮᠤᠨ ᠰᠢᠪᠳᠤᠷᠳᠤ ᠬᠦᠴᠢᠯ ᠨᠡᠯᠢᠶᠡᠳ ᠡᠯᠪᠡᠭ ᠠᠭᠤᠯᠤᠭᠳᠠᠵᠤ᠂ ᠡᠳᠡᠭᠡᠷ᠎ᠨᠢ ᠪᠦᠷ ᠳᠠᠷᠢᠬᠢᠨ᠎ᠤ ᠡᠰ᠎ᠤᠨ ᠰᠢᠨ᠎ᠠ ᠬᠠᠭᠤᠴᠢᠨ᠎ᠤ ᠰᠤᠯᠢᠯᠴᠠᠭ᠎ᠠ ᠵᠢ ᠰᠠᠶ᠋ᠢᠵᠢᠷᠠᠭᠤᠯᠬᠤ᠂ ᠳᠠᠷᠢᠬᠢᠨ᠎ᠤ ᠴᠢᠳᠠᠪᠬᠢ ᠵᠢ ᠨᠦᠬᠦᠪᠦᠷᠢᠯᠡᠬᠦ ᠦᠢ᠍ᠯᠡᠳᠤᠯ᠎ᠲᠠᠢ ᠪᠠᠶ᠋ᠢᠳᠠᠭ ᠠᠵᠢ᠃
ᠯᠤᠬᠠᠱ᠌ᠧᠩ ᠬᠦᠭᠰᠢᠷᠡᠬᠦ ᠵᠢ ᠬᠤᠷᠢᠬᠯᠠᠬᠤ ᠦᠢ᠍ᠯᠡᠳᠦᠯ᠎ᠲᠠᠢ
ᠰᠠᠮᠤᠷᠤᠨ ᠵᠦᠢ᠍ᠯ᠎ᠳᠤ ᠡᠯᠪᠡᠭ ᠠᠭᠤᠯᠤᠭᠳᠠᠳᠠᠭ ᠸᠢᠲ᠋ᠠᠮᠢᠨ E᠎ᠨᠢ ᠨᠡᠯᠢᠶᠡᠳ ᠴᠢᠩᠭ᠎ᠠ ᠴᠢᠯᠦᠭᠡᠳᠦ ᠪᠦᠯᠦᠭ᠎ᠢ ᠠᠷᠢᠯᠭ᠋ᠠᠬᠤ ᠦᠢ᠍ᠯᠡᠳᠦᠯ᠎ᠲᠠᠢ ᠪᠠᠶ᠋ᠢᠳᠠᠭ᠎ᠨᠢ ᠪᠡᠶ᠎ᠡ ᠮᠠᠬᠠᠪᠤᠳ᠎ᠤᠨ ᠭᠡᠳᠦ ᠡᠷᠳᠡ ᠬᠦᠭᠰᠢᠷᠡᠬᠦ ᠵᠢ ᠪᠦᠳᠦᠮᠵᠢᠳᠠᠢ ᠰᠡᠷᠭᠡᠶ᠋ᠢᠯᠡᠬᠦ ᠦᠢ᠍ᠯᠡᠳᠦᠯ᠎ᠲᠠᠢ᠃ ᠳᠡᠳᠡᠭᠡᠷ᠎ᠤᠨ ᠳᠤᠳᠤᠷ᠎ᠠ ᠬᠤᠰᠢᠭ᠎ᠠ ᠪᠠ ᠯᠤᠬᠠᠱ᠌ᠧᠩᠤᠨ ᠸᠢᠲ᠋ᠠᠮᠢᠨ E ᠵᠢᠨ ᠠᠭᠤᠯᠤᠭᠳᠠᠴᠠ᠎ᠨᠢ ᠬᠠᠷᠢᠴᠠᠩᠭᠤᠢ ᠦᠨᠳᠦᠷ ᠪᠠᠶ᠋ᠢᠵᠤ ᠠᠷᠠᠰᠤᠨ᠎ᠤ ᠡᠷᠡᠭᠦᠯ ᠮᠡᠨᠳᠦ᠎ᠳᠤ ᠰᠠᠶ᠋ᠢᠨ ᠪᠠᠶ᠋ᠢᠳᠠᠭ᠃
ᠫᠢᠰᠲ᠋ᠠᠴ ᠢᠳᠡᠪᠡᠯ ᠰᠡᠳᠭᠢᠯ ᠰᠡᠷᠭᠦᠳᠡᠭ
ᠰᠤᠳᠤᠯᠭ᠋ᠠᠨ᠎ᠳᠤ ᠭᠡᠷᠡᠴᠢᠯᠡᠭᠰᠡᠨ ᠵᠶ᠋ᠠᠷ᠂ ᠸᠢᠲ᠋ᠠᠮᠢᠨ B1᠎ᠨᠢ ᠮᠡᠳᠡᠷᠡᠯ᠎ᠤᠨ ᠰᠢᠰᠲ᠋ᠧᠮ᠎ᠤᠨ ᠴᠢᠳᠠᠪᠬᠢ᠎ᠲᠠᠢ ᠨᠢᠬᠳᠠ ᠬᠠᠷᠢᠴᠠᠭ᠎ᠠ᠎ᠲᠠᠢ ᠪᠠᠶ᠋ᠢᠵᠤ᠂ ᠪᠡᠶ᠎ᠡ᠎ᠳᠠᠬᠢ ᠸᠢᠲ᠋ᠠᠮᠢᠨ B1 ᠵᠢᠨ ᠦᠳᠭᠡᠴᠡ ᠳᠤᠤᠷ᠎ᠠ ᠪᠤᠯᠪᠠᠯ ᠭᠠᠩᠰᠠᠷᠠᠬᠤ ᠠᠶᠤᠯ ᠨᠡᠮᠡᠭᠳᠡᠳᠡᠭ᠃ ᠰᠢᠳ ᠪᠠ ᠫᠢᠰᠲ᠋ᠠᠴ᠎ᠤᠨ ᠸᠢᠲ᠋ᠠᠮᠢᠨ B1 ᠵᠢᠨ ᠠᠭᠤᠯᠤᠭᠳᠠᠴᠠ ᠦᠨᠳᠦᠷ ᠪᠠᠶ᠋ᠢᠵᠤ᠂ ᠤᠷᠮ᠎ᠠ ᠮᠠᠭᠤᠳᠠᠢ ᠪᠠᠶ᠋ᠢᠭ᠎ᠠ ᠬᠦᠮᠦᠰ ᠰᠤᠯᠠ ᠢᠳᠡᠵᠦ ᠪᠤᠯᠤᠨ᠎ᠠ᠃
![]()
![]()

ᠬᠤᠰᠢᠭ᠎ᠠ ᠵᠢᠷᠦᠭᠡ ᠳᠠᠷᠢᠬᠢ ᠴᠢᠰᠦᠨ ᠰᠤᠳᠠᠯ᠎ᠢ ᠬᠠᠮᠠᠭ᠋ᠠᠯᠠᠬᠤ ᠦᠢ᠍ᠯᠡᠳᠦᠯ᠎ᠲᠠᠢ
ᠠᠮᠧᠷᠢᠺᠠ ᠵᠢᠨ ᠬᠠᠷᠹᠦᠷᠳ᠋ ᠶᠡᠭᠡ ᠰᠤᠷᠭ᠋ᠠᠭᠤᠯᠢ ᠵᠢᠨ 8.6 ᠲᠦᠮᠡᠨ ᠡᠮᠡᠭᠳᠡᠶ᠋ᠢᠴᠤᠳᠢ ᠤᠷᠤᠯᠴᠠᠭᠤᠯᠤᠭᠰᠠᠨ ᠨᠢᠭᠡ ᠤᠳᠠᠭ᠋ᠠᠨ᠎ᠤ ᠰᠤᠳᠤᠯᠭ᠋ᠠᠨ᠎ᠳᠤ᠂ 10 ᠵᠢᠯ᠎ᠤᠨ ᠳᠤᠳᠤᠷ᠎ᠠ ᠰᠠᠮᠤᠷᠤᠨ ᠵᠦᠢ᠍ᠯ ᠨᠡᠯᠢᠶᠡᠳ ᠠᠷᠪᠢᠨ ᠢᠳᠡᠭᠰᠡᠳ᠎ᠤᠨ ᠵᠢᠷᠦᠭᠡᠨ ᠡᠪᠡᠳᠴᠢᠨ᠎ᠳᠤ ᠨᠡᠷᠪᠡᠭᠳᠡᠬᠦ ᠠᠶᠤᠯ ᠨᠡᠯᠢᠶᠡᠳ ᠳᠤᠤᠷ᠎ᠠ ᠪᠠᠶ᠋ᠢᠨ᠎ᠠ ᠭᠡᠰᠡᠨ ᠳ᠋ᠦᠩᠨᠡᠯᠳᠡ ᠵᠢ ᠤᠯᠤᠭᠰᠠᠨ ᠪᠠᠶ᠋ᠢᠨ᠎ᠠ᠃ ᠪᠠᠰᠠ ᠨᠢᠭᠡᠨ ᠰᠤᠳᠤᠯᠭ᠋ᠠᠨ᠎ᠳᠤ᠂ ᠭᠠᠷᠠᠭ᠎ᠲᠤ 5 ᠤᠳᠠᠭ᠎ᠠ ᠰᠠᠮᠤᠷᠤᠨ ᠵᠦᠢ᠍ᠯ ᠢᠳᠡᠭᠰᠡᠨ ᠰᠤᠳᠤᠯᠭ᠋ᠠᠨ᠎ᠳᠤ ᠤᠷᠤᠯᠴᠠᠭᠰᠠᠳ᠎ᠤᠨ ᠵᠢᠷᠦᠭᠡᠨ ᠡᠪᠡᠳᠴᠢᠨ᠎ᠳᠤ ᠨᠡᠷᠪᠡᠭᠳᠡᠬᠦ ᠠᠶᠤᠯ᠎ᠨᠢ ᠰᠠᠮᠤᠷᠤᠨ ᠵᠦᠢ᠍ᠯ ᠪᠠᠷᠤᠭ ᠢᠳᠡᠳᠡᠭ ᠦᠭᠡᠢ ᠬᠦᠮᠦᠨᠤᠬᠢᠠᠴᠠ ᠬᠠᠭ᠋ᠠᠰ᠋ ᠵᠶ᠋ᠠᠷ ᠳᠤᠤᠷ᠎ᠠ ᠪᠠᠶ᠋ᠢᠵᠠᠢ᠃ ᠫᠢᠰᠲ᠋ᠠᠴᠢ 《ᠵᠢᠷᠦᠭᠡᠨ᠎ᠤ ᠨᠠᠶ᠋ᠢᠵᠠ》 ᠭᠡᠳᠡᠭ᠂ ᠴᠢᠰᠦᠨ᠎ᠤ ᠦᠭᠡᠬᠦ ᠵᠢᠨ ᠠᠭᠤᠯᠤᠭᠳᠠᠴᠠ ᠭᠡᠪ᠎ᠤᠨ ᠪᠤᠰᠤ ᠪᠤᠯᠬᠤ ᠪᠠ ᠯᠤᠬᠰᠢᠭᠤᠨ ᠰᠤᠳᠠᠯ ᠬᠠᠳᠠᠭᠤᠷᠠᠬᠤ ᠵᠢ ᠰᠡᠷᠭᠡᠶ᠋ᠢᠯᠡᠳᠡᠭ; ᠨᠠᠷᠠᠰᠤᠨ᠎ᠤ ᠰᠠᠮᠤᠷ᠎ᠲᠤ ᠠᠭᠤᠯᠤᠭᠳᠠᠳᠠᠭ ᠮᠠᠬᠨᠢ ᠪᠠ ᠺᠠᠯᠢ᠎ᠨᠢ ᠴᠢᠰᠦᠨ ᠳᠠᠷᠤᠯᠳᠠ ᠵᠢ ᠪᠠᠭᠤᠷᠠᠭᠤᠯᠬᠤ ᠪᠠ ᠵᠢᠷᠦᠭᠡᠨ᠎ᠤ ᠡᠷᠡᠭᠦᠯ ᠮᠡᠨᠳᠦ᠎ᠳᠤ ᠳᠤᠰᠠᠳᠠᠢ ᠪᠠᠶ᠋ᠢᠳᠠᠭ; ᠬᠤᠰᠢᠭ᠎ᠠ᠎ᠳᠤ ᠤᠮᠧᠭ᠎ᠠ 3 ᠦᠭᠡᠭᠦᠨ ᠬᠦᠴᠢᠯ᠂ ᠳᠤᠳᠠᠭᠤ ᠮᠠᠭ᠋ᠠᠵᠢ ᠵᠢᠨ ᠬᠦᠴᠢᠯ ᠵᠢᠴᠢ ᠤᠷᠭᠤᠮᠠᠯ᠎ᠤᠨ ᠭᠤᠨᠠᠨ ᠠᠯᠺᠤᠤᠯ ᠡᠯᠪᠡᠭ ᠠᠭᠤᠯᠤᠭᠳᠠᠵᠤ ᠰᠦᠰᠦᠨ᠎ᠤ ᠴᠢᠯᠠᠭᠤᠯᠢᠬ ᠠᠯᠺᠤᠤᠯ᠎ᠤᠨ ᠳᠦᠪᠰᠢᠨ᠎ᠢ ᠪᠠᠭᠤᠷᠠᠭᠤᠯᠬᠤ᠎ᠳᠤ ᠳᠤᠰᠠᠳᠠᠢ ᠪᠠᠶ᠋ᠢᠳᠠᠭ᠃
ᠪᠷᠠᠽᠢᠯ᠎ᠤᠨ ᠰᠠᠮᠤᠷ ᠤᠷᠤᠭ᠎ᠤᠨ ᠪᠤᠯᠴᠢᠷᠬᠠᠢ ᠵᠢᠨ ᠦᠮᠡᠨ᠎ᠢ ᠰᠡᠷᠭᠡᠶ᠋ᠢᠯᠡᠬᠦ ᠦᠢ᠍ᠯᠡᠳᠦᠯ᠎ᠲᠠᠢ
ᠢᠰᠫᠠᠨᠢ ᠵᠢᠨ ᠨᠢᠭᠡ ᠶᠡᠭᠡ ᠰᠤᠷᠭ᠋ᠠᠭᠤᠯᠢ ᠵᠢᠨ ᠬᠢᠭᠰᠡᠨ ᠰᠤᠳᠤᠯᠭ᠋ᠠᠨ᠎ᠳᠤ᠂ ᠭᠠᠷᠠᠭ᠎ᠲᠤ 3 ᠤᠳᠠᠭ᠎ᠠ ᠰᠠᠮᠤᠷᠤᠨ ᠵᠦᠢ᠍ᠯ ᠢᠳᠡᠭᠰᠡᠨ ᠬᠦᠮᠦᠨ᠎ᠤ ᠦᠮᠡᠨ ᠤᠯᠬᠤ ᠠᠶᠤᠯ 55%᠎ᠪᠠᠷ ᠪᠠᠭᠤᠷᠠᠵᠤ ᠪᠠᠶ᠋ᠢᠨ᠎ᠠ ᠭᠡᠰᠡᠨ ᠳ᠋ᠦᠩ ᠤᠯᠵᠠᠢ᠃ ᠠᠮᠧᠷᠢᠺᠠ ᠵᠢᠨ᠎ᠬᠢᠨ᠎ᠤ ᠰᠤᠳᠤᠯᠭ᠋ᠠᠨ᠎ᠳᠤ ᠴᠤ᠌ ᠭᠠᠷᠠᠭ᠎ᠲᠤ 2 ᠤᠳᠠᠭ᠎ᠠ᠂ ᠤᠳᠠᠭ᠎ᠠ ᠪᠤᠯᠭ᠋ᠠᠨ 28 ᠭ᠋ᠷᠡᠮ ᠰᠠᠮᠤᠷᠤᠨ ᠵᠦᠢ᠍ᠯ ᠢᠳᠡᠭᠰᠡᠨ ᠬᠦᠮᠦᠨ᠎ᠤ ᠪᠦᠳᠦᠭᠦᠨ ᠭᠡᠳᠡᠰᠦᠨ᠎ᠤ ᠦᠮᠡᠨ᠎ᠤ ᠠᠶᠤᠯ 13%᠎ᠪᠠᠷ ᠪᠠᠭᠤᠷᠠᠵᠤ ᠪᠠᠶ᠋ᠢᠨ᠎ᠠ ᠭᠡᠰᠡᠨ ᠪᠠᠶ᠋ᠢᠨ᠎ᠠ᠃ ᠪᠷᠠᠽᠢᠯ᠎ᠤᠨ ᠰᠠᠮᠤᠷ᠎ᠲᠤ ᠰᠧᠯᠧᠨ ᠡᠯᠪᠡᠭ ᠠᠭᠤᠯᠤᠭᠳᠠᠵᠤ᠂ ᠤᠷᠤᠭ᠎ᠤᠨ ᠪᠤᠯᠴᠢᠷᠬᠠᠢ ᠵᠢᠨ ᠦᠮᠡᠨ ᠪᠠ ᠭᠦᠭᠦᠨ ᠪᠤᠯᠴᠢᠷᠬᠠᠢ ᠵᠢᠨ ᠦᠮᠡᠨ᠎ᠢ ᠰᠡᠷᠭᠡᠶ᠋ᠢᠯᠡᠬᠦ᠎ᠳᠤ ᠳᠤᠰᠠᠳᠠᠢ ᠪᠠᠶ᠋ᠢᠳᠠᠭ᠃
ᠰᠢᠳ ᠰᠢᠬᠢᠷ ᠰᠢᠵᠢᠩ ᠡᠪᠡᠳᠴᠢᠨ᠎ᠤ ᠳᠠᠪᠬᠤᠷᠳᠠᠭᠰᠠᠨ ᠡᠪᠡᠳᠴᠢᠨ ᠡᠭᠦᠰᠬᠦ ᠵᠢ ᠰᠡᠷᠭᠡᠶ᠋ᠢᠯᠡᠬᠦ ᠦᠢ᠍ᠯᠡᠳᠦᠯ᠎ᠲᠠᠢ
ᠠᠮᠧᠷᠢᠺᠠ ᠵᠢᠨ ᠬᠠᠷᠹᠤᠷᠳ᠋ ᠶᠡᠭᠡ ᠰᠤᠷᠭ᠋ᠠᠭᠤᠯᠢ ᠵᠢᠨ ᠤᠯᠠᠨ ᠨᠡᠶ᠋ᠢᠳᠡ ᠵᠢᠨ ᠡᠷᠡᠭᠦᠯ ᠬᠠᠮᠡᠭ᠋ᠠᠯᠠᠯᠤᠨ ᠳᠡᠭᠡᠳᠦ ᠰᠤᠷᠭ᠋ᠠᠭᠤᠯᠢ ᠵᠢᠨ ᠰᠢᠮ᠎ᠠ ᠳᠡᠵᠢᠭᠡᠯ᠎ᠤᠨ ᠰᠠᠯᠪᠤᠷᠢ ᠵᠢᠨ ᠰᠤᠳᠤᠯᠭ᠋ᠠᠳᠠᠳ 11 ᠤᠯᠤᠰ᠎ᠤᠨ 8.4 ᠳᠦᠮᠡᠨ 34 — 59 ᠨᠠᠰᠤᠨ᠎ᠤ ᠡᠮᠡᠭᠳᠡᠶ᠋ᠢᠴᠤᠳᠲᠤ 16 ᠵᠢᠯ᠎ᠤᠨ ᠮᠦᠷᠳᠡᠨ ᠪᠠᠶ᠋ᠢᠴᠠᠭ᠋ᠠᠯᠳᠠ ᠬᠢᠵᠦ᠂ ᠰᠠᠮᠤᠷᠤᠨ ᠵᠦᠢ᠍ᠯ ᠢᠯᠡᠭᠦᠦ ᠢᠳᠡᠪᠡᠯ 2 ᠬᠡᠯᠪᠡᠷᠢ ᠵᠢᠨ ᠰᠢᠬᠢᠷ ᠰᠢᠵᠢᠩ ᠡᠪᠡᠳᠴᠢᠨ ᠡᠭᠦᠰᠬᠦ ᠠᠶᠤᠯ᠎ᠢ ᠢᠯᠡᠷᠭᠡᠢ ᠪᠠᠭ᠋ᠠᠰᠬᠠᠨ᠎ᠠ ᠭᠡᠰᠡᠨ ᠳ᠋ᠦᠩ᠎ᠢ ᠤᠯᠤᠭᠰᠠᠨ ᠪᠠᠶ᠋ᠢᠨ᠎ᠠ᠃ ᠡᠨᠡ᠎ᠨᠢ ᠭᠤᠤᠯᠳᠠᠭᠤ ᠰᠠᠮᠤᠷᠤᠨ ᠵᠦᠢ᠍ᠯ᠎ᠳᠤ ᠠᠭᠤᠯᠤᠭᠳᠠᠬᠤ ᠰᠢᠮ᠎ᠡ ᠳᠡᠵᠢᠭᠡᠯᠳᠦ ᠪᠤᠳᠠᠰ᠎ᠨᠢ ᠴᠢᠰᠤᠨ᠎ᠤ ᠰᠢᠬᠢᠷ ᠪᠠ ᠨᠦᠢ᠍ᠷ᠎ᠤᠨ ᠠᠷᠠᠯ᠎ᠤᠨ ᠡᠳ᠋᠎ᠤᠨ ᠳᠡᠩᠴᠡᠭᠦᠷᠢ ᠵᠢ ᠪᠠᠳᠤᠯᠠᠬᠤ᠎ᠳᠤ ᠳᠤᠰᠠᠳᠠᠢ ᠪᠠᠶ᠋ᠢᠳᠠᠭ᠎ᠠᠴᠠ ᠪᠤᠯᠵᠠᠢ᠃ ᠰᠢᠳ᠎ᠲᠤ ᠮᠠᠬᠨᠢ ᠡᠯᠪᠡᠭ ᠠᠭᠤᠯᠤᠭᠳᠠᠳᠠᠭ᠂ ᠰᠢᠬᠢᠷ ᠰᠢᠵᠢᠩ ᠡᠪᠡᠳᠴᠢᠨ᠎ᠤ ᠳᠠᠪᠬᠤᠷᠳᠠᠭᠰᠠᠨ ᠡᠪᠡᠳᠴᠢᠨ ᠡᠭᠦᠰᠬᠦ ᠵᠢ ᠰᠡᠷᠭᠡᠶ᠋ᠢᠯᠡᠬᠦ ᠦᠢ᠍ᠯᠡᠳᠦᠯ᠎ᠲᠠᠢ ᠪᠠᠶ᠋ᠢᠳᠠᠭ ᠵᠶ᠋ᠠᠷ ᠵᠶ᠋ᠠᠨ ᠰᠢᠬᠢᠷ ᠰᠢᠵᠢᠩ ᠡᠪᠡᠳᠴᠢᠳᠠᠨ᠎ᠳᠤ ᠳᠤᠬᠢᠷᠠᠮᠵᠢᠳᠠᠢ ᠢᠳᠡᠭᠡᠨ ᠪᠤᠯᠤᠨ᠎ᠠ᠃
![]()
![]()
ᠰᠠᠶ᠋ᠢᠨ ᠶᠠᠭᠤᠮ᠎ᠠ ᠵᠢ ᠴᠤ᠌ ᠬᠡᠮᠵᠢᠶ᠎ᠠ᠎ᠲᠠᠢ ᠢᠳᠡᠭᠰᠡᠨ᠎ᠨᠢ ᠳᠡᠭᠡᠷ᠎ᠡ
ᠰᠠᠮᠤᠷᠤᠨ ᠵᠦᠢ᠍ᠯ᠎ᠨᠢ ᠤᠨᠴᠠᠭ᠋ᠠᠢ ᠰᠠᠶ᠋ᠢᠨ ᠰᠢᠮ᠎ᠠ ᠳᠡᠵᠢᠭᠡᠯ᠎ᠤᠨ ᠦᠢ᠍ᠯᠡᠳᠦᠯ᠎ᠲᠠᠢ ᠪᠠᠶ᠋ᠢᠭ᠎ᠠ᠎ᠨᠢ ᠢᠯᠡᠷᠭᠡᠢ᠂ ᠭᠡᠬᠦ᠎ᠳᠡᠭᠡᠨ ᠮᠦᠨ ᠢᠯᠴᠢ ᠵᠢᠨ ᠬᠡᠮᠵᠢᠶ᠎ᠠ᠎ᠨᠢ ᠴᠤ᠌ ᠬᠠᠷᠢᠴᠠᠩᠭᠤᠢ ᠦᠨᠳᠦᠷ ᠪᠠᠶ᠋ᠢᠳᠠᠭ ᠪᠤᠯᠬᠤᠷ ᠭᠡᠳᠦᠢ ᠠᠷᠪᠢᠨ ᠢᠳᠡᠪᠡᠯ ᠳᠡᠳᠦᠢ ᠰᠠᠶ᠋ᠢᠨ ᠭᠡᠵᠦ ᠦᠵᠡᠵᠦ ᠪᠤᠯᠬᠤ ᠦᠭᠡᠢ᠃
ᠭᠤᠸᠠᠩᠳᠦ᠋ᠩ ᠮᠤᠵᠢ ᠵᠢᠨ ᠰᠢᠮ᠎ᠠ ᠳᠡᠵᠢᠭᠡᠯ᠎ᠤᠨ ᠰᠤᠳᠤᠯᠭ᠋ᠠᠨ᠎ᠤ ᠬᠤᠷᠠᠯ᠎ᠤᠨ ᠳᠡᠳ᠋ ᠬᠡᠷᠡᠭ ᠡᠷᠭᠢᠯᠡᠭᠴᠢᠳ᠎ᠤᠨ ᠳᠠᠷᠤᠭ᠎ᠠ ᠴᠧᠨ ᠢᠦᠢ ᠮᠢᠩ᠂ ᠰᠠᠮᠤᠷᠢ ᠡᠳᠦᠷ᠎ᠲᠤ 20 ᠭ᠋ᠷᠡᠮ ᠤᠷᠴᠢᠮ ᠢᠳᠡᠪᠡᠯ ᠳᠤᠬᠢᠷᠠᠮᠵᠢᠲᠠᠢ᠂ 50 ᠭ᠋ᠷᠡᠮ᠎ᠠᠴᠠ ᠭᠡᠳᠦᠷᠡᠬᠦ ᠦᠭᠡᠢ ᠪᠤᠯ ᠵᠤᠬᠢᠨ᠎ᠠ᠃ ᠨᠢᠭᠡ ᠵᠢᠭ᠋ᠠᠬᠠᠨ ᠠᠳᠬᠤ ᠢᠳᠡᠨ᠎ᠠ ᠭᠡᠰᠡᠨ ᠦᠭᠡ᠂ ᠬᠡᠷᠪᠡ ᠭᠡᠳᠦᠷᠡᠪᠡᠯ ᠬᠤᠭᠤᠯᠠᠨ᠎ᠳᠠᠭᠠᠨ ᠦᠭᠡᠬᠦ ᠳᠤᠰᠤ ᠪᠠᠭ᠎ᠠ ᠢᠳᠡᠭᠦ ᠪᠤᠶᠤ ᠭᠤᠤᠯ ᠬᠤᠭᠤᠯᠠ᠎ᠪᠠᠨ ᠬᠠᠰᠤᠬᠤ ᠭᠡᠷᠡᠭᠳᠡᠢ ᠭᠡᠵᠦ ᠰᠠᠨᠠᠭᠤᠯᠤᠭᠰᠠᠨ ᠪᠠᠶ᠋ᠢᠨ᠎ᠠ᠃ ᠬᠤᠯᠠᠨᠳ᠋᠎ᠤᠨ ᠬᠠᠮᠤᠭ᠎ᠤᠨ ᠰᠢᠨ᠎ᠠ ᠰᠤᠳᠤᠯᠭ᠋ᠠᠨ᠎ᠤ᠎ᠬᠢᠨ ᠪᠠᠰᠠ ᠨᠢᠭᠡ ᠪᠠᠷᠤᠭᠴᠠᠭ᠋ᠠᠯᠠᠬᠤ ᠳᠤᠭ᠎ᠠ ᠭᠠᠷᠭ᠋ᠠᠭᠰᠠᠨ ᠪᠠᠶ᠋ᠢᠨ᠎ᠠ᠄ 10 ᠭ᠋ᠷᠡᠮ ᠰᠠᠮᠤᠷ᠎ᠨᠢ ᠪᠠᠷᠤᠭ 12 ᠰᠢᠷᠭᠡᠭ ᠯᠤᠬᠠᠱ᠌ᠧᠩ᠂ 8 — 9 ᠰᠢᠷᠭᠡᠭ ᠬᠦᠢ᠍ᠯᠡᠰᠦᠨ ᠴᠦᠮ᠎ᠠ᠂ 6 ᠪᠦᠭᠡᠷᠡᠨ ᠵᠢᠮᠢᠰ᠂ 2.5 ᠬᠤᠰᠢᠭ᠎ᠠ᠎ᠲᠠᠢ ᠳᠡᠩᠴᠡᠨ᠎ᠠ ᠭᠡᠰᠡᠨ ᠪᠠᠶ᠋ᠢᠨ᠎ᠠ᠃ ᠯᠠᠪᠯᠠᠯᠳᠠ ᠪᠤᠯᠭ᠋ᠠᠭ᠋ᠠᠷᠠᠢ᠃
ᠰᠠᠮᠤᠷᠢ ᠤᠯᠠᠨ ᠶᠠᠩᠵᠤ᠎ᠪᠠᠷ ᠢᠳᠡᠵᠦ ᠪᠤᠯᠤᠨ᠎ᠠ
1. ᠨᠤᠭᠤᠭ᠎ᠠ ᠵᠠᠭᠤᠰᠢ᠎ᠳᠤ ᠬᠢᠨ᠎ᠠ᠃ ᠪᠦᠭᠡᠷᠡᠨ ᠵᠢᠮᠢᠰ᠂ ᠯᠤᠬᠠᠱ᠌ᠧᠩ᠂ ᠮᠠᠭ᠋ᠠᠵᠢ᠂ ᠭᠦᠢ᠍ᠯᠡᠰᠦᠨ ᠴᠦᠮ᠎ᠠ᠂ ᠬᠤᠰᠢᠭ᠎ᠠ᠂ ᠨᠠᠷᠠᠰᠤᠨ ᠰᠠᠮᠤᠷ ᠵᠡᠷᠭᠡ᠎ᠨᠢ ᠪᠦᠷ ᠨᠤᠭᠤᠭ᠎ᠠ ᠵᠠᠭᠤᠰᠢ ᠬᠢᠬᠦ ᠰᠠᠶ᠋ᠢᠨ ᠮᠠᠲ᠋ᠧᠷᠢᠶᠠᠯ ᠪᠤᠯᠤᠨ᠎ᠠ᠂ ᠬᠠᠭᠤᠷᠤᠯᠭ᠎ᠠ ᠪᠠ ᠰᠡᠷᠢᠭᠦᠨ ᠨᠤᠭᠤᠭ᠎ᠠ ᠬᠢᠬᠦ᠎ᠳᠡᠭᠡᠨ ᠪᠠᠭ᠎ᠠ ᠰᠠᠭ᠎ᠠ ᠰᠠᠮᠤᠷᠤᠨ ᠵᠦᠢ᠍ᠯ ᠬᠢᠪᠡᠯ ᠦᠨᠦᠷ ᠠᠮᠳᠠ ᠵᠢ᠎ᠨᠢ ᠰᠠᠶ᠋ᠢᠵᠢᠷᠠᠭᠤᠯᠵᠤ ᠰᠢᠮ᠎ᠠ ᠳᠡᠵᠢᠭᠡᠯᠢᠨᠢ ᠨᠡᠮᠡᠭᠳᠡᠭᠦᠯᠵᠦ ᠪᠤᠯᠤᠨ᠎ᠠ᠃
2. ᠰᠠᠮᠤᠷᠤᠨ ᠰᠢᠩᠭᠡᠨ ᠪᠤᠳᠠᠭ᠎ᠠ ᠬᠢᠨ᠎ᠠ᠃ ᠯᠤᠬᠠᠱ᠌ᠧᠩ᠂ ᠨᠠᠷᠠᠨ ᠬᠤᠸᠠᠷ᠎ᠤᠨ ᠴᠦᠮ᠎ᠠ᠂ ᠬᠤᠰᠢᠭ᠎ᠠ ᠵᠢᠨ ᠴᠦᠮ᠎ᠠ᠂ ᠬᠦᠢ᠍ᠯᠡᠰᠦᠨ ᠴᠦᠮ᠎ᠠ ᠵᠡᠷᠭᠡ᠎ᠨᠢ ᠪᠦᠷ ᠰᠢᠩᠭᠡᠨ ᠪᠤᠳᠠᠭ᠎ᠠ ᠬᠢᠬᠦ᠎ᠳᠤ ᠵᠤᠬᠢᠷᠠᠳᠠᠭ᠃ ᠭᠡᠬᠦ᠎ᠳᠡᠭᠡᠨ ᠰᠢᠩᠭᠡᠨ ᠪᠤᠳᠠᠭ᠎ᠠ᠎ᠪᠠᠨ ᠪᠤᠯᠭᠤᠭ᠋ᠠᠳ ᠬᠠᠭᠤᠷᠴᠤ ᠪᠤᠯᠭᠤᠭᠰᠠᠨ ᠰᠠᠮᠤᠷ ᠪᠤᠶᠤ ᠰᠠᠮᠤᠷᠤᠨ ᠬᠡᠮᠬᠡᠳᠡᠭ᠎ᠢ ᠰᠢᠩᠭᠡᠨ ᠪᠤᠳᠠᠭ᠎ᠠ᠎ᠳᠠᠭᠠᠨ ᠬᠤᠯᠢᠵᠤ ᠤᠷᠤᠭᠤᠯᠪᠠᠯ ᠦᠢ᠍ᠯᠡᠳᠦᠯ᠎ᠨᠢ ᠨᠡᠩ ᠰᠠᠶ᠋ᠢᠨ ᠪᠠᠶ᠋ᠢᠳᠠᠭ᠃
3. ᠰᠤᠯᠠ ᠢᠳᠡᠨ᠎ᠠ᠃ ᠦᠳᠡ ᠵᠢᠨ ᠡᠮᠦᠨ᠎ᠠ ᠪᠤᠶᠤ ᠦᠳᠡ ᠵᠢᠨ ᠬᠤᠶ᠋ᠢᠨ᠎ᠠ ᠭᠡᠳᠡᠰᠦ ᠳᠤᠮᠳᠠᠷᠠᠬᠤ ᠪᠠᠶ᠋ᠢᠳᠠᠯ ᠭᠠᠷᠬᠤ ᠦᠶ᠎ᠠ᠎ᠳᠤ ᠰᠠᠮᠤᠷᠤᠨ ᠵᠦᠢ᠍ᠯ ᠵᠶ᠋ᠠᠷ ᠰᠤᠯᠠ ᠢᠳᠡᠭᠡᠨ ᠪᠤᠯᠭ᠋ᠠᠵᠤ ᠪᠤᠯᠤᠨ᠎ᠠ᠃ ᠪᠠᠰᠠ ᠦᠨᠢᠶᠡᠨ ᠰᠦ᠂ ᠡᠭᠡᠳᠡᠭᠰᠡᠨ ᠰᠦ᠂ ᠮᠦᠰᠦᠮᠡᠯᠵᠢ ᠵᠡᠷᠭᠡ᠎ᠳᠤ ᠬᠤᠯᠢᠵᠤ ᠢᠳᠡᠵᠦ ᠪᠤᠯᠤᠨ᠎ᠠ᠃
ᠤᠨᠳᠠᠬᠤ ᠵᠢᠨ ᠡᠮᠦᠨᠡᠬᠢ 1 ᠴᠠᠭ᠎ᠤᠨ ᠳᠤᠳᠤᠷ᠎ᠠ ᠰᠠᠮᠤᠷ ᠢᠳᠡᠬᠦ ᠦᠭᠡᠢ ᠪᠤᠯ ᠰᠠᠶ᠋ᠢᠨ᠂ ᠰᠠᠮᠤᠷ᠎ᠲᠤ ᠦᠭᠡᠬᠦ ᠡᠯᠪᠡᠭ ᠠᠭᠤᠯᠤᠭᠳᠠᠳᠠᠭ ᠪᠤᠯᠬᠤᠷ ᠰᠢᠩᠭᠡᠭᠡᠯᠳᠡ ᠵᠢᠨ ᠰᠢᠰᠲ᠋ᠧᠮ᠎ᠤᠨ ᠳᠠᠷᠤᠭ᠋ᠠᠰᠤ ᠵᠢ ᠬᠦᠨᠳᠦᠷᠡᠭᠦᠯᠳᠡᠭ᠂ ᠳᠠᠬᠢᠪᠠᠯ ᠪᠠᠰᠠ ᠰᠠᠮᠤᠷ᠎ᠲᠤ ᠠᠭᠤᠯᠤᠭᠳᠠᠳᠠᠭ ᠳᠤᠳᠠᠭᠤ ᠦᠭᠡᠬᠦᠨ ᠬᠦᠴᠢᠯ᠎ᠨᠢ ᠬᠤᠳᠤᠭᠤᠳᠤᠨᠤ ᠬᠦᠴᠢᠯ᠎ᠤᠨ ᠭᠡᠳᠡᠷᠬᠦ ᠤᠷᠤᠰᠬᠤ ᠪᠠᠶ᠋ᠢᠳᠠᠯ᠎ᠢ ᠪᠤᠢ ᠪᠤᠯᠭ᠋ᠠᠳᠠᠭ᠃
ᠬᠤᠷᠠᠰᠢᠬᠰᠠᠨ ᠬᠦᠬᠡᠴᠦᠷᠡᠭᠰᠡᠨ ᠦᠨᠦᠷ᠎ᠲᠠᠢ ᠰᠠᠮᠤᠷᠢ ᠢᠳᠡᠵᠦ ᠪᠤᠯᠬᠤ ᠦᠭᠡᠢ
ᠰᠠᠮᠤᠷᠤᠨ ᠵᠦᠢ᠍ᠯ ᠬᠤᠳᠠᠯᠳᠤᠨ ᠠᠪᠬᠤ᠎ᠳᠠᠭᠠᠨ ᠬᠤᠷᠠᠰᠢᠬᠰᠠᠨ ᠬᠦᠬᠡᠴᠦᠷᠡᠭᠰᠡᠨ ᠦᠨᠦᠷ᠎ᠲᠠᠢ ᠪᠠᠶ᠋ᠢᠬᠤ ᠡᠰᠡᠬᠦ ᠵᠢ ᠠᠩᠬᠠᠷᠬᠤ ᠭᠡᠷᠡᠭᠳᠡᠢ᠃ ᠬᠡᠷᠪᠡ ᠬᠦᠬᠡᠴᠦᠷᠡᠭᠰᠡᠨ ᠦᠨᠦᠷ᠎ᠲᠠᠢ ᠪᠠᠶ᠋ᠢᠪᠠᠯ᠂ ᠠᠹᠯᠠᠲ᠋ᠤᠺᠰᠢᠨ ᠵᠡᠷᠭᠡ ᠪᠠᠺᠲ᠋ᠧᠷᠢᠳᠤ ᠪᠤᠬᠢᠷᠳᠤᠭᠰᠠᠨ ᠪᠠᠶ᠋ᠢᠵᠤ ᠮᠡᠳᠡᠨ᠎ᠠ; ᠭᠡᠷᠪᠡ ᠬᠤᠷᠰᠢᠬᠰᠠᠨ ᠦᠨᠦᠷ ᠭᠠᠷᠴᠤ ᠪᠠᠶ᠋ᠢᠪᠠᠯ᠂ ᠳᠤᠰᠤ ᠦᠭᠡᠬᠦ ᠵᠢᠨ ᠵᠦᠢ᠍ᠯ᠎ᠨᠢ ᠢᠰᠦᠯᠳᠦᠭᠰᠡᠨᠢ ᠬᠠᠷᠠᠭᠤᠯᠵᠤ ᠪᠠᠶ᠋ᠢᠨ᠎ᠠ᠂ ᠳᠡᠷᠡ᠎ᠨᠢ ᠡᠷᠡᠭᠦᠯ ᠮᠡᠨᠳᠦ᠎ᠳᠤ ᠬᠤᠬᠢᠷᠠᠯ ᠤᠴᠠᠷᠠᠭᠤᠯᠵᠤ ᠮᠡᠳᠡᠨ᠎ᠠ᠃
ᠰᠠᠮᠤᠷᠤᠨ ᠵᠦᠢ᠍ᠯ᠎ᠢ ᠪᠢᠳᠡᠭᠦᠦ ᠰᠠᠪᠠᠨ᠎ᠳᠤ ᠰᠠᠪᠠᠯᠠᠪᠠᠯ ᠵᠤᠬᠢᠨ᠎ᠠ᠃ ᠤᠬᠤᠷᠬᠠᠨ ᠬᠤᠭᠤᠴᠠᠭ᠋ᠠᠨ᠎ᠳᠤ ᠢᠳᠡᠬᠦ ᠳᠠᠭᠤᠰᠬᠤ ᠦᠭᠡᠢ ᠪᠤᠯ ᠵᠢᠵᠢᠭ ᠪᠤᠭᠤᠳᠠᠯ ᠵᠶ᠋ᠠᠷ ᠭᠡᠰᠡᠭᠯᠡᠨ ᠬᠤᠪᠢᠶᠠᠵᠤ ᠬᠦᠷᠦᠭᠡᠭᠦᠷ ᠪᠤᠶᠤ ᠬᠦᠯᠳᠡᠭᠡᠭᠦᠷ᠎ᠲᠤ ᠪᠢᠳᠠᠭᠦᠯᠡᠨ ᠬᠠᠳᠠᠭ᠋ᠠᠯᠠᠵᠤ ᠬᠦᠬᠡᠴᠦᠷᠡᠵᠦ ᠮᠠᠭᠤᠳᠠᠬᠤ᠎ᠠᠴᠠ ᠰᠠᠷᠭᠡᠶ᠋ᠢᠯᠡᠪᠡᠯ ᠵᠤᠬᠢᠨ᠎ᠠ᠃
ᠠᠩᠬᠠᠷᠤᠭᠤᠯᠬᠤ᠎ᠨᠢ᠂ ᠵᠠᠬ᠎ᠠ ᠳᠠᠯᠭᠡᠭᠦᠷ ᠳᠡᠭᠡᠷ᠎ᠡ ᠬᠤᠳᠠᠯᠳᠤᠵᠤ ᠪᠠᠶ᠋ᠢᠭ᠎ᠠ ᠠᠯᠢ ᠤᠯᠠᠨ ᠰᠠᠮᠤᠷᠤᠨ ᠵᠦᠢ᠍ᠯ᠎ᠨᠢ ᠡᠳ᠋ᠰᠢᠭᠦᠯᠬᠦ ᠶᠠᠪᠤᠴᠠ᠎ᠳᠠᠭᠠᠨ ᠪᠦᠷ ᠶᠡᠭᠡ ᠬᠡᠮᠵᠢᠶᠡᠨ᠎ᠤ ᠳᠠᠪᠤᠰᠤ᠂ ᠰᠢᠬᠢᠷ᠂ ᠶᠠᠷᠮ᠎ᠠ᠂ ᠰᠢᠬᠢᠷ᠎ᠤᠨ ᠤᠬᠢ᠂ ᠦᠨᠦᠷ᠎ᠤᠨ ᠤᠬᠢ᠂ ᠵᠤᠬᠢᠶᠠᠮᠠᠯ ᠴᠠᠭ᠋ᠠᠨ ᠳᠤᠰᠤ ᠵᠡᠷᠭᠡ᠎ᠪᠠᠷ ᠠᠮᠳᠠᠯᠠᠭᠰᠠᠨ ᠪᠠᠶ᠋ᠢᠳᠠᠭ᠂ ᠵᠠᠷᠢᠮ᠎ᠨᠢ ᠪᠦᠷ ᠡᠳᠡᠭᠡᠷ ᠵᠦᠢ᠍ᠯ ᠵᠶ᠋ᠠᠷ ᠮᠠᠭᠤᠳᠠᠭᠰᠠᠨ ᠬᠠᠭᠤᠴᠢᠷᠠᠭᠰᠠᠨ ᠤᠭ ᠳᠦᠷᠬᠦ ᠵᠢ ᠳᠠᠯᠳᠠᠯᠠᠬᠤ᠎ᠪᠠᠷ ᠤᠷᠤᠯᠳᠤᠭᠰᠠᠨ ᠪᠠᠶ᠋ᠢᠳᠠᠭ᠃ ᠳᠡᠶ᠋ᠢᠮᠦ᠎ᠠᠴᠠ ᠤᠭ ᠦᠨᠦᠷ ᠠᠮᠳᠠ᠎ᠪᠠᠨ ᠬᠠᠳᠠᠭ᠋ᠠᠯᠠᠭᠰᠠᠨ᠂ ᠳᠠᠩ ᠵᠶ᠋ᠠᠷ᠎ᠨᠢ ᠬᠠᠭᠤᠷᠤᠭᠰᠠᠨ ᠰᠠᠮᠤᠷᠤᠨ ᠵᠦᠢ᠍ᠯ᠎ᠨᠢ ᠠᠷᠠᠢ ᠴᠡᠪᠡᠷ ᠪᠠᠳᠤᠯᠠᠭ᠋ᠠᠳᠠᠢ ᠪᠠᠶ᠋ᠢᠵᠦ ᠮᠡᠳᠡᠨ᠎ᠠ᠃
ᠬᠡᠷᠡᠯ ᠵᠢᠷᠤᠭ᠎ᠤᠳ᠎ᠢ ᠠᠷᠠᠳ᠎ᠤᠨ ᠰᠦᠯᠵᠢᠶ᠎ᠠ᠎ᠠᠴᠠ ᠠᠪᠤᠪᠠ