ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠬᠤᠵᠢᠷᠯᠢᠬ ᠪᠡᠯᠴᠢᠭᠡᠷ ᠵᠢᠴᠢ ᠳᠡᠭᠦᠨ᠎ᠢ ᠦᠭᠡᠷᠡᠴᠢᠯᠡᠨ ᠰᠠᠶ᠋ᠢᠵᠢᠷᠠᠭᠤᠯᠬᠤ
ᠨᠡᠶ᠋ᠢᠲᠡᠯᠡᠭᠰᠡᠨ ᠴᠠᠭ᠄ 2021-12-07

     (1) ᠶᠠᠭᠤ ᠵᠢ ᠬᠤᠵᠢᠷᠯᠢᠬ ᠪᠡᠯᠴᠢᠭᠡᠷ ᠭᠡᠭᠦ ᠪᠤᠢ?

      ᠭᠤᠤᠯ᠎ᠨᠢ ᠮᠡᠨ᠎ᠤ ᠤᠯᠤᠰ᠎ᠤᠨ ᠠᠯᠢ ᠭᠠᠵᠠᠷ ᠤᠷᠤᠨ ᠵᠶ᠋ᠠᠷ ᠲᠠᠷᠬᠠᠵᠤ ᠪᠠᠶ᠋ᠢᠬᠤ ᠪᠤᠢ? ᠬᠤᠵᠢᠷᠯᠢᠬ ᠪᠡᠯᠴᠢᠭᠡᠷ ᠭᠡᠳᠡᠭ ᠪᠤᠯ ᠭᠦᠷᠦᠰᠤ ᠰᠢᠷᠤᠢ᠎ᠳᠤ ᠾᠯᠤᠷᠳᠤ ᠨᠢᠭᠡᠳᠦᠯ᠂ ᠭᠦᠭᠦᠷ ᠭᠦᠴᠢᠯ᠎ᠤᠨ ᠲᠠᠪᠤᠰᠤ᠂ ᠨᠡᠭᠦᠷᠡᠰᠤ ᠭᠦᠴᠢᠯ᠂ ᠠᠽᠤᠲ ᠭᠦᠴᠢᠯ᠎ᠤᠨ ᠲᠠᠪᠤᠰᠤ ᠵᠡᠷᠭᠡ ᠲᠠᠪᠤᠰᠤᠨ ᠪᠦᠷᠢᠯᠳᠦᠭᠦᠨ ᠭᠡᠳᠦᠷᠭᠡᠢ ᠠᠭᠤᠯᠤᠠᠠᠳᠠᠵᠤ ᠪᠦᠭᠦᠢ ᠭᠠᠵᠠᠷ᠎ᠲᠤ ᠡᠯ᠎ᠡ ᠵᠦᠢ᠍ᠯ᠎ᠤᠨ ᠲᠠᠪᠤᠰᠤᠯᠢᠭ ᠤᠷᠭᠤᠮᠠᠯ᠎ᠤᠨ ᠪᠦᠯᠦᠭᠯᠡᠯ ᠤᠷᠭᠤᠵᠤ ᠪᠠᠶ᠋ᠢᠬᠤ ᠪᠡᠯᠴᠢᠭᠡᠷ᠎ᠢ ᠭᠡᠯᠡᠳᠡᠭ᠃ ᠬᠤᠵᠢᠷᠯᠢᠬ ᠪᠡᠯᠴᠢᠭᠡᠷ᠎ᠨᠢ ᠮᠠᠨ᠎ᠤ ᠤᠯᠤᠰ᠎ᠤᠨ ᠤᠮᠠᠷᠠᠳᠤ ᠵᠢᠨ ᠦᠷᠭᠡᠨ ᠠᠭᠤᠳᠠᠮ ᠭᠠᠩ ᠬᠠᠭᠤᠷᠠᠢ ᠭᠠᠵᠠᠷ ᠤᠷᠤᠨ᠎ᠳᠤ ᠭᠤᠤᠯ ᠲᠠᠷᠬᠠᠵᠤ᠂ ᠤᠷᠭᠤᠮᠠᠯ᠎ᠤᠨ ᠪᠦᠷᠭᠦᠴᠡ᠎ᠨᠢ ᠬᠤᠵᠢᠷᠯᠢᠬ ᠰᠢᠷᠤᠢ ᠵᠢᠨ ᠲᠦᠷᠦᠯ ᠭᠡᠯᠪᠡᠷᠢ᠎ᠪᠠᠷ ᠭᠤᠤᠯ ᠪᠤᠯᠭ᠋ᠠᠳᠠᠭ᠃

     (2) ᠬᠤᠵᠢᠷᠯᠢᠬ ᠪᠡᠯᠴᠢᠭᠡᠷ᠎ᠲᠤ ᠲᠠᠪᠤᠰᠤᠨ᠎ᠤ ᠲᠦᠷᠦᠯ ᠶᠠᠭ᠋ᠠᠭᠢᠭ᠋ᠠᠳ ᠪᠤᠢ ᠪᠤᠯᠳᠠᠭ ᠪᠤᠢ?

      ᠭᠠᠩ ᠬᠠᠭᠤᠷᠠᠢ ᠭᠠᠵᠠᠷ ᠤᠷᠤᠨ᠎ᠳᠤ ᠪᠤᠯ ᠭᠤᠤᠯ᠎ᠨᠢ ᠴᠢᠯᠠᠭᠤᠯᠢᠭ ᠡᠷᠦᠳᠡᠰᠤ ᠦᠭᠡᠷᠢᠰᠢᠨ ᠵᠠᠳᠠᠷᠠᠭ᠋ᠠᠳ ᠴᠢᠯᠠᠭᠤᠯᠢᠭ ᠲᠠᠪᠤᠨ ᠲᠦᠷᠦᠯ ᠪᠦᠭᠡᠮᠨᠡᠷᠡᠭᠰᠡᠨ᠎ᠠᠴᠠ ᠪᠤᠢ ᠪᠤᠯᠳᠠᠭ᠃ ᠲᠠᠯᠠᠢ ᠲᠠᠭ᠋ᠠᠤ ᠭᠠᠵᠠᠷ ᠤᠷᠤᠨ᠎ᠳᠤ ᠪᠤᠯ ᠭᠤᠤᠯ᠎ᠨᠢ ᠲᠠᠯᠠᠢ ᠵᠢᠨ ᠤᠰᠤᠨ᠎ᠤ ᠲᠠᠪᠤᠰᠤᠯᠢᠭ ᠪᠦᠷᠢᠯᠳᠦᠭᠦᠨ ᠪᠤᠯᠤᠨ᠎ᠠ᠃ ᠬᠤᠵᠢᠷᠯᠢᠬ ᠰᠢᠷᠤᠢ ᠪᠤᠯᠵᠤ ᠪᠦᠷᠢᠯᠳᠦᠭᠦ ᠶᠠᠪᠤᠴᠠ᠎ᠨᠢ ᠭᠡᠪᠡᠯ ᠭᠤᠤᠯᠳᠠᠭᠤ ᠡᠯ᠎ᠠ ᠵᠦᠢ᠍ᠯ᠎ᠤᠨ ᠠᠭᠤᠰᠤᠮᠠᠬᠠᠢ ᠲᠠᠪᠤᠰᠤᠨ ᠲᠦᠷᠦᠯ ᠲᠠᠭᠢᠨ ᠬᠤᠪᠢᠶᠬᠠᠳᠠᠬᠤ ᠪᠠ ᠭᠦᠷᠤᠰᠤ ᠰᠢᠷᠤᠢ᠎ᠳᠤ ᠲᠠᠰᠤᠷᠠᠯᠳᠠ ᠦᠭᠡᠢ ᠬᠤᠷᠠᠮᠳᠤᠬᠤ ᠶᠠᠪᠤᠴᠠ ᠪᠤᠯᠤᠨ᠎ᠠ᠃ ᠡᠨᠡ ᠬᠦ᠌ ᠶᠠᠪᠤᠴᠠ᠎ᠳᠤ ᠤᠰᠤ ᠲᠤᠩ ᠴᠢᠬᠤᠯᠠ ᠦᠢ᠍ᠯᠡᠳᠦᠯ ᠦᠵᠡᠭᠦᠯᠳᠡᠭ ᠪᠦᠭᠡᠳ ᠲᠠᠷᠠ᠎ᠨᠢ ᠲᠠᠪᠤᠰᠤᠨ ᠪᠦᠷᠢᠯᠳᠦᠭᠦᠨ᠎ᠢ ᠰᠢᠯᠵᠢᠭᠦᠯᠭᠦ ᠵᠢᠨ ᠭᠦᠳᠦᠯᠦᠭᠴᠢ ᠮᠦᠨ᠃ ᠲᠠᠪᠤᠰᠤᠨ ᠪᠦᠷᠢᠯᠳᠦᠭᠦᠨ ᠦᠷᠭᠦᠯᠵᠢ ᠤᠰᠤᠨ᠎ᠤ ᠰᠢᠯᠵᠢᠯ᠎ᠤᠨ ᠴᠢᠭᠯᠡᠯ ᠵᠶ᠋ᠠᠷ ᠬᠠᠷᠢᠴᠠᠩᠭᠤᠢ᠎ᠪᠠᠷ ᠬᠤᠪᠢᠷᠠᠳᠠᠭ᠃ ᠭᠦᠮᠦᠨ ᠲᠦᠷᠦᠯᠭᠢᠳᠡᠨ᠎ᠤ ᠦᠢ᠍ᠯᠡᠳᠪᠤᠷᠢᠯᠡᠯ᠎ᠤᠨ ᠠᠵᠢᠯᠯᠠᠭ᠎ᠠ ᠵᠢᠱ᠌ᠢᠶᠡᠯᠡᠪᠡᠯ ᠮᠠᠯ ᠪᠡᠯᠴᠢᠭᠡᠷᠯᠡᠭᠦ᠂ ᠲᠠᠷᠢᠶ᠎ᠠ ᠲᠠᠷᠢᠬᠤ᠂ ᠤᠰᠤᠯᠠᠬᠤ᠂ ᠪᠤᠷᠳᠤᠭᠤᠷ ᠤᠷᠤᠭᠤᠯᠬᠤ ᠵᠡᠷᠭᠡ᠎ᠨᠢ ᠭᠦᠷᠤᠰᠤ ᠰᠢᠷᠤᠢ ᠵᠢᠨ ᠲᠠᠪᠤᠰᠤᠨ ᠪᠦᠷᠢᠯᠳᠦᠭᠦᠨ᠎ᠤ ᠬᠤᠪᠢᠷᠠᠯᠳᠠ᠎ᠳᠤ ᠲᠤᠩ ᠴᠢᠬᠤᠯᠠ ᠨᠦᠯᠦᠭᠡ᠎ᠲᠠᠢ ᠪᠠᠶ᠋ᠢᠳᠠᠭ᠃

     (3) ᠲᠠᠪᠤᠰᠤ ᠬᠤᠵᠢᠷ᠎ᠨᠢ ᠤᠷᠭᠤᠮᠠᠯ᠎ᠳᠤ ᠶᠠᠮᠠᠷ ᠬᠤᠤᠷ ᠭᠦᠨᠦᠭᠡᠯ᠎ᠲᠠᠢ ᠪᠠᠶ᠋ᠢᠳᠠᠭ ᠪᠤᠢ?

      ᠲᠠᠪᠤᠰᠤ ᠬᠤᠵᠢᠷ᠎ᠨᠢ ᠤᠷᠭᠤᠮᠠᠯ᠎ᠳᠤ ᠲᠤᠤᠷᠠᠭᠢ ᠮᠡᠳᠤ ᠭᠤᠷᠪᠡᠨ ᠲᠠᠯ᠎ᠠ ᠵᠢᠨ ᠭᠦᠨᠦᠭᠡᠯ᠎ᠲᠠᠢ ᠪᠠᠶ᠋ᠢᠳᠠᠭ᠃ ᠨᠢᠭᠡ᠎ᠳᠤ᠂ ᠦᠨᠳᠤᠰᠤᠨ᠎ᠤ ᠰᠢᠰᠲ᠋ᠧᠮ᠎ᠤᠨ ᠤᠷᠭᠤᠴᠠ ᠵᠢ ᠬᠤᠷᠢᠠᠠᠯᠠᠳᠠᠭ᠃ ᠭᠦᠷᠤᠰᠤ ᠰᠢᠷᠤᠢ᠎ᠳᠤ ᠠᠭᠤᠰᠤᠮᠠᠬᠠᠢ ᠲᠠᠪᠤᠰᠤᠨ ᠵᠦᠢ᠍ᠯ ᠵᠤᠭᠢᠬᠤ ᠭᠡᠮᠵᠢᠶ᠎ᠠ᠎ᠪᠠᠷ ᠬᠤᠷᠠᠮᠳᠤᠠᠠᠰᠠᠨ᠎ᠠᠴᠠ ᠬᠤᠶ᠋ᠢᠰᠢ ᠭᠦᠷᠦᠰᠤ ᠰᠢᠷᠤᠢ ᠵᠢᠨ ᠠᠭᠤᠰᠤᠮᠠᠯ᠎ᠤᠨ ᠦᠳᠭᠡᠴᠡ᠎ᠨᠢ ᠤᠷᠭᠤᠮᠠᠯ᠎ᠤᠨ ᠦᠨᠳᠤᠰᠤᠨ᠎ᠤ ᠡᠰ᠎ᠤᠨ ᠰᠢᠩᠭᠡᠨ᠎ᠤ ᠦᠳᠭᠡᠴᠡ᠎ᠠᠴᠠ ᠬᠤᠯᠠ ᠲᠠᠪᠠᠭ᠋ᠠᠳ᠂ ᠤᠰᠤᠨ᠎ᠤ ᠡᠰ᠎ᠨᠢ ᠭᠠᠳ᠋ᠬᠠᠰᠢ ᠨᠠᠪᠴᠢᠵᠤ᠂ ᠦᠨᠳᠤᠰᠤᠨ᠎ᠤ ᠦᠵᠦᠭᠦᠷ ᠪᠤᠯᠤᠨ ᠰᠢᠨ᠎ᠠ ᠦᠨᠳᠤᠰᠤ᠎ᠨᠢ ᠭᠦᠷᠡᠩᠳᠤᠵᠤ᠂ ᠭᠦᠨᠳᠤ ᠨᠤᠴᠢᠳᠡᠢ ᠪᠤᠯᠬᠤ ᠦᠶᠡᠰ ᠪᠦᠭᠦ᠋ᠢ᠍ᠯᠡ ᠦᠨᠳᠤᠰᠤᠨ ᠰᠢᠰᠲ᠋ᠧᠮ᠎ᠨᠢ ᠬᠠᠷᠠᠯᠠᠨ ᠢᠯᠵᠠᠷᠠᠵᠤ᠂ ᠠᠮᠢᠵᠢᠷᠠᠯ᠎ᠤᠨ ᠭᠦᠴᠤᠨ ᠵᠶ᠋ᠠᠨ ᠠᠯᠳᠠᠵᠤ ᠦᠭᠦᠵᠤ ᠰᠦᠢ᠍ᠳᠳᠡᠭ᠃ ᠬᠤᠶᠠᠷ᠎ᠲᠤ᠂ ᠬᠤᠵᠢᠷᠯᠢᠬ ᠭᠠᠵᠠᠷ᠎ᠤᠨ ᠤᠷᠭᠤᠮᠠᠯ ᠰᠢᠮ᠎ᠠ ᠲᠡᠵᠢᠭᠡᠯ᠎ᠤᠨ ᠡᠳ᠋᠎ᠢ ᠰᠢᠩᠭᠡᠭᠡᠨ ᠠᠪᠬᠤ ᠵᠢᠨ ᠲᠠᠭ᠋ᠠᠤ᠎ᠳᠤ ᠶᠡᠭᠡ ᠭᠡᠮᠵᠢᠶᠠᠨ᠎ᠤ ᠲᠠᠪᠤᠰᠤᠨ ᠪᠦᠷᠢᠯᠳᠦᠭᠦᠨ ᠤᠷᠭᠤᠮᠠᠯ᠎ᠤᠨ ᠪᠡᠶ᠎ᠠ᠎ᠳᠤ ᠨᠠᠪᠴᠢᠵᠤ᠂ ᠡᠰ᠎ᠤᠨ ᠰᠢᠩᠭᠡᠨ᠎ᠳᠤᠨᠢ ᠲᠠᠪᠤᠰᠤᠨ ᠪᠦᠷᠢᠯᠳᠦᠭᠦᠨ ᠭᠡᠳᠦᠷᠭᠡᠢ ᠠᠷᠪᠢᠳᠴᠤ᠂ ᠠᠽᠤᠲ ᠡᠯᠧᠮᠧᠨ᠋ᠲ᠎ᠤᠨ ᠰᠤᠯᠢᠯᠴᠠᠬᠤ ᠭᠡᠷᠡᠯ᠎ᠤᠨ ᠨᠡᠶ᠋ᠢᠯᠡᠯᠭᠡ ᠵᠢ ᠬᠠᠷᠰᠢᠯᠠᠵᠤ᠂ ᠨᠠᠪᠴᠢᠨ᠎ᠤ ᠨᠤᠭᠤᠭ᠋ᠠᠨ ᠪᠡᠶ᠎ᠠ᠎ᠳᠠᠬᠢ ᠤᠭᠤᠷᠠᠭ᠎ᠤᠨ ᠨᠡᠶ᠋ᠢᠯᠡᠯᠭᠡ᠎ᠨᠢ ᠬᠤᠷᠢᠠᠠᠯᠬᠠᠳᠠᠵᠤ᠂ ᠰᠢᠨ᠎ᠠ ᠬᠠᠭᠤᠴᠢᠨ᠎ᠤ ᠰᠤᠯᠢᠠᠠᠳᠠᠯ᠎ᠨᠢ ᠮᠠᠭᠤᠳᠠᠵᠤ᠂ ᠡᠭᠦᠨ᠎ᠤ ᠲᠡᠭᠡᠷ᠎ᠡ ᠦᠨᠳᠤᠰᠤᠨ ᠰᠢᠰᠲ᠋ᠧᠮ᠎ᠤᠨ ᠤᠷᠭᠤᠯᠳᠠ ᠬᠤᠷᠢᠠᠠᠯᠬᠠᠳᠠᠳᠠᠭ᠃ ᠪᠦᠭᠦ᠋ᠢ᠍ᠯᠡ ᠤᠷᠭᠤᠮᠠᠯ᠎ᠤᠨ ᠡᠰᠢ᠎ᠨᠢ ᠪᠤᠭᠤᠨᠢᠰᠴᠤ᠂ ᠨᠠᠪᠴᠢ᠎ᠨᠢ ᠭᠦᠢ᠍ᠴᠡᠳ ᠲᠡᠯᠭᠡᠵᠤ ᠲᠡᠶ᠋ᠢᠯᠭᠦ ᠦᠭᠡᠢ᠂ ᠨᠠᠪᠴᠢᠨ᠎ᠤ ᠦᠵᠦᠭᠦᠷ᠎ᠨᠢ ᠰᠢᠷᠠᠯᠠᠨ ᠠᠪᠴᠢᠵᠤ᠂ ᠭᠦᠨᠳᠤ ᠨᠤᠴᠢᠳᠡᠢ ᠪᠤᠯᠬᠤ ᠦᠶᠡᠰ ᠨᠠᠪᠴᠢ ᠪᠤᠯᠤᠨ ᠡᠰᠢ᠎ᠨᠢ ᠴᠦᠮ ᠬᠠᠳᠠᠵᠤ ᠦᠭᠦᠳᠡᠭ᠃ ᠭᠤᠷᠪᠡ᠎ᠳᠤ᠂ ᠬᠤᠵᠢᠷᠯᠢᠬ ᠭᠠᠵᠠᠷ᠎ᠨᠢ ᠤᠷᠭᠤᠮᠠᠯ᠎ᠳᠤ ᠲᠠᠮ ᠭᠦᠨᠦᠭᠡᠯ ᠤᠴᠠᠷᠠᠭᠤᠯᠬᠤ᠎ᠳᠠᠭᠠᠨ ᠭᠤᠤᠯ᠎ᠨᠢ ᠭᠦᠷᠤᠰᠤ ᠰᠢᠷᠤᠢ ᠵᠢᠨ ᠹᠢᠽᠢᠺ ᠭᠢᠮᠢ ᠵᠢᠨ ᠪᠡᠯᠭᠡ ᠲᠡᠮᠳᠡᠭ᠎ᠨᠢ ᠦᠭᠡᠷᠡᠳᠤᠵᠤ᠂ ᠭᠠᠵᠠᠷ᠎ᠤᠨ ᠭᠠᠳᠠᠷᠭᠤ ᠭᠦᠷᠦᠰᠤᠨ᠎ᠤ ᠦᠷᠦᠮᠡᠳᠦᠯ᠎ᠨᠢ ᠲᠠᠪᠤᠰᠤᠨ ᠦᠷᠦᠮᠡᠳᠦᠯ ᠪᠤᠯᠵᠤ᠂ ᠨᠠᠪᠳᠡᠷᠡᠴᠡ᠎ᠨᠢ ᠮᠠᠭᠤᠳᠠᠵᠤ᠂ ᠦᠩ ᠰᠢᠮ᠎ᠠ᠎ᠨᠢ ᠪᠠᠭᠤᠷᠠᠵᠤ᠂ ᠲᠠᠷᠢᠬᠤ᠎ᠳᠤ ᠭᠦᠴᠢᠷ᠎ᠲᠠᠢ ᠪᠤᠯᠤᠭ᠋ᠠᠳ᠂ ᠦᠷ᠎ᠡ ᠵᠢᠨ ᠨᠠᠭᠢᠶᠠᠯᠠᠵᠤ ᠰᠤᠶᠤᠭ᠋ᠠᠯᠠᠬᠤ ᠵᠢ ᠬᠠᠷᠰᠢᠯᠠᠨ᠂ ᠤᠷᠭᠤᠮᠠᠯ᠎ᠤᠨ ᠤᠷᠭᠤᠴᠠ᠎ᠳᠤ ᠭᠦᠨᠦᠭᠡᠯ ᠤᠴᠠᠷᠠᠭᠤᠯᠳᠠᠭ ᠪᠠᠶ᠋ᠢᠨ᠎ᠠ᠃

     (4) ᠬᠤᠵᠢᠷᠯᠢᠬ ᠪᠡᠯᠴᠢᠭᠡᠷ᠎ᠢ ᠭᠡᠷᠭᠢᠨ ᠰᠠᠶ᠋ᠢᠵᠢᠷᠠᠭᠤᠯᠬᠤ ᠪᠤᠢ?

      ᠡᠭᠦᠨ᠎ᠳᠤ ᠶᠠᠮᠠᠷ ᠠᠰᠠᠭᠤᠳᠠᠯ᠎ᠢ ᠠᠩᠬᠠᠷᠬᠤ ᠴᠢᠬᠤᠯᠠ᠎ᠲᠠᠢ ᠪᠤᠢ? ᠬᠤᠵᠢᠷᠯᠢᠬ ᠪᠡᠯᠴᠢᠭᠡᠷ᠎ᠢ ᠰᠠᠶ᠋ᠢᠵᠢᠷᠠᠭᠤᠯᠬᠤ ᠭᠡᠳᠡᠭ ᠪᠤᠯ ᠲᠠᠷᠤᠢ ᠨᠢᠭᠡ ᠲᠠᠯ᠎ᠠ᠎ᠪᠠᠷ ᠨᠢᠭᠡᠨᠳᠡ ᠬᠤᠷᠠᠮᠳᠤᠠᠠᠰᠠᠨ ᠲᠠᠪᠤᠰᠤᠨ ᠪᠦᠷᠢᠯᠳᠦᠭᠦᠨ᠎ᠢ ᠠᠷᠢᠯᠭ᠋ᠠᠵᠤ᠂ ᠨᠦᠭᠦᠭᠡ ᠲᠠᠯ᠎ᠠ᠎ᠪᠠᠷ ᠲᠠᠪᠤᠰᠤᠨ ᠪᠦᠷᠢᠯᠳᠦᠭᠦᠨ ᠤᠯᠠᠮ ᠬᠤᠷᠠᠮᠳᠤᠬᠤ ᠵᠢ ᠰᠡᠷᠭᠡᠶ᠋ᠢᠯᠡᠨ᠎ᠠ᠃ ᠡᠨᠡ ᠵᠤᠷᠢᠯᠭ᠎ᠠ᠎ᠳᠤ ᠭᠦᠷᠦᠭᠦᠯᠭᠦ ᠵᠢᠨ ᠲᠤᠰᠠᠳᠠ ᠡᠯ᠎ᠠ ᠪᠠᠶ᠋ᠢᠭ᠋ᠠᠯᠢ ᠵᠢᠨ ᠠᠵᠤ ᠠᠬᠤᠢ ᠵᠢᠨ ᠤᠨᠴᠠᠯᠢᠭ᠎ᠢ ᠦᠨᠳᠦᠰᠦᠯᠡᠨ᠂ ᠭᠠᠵᠠᠷ ᠤᠷᠤᠨ᠎ᠤ ᠪᠠᠶ᠋ᠢᠳᠠᠯ᠎ᠳᠠᠭᠠᠨ ᠲᠤᠭᠢᠷᠠᠭᠤᠯᠤᠨ ᠶᠠᠷᠦᠩᠭᠡᠶ᠋ᠢᠯᠡᠨ ᠵᠠᠰᠠᠨ᠎ᠠ᠃ ᠡᠩ ᠲᠡᠷᠢᠭᠦᠨ᠎ᠳᠤ ᠲᠤᠤᠷᠠᠭᠢ ᠬᠤᠶᠠᠷ ᠶᠠᠪᠤᠳᠠᠯ᠎ᠢ ᠭᠠᠷᠳᠠᠨ ᠭᠢᠭᠦ ᠭᠡᠷᠡᠭᠳᠡᠢ᠃ ᠨᠢᠭᠡ᠎ᠳᠤ᠂ ᠬᠤᠵᠢᠷᠯᠢᠬ ᠪᠠᠯᠴᠢᠭᠡᠷ᠎ᠢ ᠨᠡᠯᠢᠶᠡᠳ ᠪᠦᠭᠦ ᠲᠠᠯ᠎ᠠ᠎ᠪᠠᠷ ᠪᠠᠶ᠋ᠢᠴᠠᠭ᠋ᠠᠨ ᠵᠠᠳᠠᠯᠵᠤ᠂ ᠢᠯᠠᠩᠭᠤᠶ᠎ᠠ ᠬᠤᠵᠢᠷᠯᠢᠬ ᠪᠠᠯᠴᠢᠭᠡᠷ᠎ᠤᠨ ᠭᠦᠷᠦᠰᠤ ᠰᠢᠷᠤᠢ᠎ᠳᠤ ᠪᠠᠶ᠋ᠢᠴᠠᠭ᠋ᠠᠯᠳᠠ ᠭᠢᠵᠤ ᠵᠢᠱ᠌ᠢᠶᠡᠯᠡᠪᠡᠯ ᠭᠦᠷᠦᠰᠤ ᠰᠢᠷᠤᠢ ᠵᠢᠨ ᠬᠤᠵᠢᠷᠳᠤᠯ᠎ᠤᠨ ᠡᠭᠦᠰᠦᠯ᠂ ᠠᠬᠤᠢ ᠪᠠᠶ᠋ᠢᠳᠠᠯ ᠪᠤᠯᠤᠨ ᠭᠦᠭᠵᠢᠯᠳᠡ ᠵᠢᠨ ᠬᠠᠨᠳᠤᠰᠢ ᠵᠢ ᠤᠶ᠋ᠢᠯᠠᠭ᠋ᠠᠬᠤ ᠭᠡᠷᠡᠭᠳᠡᠢ᠃ ᠬᠤᠶᠠᠷ᠎ᠲᠤ᠂ ᠬᠤᠵᠢᠷᠯᠢᠬ ᠪᠡᠯᠴᠢᠭᠡᠷ᠎ᠤᠨ ᠭᠦᠷᠦᠰᠤ ᠰᠢᠷᠤᠢ ᠵᠢᠨ ᠤᠯᠠᠷᠢᠯᠳᠠ ᠵᠢᠨ ᠵᠢᠮ᠎ᠠ ᠶᠤᠰᠤ ᠵᠢ ᠵᠦᠪ ᠲᠠᠨᠢᠬᠤ ᠭᠡᠷᠡᠭᠳᠡᠢ᠃ ᠬᠤᠵᠢᠷᠯᠢᠬ ᠪᠡᠯᠴᠢᠭᠡᠷ᠎ᠤᠨ ᠭᠦᠷᠦᠰᠤ ᠰᠢᠷᠤᠢ ᠵᠢᠨ ᠲᠦᠷᠦᠯ ᠭᠡᠯᠪᠡᠷᠢ᠎ᠨᠢ ᠤᠯᠠᠨ᠂ ᠭᠦᠨᠳᠤ ᠭᠦᠡᠭᠭᠡᠨ᠎ᠨᠢ ᠠᠳᠠᠯᠢ ᠦᠭᠡᠢ᠂ ᠪᠠᠶ᠋ᠢᠳᠠᠯ᠎ᠨᠢ ᠠᠰ ᠠᠰᠳᠠᠭ᠋ᠠᠨ ᠶᠤᠮ᠃ ᠡᠭᠦᠨ᠎ᠳᠤ ᠬᠠᠮᠤᠭ᠎ᠤᠨ ᠭᠦᠭᠵᠢᠶᠠᠨ᠎ᠲᠠᠢ ᠭ᠋ᠸᠠ᠎ᠨᠢ ᠪᠤᠯ ᠭᠦᠷᠤᠰᠤ ᠰᠢᠷᠤᠢ᠎ᠳᠠᠬᠢ ᠤᠰᠤ᠂ ᠲᠠᠪᠤᠰᠤᠨ᠎ᠤ ᠭᠦᠳᠡᠯᠭᠡᠭᠡᠨ᠎ᠤ ᠶᠠᠪᠤᠴᠠ ᠪᠤᠯᠤᠨ᠎ᠠ᠃ ᠡᠨᠡ ᠬᠦ᠌ ᠭᠦᠳᠡᠯᠭᠡᠭᠡᠨ᠎ᠤ ᠵᠢᠮ᠎ᠠ ᠶᠤᠰᠤ ᠵᠢ ᠡᠵᠡᠮᠰᠢᠭᠦ ᠪᠤᠯ ᠬᠤᠵᠢᠷᠳᠤᠯ᠎ᠢ ᠪᠦᠳᠦᠮᠵᠢᠳᠡᠢ᠎ᠪᠠᠷ ᠰᠠᠷᠭᠡᠶ᠋ᠢᠯᠡᠨ ᠵᠠᠰᠠᠬᠤ ᠶᠠᠪᠤᠴᠠ ᠵᠢᠨ ᠵᠠᠩᠭᠢᠯᠠᠭ᠎ᠠ ᠮᠦᠨ᠃

     (5) ᠬᠤᠵᠢᠷᠳᠤᠠᠠᠰᠠᠨ ᠪᠡᠯᠴᠢᠭᠡᠷ᠎ᠢ ᠶᠠᠮᠠᠷ ᠠᠷᠭ᠎ᠠ᠎ᠪᠠᠷ ᠰᠠᠶ᠋ᠢᠵᠢᠷᠠᠭᠤᠯᠬᠤ ᠪᠤᠢ?

      ᠬᠤᠵᠢᠷᠳᠤᠠᠠᠰᠠᠨ ᠪᠡᠯᠴᠢᠭᠡᠷ᠎ᠢ ᠰᠠᠶ᠋ᠢᠵᠢᠷᠠᠭᠤᠯᠬᠤ ᠵᠢᠨ ᠭᠤᠤᠯ ᠠᠷᠭ᠎ᠠ ᠭᠡᠮᠵᠢᠶ᠎ᠠ ᠭᠡᠪᠡᠯ᠄ ᠢᠠᠵᠧᠨᠧᠷᠢᠩ᠎ᠤᠨ ᠠᠷᠭ᠎ᠠ ᠭᠡᠮᠵᠢᠶ᠎ᠠ᠂ ᠤᠰᠤᠨ ᠠᠰᠢᠠᠠᠯᠠᠯᠳᠠ ᠵᠢᠨ ᠠᠷᠭ᠎ᠠ ᠭᠡᠮᠵᠢᠶ᠎ᠠ᠂ ᠠᠮᠢᠳᠤ ᠪᠤᠳᠠᠰ᠎ᠤᠨ ᠠᠷᠭ᠎ᠠ ᠭᠡᠮᠵᠢᠶ᠎ᠠ ᠪᠤᠯᠤᠨ ᠲᠠᠷᠢᠶᠠᠯᠠᠩ᠎ᠤᠨ ᠠᠷᠭ᠎ᠠ ᠭᠡᠮᠵᠢᠶ᠎ᠠ ᠵᠡᠷᠭᠡ ᠪᠤᠢ᠃ ᠭᠡᠷᠪᠡ ᠠᠷᠭ᠎ᠠ ᠭᠡᠮᠵᠢᠶ᠎ᠠ᠎ᠨᠢ ᠲᠤᠭᠢᠷᠠᠮᠵᠢᠳᠡᠢ᠂ ᠶᠠᠷᠦᠩᠭᠡᠶ᠋ᠢᠯᠡᠨ ᠠᠰᠢᠠᠠᠯᠠᠪᠠᠯ ᠬᠤᠵᠢᠷᠳᠤᠯ᠎ᠤᠨ ᠭᠦᠨᠦᠭᠡᠯ᠎ᠢ ᠠᠷᠢᠯᠭ᠋ᠠᠬᠤ ᠪᠤᠶᠤ ᠪᠠᠭ᠋ᠠᠰᠬᠠᠵᠤ ᠪᠤᠯᠬᠤ ᠮᠦᠷᠳᠡᠭᠡᠨ ᠪᠠᠰᠠ ᠭᠦᠷᠦᠰᠤ ᠰᠢᠷᠤᠢ ᠵᠢᠨ ᠦᠩ ᠰᠢᠮ᠎ᠡ ᠵᠢ ᠲᠡᠭᠡᠭᠰᠢᠯᠡᠭᠦᠯᠵᠤ ᠪᠤᠯᠤᠨ᠎ᠠ᠃

     (6) ᠤᠶ᠋ᠢᠯᠡᠳᠪᠤᠷᠢᠯᠡᠯ᠎ᠤᠨ ᠲᠠᠯ᠎ᠠ᠎ᠪᠠᠷ ᠶᠠᠷᠦᠳᠡᠭᠡᠨ ᠶᠠᠮᠠᠷ ᠠᠷᠭ᠎ᠠ᠎ᠨᠤᠭᠤᠳ᠎ᠢ ᠠᠪᠳᠠᠭ ᠪᠤᠢ?

      ᠦᠢ᠍ᠯᠡᠳᠪᠤᠷᠢᠯᠡᠯ᠎ᠤᠨ ᠲᠠᠯ᠎ᠠ᠎ᠪᠠᠷ ᠦᠷᠭᠦᠯᠵᠢ ᠭᠡᠷᠡᠭᠯᠡᠳᠡᠭ ᠠᠷᠭ᠎ᠠ ᠭᠡᠪᠡᠯ ᠤᠰᠤ ᠵᠠᠯᠠᠵᠤ ᠲᠠᠪᠤᠰᠤ ᠵᠢ ᠤᠭᠢᠶᠠᠬᠤ᠂ ᠤᠷᠭ᠋ᠠᠨᠢᠭ ᠪᠤᠷᠳᠤᠭᠤᠷ᠎ᠢ ᠢᠯᠡᠭᠦᠭᠡᠨ ᠤᠷᠤᠭᠤᠯᠬᠤ᠂ ᠬᠤᠵᠢᠷᠯᠢᠬ ᠪᠡᠯᠴᠢᠭᠡᠷ᠎ᠢ ᠵᠤᠭᠢᠰᠳᠠᠢ ᠠᠰᠢᠠᠠᠯᠠᠬᠤ ᠠᠷᠭ᠎ᠠ ᠪᠠ ᠭᠢᠮᠢ ᠵᠢᠨ ᠠᠷᠭ᠎ᠠ᠎ᠪᠠᠷ ᠰᠠᠶ᠋ᠢᠵᠢᠷᠠᠭᠤᠯᠬᠤ ᠵᠡᠷᠭᠡ ᠪᠤᠢ᠃ ① ᠤᠰᠤ ᠵᠠᠯᠠᠵᠤ ᠲᠠᠪᠤᠰᠤ ᠤᠭᠢᠶᠠᠬᠤ ᠠᠷᠭ᠎ᠠ᠄ ᠡᠨᠡ ᠠᠷᠭ᠎ᠠ ᠪᠤᠯ ᠤᠰᠤᠨ ᠠᠰᠢᠠᠠᠯᠠᠯᠳᠠ ᠵᠢᠨ ᠪᠠᠷᠢᠯᠭ᠎ᠠ ᠵᠢᠨ ᠪᠡᠯᠡᠳᠭᠡᠮᠵᠢ ᠵᠢ ᠪᠠᠶ᠋ᠢᠭᠤᠯᠬᠤ᠎ᠪᠠᠷ ᠲᠠᠮᠵᠢᠭᠤᠯᠤᠨ᠂ ᠬᠤᠵᠢᠷᠯᠢᠬ ᠪᠡᠯᠴᠢᠭᠡᠷ᠎ᠲᠤ ᠤᠰᠤᠯᠠᠯᠳᠠ ᠭᠢᠭᠦ ᠪᠡ ᠤᠰᠤ ᠵᠠᠯᠠᠨ ᠤᠷᠤᠭᠤᠯᠵᠤ᠂ ᠲᠠᠪᠤᠰᠤ ᠬᠤᠵᠢᠷ᠎ᠢ ᠤᠭᠢᠶᠠᠬᠤ ᠦᠢ᠍ᠯᠡᠳᠦᠯ ᠦᠵᠡᠭᠦᠯᠭᠦ ᠶᠠᠪᠤᠳᠠᠯ ᠪᠤᠯᠤᠨ᠎ᠠ᠃ ② ᠤᠷᠭ᠋ᠠᠨᠢᠭ ᠪᠤᠷᠳᠤᠭᠤᠷ ᠤᠷᠤᠭᠤᠯᠬᠤ ᠠᠷᠭ᠎ᠠ᠄ ᠡᠨᠡ ᠠᠷᠭ᠎ᠠ ᠪᠤᠯ ᠤᠷᠭ᠋ᠠᠨᠢᠭ ᠪᠤᠷᠳᠤᠭᠤᠷ ᠤᠷᠤᠭᠤᠯᠬᠤ᠎ᠪᠠᠷ ᠲᠠᠮᠵᠢᠭᠤᠯᠤᠨ ᠭᠦᠷᠦᠰᠤ ᠰᠢᠷᠤᠢ ᠵᠢᠨ ᠦᠩ ᠰᠢᠮ᠎ᠠ ᠵᠢ ᠲᠡᠭᠡᠭᠰᠢᠯᠡᠭᠦᠯᠵᠤ᠂ ᠭᠦᠷᠤᠰᠤ ᠰᠢᠷᠤᠢ᠎ᠳᠠᠬᠢ ᠤᠷᠭ᠋ᠠᠨᠢᠭ ᠪᠤᠳᠠᠰ᠎ᠤᠨ ᠠᠭᠤᠯᠤᠠᠠᠳᠠᠴᠠ ᠵᠢ ᠨᠡᠮᠡᠭᠳᠡᠭᠦᠯᠵᠤ᠂ ᠭᠦᠷᠦᠰᠤ ᠰᠢᠷᠤᠢ ᠵᠢᠨ ᠹᠢᠽᠢᠺ᠎ᠤᠨ ᠴᠢᠨᠠᠷ᠎ᠢ ᠰᠠᠶ᠋ᠢᠵᠢᠷᠠᠭᠤᠯᠵᠤ᠂ ᠠᠭᠤᠰᠬᠠᠬᠤ ᠦᠢ᠍ᠯᠡᠳᠦᠯ᠎ᠢ ᠴᠢᠩᠭ᠋ᠠᠳᠬᠠᠵᠤ᠂ ᠠᠭᠤᠷᠰᠢᠯᠳᠡ ᠵᠢ ᠪᠠᠭ᠋ᠠᠰᠬᠠᠨ ᠭᠡᠳᠡᠷᠭᠦ ᠲᠠᠪᠤᠰᠤᠵᠢᠬᠤ ᠵᠢ ᠬᠤᠷᠢᠠᠠᠯᠠᠨ᠎ᠠ᠃ ᠤᠷᠭ᠋ᠠᠨᠢᠭ ᠪᠤᠷᠳᠤᠭᠤᠷ᠎ᠨᠢ ᠪᠠᠰᠠ ᠭᠦᠷᠦᠰᠤ ᠰᠢᠷᠤᠢ ᠵᠢᠨ ᠬᠤᠵᠢᠷᠯᠢᠬ ᠴᠢᠨᠠᠷ᠎ᠢ ᠰᠠᠭ᠋ᠠᠷᠮᠬᠠᠵᠢᠭᠤᠯᠵᠤ᠂ ᠬᠤᠵᠢᠷᠳᠤᠯ᠎ᠢ ᠰᠠᠶ᠋ᠢᠵᠢᠷᠠᠭᠤᠯᠬᠤ ᠦᠢ᠍ᠯᠡᠳᠦᠯ ᠦᠵᠡᠭᠦᠯᠳᠡᠭ᠃ ᠪᠤᠷᠳᠤᠭᠤᠷ ᠤᠷᠤᠭᠤᠯᠬᠤ ᠪᠠ ᠤᠰᠤᠯᠠᠨ ᠤᠭᠢᠶᠠᠬᠤ ᠵᠢ ᠤᠶᠠᠯᠳᠤᠭᠤᠯᠪᠠᠯ ᠨᠡᠩ ᠰᠠᠶ᠋ᠢᠨ ᠦᠷ᠎ᠡ ᠪᠦᠳᠦᠮᠵᠢ ᠤᠯᠵᠤ ᠴᠢᠳᠠᠨ᠎ᠠ᠃ ③ ᠬᠤᠵᠢᠷᠯᠢᠬ ᠪᠡᠯᠴᠢᠭᠡᠷ᠎ᠢ ᠵᠤᠭᠢᠰᠳᠡᠢ ᠠᠰᠢᠠᠠᠯᠠᠬᠤ ᠠᠷᠭ᠎ᠠ᠄ ᠵᠤᠭᠢᠰᠳᠠᠢ ᠠᠰᠢᠠᠠᠯᠠᠬᠤ ᠵᠢᠨ ᠭᠤᠤᠯ ᠵᠠᠩᠭᠢᠯᠠᠭ᠎ᠠ ᠪᠤᠯ ᠲᠠᠷᠤᠢ ᠡᠪᠡᠰᠤ ᠪᠡᠯᠴᠢᠭᠡᠷ᠎ᠤᠨ ᠲᠠᠭ᠋ᠠᠭ᠋ᠠᠴᠠ᠎ᠪᠠᠷ ᠮᠠᠯ ᠰᠦᠷᠦᠭ᠎ᠢ ᠭᠢᠵᠠᠭ᠋ᠠᠷᠯᠠᠨ᠂ ᠡᠪᠡᠰᠤ ᠪᠡᠯᠴᠢᠭᠡᠷ᠎ᠤᠨ ᠲᠠᠭ᠋ᠠᠭ᠋ᠠᠴᠠ᠎ᠠᠴᠠ ᠭᠡᠳᠦᠷᠡᠭᠦ ᠵᠢ ᠰᠡᠷᠭᠡᠶ᠋ᠢᠯᠡᠵᠤ᠂ ᠪᠡᠯᠴᠢᠭᠡᠷ ᠵᠶ᠋ᠠᠷ ᠮᠠᠯ ᠵᠶ᠋ᠠᠨ ᠲᠤᠠᠠᠳᠠᠭ᠋ᠠᠬᠤ ᠵᠢ ᠭᠡᠷᠡᠭᠵᠢᠭᠦᠯᠭᠦ ᠶᠠᠪᠤᠳᠠᠯ ᠪᠤᠯᠤᠨ᠎ᠠ᠃ ᠬᠤᠵᠢᠷᠯᠢᠬ ᠡᠪᠡᠰᠤ ᠪᠡᠯᠴᠢᠭᠡᠷ᠎ᠢ ᠵᠤᠭᠢᠰᠳᠠᠢ ᠠᠰᠢᠠᠠᠯᠠᠬᠤ ᠵᠢᠨ ᠲᠠᠭ᠋ᠠᠤ ᠠᠷᠭ᠎ᠠ ᠭᠡᠮᠵᠢᠶ᠎ᠠ ᠠᠪᠴᠤ ᠪᠠᠶ᠋ᠢᠭ᠋ᠠᠳ ᠬᠤᠵᠢᠷᠯᠢᠬ ᠡᠪᠡᠰᠤ ᠪᠡᠯᠴᠢᠭᠡᠷ᠎ᠢ ᠲᠦᠯᠦᠪᠯᠡᠭᠡ᠎ᠲᠠᠢ᠎ᠪᠠᠷ ᠪᠤᠶ᠋ᠢᠵᠢᠭᠤᠯᠵᠤ ᠪᠤᠯᠤᠨ᠎ᠠ᠃ ᠵᠢᠱ᠌ᠢᠶᠡᠯᠡᠪᠡᠯ 5~10 ᠳ᠋ᠤᠭ᠋ᠠᠷ ᠰᠠᠷ᠎ᠠ ᠪᠤᠯᠳᠠᠯᠠᠭᠢ ᠡᠪᠡᠰᠤ ᠪᠡᠯᠴᠢᠭᠡᠷ ᠤᠷᠭᠤᠬᠤ ᠬᠤᠭᠤᠴᠠᠭ᠋ᠠᠨ᠎ᠳᠤ ᠮᠠᠯ ᠤᠷᠤᠭᠤᠯᠬᠤ ᠵᠢ ᠵᠤᠠᠠᠰᠤᠭ᠋ᠠᠵᠤ᠂ ᠡᠭᠡᠯᠵᠢᠯᠡᠨ ᠮᠠᠯᠵᠢᠬᠤ᠂ ᠡᠭᠡᠯᠵᠢᠯᠡᠨ ᠬᠠᠳᠤᠬᠤ᠂ ᠰᠡᠯᠭᠦᠭᠦᠯᠭᠦ ᠲᠦᠷᠢᠮ ᠵᠶ᠋ᠠᠷ ᠪᠢᠳᠡᠭᠦᠮᠵᠢᠯᠡᠵᠤ ᠪᠤᠯᠤᠨ᠎ᠠ᠃ ④ ᠭᠢᠮᠢ ᠵᠢᠨ ᠰᠠᠶ᠋ᠢᠵᠢᠷᠠᠭᠤᠯᠤᠯᠳᠠ ᠵᠢᠨ ᠠᠷᠭ᠎ᠠ᠄ ᠡᠨᠡ ᠠᠷᠭ᠎ᠠ ᠪᠤᠯ ᠬᠤᠵᠢᠷᠰᠢᠠᠠᠰᠠᠨ ᠭᠠᠵᠠᠷ ᠲᠡᠭᠡᠷ᠎ᠡ ᠵᠤᠭ᠋ᠠᠩ ᠤᠷᠤᠭᠤᠯᠵᠤ ᠭᠦᠷᠤᠰᠤ ᠰᠢᠷᠤᠢ ᠵᠢ ᠰᠠᠶ᠋ᠢᠵᠢᠷᠠᠭᠤᠯᠬᠤ ᠵᠢ ᠭᠡᠯᠡᠵᠤ ᠪᠤᠢ᠃ ᠪᠤᠳᠠᠳᠠᠢ ᠭᠢᠭᠦ ᠠᠷᠭ᠎ᠠ᠎ᠨᠢ ᠭᠡᠪᠡᠯ ᠬᠤᠵᠢᠷᠰᠢᠠᠠᠰᠠᠨ ᠪᠡᠯᠴᠢᠭᠡᠷ᠎ᠲᠤ ᠵᠢᠯ ᠪᠦᠷᠢ ᠾᠧᠺᠲ᠋ᠠᠷ ᠨᠢᠭᠡᠪᠤᠷᠢ 1125kg ᠵᠤᠭ᠋ᠠᠩ ᠤᠷᠤᠭᠤᠯᠪᠠᠯ ᠭᠤᠷᠪᠡᠨ ᠵᠢᠯ᠎ᠤᠨ ᠲᠠᠷᠠᠭ᠎ᠠ ᠬᠤᠵᠢᠷᠰᠢᠠᠠᠰᠠᠨ ᠭᠡᠮᠵᠢᠶ᠎ᠠ᠎ᠨᠢ ᠢᠯᠡᠳᠳᠡ ᠪᠠᠭᠤᠷᠠᠬᠤ ᠪᠤᠯᠤᠨ᠎ᠠ᠃ ⑤ ᠠᠮᠢᠳᠤ ᠪᠤᠳᠠᠰ᠎ᠤᠨ ᠰᠠᠶ᠋ᠢᠵᠢᠷᠠᠭᠤᠯᠤᠯᠳᠠ ᠵᠢᠨ ᠠᠷᠭ᠎ᠠ᠄ ᠬᠤᠵᠢᠷᠰᠢᠠᠠᠰᠠᠨ ᠨᠤᠭᠤ ᠭᠠᠵᠠᠷ᠎ᠤᠨ ᠪᠡᠯᠴᠢᠭᠡᠷ ᠲᠡᠭᠡᠷ᠎ᠡ ᠭᠦᠷᠦᠰᠤ ᠵᠢ ᠤᠷᠪᠠᠭᠤᠯᠤᠨ ᠡᠪᠡᠰᠤ ᠲᠠᠷᠢᠵᠤ᠂ ᠲᠠᠷᠢᠮᠠᠯ ᠪᠠᠯᠴᠢᠭᠡᠷ ᠪᠠᠶ᠋ᠢᠭᠤᠯᠬᠤ ᠵᠢ ᠭᠡᠯᠡᠵᠤ ᠪᠤᠢ᠃ ᠢᠡᠭᠭᠢᠪᠡᠯ ᠨᠤᠭᠤᠭ᠋ᠠᠨ ᠪᠤᠷᠳᠤᠭᠤᠷᠳᠤ ᠡᠪᠡᠰᠤ ᠪᠡᠯᠴᠢᠭᠡᠷ᠂ ᠢᠠᠠᠴᠢ ᠰᠠᠬᠤᠯᠢᠬ ᠡᠰᠢ ᠨᠠᠪᠴᠢ ᠪᠦᠷᠭᠦᠭᠰᠡᠨ ᠭᠠᠵᠠᠷ᠎ᠲᠤ ᠭᠠᠵᠠᠷ᠎ᠤᠨ ᠭᠠᠳᠠᠷᠭᠤ ᠵᠢᠨ ᠤᠰᠤᠨ᠎ᠤ ᠠᠭᠤᠷᠰᠢᠯᠳᠡ ᠵᠢ ᠨᠠᠮᠳᠠᠭᠤᠯᠵᠤ᠂ ᠭᠦᠷᠦᠰᠤ ᠰᠢᠷᠤᠢ ᠵᠢᠨ ᠭᠡᠳᠡᠷᠭᠦ ᠬᠤᠵᠢᠷᠰᠢᠬᠤ ᠵᠢ ᠬᠤᠷᠢᠠᠠᠯᠠᠵᠤ᠂ ᠮᠤᠨᠳᠠᠭ ᠲᠤᠮᠤ ᠦᠨᠳᠤᠰᠤᠨ ᠰᠢᠰᠲ᠋ᠧᠮ᠎ᠳᠤ ᠶᠡᠭᠡ ᠭᠡᠮᠵᠢᠶ᠎ᠠ ᠵᠢᠨ ᠤᠰᠤ ᠵᠢ ᠰᠢᠮᠡᠳᠭᠡᠵᠤ᠂ ᠡᠰᠢ ᠨᠠᠪᠴᠢᠨ᠎ᠳᠤ ᠠᠭᠤᠷᠰᠢᠭᠤᠯᠤᠨ ᠭᠦᠷᠦᠰᠤᠨ ᠲᠤᠤᠷᠠᠭᠢ ᠤᠰᠤᠨ ᠲᠦᠪᠰᠢᠨ᠎ᠢ ᠲᠤᠷᠤᠠᠠᠰᠢᠯᠠᠭᠤᠯᠤᠭ᠋ᠠᠳ ᠲᠠᠪᠤᠰᠤ᠎ᠨᠢ ᠭᠠᠵᠠᠷ᠎ᠤᠨ ᠭᠠᠳᠠᠷᠭᠤ᠎ᠳᠤ ᠬᠤᠷᠠᠮᠳᠤᠬᠤ ᠵᠢ ᠪᠦᠳᠦᠮᠵᠢᠳᠡᠢ᠎ᠪᠠᠷ ᠰᠡᠷᠭᠡᠶ᠋ᠢᠯᠡᠵᠤ ᠴᠢᠳᠠᠳᠠᠭ᠃ ᠡᠭᠦᠨ ᠵᠶ᠋ᠠᠷ ᠲᠠᠮᠵᠢᠭᠤᠯᠤᠨ ᠭᠠᠵᠠᠷ᠎ᠤᠨ ᠭᠠᠳᠠᠷᠭᠤ᠎ᠳᠤ ᠲᠠᠪᠤᠰᠤᠨ ᠪᠦᠷᠢᠯᠳᠦᠭᠦᠨ ᠬᠤᠷᠠᠮᠳᠤᠬᠤ ᠵᠢ᠎ᠨᠢ ᠪᠦᠳᠦᠮᠵᠢᠳᠡᠢ᠎ᠪᠠᠷ ᠬᠤᠷᠢᠠᠠᠯᠠᠨ᠎ᠠ᠃ ᠦᠨᠳᠤᠰᠤ᠂ ᠡᠰᠢ᠂ ᠨᠠᠪᠴᠢ ᠵᠢ ᠭᠦᠷᠤᠰᠤ ᠰᠢᠷᠤᠢ᠎ᠳᠤ ᠤᠷᠪᠠᠭᠤᠯᠤᠨ ᠤᠷᠤᠭᠤᠯᠪᠠᠯ ᠤᠷᠭ᠋ᠠᠨᠢᠭ ᠪᠤᠳᠠᠰ᠎ᠤᠨ ᠠᠭᠤᠯᠤᠠᠠᠳᠠᠴᠠ ᠵᠢ ᠨᠡᠮᠡᠭᠳᠡᠭᠦᠯᠵᠤ᠂ ᠨᠤᠭᠤᠭ᠋ᠠᠨ ᠪᠠᠶᠡᠳᠤ ᠵᠢᠴᠢ ᠦᠨᠳᠤᠰᠤ᠎ᠨᠢ ᠮᠢᠺᠷᠤᠪ ᠵᠶ᠋ᠠᠷ ᠵᠠᠳᠠᠷᠠᠵᠤ᠂ ᠡᠯ᠎ᠠ ᠵᠦᠢ᠍ᠯ᠎ᠤᠨ ᠤᠷᠭ᠋ᠠᠨᠢᠭ ᠭᠦᠴᠢᠯ ᠪᠤᠢ ᠪᠤᠯᠵᠤ᠂ ᠭᠦᠷᠤᠰᠤ ᠰᠢᠷᠤᠢ ᠵᠢᠨ ᠬᠤᠵᠢᠷ᠎ᠤᠨ ᠭᠡᠮᠵᠢᠶ᠎ᠠ ᠵᠢ ᠰᠠᠭ᠋ᠠᠷᠮᠬᠠᠵᠢᠭᠤᠯᠬᠤ ᠦᠢ᠍ᠯᠡᠳᠦᠯ ᠦᠵᠡᠭᠦᠯᠵᠤ ᠴᠢᠳᠠᠨ᠎ᠠ᠃

     (7) ᠬᠤᠵᠢᠷ ᠲᠠᠪᠤᠰᠤᠯᠢᠭ ᠨᠤᠳᠤᠭ ᠪᠡᠯᠴᠢᠭᠡᠷ᠎ᠲᠤ ᠶᠠᠮᠠᠷ ᠲᠦᠷᠦᠯ᠎ᠤᠨ ᠡᠪᠡᠰᠤ ᠤᠷᠭᠤᠮᠠᠯ ᠲᠠᠷᠢᠪᠠᠯ ᠲᠤᠭᠢᠷᠠᠬᠤ ᠪᠤᠢ?

      ᠬᠤᠵᠢᠷᠰᠢᠠᠠᠰᠠᠨ ᠪᠡᠯᠴᠢᠭᠡᠷ᠎ᠢ ᠰᠠᠶ᠋ᠢᠵᠢᠷᠠᠭᠤᠯᠬᠤ᠎ᠳᠤ ᠲᠠᠷᠢᠬᠤ ᠡᠪᠡᠰᠤᠨ ᠲᠦᠷᠦᠯ ᠭᠡᠪᠡᠯ ᠭᠤᠤᠯ᠎ᠨᠢ ᠬᠤᠵᠢᠷᠰᠠᠭ ᠦᠯᠦᠩ᠂ ᠰᠢᠪᠠᠭᠤᠨ ᠲᠠᠷᠢᠶ᠎ᠠ᠂ ᠦᠶᠡᠳᠤ ᠦᠯᠦᠩ᠂ ᠵᠡᠷᠯᠢᠭ ᠬᠠᠷ᠎ᠠ ᠪᠤᠭᠤᠳᠠᠢ᠂ ᠰᠢᠷ᠎ᠠ ᠭᠢᠶᠠᠭ᠂ ᠭᠦᠴᠢᠩᠭᠢ᠂ ᠪᠤᠷᠤ ᠴᠠᠷᠭ᠋ᠠᠰᠤ᠂ ᠴᠠᠭᠢᠯᠳᠠᠭ᠂ ᠤᠰᠤᠨ ᠬᠤᠨᠤᠭ᠂ ᠰᠤᠬᠠᠢ᠂ ᠵᠢᠭᠳᠡ᠂ ᠵᠠᠭ ᠵᠡᠷᠭᠡ ᠡᠪᠡᠰᠤ ᠪᠤᠯᠤᠨ ᠪᠤᠳᠠ ᠮᠤᠳᠤ᠂ ᠲᠤᠷᠤᠭ ᠮᠤᠳᠤ ᠪᠤᠢ᠃ ᠡᠭᠦᠨ᠎ᠳᠤ ᠬᠤᠵᠢᠷᠰᠠᠭ ᠦᠯᠦᠩ᠂ ᠰᠢᠪᠠᠭᠤᠨ ᠲᠠᠷᠢᠶ᠎ᠠ ᠪᠤᠯ ᠭᠦᠨᠳᠤ ᠨᠤᠴᠢᠳᠠᠢ ᠬᠤᠵᠢᠷᠰᠢᠠᠠᠰᠠᠨ ᠪᠡᠯᠴᠢᠭᠡᠷ᠎ᠢ ᠰᠠᠶ᠋ᠢᠵᠢᠷᠠᠭᠤᠯᠬᠤ᠎ᠳᠤ ᠬᠠᠮᠤᠭ᠎ᠤᠨ ᠲᠦᠷᠦᠭᠦᠨ᠎ᠳᠤ ᠰᠤᠩᠭᠤᠬᠤ ᠡᠪᠡᠰᠤᠨ ᠲᠦᠷᠦᠯ ᠪᠤᠯᠤᠨ᠎ᠠ᠃ ᠲᠠᠷᠠᠭ᠋ᠠᠯᠠᠪᠠᠯ ᠦᠶᠡᠳᠤ ᠦᠯᠦᠩ᠂ ᠵᠡᠷᠯᠢᠭ ᠬᠠᠷ᠎ᠠ ᠪᠤᠭᠤᠳᠠᠢ ᠪᠤᠯᠤᠨ᠎ᠠ᠃ ᠲᠤᠮᠳᠠ ᠲᠠᠰ ᠪᠤᠶᠤ ᠭᠦᠡᠭᠭᠡᠨ ᠲᠠᠰ᠎ᠤᠨ ᠬᠤᠵᠢᠷᠳᠤᠠᠠᠰᠠᠨ ᠪᠡᠯᠴᠢᠭᠡᠷ᠎ᠲᠤ ᠰᠢᠷ᠎ᠠ ᠭᠢᠶᠠᠭ᠂ ᠭᠦᠭᠡ ᠡᠪᠡᠰᠤ᠂ ᠭᠦᠴᠢᠩᠭᠢ᠂ ᠪᠤᠷᠤ ᠴᠠᠷᠭ᠋ᠠᠰᠤ᠂ ᠴᠠᠭᠢᠯᠳᠠᠭ ᠵᠡᠷᠭᠡ ᠵᠢ ᠰᠤᠩᠭᠤᠨ᠎ᠠ᠃

     (8) ᠬᠤᠵᠢᠷᠰᠢᠭᠰᠠᠠ ᠪᠡᠯᠴᠢᠭᠡᠷ᠎ᠲᠤ ᠶᠠᠭ᠋ᠠᠭᠢᠵᠤ ᠡᠪᠡᠰᠤ ᠳᠠᠷᠢᠬᠤ ᠪᠤᠢ?

      ᠬᠤᠵᠢᠷᠰᠢᠠᠠᠰᠠᠨ ᠪᠡᠯᠴᠢᠭᠡᠷ ᠲᠡᠭᠡᠷ᠎ᠡ ᠬᠤᠵᠢᠷᠳᠤᠯ᠎ᠳᠤ ᠲᠠᠰᠪᠤᠷᠢᠳᠡᠢ ᠡᠪᠡᠰᠤ ᠲᠠᠷᠢᠬᠤ᠎ᠳᠠᠭᠠᠨ ᠭᠤᠤᠴᠢᠯᠠᠵᠤ ᠲᠡᠯᠡᠩ ᠪᠤᠰᠬᠠᠬᠤ᠂ ᠭᠦᠨ ᠭᠤᠤᠴᠢᠯᠠᠵᠤ᠂ ᠵᠤᠷᠠᠭ᠋ᠠᠯᠠᠨ ᠲᠠᠷᠢᠬᠤ᠂ ᠭᠦᠨ ᠭᠤᠤᠴᠢᠯᠠᠵᠤ ᠰᠠᠭᠤᠯᠭ᠋ᠠᠨ ᠲᠠᠷᠢᠬᠤ ᠵᠡᠷᠭᠡ ᠠᠳᠠᠯᠢ ᠪᠤᠰᠤ ᠭᠡᠯᠪᠡᠷᠢ ᠵᠢᠨ ᠲᠠᠷᠢᠬᠤ ᠠᠷᠭ᠎ᠠ ᠵᠢ ᠭᠡᠷᠡᠭᠯᠡᠳᠡᠭ᠃ ᠭᠤᠤ ᠭᠠᠷᠭ᠋ᠠᠵᠤ ᠲᠠᠯᠠᠩ ᠪᠤᠰᠬᠠᠬᠤ ᠵᠢᠨ ᠭᠤᠤᠯ ᠦᠢ᠍ᠯᠡᠳᠦᠯ᠎ᠨᠢ ᠭᠡᠪᠡᠯ ᠭᠠᠵᠠᠷ᠎ᠤᠨ ᠭᠠᠳᠠᠷᠭᠤ ᠵᠢ ᠬᠤᠳᠤᠭᠤᠷ ᠭᠦᠳᠦᠭᠦᠷ ᠪᠤᠯᠭ᠋ᠠᠵᠤ᠂ ᠭᠦᠷᠦᠰᠤᠨ᠎ᠳᠠᠬᠢ ᠲᠠᠪᠤᠰᠤᠨ᠎ᠤ ᠪᠦᠷᠢᠯᠳᠦᠭᠦᠨ᠎ᠤ ᠲᠠᠷᠬᠠᠬᠤ ᠵᠢ ᠦᠭᠡᠷᠡᠴᠢᠯᠡᠵᠤ᠂ ᠲᠠᠪᠤᠰᠤ ᠵᠢ ᠤᠭᠢᠶᠠᠬᠤ ᠦᠷ᠎ᠠ ᠪᠦᠳᠦᠭᠡᠯ᠎ᠢ ᠨᠡᠮᠡᠭᠳᠡᠭᠦᠯᠵᠤ᠂ ᠭᠡᠳᠡᠷᠭᠦ ᠬᠤᠵᠢᠷᠰᠢᠬᠤ ᠵᠢ ᠬᠤᠷᠢᠠᠠᠯᠠᠵᠤ᠂ ᠬᠤᠵᠢᠷᠳᠤᠯ᠎ᠤᠨ ᠭᠦᠨᠦᠭᠡᠯ᠎ᠢ ᠪᠠᠭ᠋ᠠᠰᠬᠠᠬᠤ ᠦᠢ᠍ᠯᠡᠳᠦᠯ ᠦᠵᠡᠭᠦᠯᠳᠡᠭ᠃ ᠪᠤᠳᠠᠳᠠᠢ ᠠᠷᠭ᠎ᠠ ᠭᠡᠮᠵᠢᠶ᠎ᠠ᠎ᠨᠢ ᠭᠡᠪᠡᠯ ᠬᠤᠵᠢᠷᠰᠢᠠᠠᠰᠠᠨ ᠭᠠᠵᠠᠷ᠎ᠤᠨ ᠨᠦᠭᠦᠴᠡᠯ᠎ᠢ ᠦᠨᠳᠤᠰᠦᠯᠡᠵᠤ᠂ ᠲᠤᠬᠠᠢ ᠵᠢᠨ ᠭᠠᠵᠠᠷ᠎ᠤᠨ ᠪᠠᠶ᠋ᠢᠳᠠᠯ᠎ᠳᠤ ᠲᠤᠭᠢᠷᠠᠭᠤᠯᠤᠨ᠂ ᠠᠳᠠᠯᠢ ᠪᠤᠰᠤ ᠭᠡᠮᠵᠢᠶᠠᠨ᠎ᠤ ᠭᠤᠤ ᠲᠠᠯᠠᠩ ᠭᠠᠷᠭ᠋ᠠᠨ᠎ᠠ᠃ ᠶᠠᠷᠤ ᠵᠢᠨ ᠪᠠᠶ᠋ᠢᠳᠠᠯ ᠲᠤᠤᠷ᠎ᠡ ᠭᠤᠤ ᠵᠢᠨ ᠦᠷᠭᠡᠨ᠎ᠢ 0.5~1.0m᠂ ᠲᠠᠯᠠᠩ᠎ᠤᠨ ᠦᠷᠭᠡᠨ᠎ᠢ 0.5~1. 0m᠂ ᠦᠨᠳᠤᠷ᠎ᠤᠨ ᠭᠡᠮᠵᠢᠶ᠎ᠠ ᠵᠢ 0.4~0.6m ᠪᠠᠶ᠋ᠢᠯᠭ᠋ᠠᠵᠤ᠂ ᠲᠡᠯᠡᠩ ᠪᠤᠯᠤᠨ ᠭᠤᠤ᠎ᠳᠤ ᠵᠤᠷᠠᠭ᠋ᠠᠯᠠᠨ ᠲᠠᠷᠢᠬᠤ ᠪᠠ ᠰᠠᠭᠤᠯᠭ᠋ᠠᠨ ᠲᠠᠷᠢᠵᠤ᠂ ᠶᠠᠷᠦᠩᠭᠡᠢ᠎ᠳᠡᠭᠡᠨ ᠲᠠᠷᠢᠵᠤ ᠰᠠᠭᠤᠯᠭ᠋ᠠᠬᠤ ᠭᠦᠨ᠎ᠢ 3~5cm ᠵᠶ᠋ᠠᠷ ᠡᠵᠡᠮᠰᠢᠨ᠎ᠠ᠃


     (ᠢᠷᠡᠯᠲᠡ᠄ ᠪᠦᠷᠢᠨᠪᠠᠶᠠᠷ᠂ ᠮᠦᠩᠬᠡᠪᠠᠭ᠋ᠠᠲᠤᠷ᠂ ᠬᠤᠩ ᠮᠧᠢ ᠨᠠᠷ᠎ᠤᠨ ᠨᠠᠶ᠋ᠢᠷᠠᠭᠤᠯᠤᠭᠰᠠᠨ 《ᠮᠠᠯᠵᠢᠯ᠎ᠤᠨ ᠮᠡᠳᠡᠯᠭᠡ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)
 

ᠢᠷᠡᠯᠲᠡ᠄ 《ᠮᠠᠯᠵᠢᠯ᠎ᠤᠨ ᠮᠡᠳᠡᠯᠭᠡ ᠮᠡᠷᠭᠡᠵᠢᠯ》
          
ᠬᠠᠮᠢᠶ᠎ᠡ ᠪᠦᠬᠦᠢ ᠰᠣᠨᠢᠨ
ᠵᠢᠮᠢᠰ᠎ᠤᠨ ᠮᠤᠳᠤᠨ᠎ᠤ ᠲᠠᠷᠢᠶᠠᠨ ᠡᠮ᠎ᠤᠨ ᠬᠤᠣᠷᠳᠡᠯ᠎ᠢ ᠬᠡᠷᠬᠢᠨ ᠠᠷᠢᠯᠭ᠋ᠠᠬᠤ ᠪᠣᠢ
ᠰᠢᠷ᠎ᠠ ᠬᠠᠪᠲᠠᠰᠤ ᠵᠢ ᠠᠰᠢᠭᠯᠠᠨ ᠬᠦᠨᠦᠭᠡᠯᠲᠦ ᠰᠢᠪᠡᠵᠢ ᠵᠢ ᠬᠡᠷᠬᠢᠨ ᠦᠳᠦᠭᠡᠨ ᠠᠯᠠᠬᠤ ᠪᠣᠢ
ᠲᠠᠯ᠎ᠠ ᠨᠤᠳᠤᠭ᠎ᠲᠤ ᠡᠪᠡᠰᠤ ᠮᠤᠳᠤ ᠶᠡᠭᠡ᠎ᠪᠠᠷ ᠲᠠᠷᠢᠪᠡᠯ᠂ ᠨᠤᠳᠤᠭ ᠪᠡᠯᠴᠢᠭᠡᠷ᠎ᠤᠨ ᠲᠠᠴᠢᠷᠳᠠᠯ᠎ᠢ ᠵᠤᠠᠠᠰᠤᠭ᠋ᠠᠵᠤ ᠲᠠᠶ᠋ᠢᠯᠦᠨ᠎ᠠ ᠤᠤ?
ᠲᠦᠢ᠍ᠮᠡᠷ᠎ᠢ ᠰᠡᠷᠬᠡᠶ᠋ᠢᠯᠡᠬᠦ ᠶᠡᠷᠤ ᠵᠢᠨ ᠮᠡᠳᠡᠴᠡ
ᠵᠠᠷᠢᠮ ᠭᠠᠵᠠᠷ ᠤᠷᠤᠨ᠎ᠤ ᠳᠤᠷᠠᠳᠤᠭᠰᠠᠨ ᠤᠢ ᠰᠢᠭᠤᠢ ᠵᠢᠨ ᠳᠠᠷᠤᠭ᠎ᠠ ᠵᠢᠨ ᠳᠦᠷᠢᠮ᠎ᠤᠨ 《ᠭᠤᠷᠪᠠ ᠵᠢ ᠪᠠᠲᠤᠯᠠᠬᠤ᠂ ᠭᠤᠷᠪᠠ ᠵᠢ ᠨᠡᠮᠡᠭᠳᠡᠭᠦᠯᠬᠦ᠂ ᠭᠤᠷᠪᠠ ᠵᠢ ᠰᠡᠷᠭᠡᠶ᠋ᠢᠯᠡᠬᠦ》 ᠭᠡᠳᠡᠭ᠎ᠨᠢ ᠶᠠᠭᠤ ᠵᠢ ᠵᠢᠭ᠋ᠠᠵᠤ ᠪᠠᠶ᠋ᠢᠬᠤ ᠪᠤᠢ?
 
             蒙ICP备05000248号