ᠵᠢᠮᠢᠰ᠎ᠤᠨ ᠮᠤᠳᠤᠨ᠎ᠤ ᠲᠠᠷᠢᠶᠠᠨ ᠡᠮ᠎ᠤᠨ ᠬᠤᠣᠷᠳᠡᠯᠢ ᠪᠠᠴᠢᠮ ᠬᠤᠣᠷᠳᠡᠯ ᠪᠠ ᠤᠵᠢᠭ ᠬᠤᠣᠷᠳᠠᠯ ᠭᠡᠵᠦ ᠬᠤᠶᠠᠷ ᠵᠦᠢ᠍ᠯ᠎ᠤᠨ ᠬᠤᠪᠢᠶᠠᠳᠠᠭ᠃ ᠲᠠᠷᠢᠶᠠᠨ ᠡᠮ᠎ᠤᠨ ᠪᠠᠴᠢᠮ ᠬᠤᠣᠷᠳᠠᠯ᠎ᠨᠢ ᠡᠮ ᠰᠦᠷᠴᠢᠭᠰᠡᠨ ᠬᠤᠶ᠋ᠢᠨ᠎ᠠ ᠬᠡᠳᠦᠨ ᠴᠠᠭ᠎ᠠᠴᠠ ᠬᠡᠳᠦᠬᠡᠨ ᠡᠳᠦᠷ᠎ᠤᠨ ᠳᠣᠲᠤᠷ᠎ᠠ ᠮᠡᠳᠡᠭᠳᠡᠳᠡᠭ᠂ ᠵᠢᠱ᠌ᠢᠶᠡᠯᠡᠪᠡᠯ ᠨᠠᠪᠴᠢ (ᠵᠢᠮᠢᠰ)᠎ᠨᠢ ᠲᠤᠯᠪᠤᠳᠤᠬᠤ᠂ ᠰᠢᠷᠠᠯᠠᠬᠤ᠂ ᠦᠬᠦᠰᠢᠷᠡᠬᠦ᠂ ᠨᠠᠪᠴᠢ᠎ᠨᠢ ᠬᠤᠮᠪᠤᠶ᠋ᠢᠬᠤ᠂ ᠨᠠᠪᠴᠢ᠎ᠨᠢ ᠵᠤᠯᠭ᠋ᠠᠷᠠᠬᠤ᠂ ᠵᠢᠮᠢᠰ᠎ᠨᠢ ᠤᠨᠠᠬᠤ ᠵᠡᠷᠭᠡ᠃ ᠲᠠᠷᠢᠶᠠᠨ ᠡᠮ᠎ᠤᠨ ᠤᠵᠢᠭ ᠬᠤᠣᠷᠳᠠᠯ᠎ᠨᠢ ᠨᠠᠯᠢᠶᠡᠳ ᠤᠷᠲᠦ ᠬᠤᠭᠤᠴᠠᠭ᠎ᠠ ᠪᠣᠯᠤᠭᠰᠠᠨ᠎ᠤ ᠳᠠᠷᠠᠭ᠎ᠠ ᠰᠠᠶᠢ ᠢᠯᠡᠷᠡᠳᠡᠭ᠂ ᠵᠢᠱ᠌ᠢᠶᠡᠯᠡᠪᠡᠯ ᠭᠡᠷᠡᠯ ᠨᠡᠶ᠋ᠢᠯᠡᠯᠭᠡ ᠵᠢᠨ ᠦᠢ᠍ᠯᠡᠴᠢᠯᠡᠯᠨᠢ ᠪᠠᠭᠤᠷᠠᠵᠤ᠂ ᠴᠡᠴᠡᠭ᠎ᠤᠨ ᠨᠠᠬᠢᠶ᠎ᠠ ᠵᠢᠨ ᠪᠦᠷᠢᠯᠳᠦᠬᠦ ᠪᠠ ᠵᠢᠮᠢᠰ ᠪᠣᠯᠪᠠᠰᠤᠷᠠᠬᠤ᠎ᠨᠢ ᠤᠳᠠᠭ᠋ᠠᠰᠢᠷᠠᠵᠤ᠂ ᠪᠣᠭᠤᠨᠢᠰᠴᠤ ᠵᠡᠷᠡᠮᠳᠡᠭ ᠪᠣᠯᠬᠤ᠂ ᠠᠮᠲᠠ ᠦᠩᠭᠡ᠎ᠨᠢ ᠠᠨᠠᠢ ᠪᠣᠯᠬᠤ ᠵᠡᠷᠭᠡ᠃ ᠵᠢᠮᠢᠰ᠎ᠤᠨ ᠮᠣᠳᠤ ᠬᠤᠣᠷᠳᠠᠯ᠎ᠳᠤ ᠤᠴᠠᠷᠠᠭᠰᠠᠨᠢ ᠮᠡᠳᠡᠪᠡᠯ᠂ ᠳᠤᠤᠷᠠᠬᠢ ᠠᠷᠭ᠎ᠠ᠎ᠪᠠᠷ ᠠᠪᠤᠷᠠᠯᠲᠠ ᠬᠢᠨ᠎ᠡ᠃
1.6000 ᠳᠠᠬᠢᠨ᠎ᠤ ᠳᠡᠭᠡᠲᠦ ᠮᠠᠩᠭ᠋ᠠᠨ ᠬᠦᠴᠢᠯ᠎ᠤᠨ ᠺᠠᠯᠢ ᠵᠢᠨ ᠠᠭᠤᠰᠤᠮᠠᠯ (高锰酸钾溶 液)᠎ᠢ ᠰᠦᠷᠴᠢᠨ ᠣᠷᠤᠭᠤᠯᠤᠨ᠎ᠠ᠃ ᠳᠡᠭᠡᠳᠦ ᠮᠠᠩᠭ᠋ᠠᠨ ᠬᠦᠴᠢᠯ᠎ᠤᠨ ᠺᠠᠯᠢ ᠪᠣᠯ ᠨᠢᠭᠡ ᠵᠦᠢ᠍ᠯ᠎ᠤᠨ ᠴᠢᠩᠭ᠎ᠠ ᠢᠰᠦᠯᠳᠦᠭᠦᠯᠦᠭᠴᠢ ᠡᠳ᠋ (氧化剂) ᠶᠤᠮ᠃ ᠣᠯᠠᠩᠬᠢ ᠬᠢᠮᠢ ᠵᠢᠨ ᠪᠣᠳᠠᠰ᠎ᠢ ᠴᠦᠮ ᠢᠰᠦᠯᠳᠦᠭᠦᠯᠦᠨ ᠵᠠᠳᠠᠷᠠᠭᠤᠯᠬᠤ ᠦᠢ᠍ᠯᠡᠳᠦᠯ᠎ᠲᠠᠢ ᠪᠠᠶ᠋ᠢᠳᠠᠭ᠃
2. ᠶᠡᠭᠡ ᠬᠡᠮᠵᠢᠶᠡᠨ᠎ᠤ ᠴᠡᠪᠡᠷ ᠤᠰᠤ᠎ᠪᠠᠷ ᠠᠬᠢᠨ ᠳᠠᠬᠢᠨ ᠰᠦᠷᠴᠢᠨ ᠤᠬᠢᠶᠠᠨ᠎ᠠ᠃ ᠣᠯᠠᠩᠬᠢ ᠬᠢᠮᠢ ᠵᠢᠨ ᠡᠮ ᠨᠢ ᠬᠢᠯᠪᠡᠷ ᠤᠬᠢᠶᠠᠭᠳᠠᠨ ᠭᠠᠷᠴᠢᠬᠠᠳᠠᠭ᠂ ᠬᠡᠷᠪᠡ ᠡᠮ᠎ᠤᠨ ᠦᠳᠭᠡᠴᠡ᠎ᠨᠢ ᠬᠡᠳᠦ ᠶᠡᠭᠡ ᠪᠣᠯᠣᠭᠰᠠᠨ᠎ᠠᠴᠠ ᠡᠮ᠎ᠤᠨ ᠬᠤᠣᠷᠳᠠᠯ ᠡᠭᠦᠰᠦᠭᠰᠡᠨ ᠪᠣᠯ ᠮᠠᠨᠠᠨ ᠰᠦᠷᠴᠢᠭᠦᠷ ᠮᠠᠰᠢᠨ᠎ᠳᠠᠭᠠᠨ ᠳᠦᠭᠦᠷᠲᠡᠯ᠎ᠡ ᠤᠰᠤ ᠬᠢᠭᠡᠳ ᠵᠢᠮᠢᠰ᠎ᠤᠨ ᠮᠣᠳᠤᠨ᠎ᠤ ᠨᠠᠪᠴᠢᠨ᠎ᠤ ᠢᠯᠳᠠᠰᠤᠨ ᠳᠡᠭᠡᠷ᠎ᠡ᠎ᠨᠢ ᠠᠬᠢᠨ ᠳᠠᠬᠢᠨ ᠰᠦᠷᠴᠢᠪᠡᠯ ᠨᠠᠪᠴᠢᠨ᠎ᠤ ᠢᠯᠳᠡᠰᠦᠨ ᠳᠡᠭᠡᠷᠡᠬᠢ ᠲᠠᠷᠢᠶᠠᠨ ᠡᠮ᠎ᠨᠢ ᠬᠢᠯᠪᠡᠷᠬᠠᠨ ᠤᠬᠢᠶᠠᠭᠳᠠᠨ ᠤᠨᠠᠴᠢᠬᠠᠳᠠᠭ ᠶᠤᠮ᠃
3. ᠠᠳᠠᠯᠢ ᠲᠦᠷᠦᠯ᠎ᠤᠨ ᠲᠠᠷᠢᠶᠠᠨ ᠡᠮ ᠬᠡᠷᠡᠭᠯᠡᠬᠦ᠎ᠪᠠᠨ ᠵᠤᠭᠰᠤᠨ᠎ᠠ᠃ ᠲᠠᠷᠢᠶᠠᠨ ᠡᠮ᠎ᠤᠨ ᠬᠤᠣᠷᠳᠠᠯ᠎ᠨᠢ ᠠᠷᠢᠯᠬᠤ᠎ᠠᠴᠠ ᠡᠮᠦᠨ᠎ᠡ᠂ ᠲᠠᠷᠢᠶᠠᠨ ᠡᠮ᠎ᠢ ᠪᠠᠭ᠎ᠠ ᠬᠡᠷᠡᠭᠯᠡᠬᠦ ᠪᠤᠶᠤ ᠬᠡᠷᠡᠭᠯᠡᠬᠦ᠎ᠪᠠᠨ ᠲᠦᠷ ᠵᠣᠭᠰᠤᠬᠤ ᠬᠡᠷᠡᠭᠲᠡᠢ᠃ ᠣᠨᠴᠠᠭ᠋ᠠᠶ᠋ᠢᠯᠠᠨ ᠠᠳᠠᠯᠢ ᠲᠦᠷᠦᠯ᠎ᠤᠨ ᠲᠠᠷᠢᠶᠠᠨ ᠡᠮ᠎ᠢ ᠠᠷᠪᠢᠨᠲᠠ ᠰᠦᠷᠴᠢᠪᠡᠯ᠂ ᠲᠠᠷᠢᠶᠠᠨ ᠡᠮ᠎ᠤᠨ ᠬᠤᠣᠷᠳᠠᠯ ᠨᠡᠮᠡᠭᠳᠡᠳᠡᠭ ᠲᠤᠯᠠ ᠵᠠᠶ᠋ᠢᠯᠠᠰᠬᠢᠪᠡᠯ ᠵᠤᠬᠢᠨ᠎ᠠ᠃
4. ᠨᠠᠪᠴᠢᠨ᠎ᠤ ᠪᠣᠷᠳᠤᠭᠤᠷ ᠣᠷᠤᠭᠤᠯᠤᠨ᠎ᠠ᠃ ᠵᠢᠮᠢᠰ᠎ᠤᠨ ᠮᠣᠳᠣ ᠬᠤᠣᠷᠳᠠᠯ ᠡᠭᠦᠰᠪᠡᠯ ᠤᠰᠤ ᠨᠦᠬᠦᠪᠦᠷᠢᠯᠡᠬᠦ ᠲᠠᠢ᠎ᠪᠠᠨ ᠤᠶᠠᠯᠳᠤᠭᠤᠯᠤᠨ ᠲᠦᠷᠭᠡᠨ ᠦᠢ᠍ᠯᠡᠳᠦᠯᠲᠦ ᠬᠢᠮᠢ ᠵᠢᠨ ᠪᠣᠷᠳᠤᠭᠤᠷ (速效化肥) ᠣᠷᠤᠭᠤᠯᠬᠤ ᠵᠢᠨ ᠬᠠᠮᠲᠦ ᠲᠠᠩᠨᠠᠵᠤ ᠰᠢᠷᠤᠢ ᠵᠢ᠎ᠨᠢ ᠰᠤᠯᠠᠷᠠᠭᠤᠯᠪᠠᠯ ᠵᠢᠮᠢᠰ᠎ᠤᠨ ᠮᠤᠳᠤᠨ᠎ᠤ ᠬᠡᠪ᠎ᠤᠨ ᠤᠷᠭᠤᠯᠲᠠ ᠵᠢ ᠠᠬᠢᠭᠤᠯᠵᠤ ᠴᠢᠳᠠᠨ᠎ᠠ᠃ ᠡᠭᠦᠨ᠎ᠤ ᠬᠠᠮᠲᠦ ᠨᠠᠪᠴᠢᠨ᠎ᠳᠤᠨᠢ 0.3% ~ 0.5% ᠵᠢᠨ ᠰᠢᠭᠡᠰᠦᠯᠢᠭ ᠡᠳ᠋ (尿素)᠂ 0.2% ~ 0.3% ᠵᠢᠨ ᠹᠣᠰᠹᠣᠷ ᠬᠦᠴᠢᠯ᠎ᠤᠨ ᠤᠰᠤᠳᠦᠷᠦᠭᠴᠢ᠎ᠲᠦ ᠬᠤᠶᠠᠷ ᠺᠠᠯᠢ (磷酸 二氢钾) ᠵᠢ ᠰᠦᠷᠴᠢᠪᠡᠯ ᠵᠢᠮᠢᠰ᠎ᠤᠨ ᠮᠣᠳᠤᠨ᠎ᠤ ᠰᠢᠮ᠎ᠡ ᠲᠡᠵᠢᠭᠡᠯ᠎ᠤᠨ ᠪᠠᠶ᠋ᠢᠳᠠᠯ᠎ᠢ ᠰᠠᠶ᠋ᠢᠵᠢᠷᠠᠭᠤᠯᠵᠤ᠂ ᠦᠨᠳᠦᠰᠦᠨ᠎ᠤ ᠰᠢᠰᠲ᠋ᠧᠮ᠎ᠤᠨ ᠰᠢᠩᠭᠡᠭᠡᠬᠦ ᠴᠢᠳᠠᠪᠦᠷᠢ ᠵᠢᠨ ᠳᠡᠭᠡᠭᠰᠢᠯᠡᠭᠦᠯᠦᠨ᠎ᠡ᠃
(ᠢᠷᠡᠯᠲᠡ᠄ ᠭᠡᠭᠡᠨᠬᠠᠰ᠎ᠤᠨ ᠨᠠᠶ᠋ᠢᠷᠠᠭᠤᠯᠤᠭᠰᠠᠨ 《ᠲᠠᠷᠢᠶᠠᠨ ᠡᠮ ᠬᠡᠷᠡᠭᠯᠡᠬᠦ ᠠᠰᠠᠭᠤᠯᠲᠠ ᠬᠠᠷᠢᠭᠤᠯᠲᠠ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)