ᠮᠣᠳᠣᠨ᠎ᠤ ᠲᠦᠷᠦᠯ᠄ ᠤᠯᠠᠭ᠋ᠠᠨ ᠠᠯᠮᠤᠷᠠᠳ
ᠰᠢᠨᠵᠢᠯᠡᠭᠡᠨ᠎ᠤ ᠨᠡᠷ᠎ᠡ᠄ Malus pumila ‘Xianhong’
ᠲᠦᠷᠦᠯ ᠵᠦᠢ᠍ᠯ᠄ ᠰᠢᠯᠢᠳᠡᠭ ᠡᠭᠦᠯᠳᠡᠷ
ᠪᠠᠲᠤᠯᠠᠭᠰᠠᠨ ᠬᠡᠯᠪᠡᠷᠢ᠄ ᠬᠢᠨᠠᠨ ᠲᠤᠭᠲᠠᠭ᠋ᠠᠯᠳᠠ
ᠡᠭᠦᠯᠳᠡᠷ᠎ᠤᠨ ᠳ᠋ᠤᠭ᠋ᠠᠷᠯᠠᠯ᠄ S-SC-MP-001-2021
ᠭᠤᠶᠤᠴᠢᠯᠠᠭᠴᠢ᠄ ᠤᠯᠠᠭ᠋ᠠᠨᠬᠠᠳᠠ ᠵᠢᠨ ᠦᠵᠡᠰᠭᠦᠯᠡᠩᠲᠦ ᠰᠢᠷᠠᠮᠦ᠋ᠷᠡᠨ ᠲᠠᠷᠢᠶᠠᠯᠠᠩ ᠣᠶ ᠰᠢᠭᠤᠶ ᠵᠢᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠬᠥᠭᠵᠢᠯᠲᠡ ᠵᠢᠨ ᠬᠢᠵᠠᠭ᠋ᠠᠷᠲᠤ ᠺᠣᠮᠫᠠᠨᠢ

ᠡᠭᠦᠯᠳᠡᠷ᠎ᠤᠨ ᠣᠨᠴᠠᠯᠢᠭ
ᠵᠢᠮᠢᠰ᠎ᠨᠢ ᠬᠠᠪᠲᠠᠭ᠋ᠠᠶ ᠬᠡᠯᠪᠡᠷᠢᠲᠡᠶ᠂ ᠪᠤᠯᠪᠠᠰᠤᠷᠠᠭᠰᠠᠨ ᠦᠶ᠎ᠡ᠎ᠳᠡᠭᠡᠨ ᠬᠤᠷᠴᠠ ᠤᠯᠠᠭ᠋ᠠᠨ ᠥᠩᠭᠡᠲᠡᠶ᠂ ᠵᠢᠮᠢᠰ᠎ᠤᠨ ᠮᠢᠬᠠᠨ᠎ᠳᠤᠨᠢ ᠤᠯᠠᠭ᠋ᠠᠨ ᠰᠤᠳᠠᠰᠤ᠎ᠲᠠᠢ᠂ ᠵᠢᠮᠢᠰ᠎ᠤᠨ ᠤᠷᠭᠤᠯᠲᠠ ᠵᠢᠨ ᠬᠤᠭᠤᠴᠠᠭ᠎ᠠ᠎ᠨᠢ 96 ᠡᠳᠦᠷ᠂ ᠤᠰᠤᠯᠢᠭ ᠮᠦᠷᠳᠡᠭᠡᠨ ᠰᠢᠮ᠎ᠡ ᠲᠡᠵᠢᠭᠡᠯ ᠵᠶ᠋ᠡᠷ ᠡᠯᠪᠡᠭ᠂ ᠺᠠᠯᠼ᠎ᠤᠨ ᠠᠭᠤᠯᠤᠭᠳᠠᠴᠠ 64.8mg/kg᠂ ᠲᠡᠮᠦᠷ᠎ᠤᠨ ᠠᠭᠤᠯᠤᠭᠳᠠᠴᠠ 2.47mg/kg᠂ ᠺᠠᠯᠢ ᠵᠢᠨ ᠠᠭᠤᠯᠤᠭᠳᠠᠴᠠ 763mg/Kg᠂ ᠮᠠᠭᠨᠢ ᠵᠢᠨ ᠠᠭᠤᠯᠤᠭᠳᠠᠴᠠ 46.25mg/Kg᠂ ᠠᠽᠣᠲ᠎ᠤᠨ ᠠᠭᠤᠯᠤᠭᠳᠠᠴᠠ 0.04%᠂ ᠤᠭᠤᠷᠠᠭ᠎ᠤᠨ ᠠᠭᠤᠯᠤᠭᠳᠠᠴᠠ 0.24g/100g᠂ ᠸᠢᠲ᠋ᠠᠮᠢᠨ C ᠵᠢᠨ ᠠᠭᠤᠯᠤᠭᠳᠠᠴᠠ 8.33mg/100g᠂ ᠠᠭᠤᠰᠤᠮᠠᠯ ᠴᠢᠨᠠᠷᠲᠠᠶ ᠰᠢᠬᠢᠷ᠎ᠤᠨ ᠠᠭᠤᠯᠤᠭᠳᠠᠴᠠ 13%᠂ ᠲᠤᠰᠤᠭ᠋ᠠᠮᠠᠯ ᠬᠦᠴᠢᠯ᠎ᠤᠨ ᠠᠭᠤᠯᠤᠭᠳᠠᠴᠠ 3.27g/Kg ᠪᠣᠯᠤᠨ᠎ᠠ᠃ ᠬᠡᠷᠡᠯᠰᠡᠭ ᠤᠷᠴᠢᠨ᠎ᠳᠤ ᠤᠷᠭᠤᠯᠳᠠ᠎ᠨᠢ ᠰᠠᠢ᠌ᠨ᠂ ᠭᠠᠩ ᠬᠠᠭᠤᠷᠠᠶ ᠪᠠ ᠬᠦᠢ᠍ᠳᠠᠨ᠎ᠳᠤ ᠲᠡᠰᠪᠦᠷᠢᠲᠡᠶ᠂ ᠬᠠᠳᠠᠭ᠋ᠠᠯᠠᠯᠳᠠ ᠵᠦᠭᠡᠭᠡᠪᠦᠷᠢᠯᠡᠯᠳᠠᠳᠤ ᠲᠠᠭ᠋ᠠᠭ᠋ᠠᠪᠤᠷᠢᠳᠠᠢ᠂ ᠡᠪᠡᠳᠴᠢᠨ ᠬᠣᠷᠣᠬᠠᠶ ᠵᠢᠨ ᠬᠥᠨᠥᠭᠡᠯ᠎ᠳᠤ ᠲᠡᠰᠪᠦᠷᠢᠲᠡᠶ ᠵᠡᠷᠭᠡ ᠣᠨᠴᠠᠯᠢᠭ᠎ᠲᠠᠢ᠃
ᠬᠡᠷᠡᠭᠴᠡᠭᠡ ᠴᠢᠳᠠᠮᠵᠢ
ᠭᠣᠣᠯᠳᠠᠭᠤ ᠠᠵᠤ ᠠᠬᠤᠶ ᠵᠢᠨ ᠣᠶ ᠪᠠᠢ᠌ᠭᠤᠯᠬᠤ᠂ ᠰᠢᠨ᠎ᠡ ᠰᠣᠷᠭᠣᠭ ᠢᠳᠡᠭᠡᠨ᠎ᠳᠤ ᠬᠡᠷᠡᠭᠯᠡᠨ᠎ᠡ᠃
ᠲᠠᠷᠢᠵᠦ ᠠᠷᠠᠴᠢᠯᠠᠬᠤ ᠮᠡᠷᠭᠡᠵᠢᠯ᠎ᠤᠨ ᠭᠣᠣᠯᠳᠠᠯᠭ᠎ᠠ
2~3 ᠵᠢᠯ᠎ᠤᠨ ᠪᠠᠷᠢᠮᠵᠢᠶ᠎ᠡ᠎ᠳᠤ ᠨᠡᠢ᠌ᠴᠡᠭᠰᠡᠨ ᠴᠢᠬᠢ ᠮᠣᠳᠣ ᠵᠢ ᠰᠣᠩᠭᠣᠵᠤ᠂ ᠵᠠᠶ᠋ᠢᠯᠠᠬᠤᠠᠴᠠᠪᠠᠨ ᠡᠮᠦᠨ᠎ᠡ ᠤᠰᠤᠨ᠎ᠳᠤ 1 ᠡᠳᠦᠷ ᠳᠡᠪᠲᠦᠭᠡᠬᠦ ᠪᠤᠶᠤ ᠵᠠᠶ᠋ᠢᠯᠠᠬᠤ᠎ᠳᠠᠭᠠᠨ ᠤᠰᠤ ᠬᠠᠳᠠᠭ᠋ᠠᠯᠠᠬᠤ ᠡᠳ᠋᠎ᠢ ᠬᠡᠷᠡᠭᠯᠡᠵᠦ ᠪᠤᠯᠤᠨ᠎ᠠ᠃ ᠴᠢᠬᠢ ᠮᠣᠳᠣᠨ᠎ᠤ ᠮᠥᠷ᠎ᠤᠨ ᠵᠠᠶ᠎ᠨᠢ 4m × 4m ᠪᠤᠶᠤ 3m × 5m ᠪᠠᠢ᠌ᠬᠤ ᠵᠢ ᠪᠠᠲᠤᠯᠠᠵᠦ᠂ ᠨᠦᠬᠡ ᠮᠠᠯᠳᠠᠬᠤ᠎ᠳᠠᠭᠠᠨ ᠶᠡᠬᠡ ᠪᠠᠭ᠎ᠠ ᠵᠢ᠎ᠨᠢ 0.8m × 0.8m × 0.6m ᠪᠠᠢ᠌ᠬᠤ ᠵᠢ ᠪᠠᠲᠤᠯᠠᠨ᠎ᠠ᠃ 50~100kg ᠤᠨ ᠬᠦᠷᠦᠰᠦ ᠪᠠ ᠣᠷᠭ᠋ᠠᠨᠢᠭ ᠪᠤᠷᠳᠤᠭᠤᠷ᠂ 0.5kg᠎ᠤᠨ ᠹᠣᠰᠹᠣᠷ ᠪᠤᠷᠳᠤᠭᠤᠷ᠂ 0.2kg᠎ᠤᠨ ᠨᠤᠨᠲᠠᠭᠯᠠᠭᠰᠠᠨ ᠬᠠᠷ᠎ᠠ ᠪᠠᠶ᠋ᠢᠪᠠᠩ (ᠪᠠᠢ᠌ᠪᠠᠩ ᠰᠢᠷᠤᠢ) ᠵᠡᠷᠭᠡ ᠵᠢ ᠬᠣᠯᠢᠵᠤ᠂ ᠨᠦᠬᠡᠨ᠎ᠤ 2/3 ᠬᠡᠰᠡᠭ᠎ᠲᠤ ᠬᠦᠷᠳᠡᠯ᠎ᠡ ᠴᠢᠳᠬᠤᠵᠦ᠂ ᠴᠢᠬᠢ ᠮᠣᠳᠣ ᠵᠢ ᠵᠠᠢ᠌ᠯᠠᠨ᠎ᠠ᠃ 《K9》 ᠠᠯᠮᠤᠷᠠᠳ ᠪᠣᠯ ᠲᠣᠭᠣᠰᠣ ᠬᠦᠷᠲᠡᠭᠡᠬᠦ ᠮᠣᠳᠣ ᠪᠤᠯᠤᠨ᠎ᠠ᠃ ᠴᠢᠬᠢ ᠮᠤᠳᠤ ᠵᠠᠢ᠌ᠯᠠᠬᠤ᠎ᠳᠠᠭᠠᠨ ᠰᠤᠩᠭᠤᠭᠰᠠᠨ ᠡᠭᠦᠯᠳᠡᠷ ᠪᠣᠯᠤᠨ ᠲᠣᠭᠣᠰᠣ ᠬᠦᠷᠲᠡᠭᠡᠬᠦ ᠮᠣᠳᠣᠨ᠎ᠤ ᠬᠠᠷᠢᠴᠠᠯ᠎ᠨᠢ 5᠄ 1 ᠪᠠᠢ᠌ᠬᠤ ᠵᠢ ᠪᠠᠲᠤᠯᠠᠨ᠎ᠠ᠃ ᠡᠪᠡᠳᠴᠢᠨ ᠬᠣᠷᠣᠬᠠᠶ ᠵᠢᠨ ᠬᠥᠨᠥᠭᠡᠯ᠎ᠢ ᠴᠠᠭ ᠲᠤᠬᠠᠶ᠎ᠳᠤᠨᠢ ᠰᠡᠷᠭᠡᠶ᠋ᠢᠯᠡᠨ ᠵᠠᠰᠠᠨ᠎ᠠ᠃
ᠲᠠᠷᠢᠬᠤ᠎ᠳᠤ ᠲᠣᠬᠢᠷᠠᠮᠵᠢᠲᠠᠶ ᠬᠡᠪᠴᠢᠶ᠎ᠡ
ᠲᠣᠰ ᠡᠭᠦᠯᠳᠡᠷ᠎ᠢ ᠤᠯᠠᠭ᠋ᠠᠨᠬᠠᠳᠠ ᠬᠣᠲᠠ ᠵᠢᠨ ᠶᠡᠬᠡᠩᠬᠢ ᠭᠠᠵᠠᠷ ᠣᠷᠣᠨ᠎ᠳᠤ ᠲᠠᠷᠢᠬᠤ᠎ᠳᠤ ᠲᠣᠬᠢᠷᠠᠮᠵᠢᠲᠠᠶ᠃