< ᠰᠢᠷᠠᠮᠦ᠋ᠷᠡᠨ > ᠬᠠᠢ᠌ᠲᠠᠩ
ᠮᠤᠳᠤᠨ᠎ᠤ ᠲᠦᠷᠦᠯ᠄ ᠬᠠᠢ᠌ᠲᠠᠩ
ᠰᠢᠨᠵᠢᠯᠡᠭᠡᠨ᠎ᠤ ᠨᠡᠷ᠎ᠡ᠄ Malus spectabilis (Xilamulun)
ᠪᠠᠲᠤᠯᠠᠭᠰᠠᠨ ᠬᠡᠯᠪᠡᠷᠢ᠄ ᠬᠢᠨᠠᠨ ᠲᠤᠭᠲᠠᠭ᠋ᠠᠯᠲᠠ
ᠡᠭᠦᠯᠳᠡᠷ᠎ᠤᠨ ᠳ᠋ᠤᠭ᠋ᠠᠷᠯᠠᠯ ᠄ ᠮᠧᠩ S — ETS — MS — 002 — 2021

ᠡᠭᠦᠯᠳᠡᠷ᠎ᠤᠨ ᠣᠨᠴᠠᠯᠢᠭ᠄
ᠵᠢᠮᠢᠰ᠎ᠤᠨ ᠬᠠᠯᠢᠰᠤ᠎ᠨᠢ ᠪᠣᠯᠪᠠᠰᠤᠷᠠᠭᠰᠠᠨ᠎ᠤ ᠳᠠᠷᠠᠭ᠎ᠠ ᠭᠦᠨ ᠤᠯᠠᠭ᠋ᠠᠨ ᠦᠩᠭᠡ᠎ᠲᠠᠢ᠃ ᠵᠢᠮᠢᠰ᠎ᠤᠨ ᠮᠢᠬ᠎ᠠ᠎ᠨᠢ ᠭᠦᠢ᠍ᠬᠡᠨ ᠰᠢᠷ᠎ᠠ ᠥᠩᠭᠡ᠎ᠲᠠᠢ᠂ ᠰᠢᠭᠦᠰᠦᠯᠢᠭ᠃ ᠺᠠᠯᠼ᠎ᠤᠨ ᠠᠭᠤᠯᠤᠭᠳᠠᠴᠠ᠎ᠨᠢ 118 mg / Kg᠂ ᠲᠡᠮᠦᠷ᠎ᠤᠨ ᠠᠭᠤᠯᠤᠭᠳᠠᠴᠠ᠎ᠨᠢ 2.04 mg / Kg᠂ ᠺᠠᠯᠢ ᠵᠢᠨ ᠠᠭᠤᠯᠤᠭᠳᠠᠴᠠ᠎ᠨᠢ 1010 mg / Kg᠂ ᠮᠠᠭᠨᠢ ᠵᠢᠨ ᠠᠭᠤᠯᠤᠭᠳᠠᠴᠠ᠎ᠨᠢ 81.25 mg / Kg᠂ ᠪᠦᠷᠢᠨ ᠠᠽᠣᠲ᠎ᠤᠨ ᠠᠭᠤᠯᠤᠭᠳᠠᠴᠠ᠎ᠨᠢ 0.05 %᠂ ᠤᠭᠤᠷᠠᠭ᠎ᠤᠨ ᠠᠭᠤᠯᠤᠭᠳᠠᠴᠠ᠎ᠨᠢ 0.30 g / 100 g᠂ ᠸᠢᠲ᠋ᠠᠮᠢᠨ C ᠵᠢᠨ ᠠᠭᠤᠯᠤᠭᠳᠠᠴᠠ᠎ᠨᠢ 10.32 mg / 100 g᠂ ᠠᠭᠤᠰᠤᠮᠠᠯ ᠰᠢᠬᠢᠷ᠎ᠤᠨ ᠠᠭᠤᠯᠤᠭᠳᠠᠴᠠ᠎ᠨᠢ 14.7%᠂ ᠲᠤᠰᠤᠭ᠋ᠠᠮᠠᠯ ᠬᠦᠴᠢᠯ᠎ᠤᠨ ᠠᠭᠤᠯᠤᠭᠳᠠᠴᠠ᠎ᠨᠢ 3.41 g / Kg ᠪᠣᠯᠤᠨ᠎ᠠ᠃ ᠬᠦᠢ᠍ᠲᠡᠨ᠎ᠳᠤ ᠲᠡᠰᠪᠦᠷᠢᠳᠠᠢ᠂ ᠬᠠᠳᠠᠭ᠋ᠠᠯᠠᠬᠤ᠎ᠳᠤ ᠲᠠᠭ᠋ᠠᠭ᠋ᠠᠴᠠ᠎ᠲᠠᠢ ᠵᠡᠷᠭᠡ ᠣᠨᠴᠠᠯᠢᠭ᠎ᠲᠠᠢ᠃
ᠭᠣᠣᠯ ᠬᠡᠷᠡᠭᠴᠡᠭᠡ ᠄
ᠭᠤᠤᠯᠳᠠᠭᠤ ᠠᠵᠤ ᠠᠬᠤᠶ ᠵᠢᠨ ᠣᠶ᠂ ᠰᠤᠷᠭᠤᠭ ᠢᠳᠡᠭᠡᠨ᠎ᠳᠤ ᠬᠡᠷᠡᠭᠯᠡᠨ᠎ᠡ᠂ ᠪᠠᠰᠠ ᠦᠵᠡᠮᠦᠷᠢ ᠵᠢᠨ ᠮᠣᠳᠣᠨ᠎ᠤ ᠲᠥᠷᠥᠯ ᠪᠣᠯᠭ᠋ᠠᠵᠤ ᠪᠣᠯᠤᠨ᠎ᠠ᠃
ᠲᠠᠷᠢᠵᠦ ᠠᠷᠠᠴᠢᠯᠠᠬᠤ ᠮᠡᠷᠭᠡᠵᠢᠯ᠎ᠤᠨ ᠭᠣᠣᠯᠳᠠᠯᠭ᠎ᠠ᠄
2~3 ᠵᠢᠯ᠎ᠤᠨ ᠪᠠᠷᠢᠮᠵᠢᠶ᠎ᠠ᠎ᠳᠤ ᠨᠡᠢ᠌ᠴᠡᠭᠰᠡᠨ ᠴᠢᠬᠢ ᠮᠣᠳᠣ ᠵᠢ ᠳᠠᠷᠢᠨ᠎ᠠ᠂ ᠵᠠᠶ᠋ᠢᠯᠠᠬᠤ᠎ᠠᠴᠠ ᠡᠮᠦᠨ᠎ᠡ ᠤᠰᠤᠨ᠎ᠳᠤ 1 ᠡᠳᠦᠷ ᠳᠡᠪᠲᠦᠭᠡᠬᠦ ᠪᠤᠶᠤ ᠵᠠᠶ᠋ᠢᠯᠠᠬᠤ ᠦᠶ᠎ᠡ᠎ᠳᠤ ᠤᠰᠤ ᠬᠠᠳᠠᠭ᠋ᠠᠯᠠᠬᠤ ᠡᠳ᠋ ᠬᠡᠷᠡᠭᠯᠡᠵᠦ ᠪᠤᠯᠤᠨ᠎ᠠ᠃ ᠮᠥᠷ᠎ᠤᠨ ᠵᠠᠶ᠎ᠨᠢ 4 m × 4 m᠂᠂ ᠵᠠᠶ᠋ᠢᠯᠠᠬᠤ ᠨᠦᠬᠡ᠎ᠨᠢ 0.8 m × 0.8 m × 0.6 m᠃᠂ ᠵᠠᠶ᠋ᠢᠯᠠᠬᠤ ᠦᠶ᠎ᠡ᠎ᠳᠤ ᠰᠠᠭᠤᠷᠢ ᠪᠣᠷᠲᠣᠭᠣᠷ ᠪᠣᠯᠤᠨ ᠬᠥᠷᠥᠰᠥ ᠵᠢ ᠵᠢᠭᠳᠡ ᠬᠣᠯᠢᠵᠤ᠂ ᠴᠢᠬᠢ ᠮᠣᠳᠣᠨ᠎ᠤ ᠦᠨᠳᠦᠰᠦᠨ᠎ᠤ ᠰᠢᠰᠲ᠋ᠧᠮ᠎ᠤᠨ ᠳᠤᠤᠷ᠎ᠠ ᠳᠠᠪᠬᠤᠷᠭ᠎ᠠ ᠵᠢᠴᠢ ᠭᠠᠳᠠᠷᠭᠤ᠎ᠳᠤ ᠰᠠᠴᠤᠨ᠎ᠠ᠃ ᠲᠣᠭᠣᠰᠣ ᠬᠦᠷᠲᠡᠭᠡᠬᠦ ᠮᠣᠳᠣ ᠵᠢ K 9 ᠪᠤᠶᠤ ᠯᠦᠩ ᠹᠸᠩ ᠠᠯᠮᠤᠷᠠᠳ ᠵᠶ᠋ᠠᠷ ᠰᠣᠩᠭᠣᠵᠤ ᠪᠣᠯᠤᠨ᠎ᠠ᠂ ᠲᠣᠭᠣᠰᠣ ᠬᠦᠷᠲᠡᠭᠡᠬᠦ ᠮᠣᠳᠣ ᠵᠢ 6᠄ 1 ᠵᠢᠨ ᠬᠠᠷᠢᠴᠠᠯ ᠵᠶ᠋ᠠᠷ ᠵᠠᠢ᠌ᠯᠠᠵᠦ ᠪᠣᠯᠤᠨ᠎ᠠ᠃ ᠮᠥᠴᠢᠷ ᠢ ᠬᠠᠢ᠌ᠴᠢᠯᠠᠨ ᠪᠤᠭᠤᠨᠢᠰᠬᠠᠵᠤ᠂ ᠴᠠᠭ ᠲᠤᠬᠠᠶ᠎ᠳᠤᠨᠢ ᠴᠡᠴᠡᠭ ᠵᠢᠮᠢᠰ᠎ᠢ ᠰᠡᠶ᠋ᠢᠷᠡᠭᠵᠢᠭᠦᠯᠦᠨᠡ᠃ ᠡᠪᠡᠳᠴᠢᠨ ᠬᠣᠷᠣᠬᠠᠶ ᠵᠢᠨ ᠬᠥᠨᠥᠭᠡᠯ᠎ᠢ ᠴᠠᠭ ᠲᠤᠬᠠᠶ᠎ᠳᠤᠨᠢ ᠰᠡᠷᠭᠡᠶ᠋ᠢᠯᠡᠨ ᠵᠠᠰᠠᠬᠤ ᠬᠡᠷᠡᠭᠲᠡᠶ᠃
ᠲᠠᠷᠢᠬᠤ᠎ᠳᠤ ᠲᠣᠬᠢᠷᠠᠮᠵᠢᠲᠠᠶ ᠤᠷᠤᠨ ᠪᠦᠰᠡ᠄
ᠲᠤᠰ ᠡᠭᠦᠯᠳᠡᠷ᠎ᠢ ᠮᠠᠨ᠎ᠤ ᠣᠷᠣᠨ᠎ᠤ ᠵᠢᠯ᠎ᠤᠨ ᠳᠤᠮᠳᠠᠴᠢ ᠳᠤᠯᠠᠭ᠋ᠠᠨ᠎ᠤ ᠬᠡᠮᠵᠢᠶ᠎ᠡ᠎ᠨᠢ 5.5 ℃ ᠣᠷᠴᠢᠮ᠂ ᠲᠤᠨᠳᠠᠰᠤᠨ᠎ᠤ ᠬᠡᠮᠵᠢᠶ᠎ᠡ᠎ᠨᠢ 300400 mm ᠪᠠᠢ᠌ᠬᠤ᠂ ᠡᠷᠭᠦᠭᠳᠡᠭᠴᠡᠨᠢ 800 m᠎ᠠᠴᠠ ᠳᠣᠷᠣᠭᠰᠢ ᠭᠠᠵᠠᠷ ᠣᠷᠣᠨ᠎ᠳᠤ ᠲᠠᠷᠢᠬᠤ᠎ᠳᠤ ᠲᠣᠬᠢᠷᠠᠨ᠎ᠠ᠃