ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠣᠭᠤᠭᠠᠷᠠᠭᠤᠯᠤᠯᠲᠠ   -   ᠣᠢ ᠮᠤᠳᠤᠨ᠎ᠤ ᠰᠢᠯᠢᠳᠡᠭ ᠡᠭᠦᠯᠳᠡᠷ
ᠰᠢᠪᠧᠷᠢᠶ᠎ᠠ ᠵᠢᠨ ᠭᠦᠢ᠍ᠯᠡᠰᠦ
ᠨᠡᠶ᠋ᠢᠲᠡᠯᠡᠭᠰᠡᠨ ᠴᠠᠭ᠄ 2022-06-28

      ᠮᠣᠳᠣᠨ᠎ᠤ ᠲᠥᠷᠥᠯ᠄ ᠰᠢᠪᠧᠷᠢᠶ᠎ᠠ ᠵᠢᠨ ᠭᠦᠢ᠍ᠯᠡᠰᠦ  (ᠡᠭᠦᠯᠳᠡᠷ᠄蒙杏5号)
      ᠰᠢᠨᠵᠢᠯᠡᠭᠡᠨ᠎ᠤ ᠨᠡᠷ᠎ᠡ᠄ Armeniaca sibirica 〈Mengxing 5〉

      ᠲᠥᠷᠥᠯ ᠠᠩᠭᠢᠯᠠᠯ᠄ ᠰᠢᠯᠢᠳᠡᠭ ᠪᠡᠯᠭᠡ ᠵᠢᠨ ᠰᠢᠰᠲ᠋ᠧᠮ
      ᠪᠠᠲᠤᠯᠠᠭᠰᠠᠨ ᠲᠦᠷᠦᠯ ᠠᠩᠭᠢᠯᠠᠯ᠄ ᠬᠢᠨᠠᠨ ᠲᠤᠭᠲᠠᠭ᠋ᠠᠯᠳᠠ
      ᠡᠭᠦᠯᠳᠡᠷ᠎ᠤᠨ   ᠳ᠋ᠤᠭ᠋ᠠᠷᠯᠠᠯ᠄ ᠮᠣᠩᠭᠣᠯ S - SC - AS - 006 - 2021

   
      ᠡᠭᠦᠯᠳᠡᠷ᠎ᠤᠨ ᠣᠨᠴᠠᠯᠢᠭ
      ᠮᠣᠳᠣᠨ᠎ᠤ ᠬᠡᠯᠪᠡᠷᠢ᠎ᠨᠢ ᠬᠠᠭ᠋ᠠᠰ ᠳᠡᠯᠭᠡᠭᠳᠡᠵᠦ᠂ ᠭᠤᠤᠯ ᠡᠰᠢ᠎ᠨᠢ ᠢᠯᠡᠷᠬᠡᠶ᠃ 3 ᠳ᠋ᠤᠭ᠋ᠠᠷ ᠵᠢᠯ᠎ᠠᠴᠠ ᠡᠬᠢᠯᠡᠨ ᠵᠢᠮᠢᠰᠯᠡᠨ᠎ᠡ᠂ 4—5 ᠵᠢᠯ᠎ᠳᠤ ᠵᠢᠮᠢᠰᠯᠡᠬᠦ ᠬᠤᠭᠤᠴᠠᠭ᠋ᠠᠨ᠎ᠳᠤ ᠣᠷᠣᠵᠤ᠂   ᠰᠠᠭᠤᠷᠢ ᠪᠦᠷᠢ ᠵᠢᠨ ᠵᠢᠮᠢᠰ᠎ᠤᠨ ᠳᠤᠮᠳᠠᠴᠢ ᠭᠠᠷᠤᠯᠲᠠ 7.8 kg᠂ ᠴᠥᠮ᠎ᠡ ᠵᠢᠨ ᠲᠤᠮᠳᠠᠴᠢ ᠭᠠᠷᠤᠯᠲᠠ 0 . 49 kg᠃ ᠵᠢᠮᠢᠰ᠎ᠨᠢ ᠲᠣᠭᠣᠷᠢᠭ ᠬᠡᠯᠪᠡᠷᠢᠳᠠᠢ᠂ ᠭᠤᠯᠳᠤ ᠳ᠋ᠢᠶᠠᠮᠧᠲᠷ᠎ᠨᠢ 1.62.0 cm᠂ ᠬᠥᠨᠳᠡᠯᠡᠨ ᠳ᠋ᠢᠶᠠᠮᠧᠲᠷ᠎ᠨᠢ 1.31.5 cm᠂ ᠬᠠᠵᠠᠭᠤ ᠳ᠋ᠢᠶᠠᠮᠧᠲᠷ᠎ᠨᠢ 1.01.4 cm᠃ ᠵᠢᠮᠢᠰ ᠪᠦᠷᠢ ᠵᠢᠨ ᠳᠤᠮᠳᠠᠴᠢ ᠬᠦᠨᠳᠦ᠎ᠨᠢ 2.23g᠂   ᠦᠷ᠎ᠡ ᠪᠦᠷᠢ ᠵᠢᠨ ᠳᠤᠮᠳᠠᠴᠢ ᠬᠦᠨᠳᠦ᠎ᠨᠢ 0.49g᠂ ᠦᠷ᠎ᠡ ᠵᠢᠨ ᠴᠦᠮ᠎ᠡ ᠪᠦᠷᠢ ᠵᠢᠨ ᠳᠤᠮᠳᠠᠴᠢ ᠬᠦᠨᠳᠦ᠎ᠨᠢ 0.31 g᠂ ᠦᠷ᠎ᠡ ᠵᠢᠨ ᠴᠥᠮ᠎ᠡ ᠵᠢᠨ ᠳᠤᠮᠳᠠᠴᠢ ᠲᠣᠰᠣᠨ᠎ᠤ ᠠᠭᠤᠯᠤᠭᠳᠠᠴᠠ᠎ᠨᠢ 56%᠃ ᠭᠠᠩ᠎ᠳᠤ ᠲᠠᠭ᠋ᠠᠭ᠋ᠠᠴᠠ᠎ᠲᠠᠢ᠂ ᠬᠦᠢ᠍ᠲᠡᠨ᠎ᠳᠤ ᠲᠡᠰᠪᠦᠷᠢᠳᠠᠢ ᠵᠡᠷᠭᠡ ᠣᠨᠴᠠᠯᠢᠭ᠎ᠲᠠᠢ᠃
      ᠭᠣᠣᠯ ᠬᠡᠷᠡᠭᠴᠡᠭᠡ
      ᠭᠤᠤᠯᠳᠠᠭᠤ ᠠᠵᠤ ᠠᠬᠤᠢ ᠵᠢᠨ ᠣᠢ ᠪᠠ ᠠᠮᠢ ᠠᠬᠤᠢ ᠵᠢᠨ ᠣᠢ᠎ᠳᠤ ᠬᠡᠷᠡᠭᠯᠡᠨ᠎ᠡ᠃
      ᠲᠠᠷᠢᠵᠦ ᠠᠷᠠᠴᠢᠯᠠᠬᠤ ᠮᠡᠷᠭᠡᠵᠢᠯ᠎ᠤᠨ ᠭᠣᠣᠯᠳᠠᠯᠭ᠎ᠠ
      ᠲᠣᠭᠣᠰᠣ ᠬᠦᠷᠲᠡᠭᠡᠬᠦ ᠡᠭᠦᠯᠳᠡᠷ᠎ᠨᠢ ᠰᠢᠪᠸᠷᠢᠶ᠎ᠠ ᠵᠢᠨ ᠪᠤᠰᠤᠳ ᠬᠦᠢ᠍ᠯᠡᠰᠦᠨ᠎ᠤ ᠡᠭᠦᠯᠳᠡᠷ ᠪᠣᠯᠤᠨ᠎ᠠ᠂   ᠲᠣᠭᠣᠰᠣ ᠬᠦᠷᠲᠡᠭᠡᠬᠦ ᠬᠠᠷᠢᠴᠠᠯ᠎ᠨᠢ 10᠄ 1 ᠪᠣᠯᠤᠨ᠎ᠠ᠃ ᠲᠠᠷᠢᠵᠦ ᠵᠠᠶ᠋ᠢᠯᠠᠬᠤ ᠮᠥᠷ᠎ᠤᠨ ᠵᠠᠶ᠎ᠨᠢ ᠶᠡᠷᠦ᠎ᠳᠡᠭᠡᠨ 2 m × 3 m ᠪᠠᠢ᠌ᠳᠠᠭ᠃ 《ᠣᠯᠠᠨ ᠭᠤᠤᠯ ᠰᠠᠯᠠᠭ᠎ᠠ᠂ ᠪᠣᠭᠣᠨᠢ   ᠰᠠᠷᠠᠪᠴᠢ》 ᠬᠡᠯᠪᠡᠷᠢᠳᠡᠢ᠎ᠪᠠᠷ ᠵᠠᠰᠠᠨ ᠬᠠᠶ᠋ᠢᠴᠢᠯᠠᠵᠤ᠂ ᠴᠠᠭ᠎ᠲᠤᠨᠢ ᠲᠣᠬᠢᠷᠠᠭᠤᠯᠤᠨ ᠤᠰᠤᠯᠠᠬᠤ᠂ ᠪᠣᠷᠲᠣᠭᠣᠷ ᠣᠷᠣᠭᠤᠯᠬᠤ᠂ ᠡᠪᠡᠳᠴᠢᠨ ᠬᠣᠷᠣᠬᠠᠶ ᠵᠢᠨ ᠬᠥᠨᠥᠭᠡᠯ᠎ᠢ ᠰᠡᠷᠭᠡᠶ᠋ᠢᠯᠡᠨ ᠵᠠᠰᠠᠬᠤ ᠵᠡᠷᠭᠡ ᠠᠷᠠᠴᠢᠯᠠᠨ ᠪᠣᠶ᠋ᠢᠵᠢᠭᠤᠯᠬᠤ ᠬᠠᠮᠢᠶᠠᠷᠤᠯᠲᠠ ᠵᠢ ᠬᠢᠨ᠎ᠠ᠃
      ᠲᠠᠷᠢᠬᠤ᠎ᠳᠤ ᠲᠣᠬᠢᠷᠠᠮᠵᠢᠲᠠᠶ ᠤᠷᠤᠨ ᠪᠦᠰᠡ
      ᠲᠣᠰ ᠡᠭᠦᠯᠳᠡᠷ᠎ᠢ ᠮᠠᠨ᠎ᠤ ᠣᠷᠣᠨ᠎ᠤ ᠵᠢᠯ᠎ᠤᠨ ᠳᠤᠮᠳᠠᠴᠢ ᠬᠤᠷ᠎ᠠ ᠲᠣᠨᠣᠳᠠᠰᠤ ᠵᠢᠨ ᠬᠡᠮᠵᠢᠶ᠎ᠡ 200 mm᠎ᠠᠴᠠ ᠳᠡᠭᠡᠭᠰᠢᠬᠢ ᠭᠠᠵᠠᠷ ᠣᠷᠣᠨ᠎ᠳᠤ ᠳᠠᠷᠢᠬᠤ᠎ᠳᠤ ᠲᠤᠬᠢᠷᠠᠮᠵᠢᠳᠠᠢ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
〈ᠮᠧᠩ ᠪᠢᠶᠠᠨ 4 ᠨᠣᠮᠧᠷᠲᠤ〉 ᠲᠤᠭᠤᠷ
ᠤᠯᠠᠭ᠋ᠠᠨ ᠴᠢᠴᠠᠷᠭ᠋ᠠᠨ᠎ᠠ 1 ᠨᠤᠮᠸᠷᠲᠦ
〈ᠲᠤᠮᠳᠠᠳᠤ ᠵᠢᠨ ᠴᠢᠴᠠᠷᠭ᠋ᠠᠨ᠎ᠠ 3 ᠨᠤᠮᠸᠷᠲᠦ〉
ᠴᠢᠪᠠᠭ᠎ᠠ ᠵᠢᠨ ᠰᠢᠯᠢᠳᠡᠭ ᠡᠭᠦᠯᠳᠡᠷ᠎ᠤᠳ
ᠡᠷᠲᠡ ᠪᠤᠯᠪᠠᠰᠤᠷᠠᠬᠤ ᠤᠯᠠᠭ᠋ᠠᠨ ᠠᠯᠮᠤᠷᠠᠳ (k9)
 
             蒙ICP备05000248号