ᠬᠤᠯᠰᠳ᠋ᠸᠢᠢ᠍ᠨ ᠦᠬᠡᠷ ᠤᠤᠯ᠎ᠳᠠᠭᠠᠨ ᠬᠤᠯᠠᠨᠳ᠋ ᠦᠬᠡᠷ ᠭᠡᠵᠦ ᠨᠡᠷᠡᠶ᠋ᠢᠳᠴᠦ ᠪᠠᠶ᠋ᠢᠵᠠᠢ᠃ ᠲᠤᠰ ᠡᠭᠦᠯᠳᠡᠷ᠎ᠤᠨ ᠦᠬᠡᠷ ᠪᠤᠯ ᠡᠷᠲᠡᠨ᠎ᠤ ᠰᠦᠨ ᠬᠡᠷᠡᠭᠯᠡᠭᠦᠨᠲᠦ ᠡᠭᠦᠯᠳᠡᠷ᠎ᠤᠨ ᠦᠬᠡᠷ ᠪᠤᠯᠤᠨ᠎ᠠ᠂ ᠶᠡᠷᠦ᠎ᠳᠡᠭᠡᠨ ᠬᠤᠯᠠᠨᠳ᠋᠎ᠲᠤ ᠤᠭ ᠭᠠᠷᠤᠯ᠎ᠲᠠᠢ ᠬᠠᠷ᠎ᠠ ᠠᠯᠠᠭ ᠰᠦᠨ᠎ᠤ ᠦᠨᠢᠶ᠎ᠡ ᠵᠢ ᠵᠢᠭ᠋ᠠᠵᠤ ᠪᠤᠢ᠃ ᠬᠤᠯᠰᠳ᠋ᠸᠢᠢ᠍ᠨ (Holstenins) ᠦᠬᠡᠷ᠎ᠤᠨ ᠵᠢᠰᠦᠮ᠎ᠤᠨ ᠤᠨᠴᠠᠯᠢᠭ᠎ᠨᠢ ᠭᠡᠪᠡᠯ᠂ ᠪᠡᠶ᠎ᠡ ᠵᠢᠨ ᠬᠤᠶ᠋ᠢᠲᠤ ᠬᠡᠰᠡᠭ᠎ᠨᠢ ᠡᠮᠦᠨ᠎ᠡ ᠬᠡᠰᠡᠭ᠎ᠠᠴᠠ᠎ᠪᠠᠨ ᠪᠦᠢ᠍ᠵᠢᠯᠲᠡ ᠰᠠᠶ᠋ᠢᠲᠠᠢ᠂ ᠪᠦᠬᠦᠶ᠋ᠢᠯᠡ ᠪᠡᠶ᠎ᠡ ᠵᠢᠨ ᠬᠡᠯᠪᠡᠷᠢ᠎ᠨᠢ ᠱᠠᠭ᠋ᠠᠨᠳᠠᠭ ᠬᠡᠯᠪᠡᠷᠢᠲᠡᠢ᠂ ᠳᠡᠯᠡᠩ᠎ᠨᠢ ᠲᠤᠮᠤ ᠪᠦᠭᠡᠳ ᠳᠡᠯᠡᠩ᠎ᠤᠨ ᠪᠤᠯᠴᠢᠷᠬᠠᠢ ᠵᠢᠨ ᠪᠦᠢ᠍ᠵᠢᠯᠲᠡᠨᠢ ᠰᠠᠶ᠋ᠢᠨ ᠪᠠᠶ᠋ᠢᠳᠠᠭ᠃ ᠡᠪᠡᠷ ᠨᠢ ᠨᠠᠷᠢᠨ ᠮᠦᠷᠲᠡᠭᠡᠨ ᠪᠤᠭᠤᠨᠢ᠂ ᠤᠯᠠᠩᠬᠢ᠎ᠨᠢ ᠡᠮᠦᠰᠢᠪᠠᠨ ᠬᠤᠮᠢᠵᠤ ᠤᠷᠭᠤᠳᠠᠭ᠃ ᠵᠢᠰᠦᠮ᠎ᠨᠢ ᠬᠠᠷ᠎ᠠ ᠠᠯᠠᠭ (ᠰᠢᠷ᠎ᠠ ᠠᠯᠠᠭ ᠪᠠᠰᠠ ᠪᠤᠢ) ᠪᠦᠭᠡᠳ ᠮᠠᠩᠨᠠᠢ ᠳᠡᠭᠡᠷ᠎ᠡ᠎ᠨᠢ ᠴᠠᠭ᠋ᠠᠨ ᠤᠳᠤ᠎ᠲᠠᠢ ᠪᠠᠶ᠋ᠢᠳᠠᠭ᠃ ᠬᠡᠪᠡᠯᠢ᠂ ᠰᠡᠭᠦᠯ᠂ ᠳᠦᠷᠪᠡᠨ ᠮᠦᠴᠢ ᠵᠢᠨ ᠳᠤᠤᠷᠠᠳᠤ ᠬᠡᠰᠡᠭ᠎ᠨᠢ ᠴᠤᠯ ᠴᠠᠭ᠋ᠠᠨ ᠶᠤᠮ᠃ ᠳᠡᠯᠡᠩ᠎ᠤᠨ ᠬᠦᠬᠡ ᠰᠤᠳᠠᠯ᠎ᠨᠢ ᠬᠦᠭᠵᠢᠯᠲᠡᠢ᠂ ᠰᠦ ᠱᠦᠭᠦᠷᠡᠯ᠎ᠤᠨ ᠬᠤᠭᠤᠴᠠᠭ᠋ᠠᠨ᠎ᠳᠠᠬᠢ ᠰᠦᠨ᠎ᠤ ᠭᠠᠷᠤᠯᠲᠠ᠎ᠨᠢ ᠶᠡᠷᠦ᠎ᠳᠡᠭᠡᠨ 4500 ~ 5500 ᠺᠢᠯᠤᠭ᠌ᠷᠡᠮ᠎ᠳᠤ ᠬᠦᠷᠴᠦ᠂ ᠰᠦᠨ᠎ᠤ ᠲᠤᠰᠤᠯᠢᠭ᠎ᠤᠨ ᠨᠤᠷᠮ᠎ᠠ᠎ᠨᠢ 3.2%~3.4% ᠪᠠᠶ᠋ᠢᠳᠠᠭ᠃ ᠪᠤᠬᠠᠨ᠎ᠤ ᠪᠡᠶ᠎ᠡ ᠵᠢᠨ ᠬᠦᠨᠳᠦ᠎ᠨᠢ 800 ~1000 ᠺᠢᠯᠦᠭᠷᠡᠮ᠂ ᠦᠨᠢᠶᠡᠨ᠎ᠤ ᠬᠢᠨᠢ 500 ~ 600 ᠺᠢᠯᠦᠭᠷᠡᠮ ᠪᠤᠯᠤᠨ᠎ᠠ᠃ ᠨᠢᠳᠦᠯᠦᠯᠲᠡ ᠵᠢᠨ ᠨᠤᠷᠮ᠎ᠠ᠎ᠨᠢ 55%~58% ᠪᠤᠯᠬᠤ ᠶᠤᠮ᠃ ᠮᠠᠰᠢ ᠤᠯᠠᠨ ᠤᠯᠤᠰ᠎ᠨᠢ ᠲᠤᠰ ᠡᠭᠦᠯᠳᠡᠷ᠎ᠤᠨ ᠦᠬᠡᠷ᠎ᠢ ᠤᠷᠤᠭᠤᠯᠤᠭᠰᠠᠨ ᠳᠠᠷᠠᠭ᠎ᠠ᠂ ᠤᠷᠲᠤ ᠬᠤᠭᠤᠴᠠᠭ᠎ᠠ᠎ᠪᠠᠷ ᠰᠤᠩᠭᠤᠨ ᠪᠤᠶ᠋ᠢᠵᠢᠭᠤᠯᠬᠤ ᠪᠤᠶᠤ ᠲᠤᠰ ᠭᠠᠵᠠᠷ ᠤᠷᠤᠨ᠎ᠤ᠎ᠪᠠᠨ ᠦᠬᠡᠷ᠎ᠲᠠᠢ ᠡᠷᠯᠢᠰᠡᠵᠢᠭᠦᠯᠵᠦ ᠪᠠᠶ᠋ᠢᠭ᠋ᠠᠳ ᠲᠤᠬᠠᠢ ᠵᠢᠨ ᠭᠠᠵᠠᠷ ᠤᠷᠤᠨ᠎ᠤ ᠨᠦᠭᠦᠴᠡᠯ᠎ᠳᠤ ᠵᠤᠬᠢᠴᠠᠭᠰᠠᠨ ᠰᠦᠨ ᠬᠡᠷᠡᠭᠯᠡᠭᠦᠨᠲᠦ ᠦᠬᠡᠷ (ᠬᠠᠷ᠎ᠠ ᠠᠯᠠᠭ ᠰᠦᠨ᠎ᠤ ᠦᠨᠢᠶ᠎ᠡ)᠎ᠢ ᠪᠤᠶ᠋ᠢᠵᠢᠭᠤᠯᠵᠤ ᠭᠠᠷᠭ᠋ᠠᠭᠰᠠᠨ ᠪᠠᠶ᠋ᠢᠨ᠎ᠠ᠃ ᠡᠶ᠋ᠢᠮᠦᠷᠬᠦᠦ ᠦᠬᠡᠷ᠎ᠤᠨ ᠳᠦᠷᠰᠦ ᠪᠠᠶ᠋ᠢᠳᠠᠯ ᠨᠢ ᠠᠳᠠᠯᠢ ᠪᠤᠰᠤ ᠤᠨᠴᠠᠯᠢᠭ᠎ᠲᠠᠢ ᠪᠤᠯᠤᠭᠰᠠᠨ ᠪᠤᠯᠬᠤᠷ᠂ ᠠᠯᠢ ᠤᠯᠤᠰ᠎ᠨᠢ ᠡᠷᠯᠢᠰᠡᠵᠢᠭᠦᠯᠦᠨ ᠪᠤᠶ᠋ᠢᠵᠢᠭᠤᠯᠤᠭᠰᠠᠰᠨ ᠪᠤᠯ ᠲᠡᠷᠡ ᠤᠯᠤᠰ᠎ᠤᠨ ᠨᠡᠷ᠎ᠡ᠎ᠪᠠᠷ ᠨᠡᠷᠡᠶ᠋ᠢᠳᠦᠭᠰᠡᠨ ᠪᠠᠶ᠋ᠢᠨ᠎ᠠ᠃ ᠵᠢᠱ᠌ᠢᠶᠡᠯᠡᠪᠡᠯ ᠠᠮᠧᠷᠢᠺᠡ ᠵᠢᠨ ᠬᠤᠯᠰᠳ᠋ᠸᠢᠢ᠍ᠨ ᠦᠬᠡᠷ᠂ ᠺᠠᠨᠠᠳᠠ ᠵᠢᠨ ᠬᠤᠯᠰᠳ᠋ᠸᠢᠢ᠍ᠨ ᠦᠬᠡᠷ᠂ ᠶᠠᠫᠤᠨ᠎ᠤ ᠬᠤᠯᠰᠳ᠋ᠸᠢᠢ᠍ᠨ ᠦᠬᠡᠷ᠂ ᠳᠤᠮᠳᠠᠳᠤ ᠵᠢᠨ ᠬᠤᠯᠰᠳ᠋ᠸᠢᠢ᠍ᠨ ᠦᠬᠡᠷ ᠭᠡᠬᠦ ᠮᠡᠲᠦ᠎ᠪᠠᠷ ᠨᠡᠷᠡᠶ᠋ᠢᠳᠪᠡ᠃ ᠡᠶ᠋ᠢᠮᠦ ᠦᠬᠡᠷ᠎ᠤᠨ ᠵᠠᠩ ᠠᠭ᠋ᠠᠯᠢ᠎ᠨᠢ ᠨᠤᠮᠤᠬᠠᠨ᠂ ᠵᠤᠬᠢᠴᠠᠬᠤ ᠴᠢᠨᠠᠷ ᠵᠶ᠋ᠠᠷ ᠰᠠᠶ᠋ᠢᠨ᠂ ᠤᠳᠤᠮᠯᠠᠯ᠎ᠤᠨ ᠴᠢᠨᠠᠷ᠎ᠨᠢ ᠴᠢᠩᠭ᠎ᠠ᠂ ᠰᠦᠨ᠎ᠤ ᠭᠠᠷᠤᠯᠲᠠ᠎ᠨᠢ ᠦᠨᠳᠦᠷ᠂ ᠰᠦᠨ᠎ᠤ ᠴᠢᠨᠠᠷ ᠴᠢᠨᠰᠠᠭ᠎ᠠ᠎ᠨᠢ ᠰᠠᠶ᠋ᠢᠨ᠂ ᠰᠦᠨ᠎ᠳᠠᠬᠢ ᠰᠦᠨ ᠲᠤᠰᠤ ᠪᠤᠯᠤᠨ ᠤᠭᠤᠷᠠᠭ᠎ᠤᠨ ᠠᠭᠤᠯᠤᠭᠳᠠᠴᠠ᠎ᠨᠢ ᠪᠦᠷ ᠨᠡᠯᠢᠶᠡᠳ ᠦᠨᠳᠦᠷ ᠪᠠᠶ᠋ᠢᠳᠠᠭ᠃ ᠭᠡᠪᠡᠴᠦ ᠡᠪᠡᠳᠴᠢᠨ ᠡᠰᠡᠷᠭᠦᠴᠡᠬᠦ ᠪᠠ ᠬᠠᠯᠠᠭᠤᠨ᠎ᠳᠤ ᠲᠡᠰᠪᠦᠷᠢᠲᠡᠢ ᠴᠢᠳᠠᠪᠤᠷᠢ᠎ᠨᠢ ᠪᠠᠷᠤᠭᠲᠠᠢ ᠪᠦᠭᠡᠳ ᠲᠡᠵᠢᠭᠡᠯ ᠡᠪᠡᠰᠦ ᠪᠤᠷᠳᠤᠭ᠎ᠠ ᠵᠢᠨ ᠱᠠᠭ᠋ᠠᠷᠳᠠᠯᠭ᠎ᠠ᠎ᠨᠢ ᠴᠤ᠌ ᠨᠡᠯᠢᠶᠡᠳ ᠦᠨᠳᠦᠷ ᠪᠠᠶ᠋ᠢᠳᠠᠭ᠃ ᠤᠳᠤᠬᠠᠨ᠎ᠳᠤ ᠮᠠᠨ᠎ᠤ ᠤᠷᠤᠨ᠎ᠤ ᠰᠦᠨ᠎ᠤ ᠦᠨᠢᠶᠡᠨ᠎ᠤ ᠤᠯᠠᠩᠬᠢ᠎ᠨᠢ ᠳᠤᠮᠳᠠᠳᠤ ᠵᠢᠨ ᠬᠤᠯᠰᠳ᠋ᠸᠢᠢ᠍ᠨ ᠦᠬᠡᠷ (ᠬᠠᠷ᠎ᠠ ᠠᠯᠠᠭ ᠰᠦᠨ᠎ᠤ ᠦᠨᠢᠶ᠎ᠡ) ᠪᠤᠯᠤᠨ᠎ᠠ᠃ ᠭᠤᠤᠯᠳᠠᠭᠤ ᠬᠦᠬᠡᠬᠤᠲᠠ᠂ ᠪᠤᠭᠤᠲᠤ᠂ ᠬᠦᠯᠦᠨ ᠪᠦᠢ᠍ᠷ᠎ᠲᠤ ᠲᠠᠷᠬᠠᠵᠤ ᠪᠠᠶ᠋ᠢᠬᠤ ᠪᠦᠭᠡᠳ ᠪᠤᠰᠤᠳ ᠠᠶ᠋ᠢᠮᠠᠭ ᠬᠤᠲᠠ ᠪᠠᠯᠭ᠋ᠠᠰᠤᠨ᠎ᠳᠤ ᠪᠠᠰᠠ ᠲᠦᠪᠯᠡᠷᠡᠭᠦᠯᠦᠨ ᠮᠠᠯᠵᠢᠵᠤ ᠪᠤᠢ᠃ ᠪᠤᠢ ᠪᠦᠬᠦᠢ ᠡᠭᠦᠯᠳᠡᠷ᠎ᠤᠨ ᠰᠦᠨ᠎ᠤ ᠦᠨᠢᠶᠡᠨ ᠳᠤᠲᠤᠷ᠎ᠠ ᠬᠤᠯᠰᠳ᠋ᠸᠢᠢ᠍ᠨ ᠦᠬᠡᠷ᠎ᠤᠨ ᠰᠦᠨ᠎ᠤ ᠭᠠᠷᠤᠯᠲᠠ᠎ᠨᠢ ᠬᠠᠮᠤᠭ᠎ᠠᠴᠠ ᠦᠨᠳᠦᠷ ᠪᠠᠶ᠋ᠢᠳᠠᠭ᠃ ᠠᠳᠠᠯᠢ ᠪᠤᠰᠤ ᠭᠠᠵᠠᠷ ᠤᠷᠤᠨ᠎ᠳᠤ ᠮᠠᠯᠵᠢᠵᠤ ᠪᠠᠶ᠋ᠢᠭ᠎ᠠ ᠮᠠᠨ᠎ᠤ ᠤᠯᠤᠰ᠎ᠤᠨ ᠬᠤᠯᠰᠳ᠋ᠸᠢᠢ᠍ᠨ ᠦᠬᠡᠷ᠎ᠤᠨ ᠰᠦᠨ᠎ᠤ ᠭᠠᠷᠤᠯᠲᠠ᠎ᠨᠢ ᠴᠤ᠌ ᠮᠠᠰᠢ ᠶᠡᠭᠡ ᠵᠦᠷᠢᠶᠡᠨ᠎ᠲᠠᠢ ᠶᠤᠮ᠃ ᠡᠨᠡ᠎ᠨᠢ ᠡᠯ᠎ᠡ ᠭᠠᠵᠠᠷ ᠤᠷᠤᠨ᠎ᠤ ᠠᠷᠠᠴᠢᠯᠠᠨ ᠬᠠᠮᠢᠶᠠᠷᠤᠯᠲᠠ ᠵᠢᠨ ᠨᠦᠬᠦᠴᠡᠯ᠎ᠲᠠᠢ ᠮᠠᠰᠢ ᠶᠡᠭᠡ ᠬᠤᠯᠪᠤᠭᠳᠠᠯ᠎ᠲᠠᠢ ᠪᠢᠯᠡ᠃ ᠤᠯᠠᠩᠬᠢ ᠭᠠᠵᠠᠷ ᠤᠷᠤᠨ᠎ᠤ ᠬᠤᠯᠰᠳ᠋ᠸᠢᠢ᠍ᠨ ᠦᠬᠡᠷ ᠪᠦᠷᠢ ᠵᠢᠨ ᠵᠢᠯ᠎ᠤᠨ ᠳᠤᠮᠳᠠᠴᠢ ᠰᠦᠨ᠎ᠤ ᠭᠠᠷᠤᠯᠲᠠ᠎ᠨᠢ 5000 ᠺᠢᠯᠦᠭᠷᠡᠮ ᠤᠷᠴᠢᠮ ᠪᠠᠶ᠋ᠢᠵᠤ᠂ ᠮᠠᠨ᠎ᠤ ᠤᠷᠤᠨ᠎ᠤ ᠵᠢᠯ᠎ᠤᠨ ᠳᠤᠮᠳᠠᠴᠢ ᠰᠦᠨ᠎ᠤ ᠭᠠᠷᠤᠯᠲᠠ᠎ᠨᠢ ᠪᠠᠷᠤᠭ 5000 ᠺᠢᠯᠦᠭᠷᠡᠮ ᠤᠷᠴᠢᠮ ᠪᠦᠭᠡᠳ ᠬᠦᠬᠡᠬᠤᠲᠠ ᠵᠢᠨ ᠵᠢᠯ᠎ᠤᠨ ᠳᠤᠮᠳᠠᠴᠢ ᠰᠦᠨ᠎ᠤ ᠭᠠᠷᠤᠯᠲᠠ᠎ᠨᠢ ᠬᠠᠷᠢᠨ 5000 ᠺᠢᠯᠦᠭᠷᠡᠮ᠎ᠠᠴᠠ ᠳᠠᠪᠠᠭᠰᠠᠨ ᠪᠠᠶ᠋ᠢᠨ᠎ᠠ᠃ ᠪᠡᠭᠡᠵᠢᠩ᠂ ᠱᠠᠩᠬᠠᠢ ᠵᠡᠷᠭᠡ ᠠᠷᠠᠴᠢᠯᠠᠨ ᠬᠠᠮᠢᠶᠠᠷᠤᠯᠲᠠ ᠵᠢᠨ ᠨᠦᠬᠦᠴᠡᠯ ᠵᠶ᠋ᠠᠷ ᠨᠡᠯᠢᠶᠡᠳ ᠰᠠᠶ᠋ᠢᠨ ᠮᠦᠷᠲᠡᠭᠡᠨ ᠡᠭᠦᠯᠳᠡᠷ ᠪᠤᠶ᠋ᠢᠵᠢᠭᠤᠯᠬᠤ ᠮᠡᠷᠭᠡᠵᠢᠯ ᠵᠶ᠋ᠠᠷ ᠴᠤ᠌ ᠨᠡᠯᠢᠶᠡᠳ ᠦᠨᠳᠦᠷ ᠭᠠᠵᠠᠷ ᠤᠷᠤᠨ᠎ᠤ ᠬᠤᠯᠰᠳ᠋ᠸᠢᠢ᠍ᠨ ᠦᠬᠡᠷ ᠪᠦᠷᠢ ᠵᠢᠨ ᠵᠢᠯ᠎ᠤᠨ ᠳᠤᠮᠳᠠᠴᠢ ᠰᠦᠨ᠎ᠤ ᠭᠠᠷᠤᠯᠲᠠ᠎ᠨᠢ 8000 ᠺᠢᠯᠦᠭᠷᠡᠮ᠎ᠠᠴᠠ ᠳᠡᠭᠡᠭᠰᠢ ᠪᠠᠶ᠋ᠢᠳᠠᠭ᠃ ᠭᠡᠲᠡᠯ᠎ᠡ ᠠᠷᠠᠴᠢᠯᠠᠨ ᠬᠠᠮᠢᠶᠠᠷᠤᠯᠲᠠ ᠵᠢᠨ ᠨᠦᠭᠦᠴᠡᠯ ᠵᠶ᠋ᠠᠷ ᠨᠡᠯᠢᠶᠡᠳ ᠪᠠᠷᠤᠭᠲᠠᠢ ᠭᠠᠵᠠᠷ ᠤᠷᠤᠨ᠎ᠤ ᠬᠤᠯᠰᠳ᠋ᠸᠢᠢ᠍ᠨ ᠦᠬᠡᠷ ᠪᠦᠷᠢ ᠵᠢᠨ ᠵᠢᠯ᠎ᠤᠨ ᠳᠤᠮᠳᠠᠴᠢ ᠰᠦᠨ᠎ᠤ ᠭᠠᠷᠤᠯᠲᠠ᠎ᠨᠢ ᠵᠦᠪᠬᠡᠨ 3000 ᠺᠢᠯᠦᠭᠷᠡᠮ ᠤᠷᠴᠢᠮ ᠪᠠᠶ᠋ᠢᠳᠠᠭ᠃
(ᠢᠷᠡᠯᠲᠡ᠄ ᠴᠧᠨ ᠪᠠᠭ᠋ᠠᠲᠤᠷ᠂ ᠢ᠊ · ᠰᠤᠶᠤᠯᠲᠤ ᠨᠠᠷ᠎ᠤᠨ ᠨᠠᠶ᠋ᠢᠷᠠᠭᠤᠯᠤᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)