ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠠᠮᠢᠲᠠᠨ ᠭᠤᠣᠯᠲᠠᠨ
ᠮᠣᠩᠭᠤᠯ ᠦᠬᠡᠷ
ᠨᠡᠶ᠋ᠢᠲᠡᠯᠡᠭᠰᠡᠨ ᠴᠠᠭ᠄ 2021-03-05

      ᠮᠣᠩᠭᠤᠯ ᠦᠬᠡᠷ᠎ᠤᠨ ᠲᠦᠷᠦᠯ ᠬᠡᠯᠪᠡᠷᠢ᠎ᠳᠤ ᠬᠠᠷᠢᠶᠠᠯᠠᠭᠳᠠᠨ᠎ᠠ᠃ ᠦᠪᠦᠷ ᠮᠣᠩᠭᠤᠯ ᠪᠣᠯᠣᠨ ᠪᠠᠷᠠᠭᠤᠨ ᠬᠤᠶ᠋ᠢᠲᠤ ᠤᠷᠤᠨ᠂ ᠤᠮᠠᠷᠠᠲᠤ ᠤᠷᠤᠨ᠎ᠤ ᠬᠤᠶ᠋ᠢᠲᠤ ᠬᠡᠰᠡᠭ ᠵᠶ᠋ᠠᠷ ᠲᠠᠷᠬᠠᠵᠤ ᠪᠣᠢ᠃ ᠬᠢᠩᠭ᠋ᠠᠨ ᠳᠠᠪᠠᠭ᠋ᠠᠨ᠎ᠤ ᠵᠡᠭᠦᠨ ᠪᠠ ᠪᠠᠷᠠᠭᠤᠨ ᠬᠤᠷᠮᠤᠢ ᠪᠣᠯ ᠲᠡᠭᠦᠨ᠎ᠤ ᠭᠤᠤᠯ ᠡᠭᠦᠰᠦᠯᠲᠡ ᠵᠢᠨ ᠣᠷᠣᠨ ᠮᠦᠨ᠃ ᠮᠣᠩᠭᠤᠯ ᠦᠬᠡᠷ᠎ᠤᠨ ᠦᠩᠭᠡ ᠵᠢᠰᠦᠮ᠎ᠤᠨ ᠤᠨᠴᠠᠯᠢᠭ᠎ᠨᠢ ᠭᠡᠪᠡᠯ᠂ ᠰᠡᠷᠪᠡᠭᠡ᠎ᠨᠢ ᠳᠤᠤᠷ᠎ᠠ ᠪᠦᠭᠡᠳ ᠲᠡᠭᠰᠢᠬᠡᠨ ᠪᠠᠶ᠋ᠢᠵᠤ᠂ ᠪᠠᠷᠤᠭ ᠨᠢᠷᠤᠭᠤ᠎ᠲᠠᠢ᠎ᠪᠠᠨ ᠠᠳᠠᠯᠢ ᠦᠨᠳᠦᠷ ᠪᠠᠶ᠋ᠢᠳᠠᠭ᠃ ᠵᠣ᠋ ᠨᠢᠷᠤᠭᠤ᠎ᠨᠢ ᠠᠰᠬᠠᠨ ᠪᠦᠭᠡᠳ ᠲᠡᠭᠰᠢ᠂ ᠳᠡᠯᠡᠩ᠎ᠤᠨ ᠪᠣᠶ᠋ᠢᠵᠢᠯᠲᠠ᠎ᠨᠢ ᠪᠤᠰᠤᠳ ᠰᠢᠷ᠎ᠠ ᠦᠬᠡᠷ᠎ᠤᠨ᠎ᠬᠢ᠎ᠠᠴᠠ ᠰᠠᠶ᠋ᠢᠨ ᠪᠠᠶ᠋ᠢᠳᠠᠭ᠃ ᠪᠡᠶ᠎ᠡ ᠵᠢᠨ ᠬᠡᠯᠪᠡᠷᠢ ᠎ᠨᠢ ᠰᠦᠨ ᠬᠡᠷᠡᠭᠯᠡᠭᠦᠨᠲᠦ ᠦᠬᠡᠷ᠎ᠲᠠᠢ ᠤᠶ᠋ᠢᠷᠠᠯᠴᠠᠭ᠎ᠠ ᠶᠣᠮ᠃ ᠡᠪᠡᠷ᠎ᠨᠢ ᠤᠷᠲᠤ ᠪᠦᠭᠡᠳ ᠱᠣᠪᠣᠭᠤᠷ᠂ ᠵᠢᠰᠦᠮ᠎ᠨᠢ ᠤᠯᠠᠩᠬᠢ᠎ᠨᠢ ᠰᠢᠷ᠎ᠠ ᠬᠦᠷᠡᠩ ᠪᠠᠶ᠋ᠢᠵᠤ᠂ ᠬᠠᠷ᠎ᠠ᠂ ᠬᠠᠷ᠎ᠠ ᠠᠯᠠᠭ ᠴᠤ᠌ ᠪᠣᠢ᠃ ᠰᠢᠯᠢᠳᠡᠭ ᠰᠠᠶ᠋ᠢᠨ ᠪᠡᠯᠴᠢᠭᠡᠷ ᠤᠰᠤ᠎ᠲᠠᠢ ᠨᠦᠭᠦᠴᠡᠯ ᠳᠤᠤᠷ᠎ᠠ᠂ ᠰᠦ ᠱᠦᠭᠦᠷᠡᠯ᠎ᠤᠨ ᠬᠤᠭᠤᠴᠠᠭ᠎ᠠ᠎ᠨᠢ ᠵᠦᠪᠬᠡᠨ 160~165 ᠡᠳᠦᠷ ᠪᠠᠶ᠋ᠢᠵᠤ᠂ ᠰᠦᠨ᠎ᠤ ᠵᠢᠯ᠎ᠤᠨ ᠭᠠᠷᠤᠯᠲᠠ᠎ᠨᠢ 500~700 ᠺᠢᠯᠦᠭᠷᠡᠮ᠂ ᠬᠠᠮᠤᠭ᠎ᠤᠨ ᠦᠨᠳᠦᠷ᠎ᠲᠡᠭᠡᠨ 1100 ᠺᠢᠯᠦᠭᠷᠡᠮ᠎ᠳᠤ ᠬᠦᠷᠴᠦ᠂ ᠰᠦᠨ᠎ᠤ ᠲᠤᠰᠤᠯᠢᠭ᠎ᠤᠨ ᠨᠤᠷᠮ᠎ᠠ᠎ᠨᠢ 5.22% ᠪᠠᠶ᠋ᠢᠳᠠᠭ᠃ ᠮᠤᠩᠭᠤᠯ ᠦᠬᠡᠷ᠎ᠤᠨ ᠪᠤᠬᠠᠨ᠎ᠤ ᠪᠡᠶ᠎ᠡ ᠵᠢᠨ ᠬᠦᠨᠳᠦ᠎ᠨᠢ 300~400 ᠺᠢᠯᠦᠭᠷᠡᠮ᠃ ᠦᠨᠢᠶᠡᠨ᠎ᠤ ᠬᠢᠨᠢ 250~350 ᠺᠢᠯᠦᠭᠷᠡᠮ ᠪᠣᠯᠣᠨ᠎ᠠ᠃ ᠮᠢᠬᠠᠨ᠎ᠤ ᠴᠢᠨᠠᠷ᠎ᠨᠢ ᠰᠠᠶ᠋ᠢᠨ᠂ ᠨᠢᠲᠤᠯᠤᠯᠲᠠ ᠵᠢᠨ ᠨᠤᠷᠮ᠎ᠠ᠎ᠨᠢ ᠶᠡᠷᠦ᠎ᠳᠡᠭᠡᠨ 50%᠎ᠳᠤ ᠬᠦᠷᠴᠦ᠂ ᠪᠤᠷᠳᠤᠵᠤ ᠲᠠᠷᠭᠤᠯᠠᠭᠤᠯᠤᠭᠰᠠᠨ ᠦᠬᠡᠷ᠎ᠨᠢ ᠬᠠᠷᠢᠨ 56%᠎ᠳᠤ ᠬᠦᠷᠳᠡᠭ᠃ ᠮᠣᠩᠭᠤᠯ ᠦᠬᠡᠷ᠎ᠤᠨ ᠪᠡᠶ᠎ᠡ ᠴᠤᠭᠴᠠ᠎ᠨᠢ ᠪᠦᠬᠡᠯᠢᠭ᠂ ᠬᠦᠯᠦᠰᠢᠨ᠎ᠤ ᠴᠢᠳᠠᠪᠤᠷᠢ᠎ᠨᠢ ᠴᠢᠩᠭ᠎ᠠ ᠮᠦᠷᠲᠡᠭᠡᠨ ᠳᠠᠭ᠋ᠠᠭ᠋ᠠᠮᠠᠭ᠋ᠠᠢ᠂ ᠡᠩ᠎ᠤᠨ ᠠᠷᠠᠴᠢᠯᠠᠭ᠎ᠠ ᠲᠡᠵᠢᠭᠡᠯᠭᠡ᠎ᠳᠤ ᠳᠠᠭ᠋ᠠᠭ᠋ᠠᠴᠠᠲᠠᠢ ᠪᠦᠭᠡᠳ ᠮᠠᠨ᠎ᠤ ᠣᠯᠣᠰ᠎ᠤᠨ ᠤᠮᠠᠷᠠᠲᠤ ᠤᠷᠤᠨ᠎ᠤ ᠪᠠᠶ᠋ᠢᠭ᠋ᠠᠯᠢ ᠵᠢᠨ ᠤᠷᠴᠢᠨ ᠨᠦᠭᠦᠴᠡᠯ᠎ᠳᠤ ᠵᠤᠬᠢᠴᠠᠬᠤ ᠴᠢᠨᠠᠷ ᠵᠶ᠋ᠠᠷ ᠰᠠᠶ᠋ᠢᠨ ᠪᠠᠶ᠋ᠢᠳᠠᠭ᠃ ᠭᠡᠪᠡᠴᠦ ᠪᠡᠶ᠎ᠡ ᠪᠢᠯᠳᠠᠷ᠎ᠨᠢ ᠪᠠᠭ᠎ᠠ ᠪᠦᠭᠡᠳ ᠪᠡᠶ᠎ᠡ ᠵᠢᠨ ᠬᠤᠶ᠋ᠢᠲᠤ ᠬᠡᠰᠡᠭ᠎ᠤᠨ ᠪᠤᠶ᠋ᠢᠵᠢᠯᠲᠠ᠎ᠨᠢ ᠪᠠᠷᠤᠭᠲᠠᠢ ᠶᠣᠮ᠃



     (ᠢᠷᠡᠯᠲᠡ᠄ ᠴᠧᠨ ᠪᠠᠭ᠋ᠠᠲᠤᠷ᠂ ᠢ᠊ · ᠰᠤᠶᠤᠯᠲᠤ᠂ ᠤᠷᠠᠨᠴᠢᠮᠡᠭ᠂ ᠰᠡᠴᠡᠨᠪᠢᠯᠢᠭ᠂ ᠨᠠᠰᠤᠨᠳᠠᠯᠭᠡᠷ᠂ ᠨᠠᠷᠠᠨ ᠨᠠᠷ᠎ᠤᠨ ᠨᠠᠶ᠋ᠢᠷᠠᠭᠤᠯᠤᠨ ᠵᠤᠬᠢᠶᠠᠭᠰᠠᠨ 《ᠰᠦᠨ᠎ᠤ ᠦᠨᠢᠶᠡᠨ᠎ᠤ ᠠᠷᠠᠴᠢᠯᠠᠭ᠎ᠠ ᠲᠡᠵᠢᠭᠡᠯᠭᠡ ᠵᠢᠨ ᠠᠷᠭ᠎ᠠ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)



ᠢᠷᠡᠯᠲᠡ᠄
          
ᠬᠠᠮᠢᠶ᠎ᠡ ᠪᠦᠬᠦᠢ ᠰᠣᠨᠢᠨ
ᠬᠤᠯᠠᠨ
ᠨᠤᠭᠤᠭ᠋ᠠᠨ ᠲᠤᠭᠤᠰ
ᠲᠣᠭᠣᠳᠠᠭ
ᠰᠢᠪᠠᠭᠤᠳ᠎ᠤᠨ ᠨᠡᠷᠡᠰ
ᠳ᠋ᠤᠯᠤᠸᠧᠺᠧ ᠭᠠᠭ᠍ᠠᠢ
 
             蒙ICP备05000248号