ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠠᠮᠢᠲᠠᠨ ᠭᠤᠣᠯᠲᠠᠨ
ᠬᠤᠯᠠᠨ
ᠨᠡᠶ᠋ᠢᠲᠡᠯᠡᠭᠰᠡᠨ ᠴᠠᠭ᠄ 2021-04-23

      ᠬᠤᠯᠠᠨ ᠪᠤᠯ ᠲᠤᠮᠳᠠᠳᠤ ᠤᠯᠤᠰ᠎ᠤᠨ ᠬᠤᠪᠤᠷ ᠡᠭᠦᠯᠳᠡᠷ ᠪᠤᠯᠤᠨ᠎ᠠ᠃ ᠲᠡᠬᠦᠨ᠎ᠤ ᠢᠵᠢᠯᠢ ᠲᠦᠷᠦᠯᠳᠡᠨ ᠪᠤᠯᠬᠤ᠎ᠲᠠᠬᠢ᠎ᠨᠢ ᠲᠤᠮᠳᠠᠳᠤ ᠤᠯᠤᠰ᠎ᠤᠨ ᠰᠢᠨᠵᠢᠶᠡᠠᠩ ᠨᠤᠳᠤᠭ᠎ᠲᠤ ᠦᠨᠳᠦᠰᠦ ᠲᠠᠰᠤᠷᠠᠭᠰᠠᠨ᠎ᠤ ᠰᠡᠭᠦᠯᠡᠷ ᠬᠤᠯᠠᠨ᠎ᠨᠢ ᠨᠡᠯᠦᠭᠡᠷ ᠭᠤᠪᠢ᠎ᠳᠤ ᠤᠷᠤᠩᠨᠠᠨ ᠠᠮᠢᠳᠤᠷᠠᠵᠤ ᠪᠦᠬᠦᠢ ᠬᠤᠪᠤᠷ ᠡᠭᠦᠯᠳᠡᠷ᠎ᠤᠨ ᠴᠦᠬᠡᠨ ᠠᠮᠢᠳᠠᠨ ᠪᠤᠯᠤᠭᠰᠠᠨ ᠶᠤᠮ᠃ ᠬᠤᠯᠠᠨ᠎ᠤ ᠪᠡᠶ᠎ᠡ ᠬᠦᠯ᠎ᠨᠢ ᠤᠷᠲᠤ ᠪᠤᠯᠬᠤᠷ ᠬᠤᠷᠳᠤᠨ ᠲᠠᠪᠬᠢᠳᠠᠭ᠃ ᠰᠢᠨᠵᠢᠯᠡᠬᠦ ᠤᠬᠠᠭ᠋ᠠᠨᠳᠠᠳ᠎ᠤᠨ ᠬᠡᠷᠡᠴᠢᠯᠡᠭᠰᠡᠨ ᠵᠶ᠋ᠡᠷ᠂ ᠡᠨᠡ ᠠᠮᠢᠳᠠᠨ᠎ᠢ ᠬᠦᠮᠦᠨ ᠠᠮᠢᠲᠠᠨ ᠶᠡᠷᠦ᠎ᠠᠴᠠ ᠭᠠᠷᠰᠢᠭᠤᠯᠤᠭᠰᠠᠨ ᠦᠭᠡᠢ᠃ ᠤᠤᠯ᠎ᠨᠢ ᠬᠦᠬᠡᠨᠡᠭᠤᠷ ᠲᠦᠪᠡᠳ᠎ᠤᠨ ᠦᠨᠳᠦᠷᠯᠢᠭ ᠳᠡᠭᠡᠷ᠎ᠡ ᠬᠡᠳᠦᠨ ᠮᠢᠩᠭ᠎ᠠ᠎ᠪᠠᠷ ᠰᠦᠷᠦᠭᠯᠡᠨ ᠲᠠᠪᠬᠢᠯᠳᠤᠵᠤ ᠦᠨᠡᠭᠡᠷ ᠭᠠᠢ᠌ᠬᠠᠮᠰᠢᠭᠳᠠᠢ ᠬᠠᠷᠠᠭᠳᠠᠳᠠᠭ ᠪᠠᠢ᠌ᠭᠰᠠᠨ ᠪᠤᠯ ᠤᠳᠤ ᠬᠠᠷᠢᠨ ᠬᠦᠮᠦᠨ ᠲᠦᠷᠦᠯᠬᠢᠳᠠᠨ᠎ᠤ ᠴᠦᠯᠪᠡᠯᠳᠠ᠂ ᠠᠩ ᠠᠩᠨᠠᠯ᠂ ᠠᠭᠤᠯᠠ ᠠᠭᠤᠷᠬᠠᠢ ᠵᠢ ᠤᠯᠪᠤᠷᠢᠯᠠᠬᠤ᠎ᠠᠴᠠ ᠪᠤᠯᠵᠤ ᠬᠤᠯᠠᠨ ᠴᠦᠭᠡᠬᠦᠯᠡ ᠯᠡ ᠦᠯᠡᠳᠡᠭᠰᠡᠨ ᠪᠢᠯᠡ᠃
      ᠡᠬᠡ ᠬᠤᠯᠠᠨ᠎ᠨᠢ ᠵᠢᠯ ᠲᠤᠷᠰᠢ ᠪᠠᠷᠤᠭ ᠯᠡ ᠤᠨᠠᠭ᠎ᠠ᠎ᠪᠠᠨ ᠦᠰᠭᠡᠵᠦ ᠪᠤᠢ᠌ᠵᠢᠭᠤᠯᠬᠤ᠎ᠳᠤ ᠶᠠᠭ᠋ᠠᠷᠠᠨ᠎ᠠ᠃ ᠲᠤᠷᠰᠢᠯᠭ᠎ᠠ᠎ᠲᠠᠢ ᠠᠵᠢᠷᠭ᠋ᠠᠨ ᠬᠤᠯᠠᠨ᠎ᠨᠢ ᠤᠨᠠᠭ᠎ᠠ᠎ᠪᠠᠨ ᠦᠰᠴᠦ ᠦᠨᠳᠡᠢ᠌ᠯᠭᠡᠴᠢᠬᠡᠬᠡᠳ ᠰᠦᠷᠦᠭ᠎ᠠᠴᠠ᠎ᠪᠠᠨ ᠰᠠᠯᠵᠦ ᠦᠨᠳᠦᠷᠯᠢᠭ ᠤᠷᠤᠨ᠎ᠳᠤ ᠬᠦᠷᠴᠦ ᠭᠠᠭᠴᠠᠭ᠋ᠠᠷ ᠤᠷᠤᠩᠨᠠᠳᠠᠭ᠃ ᠤᠴᠢᠷ᠎ᠨᠢ ᠨᠠᠰᠤ ᠬᠦᠢ᠍ᠴᠡᠭᠰᠡᠨ ᠬᠤᠯᠠᠨ᠎ᠳᠤ ᠪᠠᠷᠤᠭ ᠬᠠᠯᠳᠠᠬᠤ ᠲᠠᠢ᠌ᠰᠦᠨ ᠦᠭᠡᠢ ᠪᠤᠯᠬᠤᠷ ᠵᠤᠨ᠎ᠤ ᠰᠡᠬᠦᠯᠴᠢ ᠨᠠᠮᠤᠷ᠎ᠤᠨ ᠡᠬᠢᠨ᠎ᠤ ᠬᠡᠬᠡᠯᠳᠦᠬᠦ ᠡᠷᠡᠨ ᠵᠶ᠋ᠡᠷ ᠯᠡ ᠲᠡᠳᠡ ᠰᠠᠶᠢ ᠰᠦᠷᠦᠭ᠎ᠲᠡᠭᠡᠨ ᠪᠤᠴᠠᠵᠤ ᠢᠷᠡᠳᠡᠭ ᠶᠤᠮ᠂ ᠵᠢᠯ ᠪᠦᠷᠢ ᠵᠢᠨ 7— 12 ᠳ᠋ᠤᠭ᠋ᠠᠷ ᠰᠠᠷ᠎ᠠ ᠪᠤᠯ ᠬᠤᠯᠠᠨ᠎ᠤ ᠲᠦᠯᠵᠢᠨ ᠦᠷᠡᠵᠢᠬᠦ ᠬᠤᠭᠤᠴᠠᠭ᠎ᠠ ᠪᠤᠯᠤᠨ᠎ᠠ᠃
      ᠬᠦᠬᠡᠨᠠᠭᠤᠷ᠎ᠤᠨ ᠦᠨᠳᠦᠷᠯᠢᠭ ᠲᠡᠭᠡᠷ᠎ᠡ ᠪᠡᠯᠴᠢᠵᠦ ᠪᠠᠢ᠌ᠭ᠎ᠠ ᠬᠤᠯᠠᠨ᠂ ᠰᠠᠷᠯᠤᠭ᠂ ᠪᠦᠬᠦᠩ᠎ᠤᠨ ᠰᠦᠷᠦᠭ᠎ᠢ ᠬᠠᠷᠠᠬᠤ᠎ᠳᠤ ᠠᠮᠢᠲᠠᠨ ᠪᠦᠬᠦᠨ᠎ᠤ ᠦᠯᠦᠭᠡᠢ ᠪᠤᠯᠤᠭᠰᠠᠨ ᠠᠯᠳᠠᠨ ᠳᠡᠯᠡᠬᠡᠢ — ᠪᠠᠢ᠌ᠭ᠋ᠠᠯᠢ᠎ᠪᠠᠨ ᠤᠯᠠᠮ ᠬᠠᠢ᠌ᠷᠠᠯᠠᠨ ᠬᠢᠮᠠᠭ᠋ᠠᠳᠠᠬᠤ ᠰᠡᠳᠬᠢᠯ ᠲᠦᠷᠦᠭᠳᠡᠬᠦ ᠶᠤᠮ᠃



ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠨᠤᠭᠤᠭ᠋ᠠᠨ ᠲᠤᠭᠤᠰ
ᠲᠣᠭᠣᠳᠠᠭ
ᠰᠢᠪᠠᠭᠤᠳ᠎ᠤᠨ ᠨᠡᠷᠡᠰ
ᠳ᠋ᠤᠯᠤᠸᠧᠺᠧ ᠭᠠᠭ᠍ᠠᠢ
ᠴᠠᠭ᠋ᠠᠨ ᠬᠦᠵᠦᠭᠦᠲᠦ ᠲᠤᠭᠤᠷᠤᠤ
 
             蒙ICP备05000248号