ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠡᠪᠡᠰᠦ ᠤᠷᠭᠤᠮᠠᠯ
ᠠᠳᠤᠭᠤᠨ᠎ᠤ ᠭᠠᠳᠠᠷ ᠡᠷᠭᠡᠳᠡᠨ᠎ᠤ ᠨᠡᠷᠡᠢ᠌ᠳᠤᠯ
ᠨᠡᠶ᠋ᠢᠲᠡᠯᠡᠭᠰᠡᠨ ᠴᠠᠭ᠄ 2020-01-10

      ᠠᠳᠤᠭᠤᠨ᠎ᠤ ᠭᠠᠳᠠᠷ ᠡᠷᠭᠡᠳᠡᠨ᠎ᠤ ᠨᠡᠷᠡᠢ᠌ᠳᠤᠯ᠎ᠳᠤ ᠦᠰᠦ ᠲᠤᠭᠤᠷᠠᠢ ᠵᠢᠨ ᠨᠡᠷᠡᠢ᠌ᠳᠤᠯ᠂ ᠬᠦᠵᠦᠭᠦᠦ ᠲᠣᠯᠤᠭ᠋ᠠᠢ ᠵᠢᠨ ᠨᠡᠷᠡᠢ᠌ᠳᠦᠯ᠂ ᠴᠡᠭᠡᠵᠢ ᠪᠦᠭᠰᠡᠨ ᠬᠡᠰᠡᠭ᠎ᠤᠨ ᠨᠡᠷᠡᠢ᠌ᠳᠤᠯ ᠪᠠᠭᠳᠠᠨ᠎ᠠ᠃

      ᠠᠳᠤᠭᠤᠨ᠎ᠤ ᠦᠰᠦ ᠲᠤᠭᠤᠷᠠᠢ ᠵᠢᠨ ᠨᠡᠷᠡᠢ᠌ᠳᠦᠯ

      ᠠᠳᠤᠭᠤᠨ᠎ᠤ ᠦᠰᠦ ᠲᠤᠭᠤᠷᠠᠢ ᠵᠢᠨ ᠨᠡᠷᠡᠢ᠌ᠳᠤᠯ᠎ᠳᠤ ᠪᠦᠷᠬᠦᠬᠦᠯ ᠦᠰᠦ᠂ ᠬᠦᠬᠦᠯ᠂ ᠳᠡᠯ᠂ ᠮᠣᠨᠳᠠᠭ᠎ᠠ᠂ ᠭᠡᠵᠢᠭᠡ᠂ ᠰᠣᠷᠮᠤᠤᠰᠤ᠂ ᠰᠠᠮᠠᠢ᠂ ᠰᠡᠬᠦᠯ᠂ ᠲᠤᠭᠤᠷᠠᠢ᠂ ᠰᠢᠪᠡᠷᠢ ᠬᠣᠬᠢᠰᠦ ᠭᠡᠬᠦ ᠮᠡᠳᠦ ᠵᠢᠨ ᠣᠯᠠᠨ ᠨᠡᠷ᠎ᠡ ᠪᠣᠢ᠃

      ᠠᠳᠤᠭᠤᠨ᠎ᠤ ᠪᠦᠷᠬᠦᠬᠦᠯ ᠦᠰᠦ

      ᠠᠳᠤᠭᠤ ᠪᠤᠯ ᠪᠦᠬᠦ ᠪᠡᠶ᠎ᠡ᠎ᠳᠡᠭᠡᠨ ᠨᠢᠮᠬᠡᠨ ᠪᠦᠷᠬᠦᠬᠦᠯ ᠦᠰᠦ᠎ᠲᠠᠢ᠃ ᠪᠦᠷᠬᠦᠬᠦᠯ ᠦᠰᠦ᠎ᠨᠢ ᠰᠤᠷ᠂ ᠨᠤᠤᠰᠤᠯᠢᠭ ᠡᠳ᠋᠂ ᠬᠢᠯᠭ᠋ᠠᠰᠦ᠎ᠪᠠᠷ ᠪᠦᠷᠢᠯᠳᠦᠳᠡᠭ ᠪᠦᠭᠡᠳ᠂ ᠬᠣᠨᠢ᠂ ᠢᠮᠠᠭ᠎ᠠ᠂ ᠲᠡᠮᠡᠭᠡ ᠵᠢ ᠪᠣᠳᠤᠪᠠᠯ ᠨᠤᠤᠰᠤᠯᠢᠭ ᠦᠰᠦ᠎ᠨᠢ ᠰᠢᠩᠭᠡᠪᠳᠦᠷᠬᠡᠨ ᠤᠷᠭᠤᠵᠦ᠂ ᠪᠣᠰᠤᠳ ᠭᠠᠵᠠᠷ᠎ᠤᠨ ᠪᠦᠷᠬᠦᠬᠦᠯ ᠦᠰᠦ᠎ᠨᠢ ᠵᠢᠭ᠌ᠳᠠ ᠤᠷᠭᠤᠳᠠᠭ᠃

      ᠠᠳᠤᠭᠤᠨ᠎ᠤ ᠬᠦᠬᠦᠯ

      ᠠᠳᠤᠭᠤᠨ᠎ᠤ ᠲᠣᠯᠤᠭ᠋ᠠᠢ ᠵᠢᠨ ᠣᠪᠤᠭ᠎ᠠ᠎ᠠᠴᠠ ᠰᠢᠯᠢᠨ ᠬᠦᠵᠦᠭᠦᠦ᠂ ᠰᠡᠷᠪᠡᠭᠡ ᠳᠡᠭᠡᠭᠦᠷ᠎ᠨᠢ ᠰᠠᠬᠤᠯᠢᠭ ᠵᠤᠵᠠᠭ᠋ᠠᠨ ᠤᠷᠳᠤ ᠦᠰᠦ ᠤᠷᠭᠤᠳᠠᠭ᠎ᠢ ᠶᠡᠷᠦᠩᠬᠡᠢ᠎ᠳᠤᠨᠢ ᠳᠡᠯ ᠭᠡᠵᠦ ᠨᠡᠷᠡᠯᠡᠳᠡᠭ ᠪᠣᠯᠪᠠᠴᠦ ᠳᠤᠲᠤᠷ᠎ᠠ᠎ᠨᠢ ᠬᠦᠬᠦᠯ᠂ ᠳᠡᠯ᠂ ᠮᠣᠨᠳᠠᠭ᠎ᠠ ᠭᠡᠵᠦ ᠢᠯᠭ᠋ᠠᠳᠠᠭ᠃ ᠠᠳᠤᠭᠤᠨ᠎ᠤ ᠲᠣᠯᠤᠭ᠋ᠠᠢ ᠵᠢᠨ ᠣᠪᠤᠭ᠋ᠠᠨ ᠳᠡᠭᠡᠷᠡᠬᠢ ᠬᠣᠶᠠᠷ ᠴᠢᠬᠢᠨ᠎ᠤ ᠬᠣᠭᠤᠷᠤᠨᠳᠤᠬᠢ ᠦᠰᠦ ᠵᠢ ᠬᠦᠬᠦᠯ ᠭᠡᠵᠦ ᠨᠡᠷᠡᠯᠡᠨ᠎ᠡ᠃ ᠬᠦᠬᠦᠯ᠎ᠢ ᠪᠠᠰᠠ ᠰᠣᠭᠰᠤᠭ᠎ᠠ ᠭᠡᠳᠡᠭ᠃

      ᠠᠳᠤᠭᠤᠨ᠎ᠤ ᠳᠡᠯ

      ᠠᠳᠤᠭᠤᠨ᠎ᠤ ᠬᠣᠶᠠᠷ ᠴᠢᠬᠢ᠎ᠠᠴᠠ ᠠᠷᠤᠨᠰᠢ ᠰᠡᠷᠪᠡᠭᠡ ᠬᠦᠷᠳᠡᠯᠡᠬᠢ ᠦᠰᠦ ᠵᠢ ᠳᠡᠯ ᠭᠡᠳᠡᠭ᠂ ᠠᠳᠤᠭᠤᠨ᠎ᠤ ᠳᠡᠯ ᠤᠷᠳᠤ ᠰᠠᠬᠤᠯᠢᠭ ᠤᠷᠭᠤᠳᠠᠭ᠃ ᠬᠤᠷ ᠳᠡᠯ᠎ᠲᠠᠢ ᠠᠵᠢᠷᠭ᠎ᠠ ᠪᠣᠶᠤ ᠭᠡᠭᠦᠦ ᠵᠢᠨ ᠳᠡᠯ ᠡᠪᠦᠳᠦᠭ ᠵᠶ᠋ᠠᠨ ᠳᠠᠪᠠᠵᠦ ᠭᠠᠵᠠᠷ ᠰᠢᠭᠦᠷᠳᠡᠭ᠃ ᠠᠳᠤᠭᠤᠨ᠎ᠤ ᠳᠡᠯ ᠪᠣᠷᠤᠭᠤᠰᠢ᠎ᠪᠠᠨ ᠵᠦᠪᠰᠢ᠎ᠪᠠᠨ ᠪᠦᠷ ᠤᠨᠵᠠᠢ᠌ᠳᠠᠭ᠂ ᠭᠤᠤᠯ ᠵᠶ᠋ᠠᠷ ᠵᠶ᠋ᠠᠨ ᠤᠷᠳᠤᠯᠵᠢᠨ ᠬᠠᠭ᠋ᠠᠷᠠᠵᠦ ᠬᠣᠶᠠᠷ ᠲᠡᠰᠢ ᠤᠨᠵᠠᠢ᠌ᠭᠰᠠᠨ ᠳᠡᠯ᠎ᠢ ᠱᠠᠩᠬᠤᠯᠠᠵᠦ ᠪᠠᠭᠤᠭᠰᠠᠨ ᠳᠡᠯ ᠭᠡᠳᠡᠭ᠃

      ᠠᠳᠤᠭᠤᠨ᠎ᠤ ᠮᠣᠨᠳᠠᠭ᠎ᠠ

      ᠠᠳᠤᠭᠤᠨ᠎ᠤ ᠰᠡᠷᠪᠡᠭᠡᠨ ᠳᠡᠭᠡᠷᠡᠬᠢ ᠪᠣᠶᠤ ᠰᠡᠷᠪᠡᠭᠡ᠎ᠠᠴᠠ ᠶᠠᠯᠢᠮ ᠦᠭᠡᠢ ᠠᠷᠤᠨᠰᠢᠬᠢ ᠤᠷᠳᠤ ᠦᠰᠦ ᠵᠢ ᠮᠣᠨᠳᠠᠭ᠎ᠠ ᠭᠡᠳᠡᠭ᠃ ᠠᠳᠤᠭᠤᠨ᠎ᠤ ᠳᠡᠯ ᠠᠪᠬᠤ᠎ᠳᠤ ᠮᠣᠨᠳᠠᠭ᠎ᠠ᠂ ᠬᠦᠬᠦᠯ᠎ᠢ᠎ᠨᠢ ᠬᠢᠷᠭ᠋ᠠᠳᠠᠭ ᠦᠭᠡᠢ ᠶᠣᠰᠤ ᠪᠣᠢ᠃

      ᠠᠳᠤᠭᠤᠨ᠎ᠤ ᠰᠣᠷᠮᠤᠤᠰᠤ

      ᠠᠳᠤᠭᠤᠨ᠎ᠤ ᠨᠢᠳᠤᠨ᠎ᠤ ᠠᠨᠢᠰᠬ᠎ᠠ ᠵᠢᠨ ᠢᠷᠮᠡᠭ ᠳᠠᠭᠤ ᠤᠷᠭᠤᠭᠰᠠᠨ ᠤᠷᠳᠤ ᠦᠰᠦ ᠵᠢ ᠰᠣᠷᠮᠤᠤᠰᠤ ᠭᠡᠳᠡᠭ᠃

      ᠠᠳᠤᠭᠤᠨ᠎ᠤ ᠰᠠᠮᠠᠢ

      ᠠᠳᠤᠭᠤᠨ᠎ᠤ ᠰᠡᠭᠦᠯ᠎ᠤᠨ ᠤᠭ᠎ᠤᠨ ᠶᠠᠰᠤ ᠵᠢ ᠪᠦᠷᠬᠦᠵᠦ ᠤᠷᠭᠤᠭᠰᠠᠨ ᠦᠨᠳᠦᠷ ᠬᠢᠯᠭ᠋ᠠᠰᠦ ᠵᠢ ᠰᠠᠮᠠᠢ ᠭᠡᠳᠡᠭ᠃

      ᠠᠳᠤᠭᠤᠨ᠎ᠤ ᠰᠡᠭᠦᠯ

      ᠠᠳᠤᠭᠤᠨ᠎ᠤ ᠶᠠᠰᠦ ᠰᠡᠭᠦᠯ᠎ᠠᠴᠠ ᠳᠣᠷᠤᠭᠰᠢ ᠤᠷᠭᠤᠵᠦ ᠰᠠᠭᠯᠠᠭ᠎ᠠ᠎ᠳᠠᠭᠠᠨ ᠬᠦᠷᠦᠭᠰᠡᠨ ᠤᠷᠳᠤ ᠪᠠᠭᠴᠠ ᠬᠢᠯᠭ᠋ᠠᠰᠦ ᠵᠢ ᠰᠡᠭᠦᠯ   ᠭᠡᠨ᠎ᠡ᠃ ᠪᠠᠰᠠ ᠳᠤᠭ ᠰᠡᠭᠦᠯ ᠭᠡᠬᠦ ᠪᠤᠶᠤ ᠰᠡᠭᠦᠯ᠎ᠤᠨ ᠬᠢᠯᠭ᠋ᠠᠰᠦ ᠭᠡᠳᠡᠭ᠃

      ᠠᠳᠤᠭᠤᠨ᠎ᠤ ᠡᠷᠭᠢᠭᠦᠯᠭᠡ

      ᠠᠳᠤᠭᠤᠨ᠎ᠤ ᠪᠡᠶ᠎ᠡ ᠳᠡᠭᠡᠷᠡᠬᠢ ᠠᠯᠢ ᠨᠢᠭᠡᠨ ᠬᠡᠰᠡᠭ᠎ᠤᠨ ᠦᠰᠦ᠎ᠨᠢ ᠤᠰᠤᠨ᠎ᠤ ᠣᠢ᠌ᠯ   ᠮᠡᠳᠦ ᠡᠷᠭᠢᠭᠦᠯᠭᠡᠨ ᠭᠠᠷᠴᠦ ᠤᠷᠭᠤᠭᠰᠠᠨ᠎ᠢ ᠠᠳᠤᠭᠤᠨ᠎ᠤ ᠡᠷᠭᠢᠭᠦᠯᠭᠡ ᠭᠡᠳᠡᠭ᠃

      ᠦᠪᠦᠷ ᠮᠣᠩᠭᠤᠯ᠎ᠤᠨ ᠰᠢᠨᠵᠢᠯᠡᠬᠦ ᠤᠬᠠᠭ᠋ᠠᠨ ᠲᠸᠩᠨᠢᠭ ᠮᠡᠷᠭᠡᠵᠢᠯ᠎ᠤᠨ ᠬᠡᠪᠯᠡᠯ᠎ᠤᠨ ᠬᠣᠷᠢᠶ᠎ᠠ᠎ᠠᠴᠠ ᠬᠡᠪᠯᠡᠭᠰᠡᠨ 《ᠮᠣᠩᠭᠤᠯ ᠵᠠᠩ ᠦᠢ᠍ᠯᠡ ᠵᠢᠨ ᠨᠡᠪᠳᠡᠷᠬᠡᠢ ᠲᠣᠯᠢ  》 (ᠠᠵᠦ ᠠᠬᠤᠢ ᠵᠢᠨ ᠪᠣᠳᠢ)᠎ᠠᠴᠠ   ᠬᠠᠭᠤᠯᠠᠪᠦᠷᠢᠯᠡᠪᠡ


ᠢᠷᠡᠯᠲᠡ᠄ ᠮᠤᠩᠭᠤᠯ ᠵᠠᠩ ᠦᠢ᠍ᠯᠡ ᠵᠢᠨ ᠨᠡᠪᠳᠡᠷᠬᠡᠢ ᠲᠤᠯᠢ
          
ᠬᠠᠮᠢᠶ᠎ᠡ ᠪᠦᠬᠦᠢ ᠰᠣᠨᠢᠨ
ᠮᠣᠩᠭᠤᠯ ᠠᠳᠤᠭᠤᠨ᠎ᠤ ᠡᠭᠦᠰᠦᠯ ᠭᠠᠷᠤᠯ
ᠠ᠋ᠯᠡᠰᠦᠨ᠎ᠤ ᠣᠷᠬᠣᠳᠠᠢ — ᠴᠠᠭ᠋ᠠᠨ ᠭᠣᠶᠣᠣ
ᠴᠢᠨ᠋ᠸ᠎ᠠ ᠵᠢᠨ ᠬᠠᠷᠮᠠᠭ
ᠬᠡᠭᠡᠷ᠎ᠡ ᠵᠢᠨ ᠬᠦᠢ᠍ᠯᠡᠰᠦ
ᠲᠠᠷᠪᠠᠭ᠋ᠠᠨ ᠰᠢᠭᠢᠷ᠎ᠡ
 
             蒙ICP备05000248号