ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠨᠡᠷᠡᠲᠦ᠍ ᠮᠣᠳᠣ
ᠡᠯ ᠪᠠᠢ ᠶᠠᠩ ᠤᠯᠢᠶᠠᠰᠤ
ᠨᠡᠶ᠋ᠢᠲᠡᠯᠡᠭᠰᠡᠨ ᠴᠠᠭ᠄ 2024-08-21


   ᠡᠯ ᠪᠠᠢ ᠶᠠᠩ ᠤᠯᠢᠶᠠᠰᠤ ᠪᠤᠯ ᠭᠠᠩ ᠳᠠᠭ᠋ᠠᠭ᠋ᠠᠨ᠎ᠠ᠂ ᠵᠢᠯ᠎ᠤᠨ ᠬᠤᠷ᠎ᠠ ᠲᠤᠨᠳᠠᠰᠤ ᠵᠢᠨ ᠬᠡᠮᠵᠢᠶ᠎ᠡ 40-200mm᠂ ᠠᠭ᠋ᠠᠷ᠎ᠤᠨ ᠬᠠᠷᠢᠴᠠᠩᠭᠤᠢ ᠴᠢᠭᠢᠭᠳᠦᠴᠡ ᠲᠤᠮᠳᠠᠴᠢ᠎ᠪᠠᠷ 50 %᠎ᠠᠴᠠ ᠲᠤᠭᠤᠭᠰᠢ ᠪᠠᠢ᠌ᠭᠰᠠᠨ ᠴᠤ᠌ ᠰᠠᠢ᠌ᠨ ᠤᠷᠭᠤᠳᠠᠭ ᠪᠠᠢ᠌ᠨ᠎ᠠ᠃ ᠶᠡᠷᠦ᠎ᠳᠤ᠎ᠪᠠᠨ ᠠᠭ᠋ᠠᠷ᠎ᠤᠨ ᠳᠤᠯᠠᠭ᠋ᠠᠨ -30℃ ᠤᠷᠴᠢᠮ᠂ ᠡᠳᠦᠷ ᠰᠦᠨᠢ ᠵᠢᠨ ᠲᠤᠯᠠᠭ᠋ᠠᠨ᠎ᠤ ᠵᠦᠷᠢᠶ᠎ᠡ ᠨᠡᠯᠢᠶᠠᠳ ᠶᠡᠬᠡ ᠪᠦᠬᠦᠢ ᠨᠦᠬᠦᠴᠡᠯ ᠳᠤᠤᠷ᠎ᠠ ᠴᠤ᠌ ᠬᠡᠪ᠎ᠤᠨ ᠪᠠᠢ᠌ᠳᠠᠯ ᠵᠶ᠋ᠠᠷ ᠤᠷᠭᠤᠨ᠎ᠠ᠃ ᠲᠡᠷᠡ᠎ᠨᠢ ᠬᠠᠷᠢᠨ ᠠᠳᠠᠯᠢᠬᠠᠨ ᠤᠢ ᠵᠢᠨ ᠲᠤᠭᠤᠷᠢᠨ ᠨᠦᠬᠦᠴᠡᠯ ᠳᠤᠤᠷ᠎ᠠ ᠴᠤ᠌ ᠬᠡᠪ᠎ᠤᠨ ᠪᠠᠢ᠌ᠳᠠᠯ ᠵᠶ᠋ᠠᠷ ᠤᠷᠭᠤᠨ᠎ᠠ᠃ ᠲᠡᠷᠡ᠎ᠨᠢ ᠬᠠᠷᠢᠨ ᠠᠳᠠᠯᠢᠬᠠᠨ ᠤᠢ ᠵᠢᠨ ᠲᠤᠭᠤᠷᠢᠨ ᠨᠦᠬᠦᠴᠡᠯ ᠳᠤᠤᠷ᠎ᠠ ᠺᠠᠨᠠᠳᠠ ᠤᠯᠢᠶᠠᠰᠤ᠂ ᠪᠤᠷᠤ ᠤᠯᠢᠶᠠᠰᠤ᠂ ᠢᠳᠡᠷᠡᠬᠦᠨ ᠤᠯᠢᠶᠠᠰᠤ᠎ᠠᠴᠠ ᠰᠠᠢ᠌ᠨ ᠤᠷᠭᠤᠳᠠᠭ᠃
   ᠡᠯ ᠪᠠᠢ ᠶᠠᠩ ᠤᠯᠢᠶᠠᠰᠤ ᠵᠢ ᠦᠷᠡᠵᠢᠬᠦᠯᠬᠦ᠎ᠳᠤ ᠭᠤᠤᠯᠳᠠᠭᠤ ᠤᠰᠤᠯᠠᠬᠤ ᠪᠠ ᠲᠠᠳᠠᠷᠠᠭᠤᠯᠬᠤ ᠨᠦᠬᠦᠴᠡᠯ ᠰᠠᠢ᠌ᠲᠠᠢ ᠦᠩ ᠰᠢᠮᠡᠯᠢᠭ ᠭᠠᠵᠠᠷ ᠤᠭᠲᠤᠯᠤᠨ ᠵᠠᠢ᠌ᠯᠠᠵᠤ ᠴᠢᠬᠢ ᠪᠤᠢ᠌ᠵᠢᠭᠤᠯᠬᠤ ᠠᠷᠭ᠎ᠠ ᠠᠪᠳᠠᠭ᠃ ᠴᠢᠬᠢ ᠰᠠᠭᠤᠯᠭ᠋ᠠᠬᠤ᠎ᠠᠴᠠ ᠡᠮᠦᠨ᠎ᠡ ᠤᠯᠠ ᠪᠤᠷᠳᠤᠭᠤᠷ ᠤᠷᠤᠭᠤᠯᠤᠭ᠋ᠠᠳ ᠭᠠᠵᠠᠷ ᠵᠶ᠋ᠠᠨ ᠨᠢᠮᠪᠠᠢ ᠲᠡᠭᠰᠢᠯᠡᠨ᠎ᠡ᠃ ᠵᠢᠭ᠋ᠠᠬᠠᠨ ᠬᠤᠵᠢᠷᠯᠢᠭ ᠭᠠᠵᠠᠷ᠎ᠳᠤ ᠴᠤ᠌ ᠴᠢᠬᠢ ᠪᠤᠢ᠌ᠵᠢᠭᠤᠯᠵᠤ ᠪᠤᠯᠳᠠᠭ᠃ ᠭᠡᠪᠡᠴᠦ ᠬᠡᠳᠦ ᠬᠤᠵᠢᠷᠯᠢᠭ ᠭᠠᠵᠠᠷ᠎ᠲᠤ ᠴᠢᠬᠢ ᠮᠤᠳᠤᠨ᠎ᠤ ᠬᠦᠷᠢᠶᠠᠯᠠᠩ ᠪᠠᠢ᠌ᠭᠤᠯᠵᠤ ᠪᠤᠯᠬᠤ ᠦᠭᠡᠢ᠃ ᠬᠠᠪᠤᠷ ᠭᠠᠵᠠᠷ ᠭᠡᠰᠦᠭᠰᠡᠨ᠎ᠤ ᠬᠤᠢ᠌ᠨ᠎ᠠ 0.5— 1.6cm ᠪᠦᠳᠦᠬᠦᠨ ᠨᠢᠭᠡ ᠨᠠᠰᠤᠳᠠᠢ ᠨᠠᠢ᠌ᠯᠵᠠᠭᠤᠷ᠎ᠢ 17—25cm ᠤᠷᠲᠤ᠎ᠪᠠᠷ ᠤᠭᠲᠤᠯᠤᠭ᠋ᠠᠳ ᠠᠰᠬᠠᠨ ᠰᠠᠭᠤᠯᠭ᠋ᠠᠵᠤ ᠵᠠᠢ᠌ᠯᠠᠨ᠎ᠠ᠃ ᠲᠡᠭᠡᠭᠡᠳ ᠴᠠᠭ ᠲᠤᠬᠠᠢ᠎ᠳᠤ᠎ᠨᠢ ᠤᠰᠤᠯᠠᠵᠤ᠂ ᠭᠠᠵᠠᠷ ᠳᠤᠤᠷᠠᠬᠢ ᠬᠦᠨᠦᠭᠡᠯᠲᠦ ᠬᠤᠷᠤᠬᠠᠢ ᠴᠢᠬᠢ ᠮᠤᠳᠤ ᠵᠢ ᠭᠡᠮᠳᠦᠭᠡᠬᠦ᠎ᠠᠴᠠ ᠰᠡᠷᠭᠡᠢ᠌ᠯᠡᠬᠦ ᠬᠡᠷᠡᠭᠳᠡᠢ᠃ ᠴᠢᠬᠢ ᠮᠤᠳᠤᠨ᠎ᠤ ᠲᠦᠷᠭᠡᠨ ᠦᠰᠦᠯᠲᠡ ᠵᠢᠨ ᠬᠤᠭᠤᠴᠠᠭ᠋ᠠᠨ᠎ᠳᠤ ᠤᠰᠤ ᠪᠤᠷᠳᠤᠭᠤᠷ᠎ᠤᠨ ᠬᠠᠮᠢᠶᠠᠷᠤᠯᠳᠠ᠎ᠪᠠᠨ ᠴᠢᠩᠭ᠋ᠠᠳᠬᠠᠵᠤ ᠴᠠᠭ ᠲᠤᠬᠠᠢ᠎ᠳᠤ᠎ᠨᠢ ᠡᠪᠡᠰᠦ ᠠᠷᠢᠯᠭ᠋ᠠᠨ ᠲᠡᠩᠨᠠᠬᠤ ᠪᠦᠭᠡᠳ ᠭᠡᠮᠳᠦᠯ ᠬᠤᠷᠤᠬᠠᠢ᠌ᠳᠤᠯ᠎ᠢ ᠰᠡᠷᠭᠡᠢ᠌ᠯᠡᠪᠡᠯ ᠲᠤᠰ ᠵᠢᠯ᠎ᠤᠨ ᠴᠢᠬᠢ ᠮᠤᠳᠤᠨ᠎ᠤ ᠦᠨᠳᠦᠷ 1.4—2.5m᠂ ᠰᠠᠭᠤᠷᠢ ᠵᠢᠨ ᠳ᠋ᠢᠶᠠᠮᠧᠲᠷ 1.7—2cm ᠬᠦᠷᠳᠡᠭ᠃ ᠳᠠᠷᠠᠭ᠎ᠠ ᠬᠠᠪᠤᠷ᠎ᠨᠢ ᠴᠢᠬᠢ ᠮᠤᠳᠤ᠎ᠪᠠᠨ ᠤᠬᠤᠵᠤ ᠠᠪᠤᠭ᠋ᠠᠳ ᠪᠤᠢ᠌ᠵᠢᠭᠤᠯᠵᠤ ᠪᠤᠯᠤᠨ᠎ᠠ᠃
    ᠡᠯ ᠪᠠᠢ ᠶᠠᠩ ᠤᠯᠢᠶᠠᠰᠤ ᠵᠢ ᠭᠤᠤᠯᠳᠠᠭᠤ ᠴᠢᠬᠢ ᠮᠤᠳᠤ᠎ᠪᠠᠷ ᠤᠢ᠌ᠵᠢᠭᠤᠯᠳᠠᠭ ᠪᠤᠯᠪᠠᠴᠤ ᠬᠦᠷᠦᠰᠦ ᠤᠰᠤ ᠰᠠᠢ᠌ᠲᠠᠢ ᠨᠦᠬᠦᠴᠡᠯ ᠳᠤᠤᠷ᠎ᠠ ᠪᠠᠰᠠ ᠵᠠᠢ᠌ᠯᠠᠳᠠᠰᠤ᠎ᠪᠠᠷ ᠤᠢ᠌ᠵᠢᠭᠤᠯᠳᠠᠭ ᠶᠤᠮ᠃ ᠤᠯᠠᠩᠬᠢ᠎ᠳᠤ᠎ᠪᠠᠨ ᠬᠠᠪᠤᠷ ᠭᠠᠵᠠᠷ ᠭᠡᠰᠦᠭᠰᠡᠨ ᠬᠤᠢ᠌ᠨ᠎ᠠ ᠤᠢ᠌ᠵᠢᠭᠤᠯᠤᠨ᠎ᠠ᠃
     ᠵᠠᠢ᠌ᠯᠠᠳᠠᠰᠤ᠎ᠪᠠᠷ ᠤᠢ᠌ᠵᠢᠭᠤᠯᠬᠤ᠎ᠳᠤ ᠶᠡᠷᠦ᠎ᠳᠡᠭᠡᠨ 1.5—2m ᠤᠷᠲᠤ ᠪᠦᠭᠡᠳ ᠨᠠᠷᠢᠨ ᠦᠵᠦᠬᠦᠷ᠎ᠤᠨ ᠳ᠋ᠢᠶᠠᠮᠧᠲᠷ᠎ᠨᠢ 2cm ᠤᠷᠴᠢᠮ᠎ᠤᠨ ᠮᠦᠴᠢᠷ ᠬᠡᠷᠡᠭᠯᠡᠨ᠎ᠡ᠃ 0.7—1 m ᠴᠤᠬᠤᠢ᠌ᠯᠭ᠋ᠠᠳᠠᠭ᠃ ᠵᠠᠢ᠌ᠯᠠᠭᠰᠠᠨ ᠬᠤᠢ᠌ᠨ᠎ᠠ ᠭᠢᠰᠬᠢᠵᠦ ᠴᠢᠩᠭ᠋ᠠᠷᠠᠭᠤᠯᠤᠭ᠋ᠠᠳ ᠤᠰᠤᠯᠠᠵᠤ᠂ ᠰᠢᠷᠤᠢ ᠤᠪᠤᠭ᠋ᠠᠯᠠᠵᠤ ᠦᠭᠭᠦᠨ᠎ᠡ᠃ ᠴᠠᠭ ᠲᠤᠬᠠᠢ᠎ᠳᠤ᠎ᠨᠢ ᠡᠪᠡᠰᠦ ᠠᠷᠢᠯᠭ᠋ᠠᠵᠤ ᠲᠠᠩᠨᠠᠬᠤ ᠪᠠ ᠭᠡᠮᠳᠦᠯ ᠬᠤᠷᠤᠬᠠᠢ᠌ᠳᠤᠯ᠎ᠢ ᠰᠡᠷᠭᠡᠢ᠌ᠯᠡᠬᠦ ᠠᠵᠢᠯ᠎ᠢ ᠰᠠᠢ᠌ᠨ ᠬᠢᠬᠦ ᠬᠡᠷᠡᠭᠳᠡᠢ᠃ ᠢᠯᠡᠬᠦᠦ ᠬᠡᠳᠦ ᠤᠳᠠᠭ᠎ᠠ ᠤᠰᠤᠯᠠᠪᠠᠯ ᠲᠦᠷᠭᠡᠨ ᠤᠷᠭᠤᠳᠠᠭ᠃ ᠮᠦᠨ ᠴᠠᠭ ᠲᠤᠬᠠᠢ᠎ᠳᠤ᠎ᠨᠢ ᠰᠦᠶ᠎ᠡ ᠮᠦᠯᠢᠬᠦ᠂ ᠮᠦᠴᠢᠷ ᠬᠢᠷᠠᠭ᠋ᠠᠬᠤ ᠠᠷᠭ᠎ᠠ᠎ᠪᠠᠷ ᠵᠠᠰᠠᠵᠤ ᠱᠤᠯᠤᠪᠠᠯ ᠮᠤᠳᠤ ᠠᠰᠬᠠᠨ ᠤᠷᠭᠤᠨ᠎ᠠ᠃

ᠢᠷᠡᠯᠲᠡ᠄
          
ᠬᠠᠮᠢᠶ᠎ᠡ ᠪᠦᠬᠦᠢ ᠰᠣᠨᠢᠨ
ᠭᠡᠭᠦᠦ ᠵᠢᠨ ᠰᠦ
ᠤᠷᠠᠨ ᠴᠦᠭᠦᠷᠰᠦ
ᠴᠦᠭᠦᠷᠰᠦ (ᠭᠡᠯᠢᠭ ᠮᠣᠳᠣ)
ᠰᠢᠪᠧᠷᠢᠶ᠎ᠡ ᠵᠣᠳᠣᠣ
ᠪᠣᠳᠢ ᠮᠣᠳᠣ
 
             蒙ICP备05000248号