ᠶᠡᠷᠦᠩᠭᠡᠢ ᠰᠠᠢ᠌ᠳ ᠯᠢ ᠺᠸ ᠴᠢᠶᠠᠩ 11 ᠳ᠋ᠤᠭ᠋ᠠᠷ ᠰᠠᠷ᠎ᠠ ᠵᠢᠨ 29᠎ᠤ ᠠ᠋ᠳᠤᠷ ᠵᠢᠶᠠᠩᠰᠤ ᠮᠤᠵᠢ ᠵᠢᠨ ᠨᠠᠨ ᠳᠦᠩ᠎ᠤᠨ ᠯᠦᠸᠸ ᠯᠠᠢ ᠠᠮᠢᠳᠤᠷᠠᠯ᠎ᠤᠨ ᠰᠢᠨᠵᠢᠯᠠᠬᠦ ᠤᠬᠠᠭ᠋ᠠᠨ ᠮᠡᠷᠭᠡᠵᠢᠯ᠎ᠤᠨ ᠬᠤᠪᠢ ᠤᠷᠤᠭᠤᠯᠤᠭᠰᠠᠨ ᠺᠤᠮᠫᠠᠨᠢ᠎ᠳᠤ ᠰᠢᠨᠵᠢᠯᠡᠨ ᠪᠠᠢ᠌ᠴᠠᠭ᠋ᠠᠭ᠋ᠠᠳ ᠦᠢ᠍ᠯᠡᠳᠪᠤᠷᠢᠯᠡᠯ᠎ᠤᠨ ᠳᠠᠰᠤᠭ᠎ᠠᠴᠠ ᠭᠠᠷᠴᠤ ᠢᠷᠡᠬᠦ᠎ᠳᠤ ᠠᠵᠢᠯᠴᠢᠨ ᠳᠡᠬᠦᠨ᠎ᠢ ᠪᠠᠶᠠᠷᠳᠠᠢ᠎ᠪᠠᠷ ᠬᠦᠷᠢᠶᠡᠯᠠᠨ ᠠᠪᠤᠪᠠ᠃ ᠶᠠᠷᠦᠩᠭᠡᠢ ᠰᠠᠢ᠌ᠳ ᠳᠤᠰ ᠺᠤᠮᠫᠠᠨᠢ᠎ᠳᠤ 1.5 ᠳᠦᠮᠡᠨ ᠠᠵᠢᠯᠴᠢᠨ᠎ᠲᠠᠢ ᠪᠠᠢ᠌ᠵᠤ᠂ ᠠ᠋ᠬᠦᠨ᠎ᠤ 70%᠎ᠠᠴᠠ ᠳᠡᠭᠡᠭᠰᠢᠬᠢ᠎ᠨᠢ ᠳᠠᠷᠢᠶᠠᠴᠢᠨ ᠠ᠋ᠷᠤᠬᠡ ᠵᠢᠨ ᠠᠵᠢᠯᠴᠢᠨ ᠪᠠᠢ᠌ᠬᠤ ᠵᠢ ᠤᠢ᠌ᠯᠠᠭ᠋ᠠᠭᠰᠠᠨᠤ ᠳᠠᠷᠠᠭ᠎ᠠ᠂ ᠳᠡᠳᠡᠨ᠎ᠤ ᠨᠤᠳᠤᠭ ᠤᠰᠤ ᠵᠢ ᠠᠰᠠᠭᠤᠨ᠂ ᠵᠢᠯ ᠴᠠᠭ᠋ᠠᠨ ᠰᠠᠷ᠎ᠠ ᠭᠡᠷ᠎ᠲᠤ᠎ᠪᠠᠨ ᠬᠠᠷᠢᠳᠠᠭ ᠠ᠋ᠰᠡᠬᠦ ᠵᠢ ᠤᠢ᠌ᠯᠠᠭ᠋ᠠᠭᠰᠠᠨ ᠪᠦᠭᠡᠳ ᠳᠡᠳᠡᠨ᠎ᠤ ᠴᠠᠯᠢᠩ ᠤᠯᠭᠤᠮᠵᠢ ᠵᠢ ᠴᠠᠭ ᠳᠠᠷᠤᠢ᠎ᠳᠤ᠎ᠨᠢ ᠳᠤᠭ᠎ᠠ ᠶᠤᠰᠤᠭ᠋ᠠᠷ ᠦᠭᠬᠦ ᠭᠡᠷᠡᠭᠳᠡᠢ ᠭᠡᠵᠤ ᠠᠵᠤ ᠠᠬᠤᠢ᠌ᠯᠠᠯ᠎ᠤᠨ ᠬᠠᠷᠢᠭᠤᠴᠠᠯᠭ᠋ᠠᠳᠠᠨ᠎ᠳᠤ ᠨᠠᠢ᠌ᠳᠠᠪᠠ᠃ ᠶᠡᠷᠦᠩᠭᠡᠢ ᠰᠠᠢ᠌ᠳ᠂ ᠳᠠᠷᠢᠶᠠᠴᠢᠨ ᠠ᠋ᠷᠤᠬᠡ ᠵᠢᠨ ᠠᠵᠢᠯᠴᠢᠨ ᠭᠡᠬᠦ ᠠ᠋ᠨᠡᠬᠦ ᠨᠡᠷᠡᠢ᠌ᠳᠤᠯ᠎ᠢ ᠪᠤᠢ ᠪᠦᠬᠦᠢ ᠳᠤᠮᠳᠠᠳᠤ ᠵᠢᠨ ᠬᠦᠮᠦᠨ ᠵᠢᠴᠢ ᠪᠦᠬᠦ ᠳᠡᠯᠡᠭᠡᠢ᠎ᠪᠠᠷ ᠵᠶ᠋ᠡᠨ ᠬᠦᠨᠳᠦᠳᠭᠡᠪᠡᠯ ᠵᠤᠬᠢᠨ᠎ᠠ᠃ ᠳᠤᠮᠳᠠᠳᠤ ᠤᠯᠤᠰ ᠦᠭᠡᠷᠡᠴᠢᠯᠡᠯᠳᠡ ᠨᠡᠭᠡᠭᠡᠯᠳᠡ ᠬᠢᠭᠰᠡᠨ 40 ᠵᠢᠯ᠎ᠤᠨ ᠳᠤᠷᠰᠢ᠎ᠳᠤ ᠳᠡᠯᠡᠭᠡᠢ ᠳ᠋ᠡᠬᠢᠨᠤ ᠠᠩᠬᠠᠷᠤᠯ᠎ᠢ ᠳᠠᠳᠠᠭᠰᠠᠨ ᠠᠮᠵᠢᠯᠳᠠ ᠪᠦᠳᠦᠭᠡᠯ ᠤᠯᠪᠠ᠂ ᠠ᠋ᠨᠡ᠎ᠨᠢ ᠳᠤᠮᠳᠠᠳᠤ ᠵᠢᠨ ᠬᠦᠮᠦᠨ᠎ᠤ ᠴᠢᠷᠮᠠᠢ᠌ᠯᠭ᠎ᠠ᠎ᠠᠴᠠ ᠰᠠᠯᠵᠤ ᠴᠢᠳᠠᠬᠤ ᠦᠭᠡᠢ᠂ ᠮᠦᠨᠴᠣ ᠦᠷᠭᠡᠨ ᠤᠯᠠᠨ ᠳᠠᠷᠢᠶᠠᠴᠢᠨ ᠠ᠋ᠷᠤᠬᠡ ᠵᠢᠨ ᠠᠵᠢᠯᠴᠢᠨ᠎ᠤ ᠦᠷᠯᠦᠭᠡ ᠦᠳᠡᠰᠢ ᠵᠢ ᠳᠡᠮᠡᠴᠡᠨ ᠠᠵᠢᠯᠯᠠᠵᠤ᠂ ᠳᠦᠮᠡᠨ ᠪᠡᠷᠭᠡ ᠮᠢᠩᠭ᠋ᠠᠨ ᠬᠦᠴᠢᠷ᠎ᠢ ᠳᠤᠭᠤᠯᠤᠨ ᠠᠵᠢᠯᠯᠠᠭᠰᠠᠨ᠎ᠠᠴᠠ ᠰᠠᠯᠵᠤ ᠴᠢᠳᠠᠬᠤ ᠦᠭᠡᠢ ᠭᠡᠵᠤ ᠭᠡᠯᠡᠪᠡ᠃
ᠵᠢᠶᠠᠩᠰᠤ ᠮᠤᠵᠢ ᠵᠢᠨ ᠨᠠᠨ ᠳᠦᠩ᠎ᠤᠨ ᠯᠦᠸᠸ ᠯᠠᠢ ᠠᠮᠢᠳᠤᠷᠠᠯ᠎ᠤᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠬᠤᠪᠢ ᠤᠷᠤᠭᠤᠯᠤᠭᠰᠠᠨ ᠺᠤᠮᠫᠠᠨᠢ ᠪᠠᠢ᠌ᠭᠤᠯᠤᠭᠳᠠᠭᠰᠠᠨ 20 ᠭᠠᠷᠤᠢ ᠵᠢᠯ᠎ᠤᠨ ᠳᠤᠷᠰᠢ᠎ᠳᠤ᠂ ᠨᠡᠭᠡᠮᠡᠯ᠎ᠤᠨ ᠦᠢ᠍ᠯᠡᠰ ᠵᠶ᠋ᠡᠷ ᠳᠤᠯᠭ᠋ᠠᠭᠤᠷᠢᠯᠠᠭᠤᠯᠵᠤ᠂ 12 ᠵᠢᠯ ᠳᠠᠷᠠᠭ᠋ᠠᠯᠠᠨ ᠤᠯᠤᠰ᠎ᠤᠨ ᠳᠤᠳᠤᠭ᠋ᠠᠳᠤ ᠵᠢᠨ ᠠᠳᠠᠯᠢ ᠳᠦᠷᠦᠯ᠎ᠤᠨ ᠦᠢ᠍ᠯᠡᠳᠬᠦᠨ᠎ᠤ ᠵᠠᠬ᠎ᠠ ᠳᠡᠯᠭᠡᠬᠦᠷ᠎ᠤᠨ ᠳᠦᠷᠦᠬᠦᠨ᠎ᠳᠤ ᠵᠢᠬᠰᠠᠭ᠋ᠠᠭᠳᠠᠵᠠᠢ᠃ ᠪᠦᠭᠡᠮ ᠵᠶ᠋ᠡᠷ ᠪᠤᠷᠤᠯᠠᠭᠤᠯᠬᠤ ᠪᠠ ᠰᠦᠯᠵᠢᠶ᠎ᠠ᠎ᠪᠠᠷ ᠪᠤᠷᠤᠯᠠᠭᠤᠯᠬᠤ ᠵᠢ ᠤᠶᠠᠯᠳᠤᠭᠤᠯᠤᠨ ᠭᠡᠷᠡᠭᠯᠡᠭᠴᠢᠳ᠎ᠲᠤ ᠳᠦᠬᠦᠮ ᠦᠵᠡᠬᠦᠯᠵᠤ᠂ ᠠ᠋ᠨᠡ ᠵᠢᠯ᠎ᠤᠨ ᠳᠡᠭᠡᠷ᠎ᠠ ᠬᠠᠭ᠋ᠠᠰ ᠵᠢᠯ᠎ᠤᠨ ᠡᠵᠡᠩᠨᠡᠯᠳᠡ ᠵᠢᠨ ᠤᠷᠤᠯᠭ᠎ᠠ ᠪᠤᠯᠤᠨ ᠠᠰᠢᠭ ᠬᠤᠨᠵᠢᠪᠤᠷᠢ᠎ᠨᠢ ᠶᠡᠭᠡᠪᠡᠷ ᠨᠡᠮᠡᠭᠳᠡᠭᠰᠡᠨ ᠪᠠᠢ᠌ᠨ᠎ᠠ᠃ ᠶᠡᠷᠦᠩᠭᠡᠢ ᠰᠠᠢ᠌ᠳ᠂ ᠨᠡᠭᠡᠮᠡᠯ᠎ᠤᠨ ᠠᠵᠤ ᠦᠢ᠍ᠯᠡᠰ᠎ᠢ ᠰᠤᠨᠤᠰᠬᠤ᠎ᠳᠤ ᠤᠯᠠᠮᠵᠢᠯᠠᠯᠳᠤ ᠠᠵᠤ ᠦᠢ᠍ᠯᠡᠰ ᠪᠤᠯᠪᠠᠴᠤ ᠬᠦᠴᠦ ᠤᠷᠤᠭᠤᠯᠤᠨ ᠰᠢᠨ᠎ᠠ ᠵᠢ ᠠ᠋ᠬᠦᠳᠴᠤ᠂ ᠰᠢᠨ᠎ᠠ ᠬᠠᠭᠤᠴᠢᠨ᠎ᠤ ᠰᠤᠯᠢᠯᠴᠠᠭ᠎ᠠ ᠵᠢ ᠳᠦᠷᠭᠡᠳᠭᠡᠨ᠂ ᠡᠯ᠎ᠡ ᠳᠦᠷᠦᠯ᠎ᠤᠨ ᠭᠡᠷᠡᠭᠯᠡᠭᠴᠢᠳ᠎ᠤᠨ ᠭᠡᠷᠡᠭᠴᠡᠭᠡ ᠵᠢ ᠳᠠᠰᠤᠷᠠᠯᠳᠠ ᠦᠭᠡᠢ ᠬᠠᠩᠭ᠋ᠠᠬᠤ᠎ᠳᠤ ᠬᠦᠷᠪᠠᠯ ᠤᠯᠠᠮᠵᠢᠯᠠᠯᠳᠤ ᠠᠵᠤ ᠦᠢ᠍ᠯᠡᠰ᠎ᠨᠢ ᠴᠤ᠌ ᠤᠯᠠᠮᠵᠢᠯᠠᠯᠲᠤ ᠪᠤᠰᠤ ᠪᠤᠯᠵᠤ ᠪᠤᠯᠤᠨ᠎ᠠ ᠭᠡᠵᠤ ᠭᠡᠯᠡᠪᠡ᠃



