ᠯᠢ ᠺᠧ ᠴᠢᠶᠠᠩ ᠶᠡᠷᠤᠩᠬᠡᠢ ᠰᠠᠢ᠌ᠳ 3 ᠳ᠋ᠤᠭ᠋ᠠᠷ ᠰᠠᠷ᠎ᠠ ᠵᠢᠨ 8᠎ᠤ ᠠ᠋ᠳᠤᠷ᠎ᠤᠨ ᠦᠳᠡ ᠵᠢᠨ ᠠ᠋ᠮᠤᠨ᠎ᠡ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠣᠭᠡᠯᠡᠭᠴᠢᠳ᠎ᠤᠨ ᠶᠡᠬᠡ ᠬᠤᠷᠠᠯ᠎ᠤᠨ ᠬᠣᠶᠠᠳᠤᠭ᠋ᠠᠷ ᠤᠳᠠᠭ᠋ᠠᠨ᠎ᠤ ᠬᠤᠷᠠᠯ᠎ᠤᠨ ᠬᠤᠪᠸᠢ ᠵᠢᠨ ᠲᠦᠯᠣᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ᠎ᠳᠤ ᠣᠷᠣᠯᠴᠠᠭ᠋ᠠᠳ᠂ ᠵᠠᠬ᠎ᠠ ᠳᠡᠯᠭᠡᠭᠦᠷᠵᠢᠯᠳᠡ᠂ ᠬᠠᠤᠯᠢᠵᠢᠯᠲᠠ᠂ ᠳᠡᠯᠡᠬᠡᠢ᠌ᠵᠢᠯᠲᠡ ᠵᠢᠨ ᠲᠡᠷᠢᠭᠦᠨ ᠰᠠᠢ᠌ᠨ ᠬᠤᠳᠠᠯᠳᠤᠭ᠎ᠠ ᠡᠵᠡᠩᠨᠡᠯᠲᠡ ᠵᠢᠨ ᠣᠷᠴᠢᠨ ᠲᠣᠭᠣᠷᠢᠨ᠎ᠢ ᠠ᠋ᠭᠦᠳᠤᠨ ᠪᠦᠲᠤᠭᠡᠬᠦ᠎ᠳᠤ ᠨᠡᠩ ᠢᠯᠡᠭᠦᠤ ᠢᠲᠡ ᠭᠦᠴᠤ ᠣᠷᠣᠭᠤᠯᠵᠤ ᠭᠠᠢ᠌ᠯᠢ ᠵᠢ ᠬᠠᠰᠤᠵᠤ ᠦᠷᠲᠡᠭ᠎ᠢ ᠪᠠᠭᠤᠷᠠᠭᠤᠯᠬᠤ ᠪᠠ ᠦᠢ᠍ᠯᠡᠳᠪᠤᠷᠢ ᠡᠵᠡᠩᠨᠡᠯᠲᠡ ᠵᠢᠨ ᠴᠢᠨᠠᠷᠲᠠᠢ ᠦᠷᠲᠡᠭ᠎ᠢ ᠪᠠᠭᠤᠷᠠᠭᠤᠯᠬᠤ ᠮᠦᠷᠳᠡᠭᠡᠨ ᠴᠢᠨᠠᠭᠰᠢᠳᠠ ᠳᠦᠷᠢᠮ᠎ᠤᠨ ᠴᠢᠨᠠᠷᠲᠠᠢ ᠠᠷᠠᠯᠵᠢᠶᠠᠯᠠᠬᠤ ᠦᠷᠲᠡᠭ᠎ᠢ ᠪᠠᠭᠤᠷᠠᠭᠤᠯᠬᠤ ᠬᠡᠷᠡᠭᠲᠠᠢ ᠭᠡᠵᠡᠢ᠃ ᠶᠡᠷᠤᠩᠬᠡᠢ ᠰᠠᠢ᠌ᠳ ᠪᠠᠰᠠ᠂ ᠨᠢᠳᠣᠨᠣᠨ ᠵᠢᠯ ᠬᠤᠪᠸᠢ ᠵᠢᠨ ᠠᠵᠤ ᠠᠬᠤᠢ ᠨᠡᠢ᠌ᠬᠡᠮ᠎ᠤᠨ ᠬᠦᠭᠵᠢᠯᠲᠡ ᠵᠢᠨ ᠭᠣᠣᠯ ᠭᠦᠢ᠍ᠴᠡᠳᠬᠡᠬᠦ ᠲᠣᠭ᠎ᠠ ᠪᠦᠷ ᠪᠦᠬᠦ ᠤᠯᠤᠰ᠎ᠤᠨ ᠬᠢᠷᠢ ᠬᠡᠮᠵᠢᠶ᠎ᠡ᠎ᠠᠴᠠ ᠳᠠᠪᠠᠭᠰᠠᠨ ᠶᠤᠮ᠃ ᠲᠠ ᠨᠠᠷ ᠦᠷᠭᠦᠯᠵᠢᠯᠡᠨ 〈〈ᠲᠠᠯᠪᠢᠬᠤ ᠬᠠᠮᠢᠶᠠᠷᠬᠤ ᠦᠢ᠍ᠯᠡᠴᠢᠯᠡᠬᠦ〉〉 ᠦᠭᠡᠷᠡᠴᠢᠯᠡᠯᠲᠡ᠎ᠪᠠᠨ ᠭᠦᠨᠵᠡᠭᠡᠢ᠌ᠷᠡᠭᠦᠯᠤᠨ᠂ 〈〈ᠬᠠᠲᠠᠭᠤ ᠣᠷᠴᠢᠨ〉〉 ᠵᠶ᠋ᠠᠨ ᠳᠠᠰᠤᠷᠠᠯ ᠦᠭᠡᠢ ᠰᠢᠯᠢᠳᠡᠭᠵᠢᠭᠦᠯᠬᠦ ᠬᠡᠷᠡᠭᠲᠠᠢ; ᠵᠠᠮ ᠬᠠᠷᠢᠯᠴᠠᠭ᠎ᠠ ᠵᠡᠷᠭᠡ ᠰᠠᠭᠤᠷᠢ ᠲᠦᠬᠦᠭᠡᠷᠤᠮᠵᠢ ᠵᠢᠨ ᠪᠦᠲᠤᠭᠡᠨ ᠪᠠᠢ᠌ᠭᠤᠯᠤᠯᠲᠠ᠎ᠪᠠᠨ ᠲᠡᠭᠦᠯᠳᠡᠷᠵᠢᠭᠦᠯᠤᠨ᠂ 〈〈ᠬᠠᠲᠠᠭᠤ ᠣᠷᠴᠢᠨ〉〉 ᠵᠶ᠋ᠠᠨ ᠦᠷᠭᠦᠯᠵᠢᠯᠡᠨ ᠦᠭᠡᠷᠡᠴᠢᠯᠡᠬᠦ ᠬᠡᠷᠡᠭᠲᠠᠢ; 〈〈ᠨᠦᠬᠦᠴᠡᠯ ᠪᠦᠷᠢᠯᠲᠤᠭᠦᠯᠤᠨ ᠪᠡᠯᠡ ᠣᠷᠣᠭᠤᠯᠤᠭᠴᠢᠳᠢ ᠤᠷᠢᠬᠤ〉〉 ᠠᠷᠭ᠎ᠠ᠎ᠪᠠᠷ ᠵᠦᠭ ᠪᠦᠷᠢ ᠵᠢᠨ ᠴᠢᠳᠠᠪᠦᠷᠢᠲᠠᠨ᠎ᠢ ᠴᠤᠭᠯᠠᠭᠤᠯᠤᠨ᠂ ᠵᠠᠬ᠎ᠠ ᠲᠡᠯᠭᠡᠭᠦᠷ᠎ᠤᠨ ᠢᠳᠡᠪᠬᠢ ᠭᠦᠴᠤᠨ᠎ᠢ ᠨᠡᠩ ᠰᠠᠢ᠌ᠨ ᠬᠦᠭᠵᠢᠭᠡᠵᠤ᠂ ᠠᠵᠤ ᠠᠬᠤᠢ ᠵᠢᠨ ᠤᠷᠤᠭᠤᠳᠠᠬᠤ ᠳᠠᠷᠤᠭ᠋ᠠᠰᠤ ᠵᠢ ᠲᠤᠯᠵᠤ᠂ ᠬᠤᠪᠸᠢ ᠵᠢᠨ ᠬᠦᠭᠵᠢᠯᠲᠡ ᠵᠢ ᠦᠷᠭᠦᠯᠵᠢᠯᠡᠨ ᠳᠤᠮᠳᠠ ᠣᠷᠣᠨ᠎ᠤ ᠲᠡᠷᠢᠭᠦᠨ᠎ᠳᠤᠨᠢ ᠶᠠᠪᠤᠬᠤ ᠵᠢ ᠪᠠᠲᠤᠯᠠᠬᠤ ᠵᠢᠨ ᠬᠠᠮᠲᠤ ᠪᠠᠰᠠ ᠵᠡᠭᠦᠨ ᠣᠷᠣᠨ᠎ᠲᠠᠢ 〈〈ᠵᠢᠭᠦᠷ ᠬᠣᠯᠪᠣᠨ ᠵᠡᠷᠭᠡ᠎ᠪᠡᠷ ᠨᠢᠰᠬᠦ〉〉 ᠬᠡᠷᠡᠭᠲᠠᠢ ᠭᠡᠪᠡ᠃
