ᠴᠠᠭ ᠦᠶ᠎ᠡ ᠵᠢᠨ ᠴᠡᠨᠡᠭ ᠬᠦᠴᠦᠨ
——《ᠨᠠᠢ᠌ᠬᠡᠮ》 ᠰᠡᠳᠭᠦᠯ ᠤᠨ ᠵᠣᠬᠢᠶᠠᠯ ᠪᠦᠲᠦᠭᠡᠯ᠎ᠤᠨ ᠵᠢᠱ᠌ᠢᠶᠡᠨ ᠳᠡᠭᠡᠷ᠎ᠡ
ᠰ᠊ · ᠪᠤᠶᠠᠨᠲᠣᠭᠲᠠᠬᠣ ᠵᠤᠬᠢᠶᠠᠪᠠ
ᠰᠢ ᠵᠢᠨ ᠫᠢᠩ ᠶᠡᠷᠦᠩᠭᠡᠢ ᠱᠦᠵᠢ ᠪᠦᠬᠦ ᠣᠯᠣᠰ᠎ᠤᠨ ᠠᠷᠪᠠᠨ ᠭᠤᠷᠪᠠᠳᠣᠭ᠋ᠠᠷ ᠬᠤᠭᠤᠴᠠᠭ᠋ᠠᠨ᠎ᠤ ᠠᠷᠠᠳ᠎ᠤᠨ ᠲᠥᠯᠦᠭᠡᠯᠡᠭᠴᠢᠳ᠎ᠤᠨ ᠶᠡᠬᠡ ᠬᠤᠷᠠᠯ᠎ᠤᠨ ᠭᠤᠷᠪᠠᠳᠣᠭ᠋ᠠᠷ ᠤᠳᠠᠭ᠋ᠠᠨ᠎ᠤ ᠬᠤᠷᠠᠯ᠎ᠤᠨ ᠦᠪᠦᠷ ᠮᠣᠩᠭᠣᠯ᠎ᠤᠨ ᠲᠦᠯᠦᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ ᠳᠤ ᠤᠷᠣᠯᠴᠠᠬᠣᠳᠤᠪᠠᠨ ᠄《ᠲᠤᠮᠳᠠᠳᠣ ᠣᠯᠣᠰ᠎ᠤᠨ ᠡᠪ ᠬᠠᠮᠲᠣ ᠨᠠᠮ᠎ᠤᠨ ᠰᠠᠭᠣᠷᠢ᠎ᠨᠢ ᠠᠷᠠᠳ ᠲᠦᠮᠡᠨ᠎ᠳᠤ ᠪᠠᠢ᠌ᠨ᠎ᠠ᠃ ᠠᠮᠢᠨ ᠰᠦᠨᠡᠰᠦ᠎ᠨᠢ ᠠᠷᠠᠳ ᠲᠦᠮᠡᠨ᠎ᠳᠤ ᠪᠠᠢ᠌ᠨ᠎ᠠ᠃ ᠨᠠᠮ᠎ᠠᠴᠠ ᠪᠦᠬᠦ ᠣᠯᠤᠰ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭ᠋ᠠᠭᠣᠯᠵᠣ᠂ ᠨᠠᠢ᠌ᠬᠡᠮ ᠵᠢᠷᠣᠮ᠎ᠤᠨ ᠪᠦᠳᠦᠭᠡᠨ ᠪᠠᠢ᠌ᠭᠣᠯᠣᠯᠲᠠ ᠬᠢᠬᠦ ᠦᠨᠳᠦᠰᠦᠨ ᠵᠣᠷᠢᠯᠭ᠎ᠠ ᠪᠣᠯ ᠠᠷᠠᠳ ᠲᠦᠮᠡᠨ ᠵᠶ᠋ᠡᠨ ᠵᠣᠯ ᠵᠢᠷᠭ᠋ᠠᠯ᠎ᠲᠠᠢ ᠠᠮᠢᠳᠣᠷᠠᠭᠣᠯᠬᠣ ᠵᠢᠨ ᠲᠦᠯᠦᠭᠡ ᠶᠤᠮ》 ᠭᠡᠵᠣ ᠲᠤᠳᠣᠷᠬᠠᠢ ᠳᠣᠷᠠᠳᠣᠭᠰᠠᠨ ᠪᠦᠭᠡᠳ ᠦᠪᠦᠷ ᠮᠣᠩᠭᠣᠯ᠎ᠤᠨ ᠦᠷᠭᠡᠨ ᠣᠯᠠᠨ ᠠᠷᠠᠳ ᠲᠦᠮᠡᠨ 《ᠮᠣᠩᠭᠣᠯ ᠮᠤᠷᠢᠨ᠎ᠤ ᠵᠣᠷᠢᠭ ᠰᠠᠨᠠᠭ᠎ᠠ》 ᠵᠢ ᠪᠠᠳᠠᠷᠭᠣᠯᠵᠤ᠂ ᠨᠠᠮ᠎ᠤᠨ ᠲᠥᠪ ᠬᠤᠷᠢᠶᠠᠨ᠎ᠤ ᠰᠢᠢ᠍ᠳᠪᠦᠷᠢᠲᠦ ᠠᠷᠭ᠎ᠠ ᠪᠤᠳᠣᠯᠭ᠎ᠠ ᠵᠢ ᠡᠷᠡᠰ ᠲᠤᠭᠤᠰᠢᠯᠠᠭᠤᠯᠵᠤ᠂ ᠠᠷᠠᠳ ᠲᠦᠮᠡᠨ ᠵᠶ᠋ᠡᠷ ᠭᠣᠣᠯ ᠪᠤᠯᠭ᠋ᠠᠬᠣ ᠬᠦᠭᠵᠢᠯᠲᠡ ᠵᠢᠨ ᠦᠵᠡᠯ ᠰᠠᠨᠠᠭ᠎ᠠ ᠵᠢ ᠪᠠᠷᠢᠮᠲᠠᠯᠠᠵᠣ᠂ 《ᠭᠤᠷᠪᠠᠨ ᠶᠡᠬᠡ ᠪᠤᠭᠣᠮᠲᠠ ᠰᠢᠪᠲᠣᠯᠬᠤ》᠂ 《ᠵᠢᠷᠭᠣᠭ᠎ᠠ ᠵᠢ ᠲᠤᠭᠲᠠᠪᠤᠷᠢᠵᠢᠭᠤᠯᠬᠣ》᠂ 《 ᠵᠢᠷᠭᠣᠭ᠎ᠠ ᠵᠢ ᠪᠠᠲᠣᠯᠠᠬᠤ》 ᠡᠭᠦᠷᠭᠡ ᠵᠢ ᠪᠦᠬᠦ ᠲᠠᠯ᠎ᠠ᠎ᠪᠠᠷ ᠨᠠᠢ᠌ᠳᠠᠪᠦᠷᠢᠵᠢᠭᠣᠯᠣᠨ᠂ ᠶᠠᠳᠠᠭᠣ᠎ᠠᠴᠠ ᠠᠩᠭᠢᠵᠢᠷᠠᠭᠣᠯᠬᠤ ᠪᠤᠭᠣᠮᠲᠠ ᠰᠢᠪᠲᠣᠯᠬᠤ ᠰᠢᠢ᠍ᠳᠪᠦᠷᠢᠲᠦ ᠲᠠᠢ᠌ᠯᠳᠣᠭ᠋ᠠᠨᠤ ᠬᠠᠷᠠᠯᠲᠠ ᠡᠭᠦᠷᠭᠡ᠎ᠪᠠᠨ ᠪᠡᠶᠡᠯᠡᠭᠦᠯᠬᠦ ᠵᠢ ᠦᠨᠡᠨ ᠬᠦ᠌ ᠪᠠᠲᠣᠯᠠᠵᠣ᠂ ᠨᠡᠢ᠌ᠬᠡᠮ ᠵᠢᠷᠦᠮᠲᠦ ᠤᠲᠣᠭᠢᠴᠢᠯᠠᠭᠰᠠᠨ ᠣᠯᠤᠰᠢ ᠪᠦᠬᠦ ᠲᠠᠯ᠎ᠠ᠎ᠪᠠᠷ ᠪᠦᠳᠦᠭᠡᠨ ᠪᠠᠢ᠌ᠭᠣᠯᠬᠤ ᠰᠢᠨ᠎ᠡ ᠴᠠᠭ ᠦᠶ᠎ᠡ ᠵᠢᠨ ᠠᠶᠠᠨ ᠵᠠᠮ᠎ᠳᠤ ᠦᠪᠦᠷ ᠮᠣᠩᠭᠣᠯ᠎ᠤᠨ ᠬᠦᠭᠵᠢᠯᠲᠡ ᠵᠢᠨ ᠰᠢᠨ᠎ᠡ ᠬᠠᠭᠣᠳᠠᠰᠣ ᠪᠢᠴᠢᠭᠯᠡᠬᠦ ᠵᠢ ᠬᠦᠰᠡᠵᠡᠢ᠃
ᠶᠠᠳᠠᠭᠣ᠎ᠠᠴᠠ ᠠᠩᠭᠢᠵᠢᠷᠠᠭᠣᠯᠬᠣᠨᠢ ᠨᠢᠭᠡ ᠨᠠᠮ᠎ᠤᠨ ᠭᠡᠰᠢᠭᠦᠨ᠎ᠤ ᠡᠭᠦᠷᠭᠡ ᠲᠡᠳᠦᠢ ᠪᠤᠰᠣ ᠂ ᠨᠢᠭᠡ ᠬᠦᠮᠦᠨ᠂ ᠨᠢᠭᠡ ᠠᠢ᠌ᠯ ᠲᠣᠰᠬᠣᠨ᠂ ᠨᠢᠭᠡ ᠤᠷᠣᠨ ᠭᠠᠵᠠᠷ᠎ᠤᠨ ᠠᠵᠢᠯᠯᠠᠭ᠎ᠠ ᠴᠦ᠍ ᠪᠢᠰᠢ ᠂ ᠰᠢᠨ᠎ᠡ ᠴᠠᠭ ᠦᠶ᠎ᠡ ᠳᠤ᠎ᠬᠢ ᠪᠦᠬᠦ ᠨᠠᠮ᠎ᠤᠨ ᠲᠠᠷᠬᠠᠨ ᠡᠭᠦᠷᠭᠡ ᠬᠠᠷᠢᠭᠣᠴᠠᠯᠭ᠎ᠠ ᠮᠦᠨ᠃ 《ᠨᠠᠢ᠌ᠬᠡᠮ》 ᠰᠡᠳᠭᠦᠯ ᠡᠨᠡ ᠡᠭᠦᠷᠭᠡ ᠵᠢ ᠬᠦᠯᠢᠶᠡᠵᠦ᠂ ᠡᠯ᠎ᠡ ᠭᠠᠵᠠᠷ ᠨᠤᠲᠣᠭ ᠤᠨ ᠶᠠᠳᠠᠭᠣ᠎ᠠᠴᠠ ᠠᠩᠭᠢᠵᠢᠷᠠᠭᠣᠯᠬᠣ ᠪᠣᠭᠣᠮᠲᠠ ᠰᠢᠪᠲᠤᠯᠤᠯᠲᠠ ᠳᠤ᠎ᠬᠢ ᠨᠠᠮ᠎ᠤᠨ ᠺᠠᠳ᠋ᠷ᠎ᠤᠨ ᠵᠢᠱ᠌ᠢᠶᠡᠴᠢ ᠦᠢ᠍ᠯᠡ ᠠᠵᠢᠯᠯᠠᠭ᠎ᠠ ᠵᠢ ᠲᠡᠮᠳᠡᠭᠯᠡᠭᠰᠡᠨ ᠵᠤᠬᠢᠶᠠᠯ (ᠪᠢ 2020 ᠣᠨ᠎ᠤ ᠨᠢᠭᠡᠳᠦᠭᠡᠷ ᠬᠤᠭᠤᠴᠠᠭ᠎ᠠ ᠠᠴᠠ 2021 ᠣᠨ᠎ᠤ ᠭᠣᠷᠪᠠᠳᠣᠭ᠋ᠠᠷ ᠬᠤᠭᠤᠴᠠᠭ᠎ᠠ ᠬᠦᠷᠲᠡᠯᠡᠬᠢ ᠰᠡᠳᠭᠥᠯᠢ ᠣᠩᠰᠢᠭᠰᠠᠨ ᠶᠤᠮ)᠎ᠢ ᠬᠤᠭᠤᠴᠠᠭ᠎ᠠ ᠳᠠᠷᠠᠭ᠋ᠠᠯᠠᠨ ᠨᠠᠢ᠌ᠲᠡᠯᠡᠭᠰᠡᠭᠡᠷ ᠪᠠᠢ᠌ᠯ᠎ᠠ᠃ ᠪᠦᠬᠦ ᠨᠠᠮ ᠪᠦᠬᠦ ᠤᠯᠣᠰ᠎ᠤᠨ ᠦᠨᠳᠦᠰᠦᠲᠡᠨ ᠨᠦᠭᠦᠳ᠎ᠤᠨ ᠠᠷᠠᠳ ᠲᠦᠮᠡᠨ᠎ᠤ ᠬᠠᠮᠲᠦ ᠵᠢᠨ ᠴᠢᠷᠮᠠᠢ᠌ᠯᠭ᠎ᠠ᠎ᠪᠠᠷ ᠳᠣᠮᠳᠠᠳᠣ ᠤᠯᠣᠰ᠎ᠤᠨ ᠡᠪ ᠬᠠᠮᠲᠦ ᠨᠠᠮ ᠪᠠᠢ᠌ᠭᠣᠯᠣᠭᠳᠠᠭᠰᠠᠨ100 ᠵᠢᠯ᠎ᠤᠨ ᠤᠢ ᠵᠢ ᠤᠭᠲᠣᠵᠣ ᠪᠠᠢ᠌ᠭ᠎ᠠ ᠴᠠᠭ ᠮᠦᠴᠡ᠎ᠳᠤ 《ᠶᠠᠳᠠᠭᠣ᠎ᠠᠴᠠ ᠠᠩᠭᠢᠵᠢᠷᠠᠭᠣᠯᠬᠣ ᠪᠤᠭᠣᠮᠲᠠ ᠰᠢᠪᠲᠤᠯᠤᠯᠲᠠ》 ᠵᠢ ᠪᠡᠶᠡᠯᠡᠭᠦᠯᠬᠦ ᠬᠠᠨᠳᠣᠯᠭ᠎ᠠ᠎ᠳᠤ 《ᠨᠠᠢ᠌ᠬᠡᠮ》 ᠰᠡᠳᠭᠦᠯ᠎ᠠᠴᠠ ᠠᠬᠠᠮᠠᠳ ᠵᠤᠬᠢᠶᠠᠯᠴᠢ ᠪᠦᠷᠢᠨᠪᠠᠶᠠᠷ᠂ ᠢᠳᠡᠷ ᠵᠣᠬᠢᠶᠠᠯᠴᠢ ᠬᠠᠩᠳᠠᠭᠣᠳ ᠣᠰᠤᠨᠪᠤᠳᠣᠭᠤᠨ ᠪᠢᠴᠢᠭᠰᠡᠨ 《ᠮᠠᠯᠴᠢᠨ ᠠᠢ᠌ᠯ᠎ᠤᠨ ᠵᠠᠮ》 ᠭᠡᠳᠡᠭ ᠪᠠᠷᠢᠮᠲᠡ᠎ᠲᠦ ᠷᠤᠮᠠ᠎ᠨᠢ ᠪᠢᠳᠠᠨ᠎ᠤ ᠬᠠᠷᠠᠭ᠋ᠠᠨ᠎ᠳᠤ ᠬᠦᠷᠭᠡᠵᠡᠢ᠃ ᠡᠭᠦᠨ᠎ᠳᠤ ᠵᠠᠷᠤᠳ ᠬᠤᠰᠢᠭᠣᠨᠤ ᠪᠠᠶᠠᠨᠲᠠᠯ᠎ᠠ ᠰᠣᠮᠣᠨ᠎ᠤ ᠵᠡᠭᠦᠨ ᠰᠠᠯᠠᠭ᠎ᠠ ᠭᠠᠴᠠᠭ᠋ᠠᠨ᠎ᠤ ᠨᠠᠮ ᠤᠨ ᠡᠭᠦᠷ᠎ᠤᠨ ᠱᠦᠵᠢ᠂ ᠠᠷᠪᠠᠨ ᠭᠣᠷᠪᠠᠳᠣᠭ᠋ᠠᠷ ᠬᠤᠭᠤᠴᠠᠭ᠋ᠠᠨ᠎ᠤ ᠪᠦᠬᠦ ᠤᠯᠣᠰ᠎ᠤᠨ ᠠᠷᠠᠳ᠎ᠤᠨ ᠲᠦᠯᠦᠭᠡᠯᠡᠭᠴᠢᠳ᠎ᠤᠨ ᠶᠠᠬᠡ ᠬᠣᠷᠠᠯ᠎ᠤᠨ ᠲᠥᠯᠦᠭᠡᠯᠡᠭᠴᠢ᠂ 《ᠮᠠᠯᠴᠢᠨ ᠠᠢ᠌ᠯ ᠬᠤᠷᠰᠢᠶᠠᠵᠢᠯ》 ᠢ ᠡᠭᠦᠰᠭᠡᠨ ᠪᠠᠢ᠌ᠭᠣᠯᠣᠭᠴᠢ᠂ ᠦᠬᠡᠷ ᠲᠡᠵᠢᠭᠡᠵᠣ ᠮᠠᠯᠴᠢᠨ ᠲᠦᠮᠡᠨ ᠵᠶ᠋ᠡᠨ ᠪᠠᠶᠠᠵᠢᠯ᠎ᠤᠨ ᠵᠠᠮ ᠵᠶ᠋ᠠᠷ ᠬᠦᠳᠦᠯᠦᠨ ᠳᠠᠭ᠋ᠠᠭ᠋ᠠᠭᠣᠯᠣᠭᠰᠠᠨ ᠡᠣ ᠶᠦᠨ ᠪᠦᠸᠸ ᠨᠦᠬᠦᠷ᠎ᠤᠨ ᠦᠢ᠍ᠯᠡ ᠠᠵᠢᠯᠯᠠᠭ᠎ᠠ ᠪᠠᠷ ᠳᠠᠮᠵᠢᠭᠣᠯᠵᠣ᠂ ᠠᠷᠠᠳ ᠲᠦᠮᠡᠨ ᠵᠶ᠋ᠡᠨ ᠳᠠᠢ᠌ᠴᠢᠯᠠᠵᠣ᠂ ᠤᠷᠣᠨ ᠨᠣᠳᠣᠭ᠎ᠤᠨ ᠪᠤᠳᠠᠲᠠᠢ ᠪᠠᠢ᠌ᠳᠠᠯ ᠵᠶ᠋ᠡᠨ ᠦᠨᠳᠦᠰᠦᠯᠡᠵᠦ᠂ ᠰᠢᠨᠵᠢᠯᠡᠬᠦ ᠣᠬᠠᠭ᠋ᠠᠨᠴᠢ᠎ᠪᠠᠷ ᠰᠢᠨ᠎ᠡ ᠵᠠᠮ᠎ᠢ ᠨᠡᠭᠡᠭᠡᠨ᠂ ᠠᠷᠠᠳ ᠲᠦᠮᠡᠨ᠎ᠤ ᠲᠦᠯᠦᠭᠡ ᠬᠦᠴᠢᠷ ᠪᠡᠷᠬᠡ ᠵᠢ ᠲᠣᠭᠣᠯᠣᠨ ᠳᠠᠪᠠᠵᠣ᠂ ᠪᠦᠬᠦ ᠰᠡᠳᠭᠢᠯ ᠪᠦᠬᠦ ᠵᠣᠷᠢᠭ ᠵᠶ᠋ᠠᠷ ᠵᠶ᠋ᠠᠨ ᠠᠵᠢᠯᠯᠠᠭᠰᠠᠨ ᠰᠢᠨ᠎ᠡ ᠴᠠᠭ ᠦᠶ᠎ᠡ ᠵᠢᠨ ᠵᠢᠱ᠌ᠢᠶᠡᠴᠢ ᠨᠠᠮ᠎ᠤᠨ ᠭᠡᠰᠢᠬᠦᠨ᠎ᠤ ᠲᠥᠷᠢ ᠵᠢᠷᠤᠭ ᠢ ᠳᠣᠳᠣᠷᠠᠭᠤᠯᠪᠠ᠃
ᠪᠦᠷᠢᠨᠪᠠᠶᠠᠷ ᠪᠠᠭᠰᠢᠲᠠᠨ᠂ ᠬᠠᠩᠳᠠᠭᠣᠳ ᠣᠰᠤᠨᠪᠤᠳᠣᠭ ᠪᠠᠭᠰᠢ ᠵᠢᠨ ᠪᠢᠷ᠎ᠤᠨ ᠦᠵᠦᠭᠦᠷ᠎ᠲᠤ ᠠᠮᠢᠯᠠᠭᠰᠠᠨ ᠡᠣ ᠶᠦᠨ ᠪᠦᠸᠸ ᠠᠮᠢᠳᠣ ᠲᠤᠯᠢ ᠪᠤᠯᠵᠣ ᠭᠡᠷᠡᠯᠳᠣᠪᠠ᠃ ᠡᠨᠡ ᠬᠦ᠌ ᠪᠦᠳᠦᠭᠡᠯ᠎ᠳᠤ ᠬᠦᠳᠡᠭᠡ ᠲᠣᠰᠬᠣᠨ ᠮᠠᠯᠵᠢᠬᠤ ᠤᠷᠣᠨ᠎ᠤ ᠶᠠᠳᠠᠭᠤ᠎ᠠᠴᠠ ᠠᠩᠭᠢᠵᠢᠷᠠᠬᠤ ᠪᠠᠶᠠᠵᠢᠯ᠎ᠤᠨ ᠵᠠᠮ᠎ᠳᠤ ᠠᠮᠢ ᠠᠬᠤᠢ ᠵᠢ ᠬᠡᠷᠬᠢᠨ ᠲᠡᠩᠴᠡᠭᠦᠯᠵᠦ ᠬᠠᠮᠠᠭ᠋ᠠᠯᠠᠬᠤ ᠲᠤᠬᠠᠢ᠂ ᠠᠵᠣ ᠦᠢ᠍ᠯᠡᠰ᠎ᠤᠨ ᠬᠡᠯᠬᠢᠶ᠎ᠠ ᠵᠢ ᠶᠠᠭ᠋ᠠᠬᠢᠵᠤ ᠪᠦᠲᠦᠭᠡᠨ ᠪᠠᠢ᠌ᠭᠣᠯᠬᠣ ᠠᠰᠠᠭᠣᠳᠠᠯ᠂ ᠤᠷᠣᠨ ᠨᠤᠲᠣᠭ᠎ᠤᠨ ᠣᠨᠴᠠᠯᠢᠭ ᠪᠦᠬᠦᠢ ᠵᠢᠭᠣᠴᠢᠯᠠᠯ᠎ᠤᠨ ᠴᠡᠭ᠎ᠢ ᠬᠡᠷᠬᠢᠨ ᠰᠣᠩᠭᠣᠵᠣ᠂ ᠡᠷᠬᠢᠯᠡᠬᠦ᠂ ᠬᠦᠭᠵᠢᠭᠦᠯᠬᠦ ᠲᠤᠬᠠᠢ᠂ ᠠᠢ᠌ᠯ ᠭᠠᠴᠠᠭ᠎ᠠ ᠶᠠᠳᠠᠭᠣ᠎ᠠᠴᠠ ᠠᠩᠭᠢᠵᠢᠷᠠᠬᠤ ᠪᠠ ᠳᠠᠬᠢᠨ ᠶᠠᠳᠠᠭᠤᠷᠠᠭᠣ ᠠᠴᠠ ᠰᠡᠷᠭᠡᠢ᠌ᠯᠡᠬᠦ ᠲᠤᠬᠠᠢ᠂ ᠬᠦᠳᠡᠭᠡ ᠲᠣᠰᠬᠣᠨ ᠮᠠᠯᠵᠢᠬᠣ ᠤᠷᠣᠨ᠎ᠳᠤ ᠬᠦᠮᠦᠨ ᠠᠮᠠᠨ᠎ᠤ ᠰᠡᠢ᠌ᠷᠡᠭᠵᠢᠯᠤᠨ ᠲᠤᠬᠠᠢ᠎ᠳᠤ ᠵᠠᠯᠠᠭᠣᠴᠣᠳ᠎ᠲᠤ ᠶᠠᠮᠠᠷᠬᠠᠨ ᠨᠦᠭᠦᠴᠡᠯ᠎ᠢ ᠬᠠᠩᠭ᠋ᠠᠨ ᠥᠭᠴᠦ ᠬᠦᠳᠡᠭᠡ ᠨᠤᠲᠣᠭ᠎ᠤᠨ ᠪᠦᠳᠦᠭᠡᠨ ᠪᠠᠢ᠌ᠭᠣᠯᠣᠯᠲᠠ᠎ᠳᠤ ᠲᠡᠳᠡᠨ᠎ᠤ ᠢᠳᠡᠪᠬᠢᠵᠢᠯ᠎ᠢ ᠬᠡᠷᠬᠢᠨ ᠪᠠᠳᠠᠷᠠᠭᠣᠯᠬᠣ ᠲᠤᠬᠠᠢ᠂ ᠬᠦᠳᠡᠭᠡ ᠨᠤᠳᠣᠭ᠎ᠤᠨ ᠨᠠᠰᠤᠵᠢᠯ᠎ᠤᠨ ᠠᠰᠠᠷᠠᠮᠵᠢ ᠵᠢᠨ ᠠᠰᠠᠭᠤᠳᠠᠯ᠎ᠢ ᠬᠡᠷᠬᠢᠨ ᠰᠢᠢ᠍ᠳᠪᠦᠷᠢᠯᠡᠬᠦ ᠲᠤᠬᠠᠢ ᠠᠯᠢ ᠣᠯᠠᠨ ᠨᠠᠢ᠌ᠬᠡᠮ᠎ᠳᠤ ᠬᠤᠯᠪᠤᠭᠳᠠᠭᠰᠠᠨ ᠲᠤᠮᠦ ᠠᠰᠠᠭᠣᠳᠠᠯ᠎ᠳᠤ ᠬᠠᠨᠳᠣᠭᠣᠯᠵᠣ ᠬᠦᠳᠡᠭᠡ ᠲᠣᠰᠬᠣᠨ ᠮᠠᠯᠵᠢᠬᠤ ᠤᠷᠣᠨ᠎ᠤ ᠶᠠᠳᠠᠭᠣ᠎ᠠᠴᠠ ᠠᠩᠭᠢᠵᠢᠷᠠᠭᠣᠯᠬᠣ ᠪᠣᠭᠣᠮᠲᠠ ᠰᠢᠪᠲᠤᠯᠤᠯᠲᠠ ᠵᠢᠨ ᠠᠭᠣᠣ ᠶᠠᠬᠡ ᠲᠡᠣᠬᠡᠳᠦ ᠡᠭᠦᠷᠭᠡ ᠵᠢ ᠪᠡᠶᠡᠯᠡᠭᠦᠯᠬᠦ᠎ᠳᠤ ᠲᠤᠯᠭ᠋ᠠᠷᠠᠭᠰᠠᠨ ᠦᠵᠡᠯ ᠲᠠᠨᠢᠯᠲᠠ ᠵᠢ ᠦᠨᠡᠨ ᠮᠦᠨ ᠵᠶ᠋ᠡᠷ ᠳᠣᠰᠬᠠᠪᠠ᠃ 《ᠮᠠᠯᠴᠢᠨ ᠠᠢ᠌ᠯ ᠬᠤᠷᠰᠢᠶᠠᠵᠢᠯ》᠎ᠤᠨ ᠪᠤᠳᠠᠲᠠᠢ ᠦᠢ᠍ᠯᠡ ᠶᠠᠪᠤᠳᠠᠯ ᠵᠶ᠋ᠡᠷ ᠡᠣ ᠶᠦᠨ ᠪᠦᠸᠸ ᠨᠦᠬᠦᠷ ᠠᠷᠠᠳ ᠲᠦᠮᠡᠨ ᠵᠶ᠋ᠡᠨ ᠳᠠᠢ᠌ᠴᠢᠯᠠᠨ ᠬᠦᠳᠦᠯᠵᠦ᠂ ᠠᠯᠢᠪᠠ ᠬᠦᠴᠢᠷ ᠪᠡᠷᠬᠡᠰᠢᠶᠡᠯ᠎ᠢ ᠢᠯᠠᠨ ᠲᠠᠭᠤᠯᠵᠤ ᠠᠮᠵᠢᠯᠲᠠ᠎ᠳᠤ ᠬᠦᠷᠦᠭᠰᠡᠨ ᠰᠢᠨ᠎ᠡ ᠰᠡᠳᠬᠢᠬᠦᠢ᠂ ᠰᠢᠨ᠎ᠡ ᠲᠠᠨᠢᠯᠲᠠ᠂ ᠰᠢᠨ᠎ᠡ ᠠᠷᠭ᠎ᠠ ᠪᠠᠷᠢᠯ ᠵᠡᠷᠭᠡ ᠠᠯᠢ ᠣᠯᠠᠨ ᠲᠤᠷᠰᠢᠯᠭ᠎ᠠ ᠰᠣᠷᠭ᠋ᠠᠮᠵᠢ ᠵᠢ ᠪᠢᠳᠠᠨ ᠳᠤ ᠬᠦᠷᠲᠡᠭᠡᠭᠰᠡᠨ ᠠᠵᠢ᠃ ᠡᠨᠡ ᠵᠢᠱ᠌ᠢᠶ᠎ᠡ᠎ᠲᠠᠢ 《ᠨᠠᠢ᠌ᠬᠡᠮ》 ᠰᠡᠳᠭᠦᠯ᠎ᠳᠤ ᠪᠦᠷᠢᠨᠪᠠᠶᠠᠷ ᠪᠠᠭᠰᠢᠲᠠᠨ᠂ ᠬᠠᠩᠳᠠᠭᠣᠳ ᠣᠰᠤᠨᠪᠤᠳᠣᠭᠤᠨ 《ᠮᠠᠯᠴᠢᠨ ᠠᠢ᠌ᠯ᠎ᠤᠨ ᠵᠠᠮ》 ᠭᠡᠳᠡᠭ ᠮᠡᠳᠡᠭᠡᠯᠡᠯ᠎ᠤᠨ ᠵᠤᠬᠢᠶᠠᠯ᠎ᠠᠴᠠ ᠭᠠᠳᠠᠨ᠎ᠠ᠄
ᠣᠶᠣᠨᠪᠢᠯᠢᠭ᠌᠎ᠤᠨ 《ᠳᠡᠮᠡᠴᠢᠠᠴᠠ ᠳᠣᠭᠣᠯᠳᠣᠬᠣ ᠪᠡᠭᠡᠵᠢᠩ᠎ᠤᠨ ᠳᠠᠭᠣᠨ》 ᠭᠡᠳᠡᠭ ᠵᠤᠬᠢᠶᠠᠯ᠎ᠳᠤ ᠪᠡᠭᠡᠵᠢᠩ᠎ᠤᠨ ᠳ᠋ᠠ ᠰᠢᠩ ᠲᠤᠭᠤᠷᠢᠭ᠎ᠠᠴᠠ ᠲᠣᠮᠢᠯᠠᠭᠰᠠᠨ ᠰᠢᠯᠢ ᠵᠢᠨ ᠭᠣᠣᠯ ᠠᠢ᠌ᠮᠠᠭ᠎ᠤᠨ ᠰᠦᠨᠢᠳ ᠪᠠᠷᠠᠭᠣᠨ ᠬᠤᠰᠢᠭᠣᠨ ᠳᠤ᠎ᠬᠢ ᠶᠠᠳᠠᠭᠣ ᠵᠢ ᠲᠡᠳᠭᠦᠬᠦ ᠺᠠᠳ᠋ᠷ ᠶᠠᠩ ᠵᠢᠶᠠ ᠮᠢᠨ᠋ ᠡᠷᠢᠶᠡᠨᠨᠠᠭᠣᠷ ᠰᠣᠮᠣᠨ᠎ᠤ ᠨᠠᠢ᠍ᠮᠠᠨ ᠮᠠᠯᠵᠢᠬᠤ ᠭᠠᠴᠠᠭ᠋ᠠᠨ᠎ᠤ ᠬᠦᠳᠡᠯᠮᠦᠷᠢ ᠵᠢᠨ ᠴᠢᠳᠠᠪᠤᠷᠢ᠎ᠪᠠᠨ ᠠᠯᠳᠠᠭᠰᠠᠨ ᠮᠠᠯᠴᠢᠳ᠎ᠤᠨ 21 ᠡᠷᠦᠬᠡ ᠵᠢ ᠬᠠᠪᠰᠣᠷᠴᠦ ᠨᠣᠲᠣᠭ᠎ᠤᠨ ᠭᠠᠷᠣᠯᠲᠠ ᠵᠢ ᠵᠠᠬ᠎ᠠ ᠵᠡᠭᠡᠯᠢ᠎ᠳᠤ ᠣᠷᠣᠭᠣᠯᠣᠭᠰᠠᠨ ᠦᠢ᠍ᠯᠡ ᠠᠵᠢᠯᠯᠠᠭ᠎ᠠ᠎ᠠᠴᠠ ᠲᠠᠨᠢᠯᠴᠠᠭᠣᠯᠪᠠ᠃
ᠰ᠊ · ᠪᠦᠬᠡᠴᠢᠯᠠᠭᠤ ᠵᠢᠨ 《ᠢᠲᠡᠭᠡᠯ᠎ᠠᠴᠠ ᠤᠢ᠌ᠯᠡᠰ ᠪᠤᠰᠣᠨᠠ》 ᠭᠡᠳᠡᠭ ᠵᠤᠬᠢᠶᠠᠯ᠎ᠳᠤ 《ᠬᠦᠮᠦᠨ ᠬᠤᠪᠢᠷᠠᠵᠣ ᠬᠦᠯᠦᠭ ᠬᠤᠰᠢᠭᠣᠷᠠᠨᠠ》 ᠭᠡᠭᠴᠢ᠎ᠪᠠᠷ ᠨᠣᠷᠵᠢᠮ᠎ᠠ ᠱᠦᠵᠢ ᠲᠠᠪᠤᠨ ᠵᠢᠯ᠎ᠤᠨ ᠬᠤᠭᠤᠴᠠᠭ᠋ᠠᠨ᠎ᠳᠤ ᠬᠠᠲᠠᠭᠣ ᠭᠠᠴᠠᠭ᠎ᠠ ᠵᠢ ᠬᠤᠪᠢᠷᠠᠭᠣᠯᠣᠭᠰᠠᠨ ᠦᠢ᠍ᠯᠡ ᠠᠵᠢᠯᠯᠠᠭ᠎ᠠ ᠵᠢ ᠲᠤᠪᠴᠢ ᠲᠡᠮᠳᠡᠭᠯᠡᠪᠡ᠃
ᠯᠢ ᠴᠢᠦ ᠰᠢᠶᠠᠩ ᠨᠠᠷ᠎ᠤᠨ ᠪᠢᠴᠢᠭᠰᠡᠨ 《ᠣᠯᠠᠨ ᠠᠷᠭ᠎ᠠ ᠵᠠᠮ ᠵᠶ᠋ᠠᠷ ᠶᠠᠳᠠᠭᠣ ᠬᠦᠴᠢᠷᠲᠡᠯ᠎ᠲᠠᠢ ᠡᠷᠦᠬᠡ ᠵᠢᠨ ᠤᠷᠣᠯᠭ᠎ᠠ ᠵᠢ ᠨᠡᠮᠡᠭᠳᠡᠭᠦᠯᠦᠯ᠎ᠡ》 ᠭᠡᠳᠡᠭ ᠵᠤᠬᠢᠶᠠᠯ᠎ᠳᠤ ᠬᠢᠩᠭ᠋ᠠᠨ ᠠᠢ᠌ᠮᠠᠭ᠎ᠤᠨ ᠰᠠᠨ ᠾᠧ ᠲᠤᠰᠬᠣᠨ ᠰᠣᠯᠣᠩᠭᠣᠰ ᠦᠨᠳᠦᠰᠦᠲᠡᠨ᠎ᠤ ᠲᠦᠪᠯᠡᠷᠡᠨ ᠰᠠᠭᠣᠷᠢᠰᠢᠭᠰᠠᠨ ᠣᠨᠴᠠᠯᠢᠭ᠎ᠢ ᠲᠦᠰᠢᠭᠯᠡᠨ ᠳᠣᠲᠣᠷᠭ᠎ᠠ ᠲᠠᠷᠢᠵᠦ᠂ ᠵᠢᠭᠤᠯᠴᠢᠯᠠᠯ᠎ᠤᠨ ᠦᠢ᠍ᠯᠡᠰ᠎ᠢ ᠬᠦᠭᠵᠢᠭᠦᠯᠦᠭᠰᠡᠨ᠎ᠠᠴᠠ ᠠᠩᠬᠠᠨ ᠮᠢᠩᠭ᠎ᠠ ᠭᠠᠷᠣᠢ ᠲᠦᠭᠦᠷᠢᠭ᠎ᠤᠨ ᠤᠷᠣᠯᠭ᠎ᠠ᠎ᠲᠠᠢ ᠪᠠᠢ᠌ᠭᠰᠠᠨ ᠶᠠᠳᠠᠭᠣ ᠤᠷᠣᠨ ᠬᠦᠭᠵᠢᠭᠡᠳ ᠬᠦᠮᠦᠨ ᠪᠦᠷᠢ ᠲᠡᠭᠰᠢᠳᠭᠡᠭᠡᠳ ᠠᠷᠪᠠᠨ ᠬᠤᠶᠠᠷ ᠲᠦᠮᠡᠨ ᠲᠦᠭᠦᠷᠢᠭ᠎ᠤᠨ ᠤᠷᠣᠯᠭ᠎ᠠ᠎ᠳᠤ ᠬᠦᠷᠦᠭᠰᠡᠨ ᠦᠢ᠍ᠯᠡ ᠶᠠᠪᠤᠳᠠᠯ᠎ᠢ ᠬᠠᠷᠠᠭᠤᠯ᠎ᠤᠨ᠂ ᠭᠣᠣᠯᠳᠠᠭᠣ 《ᠬᠤᠪᠢ ᠲᠡᠮᠳᠡᠭᠯᠡᠬᠦ》 ᠠᠷᠭ᠎ᠠ ᠵᠢ ᠬᠡᠷᠡᠭᠵᠢᠭᠦᠯᠦᠭᠰᠡᠨ᠎ᠠᠴᠠ ᠰᠢᠨ᠎ᠡ ᠬᠤᠪᠢᠷᠠᠯᠲᠠ ᠭᠠᠷᠣᠭᠰᠠᠨ ᠭᠡᠳᠡᠭ᠎ᠢ ᠮᠡᠳᠡᠭᠡᠯᠡᠪᠡ᠃
ᠰᠢᠨᠡᠪᠢᠯᠢᠭ᠎ᠤᠨ 《ᠭᠠᠷ ᠣᠷᠠᠯᠠᠯ᠎ᠠᠴᠠ ᠪᠠᠶᠠᠵᠢᠯ᠎ᠤᠨ ᠵᠠᠮ ᠲᠤᠷᠠᠢ᠌ᠨᠠ》 ᠭᠡᠳᠡᠭ ᠵᠤᠬᠢᠶᠠᠯ᠎ᠳᠤ ᠣᠯᠠᠭ᠋ᠠᠨᠴᠠᠪ ᠬᠤᠲᠠ ᠵᠢᠨ ᠴᠠᠬᠠᠷ ᠪᠠᠷᠠᠭᠣᠨ ᠭᠠᠷᠤᠨ ᠬᠣᠢ᠌ᠲᠦ ᠬᠤᠰᠢᠭᠣᠨᠤ ᠴᠠᠭ᠋ᠠᠠᠠᠤᠪᠣᠭᠠ ᠦᠨᠳᠦᠰᠦᠲᠡᠨ᠎ᠤ ᠭᠠᠷ ᠤᠷᠠᠯᠠᠯ᠎ᠤᠨ ᠪᠦᠳᠦᠭᠡᠭᠳᠡᠬᠦᠨ᠎ᠤ ᠺᠣᠮᠫᠠᠨᠢ ᠶᠠᠳᠠᠭᠤ ᠲᠡᠳᠬᠦᠵᠦ ᠦᠢ᠍ᠯᠡᠰ ᠪᠦᠳᠦᠭᠡᠭᠰᠡᠨ ᠬᠦᠭᠵᠢᠯ ᠪᠠᠳᠠᠷᠠᠯ᠎ᠢ ᠲᠡᠮᠳᠡᠭᠯᠡᠪᠡ᠃
ᠢᠣᠢ ᠯᠠᠠ᠂ ᠨᠠᠪᠴᠢ ᠨᠠᠷ᠎ᠤᠨ 《ᠵᠢᠷᠭ᠋ᠠᠯᠠᠩᠲᠦ ᠵᠢᠨ ᠲᠤᠰᠣᠭᠰᠠᠨ ᠬᠠᠮᠣᠭ᠎ᠤᠨ ᠲᠤᠮᠤ ᠱᠠᠩᠨᠠᠯ》᠎ᠳᠤ ᠦᠦᠰᠢᠨ ᠬᠤᠰᠢᠭᠣᠨᠤ ᠦᠦᠰᠢᠨᠵᠣᠣ ᠪᠠᠯᠭ᠋ᠠᠰᠣᠨ᠎ᠤ ᠪᠦᠷᠢᠳᠦ ᠭᠠᠴᠠᠭ᠋ᠠᠨ᠎ᠤ ᠮᠠᠯᠴᠢᠨ ᠵᠢᠷᠭ᠋ᠠᠯᠲᠣ ᠡᠯᠡᠰᠦ ᠮᠠᠩᠬ᠎ᠠ ᠵᠢ ᠦᠭᠡᠷᠠᠴᠢᠯᠡᠭᠰᠡᠨ ᠦᠢ᠍ᠯᠡ ᠠᠵᠢᠯᠯᠠᠭ᠎ᠠ ᠵᠢ ᠲᠡᠮᠳᠡᠭᠯᠡᠪᠡ᠃
ᠰᠡᠴᠡᠩᠭᠣᠸ᠎ᠠ ᠵᠢᠨ 《ᠪᠠᠶᠠᠵᠢᠯ᠎ᠤᠨ ᠬᠠᠷᠭᠣᠢᠳᠤᠬᠢ ᠵᠠᠮ ᠳᠠᠭ᠋ᠠᠭᠣᠯᠣᠭᠴᠢ》 ᠭᠡᠳᠡᠭ ᠵᠣᠬᠢᠶᠠᠯ᠎ᠳᠤ ᠰᠢᠯᠢ ᠵᠢᠨ ᠭᠣᠣᠯ ᠠᠢ᠌ᠮᠠᠭ᠎ᠤᠨ ᠰᠦᠨᠢᠳ ᠵᠡᠭᠦᠨ ᠬᠤᠰᠢᠭᠣᠨᠤ ᠰᠠᠷᠠᠭᠣᠯᠲᠠᠯᠠ ᠭᠠᠴᠠᠭ᠋ᠠᠨ᠎ᠤ ᠨᠠᠮ᠎ᠤᠨ ᠡᠭᠦᠷ᠎ᠤᠨ ᠱᠦᠵᠢ ᠰᠣᠶᠣᠯᠪᠠᠭ᠋ᠠᠲᠣᠷ ᠤᠨ ᠠᠷᠪᠠ ᠭᠠᠷᠣᠢ ᠵᠢᠯ᠎ᠤᠨ ᠲᠤᠷᠰᠢ ᠰᠢᠷᠭ᠋ᠠᠭᠣ ᠬᠠᠳᠠᠭᠣᠵᠢᠯᠲᠠᠢ ᠠᠵᠢᠯᠯᠠᠵᠣ ᠮᠠᠯᠴᠢᠳ᠎ᠤᠨ ᠲᠦᠯᠦᠭᠡ ᠠᠮᠢ ᠠᠬᠣᠢ᠂ ᠨᠤᠲᠣᠭ ᠪᠡᠯᠴᠢᠭᠡᠷ ᠵᠶ᠋ᠡᠨ ᠰᠠᠢ᠌ᠵᠢᠷᠠᠭᠣᠯᠵᠣ ᠰᠠᠢ᠌ᠨ ᠡᠭᠦᠯᠳᠡᠷ᠎ᠤᠨ ᠮᠠᠯ ᠠᠷᠠᠴᠢᠯᠠᠵᠤ ᠰᠦᠷᠦᠭ᠎ᠤᠨ ᠥᠰᠦᠯᠲᠡ ᠵᠢ ᠪᠠᠲᠣᠯᠠᠭᠰᠠᠨ ᠵᠡᠷᠭᠡ ᠦᠢ᠍ᠯᠡ ᠠᠵᠢᠯᠯᠠᠭ᠎ᠠ ᠵᠢ ᠲᠡᠮᠳᠡᠭᠯᠡᠵᠡᠢ᠃
ᠬᠠ᠊ · ᠪᠣᠶᠠᠨᠳᠡᠯᠭᠡᠷ᠎ᠤᠨ ᠰᠣᠷᠪᠣᠯᠵᠢᠯᠠᠭ᠎ᠠ 《ᠲᠠᠪᠤᠨ ᠬᠤᠰᠢᠭᠤ ᠮᠠᠯ᠎ᠢ ᠲᠡᠭᠰᠢ ᠮᠠᠯᠵᠢᠵᠣ ᠪᠠᠶᠠᠵᠢᠨ ᠴᠢᠨᠡᠭᠡᠯᠡᠭᠵᠢᠭᠰᠡᠨ ᠦᠵᠦᠮᠴᠢᠨ ᠮᠠᠯᠴᠢᠨ》 ᠭᠡᠬᠦ ᠰᠣᠷᠪᠣᠯᠵᠢᠯᠠᠭ᠎ᠠ᠎ᠳᠤ ᠡᠷᠳᠡᠨᠢᠴᠣᠭᠯᠠ 2004 ᠣᠨ᠎ᠠᠴᠠ ᠡᠬᠢᠯᠡᠵᠣ ᠬᠤᠲᠠ ᠤᠷᠣᠵᠣ ᠦᠢ᠍ᠯᠡᠰ ᠪᠤᠰᠬᠠᠵᠣ ᠰᠢᠯᠢᠳᠡᠭ ᠠᠵᠣ ᠠᠬᠤᠢ᠌ᠯᠠᠯᠲᠠᠨ ᠪᠤᠯᠣᠭᠰᠠᠨ ᠪᠦᠭᠡᠳ ᠬᠦᠳᠡᠭᠡ ᠰᠠᠭᠣᠷᠢᠨ ᠳᠤ᠎ᠪᠠᠨ ᠲᠠᠪᠤᠨ ᠬᠤᠰᠢᠭᠣ ᠮᠠᠯ ᠵᠶ᠋ᠠᠨ ᠦᠰᠭᠡᠨ ᠦᠷᠡᠵᠢᠭᠦᠯᠵᠦ ᠪᠠᠢ᠌ᠭ᠎ᠠ ᠦᠢ᠍ᠯᠡ ᠶᠠᠪᠤᠳᠠᠯ ᠢ ᠪᠢᠴᠢᠪᠡ᠃
ᠭᠤᠸ᠎ᠠ᠂ ᠳᠡᠯᠭᠡᠷᠬᠦᠦ ᠵᠢᠨ ᠪᠢᠴᠢᠭᠰᠡᠨ 《ᠡᠬᠡ ᠪᠠᠢ᠌ᠭ᠋ᠠᠯᠢ᠎ᠪᠠᠨ ᠳᠡᠭᠡᠳᠦᠯᠡᠭᠰᠡᠨ ᠮᠠᠯᠵᠢᠯ ᠠᠮᠢᠳᠣᠷᠠᠯ᠎ᠤᠨ ᠪᠠᠬᠠᠷᠬᠠᠯ》᠎ᠳᠤ ᠵᠠᠷᠣᠳ ᠬᠣᠰᠢᠭᠣᠨ᠎ᠤ ᠠᠮᠢ ᠠᠬᠤᠢ ᠵᠢ ᠬᠠᠮᠠᠭ᠋ᠠᠯᠠᠵᠣ ᠮᠠᠯ ᠠᠵᠣ ᠠᠬᠣᠢ ᠵᠢᠨ ᠬᠦᠭᠵᠢᠯᠲᠡ ᠵᠢ ᠠᠬᠢᠭᠣᠯᠣᠭᠰᠠᠨ ᠭᠡᠷᠴᠢᠯᠠᠭᠣ ᠰᠣᠮᠣ ᠵᠢᠨ ᠪᠠᠶᠠᠨᠪᠤᠯᠠᠭ ᠭᠠᠴᠠᠭ᠎ᠠ᠂ ᠡᠩᠬᠡᠡᠤᠪᠤᠭᠠ ᠭᠠᠴᠠᠭ᠎ᠠ ᠵᠡᠷᠭᠡ ᠠᠷᠪᠠ ᠭᠠᠷᠣᠢ ᠭᠠᠴᠠᠭ᠎ᠠ ᠬᠠᠮᠲᠣᠷᠠᠨ ᠪᠡᠯᠴᠢᠭᠡᠷᠯᠡᠬᠦ ᠵᠢ ᠬᠤᠷᠢᠭᠯᠠᠨ ᠬᠦᠮᠦᠨ᠎ᠤ ᠬᠦᠴᠦ ᠂ ᠪᠣᠳᠠᠰ᠎ᠤᠨ ᠬᠦᠴᠦ᠂ ᠡᠳ᠋᠎ᠤᠨ ᠵᠠᠰᠠᠭ᠎ᠤᠨ ᠬᠦᠴᠦᠨ᠎ᠢ ᠠᠰᠢᠭᠯᠠᠨ ᠪᠤᠭ ᠮᠠᠯ᠎ᠢ ᠴᠦᠬᠡᠳᠭᠡᠨ ᠪᠣᠳᠠ ᠮᠠᠯ᠎ᠢ ᠨᠡᠮᠡᠭᠳᠡᠭᠦᠯᠬᠦ ᠲᠥᠷᠦ ᠵᠢᠨ ᠪᠤᠳᠣᠯᠭ᠎ᠠ ᠵᠢ ᠬᠡᠷᠡᠭᠵᠢᠭᠦᠯᠵᠦ 《ᠮᠠᠯ᠎ᠤᠨ ᠡᠭᠦᠯᠳᠡᠷ》᠎ᠢ ᠰᠠᠢ᠌ᠵᠢᠷᠭᠣᠯᠣᠨ ᠦᠷ᠎ᠡ ᠠᠰᠢᠭ ᠳᠡᠭᠡᠭᠰᠢᠯᠡᠭᠦᠯᠬᠦ ᠠᠷᠭ᠎ᠠ ᠬᠡᠮᠵᠢᠶ᠎ᠡ ᠠᠪᠤᠭᠰᠠᠨ ᠦᠢ᠍ᠯᠡ ᠶᠠᠪᠤᠳᠠᠯ᠎ᠢ ᠪᠢᠴᠢᠵᠡᠢ᠃ ᠡᠭᠦᠪᠡᠷ ᠣᠯᠠᠮᠵᠢᠯᠠᠯᠲᠦ ᠦᠬᠡᠷ ᠬᠤᠨᠢᠨ᠎ᠤ ᠮᠠᠯ ᠠᠵᠤ ᠠᠬᠤᠢ ᠵᠢᠨ ᠬᠡᠯᠪᠡᠷᠢ ᠵᠢ ᠬᠤᠪᠢᠷᠠᠭᠣᠯᠤᠨ 《ᠦᠬᠡᠷ ᠲᠡᠵᠢᠭᠡᠬᠦ + ᠵᠢᠭᠤᠴᠢᠯᠠᠯ》᠎ᠤᠨ ᠠᠮᠢ ᠠᠬᠤᠢ ᠵᠢᠨ ᠲᠠᠯᠠᠪᠠᠢ ᠵᠢ ᠪᠤᠢ ᠪᠣᠯᠭ᠋ᠠᠵᠤ᠂ ᠦᠬᠡᠷ᠎ᠤᠨ ᠠᠵᠤ ᠠᠬᠤᠢ᠎ᠳᠤ 《ᠰᠸᠯᠸᠨ》 ᠡᠯᠪᠡᠭ ᠠᠭᠣᠯᠣᠭᠳᠠᠳᠠᠭ ᠦᠬᠡᠷ ᠲᠡᠵᠢᠭᠡᠬᠦ ᠰᠠᠭᠣᠷᠢ᠎ᠨᠢ ᠪᠠᠢ᠌ᠭᠣᠯᠪᠠ ᠃ 《ᠰᠸᠯᠸᠨ ᠡᠯᠪᠡᠭ ᠠᠭᠣᠯᠣᠭᠰᠠᠨ ᠲᠡᠵᠢᠭᠡᠯ ᠪᠤᠷᠳᠣᠭᠠ ᠵᠢ ᠢᠳᠡᠭᠰᠡᠨ᠎ᠤ ᠳᠠᠷᠠᠭ᠎ᠠ ᠦᠬᠡᠷ᠎ᠤᠨ ᠰᠢᠭᠡᠭ ᠪᠤᠷᠳᠣᠭᠠᠨᠢ ᠡᠪᠡᠰᠦ ᠪᠡᠯᠴᠢᠭᠡᠷ᠎ᠤᠨ ᠣᠷᠭᠣᠯᠲᠠᠳᠤ ᠠᠰᠢᠭᠲᠠᠢ᠂ ᠠᠮᠢ ᠠᠬᠣᠢ ᠵᠢᠨ ᠤᠷᠴᠢᠨ ᠲᠣᠭᠣᠷᠢᠨ᠎ᠳᠤ ᠴᠦ᠍ ᠰᠠᠢ᠌ᠨ ᠶᠤᠮ》 ᠭᠡᠵᠣ ᠲᠠᠨᠢᠯᠴᠠᠭᠣᠯᠪᠠ᠃ ᠡᠭᠦᠨ᠎ᠳᠤ ᠪᠤᠯᠠᠭ ᠭᠠᠴᠠᠭ᠋ᠠᠨ᠎ᠤ ᠬᠦᠮᠦᠨ ᠪᠦᠷᠢ ᠵᠢᠨ ᠳᠣᠮᠳᠠᠴᠢ ᠤᠷᠣᠯᠭ᠎ᠠ 18000 ᠲᠦᠭᠦᠷᠢᠭ᠎ᠲᠤ ᠬᠦᠷᠪᠡ ᠂ ᠥᠭᠡᠷ᠎ᠡ᠎ᠪᠠᠷ ᠬᠡᠯᠡᠪᠡᠯ 《ᠣᠯᠠᠮᠵᠢᠯᠠᠯᠲᠦ ᠮᠠᠯ ᠠᠵᠣ ᠠᠬᠣᠢ》 ᠵᠢ ᠬᠤᠪᠢᠷᠠᠭᠣᠯᠵᠣ᠂ 《ᠮᠠᠯ ᠤᠨ ᠡᠭᠦᠯᠳᠡᠷ᠎ᠢ ᠦᠭᠡᠷᠠᠴᠢᠯᠡᠵᠦ ᠬᠠᠰᠢᠶᠠᠯᠠᠨ ᠲᠡᠵᠢᠭᠡᠬᠦ ᠲᠣᠷᠰᠢᠯᠭ᠎ᠠ》 ᠵᠢ ᠡᠭᠦᠳᠪᠡ᠃
ᠵᠤᠯᠠ ᠵᠢᠨ ᠪᠢᠴᠢᠭᠰᠡᠨ 《ᠮᠠᠯᠴᠢᠳ᠎ᠤᠨ ᠲᠤᠳᠣᠨᠣ ᠡᠭᠡᠴᠢ》᠎ᠳᠤ ᠤᠷᠣᠨ᠎ᠤ ᠰᠢᠯᠢᠳᠡᠭ ᠨᠠᠮ᠎ᠤᠨ ᠭᠡᠰᠢᠭᠦᠨ᠂ ᠰᠢᠨ᠎ᠡ ᠪᠠᠷᠭᠤ ᠵᠡᠭᠦᠨ ᠬᠤᠰᠢᠭᠣᠨᠤ ᠪᠠᠶᠠᠠᠠᠠᠭᠣᠯᠠ ᠭᠠᠴᠠᠭ᠋ᠠᠨ᠎ᠤ ᠨᠠᠮ᠎ᠤᠨ ᠡᠭᠦᠷ᠎ᠤᠨ ᠳᠡᠳ᠋ ᠱᠦᠵᠢ ᠣᠯᠠᠭ᠋ᠠᠠᠭᠡᠷᠡᠯ ᠤᠨ ᠶᠠᠳᠠᠭᠣ ᠵᠢ ᠲᠡᠳᠭᠦᠭᠰᠡᠨ ᠵᠢᠱ᠌ᠢᠶᠡᠴᠢ ᠦᠢ᠍ᠯᠡ ᠠᠵᠢᠯᠯᠠᠭ᠎ᠠ ᠵᠢ ᠪᠢᠴᠢᠪᠡ᠃
ᠢ᠊ · ᠴᠡᠩᠬᠡᠷ᠂ ᠬᠤᠤᠰᠪᠤᠯᠠᠭᠤᠨ 《ᠶᠠᠳᠠᠭᠤ᠎ᠠᠴᠠ ᠠᠩᠭᠢᠵᠢᠷᠠᠭᠣᠯᠬᠤ ᠵᠠᠮ ᠳᠤ᠎ᠬᠢ ᠬᠤᠰᠢᠭᠣᠴᠢ》 ᠭᠡᠳᠡᠭ ᠮᠡᠳᠡᠭᠡᠯᠡᠯ᠎ᠤᠨ ᠤᠷᠠᠨ ᠵᠣᠬᠢᠶᠠᠯ᠎ᠳᠤ ᠬᠤᠷᠴᠢᠨ ᠪᠠᠷᠠᠭᠣᠨ ᠭᠠᠷᠣᠨ ᠳᠤᠮᠳᠠᠳᠤ ᠬᠤᠰᠢᠭᠣᠨᠤ ᠤᠨᠢᠰᠣᠲᠠᠢ ᠭᠠᠴᠠᠭ᠋ᠠᠨ᠎ᠳᠤ ᠶᠠᠳᠠᠭᠣ ᠵᠢ ᠲᠡᠳᠭᠦᠬᠦ ᠴᠡᠭ᠎ᠲᠤ ᠰᠢᠭᠣᠷᠠᠠᠠᠢ᠌ᠯᠠᠨ ᠠᠵᠢᠯᠯᠠᠵᠣ ᠪᠠᠢ᠌ᠭ᠎ᠠ ᠴᠢ ᠱᠣᠸᠠᠩ ᠴᠢᠤᠸᠠᠨ ᠨᠦᠬᠦᠷ᠎ᠤᠨ ᠦᠢ᠍ᠯᠡ ᠶᠠᠪᠤᠳᠠᠯ᠎ᠢ ᠲᠡᠮᠳᠡᠭᠯᠡᠪᠡ᠃ ᠲᠡᠷᠡ ᠤᠨᠢᠰᠣᠲᠠᠢ ᠭᠠᠴᠠᠭ᠋ᠠᠨ᠎ᠤ ᠲᠦᠷᠰᠦ ᠪᠠᠢ᠌ᠳᠠᠯ᠎ᠢ ᠠᠯᠬᠣᠮ ᠠᠯᠬᠣᠮ ᠵᠶ᠋ᠠᠷ ᠬᠤᠪᠢᠷᠠᠭᠣᠯᠵᠣ᠂ ᠠᠷᠠᠳ ᠲᠦᠮᠡᠨ᠎ᠢ ᠲᠠᠢ᠌ᠴᠢᠯᠠᠨ ᠦᠬᠡᠷ ᠲᠡᠵᠢᠭᠡᠵᠦ ᠪᠠᠶᠠᠵᠢᠯ᠎ᠤᠨ ᠵᠠᠮ ᠤᠷᠣᠭᠣ ᠬᠦᠳᠦᠯᠡᠪᠡ᠃
ᠵᠢᠷᠭ᠋ᠠᠯ᠎ᠤᠨ ᠣᠷᠴᠢᠭᠣᠯᠣᠭᠰᠠᠨ 《ᠡᠯᠡᠰᠣᠨ ᠴᠦᠯ᠎ᠢ ᠨᠣᠮᠢᠨ ᠪᠦᠷᠢᠳᠦ ᠪᠤᠯᠭ᠋ᠠᠭᠰᠠᠨ ᠮᠦᠩᠭᠡᠪᠡᠶᠡᠷ》 ᠭᠡᠳᠡᠭ ᠮᠡᠳᠡᠭᠡᠯᠡᠯ᠎ᠳᠤ ᠠᠯᠠᠱ᠌ᠠ ᠵᠡᠭᠦᠨ ᠬᠤᠰᠢᠭᠣᠨᠤ ᠴᠣᠠᠠᠲᠣᠬᠦᠢ᠍ᠷᠢᠶᠡ ᠰᠣᠮᠣᠨ᠎ᠤ ᠮᠦᠩᠬᠡᠪᠡᠶᠡᠷ 4000 ᠢᠯᠡᠭᠦᠦ ᠮᠦ᠍ ᠲᠠᠴᠢᠷ ᠡᠯᠡᠰᠣ ᠵᠢ 27 ᠵᠢᠯ᠎ᠤᠨ ᠲᠤᠷᠰᠢ ᠮᠤᠳᠣ ᠲᠠᠷᠢᠵᠣ ᠨᠣᠮᠢᠨ ᠪᠦᠷᠢᠳᠦ ᠪᠤᠯᠭ᠋ᠠᠭᠰᠠᠨᠢ ᠮᠡᠳᠡᠭᠡᠯᠡᠪᠡ᠃ ᠤᠳᠣ ᠵᠢᠯ᠎ᠳᠤ ᠳᠥᠴᠢ ᠲᠠᠪᠢᠨ ᠲᠦᠮᠡᠨ ᠲᠦᠭᠦᠷᠢᠭ᠎ᠤᠨ ᠤᠷᠣᠯᠭ᠎ᠠ᠎ᠲᠠᠢ ᠪᠤᠯᠵᠣ ᠤᠢ᠌ᠷ᠎ᠠ ᠬᠠᠪᠢ ᠵᠢᠨ ᠮᠠᠯᠴᠢᠳ ᠵᠶ᠋ᠠᠨ ᠳᠠᠭ᠋ᠠᠭᠣᠯᠵᠣ ᠡᠯᠡᠰᠣᠨ ᠮᠠᠩᠬ᠎ᠠ᠎ᠪᠠᠨ ᠨᠤᠭᠤᠭ᠋ᠠᠷᠠᠭᠣᠯᠬᠣ ᠠᠵᠢᠯ᠎ᠳᠤ ᠢᠳᠡᠪᠬᠢᠯᠡᠨ ᠴᠢᠷᠮᠠᠢ᠌ᠵᠣ ᠪᠠᠢ᠌ᠨ᠎ᠠ᠃
ᠬᠤᠨᠠᠨ ᠮᠤᠵᠢ ᠵᠢᠨ ᠰᠢᠶᠠᠩ ᠰᠢ ᠵᠸᠦ ᠵᠢᠨ ᠯᠤ᠌ ᠰᠢᠶᠡᠨ᠎ᠤ ᠠᠷᠠᠳ᠎ᠤᠨ ᠶᠠᠪᠤᠳᠠᠯ᠎ᠤᠨ ᠲᠣᠪᠴᠢᠶᠠᠨ᠎ᠤ ᠲᠣᠮᠢᠯᠠᠯᠲᠠ᠎ᠪᠠᠷ ᠭ᠋ᠸᠦ ᠯᠠᠨ ᠶᠤᠤ ᠲᠤᠰᠬᠣᠨ ᠪᠠ ᠬᠣᠩ ᠶᠠᠨ ᠲᠤᠰᠬᠤᠨ᠎ᠳᠤ 6 ᠵᠢᠯ ᠶᠠᠳᠠᠭᠣ ᠵᠢ ᠲᠡᠳᠭᠦᠭᠰᠡᠨ ᠵᠢᠶᠠᠩ ᠰᠢᠶᠣᠣ ᠵᠢᠶᠦ᠋ᠨ᠎ᠤ ᠦᠢ᠍ᠯᠡ ᠠᠵᠢᠯᠯᠠᠭ᠎ᠠ ᠵᠢ 《ᠠᠢ᠌ᠯ ᠠᠢ᠌ᠮᠠᠭ᠎ᠤᠨ᠎ᠬᠢᠨ ᠵᠶ᠋ᠡᠨ ᠠᠶᠠᠭ᠎ᠠ ᠲᠦᠭᠦᠷᠡᠩ ᠠᠮᠲᠠᠲᠠᠨ᠎ᠲᠠᠢ ᠠᠮᠢᠳᠣᠷᠠᠯ ᠲᠦᠭᠦᠷᠠᠡᠭ ᠪᠤᠯᠭ᠋ᠠᠶ᠎ᠠ》 ᠭᠡᠳᠡᠭ ᠭᠠᠷᠴᠠᠭ ᠵᠶ᠋ᠠᠷ ᠲᠤᠷᠰᠢᠯᠭ᠎ᠠ ᠲᠠᠨᠢᠯᠴᠠᠭᠣᠯᠪᠠ᠃ ᠲᠡᠷᠡ ᠤᠷᠲᠤ ᠬᠤᠭᠤᠴᠠᠭ᠋ᠠᠨ᠎ᠤ ᠬᠦᠭᠵᠢᠯᠲᠡ ᠵᠢ ᠬᠡᠷᠬᠢᠨ ᠪᠠᠲᠣᠯᠠᠬᠣ ᠪᠤᠢ ᠭᠡᠳᠡᠭ ᠠᠰᠠᠭᠣᠯᠲᠠᠳᠤ 《ᠦᠵᠡᠯ ᠰᠠᠨᠠᠭ᠎ᠠ᠎ᠪᠠᠨ ᠨᠢᠭᠡᠳᠬᠡᠵᠦ᠂ ᠨᠠᠮ᠎ᠤᠨ ᠭᠡᠰᠢᠭᠦᠨ᠎ᠤ ᠡᠩᠨᠡᠭᠡ᠂ ᠴᠢᠳᠠᠪᠣᠷᠢᠲᠠᠨᠤ ᠡᠩᠨᠡᠭᠡ᠂ ᠦᠪᠡᠷ᠎ᠢ᠎ᠪᠠᠨ ᠵᠠᠰᠠᠬᠣ ᠡᠩᠨᠡᠭᠡ ᠵᠢ ᠪᠤᠵᠠᠭ᠋ᠠᠢ᠌ᠷᠠᠭᠣᠯᠣᠨ ᠪᠡᠬᠢᠵᠢᠭᠦᠯᠬᠦ᠎ᠳᠤ ᠬᠦᠴᠦ᠎ᠪᠠᠨ ᠲᠠᠯᠪᠢᠪᠠ》 ᠭᠡᠬᠦ ᠬᠠᠷᠢᠭᠤᠯᠲᠠ᠎ᠪᠠᠨ ᠥᠭᠪᠡ᠃
ᠰᠡᠴᠡᠩᠭᠣᠸ᠎ᠠ ᠵᠢᠨ ᠣᠷᠴᠢᠭᠣᠯᠣᠭᠰᠠᠨ 《ᠨᠠᠮ᠎ᠤᠨ ᠭᠡᠰᠢᠭᠦᠨ᠎ᠤ ᠭᠤᠤᠯᠳᠠᠯᠭ᠋ᠠᠲᠣ ᠡᠷᠦᠬᠡ ᠵᠢᠨ ᠦᠢ᠍ᠯᠡᠳᠦᠯ ᠵᠶ᠋ᠡᠨ ᠪᠠᠳᠠᠷᠠᠭᠣᠯᠵᠣ ᠨᠤᠲᠣᠭ ᠣᠰᠤᠪᠠᠨ ᠪᠠᠶᠠᠵᠢᠭᠣᠯᠣᠨ ᠴᠢᠨᠡᠭᠡᠯᠡᠭᠵᠢᠭᠦᠯᠦᠭᠰᠡᠨᠨᠢ》 ᠭᠡᠳᠡᠭ ᠮᠡᠳᠡᠭᠡᠯᠡᠯ ᠳᠤ ᠦᠪᠦᠷ ᠮᠣᠩᠭᠣᠯ᠎ᠤᠨ ᠲᠠᠪᠤᠨ ᠮᠢᠩᠭ᠎ᠠ ᠭᠠᠷᠣᠢ ᠨᠠᠮ᠎ᠤᠨ ᠭᠡᠰᠢᠭᠦᠨ ᠶᠠᠳᠠᠭᠤ ᠠᠴᠠ ᠠᠩᠭᠢᠵᠢᠷᠠᠭᠣᠯᠬᠤ ᠪᠤᠭᠣᠮᠲᠠ ᠰᠢᠪᠲᠣᠯᠬᠤ ᠲᠠᠢ᠌ᠯᠠᠯᠳᠣᠭ᠋ᠠᠨ᠎ᠳᠤ ᠭᠠᠪᠰᠢᠭ᠋ᠠᠢ᠌ᠯᠠᠨ ᠤᠷᠣᠯᠴᠠᠵᠣ ᠪᠠᠢ᠌ᠭ᠎ᠠ᠎ᠠᠴᠠ ᠲᠥᠯᠦᠭᠡᠯᠡᠭᠴᠢ ᠬᠦᠮᠦᠰ ᠢ ᠨᠢ ᠲᠠᠨᠢᠯᠴᠠᠭᠣᠯᠪᠠ᠃
ᠰᠡᠴᠡᠩᠭᠣᠸ᠎ᠠ᠂ ᠨᠠᠷᠠᠨᠲᠣᠭᠲᠠᠬᠣ ᠵᠢᠨ ᠣᠷᠴᠢᠭᠣᠯᠣᠭᠰᠠᠨ 《ᠶᠠᠳᠠᠭᠤ᠎ᠠᠴᠠ ᠠᠩᠭᠢᠵᠢᠷᠠᠨ ᠴᠢᠨᠡᠭᠡᠯᠢᠭᠵᠢᠪᠠ》 ᠭᠡᠳᠡᠭ ᠴᠢᠮᠡᠭᠡᠯᠡᠯ᠎ᠳᠤ ᠬᠤᠷᠴᠢᠨ ᠵᠡᠭᠦᠨ ᠭᠠᠷᠣᠨ ᠬᠤᠢ᠌ᠲᠦ ᠬᠤᠰᠢᠭᠣᠨ ᠤ ᠠᠳᠣᠭᠣᠴᠢᠨ ᠰᠣᠮᠣᠨ᠎ᠤ ᠣᠯᠢᠶᠠᠰᠣᠲᠠᠢ ᠭᠠᠴᠠᠭ᠋ᠠᠨ᠎ᠤ ᠪᠤᠤ ᠰᠢᠦ ᠶᠢᠩ ᠬᠡᠷᠬᠢᠨ ᠶᠠᠳᠠᠭᠣ᠎ᠠᠴᠠ ᠠᠩᠭᠢᠵᠢᠷᠠᠵᠤ ᠪᠠᠶᠠᠵᠢᠭᠰᠠᠨ ᠵᠢᠱ᠌ᠢᠶᠡᠴᠢ ᠦᠢ᠍ᠯᠡ ᠠᠵᠢᠯᠯᠠᠭ᠎ᠠ ᠵᠢ ᠮᠡᠳᠡᠭᠡᠯᠡᠪᠡ ᠃
ᠴᠢᠶᠥ᠋ᠨ ᠶᠢᠩ ᠣᠷᠴᠢᠭᠣᠯᠣᠭᠰᠠᠨ 《 ᠰᠢᠪᠠᠷᠲᠠᠢ ᠵᠢᠨ ᠲᠠᠯ᠎ᠠ ᠨᠣᠲᠣᠭ᠎ᠤᠨ ᠨᠣᠭᠣᠭ᠋ᠠᠨ ᠠᠮᠢᠯᠠᠯ》 ᠳᠤ ᠡᠵᠠᠨ ᠬᠤᠷᠣᠭᠠ ᠬᠤᠰᠢᠭᠣᠨᠤ ᠰᠢᠪᠠᠷᠲᠠᠢ ᠭᠠᠴᠠᠭ᠋ᠠᠨ᠎ᠤ ᠪᠠᠶᠠᠨᠳᠦᠭᠦᠢ᠍ᠷᠡᠩ ᠱᠦᠵᠢ ᠵᠠᠮ ᠵᠠᠰᠠᠵᠤ᠂ ᠴᠠᠬᠢᠯᠭ᠋ᠠᠨ ᠨᠠᠪᠲᠡᠷᠡᠭᠦᠯᠦᠨ᠂ ᠦᠬᠡᠷ ᠲᠡᠵᠢᠭᠡᠬᠦ ᠬᠤᠷᠰᠢᠶᠠᠵᠢᠯ ᠪᠠᠢ᠌ᠭᠣᠯᠵᠣ᠂ ᠤᠳᠣᠬᠢᠴᠢᠯᠠᠭᠰᠠᠨ 《 ᠪᠸᠢ ᠳ᠋ᠧᠣ ᠳᠤᠷᠠᠨ》 ᠤᠭᠰᠠᠷᠠᠭᠣᠯᠵᠤ 《 ᠮᠠᠯᠴᠢᠨ᠎ᠤ ᠠᠢ᠌ᠯ᠎ᠤᠨ ᠢᠳᠡᠭᠡᠨ ᠤᠮᠳᠠᠭ᠋ᠠᠨ》᠎ᠤ ᠦᠢ᠍ᠯᠡᠰ᠎ᠢ ᠬᠦᠭᠵᠢᠭᠦᠯᠵᠦ ᠶᠠᠳᠠᠭᠣ ᠵᠢ ᠲᠡᠳᠭᠦᠭᠰᠡᠨ ᠦᠢ᠍ᠯᠡ ᠠᠵᠢᠯᠯᠠᠭ᠎ᠠ ᠵᠢ ᠲᠡᠮᠳᠡᠭᠯᠡᠪᠡ ᠃
ᠬᠦᠭᠵᠢᠯᠲᠦ ᠨᠠᠷ᠎ᠤᠨ ᠪᠢᠴᠢᠭᠰᠡᠨ 《ᠰᠢᠨ᠎ᠡ ᠠᠮᠢᠳᠣᠷᠠᠯ ᠵᠶ᠋ᠠᠨ ᠡᠬᠢᠯᠡᠭᠦᠯᠦᠭᠰᠡᠨ ᠪᠠᠲᠣᠵᠢᠷᠭ᠋ᠠᠯ》 ᠪᠣᠯ ᠠᠯᠠᠱ᠌ᠠ ᠪᠠᠷᠠᠭᠣᠨ ᠬᠤᠰᠢᠭᠣᠨᠤ ᠲᠠᠮᠰᠣᠭᠪᠤᠯᠠᠭ ᠰᠣᠮᠣᠨ᠎ᠤ ᠡᠩᠭᠡᠷᠠᠣᠰᠤ ᠭᠠᠴᠠᠭ᠋ᠠᠨ᠎ᠤ ᠶᠠᠳᠠᠭᠣ ᠮᠠᠯᠴᠢᠨ ᠠᠵᠠ᠊᠃ ᠵᠣᠯ ᠪᠤᠰᠣ᠎ᠠᠴᠠ ᠪᠤᠯᠵᠣ ᠭᠡᠮᠲᠦᠭᠡᠳ᠂ ᠶᠠᠳᠠᠭᠣ ᠵᠢ ᠲᠡᠳᠬᠦᠬᠦ ᠣᠯᠣᠰ᠎ᠤᠨ ᠲᠡᠳᠭᠦᠮᠵᠢ ᠵᠢ ᠲᠦᠰᠢᠭᠯᠡᠵᠦ ᠡᠷᠠᠭᠦᠯᠵᠢᠭᠰᠡᠨ ᠦᠨᠡᠨ ᠣᠴᠢᠷ᠎ᠢ ᠪᠢᠴᠢᠪᠡ᠃
ᠭᠡᠭᠡᠨᠲᠣᠶᠠᠭᠠ ᠵᠢᠨ ᠤᠷᠴᠢᠭᠣᠯᠣᠭᠰᠠᠨ 《ᠬᠤᠷᠴᠢᠨ ᠪᠠᠷᠠᠭᠣᠨ ᠭᠠᠷᠤᠨ ᠳᠣᠮᠳᠠᠳᠣ ᠬᠤᠰᠢᠭᠣᠨᠤ ᠶᠠᠳᠠᠭᠣ᠎ᠠᠴᠠ ᠠᠩᠭᠢᠵᠢᠷᠠᠭᠣᠯᠣᠭᠰᠠᠨ ᠭᠣᠷᠪᠠᠯ ᠠᠶᠠᠯᠭᠣ》᠎ᠳᠤ ᠡᠯᠡᠰᠦ ᠵᠢ ᠵᠠᠰᠠᠵᠣ ᠠᠮᠢ ᠠᠬᠤᠢ ᠵᠢ ᠰᠡᠷᠭᠦᠭᠡᠭᠰᠡᠨ᠂ ᠬᠣᠨᠢ ᠢᠮᠠᠭ᠎ᠠ ᠵᠢ ᠴᠦᠭᠡᠳᠬᠡᠵᠦ ᠦᠬᠡᠷ ᠮᠠᠯᠯᠠᠵᠣ ᠠᠰᠢᠭ ᠰᠢᠮ᠎ᠡ ᠵᠢ᠎ᠨᠢ ᠬᠦᠷᠲᠡᠭᠰᠡᠨ᠂ ᠭᠠᠷ ᠤᠷᠠᠯᠠᠯ ᠵᠶ᠋ᠠᠷ ᠵᠢᠭᠣᠴᠢᠯᠠᠯᠢ ᠠᠬᠢᠭᠣᠯᠵᠣ ᠦᠢ᠍ᠯᠡᠰ ᠪᠦᠳᠦᠭᠡᠭᠰᠡᠨ ᠦᠢ᠍ᠯᠡ ᠶᠠᠪᠤᠳᠠᠯ᠎ᠢ ᠣᠬᠠᠭᠣᠯᠪᠠ᠃
ᠯᠢᠨ ᠬᠠᠢ ᠡᠣ ᠵᠢᠨ ᠪᠢᠴᠢᠭᠰᠡᠨ᠂ ᠵᠢᠨ ᠲᠠᠨ᠎ᠠ ᠨᠠᠷ᠎ᠤᠨ ᠤᠷᠴᠢᠭᠤᠯᠣᠭᠰᠠᠨ 《ᠶᠠᠳᠠᠭᠤ᠎ᠠᠴᠠ ᠠᠩᠭᠢᠵᠢᠷᠠᠭᠣᠯᠬᠤ ᠦᠢ᠍ᠯᠡᠰ᠎ᠲᠤ ᠴᠢᠩ ᠰᠡᠳᠭᠢᠯ᠎ᠠᠴᠠ᠎ᠪᠠᠨ ᠵᠢᠳᠭᠦᠶ᠎ᠡ》 ᠭᠡᠳᠡᠭ᠎ᠲᠤ ᠵᠢᠶᠠᠩᠰᠢ ᠮᠤᠵᠢ ᠵᠢᠨ ᠯᠢᠶᠠᠨ ᠬᠤᠸᠠ ᠰᠢᠶᠠᠨ᠎ᠤ ᠹᠠᠨ ᠵᠢᠶᠠᠩ ᠲᠤᠰᠬᠣᠨ᠎ᠤ ᠶᠠᠳᠠᠭᠣ᠎ᠠᠴᠠ ᠠᠩᠭᠢᠵᠢᠷᠠᠭᠰᠠᠨ ᠲᠣᠷᠰᠢᠯᠭ᠎ᠠ ᠵᠢ ᠲᠠᠨᠢᠯᠴᠠᠭᠣᠯᠪᠠ᠃
ᠴᠢᠨ ᠶᠦᠨ᠎ᠤ ᠤᠷᠴᠢᠭᠣᠯᠣᠭᠰᠠᠨ 《ᠦᠢ᠍ᠯᠡᠰᠴᠢ ᠬᠦᠮᠦᠨ᠎ᠤ ᠦᠭᠭᠢᠶᠡᠮᠦᠷ ᠬᠠᠢ᠌ᠷ᠎ᠠ》᠎ᠳᠤ ᠰᠢᠯᠢ ᠵᠢᠨ ᠭᠣᠣᠯ ᠠᠢ᠌ᠮᠠᠭ ᠤᠨ ᠬᠡᠥᠬᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠨᠠᠮ᠎ᠤᠨ ᠡᠭᠦᠷ᠎ᠤᠨ ᠳᠡᠳ᠋ ᠱᠦᠵᠢ ᠣᠷᠠᠨᠰᠡᠴᠡᠨᠢ ᠳᠡᠮᠳᠡᠭᠯᠡᠪᠡ᠃᠂
《ᠠᠵᠢᠯ ᠣᠯᠭᠤᠵᠣ ᠶᠠᠳᠠᠭᠤ ᠵᠢ ᠳᠡᠳᠭᠦᠭᠰᠡᠨ ᠰᠠᠢ᠌ᠨ ᠱᠦᠵᠢ》 ᠭᠡᠬᠦ ᠪᠦᠲᠦᠭᠡᠯ᠎ᠳᠤ ᠣᠷᠠᠳ᠎ᠤᠨ ᠳᠣᠮᠳᠠᠳᠣ ᠬᠤᠰᠢᠭᠣᠨᠤ ᠣᠩᠭᠣᠨ ᠪᠠᠯᠭ᠋ᠠᠰᠣ ᠵᠢᠨ ᠰᠢᠷᠠᠴᠢᠯᠠᠭᠤ ᠭᠠᠴᠠᠭ᠋ᠠᠨ᠎ᠤ ᠵᠢᠷᠠᠨᠨᠢᠭᠡ ᠵᠢ ᠲᠠᠨᠢᠯᠴᠠᠭᠣᠯᠪᠠ᠃
ᠪᠢᠴᠢᠨᠤ 《ᠡᠭᠡᠯ ᠠᠷᠠᠳ᠎ᠤᠨ ᠲᠦᠯᠦᠭᠡ ᠡᠷᠬᠢᠮ ᠵᠢᠳᠬᠦᠯ ᠵᠶ᠋ᠡᠨ ᠡᠷᠭᠦᠨᠡᠮ》 ᠭᠡᠳᠡᠭ ᠮᠡᠳᠡᠭᠡᠯᠡᠯ᠎ᠤᠨ ᠤᠷᠠᠨ ᠵᠣᠬᠢᠶᠠᠯ᠎ᠳᠤ ᠡᠸᠡᠩᠬᠢ ᠬᠤᠰᠢᠭᠣᠨᠤ ᠠᠷᠠᠳ᠎ᠤᠨ ᠶᠠᠪᠤᠳᠠᠯ᠎ᠤᠨ ᠲᠤᠪᠴᠢᠶᠠᠨ᠎ᠤ ᠡᠷᠳᠡᠮᠲᠦ ᠭᠣᠸᠠᠢ ᠭᠤᠷᠪᠠᠨ ᠵᠢᠯ᠎ᠤᠨ ᠲᠤᠷᠰᠢ ᠬᠤᠪᠢ ᠬᠦᠮᠦᠨ᠎ᠤ ᠤᠯᠵᠣ ᠠᠯᠳᠠᠬᠣ ᠵᠢ ᠦᠯᠦ ᠪᠤᠳᠣᠵᠣ ᠡᠭᠦᠷᠭᠡ ᠬᠠᠷᠢᠭᠣᠴᠠᠯᠭ᠎ᠠ᠎ᠪᠠᠨ ᠪᠠᠲᠦ ᠴᠡᠭᠡᠵᠢᠯᠡᠨ᠂ ᠨᠡᠢ᠌ᠲᠡ ᠵᠢᠨ ᠲᠦᠯᠦᠭᠡ ᠬᠠᠷᠠᠮ ᠦᠬᠡᠢ ᠵᠢᠳᠬᠦᠳᠡᠭ ᠦᠢ᠍ᠯᠡ ᠠᠵᠢᠯᠯᠠᠭ᠎ᠠ ᠵᠢ ᠲᠡᠮᠳᠡᠭᠯᠡᠪᠡ᠃
ᠬᠠᠩᠳᠠᠭᠤᠳ ᠣᠰᠤᠨᠪᠤᠳᠣᠭᠤᠨ ᠤᠷᠴᠢᠭᠣᠯᠣᠭᠰᠠᠨ 《ᠪᠦᠬᠦ ᠣᠯᠣᠰ᠎ᠤᠨ ᠶᠠᠳᠠᠭᠣ ᠵᠢ ᠠᠩᠭᠢᠵᠢᠷᠠᠭᠣᠯᠬᠣ ᠪᠤᠭᠣᠮᠲᠠ ᠰᠢᠪᠲᠣᠯᠬᠤ ᠠᠵᠢᠯ᠎ᠤᠨ ᠲᠡᠷᠢᠭᠦᠨ᠎ᠤ ᠬᠤᠪᠢ ᠬᠦᠮᠦᠨ ᠹᠦ᠋ ᠶᠦᠩ ᠵᠢᠦ》 ᠭᠡᠬᠦ ᠣᠬᠤᠷ ᠮᠡᠳᠡᠭᠡᠯᠡᠯ᠎ᠳᠤ ᠹᠦ᠋ ᠶᠦᠩ ᠵᠢᠦ ᠨᠦᠬᠦᠷ ᠲᠦᠩᠯᠢᠶᠣᠣ ᠬᠤᠲᠠ ᠵᠢᠨ ᠨᠠᠢ᠍ᠮᠠᠨ ᠬᠤᠰᠢᠭᠣᠨᠤ ᠴᠢᠩ ᠯᠦᠩ ᠱᠠᠨ ᠪᠠᠯᠭ᠋ᠠᠰᠣᠨ᠎ᠤ ᠬᠤ᠌ ᠯᠢ ᠲᠣᠰᠬᠣᠨ᠎ᠳᠤ ᠠᠵᠢᠯᠯᠠᠵᠤ ᠪᠠᠢ᠌ᠭ᠎ᠠ ᠬᠤᠭᠤᠴᠠᠭ᠋ᠠᠨ᠎ᠳᠤ ᠰᠢᠬᠢᠷᠯᠢᠭ ᠲᠦᠮᠦᠰᠦ ᠲᠠᠷᠢᠬᠣ ᠲᠤᠰᠬᠠᠢ ᠬᠤᠷᠰᠢᠶᠠᠵᠢᠯ ᠪᠠ 《ᠭᠣᠸᠠᠩ ᠵᠤᠤ》 ᠲᠡᠷᠢᠶᠠᠯᠠᠩ ᠠᠵᠣ ᠠᠬᠣᠢ ᠵᠢ ᠪᠤᠯᠪᠠᠰᠣᠷᠠᠭᠣᠯᠬᠣ ᠺᠣᠮᠫᠠᠨᠢ ᠪᠠᠢ᠌ᠭᠣᠯᠵᠤ ᠶᠠᠳᠠᠭᠣ᠎ᠠᠴᠠ ᠠᠩᠭᠢᠵᠢᠷᠠᠭᠣᠯᠣᠭᠰᠠᠨᠢ ᠮᠡᠳᠡᠭᠡᠯᠡᠪᠡ᠃
ᠡᠳᠡᠭᠡᠷ ᠮᠡᠳᠡᠭᠡ ᠴᠢᠮᠡᠭᠡᠯᠡᠯ ᠤᠨ ᠬᠠᠷᠠᠭᠣᠯᠣᠭᠰᠠᠨ᠎ᠨᠢ᠄ ᠨᠢᠭᠡ᠎ᠳᠤ᠂ ᠶᠠᠳᠠᠭᠣ᠎ᠠᠴᠠ ᠠᠩᠭᠢᠵᠢᠷᠠᠭᠣᠯᠬᠤ ᠪᠤᠭᠣᠮᠲᠠ ᠰᠢᠪᠲᠤᠯᠤᠯᠲᠠ ᠨᠢ ᠬᠠᠷᠠᠯᠲᠠ ᠵᠣᠷᠢᠯᠲᠠ ᠪᠠᠷ ᠲᠤᠳᠣᠷᠬᠠᠢ ᠃ ᠶᠠᠳᠠᠭᠣ ᠵᠢ ᠠᠩᠭᠢᠵᠢᠷᠠᠭᠣᠯᠬᠣ ᠪᠤᠭᠣᠮᠲᠠ ᠰᠢᠪᠲᠤᠯᠤᠯᠲᠠ ᠵᠢᠨ ᠠᠭᠣᠣ ᠶᠡᠬᠡ ᠦᠢ᠍ᠯᠡᠰ᠎ᠨᠢ ᠳᠡᠭᠡᠳᠦ ᠲᠤᠤᠷᠠᠲᠣ ᠱᠠᠲᠣ ᠰᠡᠳᠭᠢᠯ ᠨᠢᠭᠡᠲᠡᠢ ᠪᠠᠢ᠌ᠬᠤ᠂ ᠨᠠᠮ ᠠᠷᠠᠳ ᠲᠦᠮᠡᠨ ᠰᠡᠳᠭᠢᠯ ᠨᠢᠭᠡᠲᠡᠢ ᠪᠠᠢ᠌ᠵᠤ᠂ ᠠᠯᠢᠪᠠ ᠲᠠᠢ᠌ᠴᠢᠯᠠᠵᠣ ᠪᠤᠯᠬᠣᠢ᠌ᠴᠠ ᠰᠢᠯᠢᠳᠡᠭ ᠬᠦᠴᠦᠨ ᠵᠶ᠋ᠡᠨ ᠲᠤᠬᠢᠷᠠᠭᠣᠯᠣᠨ ᠭᠠᠪᠰᠢᠭ᠋ᠠᠢ᠌ᠯᠠᠨ ᠪᠠᠢ᠌ᠯᠳᠣᠬᠣ᠂ ᠣᠨᠢᠨ ᠳᠡᠭᠡᠷ᠎ᠡ᠎ᠨᠢ ᠬᠦᠴᠦᠯᠡᠵᠦ ᠪᠤᠳᠠᠳᠠᠢ ᠵᠢ ᠡᠷᠬᠢᠮᠯᠡᠬᠦ᠂ ᠰᠢᠨ᠎ᠡ ᠵᠠᠮ ᠨᠠᠭᠡᠭᠡᠨ ᠰᠢᠨᠡᠢ ᠡᠭᠦᠳᠬᠦ᠂ ᠬᠦᠴᠢᠷ᠎ᠢ ᠲᠠᠭᠤᠯᠣᠨ ᠪᠡᠷᠭᠡ ᠵᠢ ᠳᠠᠪᠠᠬᠤ᠂ ᠠᠷᠠᠳ ᠲᠦᠮᠡᠨ᠎ᠳᠤ ᠣᠰᠣᠯᠳᠠᠬᠤ ᠦᠬᠡᠢ ᠪᠠᠢ᠌ᠬᠣ ᠶᠠᠳᠠᠭᠤ᠎ᠠᠴᠠ ᠠᠩᠭᠢᠵᠢᠷᠠᠭᠣᠯᠬᠣ ᠪᠤᠭᠣᠮᠲᠠ ᠰᠢᠪᠲᠤᠯᠤᠯᠲᠠ ᠵᠢᠨ ᠵᠣᠷᠢᠭ ᠰᠠᠨᠠᠭ᠋ᠠᠨ᠎ᠤ ᠲᠤᠰᠬᠠᠯ ᠪᠤᠯᠵᠠᠢ᠃ ᠨᠠᠮ ᠵᠠᠰᠠᠭ ᠵᠢᠴᠢ ᠨᠠᠮ᠎ᠤᠨ ᠬᠡᠰᠢᠬᠦᠨ ᠨᠢᠭᠡᠪᠦᠷᠢ ᠦᠨᠡᠨ ᠬᠦ᠌ ᠶᠠᠳᠠᠭᠣ᠎ᠠᠴᠠ ᠠᠩᠭᠢᠵᠢᠷᠠᠭᠣᠯᠬᠣ ᠠᠵᠢᠯ᠎ᠳᠤ ᠪᠦᠬᠦ ᠰᠡᠳᠭᠢᠯ ᠪᠦᠬᠦ ᠵᠣᠷᠢᠭ ᠵᠶ᠋ᠠᠷ ᠵᠢᠳᠭᠦᠨ᠂ ᠠᠷᠠᠳ ᠲᠦᠮᠡᠨ᠎ᠤ ᠲᠤᠰᠠᠳᠠ ᠶᠡᠷᠦ ᠪᠤᠰᠣ ᠵᠢᠨ ᠬᠦᠴᠢᠷ ᠪᠡᠷᠬᠡᠰᠢᠶᠠᠯ᠎ᠢ ᠢᠯᠠᠨ ᠳᠠᠪᠠᠵᠤ ᠶᠠᠳᠠᠭᠣ ᠪᠠᠭᠣᠷᠠᠢ ᠠᠢ᠌ᠯ ᠡᠷᠦᠬᠡ᠂ ᠭᠠᠴᠠᠭ᠎ᠠ ᠲᠤᠰᠬᠤᠨ᠎ᠤ ᠠᠵᠣ ᠠᠬᠣᠢ ᠵᠢ ᠬᠦᠭᠵᠢᠭᠦᠯᠵᠦ ᠴᠢᠨᠡᠭᠡᠯᠢᠭᠵᠢᠬᠦ ᠵᠠᠮ ᠳᠤᠨᠢ ᠬᠦᠳᠦᠯᠵᠦ ᠴᠢᠳᠠᠭᠰᠠᠨ ᠶᠤᠮ᠃ ᠬᠤᠶᠠᠷ᠎ᠲᠤ᠂ ᠶᠠᠳᠠᠭᠣ᠎ᠠᠴᠠ ᠠᠩᠭᠢᠵᠢᠷᠠᠭᠣᠯᠬᠤ ᠪᠤᠭᠣᠮᠲᠠ ᠰᠢᠪᠲᠤᠯᠤᠯᠲᠠ ᠵᠢᠨ ᠵᠣᠷᠢᠭ ᠰᠠᠨᠠᠭ᠎ᠠ᠎ᠨᠢ ᠦᠨ᠎ᠡ ᠦᠷᠲᠡᠭ᠎ᠤᠨ ᠲᠠᠯ᠎ᠠ᠎ᠪᠠᠷ ᠲᠤᠮᠳᠠᠳᠣ ᠣᠯᠣᠰ᠎ᠤᠨ ᠡᠪ ᠬᠠᠮᠲᠦ ᠨᠠᠮ᠎ᠤᠨ ᠰᠢᠨᠵᠢ ᠴᠢᠨᠠᠷ᠂ ᠵᠣᠷᠢᠯᠲᠠ᠂ ᠲᠤᠮᠳᠠᠳᠣ ᠣᠯᠣᠰ᠎ᠤᠨ ᠠᠷᠠᠳ ᠲᠦᠮᠡᠨ᠎ᠤ ᠵᠣᠷᠢᠭ ᠰᠠᠨᠠᠭ᠎ᠠ ᠵᠠᠩ ᠴᠢᠨᠠᠷ᠂ ᠲᠤᠮᠳᠠᠳᠣ ᠵᠢᠨ ᠦᠨᠳᠦᠰᠦᠲᠡᠨ᠎ᠤ ᠵᠣᠷᠢᠭ ᠰᠠᠨᠠᠭ᠋ᠠᠨ᠎ᠤ ᠨᠠᠨᠳᠢᠨ ᠵᠢᠷᠣᠭᠯᠠᠯ ᠪᠤᠯᠵᠠᠢ᠃ ᠮᠦᠨ ᠣᠯᠣᠰ ᠵᠶ᠋ᠠᠨ ᠬᠠᠢ᠌ᠷᠠᠯᠠᠬᠣ ᠦᠵᠡᠯ᠂ ᠬᠠᠮᠲᠤᠴᠢ ᠦᠵᠡᠯ᠂ ᠨᠡᠢ᠌ᠬᠡᠮ ᠵᠢᠷᠣᠮ᠎ᠤᠨ ᠦᠵᠡᠯ ᠰᠠᠨᠠᠭ᠋ᠠᠨ᠎ᠤ ᠲᠦᠪᠯᠡᠷᠡᠩᠭᠦᠢ ᠢᠯᠡᠷᠡᠯ ᠮᠦᠨ ᠂ ᠳᠣᠮᠳᠠᠳᠣ ᠣᠯᠣᠰ᠎ᠤᠨ ᠵᠣᠷᠢᠭ ᠰᠠᠨᠠᠭ᠎ᠠ᠂ ᠳᠣᠮᠳᠠᠳᠣ ᠤᠯᠣᠰ᠎ᠤᠨ ᠦᠷᠲᠡᠭ᠎ᠤᠨ ᠦᠵᠡᠯᠲᠡ ᠲᠠᠨᠢᠯᠲᠠ᠂ ᠳᠣᠮᠳᠠᠳᠣ ᠣᠯᠣᠰ᠎ᠤᠨ ᠲᠠᠢ᠌ᠴᠢᠨ ᠬᠦᠴᠦᠨ᠎ᠤ ᠢᠯᠡᠷᠡᠭᠦᠯᠦᠯ ᠮᠦᠨ᠃ ᠭᠤᠷᠪᠠ᠎ᠳᠤ᠂ ᠶᠠᠳᠠᠭᠣ᠎ᠠᠴᠠ ᠠᠩᠭᠢᠵᠢᠷᠠᠭᠣᠯᠬᠤ ᠪᠤᠭᠣᠮᠲᠠ ᠰᠢᠪᠲᠤᠯᠤᠯᠲᠠ ᠵᠢᠨ ᠵᠣᠷᠢᠭ ᠰᠠᠨᠠᠭ᠎ᠠ᠎ᠨᠢ ᠠᠭᠣᠣ ᠶᠡᠬᠡ ᠦᠨᠳᠦᠰᠦᠲᠡᠨ᠎ᠤ ᠵᠣᠷᠢᠭ ᠰᠠᠨᠠᠭ᠎ᠠ ᠵᠢ ᠣᠯᠠᠮᠵᠢᠯᠠᠨ ᠵᠠᠯᠭ᠋ᠠᠮᠵᠢᠯᠠᠪᠠ᠃ ᠪᠦᠬᠦ ᠨᠠᠮ ᠪᠦᠬᠦ ᠣᠯᠣᠰ ᠨᠠᠢ᠌ᠬᠡᠮ ᠳᠠᠶᠠᠭ᠋ᠠᠷ ᠵᠶ᠋ᠠᠨ ᠶᠠᠳᠠᠭᠣ᠎ᠠᠴᠠ ᠠᠩᠭᠢᠵᠢᠷᠠᠭᠣᠯᠬᠣ ᠪᠤᠭᠣᠮᠲᠠ ᠰᠢᠪᠳᠣᠯᠬᠤ ᠵᠣᠷᠢᠭ ᠰᠠᠨᠠᠭ᠎ᠠ ᠵᠢ ᠪᠠᠳᠠᠷᠠᠭᠣᠯᠣᠨ ᠨᠢᠭᠡ ᠰᠡᠳᠭᠢᠯ ᠵᠶ᠋ᠡᠷ ᠪᠦᠯᠬᠦᠮᠳᠡᠵᠦ ᠡᠷᠡᠯᠬᠡᠭᠯᠡᠨ ᠲᠡᠮᠡᠴᠡᠵᠦ᠂ ᠤᠷᠣᠭᠰᠢᠯᠠᠯᠲᠠ ᠵᠢᠨ ᠵᠠᠮ ᠳᠡᠭᠡᠷᠡᠬᠢ ᠠᠯᠢᠪᠠ ᠬᠦᠴᠢᠷ ᠪᠡᠷᠬᠡᠰᠢᠶᠡᠯ ᠠᠶᠣᠯ ᠲᠦᠭᠰᠢᠭᠦᠷᠢ ᠵᠢ ᠢᠯᠠᠨ ᠳᠠᠪᠠᠵᠣ᠂ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠦᠲᠦᠭᠡᠨ ᠪᠠᠢ᠌ᠭᠤᠯᠬᠤ ᠰᠢᠨ᠎ᠡ ᠢᠯᠠᠯᠲᠠ ᠵᠢ ᠣᠯᠣᠭᠰᠠᠨ᠎ᠨᠢ ᠨᠠᠢ᠌ᠬᠡᠮ ᠵᠢᠷᠦᠮᠲᠦ ᠤᠳᠣᠬᠢᠴᠢᠯᠠᠭᠰᠠᠨ ᠣᠯᠤᠰ ᠢ ᠪᠦᠬᠦ ᠲᠠᠯ᠎ᠠ᠎ᠪᠠᠷ ᠪᠦᠲᠦᠭᠡᠨ ᠪᠠᠢ᠌ᠭᠣᠯᠬᠣ ᠠᠭᠣᠣ ᠶᠡᠬᠡ ᠦᠢ᠍ᠯᠡᠰ᠎ᠢ ᠪᠡᠶᠡᠯᠡᠭᠦᠯᠬᠦ ᠵᠢᠨ ᠲᠦᠯᠦᠭᠡ ᠶᠤᠮ᠃
《ᠤᠷᠬᠢᠯᠳᠤᠷ ᠭᠠᠷᠬᠤ ᠤᠮᠤᠭ ᠵᠣᠷᠢᠭ ᠪᠠᠢ᠌ᠪᠠᠰᠤ ᠤᠷᠴᠢᠯᠠᠩ ᠲᠡᠯᠡᠭᠡᠢᠳᠤᠷ ᠪᠡᠷᠭᠡ ᠶᠠᠪᠤᠳᠠᠯ ᠠᠯᠠᠭ᠎ᠠ》 ᠬᠡᠮᠡᠭᠥ ᠨᠢᠭᠡᠨ ᠪᠠᠳᠠᠭ ᠦᠭᠡ ᠨᠠᠳᠠ᠎ᠳᠤ ᠳᠠᠬᠢᠨᠲᠠ ᠪᠤᠳᠣᠭᠳᠠᠨᠠ᠃ 《ᠠᠭᠣᠯᠠᠰ᠎ᠤᠨ ᠲᠤᠮᠳᠠᠭᠣᠷ᠂ ᠣᠰᠤᠨ᠎ᠤ ᠬᠠᠵᠠᠭᠣ᠎ᠪᠠᠷ᠂ ᠲᠠᠯ᠎ᠠ ᠵᠢᠨ ᠲᠣᠮᠳᠠᠭᠣᠷ᠂ ᠳᠠᠪᠠᠭ᠋ᠠᠨ᠎ᠤ ᠳᠡᠭᠡᠭᠦᠷ᠂ ᠲᠠᠷᠢᠶᠠᠨ᠎ᠤ ᠬᠠᠵᠠᠭᠣ᠎ᠪᠠᠷ᠂ ᠲᠤᠰᠬᠣᠨ᠎ᠤ ᠳᠣᠮᠳᠠᠭᠣᠷ ᠁ ᠵᠠᠮ ᠦᠷᠭᠦᠯᠵᠢᠯᠡᠨ᠎ᠡ ᠃》 ᠶᠠᠳᠠᠭᠤ᠎ᠠᠴᠠ ᠠᠩᠭᠢᠵᠢᠷᠠᠭᠣᠯᠬᠣ ᠡᠨᠡ ᠵᠠᠮ ᠵᠶ᠋ᠠᠷ ᠨᠠᠮ᠎ᠤᠨ ᠬᠡᠰᠢᠭᠦᠳ ᠬᠦᠳᠦᠯᠦᠨ ᠳᠠᠭ᠋ᠠᠭᠣᠯᠣᠭᠰᠠᠨ ᠶᠤᠮ᠃ ᠡᠨᠡ ᠪᠣᠯ ᠨᠠᠮ᠎ᠤᠨ ᠭᠡᠰᠢᠭᠦᠳ᠎ᠤᠨ ᠵᠣᠷᠢᠭ ᠰᠠᠨᠠᠭ᠎ᠠ ᠮᠦᠨ᠃ ᠡᠨᠡ ᠪᠣᠯ ᠨᠡᠢ᠌ᠬᠡᠮ ᠨᠡᠢ᠌ᠲᠠ ᠵᠢᠨ ᠵᠣᠷᠢᠭ ᠰᠠᠨᠠᠭ᠋ᠠᠨ᠎ᠤ ᠲᠣᠰᠬᠠᠯ ᠠᠵᠢ᠃ ᠡᠨᠡ ᠵᠣᠷᠢᠭ ᠰᠠᠨᠠᠭ᠋ᠠᠨ᠎ᠤ ᠳᠣᠰᠬᠠᠯ ᠢ ᠪᠦᠷᠢᠨᠪᠠᠶᠠᠷ ᠪᠠᠭᠰᠢᠲᠠᠨ᠂ ᠬᠠᠩᠳᠠᠭᠤᠳ ᠤᠰᠤᠨᠪᠤᠳᠤᠭ ᠪᠠᠭᠰᠢ《ᠮᠠᠯᠴᠢᠨ ᠠᠢ᠌ᠯ᠎ᠤᠨ ᠵᠠᠮ》 ᠪᠠᠷᠢᠮᠲᠠᠲᠤ ᠷᠤᠮᠠᠨᠳᠤᠪᠠᠨ ᠦᠨᠡᠨ ᠬᠦᠮᠦᠨ᠎ᠤ ᠦᠨᠡᠨ ᠬᠡᠷᠡᠭ ᠣᠴᠢᠷ ᠵᠶ᠋ᠡᠷ᠎ᠨᠢ ᠪᠢᠴᠢᠵᠦ ᠬᠠᠷᠠᠭᠤᠯᠤᠭᠰᠠᠨ ᠨᠢ ᠬᠡᠴᠢᠨᠡᠬᠡᠨ ᠶᠠᠬᠡ ᠨᠠᠨᠳᠢᠨ ᠬᠦᠳᠡᠯᠮᠦᠷᠢ ᠠᠵᠢ! ᠮᠦᠨ 《ᠨᠡᠢ᠌ᠬᠡᠮ》 ᠰᠡᠳᠭᠦᠯ᠎ᠤᠨ ᠲᠠᠪᠴᠠᠩ᠎ᠳᠤ ᠭᠡᠷᠡᠯᠳᠦᠭᠰᠡᠨ ᠭᠡᠷᠡᠯᠲᠦ ᠴᠠᠮᠬᠠᠭ ᠶᠤᠮ᠃
《ᠮᠠᠯᠴᠢᠨ ᠠᠢ᠌ᠯ᠎ᠤᠨ ᠵᠠᠮ》 ᠪᠠᠷᠢᠮᠲᠠᠲᠤ ᠷᠤᠮᠠᠨ᠎ᠳᠤ ᠵᠡᠭᠦᠨ ᠰᠠᠯᠠᠭ᠎ᠠ ᠭᠠᠴᠠᠭ᠋ᠠᠨ ᠤ ᠦᠬᠡᠷ ᠲᠡᠵᠢᠭᠡᠬᠦ ᠲᠤᠰᠬᠠᠢ ᠬᠤᠷᠰᠢᠶᠠᠵᠢᠯ᠎ᠤᠨ ᠦᠨᠳᠦᠰᠦᠨ ᠪᠠᠢ᠌ᠳᠠᠯ᠎ᠢ ᠦᠭᠦᠯᠡᠵᠦ ᠬᠤᠷᠰᠢᠶᠠᠵᠢᠯ᠎ᠤᠨ ᠵᠤᠬᠢᠶᠠᠨ ᠪᠠᠢ᠌ᠭᠣᠯᠣᠯᠲᠠ ᠵᠢᠨ ᠬᠡᠯᠪᠡᠷᠢ ᠬᠢᠭᠡᠳ ᠬᠠᠮᠢᠶᠠᠷᠣᠯᠲᠠ ᠵᠢᠨ ᠠᠷᠭ᠎ᠠ ᠮᠠᠶᠢᠭ᠎ᠤᠨ ᠲᠠᠯ᠎ᠠ᠎ᠪᠠᠷ ᠲᠠᠨᠢᠯᠴᠠᠭᠣᠯᠪᠡ᠃ ᠮᠠᠯᠴᠢᠳ᠎ᠤᠨ ᠬᠤᠷᠰᠢᠶᠠᠵᠢᠯ᠎ᠨᠢ ᠮᠠᠯᠴᠢᠳ᠎ᠤᠨ ᠬᠠᠮᠲᠣᠷᠠᠯ᠎ᠤᠨ ᠰᠠᠭᠣᠷᠢᠨ ᠳᠡᠭᠡᠷ᠎ᠡ ᠪᠤᠢ ᠪᠤᠯᠵᠣ ᠬᠤᠪᠢ ᠠᠢ᠌ᠯ ᠡᠷᠦᠬᠡ᠎ᠠᠴᠠ ᠬᠦᠳᠡᠯᠮᠦᠷᠢ ᠵᠢᠨ ᠬᠦᠴᠦᠨ᠂ ᠭᠠᠵᠠᠷ ᠰᠢᠷᠣᠢ᠂ ᠬᠦᠷᠦᠩᠭᠡ ᠮᠦᠩᠭᠦ᠂ ᠮᠠᠯ ᠤᠨᠤᠭ᠎ᠠ ᠵᠡᠷᠭᠡ ᠵᠤᠢ᠌ᠯ ᠵᠶ᠋ᠠᠷ ᠪᠡᠯᠡ ᠬᠠᠮᠲᠣᠷᠠᠭᠣᠯᠣᠨ ᠬᠤᠷᠰᠢᠵᠣ᠂ ᠠᠰᠢᠭ ᠬᠤᠨᠵᠢᠪᠤᠷᠢ᠎ᠪᠠᠨ ᠳᠠᠬᠢᠨ ᠬᠤᠪᠢᠶᠠᠷᠢᠯᠠᠳᠠᠭ ᠶᠤᠮ᠃ ᠵᠡᠭᠦᠨ ᠰᠠᠯᠠᠭ᠎ᠠ ᠭᠠᠴᠠᠭ᠋ᠠᠨ᠎ᠤ ᠮᠠᠯᠴᠢᠳ ᠠᠴᠠ ᠬᠦᠳᠡᠯᠮᠦᠷᠢ ᠵᠢᠨ ᠬᠦᠴᠦᠨ᠂ ᠬᠦᠷᠦᠩᠭᠡ ᠮᠦᠩᠭᠦ᠂ ᠭᠠᠵᠠᠷ ᠰᠢᠷᠦᠢ᠂ 《 ᠬᠦᠷᠦᠩᠭᠡ ᠮᠦᠩᠭᠦ + ᠭᠠᠵᠠᠷ ᠰᠢᠷᠦᠢ》 ᠭᠡᠬᠦ ᠮᠡᠲᠦ ᠵᠢᠨ ᠣᠯᠠᠨ ᠲᠦᠷᠦᠯ᠎ᠤᠨ ᠪᠡᠯᠡ ᠤᠷᠣᠭᠣᠯᠣᠯᠲᠠ ᠵᠢᠨ ᠠᠷᠭ᠎ᠠ ᠬᠡᠯᠪᠡᠷᠢ ᠵᠢ ᠰᠣᠩᠭᠣᠨ᠂ ᠡᠳ᠋ ᠬᠦᠷᠦᠩᠭᠡ᠎ᠪᠠᠨ ᠨᠢᠭᠡᠳᠬᠡᠨ ᠵᠠᠬ᠎ᠠ ᠵᠡᠭᠡᠯᠢ ᠵᠢᠨ ᠰᠣᠯᠢᠯᠴᠠᠭ᠎ᠠ᠎ᠪᠠᠷ ᠳᠠᠮᠵᠢᠨ᠂ ᠠᠵᠤ ᠠᠬᠤᠢ ᠵᠢᠨ ᠦᠷ᠎ᠡ ᠠᠰᠢᠭ᠎ᠢ ᠪᠤᠢ ᠪᠤᠯᠭ᠋ᠠᠵᠣ ᠵᠢᠯ᠎ᠤᠨ ᠡᠴᠣᠰ᠎ᠲᠤ ᠬᠤᠷᠰᠢᠶᠠᠵᠢᠯ᠎ᠨᠢ ᠠᠰᠢᠭ ᠤᠷᠣᠯᠭ᠎ᠠ᠎ᠪᠠᠨ ᠨᠢᠭᠡᠳᠦᠯᠲᠡᠢ ᠬᠤᠪᠢᠶᠠᠷᠢᠯᠠᠳᠠᠭ ᠰᠢᠨ᠎ᠡ ᠠᠷᠭ᠎ᠠ ᠲᠣᠷᠰᠢᠯᠭ᠎ᠠ ᠵᠢ ᠡᠭᠦᠳᠴᠡᠢ᠃
ᠵᠡᠭᠦᠨ ᠰᠠᠯᠠᠭ᠎ᠠ ᠭᠠᠴᠠᠭ᠋ᠠᠨ᠎ᠤ ᠱᠦᠵᠢ ᠡᠣ ᠶᠦᠨ ᠪᠦᠸᠸ ᠪᠣᠯ ᠰᠠᠢ᠌ᠨ ᠬᠦᠮᠦᠨ᠎ᠤ ᠦᠷ᠎ᠡ ᠶᠤᠮ᠃ ᠲᠡᠭᠦᠨ᠎ᠤ ᠡᠴᠢᠭᠡ᠎ᠨᠢ ᠳᠡᠭᠡᠷ᠎ᠡ ᠵᠠᠭᠤᠨ᠎ᠤ ᠨᠠᠶᠠᠭ᠋ᠠᠳ ᠣᠨ᠎ᠤ ᠦᠶ᠎ᠡ ᠵᠢᠨ ᠮᠢᠩᠭ᠎ᠠ ᠭᠠᠷᠣᠢ ᠮᠦ᠍ ᠭᠠᠵᠠᠷ᠎ᠢ ᠣᠢ᠌ᠵᠢᠭᠣᠯᠣᠭᠰᠠᠨ ᠪᠦᠬᠦ ᠤᠷᠣᠨ᠎ᠤ ᠣᠢ ᠰᠢᠭᠣᠢ ᠵᠢᠨ ᠲᠡᠷᠢᠭᠦᠨ᠎ᠤ ᠠᠵᠢᠯᠲᠠᠨ᠂ ᠡᠵᠢ᠎ᠨᠢ ᠪᠠᠭᠰᠢ ᠪᠠᠢ᠌ᠪᠠ᠃ ᠲᠡᠷᠡ ᠡᠨᠡ ᠬᠦ᠌ ᠤᠷᠴᠢᠨ ᠲᠣᠭᠣᠷᠢᠨ᠎ᠳᠤ ᠵᠠᠩ ᠠᠭ᠋ᠠᠯᠢ᠎ᠨᠢ ᠨᠣᠮᠣᠬᠠᠨ ᠳᠠᠷᠣᠣ ᠦᠰᠴᠦ ᠬᠦᠮᠦᠵᠢᠭᠳᠡᠵᠡᠢ᠃ ᠳᠡᠬᠦᠨ᠎ᠤ ᠣᠶᠣᠨ ᠰᠠᠨᠠᠭ᠎ᠠ ᠨᠢ 《ᠪᠠᠶᠠᠨ》 ᠪᠠᠢ᠌ᠭᠰᠠᠨ ᠪᠤᠯᠬᠣᠷ ᠨᠠᠮ᠎ᠤᠨ ᠭᠡᠰᠢᠭᠦᠨ᠎ᠤ ᠡᠷᠬᠢᠮ ᠳᠡᠭᠡᠳᠦ ᠵᠠᠩ ᠴᠢᠨᠠᠷ ᠵᠶ᠋ᠠᠷ ᠮᠠᠯᠴᠢᠳ᠎ᠢ ᠪᠠᠶᠠᠵᠢᠯ᠎ᠤᠨ ᠵᠠᠮ᠎ᠳᠤ ᠬᠦᠳᠦᠯᠵᠦ ᠴᠢᠳᠠᠪᠠ᠃ ᠲᠡᠷᠡ 《 ᠬᠠᠢ᠌ᠷ᠎ᠠ》 ᠂ 《ᠬᠠᠷᠢᠭᠤᠴᠠᠯᠭ᠎ᠠ》 ᠵᠢᠨ ᠬᠦᠨᠳᠦ ᠶᠤᠰᠣ ᠵᠢ ᠵᠥᠪ ᠲᠠᠨᠢᠵᠤ ᠴᠢᠳᠠᠪᠠ᠃ ᠲᠡᠷᠡ ᠲᠥᠪ ᠭᠣᠣᠯᠴᠢ ᠵᠠᠩ ᠴᠢᠨᠠᠷᠲᠠᠢ ᠂ ᠬᠠᠮᠳᠦ᠎ᠪᠠᠷ ᠪᠠᠶᠠᠵᠢᠬᠤ ᠵᠢ ᠵᠤᠷᠢᠵᠣ ᠬᠤᠷᠰᠢᠶᠠᠵᠢᠯ ᠪᠠᠢ᠌ᠭᠣᠯᠪᠠ᠃ ᠲᠡᠷᠡ ᠬᠦᠴᠢᠷ ᠪᠡᠷᠬᠡ ᠵᠢ ᠢᠯᠠᠨ ᠳᠠᠪᠠᠬᠣ ᠰᠥᠰᠦ ᠵᠣᠷᠢᠭᠲᠠᠢ᠂ ᠣᠯᠠᠨ᠎ᠢ ᠳᠠᠢ᠌ᠴᠢᠯᠠᠨ ᠲᠦᠮᠡᠨ ᠵᠶ᠋ᠠᠨ ᠲᠦᠰᠢᠭᠯᠡᠵᠦ 《ᠴᠢᠰᠦ ᠶᠡᠭᠦᠯᠡᠳᠡᠭ》 ᠬᠤᠷᠰᠢᠶᠠᠵᠢᠯ ᠢ ᠦᠭᠡᠷᠠᠴᠢᠯᠡᠵᠦ 《ᠴᠢᠰᠦ ᠪᠦᠲᠦᠭᠡᠳᠡᠭ》 ᠠᠮᠵᠢᠯᠲᠠ ᠵᠢ ᠬᠦᠷᠪᠡ᠃ ᠪᠦᠷᠢᠨᠴᠣᠲᠣ ᠲᠤᠪᠴᠢᠶᠠᠨ ᠳᠠᠷᠣᠭ᠎ᠠ ᠠᠴᠠ ᠲᠡᠭᠦᠨ᠎ᠢ ᠄ 《ᠡᠣ ᠶᠦᠨ ᠪᠦᠸᠸ ᠦᠴᠦᠬᠡᠨ ᠴᠦ᠍ ᠠᠮᠢᠨᠴᠢᠷ ᠪᠤᠰᠣ᠂ ᠲᠠᠷᠢᠬᠢ ᠬᠤᠷᠴᠠᠯᠢᠭ ᠴᠠᠭ ᠦᠶ᠎ᠡ ᠵᠢᠨ ᠬᠠᠨᠳᠣᠰᠢ ᠵᠢ ᠦᠵᠡᠵᠦ ᠭᠠᠷᠳᠠᠭ᠂ ᠦᠢ᠍ᠯᠡᠰ᠎ᠤᠨ ᠲᠦᠯᠦᠭᠡ ᠦᠬᠦᠨ ᠴᠢᠷᠮᠠᠢ᠌ᠬᠤ ᠵᠣᠷᠢᠭ ᠰᠥᠰᠦ᠎ᠲᠠᠢ ᠬᠦᠮᠦᠨ ᠶᠤᠮ᠃ ᠥᠭᠡᠷ᠎ᠡ ᠬᠦᠮᠦᠨ ᠲᠠᠭ᠋ᠠᠷᠠᠭᠰᠠᠨ ᠪᠣᠯ ᠡᠨᠡ ᠦᠶ᠎ᠡ ᠳᠤ ᠬᠡᠳᠦᠢ᠌ᠨ᠎ᠤ ᠲᠠᠮᠫᠣᠷᠠᠴᠢᠬᠠᠵᠠᠢ᠃ ᠲᠡᠷᠡ ᠵᠣᠷᠢᠭ ᠣᠬᠠᠭ᠋ᠠᠨ ᠬᠤᠤᠰᠯᠠᠭᠰᠠᠨ ᠬᠦᠮᠦᠨ ᠪᠤᠯᠬᠣᠷ ᠠᠯᠢᠪᠠ ᠬᠦᠴᠢᠷ ᠰᠠᠭ᠋ᠠᠳ᠎ᠢ ᠳᠠᠪᠠᠨ ᠲᠤᠭᠤᠯᠵᠣ᠂ ᠰᠠᠢ᠌ᠨ ᠰᠠᠢ᠌ᠬᠠᠨ᠎ᠤ ᠵᠦᠭ᠎ᠲᠤ ᠦᠷᠭᠦᠯᠵᠢᠯᠡᠨ ᠴᠢᠷᠮᠠᠢ᠌ᠵᠣ ᠪᠠᠢ᠌ᠪᠠ᠃ ᠡᠬᠢᠨ᠎ᠤ ᠦᠶ᠎ᠡ ᠳᠤ ᠬᠤᠷᠰᠢᠶᠠᠵᠢᠯ ᠪᠡᠯᠡ ᠮᠦᠩᠭᠦᠨ᠎ᠤ ᠲᠡᠮᠵᠢᠯᠭᠡ ᠬᠠᠷᠠᠬᠠᠨ ᠪᠠᠢ᠌ᠭ᠎ᠠ ᠦᠬᠡᠢ ᠴᠠᠭ᠎ᠲᠤ ᠭᠠᠴᠠᠭ᠋ᠠᠨ᠎ᠤ ᠶᠠᠳᠠᠭᠣ ᠵᠦᠳᠡᠭᠦᠦ ᠠᠷᠠᠳ ᠵᠶ᠋ᠠᠨ ᠳᠠᠭ᠋ᠠᠭᠣᠯᠣᠨ ᠬᠤᠷᠰᠢᠶᠠᠵᠢᠯ ᠪᠠᠢ᠌ᠭᠣᠯᠬᠣ ᠭᠡᠭᠴᠢ ᠵᠢᠩᠬᠢᠨᠢ ᠵᠤᠷᠢᠭᠲᠠᠢ ᠬᠦᠮᠦᠨ᠎ᠤ ᠬᠢᠳᠡᠭ ᠠᠵᠢᠯ 》 ᠭᠡᠵᠤ ᠦᠨᠡᠯᠡᠪᠡ ᠃
ᠡᠨᠡᠴᠢᠯᠡᠨ 《ᠨᠠᠢ᠌ᠬᠡᠮ》 ᠰᠡᠳᠭᠦᠯ ᠤᠨ ᠰᠢᠯᠢᠳᠡᠭ ᠵᠤᠬᠢᠶᠠᠯ ᠪᠦᠳᠦᠭᠡᠯ᠎ᠠᠴᠠ ᠴᠠᠭ ᠦᠶ᠎ᠡ ᠵᠢᠨ ᠳᠠᠭᠣ ᠴᠣᠣᠷᠢᠶ᠎ᠠ ᠪᠤᠯᠣᠭᠰᠠᠨ ᠰᠢᠯᠢᠳᠡᠭ ᠨᠠᠮ᠎ᠤᠨ ᠭᠡᠰᠢᠭᠦᠨ᠎ᠤ ᠵᠢᠱ᠌ᠢᠶᠡᠴᠢ ᠦᠢ᠍ᠯᠡ ᠠᠵᠢᠯᠯᠠᠭ᠎ᠠ᠂ ᠲᠠᠪᠰᠢᠩᠭᠣᠢ ᠵᠣᠷᠢᠭ ᠰᠠᠨᠠᠭ᠎ᠠ ᠵᠢ ᠣᠯᠵᠣ ᠰᠣᠷᠣᠯᠴᠠᠯᠠ᠃ ᠰᠢᠯᠢᠳᠡᠭ ᠵᠤᠬᠢᠶᠠᠯ ᠪᠦᠲᠦᠭᠡᠯ ᠪᠠᠢ᠌ᠬᠣ᠎ᠳᠤ ᠰᠢᠯᠢᠳᠡᠭ ᠵᠤᠬᠢᠶᠠᠯᠴᠢ᠂ ᠰᠢᠯᠢᠳᠡᠭ ᠵᠣᠬᠢᠶᠠᠯᠴᠢ ᠵᠢᠨ ᠡᠩᠨᠡᠭᠡ ᠪᠠᠢ᠌ᠬᠣ ᠬᠡᠷᠡᠭᠲᠡᠢ᠃ ᠰᠢᠯᠢᠳᠡᠭ ᠪᠦᠲᠦᠭᠡᠯ ᠳᠡᠯᠭᠡᠭᠳᠡᠬᠦ᠎ᠳᠤ ᠰᠢᠯᠢᠳᠡᠭ ᠲᠠᠪᠴᠠᠩ ᠪᠠᠢ᠌ᠬᠣ ᠬᠡᠷᠡᠭᠳᠡᠢ ᠠᠵᠢ᠃ 《ᠨᠠᠢ᠌ᠬᠡᠮ》 ᠰᠡᠳᠭᠦᠯ᠎ᠤᠨ ᠵᠣᠬᠢᠶᠠᠯ ᠪᠦᠳᠦᠭᠡᠯ᠂ ᠮᠡᠳᠡᠭᠡ ᠵᠠᠩᠭᠢ ᠨᠢ ᠴᠢᠭᠯᠡᠯ ᠬᠠᠨᠳᠣᠯᠭ᠎ᠠ ᠲᠤᠳᠣᠷᠬᠠᠢ᠎ᠪᠠᠷ ᠨᠠᠮ᠎ᠤᠨ ᠲᠦᠷᠥ ᠵᠢᠨ ᠪᠤᠳᠣᠯᠭ᠎ᠠ ᠵᠢᠨ ᠵᠣᠷᠢᠭ ᠰᠠᠨᠠᠭ᠎ᠠ ᠵᠢ ᠴᠠᠭ ᠲᠤᠬᠠᠢ ᠳᠤᠨᠢ ᠣᠯᠠᠮᠵᠢᠯᠠᠬᠤ᠎ᠠᠴᠠ ᠭᠠᠳᠠᠨ᠎ᠠ ᠮᠠᠨ᠎ᠤ ᠤᠷᠣᠨ᠎ᠤ ᠠᠷᠠᠳ᠎ᠤᠨ ᠠᠮᠢᠳᠣᠷᠠᠯ᠎ᠤᠨ ᠰᠢᠨ᠎ᠡ ᠬᠤᠪᠢᠷᠠᠯᠲᠠ ᠂ ᠰᠢᠨ᠎ᠡ ᠭᠦᠭᠵᠢᠯᠲᠡ ᠵᠢ ᠠᠳᠠᠯᠢ ᠪᠤᠰᠣ ᠬᠠᠷᠠᠭ᠋ᠠᠰᠣᠠᠴᠠ ᠰᠣᠷᠲᠠᠯᠴᠢᠯᠠᠭ᠎ᠠ ᠬᠢᠵᠣ ᠮᠡᠳᠡᠭᠡᠯᠡᠭᠰᠡᠨ ᠪᠠᠢ᠌ᠳᠠᠭ᠃ ᠡᠨᠡ᠎ᠨᠢ ᠪᠣᠰᠣᠳ ᠰᠡᠳᠭᠦᠯ᠎ᠠᠴᠠ ᠢᠯᠭ᠋ᠠᠭᠳᠠᠬᠣ ᠠᠷᠠᠳ᠎ᠤᠨ ᠶᠠᠪᠤᠳᠠᠯ ᠵᠶ᠋ᠠᠷ ᠭᠣᠣᠯ ᠪᠤᠯᠭ᠋ᠠᠭᠰᠠᠨ ᠨᠠᠢ᠌ᠬᠡᠮᠴᠢ ᠴᠢᠨᠠᠷ᠎ᠢ ᠬᠠᠳᠠᠭ᠋ᠠᠯᠠᠪᠠ᠃ ᠨᠦᠭᠦᠭᠡ ᠲᠠᠯ᠎ᠠ᠎ᠪᠠᠷ᠂ ᠡᠯ᠎ᠠ ᠱᠠᠲᠣᠨ᠎ᠤ ᠣᠳᠣᠷᠢᠳᠣᠯᠭ᠎ᠠ ᠺᠠᠳ᠋ᠷ ᠨᠠᠷ᠎ᠤᠨ ᠠᠷᠠᠳ ᠲᠦᠮᠡᠨ᠎ᠤ ᠲᠦᠯᠦᠭᠡ ᠴᠢᠷᠮᠠᠢ᠌ᠨ ᠠᠵᠢᠯᠯᠠᠵᠤ ᠪᠠᠢ᠌ᠭ᠎ᠠ ᠬᠠᠷᠢᠭᠣᠴᠠᠯᠭ᠋ᠠᠲᠣ ᠤᠪᠣᠷ ᠰᠤᠷᠲᠠᠯ ᠪᠣᠯᠣᠨ ᠬᠠᠢ᠌ᠷ᠎ᠠ ᠬᠠᠯᠠᠮᠵᠢ ᠵᠢ 《ᠨᠠᠢ᠌ᠬᠡᠮ》 ᠰᠡᠳᠭᠦᠯ ᠠᠴᠠ ᠤᠯᠵᠣ ᠬᠠᠷᠠᠨ᠎ᠠ᠃
《ᠮᠠᠯᠴᠢᠨ ᠠᠢ᠌ᠯ ᠤᠨ ᠵᠠᠮ》 ᠪᠠᠷᠢᠮᠲᠠᠲᠤ ᠷᠣᠮᠠᠨ᠎ᠳᠤ 《ᠣᠳᠣᠬᠠᠨ᠎ᠤ ᠬᠤᠷᠰᠢᠶᠠᠵᠢᠯ ᠲᠠᠪᠢᠭ᠋ᠠᠳ ᠣᠨ᠎ᠤ ᠬᠤᠷᠰᠢᠶᠠᠵᠢᠯ᠎ᠠᠴᠠ ᠠᠷᠠᠢ ᠥᠭᠡᠷ᠎ᠡ ᠪᠠᠢ᠌ᠳᠠᠭ ᠠᠵᠣ ᠠᠬᠣᠢ ᠵᠢᠨ ᠵᠤᠬᠢᠶᠠᠨ ᠪᠠᠢ᠌ᠭᠣᠯᠣᠯᠲᠠ ᠪᠤᠯᠣᠨ᠎ᠠ》 ᠭᠡᠵᠦ ᠦᠭᠦᠯᠡᠭᠰᠡᠨ ᠪᠠᠢ᠌ᠳᠠᠭ᠃ ᠡᠵᠡᠩᠨᠡᠯᠳᠡ ᠵᠢᠨ ᠬᠦᠳᠡᠯᠦᠩᠭᠦᠢ ᠡᠷᠬᠡ᠎ᠨᠢ ᠮᠠᠯᠴᠢᠨ ᠲᠠᠷᠢᠶᠠᠴᠢᠨ᠎ᠤ ᠬᠤᠪᠢ ᠤᠷᠣᠭᠰᠠᠨ ᠡᠷᠥᠬᠡ ᠵᠢᠨ ᠡᠵᠠᠮᠳᠠᠯᠳᠤ ᠪᠠᠢ᠌ᠳᠠᠭ᠃ ᠵᠠᠰᠠᠭ᠎ᠠᠴᠠ ᠵᠦᠪᠬᠡᠨ ᠲᠥᠷᠦ ᠵᠢᠨ ᠪᠤᠳᠣᠯᠭ᠎ᠠ ᠵᠢᠨ ᠲᠠᠯ᠎ᠠ᠎ᠠᠴᠠ ᠬᠦᠲᠦᠯᠬᠦ ᠪᠤᠯᠣᠨ ᠪᠡᠯᠡ ᠮᠦᠩᠭᠦ᠎ᠪᠠᠷ ᠳᠡᠮᠵᠢᠳᠡᠭ᠃ ᠲᠣᠬᠠᠢ᠌ᠯᠠᠪᠠᠯ ᠣᠳᠣᠬᠠᠨ᠎ᠤ ᠬᠤᠷᠰᠢᠶᠠᠵᠢᠯ ᠪᠣᠯ ᠪᠦᠷᠢᠮᠦᠰᠦᠨ ᠵᠠᠬ᠎ᠠ ᠳᠡᠯᠭᠡᠭᠦᠷ ᠵᠶ᠋ᠠᠷ ᠭᠣᠣᠯ ᠴᠣᠭᠴᠠ ᠪᠤᠯᠭ᠋ᠠᠭᠰᠠᠨ ᠦᠪᠡᠷᠰᠡᠳ ᠵᠶ᠋ᠡᠨ ᠡᠵᠡᠨ ᠮᠡᠳᠡᠵᠦ᠂ ᠦᠪᠡᠷᠰᠡᠳ ᠵᠶ᠋ᠡᠨ ᠡᠷᠬᠡᠰᠢᠶᠡᠳᠡᠭ ᠠᠵᠣ ᠠᠬᠣᠢ ᠵᠢᠨ ᠵᠣᠬᠢᠶᠠᠨ ᠪᠠᠢ᠌ᠭᠣᠯᠣᠯᠲᠠ ᠶᠤᠮ᠃ ᠬᠡᠨ ᠬᠦᠮᠦᠨ ᠰᠠᠢ᠌ᠨ ᠳᠤᠷ᠎ᠠ᠎ᠠᠴᠠ᠎ᠪᠠᠨ ᠬᠤᠷᠰᠢᠶᠠᠵᠢᠯ᠎ᠳᠤ ᠤᠷᠣᠵᠣ᠂ ᠬᠠᠷᠢᠯᠴᠠᠨ ᠬᠠᠪᠰᠣᠷᠣᠯᠴᠠᠨ ᠬᠠᠷᠢᠯᠴᠠᠨ ᠠᠰᠢᠭᠯᠠᠬᠤ ᠠᠵᠣ ᠠᠬᠣᠢ ᠵᠢᠨ ᠬᠡᠯᠪᠡᠷᠢ ᠪᠤᠯᠬᠣ ᠶᠤᠮ᠃ ᠬᠤᠷᠰᠢᠶᠠᠵᠢᠯ᠎ᠳᠤ ᠤᠷᠣᠬᠣ ᠪᠣᠶᠣ ᠭᠠᠷᠬᠣ᠎ᠨᠢ ᠴᠢᠯᠦᠭᠡᠳᠡᠢ ᠪᠠᠢ᠌ᠳᠠᠭ᠃
ᠮᠠᠯ᠎ᠤᠨ ᠡᠭᠦᠯᠳᠡᠷ᠎ᠤᠨ ᠲᠠᠯ᠎ᠠ᠎ᠪᠠᠷ 《 ᠮᠠᠯᠴᠢᠨ ᠠᠢ᠌ᠯ ᠬᠤᠷᠰᠢᠶᠠᠵᠢᠯ》 ᠨᠤᠳᠣᠭ᠎ᠤᠨ ᠰᠢᠷ᠎ᠠ ᠦᠬᠡᠷ ᠵᠶ᠋ᠡᠨ ᠤᠷᠬᠢᠭᠰᠠᠨ ᠦᠬᠡᠢ᠃ ᠰᠢᠨ᠎ᠡ᠎ᠪᠠᠷ ᠭᠠᠷᠴᠦ ᠪᠠᠢ᠌ᠭ᠎ᠠ ᠬᠤᠷᠰᠢᠶᠠᠵᠢᠯ ᠨᠢᠳᠣᠨ ᠡᠮᠦᠨᠡᠬᠢ ᠠᠰᠢᠭ ᠬᠤᠨᠵᠢᠪᠤᠷᠢ ᠵᠢ ᠪᠤᠳᠣᠯᠬᠢᠯᠠᠵᠣ ᠠᠩᠸᠰ ᠮᠡᠲᠦ ᠵᠢᠨ ᠭᠠᠳᠠᠭ᠋ᠠᠳᠣ᠎ᠠᠴᠠ ᠤᠷᠣᠭᠣᠯᠣᠭᠰᠠᠨ ᠮᠠᠯ᠎ᠤᠨ ᠡᠭᠦᠯᠳᠡᠷ᠎ᠢ ᠭᠣᠣᠯᠴᠢᠯᠠᠨ ᠬᠦᠭᠵᠢᠭᠦᠯᠵᠦ ᠪᠠᠢ᠌ᠳᠠᠭ᠃ ᠲᠡᠳᠡᠭᠡᠷ ᠡᠭᠦᠯᠳᠡᠷ᠎ᠤᠨ ᠮᠠᠯ ᠪᠠᠶ᠎ᠡ᠎ᠪᠠᠷ ᠲᠣᠮᠣ᠂ ᠮᠢᠬ᠎ᠠ᠎ᠪᠠᠷ ᠵᠣᠵᠠᠭ᠋ᠠᠨ ᠪᠤᠯᠬᠣᠷ ᠤᠷᠣᠯᠭ᠎ᠠ ᠰᠠᠢ᠌ᠨ ᠪᠠᠢ᠌ᠳᠠᠭ ᠠᠵᠠᠢ᠃ ᠭᠡᠪᠡᠴᠦ ᠮᠢᠬ᠎ᠠ ᠱᠦᠯᠦᠨᠤ ᠴᠢᠨᠠᠷ ᠵᠶ᠋ᠠᠷ ᠪᠠᠷᠣᠭᠲᠠᠢ ᠪᠠᠢ᠌ᠳᠠᠭ᠃ ᠤᠷᠣᠯᠭ᠎ᠠ ᠵᠢ ᠬᠦᠭᠡᠭᠡᠴᠡᠯᠳᠦᠭᠰᠡᠨᠤ ᠤᠯᠠᠮ᠎ᠠᠴᠠ ᠨᠤᠲᠣᠭ᠎ᠤᠨ ᠰᠢᠷ᠎ᠠ ᠦᠬᠡᠷ᠎ᠢ ᠲᠡᠵᠢᠭᠡᠬᠦ ᠬᠦᠮᠦᠰ ᠴᠦᠭᠡᠷᠡᠵᠣ ᠪᠠᠢ᠌ᠪᠠ᠃ ᠡᠣ ᠶᠦᠨ ᠪᠦᠸᠸ 《ᠮᠠᠯᠴᠢᠨ ᠠᠢ᠌ᠯ ᠬᠤᠷᠰᠢᠶᠠᠵᠢᠯ》᠎ᠤᠨ ᠪᠠᠢ᠌ᠷᠢᠰᠢᠯ᠎ᠢ ᠲᠦᠰᠢᠭᠯᠡᠵᠦ ᠦᠬᠡᠷ᠎ᠤᠨ ᠭᠠᠷᠣᠯᠲᠠ ᠵᠢᠨ ᠶᠠᠰᠣ ᠴᠢᠨᠠᠷ᠎ᠢ ᠪᠤᠳᠣᠯᠬᠢᠯᠠᠵᠣ ᠨᠤᠳᠣᠭ᠎ᠤᠨ ᠰᠢᠷ᠎ᠠ ᠦᠬᠡᠷ᠎ᠢ ᠲᠡᠵᠢᠭᠡᠬᠦ᠎ᠠᠴᠠ ᠪᠤᠴᠠᠭᠰᠠᠨ ᠦᠬᠡᠢ᠃ 《ᠤᠳᠣᠬᠠᠨ᠎ᠳᠤ ᠡᠷᠯᠢᠰᠡ ᠬᠣᠨᠢᠨ ᠮᠢᠬ᠎ᠠ ᠵᠢ ᠵᠣᠭᠣᠭᠯᠠᠬᠣ ᠬᠦᠮᠦᠨ ᠴᠦᠭᠡᠷᠡᠭᠰᠡᠨᠤ ᠤᠯᠠᠮ ᠵᠶ᠋ᠠᠷ ᠲᠡᠵᠢᠭᠡᠬᠦ ᠬᠦᠮᠦᠨ ᠴᠦ᠍ ᠴᠦᠭᠡᠷᠡᠵᠦ ᠨᠤᠲᠣᠭ᠎ᠤᠨ ᠬᠣᠨᠢ᠎ᠪᠠᠨ ᠳᠠᠬᠢᠵᠣ ᠲᠡᠵᠢᠭᠡᠬᠦ ᠪᠤᠯᠣᠭᠰᠠᠨ᠎ᠲᠠᠢ ᠠᠳᠠᠯᠢ᠎ᠪᠠᠷ ᠬᠣᠵᠢᠮ ᠡᠷᠯᠢᠰᠡ ᠦᠬᠡᠷ᠎ᠤᠨ ᠮᠢᠬ᠎ᠠ ᠵᠢ ᠵᠤᠭᠤᠭᠯᠠᠬᠣ ᠬᠦᠮᠦᠨ ᠴᠦᠭᠡᠷᠡᠬᠦ᠎ᠪᠠᠷ ᠨᠤᠳᠣᠭ᠎ᠤᠨ ᠰᠢᠷ᠎ᠠ ᠦᠬᠡᠷ᠎ᠤᠨ ᠮᠢᠬ᠎ᠠ ᠦᠨᠡᠳᠤ ᠭᠠᠷᠬᠣ᠎ᠨᠢ ᠳᠠᠮᠵᠢᠭ ᠦᠬᠡᠢ 》 ᠭᠡᠵᠣ ᠲᠡᠷᠡ᠎ᠪᠠᠷ ᠵᠠᠬ᠎ᠠ ᠵᠡᠭᠡᠯᠢ ᠵᠢᠨ ᠬᠦᠭᠵᠢᠯᠲᠡ ᠵᠢ ᠤᠷᠢᠳᠴᠢᠯᠡᠨ ᠲᠦᠰᠦᠭᠡᠯᠡᠵᠦ ᠴᠢᠳᠠᠨ᠋ᠠᠰᠠᠨ ᠶᠤᠮ᠃ ᠭᠠᠳᠠᠭ᠋ᠠᠳᠣ ᠵᠢᠨ ᠦᠬᠡᠷ᠎ᠤᠨ ᠮᠢᠬ᠎ᠠ ᠦᠨ᠎ᠡ ᠬᠦᠷᠴᠦ᠂ ᠨᠤᠳᠣᠭ᠎ᠤᠨ ᠦᠬᠡᠷ᠎ᠤᠨ ᠮᠢᠬ᠎ᠠ ᠦᠨ᠎ᠡ ᠬᠦᠷᠬᠦ ᠦᠬᠡᠢ ᠵᠠᠬ᠎ᠠ ᠵᠠᠭᠡᠯᠢ ᠵᠢᠨ ᠪᠤᠷᠣᠭᠣ ᠬᠦᠳᠦᠯᠦᠮᠵᠢ ᠵᠢ 《ᠮᠠᠯᠴᠢᠨ ᠠᠢ᠌ᠯ》 ᠲᠠᠨᠢᠵᠣ ᠮᠡᠳᠡᠷᠡᠭᠰᠡᠨ ᠶᠤᠮ᠃ 《 ᠮᠠᠯᠴᠢᠨ ᠠᠢ᠌ᠯ ᠬᠤᠷᠰᠢᠶᠠᠵᠢᠯ》 ᠨᠢ ᠥᠭᠡᠷ᠎ᠡ ᠪᠤᠰᠣᠳ ᠬᠣᠷᠰᠢᠶᠠᠵᠢᠯ ᠠᠴᠠ ᠡᠷᠡᠰ ᠢᠯᠭ᠋ᠠᠭ᠎ᠠ᠎ᠲᠠᠢ ᠪᠠᠷ ᠬᠤᠷᠰᠢᠶᠠᠵᠢᠯ᠎ᠠᠴᠠ ᠬᠤᠪᠢ ᠡᠷᠦᠭᠡ᠎ᠳᠤ ᠦᠬᠡᠷ ᠬᠤᠳᠠᠯᠳᠣᠨ ᠠᠪᠴᠦ ᠦᠭᠭᠦᠭᠡᠳ᠂ ᠡᠪᠡᠰᠦ ᠪᠣᠷᠳᠣᠭ᠎ᠠ ᠬᠠᠩᠭ᠋ᠠᠨ᠂ ᠠᠷᠠᠴᠢᠯᠠᠭ᠎ᠠ ᠳᠣᠳᠣᠮᠳᠠᠯᠭ᠎ᠠ ᠵᠢ᠎ᠨᠢ ᠵᠢᠭ᠋ᠠᠨ ᠵᠢᠯᠣᠭᠣᠳᠴᠦ᠂ ᠶᠠᠮᠠᠷ ᠨᠢᠭᠡᠨ ᠦᠢ᠍ᠯᠡᠴᠢᠯᠡᠭᠡ ᠬᠠᠩᠭ᠋ᠠᠬᠣ ᠬᠡᠯᠪᠡᠷᠢ ᠵᠢ (ᠬᠠᠷᠢᠴᠠᠩᠭᠣᠢ᠎ᠪᠠᠷ) ᠰᠣᠩᠭᠣᠭᠠ ᠦᠬᠡᠢ ᠃ ᠬᠠᠷᠢᠨ ᠭᠠᠴᠠᠭ᠋ᠠᠨ᠎ᠤ ᠮᠠᠯᠴᠢᠨ ᠠᠷᠠᠳ ᠬᠤᠪᠢ ᠤᠷᠣᠭᠣᠯᠵᠣ ᠦᠬᠡᠷ ᠵᠶ᠋ᠡᠨ ᠨᠢᠭᠡᠳᠦᠯᠲᠡᠢ ᠲᠡᠵᠢᠭᠡᠵᠣ ᠤᠷᠣᠯᠭ᠎ᠠ᠎ᠪᠠᠨ ᠬᠤᠪᠢ ᠤᠷᠣᠭᠣᠯᠣᠭᠰᠠᠨ ᠬᠠᠷᠢᠴᠠᠯ ᠵᠶ᠋ᠠᠷ ᠠᠰᠢᠭ ᠬᠤᠪᠢᠶᠠᠷᠢᠯᠠᠬᠣ ᠬᠡᠯᠪᠡᠷᠢ ᠵᠢᠨ ᠶᠠᠳᠠᠭᠤ᠎ᠠᠴᠠ ᠠᠩᠭᠢᠵᠢᠷᠠᠭᠤᠯᠬᠤ ᠵᠠᠮ᠎ᠢ ᠰᠣᠩᠭᠣᠭᠰᠠᠨ ᠶᠤᠮ᠃ ᠡᠨᠡ ᠮᠡᠲᠦ ᠦᠵᠡᠯᠲᠡ ᠲᠠᠨᠢᠯᠲᠠ᠎ᠪᠠᠨ ᠲᠠᠰᠣᠷᠠᠯᠲᠠ ᠦᠬᠡᠢ ᠳᠡᠭᠡᠭᠰᠢᠯᠡᠭᠦᠯᠵᠦ ᠰᠢᠨᠡᠴᠢᠯᠡᠬᠦ᠎ᠨᠢ ᠠᠵᠤ ᠠᠬᠣᠢ ᠵᠢᠨ ᠬᠦᠭᠵᠢᠯᠲᠡ ᠵᠢᠨ ᠲᠤᠮᠳᠠᠬᠢ ᠴᠢᠬᠤᠯᠠ ᠨᠢᠭᠡ ᠠᠵᠢᠯ᠎ᠤᠨ ᠠᠭᠣᠯᠭ᠎ᠠ ᠪᠤᠯᠣᠨ᠎ᠠ ᠃
ᠶᠠᠳᠠᠭᠣ ᠵᠢ ᠠᠩᠭᠢᠵᠢᠷᠠᠭᠤᠯᠬᠤ ᠪᠤᠭᠣᠮᠲᠠ ᠰᠢᠪᠳᠤᠯᠬᠤ ᠰᠢᠢ᠍ᠳᠪᠦᠷᠢᠲᠦ ᠲᠠᠢ᠌ᠯᠳᠣᠭ᠋ᠠᠨᠳᠤ ᠮᠢᠩᠭ᠎ᠠ ᠲᠦᠮᠡᠨ ᠨᠠᠮ᠎ᠤᠨ ᠭᠡᠰᠢᠭᠦᠨ᠎ᠤ ᠲᠤᠮᠲᠠ᠎ᠠᠴᠠ ᠴᠣᠯᠭᠣᠷᠠᠨ ᠭᠠᠷᠣᠭᠰᠠᠨ ᠵᠢᠱ᠌ᠢᠶ᠎ᠡ ᠪᠣᠯ ᠡᠣ ᠶᠦᠨ ᠪᠦᠸᠸ ᠶᠤᠮ᠃ ᠲᠡᠭᠦᠨ᠎ᠤ ᠵᠢᠱ᠌ᠢᠶᠡᠴᠢ ᠦᠢ᠍ᠯᠡ ᠠᠵᠢᠯᠯᠠᠭ᠎ᠠ ᠵᠢ ᠠᠮᠢᠳᠦ ᠳᠦᠷᠰᠦᠯᠢᠭ ᠵᠶ᠋ᠠᠷ ᠨᠢᠳᠦᠨ᠎ᠳᠤ ᠬᠠᠷᠠᠭᠳᠠᠮ᠎ᠠ᠂ ᠭᠠᠷ᠎ᠲᠤ ᠪᠠᠷᠢᠭᠳᠠᠮ᠎ᠠ ᠪᠢᠷ᠎ᠤᠨ ᠦᠵᠦᠭᠦᠷ ᠲᠤ ᠪᠠᠨ ᠠᠮᠢᠯᠠᠵᠣ ᠴᠢᠳᠠᠭᠣᠯᠣᠭᠰᠠᠨ ᠪᠦᠷᠢᠨᠪᠠᠶᠠᠷ ᠪᠠᠭᠰᠢᠲᠠᠨ᠂ ᠬᠠᠩᠳᠠᠭᠣᠳ ᠣᠰᠤᠨᠪᠤᠳᠣᠭ ᠪᠠᠭᠰᠢ ᠳᠤ᠎ᠪᠠᠨ ᠲᠠᠯᠠᠷᠬᠠᠶ᠎ᠠ᠃ ᠵᠢᠱ᠌ᠢᠶᠡᠴᠢ ᠬᠦᠮᠦᠰ᠎ᠤᠨ ᠦᠢ᠍ᠯᠡ ᠶᠠᠪᠤᠳᠠᠯ᠎ᠢ ᠳᠠᠶᠠᠭ᠋ᠠᠷ᠎ᠤᠨ ᠮᠡᠯᠮᠡᠢ᠎ᠳᠤ ᠬᠦᠷᠭᠡᠭᠰᠡᠨ 《ᠨᠠᠢ᠌ᠬᠡᠮ》 ᠰᠡᠳᠭᠦᠯ᠂ ᠰᠡᠳᠭᠦᠯᠴᠢ ᠨᠠᠷ ᠲᠤ᠎ᠪᠠᠨ ᠲᠠᠯᠠᠷᠬᠠᠶ᠎ᠠ!
ᠵᠤᠬᠢᠶᠠᠭᠴᠢ ᠵᠢᠨ ᠬᠠᠶᠢᠭ᠄ ᠬᠦᠬᠡᠬᠤᠲᠠ ᠵᠢᠨ ᠰᠠᠢ᠌ᠬᠠᠨ ᠲᠣᠭᠣᠷᠢᠭ