ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠪᠡᠭᠡᠵᠢᠡᠭ᠎ᠳᠤ ᠴᠢᠪᠠᠬᠳᠠᠬᠰᠠᠨ ᠦᠨᠳᠤᠰᠤᠳᠡᠨ᠎ᠤ ᠪᠦᠯᠬᠦᠮᠳᠡᠯ᠎ᠤᠨ ᠠᠶᠠᠯᠭᠤ
ᠨᠡᠶᠢᠲᠡᠯᠡᠭᠰᠡᠨ ᠴᠠᠭ᠄ 2022-07-05

  ᠪᠡᠭᠡᠵᠢᠡᠭ᠎ᠳᠤ ᠴᠢᠪᠠᠬᠳᠠᠬᠰᠠᠨ ᠦᠨᠳᠤᠰᠤᠳᠡᠨ᠎ᠤ ᠪᠦᠯᠬᠦᠮᠳᠡᠯ᠎ᠤᠨ ᠠᠶᠠᠯᠭᠤ
                           ᠸ᠊ · ᠠᠭᠤᠯᠨ ᠵᠤᠬᠢᠶᠠᠪᠠ
       
   ᠤᠷᠠᠯᠢᠭ᠎ᠤᠨ ᠷᠢᠳᠢ ᠰᠢᠳᠢ᠎ᠲᠠᠢ ᠬᠤᠷᠴᠢᠨ ᠨᠤᠳᠤᠭ᠎ᠲᠤ ᠲᠤᠷᠨᠢᠨ ᠪᠤᠢ᠌ᠵᠢᠭᠰᠠᠨ ᠮᠧᠩ ᠹᠦ᠋  ᠵᠦ᠍  1972 ᠤᠨ᠎ᠳᠤ ᠲᠦᠩᠯᠢᠶᠤᠥ ᠬᠤᠳᠠ ᠵᠢᠨ ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤᠨ᠎ᠠᠴᠠ ᠤᠷᠠᠯᠢᠭ᠎ᠤᠨ ᠵᠠᠮ ᠵᠢᠨᠨ ᠡᠯᠭᠦᠭᠰᠡᠨ ᠶᠤᠮ᠃

1.jpg

 
  

    ᠬᠤᠷᠴᠢᠨ ᠰᠤᠶᠤᠯ ᠤᠷᠠᠯᠢᠭ᠎ᠤᠨ ᠬᠦᠷᠤᠰᠤᠨ᠎ᠡ ᠬᠦᠮᠦᠵᠢᠭᠳᠡᠭᠰᠡᠨ ᠮᠧᠩ ᠹᠦ᠋  ᠵᠦ᠍ ᠲᠡᠭᠡᠳᠦ  ᠲᠤᠮᠳᠠᠳᠤ  ᠵᠢᠨ  ᠬᠤᠶᠠᠳᠤᠭ᠋ᠠᠷ ᠤᠨ᠎ᠳᠤ ᠪᠢᠴᠢᠭ ᠦᠵᠡᠵᠦ ᠪᠠᠢ᠌ᠬᠤ᠎ᠳᠤ᠎ᠪᠠᠨ᠂ ᠬᠤᠷᠴᠢᠨ ᠵᠡᠭᠦᠨ ᠭᠠᠷᠤᠨ ᠲᠤᠮᠳᠠᠳᠤ ᠬᠤᠰᠢᠭᠤᠨ᠎ᠤ ᠲᠠᠭᠤᠨ᠎ᠤ ᠤᠷᠤᠯᠳᠤᠭ᠋ᠠᠨ ᠤᠷᠤᠯᠴᠠᠭ᠋ᠠᠳ ᠬᠢᠨᠠᠭᠴᠢ ᠵᠢᠨ ᠰᠠᠢ᠌ᠨ ᠦᠨᠡᠯᠡᠯᠳᠡ ᠵᠢ  ᠤᠯᠪᠠ᠂ ᠨᠢᠬᠡ ᠬᠢᠨᠠᠭᠴᠢ ᠪᠠᠬᠰᠢ ᠲᠡᠬᠦᠨ᠎ᠳᠤ᠄ 《ᠴᠢ ᠤᠯᠤᠰ᠎ᠤᠨ ᠰᠢᠯᠭ᠋ᠠᠯᠳᠠ᠎ᠪᠠᠷ ᠲᠠᠮᠵᠢᠨ ᠤᠷᠠᠯᠢᠭ᠎ᠤᠨ ᠲᠤᠰᠠᠬᠠᠢ ᠮᠡᠷᠭᠡᠵᠢᠯ᠎ᠤᠨ ᠶᠡᠬᠡ  ᠰᠤᠷᠭ᠋ᠠᠭᠤᠯᠢ᠎ᠳᠤ ᠰᠢᠯᠭ᠋ᠠᠵᠤ ᠪᠤᠯᠤᠨ᠎ᠠ ᠰᠢᠤ》 ᠭᠡᠰᠡᠨ᠎ᠳᠤ ᠰᠠᠢ᠌ᠨ ᠲᠠᠷᠢᠶᠠᠴᠢᠨ ᠪᠤᠯᠬᠤ᠎ᠪᠠᠷ ᠪᠤᠳᠤᠵᠤ ᠪᠠᠢ᠌ᠭᠰᠠᠨ  ᠮᠧᠩ ᠹᠦ᠋  ᠵᠦ᠍ ᠲᠠᠭᠤᠥ ᠤᠷᠠᠯᠢᠭ ᠵᠢᠨᠷ ᠪᠠᠰᠠ ᠶᠡᠬᠡ ᠰᠤᠷᠭ᠋ᠠᠭᠤᠯᠢ᠎ᠳᠤ ᠰᠢᠯᠠᠭ᠋ᠠᠵᠤ ᠪᠤᠯᠬᠤ ᠶᠤᠮ ᠪᠠᠢ᠌ᠨ᠎ᠠ ᠭᠡᠳᠡᠭ᠎ᠢ ᠤᠬᠠᠵᠤ᠂ ᠬᠤᠪᠢ ᠵᠠᠶᠠᠭ᠎ᠠ᠎ᠪᠠᠨ  ᠦᠬᠡᠷᠡᠴᠢᠯᠡᠬᠦ ᠰᠠᠷᠠᠭᠤᠯ ᠵᠠᠮ  ᠵᠢᠨᠷ  ᠵᠢᠯᠤᠭᠤ᠎ᠪᠠᠨ  ᠰᠤᠩᠭ᠋ᠠᠭᠰᠠᠨ ᠪᠠᠢ᠌ᠨ᠎ᠠ᠃
   ᠡᠢ᠌ᠨ ᠬᠦ᠌ 1993 ᠤᠨ᠎ᠳᠤ ᠮᠧᠩ ᠹᠦ᠋ ᠵᠦ᠍ ᠦᠪᠦᠷ ᠮᠤᠩᠭᠤᠯ᠎ᠤᠨ ᠪᠠᠭᠰᠢ ᠵᠢᠨ ᠶᠡᠬᠡ ᠰᠤᠷᠭ᠋ᠠᠭᠤᠯᠢ ᠵᠢᠨ ᠤᠷᠠᠯᠢᠭ᠎ᠤᠨ ᠲᠤᠰᠬᠠᠢ ᠮᠡᠷᠬᠡᠵᠢᠯ᠎ᠤᠨ ᠰᠠᠯᠪᠤᠷᠢ᠎ᠳᠤ ᠡᠯᠰᠡᠭᠳᠡᠪᠡ᠃ ᠲᠡᠷᠨ᠎ᠪᠠᠷ ᠲᠤᠰᠬᠤᠨ᠎ᠤ᠎ᠪᠠᠨ ᠠᠡᠭᠬᠠᠨ᠎ᠤ ᠤᠶᠤᠳᠠᠨ ᠪᠤᠯᠵᠤ᠂ ᠠᠢ᠌ᠯ ᠠᠢ᠌ᠮᠠᠭ᠂ ᠡᠯᠢᠬᠡᠨ ᠰᠠᠳᠤᠨ᠎ᠤ᠎ᠪᠠᠨ ᠬᠠᠢ᠌ᠷ᠎ᠠ ᠪᠠᠬᠷᠬᠠᠯ᠎ᠢ ᠠᠴᠢᠭ᠋ᠠᠳ ᠲᠠᠭᠤᠥ ᠤᠷᠠᠯᠢᠭ᠎ᠤᠨ ᠵᠠᠮ ᠵᠢᠨᠨ  ᠰᠢᠭᠤᠷᠬᠠᠢ ᠡᠯᠭᠦᠨ ᠪᠢᠯᠨ᠃
   ᠲᠡᠭᠡᠷ᠎ᠡ ᠵᠠᠭᠤᠨ ᠎ᠤ ᠶᠡᠷᠡᠭᠡᠳ  ᠤᠨ᠎ᠤ  ᠡᠬᠢ ᠎ᠪᠠᠷ ᠶᠡᠬᠡ ᠰᠤᠷᠭ᠋ᠠᠭᠤᠯᠢ ᠵᠢᠨ ᠤᠶᠤᠳᠠᠳ ᠎ᠢ ᠬᠤᠪᠢᠶᠠᠷᠢᠯᠠᠨ ᠠᠵᠢᠯ᠎ᠤᠨ ᠪᠠᠢ᠌ᠷᠢ ᠲᠤᠬᠢᠷᠠᠭᠤᠯᠳᠠᠭ ᠲᠤᠯᠨ ᠪᠦᠬᠦ ᠤᠯᠤᠰ᠎ᠤᠨ ᠵᠠᠯᠠᠭᠤ  ᠲᠠᠭᠤᠴᠢᠨ᠎ᠤ ᠤᠷᠤᠯᠳᠤᠭ᠋ᠠᠨ᠎ᠳᠤ ᠱᠠᠩᠨᠠᠯ ᠬᠦᠷᠳᠡᠭᠰᠡᠨ ᠲᠡᠷᠨ᠎ᠪᠠᠷ ᠪᠤᠭᠤᠳᠤ ᠬᠤᠳᠠ᠎ᠳᠤ ᠲᠤᠮᠳᠠᠳᠤ ᠰᠤᠷᠭ᠋ᠠᠭᠤᠯᠢ ᠵᠢᠨ ᠲᠠᠭᠤᠨ᠎ᠤ ᠪᠠᠭᠰᠢ᠎ᠪᠠᠷ ᠬᠤᠪᠢᠶᠠᠬᠳᠠᠵᠠᠢ᠃ ᠮᠧᠩ ᠹᠦ᠋ ᠵᠦ᠍ ᠴᠦᠬᠦᠷᠡᠰᠢ ᠦᠭᠡᠢ ᠰᠢᠷᠭ᠋ᠠᠭᠤ ᠬᠠᠳᠠᠭᠤᠵᠢᠯᠳᠠᠢ ᠤᠷᠤᠯᠳᠤᠯᠭ᠎ᠠ ᠬᠢᠭᠡᠳ ᠲᠤᠰᠬᠠᠢ ᠮᠡᠷᠭᠡᠵᠢᠯ᠎ᠤᠨ ᠤᠷ᠎ᠠ ᠠᠪᠢᠶᠠᠰ ᠵᠢᠨᠨ ᠲᠦᠰᠢᠭᠯᠡᠨ᠂ ᠬᠤᠶᠠᠷ ᠵᠢᠯ ᠪᠠᠭᠰᠢᠯᠠᠭᠰᠠᠨ᠎ᠤ ᠲᠠᠷᠠᠭ᠎ᠠ᠂ ᠦᠪᠦᠷ ᠮᠤᠩᠭᠤᠯ᠎ᠤᠨ ᠷᠠᠳᠢᠣ᠋ ᠤᠷᠠᠯᠢᠭ᠎ᠤᠨ  ᠪᠦᠯᠬᠦᠮ᠎ᠳᠤ ᠲᠤᠰᠬᠠᠢ ᠲᠠᠭᠤᠴᠢᠨ ᠵᠶ᠋ᠡᠷ ᠤᠷᠢᠬᠳᠠᠬᠰᠠᠨ᠎ᠤ ᠬᠠᠮᠳᠤ᠂ ᠤᠯᠤᠰ᠎ᠤᠨ ᠲᠤᠳᠤᠭ᠋ᠠᠳᠤ ᠭᠠᠳᠠᠭ᠋ᠠᠳᠤ ᠵᠢᠨ ᠤᠯᠠᠨ ᠤᠳᠠᠭ᠋ᠠᠨ᠎ᠤ  ᠲᠤᠬᠯᠠᠯᠳᠠ᠎ᠳᠤ  ᠤᠷᠤᠯᠴᠠᠪᠠ᠂ ᠬᠦᠰᠡᠯ ᠡᠪᠦᠷᠯᠡᠭᠰᠡᠨ ᠬᠦᠮᠦᠨ ᠬᠦᠰᠡᠷ ᠬᠠᠶᠠᠭᠳᠠᠬᠤ ᠦᠭᠡᠢ᠂ ᠢᠳᠡᠭᠡᠯ ᠲᠦᠷᠦᠭᠡᠯᠡᠭᠰᠡᠨ ᠡᠷ᠎ᠡ ᠤᠷᠭᠢᠯ ᠎ᠳᠤ  ᠭᠠᠷᠳᠠᠭ   ᠶᠤᠰᠤᠨ ᠵᠶ᠋ᠡᠷ ᠲᠡᠷᠡ ᠦᠶ᠎ᠡ᠎ᠠᠴᠠ ᠡᠬᠢᠯᠡᠨ ᠲᠠᠭᠤᠥ  ᠤᠷᠠᠯᠢᠭ ᠎ᠤᠨ ᠠᠯᠳᠠᠨ ᠲᠠᠢ᠌ᠰᠠᠨ᠎ᠠ ᠠᠯᠳᠠᠷ ᠨᠡᠷ᠎ᠡ᠎ᠲᠠᠢ ᠭᠢᠯᠠᠯᠵᠠᠵᠤ ᠶᠠᠪᠤᠯ᠎ᠠ᠃
   2003 ᠤᠨ᠎ᠳᠤ ᠲᠡᠷᠡ ᠫᠠᠰᠫᠤᠷᠲ ᠵᠢᠨᠨ ᠪᠠᠷᠢᠵᠤ᠂ ᠲᠠᠨᠢᠯ ᠪᠤᠰᠤ ᠭᠧᠷᠮᠠᠨ ᠤᠯᠤᠰ᠎ᠲᠤ  ᠬᠦᠷᠴᠦ᠂  ᠬᠠᠷ᠎ᠠ ᠪᠤᠷᠤ ᠠᠵᠢᠯ ᠬᠢᠵᠦ ᠠᠵᠤ  ᠠᠮᠢᠳᠤᠷᠠᠯ ᠵᠢᠨᠨ ᠠᠷᠭ᠋ᠠᠴᠠᠭ᠋ᠠᠬᠤ ᠵᠢᠨ ᠲᠠᠭ᠋ᠠᠤ᠂ ᠰᠢᠨᠳᠠᠷᠠᠰᠢ ᠦᠭᠡᠢ ᠰᠦᠰᠦ ᠵᠤᠷᠢᠭ ᠵᠶ᠋ᠠᠷ ᠰᠢᠷᠭ᠋ᠠᠭᠤ ᠰᠤᠷᠤᠯᠴᠠᠬᠰᠠᠨ᠎ᠤ ᠳ᠋ᠦᠡᠭ᠎ᠳᠤ ᠰᠢᠯᠢᠳᠡᠭ ᠬᠢᠷᠢ ᠪᠦᠳᠦᠮᠵᠢ᠎ᠪᠠᠷ  ᠭ᠋ᠸᠷᠮᠡᠨ ᠤᠯᠤᠰ᠎ᠤᠨ ᠺᠤᠯᠤᠨ ᠲᠠᠭᠤᠥ ᠬᠦᠭᠵᠢᠮ᠎ᠤᠨ ᠲᠡᠭᠡᠳᠦ ᠰᠤᠷᠭ᠋ᠠᠭᠤᠯᠢ᠎ᠳᠤ ᠰᠢᠯᠭ᠋ᠠᠨ ᠤᠷᠤᠬᠤ ᠵᠢᠨ ᠬᠠᠮᠳᠤ 《ᠤᠷᠠᠯᠢᠭᠴᠢᠨ ᠎ᠤ ᠠᠩᠭᠢ 》 ᠪᠤᠯᠤᠨ  《  ᠭᠤᠴᠤᠯᠠᠯ ᠲᠠᠭᠤᠥ ᠵᠢᠨ ᠠᠩᠭᠢ》᠎ᠳᠤ ᠬᠤᠥᠰ  ᠠᠰᠫᠢᠷᠠᠨᠲ ᠵᠢᠨ ᠰᠤᠷᠤᠯᠭ᠎ᠠ ᠵᠢᠨ ᠠᠮᠢᠳᠤᠷᠠᠯ᠎ᠤᠨ ᠵᠠᠮ᠎ᠢ ᠡᠯᠬᠦᠪᠡ᠃ ᠡᠨᠡ ᠬᠦ᠌ ᠬᠤᠭᠤᠴᠠᠭ᠋ᠠᠨ᠎ᠳᠤ  ᠲᠡᠷᠡ ᠂  ᠪᠠᠷᠠᠭᠤᠨ ᠡᠸᠦ᠋ᠷᠤᠫᠠ ᠵᠢᠨ ᠡᠯ᠎ᠡ ᠤᠯᠤᠰ ᠤᠷᠤᠨ ᠵᠢᠨᠷ  ᠲᠡᠯᠡᠬᠡᠢ ᠵᠢᠨ ᠡᠯ᠎ᠡ ᠤᠯᠤᠰ᠎ᠤᠨ ᠰᠢᠯᠢᠳᠡᠭ ᠤᠷᠠᠯᠢᠭᠴᠢᠳ᠎ᠲᠠᠢ ᠲᠤᠬᠯᠠᠯᠳᠠ ᠭᠠᠷᠭ᠋ᠠᠳᠠᠭ ᠪᠦᠬᠡᠳ ᠬᠤᠶᠠᠷ ᠬᠠᠮᠳᠤᠯᠢᠭ᠎ᠲᠠᠢ᠎ᠪᠠᠨ ᠦᠷᠬᠦᠯᠵᠢ ᠬᠠᠮᠵᠢᠯᠴᠠᠳᠠᠭ᠃ ᠭᠧᠷᠮᠠᠨ ᠤᠯᠤᠰ᠎ᠲᠤ ᠰᠤᠷᠤᠯᠴᠠᠭᠰᠠᠨ 7  ᠵᠢᠯ᠎ᠤᠨ ᠲᠤᠷᠰᠢ ᠬᠠᠷᠢ ᠭᠦᠷᠦᠨ᠎ᠤ ᠤᠷᠠᠯᠢᠭ᠎ᠤᠨ ᠰᠢᠮ᠎ᠡ ᠵᠢ ᠰᠠᠢ᠌ᠳᠤᠷ ᠰᠦᠪᠡᠭᠴᠢᠯᠡᠭᠰᠡᠨ ᠵᠢᠨᠷ ᠦᠯᠦ ᠪᠠᠷᠠᠨ᠂ ᠦᠰᠴᠦ ᠲᠦᠷᠦᠭᠰᠡᠨ ᠡᠬᠡ ᠨᠤᠳᠤᠭ᠎ᠤᠨ ᠵᠢᠨᠨ ᠰᠤᠶᠤᠯ ᠤᠷᠠᠯᠢᠭ᠎ᠤᠨ ᠡᠷᠬᠢᠮ ᠨᠠᠨᠳᠢᠨ ᠦᠨ᠎ᠡ ᠴᠠᠨ᠎ᠠ ᠵᠢ ᠰᠡᠷᠡᠵᠤ ᠮᠡᠳᠡᠬᠦ ᠵᠢᠨ ᠤᠯᠠᠮ᠎ᠠᠴᠠ ᠦᠩᠭᠡᠷᠡᠭᠰᠡᠨ ᠤᠳᠤᠬᠠᠨ᠎ᠤ ᠤᠷᠠᠯᠢᠭ᠎ᠤᠨ ᠰᠡᠳᠭᠢᠬᠦᠢ᠂ ᠦᠷᠦᠨ᠎ᠡ ᠪᠤᠯᠤᠨ ᠲᠤᠷᠤᠨᠠᠳᠤ ᠵᠢᠨ ᠭᠦᠨ ᠤᠬᠠᠭ᠋ᠠᠨ ᠎ᠤ ᠦᠵᠡᠯ ᠰᠠᠨᠠᠭ᠎ᠠ ᠵᠡᠷᠭᠡ ᠵᠢ ᠬᠠᠷᠢᠯᠴᠠᠨ ᠠᠪᠴᠠᠯᠳᠤᠭᠤᠯᠵᠤ᠂ ᠴᠦᠬᠦᠷᠡᠰᠢ ᠦᠭᠡᠢ ᠴᠢᠷᠮᠠᠢ᠌ᠯᠭ᠎ᠠ᠎ᠪᠠᠷ ᠵᠢᠨᠨ ᠲᠡᠥᠬᠡᠨ ᠰᠤᠩᠭᠤᠳᠠᠭ ᠤᠷᠠᠯᠢᠭ ᠎ᠤᠨ ᠰᠤᠳᠤ ᠵᠢ  ᠰᠢᠨ᠎ᠡ ᠡᠷᠢᠨ᠎ᠤ ᠤᠳᠤᠬᠢ ᠪᠠᠢ᠌ᠳᠠᠯ᠎ᠳᠤ  ᠵᠤᠬᠢᠴᠠᠭᠤᠯᠬᠤ᠎ᠪᠠᠷ ᠤᠷᠤᠯᠳᠤᠭᠰᠠᠨ ᠶᠤᠮ᠃
   ᠮᠧᠩ ᠹᠦ᠋ ᠵᠦ᠍ 2010 ᠤᠨ᠎ᠳᠤ ᠭᠧᠷᠮᠠᠨ  ᠤᠯᠤᠰ᠎ᠲᠤ᠎ᠬᠢ ᠠᠯᠢᠪᠠ᠎ᠪᠠᠨ ᠤᠷᠬᠢᠵᠤ᠂ ᠡᠬᠡ ᠤᠯᠤᠰ᠎ᠲᠤ᠎ᠪᠠᠨ ᠢᠷᠡᠵᠦ᠂ ᠶᠡᠬᠡ ᠰᠤᠷᠭ᠋ᠠᠭᠤᠯᠢ ᠵᠢᠨ ᠲᠠᠭᠤᠥ ᠤᠷᠠᠯᠢᠭ᠎ᠤᠨ ᠪᠠᠭᠰᠢ ᠪᠤᠯᠬᠤ ᠭᠡᠨᠡᠨ  ᠬᠤᠡᠭᠭᠤᠷ ᠬᠦᠰᠡᠯ ᠵᠢᠨᠨ  ᠲᠡᠷᠭᠡᠯᠰᠢᠭᠦᠯᠦᠭᠰᠡᠨ ᠪᠠᠢ᠌ᠨ᠎ᠠ᠃ ᠰᠤᠷᠭ᠋ᠠᠭᠤᠯᠢ ᠵᠢᠨ ᠵᠢᠭ᠋ᠠᠨ ᠰᠤᠷᠭ᠋ᠠᠯᠳᠠ᠎ᠠᠴᠠ ᠭᠠᠳᠠᠨ᠎ᠠ᠂ ᠰᠢᠨᠵᠢᠶᠠᠩ᠂ ᠭᠤᠸᠠᠩᠰᠢ᠂ ᠦᠪᠦᠷ ᠮᠤᠩᠭᠤᠯ ᠵᠡᠷᠭᠡ ᠭᠠᠵᠠᠷ ᠤᠷᠤᠨ᠎ᠤ ᠤᠷᠠᠯᠢᠭ᠎ᠤᠨ  ᠶᠡᠬᠡ ᠰᠤᠷᠭ᠋ᠠᠭᠤᠯᠢ᠎ᠨᠤᠭᠤᠳ ᠪᠤᠶᠤ ᠰᠤᠶᠤᠯ ᠰᠤᠷᠭ᠋ᠠᠨ ᠬᠦᠮᠦᠵᠢᠯ ᠬᠢᠭᠡᠳ ᠬᠤᠯᠪᠤᠭᠳᠠᠯ ᠪᠦᠬᠦᠢ ᠤᠬᠠᠭᠤᠯᠬᠤ ᠬᠡᠯᠳᠡᠰ᠎ᠤᠨ᠎ᠬᠢᠨ᠎ᠲᠠᠢ ᠬᠠᠮᠵᠢᠯᠴᠠᠵᠤ᠂ ᠡᠯ᠎ᠡ ᠭᠠᠵᠠᠷ ᠤᠷᠤᠨ᠎ᠤ ᠰᠤᠶᠤᠯ᠎ᠤᠨ ᠤᠳᠤᠬᠠᠨ᠎ᠤ ᠪᠠᠢ᠌ᠳᠠᠯ ᠵᠢᠨ ᠦᠨᠳᠤᠰᠤᠯᠡᠨ ᠢᠵᠠᠭᠤᠷ ᠤᠷᠠᠯᠢᠭ᠎ᠤᠨ ᠮᠡᠷᠭᠡᠵᠢᠯ᠎ᠢ ᠵᠢᠭ᠋ᠠᠨ ᠵᠢᠯᠤᠭᠤᠳᠴᠤ᠂ ᠬᠦᠮᠦᠨ ᠵᠢᠨᠷ ᠦᠨᠳᠦᠰᠦ ᠪᠤᠯᠭ᠋ᠠᠨ᠂ ᠨᠠᠷᠢᠨ ᠨᠢᠭᠳᠠ  ᠰᠤᠳᠤᠯᠳᠠᠭ᠃ ᠮᠧᠩ ᠹᠦ᠋ ᠵᠦ᠍᠄ 《ᠭᠠᠳᠠᠭ᠋ᠠᠳᠤ᠎ᠳᠤ ᠬᠡᠳᠦᠨ ᠵᠢᠯ ᠲᠠᠭᠤᠥ ᠤᠷᠠᠯᠢᠭ ᠭᠡᠵᠦ ᠮᠤᠩᠭᠢᠨᠠᠭ᠋ᠠᠳ ᠡᠳᠤᠢ ᠲᠡᠳᠤᠢ ᠠᠮᠵᠢᠯᠳᠠ ᠤᠯᠤᠭᠰᠠᠨ ᠪᠤᠯᠪᠠᠴᠤ᠂ ᠡᠬᠡ ᠤᠯᠤᠰ᠂  ᠡᠬᠡ ᠨᠤᠳᠤᠭ ᠮᠠᠨᠢ ᠦᠷᠦᠴᠡ ᠵᠢᠷᠦᠬᠡᠨ᠎ᠠᠴᠠ ᠭᠠᠷᠳᠠᠭ ᠦᠬᠡᠢ᠃ ᠪᠢ ᠲᠤᠮᠳᠠᠳᠤ ᠭᠠᠳᠠᠭ᠋ᠠᠳᠤ ᠵᠢᠨ ᠤᠯᠠᠨ ᠤᠳᠠᠭ᠋ᠠᠨ᠎ᠤ ᠲᠤᠭᠯᠠᠯᠳᠠ ᠨᠢᠬᠡ ᠪᠦᠷᠢ᠎ᠳᠤ ᠦᠪᠡᠷ᠎ᠤᠨ ᠤᠤᠭ᠋ᠠᠯ ᠬᠡᠪ ᠨᠠᠮᠪᠠ ᠪᠤᠯᠤᠨ ᠲᠠᠯ᠎ᠠ ᠨᠤᠳᠤᠭ᠎ᠤᠨ ᠰᠤᠶᠤᠯ᠎ᠤᠨ ᠬᠠᠢ᠌ᠷ᠎ᠠ ᠪᠢᠯᠬᠠᠮ᠎ᠠ  ᠲᠦᠷᠢ ᠪᠠᠢ᠌ᠳᠠᠯ ᠵᠢᠨᠨ ᠬᠠᠳᠠᠭ᠋ᠠᠯᠠᠨ᠂ ᠬᠤᠷᠴᠢᠨ ᠨᠤᠳᠤᠭ᠎ᠤᠨ ᠤᠨᠴᠠᠯᠢᠭ ᠪᠦᠬᠦᠢ ᠠᠷᠠᠳ᠎ᠤᠨ ᠲᠠᠭᠤᠥ ᠵᠢᠨ ᠮᠦᠨ ᠴᠢᠨᠠᠷ᠎ᠢ ᠢᠯᠡᠷᠡᠬᠦᠯᠬᠦ᠎ᠪᠠᠷ ᠴᠢᠷᠮᠠᠢ᠌ᠳᠠᠭ》 ᠭᠡᠵᠤ ᠬᠡᠯᠡᠳᠡᠭ ᠶᠤᠮ᠃ ᠡᠨᠡ ᠬᠦ᠌ ᠦᠬᠡᠨ᠎ᠳᠤ ᠲᠡᠬᠦᠨ᠎ᠤ ᠲᠠᠭᠤᠥ ᠤᠷᠠᠯᠢᠭ᠎ᠤᠨ ᠰᠢᠳᠢ᠎ᠳᠤ ᠰᠤᠭᠳᠤᠭᠤᠷᠠᠨ ᠶᠠᠪᠤᠭᠰᠠᠨ ᠰᠢᠨᠳᠠᠰᠤᠯᠢᠭ  ᠮᠤᠩᠭᠤᠯ ᠡᠷ᠎ᠡ ᠵᠢᠨ ᠤᠶᠠᠨ ᠬᠠᠳᠠᠨ ᠴᠢᠨᠠᠷ᠎ᠨᠢ ᠪᠢᠯᠬᠠᠵᠤ ᠪᠠᠢ᠌ᠯ᠎ᠠ᠃
   ᠲᠠᠭᠤᠯᠠᠬᠤ ᠪᠠ ᠪᠡᠶ᠎ᠡ ᠮᠠᠬᠠᠪᠤᠳ᠎ᠤᠨ ᠴᠠᠬᠢᠷᠢᠭᠵᠢᠯ᠎ᠤᠨ ᠤᠷᠭ᠋ᠠᠨᠢᠭ ᠬᠤᠯᠪᠤᠭ᠎ᠠ ᠵᠢ ᠴᠢᠬᠤᠯᠠᠴᠢᠯᠠᠳᠠᠭ ᠮᠸᠡᠭ ᠹᠦ᠋ ᠵᠤ᠌ 《ᠬᠤᠭᠤᠯᠠᠢ ᠵᠢᠨ ᠦᠩᠭᠡ ᠵᠢ ᠵᠦᠭᠰᠢᠷᠡᠬᠦᠯᠬᠦ ᠠᠩᠭᠢ》 ᠡᠷᠬᠢᠯᠡᠵᠦ᠂ ᠲᠠᠭᠤᠯᠠᠬᠤ ᠪᠠᠬ᠎ᠠ᠎ᠲᠠᠢ ᠬᠦᠮᠦᠰ᠎ᠲᠤ ᠲᠠᠭᠤᠥ ᠤᠷᠠᠯᠢᠭ᠎ᠤᠨ ᠵᠦᠪ ᠪᠤᠯᠪᠠᠰᠤᠷᠠᠯ᠎ᠤᠨ ᠠᠷᠭ᠎ᠠ ᠵᠢ ᠵᠢᠭ᠋ᠠᠨ᠂ ᠤᠯᠠᠨ ᠲᠠᠭᠤᠴᠢᠳ᠎ᠤᠨ ᠬᠤᠭᠤᠯᠠᠢ ᠵᠢᠨ ᠤᠤᠷ ᠰᠢᠨᠵᠢ ᠵᠢ ᠪᠠᠳᠤᠯᠠᠬᠤ ᠵᠢᠨ ᠬᠠᠮᠳᠤ 《ᠡᠭᠡᠰᠢᠭᠯᠡᠬᠦᠯᠤᠨ ᠲᠠᠭᠤᠯᠠᠵᠤ ᠡᠷᠡᠭᠦᠯ ᠴᠠᠬᠢᠷᠠᠭ᠎ᠢ ᠪᠠᠳᠤᠯᠠᠬᠤ》 ᠪᠤᠯᠪᠠᠰᠤᠷᠠᠯ ᠡᠷᠬᠢᠯᠡᠵᠦ᠂ ᠬᠦᠮᠦᠰ᠎ᠤᠨ ᠲᠠᠭᠤᠯᠠᠬᠤ ᠵᠢᠨ ᠬᠠᠮᠳᠤ ᠡᠷᠡᠬᠦᠯ ᠪᠠᠶᠠᠰᠤᠡᠭᠭᠤᠢ ᠪᠠᠢ᠌ᠯᠭ᠋ᠠᠬᠤ ᠵᠢ ᠡᠷᠬᠢᠮᠯᠡᠭᠰᠡᠨ ᠪᠠᠢ᠌ᠨ᠎ᠠ᠃ ᠮᠸᠡᠭ ᠹᠦ᠋ ᠵᠤ᠌᠄ 《ᠡᠳᠡᠭᠡᠷ ᠰᠦᠪᠡᠭᠴᠢᠯᠡᠯ ᠮᠠᠨᠢ ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤᠳᠬᠠᠬᠤ ᠪᠠ ᠤᠯᠠᠮᠵᠢᠯᠠᠯᠳᠤ ᠰᠤᠶᠤᠯ ᠵᠢᠨᠨ ᠲᠡᠭᠡᠳᠦᠯᠡᠬᠦ᠎ᠪᠠᠷ ᠦᠯᠦ ᠪᠠᠷᠠᠨ᠂  ᠨᠡᠩ ᠴᠢᠬᠤᠯᠠ᠎ᠨᠢ ᠡᠳᠦᠷ᠎ᠠᠴᠠ ᠡᠳᠦᠷ  ᠦᠭᠡᠳᠡᠯᠡᠨ ᠲᠠᠪᠰᠢᠵᠤ ᠪᠠᠢ᠌ᠭ᠎ᠠ ᠡᠬᠡ ᠤᠯᠤᠰ᠎ᠤᠨ ᠵᠢᠨᠨ ᠰᠤᠶᠤᠯ ᠤᠷᠠᠯᠢᠭ ᠵᠢᠨᠨ ᠤᠬᠠᠭᠤᠯᠵᠤ᠂ ᠤᠳᠬ᠎ᠠ ᠤᠷᠠᠯᠢᠭ᠎ᠤᠨ  ᠲᠤᠰᠬᠠᠢ ᠮᠡᠷᠭᠡᠵᠢᠯᠳᠡᠨ ᠪᠤᠯᠤᠭᠰᠠᠨ ᠎ᠤ ᠬᠤᠪᠢ᠎ᠳᠤ ᠦᠪᠡᠷ᠎ᠤᠨ ᠭᠡᠬᠦ  ᠬᠦᠴᠦ  ᠨᠡᠮᠡᠷᠢ᠎ᠪᠠᠨ ᠦᠵᠡᠭᠦᠯᠵᠦ ᠪᠠᠢ᠌ᠭ᠎ᠠ ᠶᠠᠪᠤᠳᠠᠯ ᠶᠤᠮ》 ᠭᠡᠵᠤ ᠶᠠᠷᠢᠵᠤ ᠪᠠᠢ᠌ᠯ᠎ᠠ᠃
 
 
   ᠵᠤᠬᠢᠶᠠᠬ᠍ᠴᠢ ᠵᠢᠨ ᠬᠠᠶᠢᠭ᠄  ᠦᠪᠦᠷ ᠮᠤᠩᠭᠤᠯ  ᠎ᠤᠨ  ᠯᠢᠩ  ᠢ ᠲᠡᠭᠡᠳᠦ ᠰᠢᠨᠵᠢᠯᠡᠬᠦ ᠤᠬᠠᠭ᠋ᠠᠨ ᠲᠧᠭᠨᠢᠭ ᠮᠡᠷᠬᠡᠵᠢᠯ᠎ᠤᠨ  ᠪᠦᠯᠦᠭᠯᠡᠯ ᠎ᠤᠨ ᠬᠢᠵᠠᠭ᠋ᠠᠷᠳᠤ ᠬᠠᠷᠢᠭᠤᠴᠠᠯᠭ᠋ᠠᠳᠤ ᠺᠤᠮᠫᠠᠨᠢ
    

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠦᠪᠦᠷ ᠮᠣᠩᠭᠣᠯ᠎ᠤᠨ ᠡᠩ᠎ᠤᠨ ᠳᠡᠭᠡᠳᠦ ᠰᠤᠷᠭ᠋ᠠᠭᠤᠯᠢ ᠵᠢᠨ ᠭᠡᠷ ᠪᠦᠯᠢ ᠵᠢᠨ ᠠᠵᠤ ᠠᠬᠤᠢ ᠎ᠨᠢ ᠬᠦᠴᠢᠷᠳᠡᠯᠲᠡᠢ ᠤᠶᠤᠲᠠᠳ ᠎ᠤᠨ ᠰᠤᠷᠭ᠋ᠠᠭᠤᠯᠢ᠎ᠳᠤ ᠣᠷᠤᠬᠤ ᠎ᠳᠤ ᠪᠡᠯᠡ ᠮᠦᠩᠭᠦ᠎ᠪᠠᠷ ᠲᠤᠰᠠᠯᠠᠬᠤ ᠲᠥᠷᠦ ᠵᠢᠨ ᠪᠣᠳᠤᠯᠭ᠎ᠠ
ᠡᠡᠭᠰᠡᠷᠡᠳᠡᠯ᠎ᠡ ᠰᠠᠨᠠᠬᠳᠠᠬᠤ ᠮᠢᠨᠤ ᠡᠵᠢ
ᠵᠢᠶᠠᠩᠨᠠᠨ ᠤᠷᠤᠨ᠎ᠤ ᠡᠪᠦᠯ᠎ᠤᠨ ᠦᠵᠡᠮᠵᠢ
ᠵᠡᠷᠯᠢᠭ ᠬᠦᠮᠡᠯᠢ
ᠳᠠᠰᠬᠤ ᠵᠢᠨ ᠵᠤᠪᠠᠯᠠᠡᠭ
 
            