ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠱᠠᠩᠨᠠᠯ ᠬᠦᠷᠲᠡᠭᠴᠢ ᠲᠣᠰᠬᠠᠢ ᠡᠷᠦᠬᠡ
ᠨᠡᠶᠢᠲᠡᠯᠡᠭᠰᠡᠨ ᠴᠠᠭ᠄ 2021-07-29

  ᠰᠣᠷᠭ᠋ᠠᠭᠣᠯᠢ ᠡᠬᠢᠯᠡᠬᠦ᠎ᠠᠴᠠ ᠡᠮᠦᠨ᠎ᠡ ᠪᠢᠯᠡ᠂ ᠬᠣᠢ ᠽᠢ ᠵᠢᠨ ᠯᠢᠩ᠎ᠢ ᠳᠠᠭ᠋ᠠᠭᠣᠯᠵᠣ᠂     ᠬᠦᠬᠡᠮᠦᠢ᠍ᠷᠡᠨ ᠪᠦᠷᠢᠨ ᠪᠠᠷᠠᠭ᠋ᠠᠲᠣ ᠳᠡᠯᠭᠡᠭᠦᠷ᠎ᠠᠴᠠ ᠪᠢᠴᠢᠭ᠎ᠤᠨ ᠪᠣᠭᠴᠣ ᠬᠣᠳᠠᠯᠳᠣᠨ ᠠᠪᠴᠣ ᠦᠩᠭᠡᠷᠡᠭᠰᠡᠨ ᠶᠤᠮ᠃ ᠵᠢᠨ ᠯᠢᠩ᠎ᠤᠨ ᠪᠢᠴᠢᠭ᠎ᠤᠨ ᠪᠣᠭᠴᠣ ᠵᠢ ᠵᠢᠯ ᠪᠣᠯᠭ᠋ᠠᠨ ᠨᠢᠭᠡ ᠰᠣᠯᠢᠳᠠᠭ᠂ ᠬᠠᠮᠣᠭ᠎ᠤᠨ ᠬᠢᠮᠳᠠ᠎ᠳᠤ᠎ᠪᠠᠨ   ᠲᠠᠪᠢ ᠭᠠᠷᠣᠢ ᠵᠣᠭᠣᠰ᠎ᠤᠨ ᠪᠣᠭᠴᠣ ᠵᠢ᠂ ᠬᠠᠮᠣᠭ᠎ᠤᠨ ᠦᠨᠡᠳᠡᠢ᠎ᠠᠴᠠ᠎ᠨᠢ ᠵᠠᠭᠤ ᠭᠠᠷᠤᠢ ᠵᠣᠭᠣᠰ᠎ᠤᠨ ᠪᠣᠭᠴᠣ ᠵᠢ ᠪᠦᠷ ᠬᠣᠳᠠᠯᠳᠣᠨ ᠠᠪᠴᠣ ᠦᠩᠭᠡᠷᠡᠪᠡ᠃ ᠲᠠᠪᠢ ᠭᠠᠷᠣᠢ ᠵᠣᠭᠣᠰ᠎ᠤᠨ᠎ᠬᠢ᠎ᠨᠢ ᠬᠡᠳᠦᠢ᠌ᠪᠡᠷ ᠬᠢᠮᠳᠠ ᠪᠣᠯᠪᠠᠴᠣ ᠬᠡᠷᠡᠭᠯᠡᠬᠦ ᠬᠣᠭᠣᠴᠠᠭ᠎ᠠ᠎ᠨᠢ ᠬᠠᠷᠢᠨ ᠦᠨᠡᠳᠡᠢ ᠪᠣᠭᠴᠣ ᠵᠢᠨ ᠬᠠᠭ᠋ᠠᠰ ᠬᠢᠷᠢ ᠪᠠᠰᠠ ᠦᠬᠡᠢ᠂ ᠬᠡᠷᠡᠭᠯᠡᠭᠡᠳ ᠢᠷᠡᠪᠡᠯ᠂ ᠣᠭᠣᠰᠣᠷ᠎ᠨᠢ ᠲᠠᠰᠣᠷᠠᠬᠣ ᠦᠬᠡᠢ ᠪᠣᠯ᠂ ᠲᠠᠲᠠᠭᠣᠷ᠎ᠨᠢ ᠡᠪᠳᠡᠷᠡᠳᠡᠭ᠂ ᠨᠢᠭᠡᠨ ᠤᠳᠠᠭ᠎ᠠ ᠢᠷᠣᠭ᠋ᠠᠷ᠎ᠨᠢ ᠪᠦᠷ ᠣᠨᠠᠴᠢᠬᠠᠯ᠎ᠠ᠃ ᠵᠢᠨ ᠯᠢᠩ ᠲᠡᠭᠦᠨ ᠵᠶ᠋ᠡᠨ ᠡᠭᠦᠷᠦᠭᠡᠳ ᠶᠡᠬᠡ ᠵᠡᠭᠡᠯᠢ᠎ᠪᠠᠷ ᠠᠯᠬᠣᠯᠠᠵᠤ ᠶᠠᠪᠣᠳᠠᠯ᠎ᠠ᠂《ᠬᠣᠸᠠᠷ》᠎ᠬᠢᠨ ᠳᠣᠣᠭ᠋ᠠᠷᠴᠣ᠂ ᠪᠦᠬᠦᠢ᠌ᠯᠡ   ᠬᠢᠴᠢᠶᠡᠯ᠎ᠤᠨ ᠪᠢᠴᠢᠭ᠂ ᠪᠢᠴᠢᠭ᠎ᠤᠨ ᠬᠡᠷᠡᠭᠰᠡᠯ᠎ᠨᠢ ᠶᠠᠭ ᠯᠡ ᠬᠣᠭ ᠭᠡᠭᠡᠬᠦ ᠮᠠᠰᠢᠨ᠎ᠤ ᠶᠡᠬᠡ ᠣᠳᠬᠣᠭᠣᠷ᠎ᠠᠴᠠ ᠪᠠᠢ᠌ᠭᠣᠯᠵᠣ ᠢᠷᠡᠭᠰᠡᠨ ᠮᠡᠲᠦ ᠭᠠᠵᠠᠷ ᠳᠦᠭᠦᠷᠡᠩ ᠰᠠᠴᠣᠭᠳᠠᠪᠠ᠃ ᠵᠡᠭᠡᠯᠢ ᠳᠡᠭᠡᠷ᠎ᠡ ᠠᠭᠱ᠌ᠠᠨ ᠵᠠᠭᠣᠷᠠᠯᠳᠣᠨ ᠬᠢᠴᠢᠶᠡᠯ᠎ᠤᠨ ᠪᠢᠴᠢᠭ᠂ ᠪᠢᠴᠢᠭ᠎ᠤᠨ ᠬᠡᠷᠡᠭᠰᠡᠯ᠎ᠤᠨ ᠵᠢᠵᠢᠭ ᠬᠣᠳᠠᠯᠳᠣᠭ᠎ᠠ ᠳᠡᠯᠭᠡᠭᠳᠡᠨ᠂ ᠵᠢᠨ ᠯᠢᠩ᠎ᠢ ᠪᠠᠯᠠᠮᠠᠭᠳᠠᠭᠣᠯᠪᠠ᠃ ᠨᠢᠭᠣᠷ ᠪᠠᠷᠠᠬᠣ᠎ᠨᠢ ᠴᠦ᠍ ᠶᠠᠭ᠋ᠠᠬᠢᠮᠠᠢ᠂ ᠬᠠᠮᠣᠭ᠎ᠤᠨ ᠬᠣᠷᠣᠰᠣᠯᠲᠠᠢ᠎ᠨᠢ ᠰᠢᠨ᠎ᠡ ᠲᠠᠷᠬᠠᠭ᠋ᠠᠭᠰᠠᠨ ᠬᠢᠴᠢᠶᠡᠯ᠎ᠤᠨ ᠪᠢᠴᠢᠭ᠎ᠨᠢ ᠵᠠᠮ᠎ᠤᠨ ᠬᠠᠵᠠᠭᠤ ᠵᠢᠨ ᠯᠠᠭ ᠰᠢᠪᠠᠷ᠎ᠲᠤ ᠪᠤᠵᠠᠷᠲᠣᠭ᠋ᠠᠳ ᠠᠪᠬᠤ ᠵᠢᠨ   ᠳᠠᠮᠳᠣᠭ ᠦᠬᠡᠢ ᠪᠣᠯᠵᠣᠭ᠂ ᠠᠦ᠋ᠲ᠋ᠣᠮᠠᠲᠴᠢᠯᠠᠭᠰᠠᠨ ᠬᠠᠷᠠᠨᠳᠠ ᠵᠢᠨ ᠳᠣᠳᠣᠷᠠᠬᠢ ᠲᠤᠭᠤᠯᠭ᠎ᠠ᠎ᠨᠢ ᠪᠦᠷ ᠲᠠᠰᠣᠷᠠᠵᠤ᠂ ᠪᠣᠯᠣᠳ ᠪᠢᠷ᠎ᠤᠨ᠎ᠬᠢ᠎ᠨᠢ ᠦᠵᠦᠭ᠎ᠨᠢ   ᠮᠣᠯᠳᠣᠷᠠᠵᠠᠢ᠃ ᠵᠢᠨ ᠯᠢᠩ ᠨᠠᠪᠳᠠᠷᠬᠠᠢ ᠪᠣᠭᠴᠣ᠎ᠪᠠᠷ ᠵᠶ᠋ᠠᠨ ᠨᠢᠭᠡ ᠶᠡᠬᠡ ᠣᠪᠣᠭ᠎ᠠ ᠶᠠᠭᠤᠮ᠎ᠠ᠎ᠪᠠᠨ ᠪᠠᠭᠴᠠᠯᠠᠵᠤ ᠠᠪᠣᠭ᠋ᠠᠳ᠂ ᠳᠠᠭᠤ ᠲᠠᠯᠪᠢᠨ ᠣᠬᠢᠯᠠᠭᠰᠠᠭ᠋ᠠᠷ ᠬᠠᠷᠢᠭᠰᠠᠨ ᠪᠢᠯᠡ᠃ ᠬᠣᠵᠢᠮ᠎ᠨᠢ ᠬᠠᠰᠢ ᠯᠡ ᠬᠣᠢ ᠽᠢ ᠰᠣᠨᠢᠨ ᠳᠡᠭᠡᠷ᠎ᠡ ᠲᠠᠨᠢᠯᠴᠠᠭᠣᠯᠣᠭᠰᠠᠨ ᠠᠷᠭ᠎ᠠ ᠵᠢ ᠲᠣᠷᠰᠢᠨ ᠬᠡᠷᠡᠭᠯᠡᠵᠦ᠂ ᠨᠣᠢ᠌ᠲᠠᠨ   ᠵᠦᠯᠭᠦᠭᠦᠷ ᠪᠥᠰ ᠵᠶ᠋ᠡᠷ ᠬᠢᠴᠢᠶᠡᠯ᠎ᠤᠨ ᠪᠢᠴᠢᠭ᠎ᠢ ᠨᠠᠷᠢᠨ ᠨᠢᠮᠪᠠᠢ ᠵᠦᠯᠭᠦᠨ ᠴᠡᠪᠡᠷᠯᠡᠭᠡᠳ᠂ ᠬᠦᠯᠳᠡᠭᠡᠭᠦᠷ᠎ᠲᠤ ᠠᠪᠠᠴᠢᠵᠤ ᠲᠠᠯᠪᠢᠨ ᠴᠢᠬᠢᠭ᠎ᠲᠤ᠎ᠨᠢ ᠬᠠᠲᠠᠭ᠋ᠠᠭᠰᠠᠨ᠎ᠠᠴᠠ ᠰᠠᠶᠢ ᠬᠢᠴᠢᠶᠡᠯ᠎ᠤᠨ ᠪᠢᠴᠢᠭ᠎ᠤᠨ ᠣᠣᠯ ᠬᠡᠪ ᠰᠢᠨᠵᠢ ᠵᠢ᠎ᠨᠢ ᠡᠪᠳᠡᠭᠰᠡᠨ ᠦᠬᠡᠢ ᠪᠠᠢ᠌ᠯ᠎ᠠ᠃ ᠡᠭᠦᠨ᠎ᠠᠴᠠ ᠬᠣᠢ᠌ᠰᠢ᠂ ᠬᠣᠢ ᠽᠢ ᠵᠢᠨ ᠯᠢᠩ᠎ᠳᠤ ᠬᠢᠮᠳᠠ ᠪᠠᠷᠠᠭ᠎ᠠ ᠬᠣᠳᠠᠯᠳᠣᠨ ᠠᠪᠴᠣ ᠥᠭᠬᠦ᠎ᠪᠠᠨ ᠪᠣᠯᠢᠭᠰᠠᠨ ᠶᠤᠮ᠃
  ᠬᠤᠢ ᠽᠢ ᠵᠢᠨ ᠪᠣᠳᠣᠬᠣ᠎ᠪᠠᠷ᠂ ᠡᠮᠦᠨ᠎ᠡ᠎ᠨᠢ   ᠪᠢᠳᠡᠨ᠎ᠢ ᠪᠢᠴᠢᠭ ᠦᠵᠡᠵᠦ ᠪᠠᠢ᠌ᠭ᠎ᠠ ᠦᠶᠡᠰ᠂   ᠪᠢᠴᠢᠭ᠎ᠤᠨ
ᠪᠣᠭᠴᠣ᠎ᠪᠠᠨ ᠪᠠᠭ᠎ᠠ ᠰᠣᠷᠭ᠋ᠠᠭᠣᠯᠢ᠎ᠠᠴᠠ ᠳᠣᠮᠳᠠᠳᠣ ᠰᠣᠷᠭ᠋ᠠᠭᠣᠯᠢ ᠪᠣᠯᠲᠠᠯ᠎ᠠ ᠭᠡᠷᠡᠭᠯᠡᠭᠰᠡᠨ ᠴᠦ᠍ ᠡᠪᠳᠡᠷᠡᠳᠡᠭ ᠦᠬᠡᠢ ᠰᠢᠳᠡ! ᠲᠠᠬᠢᠨᠲᠠ ᠨᠢᠭᠡ   ᠪᠣᠳᠣᠭ᠋ᠠᠳ ᠰᠠᠶᠢ ᠣᠬᠠᠭ᠋ᠠᠨ ᠵᠢ᠎ᠨᠢ ᠣᠯᠪᠠ᠄ ᠦᠩᠭᠡᠷᠡᠭᠰᠡᠨ᠎ᠳᠤ ᠲᠠᠷᠬᠠᠭ᠋ᠠᠳᠠᠭ᠎ᠨᠢ ᠵᠦᠪᠬᠡᠨ ᠬᠡᠯᠡ ᠪᠢᠴᠢᠭ᠂ ᠲᠣᠭ᠎ᠠ ᠪᠣᠳᠣᠯᠭ᠎ᠠ ᠬᠣᠶᠠᠷᠬᠠᠨ ᠨᠣᠮ᠂ ᠪᠢᠴᠢᠭ᠎ᠤᠨ ᠪᠣᠭᠴᠣ᠎ᠪᠠᠨ ᠡᠭᠦᠷᠦᠭᠡᠳ ᠶᠠᠪᠣᠪᠠᠯ   ᠬᠥᠪ ᠬᠦᠩᠭᠡᠬᠡᠨ ᠪᠠᠢ᠌ᠵᠤ ᠨᠢᠰᠦᠨ ᠳᠡᠪᠳᠡᠷᠢᠮᠡᠷ ᠰᠠᠨᠠᠭᠳᠠᠨ᠎ᠠ᠂ ᠬᠠᠨᠠᠰᠠ ᠡᠪᠳᠡᠷᠡᠬᠦ ᠶᠤᠮ ᠪᠢᠯᠡ᠃ ᠪᠢᠴᠢᠭ᠎ᠤᠨ ᠪᠣᠭᠴᠣ ᠵᠢᠨ   ᠯᠠᠩᠭᠦᠢ ᠳᠡᠭᠡᠷ᠎ᠡ ᠦᠨᠡᠬᠡᠷ 《ᠶᠢᠰᠦᠨ ᠦᠩᠭᠡ᠎ᠪᠠᠷ ᠰᠣᠯᠣᠩᠭ᠋ᠠᠷᠠᠨ᠎ᠠ》᠂ ᠲᠣᠭ᠋ᠠᠯᠠᠵᠣ ᠦᠵᠡᠪᠡᠯ᠂ ᠵᠠᠭᠤ ᠭᠠᠷᠣᠢ   ᠵᠦᠢ᠍ᠯ ᠦᠬᠡᠢ ᠭᠡᠰᠡᠨ ᠴᠦ᠍ ᠲᠠᠪᠢ ᠭᠠᠷᠣᠢ ᠵᠦᠢ᠍ᠯ ᠪᠠᠷᠳᠠᠭ᠎ᠠ᠎ᠪᠠᠷ ᠪᠣᠢ᠃ ᠵᠢᠨ ᠯᠢᠩ ᠬᠣᠨᠳᠠᠨ ᠣᠯᠠᠭ᠋ᠠᠨ ᠦᠩᠭᠡ᠎ᠪᠠᠷ ᠴᠢᠮᠡᠭᠯᠡᠭᠰᠡᠨ ᠪᠢᠴᠢᠭ᠎ᠤᠨ ᠪᠣᠭᠴᠣ ᠵᠢ ᠦᠵᠡᠵᠦ ᠲᠣᠭᠣᠯ᠎ᠠ᠃ ᠡᠨᠡ ᠪᠣᠭᠴᠣ ᠵᠢᠨ ᠬᠢᠴᠡ᠎ᠨᠢ ᠦᠨᠡᠬᠡᠷ ᠨᠠᠷᠢᠨ ᠰᠠᠢ᠌ᠬᠠᠨ᠂ ᠦᠵᠡᠭᠦᠯᠡᠷ ᠪᠦᠬᠡ ᠮᠦᠷᠲᠡᠭᠡᠨ ᠬᠡᠷᠡᠭᠯᠡᠬᠦ᠎ᠳᠤ ᠳᠠᠭ᠋ᠠᠭ᠋ᠠᠴᠠᠳᠠᠢ᠂ ᠳᠣᠮᠳᠠᠳᠣ ᠭᠠᠳᠠᠭ᠋ᠠᠳᠣ ᠵᠢᠨ ᠬᠠᠮᠲᠣᠷᠠᠨ ᠪᠡᠯᠡ ᠣᠷᠣᠭᠣᠯᠵᠣ ᠦᠢ᠍ᠯᠡᠳᠪᠦᠷᠢᠯᠡᠭᠰᠡᠨ ᠪᠦᠳᠦᠭᠡᠭᠳᠡᠬᠦᠨ ᠪᠠᠢ᠌ᠯ᠎ᠠ᠃ ᠬᠣᠢ ᠽᠢ ᠦᠨ᠎ᠡ ᠵᠢ᠎ᠨᠢ ᠠᠰᠠᠭᠣᠭᠰᠠᠨ᠎ᠳᠤ᠂140 ᠭᠡᠨ᠎ᠡ᠃ ᠬᠣᠢ ᠽᠢ ᠰᠣᠨᠣᠰᠣᠭ᠋ᠠᠳ ᠳᠣᠳᠣᠷ᠎ᠠ᠎ᠨᠢ ᠬᠦᠢ᠍ᠲᠡ ᠣᠷᠬᠢᠯ᠎ᠠ᠃
  ᠯᠠᠡᠭᠭᠦᠢ ᠵᠢᠨ ᠲᠡᠷᠭᠡᠳᠡᠬᠢ ᠳᠣᠮᠳᠠ ᠨᠠᠰᠤᠨ᠎ᠤ ᠪᠠᠷᠠᠭ᠎ᠠ ᠬᠣᠳᠠᠯᠳᠣᠭᠴᠢ ᠣᠪᠣᠷ ᠡᠶᠡᠯᠳᠡᠭ᠂   ᠢᠨᠢᠶᠡᠮᠰᠦᠭ ᠨᠢᠳᠦ᠎ᠲᠠᠢ᠂ ᠬᠡᠯᠡᠵᠦ ᠶᠠᠷᠢᠬᠣ᠎ᠳᠤ᠎ᠪᠠᠨ ᠴᠢᠳᠠᠮᠠᠭ᠋ᠠᠢ ᠪᠠᠢ᠌ᠵᠤ᠂ ᠵᠢᠨ ᠯᠢᠩ ᠪᠢᠴᠢᠭ᠎ᠤᠨ ᠪᠣᠭᠴᠣ ᠵᠢ ᠲᠣᠨᠣᠷᠠᠳᠠᠯ᠎ᠠ ᠰᠢᠷᠳᠡᠵᠦ ᠪᠠᠢ᠌ᠬᠣ ᠵᠢ ᠬᠠᠷᠠᠭ᠋ᠠᠳ᠂ ᠳᠠᠷᠣᠢ᠌ᠬᠠᠨ ᠨᠢᠭᠡ ᠵᠢ ᠠᠪᠴᠣ᠂ ᠬᠠᠯᠠᠭᠣᠨ ᠳᠣᠳᠣᠨᠣᠰᠣᠭ ᠵᠶ᠋ᠠᠷ ᠵᠢᠨ ᠯᠢᠩ᠎ᠢ ᠡᠭᠦᠷᠴᠦ ᠦᠵᠡᠬᠦ ᠵᠢ ᠱᠠᠭ᠋ᠠᠷᠳᠠᠪᠠ᠃ ᠵᠢᠨ ᠯᠢᠩ ᠡᠭᠦᠷᠬᠦ᠎ᠲᠠᠢ ᠵᠡᠷᠭᠡ᠂ ᠶᠠᠭ᠋ᠠᠬᠢᠨ ᠲᠠᠯᠪᠢᠬᠣ ᠪᠢᠯᠡ? ᠬᠡᠳᠦᠢ᠌ᠪᠡᠷ ᠠᠮᠠᠨ ᠳᠡᠭᠡᠷ᠎ᠡ᠎ᠪᠠᠨ ᠬᠡᠯᠡᠬᠦ ᠦᠬᠡᠢ ᠪᠣᠯᠪᠠᠴᠣ᠂ ᠨᠢᠳᠦᠨ ᠳᠣᠳᠣᠷ᠎ᠠ᠎ᠪᠠᠨ ᠮᠡᠯᠮᠡᠷᠡᠲᠡᠯ᠎ᠡ ᠬᠦᠰᠡᠨ ᠪᠠᠢ᠌ᠭ᠎ᠠ ᠪᠢᠯᠡ᠃
    ᠬᠤᠢ   ᠽᠢ᠄《ᠳᠡᠩᠳᠡᠭᠦᠦ ᠦᠨᠡᠲᠡᠢ ᠪᠠᠢ᠌ᠨ᠎ᠠ》 ᠭᠡᠵᠦ ᠲᠦᠳᠦᠨᠡᠪᠡ᠃
    ᠪᠠᠷᠠᠭ᠎ᠠ   ᠬᠤᠳᠠᠯᠳᠤᠬ᠍ᠴᠢ᠄《ᠬᠢᠷᠢ ᠵᠡᠷᠭᠡ ᠵᠣᠭᠣᠰ ᠪᠣᠯ ᠳᠡᠳᠦᠢ ᠵᠡᠷᠭᠡ ᠪᠠᠷᠠᠭ᠎ᠠ   ᠭᠡᠳᠡᠭ ᠰᠢᠦ ᠳ᠋ᠠ! ᠡᠨᠡ ᠬᠦ᠌ ᠪᠣᠭᠴᠣ ᠵᠢ   ᠪᠢᠳᠡ ᠬᠡᠳᠦᠨ ᠵᠠᠭᠤ ᠣᠷᠣᠭᠣᠯᠣᠭ᠋ᠠᠳ ᠬᠡᠳᠦᠨ ᠡᠳᠦᠷ ᠪᠣᠯᠣᠭᠰᠠᠨ ᠦᠬᠡᠢ ᠬᠣᠳᠠᠯᠳᠣᠭ᠋ᠠᠳ ᠪᠠᠷᠠᠴᠢᠠᠬ᠍ᠯ᠎ᠠ᠃ ᠦᠵᠡᠭᠡᠴᠢ᠂ ᠬᠡᠳᠦᠢ ᠪᠦᠬᠡ ᠪᠣᠢ᠂ ᠬᠡᠷᠡᠭᠯᠡᠬᠦ᠎ᠳᠤ ᠳᠠᠭ᠋ᠠᠭ᠋ᠠᠴᠠᠳᠠᠢ ᠰᠢᠦ! ᠬᠡᠦᠭᠡᠳ ᠡᠭᠦᠷᠦᠭᠡᠳ ᠶᠠᠪᠣᠬᠣ᠎ᠳᠤ ᠬᠡᠳᠦᠢ ᠴᠣᠭ ᠵᠣᠯᠪᠣᠭ᠎ᠠ᠎ᠲᠠᠢ ᠪᠣᠢ!》 ᠭᠡᠰᠡᠨ ᠵᠶ᠋ᠡᠨ ᠬᠣᠢ ᠽᠢ ᠵᠢᠨ ᠮᠦᠨ ᠬᠦ᠌ ᠡᠷᠡᠭᠡᠯᠵᠡᠵᠦ ᠪᠠᠢ᠌ᠭ᠎ᠠ ᠵᠢ ᠬᠠᠷᠠᠭ᠋ᠠᠳ᠂ ᠵᠦᠭᠡᠯᠡᠨ ᠡᠶᠡᠯᠰᠡᠭ ᠵᠶ᠋ᠡᠷ ᠢᠳᠬᠠᠨ᠄《ᠮᠠᠨ᠎ᠤ ᠬᠣᠳᠠᠯᠳᠣᠭ᠋ᠠᠨ᠎ᠤ ᠲᠠᠯᠠᠪᠠᠢ ᠡᠨᠡ ᠬᠡᠳᠦᠨ ᠡᠳᠦᠷ ᠳᠡᠯᠭᠡᠭᠦᠷ   ᠪᠠᠢ᠌ᠭᠣᠯᠣᠭᠳᠠᠭᠰᠠᠨ 40   ᠵᠢᠯ᠎ᠤᠨ ᠣᠢ᠎ᠪᠠᠨ ᠪᠡᠯᠭᠡᠯᠡᠬᠦ᠎ᠪᠠᠷ ᠶᠠᠭ ᠳᠣᠮᠳᠠᠳᠣ ᠪᠠᠭ᠎ᠠ ᠰᠣᠷᠭ᠋ᠠᠭᠣᠯᠢ ᠵᠢᠨ ᠰᠣᠷᠣᠭᠴᠢᠳ᠎ᠤᠨ ᠵᠣᠬᠢᠶᠠᠯ᠎ᠤᠨ ᠣᠷᠣᠯᠳᠣᠭ᠋ᠠᠨ ᠶᠠᠪᠣᠭᠳᠠᠭᠣᠯᠵᠣ ᠪᠠᠢ᠌ᠬᠤ ᠶᠤᠮ᠂ ᠬᠡᠦᠭᠡᠳ ᠵᠶ᠋ᠡᠷ ᠵᠶ᠋ᠡᠨ ᠵᠣᠬᠢᠶᠠᠯ ᠪᠢᠴᠢᠭᠦᠯᠦᠨ ᠲᠣᠷᠰᠢᠵᠤ ᠦᠵᠡᠭᠡᠷᠡᠢ᠃ ᠬᠡᠷᠪᠡ ᠱᠠᠩᠨᠠᠯ ᠣᠯᠴᠢᠬᠠᠪᠠᠯ᠂ ᠪᠢᠴᠢᠭ᠎ᠤᠨ ᠪᠣᠭᠴᠣ ᠵᠢᠨ ᠵᠣᠭᠣᠰ᠎ᠢ᠎ᠨᠢ ᠣᠯᠣᠭ᠋ᠠᠳ ᠠᠪᠴᠢᠷᠠᠴᠢᠬᠠᠬᠤ ᠪᠢᠰᠢ ᠦᠦ?》 ᠭᠡᠪᠡ᠃
  ᠬᠣᠢ ᠽᠢ ᠢᠨᠢᠶᠡᠰᠬᠢᠭᠡᠳ᠄《ᠲᠡᠢ᠌ᠮᠦ ᠠᠮᠠᠷ ᠦᠦ ᠳ᠋ᠠ?》 ᠭᠡᠯ᠎ᠡ᠃
  《ᠬᠡᠯᠡᠵᠦ ᠮᠡᠳᠡᠬᠦ ᠦᠬᠡᠢ᠂ ᠠᠵᠠ ᠬᠡᠢ ᠮᠣᠷᠢ   ᠴᠢᠨᠢ ᠮᠠᠨᠳᠣᠪᠠᠯ᠂ ᠴᠢ ᠬᠣᠷᠢᠭᠯᠠᠵᠤ ᠪᠠᠰᠠ ᠳᠡᠢ᠌ᠯᠬᠦ ᠦᠬᠡᠢ ᠳ᠋ᠠ᠃》
  ᠬᠣᠢ ᠽᠢ ᠲᠡᠭᠦᠨ᠎ᠲᠠᠢ ᠮᠡᠳᠭᠡᠭᠡᠳ ᠠᠷᠭ᠎ᠠ ᠦᠭᠡᠢ᠌ᠳᠡᠨ᠂ ᠬᠠᠰᠢ ᠯᠡ 140 ᠲᠦᠭᠦᠷᠢᠭ ᠵᠶ᠋ᠡᠨ ᠵᠠᠷᠣᠴᠠᠭᠣᠯᠵᠣ ᠬᠣᠳᠠᠯᠳᠣᠨ ᠠᠪᠴᠠᠢ᠃ ᠡᠵᠢ ᠦᠬᠢᠨ ᠬᠣᠶᠠᠭᠣᠯᠠ᠎ᠪᠠᠨ ᠠᠰᠠᠷ᠎ᠠᠴᠠ ᠪᠠᠭᠣᠪᠠ᠂ ᠶᠡᠬᠡ ᠲᠠᠩᠬᠢᠮ᠎ᠳᠤ ᠦᠨᠡᠬᠡᠷ ᠲᠡᠷᠡ ᠬᠦ᠌ ᠠᠯᠲᠠᠳᠠᠭᠰᠠᠨ ᠣᠯᠠᠭ᠋ᠠᠨ ᠴᠠᠭ᠋ᠠᠰᠤᠨ ᠳᠡᠭᠡᠷ᠎ᠡ ᠨᠠᠭ᠋ᠠᠭᠰᠠᠨ《ᠵᠣᠬᠢᠶᠠᠯ ᠡᠯᠰᠡᠬᠦ ᠮᠡᠳᠡᠭᠳᠡᠯ》᠎ᠢ ᠣᠯᠵᠣ ᠬᠠᠷᠠᠪᠠ᠂ ᠠᠭᠣᠯᠭ᠎ᠠ᠎ᠨᠢ ᠳᠠᠷᠣᠢ ᠳᠣᠮᠳᠠᠳᠣ ᠪᠠᠭ᠎ᠠ ᠰᠣᠷᠭ᠋ᠠᠭᠣᠯᠢ ᠵᠢᠨ ᠰᠣᠷᠣᠭᠴᠢᠳ᠎ᠤᠨ ᠵᠣᠬᠢᠶᠠᠯ᠎ᠤᠨ ᠣᠷᠣᠯᠳᠣᠭ᠋ᠠᠨ᠎ᠤ ᠣᠴᠢᠷ ᠠᠵᠢ᠂ ᠵᠣᠬᠢᠶᠠᠯ᠎ᠤᠨ ᠠᠭᠣᠯᠭ᠎ᠠ ᠵᠢ᠎ᠨᠢ《ᠬᠦᠬᠡᠮᠦᠢ᠍ᠷᠡᠨ ᠪᠦᠷᠢᠨ ᠪᠠᠷᠠᠭ᠋ᠠᠲᠣ ᠳᠡᠯᠭᠡᠭᠦᠷ》᠎ᠲᠠᠢ ᠬᠣᠯᠪᠣᠭᠳᠠᠭᠰᠠᠨ ᠠᠯᠢᠪᠠ ᠪᠦᠬᠦᠨ ᠵᠶ᠋ᠡᠷ ᠬᠢᠵᠠᠭ᠋ᠠᠷᠯᠠᠵᠠᠢ᠃ ᠣᠯᠠᠨ ᠬᠦᠮᠦᠨ ᠬᠦᠷᠢᠶᠡᠯᠡᠨ ᠦᠵᠡᠵᠡᠭᠡᠵᠦ᠂ ᠶᠠᠮᠠᠷ ᠱᠠᠩᠨᠠᠯ ᠪᠠᠢ᠌ᠬᠣ ᠡᠰᠡᠬᠦ᠂ ᠡᠳ᠋ ᠪᠣᠳᠠᠰ ᠡᠰᠡᠬᠦᠯ᠎ᠡ ᠵᠣᠭᠣᠰ ᠪᠣᠯᠬᠣ ᠲᠣᠬᠠᠢ ᠲᠠᠭ᠋ᠠᠯᠴᠠᠨ ᠬᠦᠦᠷᠨᠢᠯᠳᠦᠨ᠎ᠡ᠃
  ᠵᠢᠨ ᠯᠢᠩ   ᠡᠵᠢ᠎ᠪᠠᠨ ᠡᠷᠬᠢᠨ ᠬᠠᠷᠠᠭ᠋ᠠᠳ᠄《ᠪᠢ ᠲᠣᠷᠰᠢᠨ ᠦᠵᠡᠵᠦ ᠪᠣᠯᠣᠨ᠎ᠠ》 ᠭᠡᠪᠡ᠃
  ᠬᠣᠢ ᠽᠢ ᠬᠠᠷᠢᠭᠤ᠎ᠳᠤ᠎ᠨᠢ᠄《ᠶᠠᠷᠢᠶᠠᠨ ᠦᠬᠡᠢ ᠲᠣᠷᠰᠢᠵᠤ ᠪᠣᠯᠣᠨ᠎ᠠ᠂ ᠵᠣᠬᠢᠶᠠᠯ ᠪᠢᠴᠢᠬᠦ ᠶᠠᠪᠣᠳᠠᠯ ᠯᠡ ᠪᠢᠰᠢ ᠦᠦ?》 ᠭᠡᠨ᠎ᠡ᠃
  ᠵᠢᠨ   ᠯᠢᠩ ᠭᠡᠷ᠎ᠲᠤ᠎ᠪᠠᠨ ᠬᠠᠷᠢᠮᠠᠭᠴᠠ ᠳᠠᠷᠣᠢ ᠪᠢᠴᠢᠵᠦ ᠡᠬᠢᠯᠡᠪᠡ᠂ ᠭᠠᠷᠴᠠᠭ᠎ᠨᠢ《ᠪᠦᠷᠢᠨ ᠪᠠᠷᠠᠭ᠋ᠠᠲᠣ ᠳᠡᠯᠭᠡᠭᠦᠷ ᠨᠠᠮ᠎ᠠ ᠵᠢ ᠪᠠᠷᠠᠳᠠᠨ ᠦᠭᠡᠯᠡᠢ ᠪᠣᠯᠭ᠋ᠠᠭᠰᠠᠨ᠎ᠨᠢ》 ᠪᠠᠢ᠌ᠯ᠎ᠠ᠃ ᠵᠣᠬᠢᠶᠠᠯ᠎ᠳᠤ᠎ᠪᠠᠨ《ᠬᠦᠬᠡᠮᠦᠢ᠍ᠷᠡᠨ ᠪᠦᠷᠢᠨ ᠪᠠᠷᠠᠭ᠋ᠠᠲᠣ ᠳᠡᠯᠭᠡᠭᠦᠷ》᠎ᠤᠨ ᠡᠳ᠋ ᠪᠠᠷᠠᠭ᠎ᠠ ᠦᠨ᠎ᠡ᠎ᠨᠢ ᠬᠢᠮᠳᠠ ᠭᠣᠶᠣ ᠰᠠᠢ᠌ᠬᠠᠨ᠂ ᠭᠡᠷ ᠳᠣᠳᠣᠷᠠᠬᠢ ᠪᠣᠢ ᠪᠦᠬᠦᠢ ᠬᠡᠷᠡᠭᠯᠡᠬᠦ᠎ᠳᠤ ᠳᠠᠭ᠋ᠠᠭ᠋ᠠᠴᠠᠲᠠᠢ ᠡᠳ᠋ ᠲᠠᠸᠠᠷ ᠪᠣᠯᠣᠨ ᠴᠠᠬᠢᠯᠭ᠋ᠠᠨ ᠬᠡᠷᠡᠭᠰᠡᠯ᠎ᠤᠳ ᠎ᠢ ᠪᠦᠷ 《ᠬᠦᠬᠡᠮᠦᠢ᠍ᠷᠡᠨ ᠪᠦᠷᠢᠨ ᠪᠠᠷᠠᠭ᠋ᠠᠲᠣ ᠳᠡᠯᠭᠡᠭᠦᠷ》᠎ᠠᠴᠠ ᠬᠣᠳᠠᠯᠳᠣᠨ ᠠᠪᠣᠭᠰᠠᠨ ᠶᠤᠮ᠃ ᠵᠢᠯ ᠪᠣᠯᠭ᠋ᠠᠨ ᠲᠡᠷᠡ   ᠲᠦᠷᠦᠭᠰᠡᠨ ᠡᠳᠦᠷ᠎ᠤᠨ ᠪᠠᠶᠠᠷ ᠵᠶ᠋ᠠᠨ ᠪᠡᠯᠭᠡᠯᠡᠬᠦ ᠦᠶᠡᠰ᠂ ᠡᠵᠢ᠎ᠨᠢ ᠪᠦᠷ 《ᠬᠦᠬᠡᠮᠦᠢ᠍ᠷᠡᠨ ᠪᠦᠷᠢᠨ ᠪᠠᠷᠠᠭ᠋ᠠᠲᠣ ᠳᠡᠯᠭᠡᠭᠦᠷ》᠎ᠲᠤ ᠣᠴᠢᠵᠤ ᠲᠡᠭᠦᠨ᠎ᠳᠤ ᠪᠡᠯᠡᠭ ᠰᠡᠯᠲᠡ   ᠰᠣᠩᠭᠣᠨ ᠥᠭᠳᠡᠭ᠂ ᠨᠢᠭᠡ   ᠨᠠᠰᠤᠨ᠎ᠤ ᠲᠦᠷᠦᠭᠰᠡᠨ ᠡᠳᠦᠷ᠎ᠤᠨ ᠪᠠᠶᠠᠷ ᠵᠶ᠋ᠠᠨ   ᠪᠡᠯᠭᠡᠯᠡᠬᠦ ᠦᠶ᠎ᠡ᠎ᠳᠤ᠎ᠨᠢ ᠬᠣᠳᠠᠯᠳᠣᠨ ᠠᠪᠣᠭᠰᠠᠨ ᠳᠡᠭᠦᠯᠳᠡᠷ ᠭᠦᠭᠵᠢᠮ᠎ᠠᠴᠠ ᠠᠪᠬᠠᠭᠣᠯᠣᠭ᠋ᠠᠳ᠂ ᠠᠷᠪᠠᠨ ᠨᠢᠭᠡᠨ ᠨᠠᠰᠣᠨ᠎ᠤ ᠲᠦᠷᠦᠭᠰᠡᠨ ᠡᠳᠦᠷ᠎ᠤᠨ ᠪᠠᠶᠠᠷ ᠵᠶ᠋ᠠᠨ   ᠪᠡᠯᠭᠡᠯᠡᠬᠦ ᠦᠶ᠎ᠡ᠎ᠳᠤ᠎ᠨᠢ ᠬᠣᠳᠠᠯᠳᠣᠨ ᠠᠪᠣᠭᠰᠠᠨ ᠭᠣᠶᠣ   ᠲᠠᠯᠪᠢᠭᠤᠷ ᠳ᠋ᠸᠩ ᠬᠦᠷᠲᠡᠯ᠎ᠡ᠂ 《ᠬᠦᠬᠡᠮᠦᠢ᠍ᠷᠡᠨ ᠪᠦᠷᠢᠨ ᠪᠠᠷᠠᠭ᠋ᠠᠲᠣ ᠳᠡᠯᠭᠡᠭᠦᠷ》 ᠲᠡᠭᠦᠨ᠎ᠤ ᠠᠮᠢ ᠨᠠᠰᠤ᠎ᠲᠠᠢ᠎ᠨᠢ ᠠᠭᠣᠰᠣᠯᠳᠣᠨ᠂ 《ᠬᠦᠬᠡᠮᠦᠢ᠍ᠷᠡᠨ ᠪᠦᠷᠢᠨ ᠪᠠᠷᠠᠭ᠋ᠠᠲᠣ ᠳᠡᠯᠭᠡᠭᠦᠷ》 ᠲᠡᠭᠦᠨ᠎ᠢ ᠪᠠᠷᠠᠳᠠᠨ ᠦᠭᠡᠯᠡᠢ ᠪᠣᠯᠭ᠋ᠠᠭᠰᠠᠨ ᠪᠠᠢ᠌ᠨ᠎ᠠ᠃ ᠵᠣᠬᠢᠶᠠᠯ᠎ᠢ ᠬᠡᠳᠦᠢ᠌ᠪᠡᠷ ᠮᠠᠰᠢ ᠪᠣᠷᠣᠭᠵᠢᠭᠣᠨ ᠪᠢᠴᠢᠭᠰᠡᠨ ᠪᠣᠯᠪᠠᠴᠣ᠂ ᠬᠠᠢ᠌ᠷ᠎ᠠ ᠰᠡᠳᠭᠢᠯᠭᠡ᠎ᠨᠢ ᠲᠤᠩ ᠦᠨᠡᠨᠴᠢ ᠬᠠᠯᠠᠭᠣᠨ ᠪᠠᠢ᠌ᠵᠤ᠂ ᠬᠦᠮᠦᠰ᠎ᠤᠨ ᠰᠡᠳᠭᠢᠯ᠎ᠢ ᠬᠦᠳᠡᠯᠭᠡᠬᠦ ᠠᠵᠢ᠃ ᠬᠣᠢ ᠽᠢ   ᠵᠣᠬᠢᠶᠠᠯ ᠳᠣᠳᠣᠷᠠᠬᠢ ᠬᠡᠳᠦᠨ ᠠᠯᠳᠠᠭ᠎ᠠ ᠦᠰᠦᠭ᠎ᠢ᠎ᠨᠢ ᠵᠠᠰᠠᠵᠤ ᠥᠭᠭᠦᠭᠡᠳ᠂ ᠦᠬᠢᠨ ᠵᠶ᠋ᠡᠷ ᠵᠶ᠋ᠡᠨ ᠵᠣᠬᠢᠶᠠᠯ᠎ᠤᠨ ᠳᠠᠰᠬᠠᠯ᠎ᠤᠨ ᠴᠠᠭ᠋ᠠᠰᠣᠨ ᠳᠡᠭᠡᠷ᠎ᠡ ᠳᠠᠬᠢᠨᠲᠠ ᠴᠡᠪᠡᠷ ᠳᠣᠳᠣᠷᠬᠠᠢ ᠬᠠᠭᠣᠯᠣᠭᠣᠯᠣᠭ᠋ᠠᠳ᠂ ᠵᠠᠬᠢᠳᠠᠯ᠎ᠤᠨ ᠳᠣᠭᠳᠣᠢ ᠳᠡᠭᠡᠷ᠎ᠡ ᠬᠠᠶᠢᠭ ᠪᠢᠴᠢᠨ᠂ ᠰᠢᠣᠳᠠᠨ᠎ᠤ ᠮᠠᠷᠺ ᠨᠠᠭ᠋ᠠᠵᠤ᠂ ᠠᠰᠠᠷ᠎ᠤᠨ ᠳᠣᠣᠷᠠᠬᠢ ᠰᠢᠣᠳᠠᠨ᠎ᠤ ᠲᠦᠩᠰᠡᠨ᠎ᠳᠤ ᠬᠢᠵᠦ ᠥᠭᠪᠡ᠃
  ᠡᠨᠡ ᠬᠡᠷᠡᠭ ᠦᠩᠭᠡᠷᠡᠭᠰᠡᠨ᠎ᠤ ᠳᠠᠷᠠᠭ᠎ᠠ᠂ ᠬᠣᠢ ᠽᠢ ᠪᠦᠷ ᠮᠠᠷᠲᠠᠴᠢᠬᠠᠪᠠ᠂ ᠵᠢᠨ ᠯᠢᠩ ᠦᠪᠡᠷ ᠵᠶ᠋ᠡᠨ ᠪᠠᠰᠠ
ᠳᠤᠷᠠᠳᠣᠭ᠎ᠠ ᠦᠬᠡᠢ᠃ ᠭᠡᠲᠡᠯ᠎ᠡ ᠬᠠᠭ᠋ᠠᠰ ᠰᠠᠷ᠎ᠠ ᠵᠢᠨ ᠳᠠᠷᠠᠭ᠎ᠠ ᠬᠣᠢ ᠽᠢ ᠵᠠᠬᠢᠳᠠᠯ᠎ᠤᠨ ᠬᠠᠢ᠌ᠷᠴᠠᠭ ᠵᠶ᠋ᠠᠨ ᠨᠡᠬᠡᠬᠡᠭᠦ ᠵᠢᠨ ᠦᠶᠡᠰ᠂《ᠬᠦᠬᠡᠮᠦᠢ᠍ᠷᠡᠨ ᠪᠦᠷᠢᠨ ᠪᠠᠷᠠᠭ᠋ᠠᠲᠣ ᠳᠡᠯᠭᠡᠭᠦᠷ》 ᠭᠡᠰᠡᠨ ᠦᠰᠦᠭ ᠪᠦᠬᠦᠢ ᠵᠠᠬᠢᠳᠠᠯ ᠭᠠᠷᠴᠣ ᠢᠷᠡᠪᠡ᠂ ᠵᠠᠬᠢᠳᠠᠯ᠎ᠳᠤ   ᠶᠠᠷᠢᠭᠰᠠᠨᠴᠢᠯᠠᠨ ᠵᠶ᠋ᠠᠷ᠂ ᠰᠣᠷᠣᠭᠴᠢ   ᠵᠢᠨ ᠯᠢᠩ᠎ᠤᠨ ᠵᠣᠬᠢᠶᠠᠯ ᠱᠠᠩᠨᠠᠯ᠎ᠳᠤ   ᠳᠣᠳᠣᠷᠠᠪᠠ᠂   ᠭᠡᠷ᠎ᠤᠨ ᠠᠬᠠᠮᠠᠳ᠎ᠢ ᠳᠠᠷᠠᠭ᠎ᠠ ᠭᠠᠷᠠᠭ᠎ᠤᠨ ᠡᠳᠦᠷ ᠡᠷᠦᠬᠡ ᠠᠮᠠ ᠵᠢᠨ ᠳᠡᠪᠲᠡᠷ ᠵᠶ᠋ᠡᠨ ᠠᠪᠴᠣ᠂ ᠵᠢᠨ ᠯᠢᠩ᠎ᠲᠠᠢ ᠬᠠᠮᠲᠤ ᠱᠠᠩᠨᠠᠯ ᠣᠯᠭᠣᠬᠣ ᠶᠣᠰᠣᠯᠠᠯ᠎ᠳᠤ ᠣᠷᠣᠯᠴᠠᠬᠣ ᠵᠢ ᠣᠷᠢᠭᠰᠠᠨ ᠠᠵᠢ᠃
  《ᠰᠠᠢ᠌ᠨ ᠶᠠᠪᠣᠳᠠᠯ ᠬᠣᠣᠰ ᠵᠶ᠋ᠠᠷ》 ᠭᠡᠳᠡᠭ ᠵᠶ᠋ᠡᠷ᠂ ᠡᠨᠡ ᠬᠡᠪᠰᠢᠮᠡᠯ ᠦᠭᠡ ᠦᠨᠡᠬᠡᠷ ᠶᠣᠰᠣ᠎ᠲᠠᠢ᠃ ᠵᠢᠨ ᠯᠢᠩ᠎ᠤᠨ ᠵᠣᠬᠢᠶᠠᠯ《ᠮᠢᠨᠦ ᠠᠪᠤ》 ᠲᠣᠭᠣᠷᠢᠭ ᠪᠣᠯᠣᠨ ᠬᠣᠲᠠ ᠵᠢᠨ ᠱᠠᠩᠨᠠᠯ ᠎ᠢ ᠬᠦᠷᠲᠡᠴᠢᠬᠡᠯ᠎ᠡ᠃ ᠨᠢᠭᠡ ᠭᠡᠷ᠎ᠤᠨ ᠬᠦᠮᠦᠰ ᠪᠦᠷ ᠪᠠᠶᠠᠷᠯᠠᠵᠠᠭ᠋ᠠᠨ᠎ᠠ᠃ ᠬᠣᠢ ᠽᠢ ᠪᠠᠶᠠᠷᠯᠠᠬᠣ᠎ᠳᠤ᠎ᠪᠠᠨ ᠵᠢᠨ ᠯᠢᠩ᠎ᠳᠤ᠄《ᠴᠢ ᠦᠨᠡᠬᠡᠷᠡᠨ ᠰᠠᠨᠠᠮᠰᠠᠷ ᠦᠬᠡᠢ᠎ᠪᠠᠷ ᠱᠠᠩᠨᠠᠯ ᠬᠦᠷᠲᠡᠭᠴᠢ ᠲᠣᠰᠬᠠᠢ ᠡᠷᠦᠬᠡ ᠪᠣᠯᠴᠢᠬᠠᠯ᠎ᠠ》 ᠭᠡᠨ᠎ᠡ᠃
  ᠵᠢᠨ   ᠯᠢᠩ  ᠎ᠳᠤ ᠣᠮᠣᠭ ᠪᠠᠬᠠᠳᠣᠯ ᠲᠦᠷᠦᠭᠳᠡᠭᠡᠳ ᠰᠢᠨᠡᠬᠡᠨ ᠰᠣᠷᠣᠭᠰᠠᠨ ᠬᠡᠪᠰᠢᠮᠡᠯ ᠬᠡᠯᠡᠯᠭᠡ᠎ᠪᠠᠨ ᠭᠠᠢ᠌ᠬᠠᠭᠣᠯᠵᠣ᠄ 《ᠳᠠᠬᠢᠶ᠎ᠠ ᠠᠯᠠᠬᠣ᠎ᠳᠤ ᠦᠬᠡᠷ᠎ᠤᠨ ᠬᠢᠳᠣᠭ᠎ᠠ ᠵᠢ ᠬᠡᠷᠡᠭᠯᠡᠭᠰᠡᠨ ᠯᠡ ᠳᠡᠳᠦᠢ!》 ᠭᠡᠵᠦ ᠮᠠᠵᠣᠣᠯᠠᠨ᠎ᠠ᠃ ᠵᠢᠨ ᠢ ᠮᠢᠩ ᠰᠠᠶᠢᠬᠠᠨ ᠰᠣᠨᠣᠰᠣᠭᠣᠷ ᠵᠶ᠋ᠠᠨ   ᠴᠢᠬᠢᠨ᠎ᠠᠴᠠ᠎ᠪᠠᠨ ᠠᠪᠴᠣ᠂ ᠪᠢᠴᠢᠭ᠎ᠤᠨ ᠥᠷᠥᠭᠡᠨ᠎ᠠᠴᠠ᠎ᠪᠠᠨ ᠭᠠᠷᠴᠣ ᠢᠷᠡᠭᠡᠳ᠂ ᠡᠭᠡᠳᠡᠢ ᠪᠣᠣᠳᠠᠢ᠎ᠪᠠᠷ ᠬᠠᠭ᠋ᠠᠰ ᠳᠣᠲᠠᠭᠤ ᠰᠣᠨᠣᠰᠣᠭᠰᠠᠨ ᠵᠶ᠋ᠠᠨ᠄《ᠶᠠᠭᠣ ᠭᠡᠨ᠎ᠡ ᠶᠠᠭᠣ ᠭᠡᠨ᠎ᠡ? ᠳᠠᠬᠢᠶ᠎ᠠ ᠠᠯᠠᠬᠣ᠎ᠳᠤ ᠦᠬᠡᠷ᠎ᠤᠨ ᠬᠢᠳᠣᠭ᠎ᠠ ᠵᠢ   ᠬᠡᠷᠡᠭᠯᠡᠨ᠎ᠡ ᠭᠡᠨ᠎ᠡ?》 ᠭᠡᠵᠦ ᠯᠠᠪᠯᠠᠨ ᠠᠰᠠᠭᠣᠨ᠎ᠠ᠃
  ᠵᠢᠨ ᠯᠢᠩ ᠢᠨᠢᠶᠡᠬᠦ᠎ᠳᠤ᠎ᠪᠠᠨ ᠰᠠᠶᠢ ᠣᠣᠭᠣᠭᠰᠠᠨ ᠴᠠᠢ᠎ᠪᠠᠨ   ᠪᠦᠷ ᠰᠦᠷᠴᠢᠨ ᠭᠠᠷᠭ᠋ᠠᠯ᠎ᠠ᠃ ᠱᠠᠩᠨᠠᠯ ᠣᠯᠭᠣᠬᠣ ᠶᠣᠰᠣᠯᠠᠯ᠎ᠢ ᠬᠦᠬᠡᠮᠦᠢ᠍ᠷᠡᠨ ᠪᠦᠷᠢᠨ ᠪᠠᠷᠠᠭ᠋ᠠᠲᠣ ᠳᠡᠯᠭᠡᠭᠦᠷ ᠎ᠤᠨ ᠠᠰᠠᠷ ᠳᠡᠭᠡᠷᠡᠬᠢ ᠬᠣᠷᠠᠯ᠎ᠤᠨ ᠭᠡᠷ᠎ᠲᠤ ᠲᠣᠬᠢᠷᠠᠭᠣᠯᠵᠣ᠂ ᠪᠠᠷᠣᠭ ᠵᠠᠷ ᠲᠠᠯᠪᠢᠬᠣ ᠡᠭᠦᠳᠡᠨ᠎ᠠᠴᠠ ᠪᠣᠳᠣᠯᠬᠢᠠᠯᠭᠰᠠᠨ ᠪᠣᠯᠣᠯᠲᠠᠢ᠂ ᠶᠣᠰᠣᠯᠠᠯ᠎ᠤᠨ ᠲᠠᠯᠠᠪᠠᠢ ᠵᠢ ᠮᠠᠰᠢ ᠭᠣᠶᠣ ᠵᠠᠰᠠᠨ ᠴᠢᠮᠡᠭᠯᠡᠵᠦ᠂ ᠢᠳᠡᠭᠡᠨ ᠣᠮᠳᠠᠭ᠋ᠠᠨ ᠪᠦᠷ ᠪᠠᠢ᠌ᠬᠣ ᠮᠦᠷᠲᠡᠭᠡᠨ ᠲᠸᠯᠸᠢᠰ ᠬᠣᠷᠢᠶᠠᠨ᠎ᠠᠴᠠ ᠪᠠᠰᠠ ᠰᠣᠷᠪᠣᠯᠵᠢᠯᠠᠭᠴᠢ ᠵᠠᠯᠠᠵᠠᠢ᠃ ᠦᠨᠡᠨ᠎ᠳᠤ᠎ᠪᠠᠨ ᠱᠠᠩᠨᠠᠯ ᠬᠦᠷᠲᠡᠭᠰᠡᠨ ᠬᠡᠦᠭᠡᠳ ᠲᠡᠢ᠌ᠮᠦ ᠣᠯᠠᠨ ᠪᠢᠰᠢ᠂ 1 ᠨᠢᠭᠡᠳᠦᠭᠡᠷ ᠳᠡᠰ᠎ᠤᠨ ᠱᠠᠩᠨᠠᠯ᠂ 2 ᠬᠣᠶᠠᠳᠣᠭ᠋ᠠᠷ ᠳᠡᠰ᠎ᠤᠨ ᠱᠠᠩᠨᠠᠯ᠂ 3 ᠭᠣᠷᠪᠠᠳᠣᠭ᠋ᠠᠷ ᠳᠡᠰ᠎ᠤᠨ ᠱᠠᠩᠨᠠᠯ ᠪᠠᠢ᠌ᠵᠤ᠂ ᠪᠣᠰᠣᠳ᠎ᠨᠢ ᠪᠦᠷ ᠨᠢᠭᠡ ᠪᠦᠯᠦᠭ ᠵᠣᠷᠢᠭᠵᠢᠭᠣᠯᠣᠯ᠎ᠤᠨ ᠱᠠᠩᠨᠠᠯ ᠪᠠᠢ᠌ᠵᠠᠢ᠃ ᠲᠠᠢ᠌ᠰᠠᠨ ᠳᠡᠭᠡᠷ᠎ᠡ ᠣᠯᠠᠭ᠋ᠠᠨ ᠲᠣᠷᠭ᠋ᠠᠨ ᠣᠭᠣᠰᠣᠷ ᠵᠶ᠋ᠠᠷ ᠴᠢᠮᠡᠭᠯᠡᠭᠰᠡᠨ ᠱᠠᠩᠨᠠᠯ᠎ᠤᠨ ᠪᠣᠳᠠᠰ ᠦᠷᠦᠭᠡᠰᠦᠳᠡᠢ᠂ ᠲᠡᠷᠡ᠎ᠨᠢ ᠳᠡᠰ ᠳᠠᠷᠠᠭ᠋ᠠᠯᠠᠭ᠋ᠠᠳ᠄《386》 ᠺᠣᠮᠫᠢᠦᠢ᠍ᠲᠸᠷ ᠨᠢᠭᠡ᠂《ᠺᠠᠰᠢᠡᠸᠦ》 ᠡᠯᠸᠺᠲᠷᠣᠨ ᠭᠦᠭᠵᠢᠮ ᠬᠣᠶᠠᠷ᠂《ᠰᠢᠶᠤᠤ ᠪᠠ ᠸᠠᠩ》ᠺᠣᠮᠫᠢᠦᠢ᠍ᠲᠸᠷ᠎ᠤᠨ ᠲᠣᠭᠯᠠᠭ᠋ᠠᠮ᠎ᠤᠨ ᠮᠠᠰᠢᠨ ᠭᠤᠷᠪᠠ ᠪᠠᠢ᠌ᠯ᠎ᠠ᠃
ᠵᠢᠨ ᠯᠢᠩ ᠶᠣᠰᠣᠯᠠᠯ᠎ᠤᠨ ᠲᠠᠯᠠᠪᠠᠢ᠎ᠳᠤ ᠰᠠᠭᠣᠭ᠋ᠠᠳ᠂ ᠲᠠᠢ᠌ᠰᠠᠨ ᠳᠡᠭᠡᠷᠡᠬᠢ ᠱᠠᠩᠨᠠᠯ᠎ᠤᠨ ᠪᠣᠳᠠᠰ᠎ᠢ ᠲᠣᠨᠣᠷᠠᠲᠠᠯ᠎ᠠ
ᠰᠢᠷᠲᠡᠨ᠂ ᠵᠢᠭ᠋ᠠᠬᠠᠨ ᠪᠠᠴᠢᠮᠳᠠᠭᠰᠠᠨ ᠮᠠᠶᠢᠭ᠎ᠲᠠᠢ ᠬᠣᠢ ᠽᠢ᠎ᠠᠴᠠ᠄《ᠲᠠᠨ᠎ᠤ ᠦᠵᠡᠬᠦ᠎ᠪᠠᠷ ᠪᠢ ᠠᠯᠢ ᠵᠦᠢ᠍ᠯ᠎ᠤᠨ ᠱᠠᠩᠨᠠᠯ᠎ᠢ᠎ᠨᠢ ᠣᠯᠳᠠᠭ ᠪᠢᠯᠡ?》 ᠭᠡᠵᠦ ᠠᠰᠠᠭᠣᠨ᠎ᠠ᠃
  ᠬᠤᠢ   ᠽᠢ᠄《ᠪᠢ ᠶᠠᠭ᠋ᠠᠬᠢᠨ ᠮᠡᠳᠡᠬᠦ ᠪᠢᠯᠡ? ᠠᠯᠢ ᠵᠢ᠎ᠨᠢ ᠣᠯᠪᠠᠴᠣ ᠪᠦᠷ ᠪᠣᠯᠣᠨ᠎ᠠ᠂ ᠡᠵᠢ᠎ᠨᠢ ᠪᠦᠷ
ᠪᠠᠶᠠᠷᠯᠠᠨ᠎ᠠ》   ᠭᠡᠨ᠎ᠡ᠃
   《ᠪᠢ ᠲᠡᠷᠡ ᠺᠣᠮᠫᠢᠦᠢ᠍ᠲᠸᠷ᠎ᠢ ᠣᠯᠬᠣ ᠵᠢ ᠬᠦᠰᠡᠨ᠎ᠡ》 ᠭᠡᠳ ᠵᠢᠨ ᠯᠢᠩ ᠡᠵᠢ ᠵᠢᠨ ᠵᠶ᠋ᠡᠨ ᠭᠠᠷ᠎ᠠᠴᠠ
ᠴᠢᠩᠭ᠋ᠠᠭ᠋ᠠᠨ᠂ 《ᠠᠪᠤ ᠠᠯᠢ ᠬᠡᠳᠦᠢ᠌ᠨ᠎ᠤ ᠺᠣᠮᠫᠢᠦᠢ᠍ᠲᠸᠷ   ᠬᠣᠳᠠᠯᠳᠤᠨ ᠠᠪᠬᠤ ᠵᠠᠢ ᠰᠠᠨᠠᠵᠤ ᠪᠠᠢ᠌ᠭᠰᠠᠨ ᠶᠤᠮ》 ᠭᠡᠳ ᠵᠤᠭᠰᠣᠰᠬᠢᠭ᠌ᠰᠡᠨ ᠵᠶ᠋ᠡᠨ ᠳᠠᠬᠢᠨ᠄《ᠲᠣᠭᠯᠠᠭ᠋ᠠᠮ᠎ᠤᠨ ᠮᠠᠰᠢᠨ ᠪᠠᠰᠠ ᠪᠣᠯᠣᠨ᠎ᠠ᠂ ᠮᠠᠨ᠎ᠤ ᠣᠯᠠᠨ ᠬᠠᠮᠲᠤ ᠰᠣᠷᠣᠭᠴᠢ ᠭᠡᠷ᠎ᠲᠤ᠎ᠪᠠᠨ ᠪᠦᠷ ᠲᠣᠭᠯᠠᠭ᠋ᠠᠮ᠎ᠤᠨ ᠮᠠᠰᠢᠨ᠎ᠲᠠᠢ》 ᠭᠡᠵᠦ ᠶᠠᠷᠢᠨ᠎ᠠ᠃
  ᠵᠢᠨ   ᠯᠢᠩ   ᠦᠪᠡᠷ᠎ᠤᠨ ᠬᠣᠶᠠᠳᠣᠭ᠋ᠠᠷ ᠳᠡᠰ᠎ᠤᠨ ᠱᠠᠩᠨᠠᠯ ᠣᠯᠬᠤ ᠵᠢ ᠬᠦᠰᠡᠵᠦ ᠪᠠᠢ᠌ᠭ᠎ᠠ᠎ᠪᠠᠨ ᠬᠠᠰᠢ ᠯᠡ ᠶᠠᠷᠢᠭ᠎ᠠ ᠦᠬᠡᠢ᠄ ᠲᠡᠷᠡ ᠬᠦ᠌ ᠦᠨᠡᠬᠡᠷ ᠵᠦᠭᠡᠷ ᠰᠢᠦᠬᠡᠨ《ᠺᠠᠰᠢᠡᠸᠦ》 ᠡᠯᠸᠺᠲᠷᠣᠨ ᠭᠦᠭᠵᠢᠮ  ᠃ᠭᠡᠲᠡᠯ᠎ᠡ ᠱᠠᠩᠨᠠᠯ ᠣᠯᠣᠭᠰᠠᠨ ᠨᠠᠷᠡᠰ᠎ᠢ ᠨᠡᠢ᠌ᠳᠡᠯᠡᠬᠦ᠎ᠳᠤ᠂ ᠵᠢᠨ ᠯᠢᠩ ᠶᠠᠭ ᠰᠠᠢ᠌ᠬᠠᠨ ᠬᠣᠶᠠᠳᠣᠭ᠋ᠠᠷ ᠳᠡᠰ᠎ᠤᠨ ᠱᠠᠩᠨᠠᠯ ᠎ᠢ ᠬᠦᠷᠳᠡᠭᠰᠡᠨ ᠪᠠᠢ᠌ᠯ᠎ᠠ᠃
  ᠵᠢᠨ ᠯᠢᠩ ᠣᠷᠣᠭᠣᠯ ᠵᠶ᠋ᠠᠨ ᠵᠢᠮᠢᠢ᠍ᠯᠭᠡᠨ᠂ ᠪᠠᠶᠠᠷ᠎ᠤᠨ ᠢᠨᠢᠶᠡᠳᠦ᠎ᠪᠠᠨ ᠨᠢᠭᠣᠬᠣ᠎ᠪᠠᠷ   ᠮᠡᠳᠭᠡᠨ ᠴᠢᠷᠮᠠᠢ᠌ᠵᠤ᠂ ᠪᠣᠰᠴᠣ ᠵᠣᠭᠰᠤᠨ ᠲᠠᠢ᠌ᠰᠠᠨ᠎ᠳᠤ ᠭᠠᠷᠴᠣ ᠡᠯᠸᠺᠲᠷᠣᠨ ᠬᠦᠭᠵᠢᠮ᠎ᠢ ᠲᠡᠪᠡᠷᠢᠨ ᠢᠷᠡᠪᠡ᠃ ᠡᠯᠸᠺᠲᠷᠣᠨ ᠬᠦᠭᠵᠢᠮ ᠳᠡᠩᠳᠡᠭᠦᠦ ᠶᠡᠬᠡ᠂ ᠵᠢᠨ ᠯᠢᠩ ᠬᠦᠴᠢᠷᠳᠡᠯᠲᠡᠢ᠌ᠬᠡᠨ ᠵᠶ᠋ᠡᠷ ᠡᠮᠦᠨ᠎ᠡ᠎ᠪᠠᠨ ᠲᠠᠪᠡᠷᠢᠵᠤ᠂ ᠠᠯᠬᠤᠬᠤ᠎ᠳᠤ᠎ᠪᠠᠨ ᠵᠠᠮ ᠵᠶ᠋ᠠᠨ ᠣᠯᠵᠤ ᠬᠠᠷᠠᠬᠤ ᠦᠬᠡᠢ ᠪᠠᠢ᠌ᠵᠤ᠂ ᠲᠠᠢ᠌ᠰᠠᠨ᠎ᠠᠴᠠ ᠪᠠᠭᠣᠬᠣ᠎ᠳᠤ᠎ᠪᠠᠨ ᠡᠰᠡ ᠯᠡ ᠳᠠᠮ ᠬᠢᠰᠬᠢᠬᠦ ᠰᠢᠬᠠᠨ᠂ ᠲᠠᠢ᠌ᠰᠠᠨ᠎ᠤ   ᠳᠡᠭᠡᠷ᠎ᠡ ᠳᠣᠣᠷᠠᠬᠢ ᠵᠢᠨ᠎ᠬᠢᠨ ᠵᠢ ᠨᠢᠭᠡ ᠵᠡᠷᠭᠡ ᠢᠨᠢᠶᠡᠯᠭᠡᠪᠡ᠃ ᠲᠸᠯᠸᠢᠰ ᠬᠣᠷᠢᠶᠠᠨ᠎ᠤ ᠨᠢᠭᠡᠨ ᠰᠣᠷᠪᠣᠯᠵᠢᠯᠠᠭᠴᠢ ᠨᠢᠳᠦ ᠬᠣᠷᠳᠣᠨ ᠭᠠᠷ ᠪᠣᠰᠢᠭᠣ ᠲᠤᠯᠠ ᠲᠡᠭᠦᠨ᠎ᠢ ᠬᠠᠪᠰᠣᠷᠣᠨ ᠭᠦᠭᠵᠢᠮ᠎ᠢ ᠨᠢᠥ ᠠᠳᠬᠣᠨ ᠥᠭᠴᠦ᠂ ᠬᠣᠢ ᠽᠢ ᠵᠢᠨ ᠳᠡᠷᠭᠡᠳᠡ ᠬᠦᠷᠭᠡᠵᠦ ᠢᠷᠡᠭᠰᠡᠨ ᠪᠦᠭᠡᠳ᠄《ᠪᠢᠴᠢᠬᠠᠨ ᠨᠠᠢ᠌ᠵᠠ ᠡ᠂ ᠪᠢ ᠴᠢᠮ᠎ᠠ ᠵᠢ ᠰᠣᠷᠪᠣᠯᠵᠢᠯᠠᠵᠤ ᠪᠣᠯᠬᠤ ᠦᠦ?》 ᠭᠡᠵᠦ ᠣᠷᠢᠶᠠᠯᠭ᠋ᠠᠬᠠᠨ ᠵᠶ᠋ᠠᠷ ᠠᠰᠠᠭᠣᠯ᠎ᠠ᠃
  ᠵᠢᠨ ᠯᠢᠩ᠎ᠤᠨ ᠴᠢᠷᠠᠢ᠎ᠨᠢ ᠣᠯᠠᠢ᠌ᠨ᠂ ᠬᠣᠢ ᠽᠢ ᠵᠢ ᠰᠢᠷᠪᠢᠨ ᠬᠠᠷᠠᠭ᠋ᠠᠳ᠄《ᠴᠢ ᠮᠢᠨᠦ ᠡᠵᠢ᠎ᠠᠴᠠ ᠠᠰᠠᠭᠣᠭ᠋ᠠᠴᠢ》 ᠭᠡᠯ᠎ᠡ᠃
  ᠬᠠᠵᠠᠭᠤᠳᠠᠬᠢ ᠊ᠵᠠᠭᠣᠳᠠᠬᠢ ᠬᠦᠮᠦᠰ᠎ᠨᠢ ᠡᠭᠦᠨ᠎ᠢ ᠰᠣᠨᠣᠰᠣᠭ᠋ᠠᠳ ᠪᠠᠰᠠ ᠢᠨᠢᠶᠡᠵᠡᠭᠡᠯ᠎ᠡ᠃ᠬᠣᠢ ᠽᠢ ᠵᠢᠨ ᠯᠢᠩ᠎ᠢ ᠳᠠᠳᠠᠵᠤ ᠠᠪᠣᠭ᠋ᠠᠳ᠄《ᠬᠦᠮᠦᠨ ᠴᠢᠮ᠎ᠠ ᠵᠢ ᠰᠣᠷᠪᠣᠯᠵᠢᠯᠠᠬᠤ ᠭᠡᠵᠦ ᠪᠠᠢ᠌ᠨ᠎ᠠ ᠰᠢᠦ! ᠠᠭᠣᠵᠢᠭᠣ ᠲᠠᠯᠪᠢᠭᠤ ᠪᠠᠢ᠌ᠭ᠋ᠠᠴᠢ᠃》 ᠭᠡᠪᠡ᠃
  ᠵᠢᠨ ᠯᠢᠩ ᠰᠣᠷᠪᠣᠯᠵᠢᠯᠠᠭᠴᠢ᠎ᠠᠴᠠ᠄《ᠲᠠ ᠨᠠᠳᠠ᠎ᠪᠠᠷ ᠶᠠᠭᠣ ᠶᠠᠷᠢᠭᠣᠯᠬᠣ ᠭᠡᠵᠦ   ᠰᠠᠨᠠᠵᠤ ᠪᠠᠢ᠌ᠭ᠎ᠠ ᠪᠣᠢ?》 ᠭᠡᠵᠦ ᠠᠰᠠᠭᠣᠯ᠎ᠠ᠃
  ᠰᠣᠷᠪᠣᠯᠵᠢᠯᠠᠭᠴᠢ ᠢᠨᠢᠶᠡᠳᠦ᠎ᠪᠠᠨ ᠳᠡᠰᠪᠦᠷᠢᠯᠡᠨ ᠪᠠᠢ᠌ᠵᠤ᠄《ᠪᠢ ᠰᠠᠨᠠᠵᠤ ᠪᠠᠢ᠌ᠭ᠎ᠠ ᠪᠢᠰᠢ᠂ ᠬᠠᠷᠢᠨ ᠴᠢ ᠰᠠᠨᠠᠬᠤ—
  — ᠴᠢ ᠣᠯᠠᠨ᠎ᠳᠤ ᠶᠠᠭᠤ ᠶᠠᠷᠢᠬᠣ ᠭᠡᠵᠦ ᠰᠠᠨᠠᠵᠤ ᠪᠠᠢ᠌ᠭ᠎ᠠ ᠪᠢᠯᠡ?》 ᠭᠡᠪᠡ᠃
  ᠵᠢᠨ ᠯᠢᠩ ᠬᠣᠷᠣᠭᠣ᠎ᠪᠠᠨ ᠠᠮᠠᠨ᠎ᠳᠤ᠎ᠪᠠᠨ ᠬᠦᠯᠬᠦᠭᠰᠡᠭᠡᠷ᠂ ᠰᠢᠩᠭᠡᠭᠡᠯᠲᠡ ᠵᠢᠨ ᠳᠣᠷᠠᠨ᠎ᠤ ᠡᠮᠦᠨ᠎ᠡ ᠬᠠᠨᠳᠤᠨ᠄《ᠪᠦᠷᠢᠨ ᠪᠠᠷᠠᠭ᠋ᠠᠲᠣ ᠳᠡᠯᠭᠡᠭᠦᠷ᠎ᠤᠨ ᠠᠪᠠᠭ᠎ᠠ ᠠᠨᠢᠶ᠎ᠠ ᠨᠠᠷ ᠨᠠᠳᠠ᠎ᠳᠤ ᠡᠨᠡ ᠡᠯᠸᠺᠲᠷᠣᠨ ᠬᠦᠭᠵᠢᠮ᠎ᠢ ᠪᠡᠯᠭᠡᠯᠡᠭᠰᠡᠨ᠎ᠳᠤ ᠲᠠᠯᠠᠷᠬᠠᠵᠤ ᠪᠠᠢ᠌ᠨ᠎ᠠ᠃ ᠭᠡᠲᠡᠯ᠎ᠡ ᠮᠢᠨᠦ ᠬᠠᠮᠣᠭ᠎ᠠᠴᠠ ᠣᠯᠬᠣ ᠵᠢ ᠬᠦᠰᠡᠭᠰᠡᠨ᠎ᠨᠢ ᠲᠡᠷᠡ ᠺᠣᠮᠫᠢᠦᠢ᠍ᠲᠸᠷ》   ᠭᠡᠰᠡᠨ ᠵᠶ᠋ᠡᠨ ᠲᠡᠷᠡ ᠨᠢᠭᠡᠨ ᠳᠣᠮᠳᠠᠳᠣ ᠰᠣᠷᠭ᠋ᠠᠭᠣᠯᠢ ᠵᠢᠨ ᠰᠣᠷᠣᠭᠴᠢ ᠵᠢᠨ ᠲᠡᠪᠡᠷᠢᠵᠦ ᠪᠠᠢ᠌ᠭ᠎ᠠ ᠺᠣᠮᠫᠢᠦᠢ᠍ᠲᠸᠷ᠎ᠢ ᠵᠢᠭ᠋ᠠᠨ᠄《ᠪᠢ ᠳᠠᠷᠠᠭ᠎ᠠ ᠤᠳᠠᠭ᠎ᠠ ᠪᠠᠰᠠ ᠣᠷᠣᠯᠳᠣᠭ᠋ᠠᠨ᠎ᠳᠤ ᠣᠷᠣᠯᠴᠠᠨ᠎ᠠ᠂ ᠵᠠᠪᠠᠯ ᠺᠣᠮᠫᠢᠦᠢ᠍ᠲᠸᠷ᠎ᠢ ᠣᠯᠵᠣ ᠠᠪᠤᠨ᠎ᠠ》 ᠭᠡᠯ᠎ᠡ᠃
      ᠰᠤᠷᠪᠤᠯᠵᠢᠯᠠᠬ᠍ᠴᠢ ᠮᠢᠺᠷᠣᠹᠤᠨ ᠵᠶ᠋ᠠᠨ ᠠᠪᠴᠣ᠄《ᠮᠠᠰᠢ ᠰᠠᠢ᠌ᠨ᠂ ᠴᠢ ᠶᠡᠬᠡᠬᠡᠨ ᠡᠷᠴᠢ ᠵᠣᠷᠢᠭ᠎ᠲᠠᠢ ᠪᠠᠢ᠌ᠨ᠎ᠠ᠂ ᠦᠪᠡᠷ᠎ᠤᠨ ᠵᠶ᠋ᠡᠨ ᠬᠦᠰᠡᠯ᠎ᠢ ᠪᠡᠶᠡᠯᠡᠭᠦᠯᠬᠦ ᠵᠢ ᠴᠢᠨᠢ ᠬᠦᠰᠡᠶ᠎ᠡ》 ᠭᠡᠵᠦ ᠵᠦᠩᠨᠡᠪᠡ᠃ᠵᠢᠨ ᠯᠢᠩ ᠳᠣᠯᠣᠭ᠋ᠠᠢ ᠳᠣᠬᠢᠨ᠂ ᠶᠣᠰᠣᠷᠬᠠᠭ ᠭᠡᠭᠴᠢ᠎ᠪᠠᠷ᠄《ᠲᠠᠯᠠᠷᠬᠠᠯ᠎ᠠ》 ᠭᠡᠵᠦ ᠬᠠᠷᠢᠭᠣᠯᠪᠠ᠃ᠢᠦᠳ᠋ ᠸᠤᠯᠹᠷᠠᠮ᠎ᠤᠨ ᠳ᠋ᠸᠩ ᠤᠨᠲᠠᠷᠠᠬᠤ᠎ᠲᠠᠢ ᠵᠡᠷᠭᠡ᠂ ᠵᠢᠨ ᠯᠢᠩ ᠪᠠᠷᠣᠭ ᠲᠤᠲᠠᠭ᠋ᠠᠬᠤ ᠵᠢᠨ ᠵᠠᠪᠳᠣᠭᠣ ᠬᠣᠢ ᠽᠢ ᠵᠢᠨ ᠳᠡᠷᠭᠡᠳᠡ ᠬᠦᠷᠴᠦ ᠣᠴᠢᠭ᠋ᠠᠳ ᠨᠢᠭᠡ ᠯᠡ ᠠᠮᠢᠰᠬᠣᠭ᠎ᠠ᠎ᠪᠠᠷ᠄《ᠨᠠᠮ᠎ᠠ ᠵᠢ ᠠᠶᠣᠯᠭ᠋ᠠᠭ᠋ᠠᠳ ᠠᠯᠠᠴᠢᠬᠠᠬᠤ ᠰᠢᠬᠠᠯ᠎ᠠ》 ᠭᠡᠪᠡ  ᠃ᠬᠣᠢ ᠽᠢ ᠮᠦᠰᠢᠶᠡᠭᠡᠳ ᠲᠡᠭᠦᠨ᠎ᠤ ᠮᠦᠷᠦ ᠵᠢ᠎ᠨᠢ ᠲᠡᠪᠡᠷᠢᠨ ᠪᠠᠢ᠌ᠵᠤ᠄《ᠵᠦᠭᠡᠷ ᠵᠦᠭᠡᠷ᠂   ᠡᠮᠢᠶᠡᠯ ᠵᠶ᠋ᠡᠨ
ᠢᠯᠡᠷᠡᠭᠦᠯᠦᠭᠰᠡᠨ ᠦᠬᠡᠢ ᠴᠢᠨᠢ ᠬᠠᠷᠢᠨ ᠰᠠᠢ᠌ᠨ》 ᠭᠡᠪᠡ᠃ᠭᠡᠷ᠎ᠲᠤ᠎ᠪᠠᠨ ᠬᠠᠷᠢᠬᠤ ᠵᠠᠮ᠎ᠳᠤ᠂ ᠬᠣᠢ ᠽᠢ ᠵᠢᠨ ᠯᠢᠩ ᠎ᠤᠨ ᠡᠯᠸᠺᠲᠷᠣᠨ ᠬᠦᠭᠵᠢᠮ᠎ᠢ᠎ᠨᠢ ᠠᠪᠴᠣ ᠶᠠᠪᠣᠪᠠᠯ᠂ ᠵᠠᠮ ᠬᠣᠯᠠ ᠬᠦᠭᠵᠢᠮ ᠬᠦᠨᠳᠦ ᠲᠤᠯᠠ ᠬᠣᠢ ᠽᠢ ᠨᠢᠭᠡ ᠵᠠᠮ ᠭᠠᠷ ᠵᠶ᠋ᠠᠨ ᠰᠣᠯᠢᠭᠰᠠᠨ ᠴᠦ᠍ ᠮᠦᠷᠦ ᠳᠠᠯᠤ᠎ᠨᠢ ᠡᠪᠡᠷᠰᠢᠶᠡᠨ ᠨᠢᠷᠣᠭᠣ᠎ᠨᠢ ᠡᠪᠡᠳᠴᠦ᠂ ᠵᠢᠨ ᠢ ᠮᠢᠩ ᠎ᠢ ᠦᠬᠢᠨ᠎ᠲᠠᠢ ᠎ᠪᠠᠨ ᠢᠷᠡᠭᠦᠯᠦᠭᠰᠡᠨ ᠦᠬᠡᠢ᠎ᠳᠤ᠎ᠪᠠᠨ ᠦᠨᠡᠬᠡᠷ ᠬᠠᠷᠠᠮᠰᠠᠯ᠎ᠠ᠃ ᠲᠡᠷᠡ ᠵᠢᠨ ᠯᠢᠩ᠎ᠳᠤ᠄《ᠮᠣᠨᠳᠠᠭ᠋ᠠᠨ ᠴᠦ᠍ ᠡᠯᠸᠺᠲᠷᠣᠨ ᠬᠦᠭᠵᠢᠮ   ᠣᠯᠵᠠᠢ᠂ ᠬᠡᠷᠪᠡ   ᠦᠨᠡᠬᠡᠷ ᠺᠣᠮᠫᠢᠦᠢ᠍ᠲᠸᠷ   ᠣᠯᠣᠭᠰᠠᠨ ᠪᠣᠯ ᠮᠠᠨ᠎ᠤ ᠬᠣᠶᠠᠭᠣᠯᠠ ᠭᠡᠷ᠎ᠲᠤ᠎ᠪᠠᠨ ᠠᠪᠠᠴᠢᠬᠤ ᠵᠢᠨ ᠠᠷᠭ᠎ᠠ ᠦᠬᠡᠢ》 ᠭᠡᠨ᠎ᠡ᠃
  ᠵᠢᠨ ᠯᠢᠩ ᠲᠡᠭᠦᠨ᠎ᠤ ᠦᠭᠡ ᠵᠢ ᠬᠠᠷᠢᠭᠣᠯᠣᠭ᠎ᠠ ᠦᠬᠡᠢ᠂ ᠲᠡᠭᠦᠨ᠎ᠤ ᠠᠷᠣ᠎ᠠᠴᠠ ᠬᠡᠯᠳᠦᠷᠢᠨ᠎ᠡ᠂ ᠴᠢᠷᠠᠢ ᠳᠡᠭᠡᠷ᠎ᠡ᠎ᠨᠢ ᠰᠠᠶᠢᠬᠠᠨ᠎ᠤ ᠪᠠᠶᠠᠷ᠎ᠤᠨ ᠮᠦᠰᠢᠶᠡᠳᠦ ᠠᠯᠠᠭ᠎ᠠ᠃ᠬᠣᠢ ᠽᠢ ᠲᠡᠭᠦᠨ᠎ᠢ ᠡᠷᠬᠢᠨ ᠬᠠᠷᠠᠭ᠋ᠠᠳ᠄ 《ᠴᠢ ᠦᠨᠡᠬᠡᠷ ᠪᠠᠶᠠᠷᠯᠠᠬᠤ ᠦᠬᠡᠢ ᠦᠦ? ᠨᠢᠭᠡᠳᠦᠭᠡᠷ ᠳᠡᠰ᠎ᠤᠨ ᠱᠠᠩᠨᠠᠯ᠎ᠢ ᠣᠯᠣᠭᠰᠠᠨ ᠦᠬᠡᠢ ᠵᠢᠨ᠎ᠬᠢ ᠪᠢᠵᠡ?》 ᠭᠡᠵᠦ ᠠᠰᠠᠭᠣᠨ᠎ᠠ᠃
  ᠵᠢᠨ ᠯᠢᠩ ᠭᠡᠨᠡᠳᠲᠡ᠎ᠪᠠᠷ᠄ 《〈ᠲᠠᠢ᠌ᠶᠠᠨ ᠴᠢᠬᠢ ᠵᠢ ᠴᠢᠩᠭ᠋ᠠᠭ᠋ᠠᠵᠤ ᠥᠰᠥᠯᠲᠡ ᠵᠢ᠎ᠨᠢ ᠲᠦᠷᠭᠡᠳᠭᠡᠬᠦ〉 ᠭᠡᠳᠡᠭ ᠭᠡᠪᠰᠢᠮᠡᠯ ᠬᠡᠯᠡᠯᠭᠡ ᠵᠢ ᠲᠠ ᠰᠣᠨᠣᠰᠣᠭᠰᠠᠨ ᠦᠦ?》 ᠭᠡᠵᠦ ᠠᠰᠠᠭᠤᠪᠠ᠃
  ᠬᠣᠢ ᠽᠢ ᠫᠦᠰ ᠭᠡᠲᠡᠯ᠎ᠡ ᠢᠨᠢᠶᠡᠭᠡᠳ᠄《ᠡᠨᠡ ᠴᠢᠨᠢ ᠬᠠᠷᠢᠨ ᠳ᠋ᠠ! ᠪᠢ ᠴᠢᠨᠢ ᠵᠢᠪ ᠵᠢᠩᠬᠢᠨᠢ ᠶᠡᠬᠡ
ᠰᠣᠷᠭ᠋ᠠᠭᠣᠯᠢ ᠵᠢᠨ ᠬᠢᠲᠠᠳ ᠬᠡᠯᠡᠨ᠎ᠤ   ᠰᠠᠯᠪᠤᠷᠢ᠎ᠠᠴᠠ ᠲᠡᠭᠦᠰᠦᠭᠰᠡᠨ ᠰᠢᠦ》 ᠭᠡᠯ᠎ᠡ᠃ᠡᠨᠡ ᠦᠭᠡ ᠪᠠᠢ᠌ᠨ ᠬᠡᠯᠡᠵᠦ ᠪᠠᠷᠠᠭ᠋ᠠᠳ᠂ ᠬᠣᠢ ᠽᠢ ᠵᠢᠨ ᠯᠢᠩ ᠶᠠᠭᠣᠨ᠎ᠳᠤ ᠡᠭᠦᠨ ᠎ᠢ ᠠᠰᠠᠭᠣᠵᠣ ᠪᠠᠢ᠌ᠭ᠎ᠠ᠂ ᠪᠠᠰᠠ ᠲᠡᠷᠡ ᠶᠠᠭᠣᠨ᠎ᠳᠤ ᠰᠡᠳᠭᠢᠯ ᠳᠣᠳᠣᠷ᠎ᠠ᠎ᠪᠠᠨ ᠪᠠᠶᠠᠷᠯᠠᠬᠤ ᠦᠬᠡᠢ ᠪᠠᠢ᠌ᠭ᠎ᠠ ᠵᠢ᠎ᠨᠢ ᠭᠡᠢ᠌ᠲᠡᠯ᠎ᠡ ᠮᠡᠳᠡᠴᠢᠬᠡᠪᠡ᠄ ᠣᠣᠯ᠎ᠨᠢ ᠲᠡᠷᠡ ᠡᠵᠢ᠎ᠨᠢ ᠭᠡᠷ᠎ᠲᠤ ᠬᠠᠷᠢᠭᠰᠠᠨ᠎ᠤ ᠳᠠᠷᠠᠭ᠎ᠠ ᠲᠡᠭᠦᠨ᠎ᠢ ᠰᠢᠬᠠᠮᠳᠠᠭᠣᠯᠵᠣ ᠡᠯᠸᠺᠲᠷᠣᠨ ᠬᠦᠭᠵᠢᠮ ᠰᠣᠷᠭ᠋ᠠᠬᠤ ᠡᠭᠴᠡ ᠠᠶᠣᠭᠰᠠᠨ ᠪᠠᠢ᠌ᠵᠠᠢ!ᠵᠢᠨ ᠯᠢᠩ ᠪᠠᠭ᠎ᠠ᠎ᠳᠤ᠎ᠪᠠᠨ ᠳᠡᠭᠦᠯᠳᠡᠷ ᠭᠦᠭᠵᠢᠮ ᠰᠣᠷᠣᠭ᠋ᠠᠳ ᠨᠢᠭᠡᠮᠦᠰᠦᠨ ᠠᠶᠣᠴᠢᠬᠠᠭᠰᠠᠨ ᠠᠵᠢ᠃ ᠵᠢᠨ ᠯᠢᠩ᠎ᠤᠨ ᠳᠡᠭᠦᠯᠳᠡᠷ ᠬᠦᠭᠵᠢᠮ᠎ᠢ ᠬᠣᠢ ᠽᠢ ᠲᠡᠭᠦᠨ᠎ᠤ ᠵᠢᠯ᠎ᠤᠨ ᠣᠢ ᠵᠢᠨ ᠲᠦᠷᠦᠭᠰᠡᠨ ᠡᠳᠦᠷ ᠲᠣᠬᠢᠶᠠᠬᠤ ᠦᠶᠡᠰ ᠬᠣᠳᠠᠯᠳᠣᠨ ᠠᠪᠣᠭᠰᠠᠨ ᠶᠤᠮ᠃ ᠲᠡᠷᠡ   ᠦᠶ᠎ᠡ᠎ᠳᠤ ᠵᠠᠬ᠎ᠠ ᠳᠡᠯᠭᠡᠬᠦᠷ ᠳᠡᠭᠡᠷ᠎ᠡ ᠪᠣᠳᠠᠰ᠎ᠤᠨ ᠦᠨ᠎ᠡ ᠮᠠᠰᠢ ᠬᠢᠮᠳᠠ᠂ ᠨᠢᠭᠡᠨ ᠬᠠᠮᠣᠭ᠎ᠤᠨ ᠰᠠᠢ᠌ᠨ《ᠵᠦᠵᠢᠶᠠᠩ》 ᠳᠡᠮᠳᠡᠭᠲᠦ ᠳᠡᠭᠦᠯᠳᠡᠷ ᠭᠦᠭᠵᠢᠮ ᠰᠠᠶᠢ ᠮᠢᠩᠭ᠎ᠠ ᠭᠠᠷᠤᠢ ᠵᠣᠭᠣᠰ  ᠃ ᠬᠣᠢ ᠽᠢ ᠪᠣᠯᠣᠨ ᠵᠢᠨ ᠢ ᠮᠢᠩ ᠬᠣᠷᠢᠮᠯᠠᠬᠤ ᠦᠶᠡᠰ ᠳᠡᠳᠦᠢ ᠶᠡᠬᠡ ᠵᠠᠷᠣᠯᠭ᠎ᠠ ᠪᠠᠢ᠌ᠭᠰᠠᠨ ᠦᠬᠡᠢ᠂ ᠲᠡᠷᠡ ᠬᠦ᠌ ᠵᠣᠭᠣᠰ ᠵᠶ᠋ᠠᠨ ᠬᠠᠳᠠᠭ᠋ᠠᠯᠠᠭ᠋ᠠᠳ ᠵᠢᠨ ᠯᠢᠩ᠎ᠤᠨ ᠵᠢᠯ᠎ᠤᠨ ᠣᠢ ᠲᠣᠬᠢᠶᠠᠭᠰᠠᠨ   ᠡᠳᠦᠷ 《ᠬᠦᠬᠡᠮᠦᠢ᠍ᠷᠡᠨ》 ᠪᠦᠷᠢᠨ ᠪᠠᠷᠠᠭ᠋ᠠᠲᠣ ᠳᠡᠯᠭᠡᠭᠦᠷ᠎ᠲᠤ ᠵᠣᠭᠣᠰ ᠵᠶ᠋ᠠᠨ ᠵᠠᠷᠣᠴᠠᠭᠣᠯᠣᠭ᠋ᠠᠳ  ᠂ ᠡᠨᠡ ᠬᠦ᠌ ᠭᠦᠯᠢᠭᠡᠨᠡᠵᠦ ᠬᠢᠯᠲᠠᠭ᠋ᠠᠨᠠᠭᠰᠠᠨ ᠮᠣᠨᠳᠠᠭ ᠡᠳ᠋᠎ᠢ ᠭᠡᠷ᠎ᠲᠤ᠎ᠪᠠᠨ ᠴᠢᠷᠤᠵᠦ ᠠᠪᠴᠢᠷᠠᠭᠰᠠᠨ ᠶᠤᠮ᠃ᠳᠡᠭᠦᠯᠳᠡᠷ ᠬᠦᠭᠵᠢᠮ᠎ᠢ ᠭᠡᠷ᠎ᠲᠤ᠎ᠪᠠᠨ ᠠᠪᠴᠢᠷᠠᠭᠰᠠᠨ᠎ᠤ ᠳᠠᠷᠠᠭ᠎ᠠ ᠳᠦᠷᠪᠡᠨ ᠵᠢᠯ ᠰᠣᠯᠠ ᠲᠠᠯᠪᠢᠭᠰᠠᠨ ᠶᠤᠮ᠃ ᠳᠦᠷᠪᠡᠨ ᠵᠢᠯ᠎ᠤᠨ ᠳᠣᠳᠣᠷ᠎ᠠ ᠳᠡᠭᠦᠯᠳᠡᠷ ᠬᠦᠭᠵᠢᠮ᠎ᠤᠨ ᠦᠨ᠎ᠡ᠎ᠨᠢ ᠵᠢᠯ ᠳᠠᠷᠠᠭ᠋ᠠᠯᠠᠨ   ᠦᠰᠦᠭᠰᠡᠨ᠎ᠠᠴᠠ ᠬᠣᠢ ᠽᠢ ᠦᠪᠡᠷ᠎ᠤᠨ ᠲᠣᠬᠠᠢ ᠵᠢᠨ ᠦᠶ᠎ᠡ ᠵᠢᠨ ᠬᠢᠷᠠᠬᠠᠢ ᠬᠠᠷᠠᠴᠠ ᠪᠣᠯᠣᠨ ᠰᠢᠢ᠍ᠳᠪᠦᠷᠢ ᠵᠣᠷᠢᠭ᠎ᠲᠤ᠎ᠪᠠᠨ   ᠣᠮᠣᠭᠰᠢᠨ ᠵᠣᠷᠢᠭᠵᠢᠨ᠎ᠠ  ᠃ ᠬᠡᠷᠪᠡ ᠵᠢᠨ ᠯᠢᠩ᠎ᠤᠨ ᠲᠠᠪᠤ ᠨᠠᠰᠣᠯᠠᠬᠤ ᠦᠶᠡᠰ ᠬᠣᠳᠠᠯᠳᠣᠨ ᠠᠪᠬᠤ᠎ᠳᠤ ᠬᠦᠷᠪᠡᠯ ᠰᠠᠨᠠᠭ᠎ᠠ ᠪᠠᠢ᠌ᠭ᠋ᠠᠳ ᠣᠨᠣᠭ᠎ᠠ ᠬᠦᠷᠬᠦ ᠦᠬᠡᠢ ᠪᠣᠯᠣᠨ᠎ᠠ᠃
  ᠵᠢᠨ ᠯᠢᠩ ᠲᠠᠪᠤᠨ ᠨᠠᠰᠣᠳᠠᠢ᠎ᠳᠤ᠎ᠪᠠᠨ ᠠᠩᠬ᠎ᠠ ᠳᠡᠭᠦᠯᠳᠡᠷ ᠬᠦᠭᠵᠢᠮ᠎ᠤᠨ ᠬᠢᠴᠢᠶᠡᠯ ᠣᠷᠣᠬᠣ ᠦᠶᠡᠰ ᠪᠠᠭᠰᠢ᠎ᠨᠢ ᠲᠡᠭᠦᠨ᠎ᠤ ᠪᠢᠴᠢᠬᠠᠨ ᠭᠠᠷ᠎ᠢ ᠠᠳᠬᠤᠨ ᠨᠠᠷᠢᠨ ᠨᠢᠮᠪᠠᠢ ᠠᠵᠢᠭᠯᠠᠨ ᠬᠠᠷᠠᠭ᠋ᠠᠳ  ᠂ ᠡᠨᠡ᠎ᠨᠢ ᠨᠢᠭᠡᠨ   ᠬᠣᠣᠰ ᠰᠣᠭᠳᠠ ᠰᠠᠢ᠌ᠬᠠᠨ ᠬᠦᠭᠵᠢᠮ ᠳᠠᠷᠤᠬᠤ ᠰᠠᠢ᠌ᠨ ᠭᠠᠷ ᠪᠣᠯᠬᠣ ᠵᠢ ᠮᠡᠳᠡᠷᠡᠪᠡ  ᠃ ᠡᠵᠢ᠎ᠨᠢ ᠪᠣᠯᠣᠭᠰᠠᠨ ᠬᠣᠢ ᠽᠢ ᠰᠡᠮ ᠪᠠᠶᠠᠷᠯᠠᠨ᠂ ᠪᠦᠷᠦᠭ ᠪᠠᠷᠤᠭ᠎ᠤᠨ ᠳᠣᠮᠳᠠ ᠠᠷᠪᠠᠨ ᠵᠢᠯ᠎ᠤᠨ ᠳᠠᠷᠠᠭ᠎ᠠ ᠨᠢᠭᠡᠨ ᠴᠠᠭ᠋ᠠᠨ ᠵᠠᠰᠠᠯᠲᠤ ᠵᠠᠯᠠᠭᠤ ᠦᠬᠢᠨ ᠲᠡᠭᠦᠯᠳᠡᠷ ᠬᠦᠭᠵᠢᠮ᠎ᠤᠨ ᠠᠷᠤ᠎ᠳᠤ ᠲᠣᠬᠢᠳᠠᠢ ᠰᠠᠭᠣᠭ᠋ᠠᠳ  ᠂ ᠰᠠᠪᠬᠠᠨ ᠴᠠᠭ᠋ᠠᠨ ᠠᠷᠪᠠᠨ ᠬᠣᠷᠣᠭᠣ᠎ᠨᠢ ᠡᠷᠪᠡᠬᠡᠢ   ᠮᠡᠲᠦ ᠪᠦᠵᠢᠨ ᠨᠢᠰᠴᠦ ᠭᠦᠭᠵᠢᠮ᠎ᠤᠨ ᠠᠶᠠᠯᠭᠤ᠎ᠨᠢ ᠪᠤᠯᠠᠭ᠎ᠤᠨ ᠤᠰᠤ ᠁ ᠳᠠᠯᠠᠢ ᠵᠢᠨ ᠳᠠᠪᠠᠯᠭ᠋ᠠᠨ ᠮᠡᠲᠦ ᠰᠠᠨᠠᠭᠳᠠᠨ᠎ᠠ᠃ ᠡᠢ᠌ᠮᠦᠷᠬᠦᠦ ᠲᠠᠭ᠋ᠠᠮᠠᠭᠯᠠᠨ ᠪᠣᠳᠣᠯᠲᠠ᠎ᠨᠢ ᠦᠨᠡᠬᠡᠷ ᠬᠦᠮᠦᠨ᠎ᠢ ᠣᠮᠣᠭᠰᠢᠭᠣᠯᠣᠨ ᠵᠣᠷᠢᠭᠵᠢᠭᠣᠯᠣᠨ᠎ᠠ᠃ ᠬᠣᠢ ᠽᠢ ᠦᠬᠢᠨ ᠵᠶ᠋ᠡᠨ ᠰᠣᠷᠭ᠋ᠠᠵᠤ ᠬᠡᠯᠡᠭᠰᠡᠨ᠎ᠨᠢ᠄《ᠳᠡᠭᠦᠯᠳᠡᠷ ᠬᠦᠭᠵᠢᠮ᠎ᠢ ᠰᠠᠢ᠌ᠲᠤᠷ ᠰᠣᠷᠬᠣ ᠪᠣᠯ   ᠡᠵᠢ ᠵᠢᠨ ᠴᠢᠨᠢ ᠴᠢᠮ᠎ᠠ᠎ᠳᠤ ᠲᠠᠯᠪᠢᠭᠰᠠᠨ ᠬᠠᠮᠣᠭ᠎ᠤᠨ ᠶᠡᠬᠡ ᠬᠦᠰᠡᠯ ᠨᠠᠢ᠌ᠳᠠᠯᠭ᠎ᠠ》 ᠭᠡᠪᠡ᠃
  ᠡᠬᠢᠯᠡᠵᠦ ᠰᠣᠷᠣᠭᠰᠠᠨ ᠬᠠᠭ᠋ᠠᠰ ᠵᠢᠯ᠎ᠳᠤ᠎ᠪᠠᠨ ᠠᠯᠢᠪᠠ ᠪᠦᠬᠦᠨ ᠢᠯᠭᠤᠮ ᠣᠷᠣᠭᠰᠢᠳᠠᠢ  ᠂ ᠵᠢᠨ ᠯᠢᠩ ᠪᠣᠯ ᠴᠣᠪᠤᠭᠤ ᠳᠡᠭᠵᠢᠨ ᠬᠡᠦᠭᠡᠳ ᠲᠤᠯᠠ ᠪᠦᠬᠦᠯᠢ ᠴᠠᠭ ᠵᠶ᠋ᠠᠷ ᠭᠦᠭᠵᠢᠮ᠎ᠤᠨ ᠰᠠᠨᠳᠠᠯᠢ ᠳᠡᠭᠡᠷ᠎ᠡ ᠣᠭᠲᠣ ᠬᠦᠳᠡᠯᠬᠦ ᠰᠠᠭᠤᠬᠤ᠎ᠨᠢ ᠲᠡᠭᠦᠨ ᠎ᠤ ᠠᠷᠭ᠎ᠠ ᠠᠭ᠋ᠠᠰᠢ ᠵᠢ ᠪᠠᠷᠠᠭᠳᠠᠭᠣᠯᠣᠭᠰᠠᠨ ᠪᠠᠢ᠌ᠯ᠎ᠠ᠃ ᠵᠠᠢ᠌ᠯᠠᠨ ᠲᠣᠲᠠᠭ᠋ᠠᠬᠤ ᠰᠠᠨᠠᠭ᠎ᠠ ᠴᠠᠭ ᠢᠮᠠᠭᠲᠠ ᠣᠷᠭᠣᠵᠣ ᠪᠠᠢ᠌ᠭᠰᠠᠨ ᠴᠦ᠍ ᠬᠣᠢ ᠽᠢ ᠵᠢᠨ ᠥᠭᠭᠦᠭᠰᠡᠨ ᠲᠠᠷᠣᠯᠲᠠ᠎ᠠᠴᠠ ᠪᠣᠯᠵᠤ ᠵᠢᠨ ᠯᠢᠩ ᠶᠡᠬᠡ᠎ᠪᠠᠷ ᠡᠰᠡᠷᠭᠦᠴᠡᠯ ᠲᠠᠯᠪᠢᠵᠤ ᠴᠢᠳᠠᠭ᠎ᠠ ᠦᠬᠡᠢ᠃ ᠵᠠᠷᠢᠮ ᠦᠶ᠎ᠡ᠎ᠳᠤ ᠲᠡᠷᠡ ᠰᠣᠷᠴᠣ ᠴᠢᠳᠠᠬᠤ ᠦᠬᠡᠢ ᠪᠣᠯ ᠬᠣᠢ ᠽᠢ ᠠᠭᠣᠷᠯᠠᠨ ᠲᠡᠭᠦᠨ᠎ᠢ ᠬᠠᠷᠢᠶᠠᠵᠤ ᠵᠣᠳᠣᠬᠣ᠎ᠳᠤ ᠎ᠪᠠᠨ   ᠬᠡᠳᠦᠢ᠌ᠪᠡᠷ ᠳᠣᠳᠣᠷ᠎ᠠ᠎ᠪᠠᠨ ᠲᠦᠪᠳᠡᠬᠦ ᠦᠬᠡᠢ ᠪᠠᠢ᠌ᠭᠰᠠᠨ ᠴᠦ᠍᠂ ᠬᠦᠭᠵᠢᠮ ᠰᠣᠷᠬᠣ ᠬᠡᠦᠭᠡᠳ ᠪᠦᠷ ᠡᠢ᠌ᠮᠦᠷᠬᠦᠦ ᠳᠠᠪᠳᠠᠯᠳᠠ ᠵᠢ ᠦᠩᠭᠡᠷᠡᠭᠡᠬᠦ ᠴᠢᠬᠣᠯᠠᠲᠠᠢ ᠵᠢ ᠪᠣᠳᠣᠭ᠋ᠠᠳ ᠲᠠᠢ᠌ᠪᠣᠰᠢᠷᠠᠴᠢᠬᠠᠳᠠᠭ ᠪᠢᠯᠡ᠃
  ᠬᠠᠭ᠋ᠠᠰ ᠵᠢᠯ᠎ᠤᠨ ᠳᠠᠷᠠᠭ᠎ᠠ ᠳᠡᠭᠦᠯᠳᠡᠷ ᠬᠦᠭᠵᠢᠮ᠎ᠤᠨ ᠬᠢᠴᠢᠶᠡᠯ᠎ᠤᠨ ᠠᠭᠣᠯᠭ᠎ᠠ᠎ᠨᠢ ᠭᠦᠨᠵᠡᠭᠡᠢ᠌ᠷᠡᠵᠦ᠂ ᠬᠠᠭᠣᠳᠠᠰᠤ ᠳᠦᠭᠦᠷᠡᠩ ᠰᠢᠨᠠᠭ᠋ᠠᠨ ᠬᠣᠷᠣᠬᠠᠢ ᠰᠢᠭ᠋ ᠨᠣᠲ ᠠᠷᠬᠠᠢ᠌ᠯᠠᠴᠠᠨ᠂ ᠵᠢᠨ ᠯᠢᠩ ᠨᠠᠰᠤ ᠬᠠᠷᠠᠬᠠᠨ ᠪᠠᠭ᠎ᠠ ᠤᠴᠢᠷ᠎ᠠᠴᠠ ᠣᠩᠰᠢᠨ ᠲᠠᠨᠢᠬᠤ ᠴᠢᠳᠠᠪᠤᠷᠢ᠎ᠪᠠᠷ ᠠᠨᠠᠢ᠂ ᠵᠠᠪᠠᠯ ᠬᠣᠢ ᠽᠢ ᠬᠠᠵᠠᠭᠤ᠎ᠳᠤ ᠰᠠᠭᠣᠵᠤ ᠬᠠᠪᠰᠣᠷᠬᠣ ᠴᠢᠬᠣᠯᠠᠲᠠᠢ ᠪᠠᠢ᠌ᠵᠠᠢ  ᠃ ᠬᠣᠢ ᠽᠢ ᠶᠡᠷᠦ ᠨᠣᠲ ᠰᠣᠷᠣᠭ᠎ᠠ ᠦᠬᠡᠢ ᠲᠤᠯᠠ ᠣᠳᠣ ᠪᠠᠭᠰᠢ᠎ᠠᠴᠠ᠎ᠪᠠᠨ ᠪᠠᠷᠢᠨ ᠰᠣᠷᠴᠣ ᠪᠠᠷᠢᠨ ᠵᠢᠭ᠋ᠠᠬᠣ ᠪᠣᠯᠵᠤ᠂ ᠶᠣᠰᠣᠳᠠᠢ ᠨᠠᠶᠠ ᠬᠦᠷᠦᠭᠡᠳ ᠦᠯᠢᠶᠡᠵᠦ ᠳᠡᠯᠡᠳᠬᠦ ᠵᠢ ᠰᠣᠷᠣᠭᠰᠠᠨ ᠰᠢᠣᠬᠠᠨ ᠪᠣᠯᠵᠠᠢ᠃ ᠲᠣᠮᠣ ᠬᠦᠮᠦᠨ ᠶᠠᠭᠤᠮ᠎ᠠ ᠰᠣᠷᠬᠣ᠎ᠨᠢ ᠬᠡᠦᠭᠡᠳ᠎ᠠᠴᠠ ᠪᠠᠰᠠ ᠬᠦᠴᠢᠷ  ᠂ ᠬᠣᠢ ᠽᠢ ᠡᠳᠦᠷ ᠪᠦᠷᠢ ᠬᠦᠵᠦᠭᠦᠦ᠎ᠪᠠᠨ ᠰᠣᠨᠣᠭ᠋ᠠᠨ ᠨᠣᠲ᠎ᠢ ᠲᠣᠭ᠋ᠠᠯᠠᠨ ᠲᠠᠭ᠋ᠠᠮᠠᠭᠯᠠᠬᠤ᠎ᠳᠤ᠎ᠪᠠᠨ ᠡᠷᠬᠡ ᠦᠬᠡᠢ   ᠪᠣᠬᠢᠨᠢᠳᠤᠨ᠎ᠠ᠃ ᠪᠣᠬᠢᠨᠢᠳᠤᠬᠤ᠎ᠲᠠᠢ ᠵᠡᠷᠭᠡ ᠵᠢᠨ ᠯᠢᠩ ᠥᠭᠡᠳᠡ ᠨᠢᠳᠦ ᠡᠷᠡᠢ᠌ᠯᠭᠡᠨ ᠲᠡᠭᠦᠨ᠎ᠢ ᠪᠢᠳᠠᠭᠤ ᠭᠡᠮᠡᠨ ᠭᠣᠮᠣᠷᠬᠠᠵᠤ᠂ ᠬᠦᠴᠦ ᠲᠠᠯᠪᠢᠬᠤ ᠦᠬᠡᠢ ᠭᠡᠮᠡᠨ ᠵᠢᠮᠡᠯᠡᠵᠦ ᠦᠪᠡᠷ ᠵᠶ᠋ᠡᠨ ᠨᠣᠲ ᠲᠠᠨᠢᠬᠤ   ᠦᠬᠡᠢ ᠳᠡᠭᠡᠷ᠎ᠡ᠎ᠪᠠᠨ   ᠡᠵᠢ᠎ᠪᠠᠨ ᠴᠢᠷᠦᠭᠳᠡᠭᠦᠯᠵᠦ   ᠨᠣᠲ ᠲᠠᠨᠢᠬᠤ ᠭᠡᠵᠦ ᠲᠦᠪᠡᠭᠳᠡᠭᠦᠯᠦᠨ᠎ᠡ ᠭᠡᠵᠦ ᠬᠡᠯᠡᠨ᠎ᠡ᠃ ᠵᠢᠨ ᠯᠢᠩ ᠡᠵᠢ᠎ᠳᠤ᠎ᠪᠠᠨ ᠬᠠᠷᠢᠶᠠᠭᠳᠠᠭ᠋ᠠᠳ ᠶᠠᠷᠢᠶᠠᠨ ᠦᠬᠡᠢ ᠭᠡᠮᠦᠷ ᠭᠣᠮᠣᠷ ᠪᠣᠯᠵᠤ  ᠂ᠭᠦᠭᠵᠢᠮ᠎ᠤᠨ ᠰᠠᠨᠳᠠᠯᠢ ᠳᠡᠭᠡᠷ᠎ᠡ ᠰᠠᠭᠣᠭ᠋ᠠᠳ ᠤᠯᠠᠮ ᠶᠡᠬᠡ   ᠪᠠᠴᠢᠮᠳᠠᠨ ᠰᠠᠨᠳᠣᠷᠣᠭᠰᠠᠭ᠋ᠠᠷ ᠭᠦᠭᠵᠢᠮ ᠵᠶ᠋ᠡᠨ ᠠᠬᠢᠨ ᠳᠠᠬᠢᠨ ᠪᠣᠷᠣᠭᠣ ᠳᠠᠷᠤᠵᠤ᠂ ᠪᠣᠷᠣᠭᠣᠳᠠᠬᠤ ᠳᠣᠲᠣᠮ ᠬᠠᠷᠢᠶᠠᠭᠳᠠᠨ  ᠂ ᠡᠢ᠌ᠨ ᠬᠦ᠌ ᠬᠣᠷᠯᠤ᠎ᠨᠢ ᠪᠣᠷᠣᠭᠣ᠎ᠪᠠᠷ ᠡᠷᠭᠢᠭᠡᠳ᠂ ᠡᠵᠢ ᠦᠬᠢᠨ ᠬᠣᠶᠠᠭᠣᠯᠠ᠎ᠪᠠᠨ ᠪᠣᠷᠣᠭᠣ ᠵᠦᠭ᠎ᠲᠤ᠎ᠪᠠᠨ ᠬᠠᠨᠳᠣᠵᠠᠢ᠃

ᠢᠷᠡᠯᠲᠡ᠄ 《ᠬᠡᠤᠬᠡᠳ ᠬᠦᠮᠤᠵᠢᠬᠦᠯᠦᠭᠰᠡᠨ ᠦᠯᠢᠬᠡᠷ》 ᠨᠤᠮ
          
ᠬᠠᠮᠢᠶ᠎ᠡ ᠪᠦᠬᠦᠢ ᠰᠣᠨᠢᠨ
ᠮᠢᠨᠤ ᠰᠤᠷᠤᠯᠭ᠎ᠠ ᠵᠢᠨ ᠵᠠᠮ
ᠵᠸᠡᠭ ᠾᠸ ᠪᠠ ᠲᠠᠯᠠᠢ ᠵᠢᠨ ᠲᠣᠷᠭ᠋ᠠᠨ᠎ᠤ ᠵᠠᠮ (ᠨᠢᠬᠡ)
ᠵᠸᠡᠭ ᠾᠸ ᠪᠠ ᠲᠠᠯᠠᠢ ᠵᠢᠨ ᠲᠣᠷᠭ᠋ᠠᠨ᠎ᠤ ᠵᠠᠮ (ᠬᠤᠶᠠᠷ)
ᠵᠸᠡᠭ ᠾᠸ ᠪᠠ ᠲᠠᠯᠠᠢ ᠵᠢᠨ ᠲᠤᠷᠭ᠋ᠠᠨ᠎ᠤ ᠵᠠᠮ (ᠭᠤᠷᠪᠠ)
《ᠨᠡᠢ᠌ᠭᠡᠮ》 ᠰᠡᠳᠭᠦᠯ᠎ᠤᠨ ᠰᠤᠷᠲᠠᠯ
 
            