ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠮᠢᠨᠤ ᠰᠤᠷᠤᠯᠭ᠎ᠠ ᠵᠢᠨ ᠵᠠᠮ
ᠨᠡᠶᠢᠲᠡᠯᠡᠭᠰᠡᠨ ᠴᠠᠭ᠄ 2021-07-29

 

      ᠪᠠᠰᠠ ᠯᠡ ᠠᠵᠢᠯ᠎ᠤᠨ ᠬᠡᠮᠵᠢᠶ᠎ᠡ ᠵᠢᠨ ᠠᠰᠠᠭᠣᠳᠠᠯ  ᠂ ᠪᠠᠰᠠ ᠯᠡ ᠬᠠᠷᠢᠴᠠᠯ᠎ᠤᠨ ᠠᠰᠠᠭᠣᠳᠠᠯ᠂ ᠰᠡᠳᠦᠪ ᠭᠠᠷᠭ᠋ᠠᠭᠰᠠᠨ ᠪᠠᠭᠰᠢ ᠶᠡᠭ᠋ᠠᠬᠢᠭ᠋ᠠᠳ ᠡᠢ᠌ᠮᠦ ᠬᠣᠣᠷᠳᠠᠢ ᠪᠣᠢ!
      ᠵᠢᠨ ᠯᠢᠩ ᠲᠣᠰᠣᠨ ᠪᠢᠷ ᠵᠶ᠋ᠡᠷ ᠵᠶ᠋ᠡᠨ ᠬᠢᠴᠢᠶᠡᠯ᠎ᠤᠨ ᠰᠢᠷᠡᠭᠡᠨ ᠳᠡᠭᠡᠷ ᠭᠤᠷᠪᠠᠨ ᠲᠣᠮᠣ ᠦᠰᠦᠭ ᠪᠢᠴᠢᠯ᠎ᠡ᠄ ᠶᠣᠰᠣ ᠶᠠᠷᠢᠬᠤ ᠦᠬᠡᠢ᠃
      ᠵᠢᠨ ᠯᠢᠩ ᠰᠠᠶᠢᠬᠠᠨ ᠪᠢᠴᠢᠵᠦ ᠪᠠᠷᠠᠲᠠᠯ᠎ᠠ ᠬᠣᠢ᠌ᠨ᠎ᠠ᠎ᠠᠴᠠ᠎ᠨᠢ ᠬᠥᠯ᠎ᠤᠨ ᠴᠢᠮᠡᠭᠡ ᠳᠣᠭᠣᠯᠲᠠᠬᠣ᠎ᠪᠠᠷ ᠬᠣᠢ᠌ᠰᠢ᠎ᠪᠠᠨ ᠰᠢᠷᠪᠢᠨ ᠬᠠᠷᠠᠭᠰᠠᠨ ᠴᠢᠨᠢ ᠰᠢᠯᠭ᠋ᠠᠯᠲᠠ ᠪᠠᠢ᠌ᠴᠠᠭ᠋ᠠᠭᠴᠢ ᠪᠠᠭᠰᠢ ᠶᠠᠩ   ᠡᠷᠬᠢᠯᠡᠭᠴᠢ ᠠᠵᠢ!   ᠵᠢᠨ ᠯᠢᠩ ᠠᠶᠤᠬᠤ᠎ᠳᠤ᠎ᠪᠠᠨ   ᠰᠢᠯᠭ᠋ᠠᠯᠲᠠ ᠵᠢᠨ ᠬᠠᠭᠤᠳᠠᠰᠤ᠎ᠪᠠᠨ ᠳᠡᠭᠡᠭᠰᠢ᠎ᠪᠠᠨ ᠪᠦᠲᠡᠭᠡᠨ᠂ ᠲᠡᠷᠡ   ᠬᠦᠮᠦᠨ᠎ᠳᠤ   ᠦᠵᠡᠭᠦᠯᠦᠰᠢ   ᠦᠬᠡᠢ ᠭᠤᠷᠪᠠᠨ ᠦᠰᠦᠭ ᠵᠶ᠋ᠡᠨ   ᠬᠠᠯᠬᠠᠯᠠᠪᠠ᠃
      ᠶᠠᠩ   ᠡᠷᠬᠢᠯᠡᠭᠴᠢ ᠪᠠᠷᠤᠭ ᠶᠠᠭᠤ ᠣᠯᠵᠣ ᠬᠠᠷᠠᠭᠰᠠᠨ ᠰᠢᠣᠬᠠᠨ ᠵᠢᠨ ᠯᠢᠩ᠎ᠤᠨ ᠠᠷᠤ᠎ᠳᠤ ᠨᠡᠯᠢᠶᠡᠳ ᠬᠡᠰᠡᠭ ᠵᠣᠭᠰᠣᠭ᠋ᠠᠳ ᠰᠠᠶᠢ ᠶᠠᠪᠤᠪᠠ  ᠃ ᠵᠢᠨ ᠯᠢᠩ ᠬᠠᠭ᠋ᠠᠰ ᠪᠡᠶ᠎ᠡ᠎ᠪᠠᠷ ᠵᠶ᠋ᠠᠨ ᠰᠢᠯᠭ᠋ᠠᠯᠲᠠ ᠵᠢᠨ ᠬᠠᠭᠣᠳᠠᠰᠤ ᠳᠡᠭᠡᠷ᠎ᠡ᠎ᠪᠠᠨ ᠡᠯᠢᠭᠡᠳᠡᠵᠦ ᠶᠠᠭ ᠬᠦᠳᠡᠯᠦᠭᠰᠡᠨ ᠦᠬᠡᠢ᠃
      ᠬᠥᠯ᠎ᠤᠨ ᠴᠢᠮᠡᠭᠡ ᠳᠦᠩᠭᠡᠵᠦ ᠬᠣᠯᠠᠲᠠᠲᠠᠯ᠎ᠠ ᠵᠢᠨ ᠯᠢᠩ ᠶᠠᠭ᠋ᠠᠷᠠᠨ ᠪᠠᠯᠠᠯᠣᠭᠤᠷ ᠵᠶ᠋ᠠᠨ ᠡᠷᠢᠵᠦ ᠰᠢᠷᠡᠭᠡᠨ ᠳᠡᠭᠡᠷᠡᠬᠢ ᠬᠡᠳᠦᠨ ᠦᠰᠦᠭ ᠵᠶ᠋ᠡᠨ ᠪᠠᠯᠠᠯᠬᠤ ᠭᠡᠪᠡ  ᠃ ᠲᠡᠷᠡ ᠤᠷᠢᠳ ᠵᠶ᠋ᠠᠷ ᠬᠠᠨᠴᠣᠢ᠎ᠪᠠᠨ ᠡᠷᠭᠦᠭᠰᠡᠨ ᠴᠢᠨᠢ ᠪᠠᠯᠠᠯᠤᠭᠤᠷ᠎ᠨᠢ ᠭᠠᠷ᠎ᠤᠨ ᠳᠣᠣᠷ᠎ᠠ᠎ᠨᠢ ᠪᠠᠢ᠌ᠬᠤ ᠦᠬᠡᠢ  ᠃ ᠰᠢᠯᠭ᠋ᠠᠯᠲᠠ ᠵᠢᠨ ᠬᠠᠭᠣᠳᠠᠰᠤ᠎ᠪᠠᠨ ᠡᠷᠭᠦᠭᠰᠡᠨ ᠴᠢᠨᠢ ᠮᠦᠨ ᠪᠠᠯᠠᠯᠤᠭᠤᠷ᠎ᠤᠨ ᠵᠶ᠋ᠠᠨ ᠮᠦᠷ ᠰᠡᠭᠦᠳᠡᠷ᠎ᠢ ᠣᠯᠣᠭ᠎ᠠ ᠦᠬᠡᠢ  ᠂ ᠬᠠᠮᠢᠭ᠎ᠠ ᠣᠷᠣᠴᠢᠬᠠᠪᠠ? ᠪᠤᠷᠬᠠᠨ᠂ ᠵᠢᠵᠢᠭ ᠶᠠᠭᠤᠮ᠎ᠠ ᠴᠢᠨᠢ ᠦᠪᠡᠷ ᠵᠶ᠋ᠡᠨ ᠪᠣᠰᠣᠳ᠎ᠤᠨ ᠰᠢᠷᠡᠭᠡᠨ ᠳᠤᠤᠷ᠎ᠠ ᠦᠩᠬᠦᠷᠢᠨ ᠣᠷᠣᠭᠰᠠᠨ ᠠᠵᠢ᠃
      ᠵᠢᠨ ᠯᠢᠩ ᠪᠦᠬᠦ ᠪᠡᠶ᠎ᠡ᠎ᠪᠠᠷ ᠵᠶ᠋ᠠᠨ ᠰᠢᠷᠡᠭᠡᠨ ᠳᠤᠤᠷ᠎ᠠ ᠮᠦᠯᠬᠦᠨ ᠣᠷᠣᠵᠣ  ᠂ ᠭᠠᠷ ᠵᠶ᠋ᠠᠨ ᠤᠷᠲᠤ   ᠭᠡᠭᠴᠢ ᠰᠣᠨᠣᠭ᠋ᠠᠨ ᠪᠠᠯᠠᠯᠤᠭᠤᠷ ᠵᠶ᠋ᠠᠨ ᠠᠪᠬᠤ ᠭᠡᠪᠡ᠃
ᠬᠣᠢ᠌ᠲᠤ ᠲᠠᠯ᠎ᠠ ᠵᠢᠨ ᠴᠣᠩᠬᠣᠨ ᠭᠠᠳᠠᠨ᠎ᠠ᠎ᠠᠴᠠ ᠭᠡᠨᠡᠳᠲᠡ ᠨᠢᠭᠡᠨ ᠵᠢᠪᠠᠷ ᠦᠯᠢᠶᠡᠨ ᠢᠷᠡᠵᠦ ᠵᠢᠨ ᠯᠢᠩ᠎ᠤᠨ ᠰᠢᠷᠡᠭᠡᠨ ᠳᠡᠭᠡᠷ᠎ᠡ   ᠳᠡᠯᠭᠡᠭᠡᠰᠦᠳᠡᠢ ᠰᠢᠯᠭ᠋ᠠᠯᠲᠠ ᠵᠢᠨ ᠬᠠᠭᠤᠳᠠᠰᠤ ᠵᠢ ᠦᠯᠢᠶᠡᠨ ᠲᠡᠭᠳᠡᠭᠡᠪᠡ ᠶᠠᠭ ᠠᠷᠠᠪ᠎ᠤᠨ ᠶᠸᠯᠸᠢᠲᠦ ᠬᠡᠪᠢᠰ ᠰᠢᠭ ᠵᠶ᠋ᠡᠷ ᠬᠦᠩᠭᠡᠬᠡᠨ ᠳᠡᠭᠳᠡᠯᠬᠢᠯᠡᠨ ᠠᠭ᠋ᠠᠵᠢᠮ ᠵᠶ᠋ᠠᠷ ᠰᠠᠵᠢᠯᠬᠢᠯᠠᠨ  ᠂ ᠠᠩᠭᠢ ᠵᠢᠨ ᠭᠡᠷ᠎ᠤᠨ ᠳᠡᠭᠡᠭᠦᠷ ᠪᠦᠵᠢᠨ ᠡᠷᠭᠢᠯᠳᠦᠨ᠎ᠡ  ᠃
      ᠨᠢᠳᠦ ᠭᠢᠷᠠᠬᠠᠢ ᠢᠦᠢ ᠲᠠᠷᠭᠤᠨ ᠤᠷᠢᠳ ᠵᠶ᠋ᠠᠷ᠄《ᠠᠢ ᠶᠠ  !ᠬᠡᠨ᠎ᠤ ᠰᠢᠯᠭ᠋ᠠᠯᠲᠠ ᠵᠢᠨ ᠬᠠᠭᠤᠳᠠᠰᠤ ᠪᠣᠢ  ? ᠭᠡᠵᠦ ᠬᠠᠰᠬᠢᠷᠪᠠ᠃
      ᠵᠢᠨ ᠯᠢᠩ ᠰᠢᠷᠡᠭᠡᠨ ᠳᠣᠣᠷ᠎ᠠ᠎ᠠᠴᠠ ᠮᠦᠯᠬᠦᠨ ᠭᠠᠷᠴᠣ ᠢᠷᠡᠭᠡᠳ ᠶᠡᠬᠡ ᠳᠠᠭᠤᠨ ᠵᠶ᠋ᠠᠷ᠄《  ᠠᠢ ᠶᠠ  ! ᠮᠢᠨᠦ ᠰᠢᠯᠭ᠋ᠠᠯᠲᠠ ᠵᠢᠨ ᠬᠠᠭᠤᠳᠠᠰᠤ》ᠭᠡᠵᠦ ᠪᠠᠷᠬᠢᠷᠠᠪᠠ᠃
      ᠯᠢ ᠯᠢᠨ ᠶᠠᠭ ᠬᠡᠷᠡᠭᠯᠡᠭᠡᠨ᠎ᠤ ᠰᠡᠳᠦᠪ ᠵᠶ᠋ᠡᠨ ᠬᠢᠵᠦ ᠴᠢᠳᠠᠬᠤ ᠦᠬᠡᠢ ᠰᠠᠭᠣᠳᠠᠯ᠎ᠳᠤ᠎ᠪᠠᠨ ᠰᠠᠭᠣᠭ᠋ᠠᠳ ᠲᠣᠯᠣᠭ᠋ᠠᠢ᠎ᠪᠠᠨ ᠮᠠᠭ᠋ᠠᠵᠢᠵᠤ ᠪᠠᠢ᠌ᠵᠠᠢ  ᠃ ᠡᠢ᠌ᠮᠦᠷᠬᠦᠦ ᠵᠦᠴᠦᠭᠡᠯᠢᠭ ᠴᠢᠨᠠᠷ᠎ᠲᠠᠢ ᠠᠬᠤᠢ ᠲᠠᠯᠠᠪᠠᠢ ᠵᠢ ᠲᠡᠷᠡ ᠬᠡᠷᠬᠢᠨ ᠵᠦᠭᠡᠷ ᠦᠩᠭᠡᠷᠡᠭᠡᠬᠦ ᠠᠵᠢ  !ᠲᠡᠷᠡ ᠦᠰᠦᠷᠬᠢᠯᠡᠨ ᠰᠢᠯᠭ᠋ᠠᠯᠲᠠ ᠵᠢᠨ ᠬᠠᠭᠣᠳᠠᠰᠤ ᠵᠢ ᠰᠢᠭᠦᠷᠡᠬᠦ ᠭᠡᠰᠡᠨ ᠴᠤ᠌ ᠳᠡᠩᠳᠡᠭᠦᠦ ᠶᠡᠬᠡ ᠢᠳᠡᠯᠡᠭᠰᠡᠨ᠎ᠳᠤ᠎ᠪᠠᠨ ᠪᠦᠭᠰᠡ᠎ᠨᠢ   ᠰᠢᠷᠡᠭᠡ ᠵᠢ᠎ᠨᠢ ᠲᠦᠯᠬᠢᠨ ᠣᠨᠠᠭ᠋ᠠᠵᠤ᠂ ᠦᠪᠡᠷ᠎ᠤᠨ᠎ᠬᠢ᠎ᠨᠢ ᠰᠢᠯᠭ᠋ᠠᠯᠲᠠ ᠵᠢᠨ ᠬᠠᠭᠣᠳᠠᠰᠣ᠎ᠨᠢ ᠪᠠᠰᠠ ᠬᠥᠪ ᠬᠦᠩᠭᠡᠬᠡᠨ ᠵᠶ᠋ᠡᠷ ᠳᠡᠭᠳᠡᠨ ᠶᠠᠪᠤᠵᠤ  ᠂ ᠱᠠᠯᠠᠨ ᠳᠡᠭᠡᠭᠦᠷ ᠨᠡᠯᠢᠶᠡᠳ ᠬᠤᠯᠠ ᠭᠣᠯᠭᠣᠨ ᠶᠠᠪᠣᠯ᠎ᠠ  ᠃ ᠭᠡᠲᠡᠯ᠎ᠡ ᠯᠢ ᠯᠢᠨ ᠦᠪᠡᠷ᠎ᠤᠨ᠎ᠬᠢ᠎ᠪᠠᠨ ᠦᠷᠡᠭᠳᠡᠭᠦᠯᠵᠦ ᠪᠣᠰᠣᠳ ᠎ᠢ ᠠᠪᠤᠷᠠᠬᠤ  ᠎ᠪᠠᠷ ᠦᠪᠡᠷ᠎ᠤᠨ ᠰᠢᠯᠭ᠋ᠠᠯᠲᠠ ᠵᠢᠨ ᠬᠠᠭᠣᠳᠠᠰᠤ᠎ᠪᠠᠨ ᠦᠯᠦ ᠬᠠᠢ᠌ᠬᠤᠷᠤᠨ᠂   ᠵᠢᠨ ᠯᠢᠩ᠎ᠤᠨ ᠰᠢᠯᠭ᠋ᠠᠯᠲᠠ ᠵᠢᠨ ᠬᠠᠭᠤᠳᠠᠰᠤ ᠵᠢ ᠴᠦᠬᠦᠷᠡᠰᠢ ᠦᠬᠡᠢ ᠲᠠᠭᠤᠨ ᠨᠡᠬᠡᠨ᠎ᠡ᠃
      ᠵᠢᠨ ᠯᠢᠩ᠂ ᠯᠢ ᠯᠢᠨ ᠵᠠᠪᠰᠢᠶᠠᠨ᠎ᠢ ᠳᠠᠯᠢᠮᠳᠠᠭᠤᠯᠵᠤ ᠲᠡᠭᠦᠨ᠎ᠤ   ᠬᠠᠷᠢᠭᠤᠯᠲᠠ ᠵᠢ᠎ᠨᠢ ᠬᠤᠯᠠᠭᠤᠨ ᠦᠵᠡᠬᠦ ᠭᠡᠵᠦ ᠪᠠᠢ᠌ᠨ᠎ᠠ ᠭᠡᠵᠦ ᠪᠤᠳᠤᠭ᠋ᠠᠳ᠂ ᠰᠠᠨᠳᠤᠷᠬᠤ᠎ᠳᠤ᠎ᠪᠠᠨ ᠣᠷᠣᠨ᠎ᠠᠴᠠ᠎ᠪᠠᠨ ᠪᠣᠰᠣᠭ᠋ᠠᠳ ᠰᠠᠭᠣᠳᠠᠯ᠎ᠠᠴᠠ᠎ᠪᠠᠨ ᠰᠠᠯᠵᠤ ᠵᠠᠪᠳᠤᠨ ᠱᠣᠩᠬᠤᠯᠠᠨ ᠣᠷᠣᠯ᠎ᠠ᠃ ᠭᠡᠲᠡᠯ᠎ᠡ ᠰᠠᠨᠠᠮᠰᠠᠷ ᠦᠬᠡᠢ ᠡᠮᠦᠨ᠎ᠡ ᠲᠠᠯ᠎ᠠ ᠵᠢᠨ ᠴᠣᠩᠬᠤᠨ᠎ᠠᠴᠠ ᠨᠢᠭᠡᠨ ᠰᠠᠯᠬᠢ ᠦᠯᠢᠶᠡᠨ ᠢᠷᠡᠵᠦ  ᠂ᠬᠣᠶᠠᠷ ᠠᠭ᠋ᠠᠷ᠎ᠤᠨ ᠤᠷᠤᠰᠬᠠᠯ ᠨᠡᠢ᠌ᠯᠡᠭᠡᠳ  ᠂ ᠰᠢᠯᠭ᠋ᠠᠯᠲᠠ ᠵᠢᠨ ᠬᠠᠭᠣᠳᠠᠰᠣ ᠵᠢ᠎ᠨᠢ ᠤᠯᠠᠮ ᠦᠨᠳᠦᠷ᠎ᠲᠤ ᠬᠡᠢ᠌ᠰᠭᠡᠨ ᠠᠪᠠᠴᠢᠪᠠ  ᠃ᠳᠠᠷᠠᠭ᠎ᠠ᠎ᠨᠢ ᠰᠢᠯᠭ᠋ᠠᠯᠲᠠ ᠵᠢᠨ ᠬᠠᠭᠤᠳᠠᠰᠤ᠎ᠨᠢ ᠨᠢᠳᠦ ᠣᠷᠭᠣᠭᠰᠠᠨ ᠰᠢᠭ᠋ ᠴᠣᠩᠬᠣᠨ ᠭᠠᠳᠠᠨ᠎ᠠ ᠵᠦᠭ ᠨᠢᠰᠦᠨ ᠣᠳᠣᠯ᠎ᠠ᠃
      ᠠᠩᠭᠢ ᠵᠢᠨ ᠭᠡᠷ ᠳᠠᠶᠠᠭ᠋ᠠᠷ ᠶᠡᠬᠡ᠎ᠪᠠᠷ ᠦᠢ᠍ᠮᠡᠯᠳᠦᠨ᠂ ᠪᠣᠢ ᠪᠦᠬᠦᠢ ᠨᠢᠳᠦ ᠪᠦᠷ ᠦᠪᠡᠷ᠎ᠤᠨ ᠰᠢᠯᠭ᠋ᠠᠯᠲᠠ ᠵᠢᠨ ᠬᠠᠭᠤᠳᠠᠰᠤ᠎ᠠᠴᠠ᠎ᠪᠠᠨ ᠰᠠᠯᠵᠤ ᠲᠡᠷᠡ ᠬᠦ᠌ ᠴᠠᠭ᠋ᠠᠨ《ᠶᠸᠯᠸᠢᠲᠦ ᠬᠡᠪᠢᠰ》᠎ᠢ᠎ᠲᠠᠭᠠᠨ ᠨᠠᠭ᠋ᠠᠰᠢ ᠴᠠᠭ᠋ᠠᠰᠢ ᠡᠷᠭᠢᠯᠳᠦᠵᠦ᠂ ᠠᠮᠠᠨ᠎ᠠᠴᠠ᠎ᠪᠠᠨ ᠭᠠᠢ᠌ᠬᠠᠰᠢ ᠠᠯᠳᠠᠬᠤ ᠳᠠᠭᠤᠨ᠂ ᠨᠠᠭ᠋ᠠᠳᠤᠨ ᠱᠣᠭᠯᠠᠬᠤ ᠳᠠᠭᠤᠨ ᠬᠢᠭᠡᠳ ᠵᠢᠨ ᠯᠢᠩ᠎ᠢ ᠱᠠᠯᠠᠪᠳᠠᠭᠤᠯᠵᠤ᠄《ᠬᠤᠷᠳᠤᠨ ᠨᠡᠬᠡ  ! ᠬᠤᠷᠳᠤᠨ ᠨᠡᠬᠡ  !》ᠭᠡᠬᠦ ᠳᠠᠭᠤᠨ ᠭᠠᠷᠭ᠋ᠠᠵᠤ᠂ ᠨᠡᠩ ᠢᠯᠠᠩᠭᠣᠶ᠎ᠠ ᠶᠡᠷᠦ᠎ᠠᠴᠠ᠎ᠪᠠᠨ ᠠᠯᠢᠶ᠎ᠠ ᠲᠦᠢ᠍ᠳᠭᠡᠷ ᠬᠡᠳᠦᠨ ᠵᠢᠭ᠋ᠠᠯ   ᠪᠣᠰᠴᠣ ᠵᠣᠭᠰᠣᠭ᠋ᠠᠳ᠂ ᠴᠠᠭ ᠢᠮᠠᠭᠲᠠ ᠭᠦᠶᠦᠨ ᠣᠴᠢᠵᠦ ᠵᠢᠨ ᠯᠢᠩ᠎ᠢ   ᠬᠠᠮᠵᠢᠬᠤ᠎ᠳᠤ ᠪᠡᠯᠡᠬᠡᠨ ᠪᠠᠢ᠌ᠯ᠎ᠠ᠃
      ᠦᠭᠡ ᠳᠠᠭᠤ ᠴᠦᠬᠡᠨᠲᠡᠢ ᠶᠠᠩ   ᠡᠷᠬᠢᠯᠡᠭᠴᠢ   ᠡᠨᠡ ᠦᠶᠡᠰ ᠨᠠᠮ ᠳᠣᠭᠲᠠᠭᠤᠨ ᠪᠠᠢ᠌ᠵᠤ ᠴᠢᠳᠠᠬᠤ᠎ᠪᠠᠨ ᠪᠤᠯᠢᠵᠤ ᠰᠡᠩᠳᠡ ᠮᠡᠨᠡᠭᠳᠡ ᠬᠢᠴᠢᠶᠡᠯ᠎ᠤᠨ ᠲᠠᠢ᠌ᠰᠠᠨ᠎ᠳᠤ ᠭᠠᠷᠴᠣ   ᠵᠠᠯᠭ᠋ᠠᠭ᠎ᠠ᠎ᠪᠠᠷ᠄《  ᠰᠢᠯᠭ᠋ᠠᠯᠲᠠ ᠵᠢᠨ ᠬᠠᠭᠤᠳᠠᠰᠤ ᠵᠢ ᠪᠢᠲᠡᠭᠦᠮᠵᠢᠯᠡ! ᠰᠢᠯᠭ᠋ᠠᠯᠲᠠ ᠵᠢᠨ ᠬᠠᠭᠣᠳᠠᠰᠤ ᠵᠢ ᠪᠢᠲᠡᠭᠦᠮᠵᠢᠯᠡ! ᠭᠡᠵᠦ》ᠬᠠᠰᠬᠢᠷᠣᠭ᠋ᠠᠳ ᠬᠠᠷᠠᠴᠠ ᠪᠣᠯᠣᠨ ᠭᠠᠷ᠎ᠤᠨ ᠳᠣᠬᠢᠶ᠎ᠠ᠎ᠪᠠᠷ ᠵᠶ᠋ᠠᠨ   ᠬᠣᠢ᠌ᠨᠠᠬᠢ ᠨᠦᠭᠦᠭᠡ   ᠨᠢᠭᠡᠨ ᠰᠢᠯᠭ᠋ᠠᠯᠲᠠ ᠪᠠᠢ᠌ᠴᠠᠭ᠋ᠠᠭᠴᠢ ᠪᠠᠭᠰᠢ᠎ᠳᠤ ᠵᠠᠷᠯᠢᠭ ᠭᠦᠢ᠍ᠴᠡᠳᠭᠡᠬᠦ ᠵᠢ ᠵᠠᠬᠢᠯ᠎ᠠ᠃ ᠲᠡᠷᠡ ᠬᠣᠶᠠᠷ᠎ᠤᠨ ᠭᠠᠷ ᠬᠥᠯ᠎ᠨᠢ ᠰᠠᠨᠳᠣᠷᠣᠨ ᠪᠠᠯᠠᠢ᠌ᠳᠠᠵᠤ ᠰᠣᠷᠣᠭᠴᠢᠳ᠎ᠤᠨ ᠬᠢᠵᠦ ᠪᠠᠷᠠᠭ᠎ᠠ ᠦᠬᠡᠢ   ᠰᠢᠯᠭ᠋ᠠᠯᠲᠠ ᠵᠢᠨ ᠬᠠᠭᠣᠳᠠᠰᠤ ᠵᠢ ᠳᠠᠷᠠᠭ᠎ᠠ ᠳᠠᠷᠠᠭ᠎ᠠ᠎ᠪᠠᠷ᠎ᠨᠢ ᠰᠢᠭᠦᠷᠡᠨ ᠠᠪᠤᠭ᠋ᠠᠳ ᠭᠠᠷ᠎ᠲᠤ᠎ᠪᠠᠨ ᠪᠦᠭᠡᠮᠯᠡᠨ ᠠᠳᠬᠤᠯ᠎ᠠ᠃
      ᠵᠢᠨ ᠯᠢᠩ᠎ᠤᠨ ᠰᠢᠯᠭ᠋ᠠᠯᠲᠠ ᠵᠢᠨ ᠬᠠᠭᠣᠳᠠᠰᠤ᠎ᠨᠢ ᠡᠮᠦᠨ᠎ᠡ ᠲᠠᠯ᠎ᠠ ᠵᠢᠨ ᠴᠣᠩᠬᠤᠨ ᠳᠡᠭᠡᠷ᠎ᠡ ᠵᠢᠭ᠋ᠠᠬᠠᠨ ᠵᠣᠭᠰᠤᠰᠬᠢᠭᠰᠠᠨ ᠵᠶ᠋ᠠᠨ ᠬᠣᠩᠭᠢᠯ᠎ᠤᠨ ᠮᠤᠬᠤᠷ᠎ᠠᠴᠠ ᠦᠯᠢᠶᠡᠨ ᠢᠷᠡᠭᠰᠡᠨ ᠰᠠᠯᠬᠢᠨ᠎ᠳᠤ ᠵᠠᠯᠠᠭᠳᠠᠨ ᠬᠣᠩᠭᠢᠯ ᠎ᠢ᠎ᠲᠠᠭᠠᠨ ᠪᠠᠷᠠᠭᠣᠨᠰᠢ᠎ᠪᠠᠨ ᠨᠢᠰᠦᠨ ᠣᠳᠣᠯ᠎ᠠ  ᠃ ᠳᠠᠷᠠᠭ᠋ᠠᠴᠢ ᠵᠢᠨ ᠨᠢᠭᠡᠨ ᠠᠩᠭᠢ ᠵᠢᠨ ᠭᠠᠷ᠎ᠤᠨ ᠴᠣᠩᠬᠤ᠎ᠪᠠᠷ ᠦᠩᠭᠡᠷᠡᠬᠦ ᠦᠶᠡᠰ   ᠲᠡᠷᠡ ᠬᠦ᠌ ᠰᠢᠯᠭ᠋ᠠᠯᠲᠠ ᠵᠢᠨ ᠬᠠᠭᠣᠳᠠᠰᠣ ᠳᠣᠳᠣᠭᠰᠢ᠎ᠪᠠᠨ ᠬᠢᠯᠠᠢ᠌ᠵᠤ ᠦᠵᠡᠭᠰᠡᠨ ᠵᠶ᠋ᠡᠨ ᠦᠪᠡᠷ᠎ᠤᠨ ᠡᠷᠬᠡ ᠦᠬᠡᠢ ᠴᠣᠩᠬᠣᠨ ᠲᠣᠲᠣᠷᠠᠬᠢ ᠰᠠᠯᠬᠢᠨ᠎ᠳᠤ ᠰᠣᠷᠣᠭᠳᠠᠨ ᠣᠷᠣᠯ᠎ᠠ᠃ ᠤᠤᠯ᠎ᠨᠢ ᠬᠤᠶᠠᠳᠣᠭ᠋ᠠᠷ ᠠᠩᠭᠢ ᠵᠢᠨ ᠬᠢᠴᠢᠶᠡᠯ᠎ᠤᠨ ᠭᠡᠷ᠎ᠨᠢ ᠦᠨᠦᠳᠦᠷ ᠪᠠᠰᠠ ᠴᠣᠩᠬᠤ᠎ᠪᠠᠨ ᠨᠡᠬᠡᠬᠡᠭᠰᠡᠨ ᠠᠵᠢ᠃
      ᠣᠳᠣ ᠬᠣᠶᠠᠳᠤᠭ᠋ᠠᠷ ᠠᠩᠭᠢ ᠵᠢᠨ ᠡᠮᠬᠢ ᠲᠢᠭᠯᠢᠮ᠎ᠨᠢ ᠰᠠᠮᠠᠭᠤᠷᠠᠬᠤ ᠡᠭᠡᠯᠵᠢ ᠪᠣᠯᠣᠯ᠎ᠠ᠃ ᠬᠦᠮᠦᠨ᠎ᠢ ᠰᠠᠮᠭ᠋ᠠᠷᠳᠠᠭᠣᠯᠣᠭᠰᠠᠨ ᠪᠦᠭᠴᠢᠮ ᠤᠢ᠌ᠳᠬᠠᠷᠲᠤ ᠰᠢᠯᠭ᠋ᠠᠯᠲᠠ ᠵᠢᠨ ᠳᠤᠮᠳᠠ ᠡᠢ᠌ᠮᠦᠷᠬᠦᠦ ᠰᠣᠨᠢᠷᠬᠠᠯᠲᠠᠢ   ᠲᠡᠭᠷᠢ ᠵᠢᠨ ᠭᠠᠳᠠᠨᠠᠬᠢ ᠵᠣᠴᠢᠨ ᠬᠠᠷᠭᠣᠭᠰᠠᠨ ᠶᠤᠮ ᠴᠢᠨᠢ ᠬᠡᠨ ᠬᠦᠭᠰᠡᠯ ᠳᠣᠭᠳᠣᠯᠣᠯ ᠬᠢᠭᠡᠳ ᠪᠠᠶᠠᠷ ᠭᠠᠢ᠌ᠬᠠᠰᠢᠷᠠᠯ ᠵᠶ᠋ᠠᠨ ᠳᠠᠷᠤᠵᠤ ᠳᠡᠢ᠌ᠯᠬᠦ ᠶᠤᠮ ᠪᠣᠢ! ᠬᠣᠶᠠᠳᠣᠭ᠋ᠠᠷ ᠠᠩᠭᠢ ᠵᠢᠨ ᠬᠢᠴᠢᠶᠡᠯ᠎ᠤᠨ ᠭᠡᠷ᠎ᠲᠤ ᠨᠢᠭᠡᠨ ᠵᠡᠷᠭᠡ ᠱᠣᠣᠭᠢᠯᠳᠤᠨ ᠦᠢ᠍ᠮᠡᠯᠳᠦᠭᠰᠡᠨ᠎ᠤ ᠳᠠᠷᠠᠭ᠎ᠠ ᠰᠢᠯᠭ᠋ᠠᠯᠲᠠ ᠵᠢᠨ ᠳᠠᠯᠠᠪᠠᠢ ᠵᠢᠨ ᠰᠢᠯᠭ᠋ᠠᠯᠲᠠ ᠪᠠᠢ᠌ᠴᠠᠭ᠋ᠠᠭᠴᠢ ᠪᠠᠭᠰᠢ ᠠᠷᠭ᠎ᠠ ᠪᠤᠰᠤ ᠰᠢᠯᠭ᠋ᠠᠯᠲᠠ ᠵᠢᠨ ᠬᠠᠭᠤᠳᠠᠰᠤ ᠵᠢ᠎ᠨᠢ ᠪᠢᠲᠡᠭᠦᠮᠵᠢᠯᠡᠪᠡ᠃
    ᠳᠦᠷᠪᠡᠨ ᠲᠡᠭᠦᠰᠬᠦ ᠠᠩᠭᠢ᠎ᠨᠢ ᠨᠠᠢ᠍ᠮᠠᠨ ᠠᠩᠭᠢ ᠵᠢᠨ ᠭᠡᠷ᠎ᠲᠤ ᠲᠠᠷᠬᠠᠭ᠋ᠠᠭᠳᠠᠨ ᠰᠣᠷᠢᠭ᠋ᠠᠨ᠎ᠤ ᠰᠢᠯᠭ᠋ᠠᠯᠲᠠ ᠬᠢᠭᠡᠳ ᠬᠠᠷᠢᠨ ᠬᠣᠶᠠᠷ ᠠᠩᠭᠢ ᠵᠢᠨ ᠭᠡᠷ᠎ᠤᠨ ᠰᠢᠯᠭ᠋ᠠᠯᠲᠠ ᠵᠢᠨ ᠬᠠᠭᠤᠳᠠᠰᠤ᠎ᠨᠢ ᠪᠦᠷᠢᠮᠦᠰᠦᠨ   ᠬᠦᠴᠦᠨ ᠦᠬᠡᠢ ᠬᠠᠶᠠᠭᠳᠠᠭᠰᠠᠨ᠎ᠠᠴᠠ ᠯᠣᠳᠣᠢ ᠶᠡᠬᠡ ᠠᠯᠳᠠᠭ᠎ᠠ ᠭᠡᠮ ᠪᠣᠯᠵᠠᠢ᠃ ᠵᠠᠬᠢᠷᠤᠯ ᠠᠯᠪᠠᠨ ᠭᠡᠷ᠎ᠲᠤ᠎ᠪᠠᠨ ᠶᠡᠬᠡ ᠳᠠᠭᠤᠨ ᠵᠶ᠋ᠠᠷ ᠬᠠᠷᠢᠭᠤᠴᠠᠯᠭ᠎ᠠ ᠨᠡᠬᠡᠮᠵᠢᠯᠡᠨ᠄《  ᠡᠨᠡ ᠬᠡᠷᠪᠡ ᠵᠢᠩᠬᠢᠨᠢ ᠰᠢᠯᠭ᠋ᠠᠯᠲᠠ ᠪᠣᠯᠣᠭᠰᠠᠨ ᠪᠣᠯ ᠶᠠᠭ᠋ᠠᠬᠢᠨ᠎ᠠ? ᠠᠩ᠂ ᠨᠢᠭᠡ ᠠᠩᠭᠢ ᠵᠢᠨ ᠭᠡᠷ᠎ᠲᠤ ᠰᠦᠢ᠍ᠳ ᠪᠣᠯᠪᠠᠯ ᠪᠦᠬᠦ   ᠲᠣᠭᠣᠷᠢᠭ᠎ᠤᠨ ᠰᠢᠯᠭ᠋ᠠᠯᠲᠠ ᠵᠢᠨ ᠬᠠᠭᠤᠳᠠᠰᠤ ᠪᠦᠷ ᠬᠡᠷᠡᠭ ᠦᠬᠡᠢ ᠪᠣᠯᠣᠨ᠎ᠠ  ᠃ ᠪᠢᠳᠡ ᠬᠡᠷᠬᠢᠨ ᠳᠡᠭᠡᠳᠦ ᠱᠠᠳᠤᠨ᠎ᠳᠤ᠎ᠪᠠᠨ ᠲᠣᠰᠢᠶᠠᠬᠤ ᠶᠤᠮ? ᠲᠡᠷᠡ ᠦᠶ᠎ᠡ᠎ᠳᠤ ᠣᠬᠢᠯᠠᠭᠰᠠᠨ ᠴᠤ᠌ ᠲᠣᠰᠠ ᠭᠠᠷᠬᠤ ᠦᠬᠡᠢ ᠭᠡᠵᠦ ᠪᠣᠳᠣ  ! ᠬᠢᠨᠳᠠᠨ᠎ᠳᠤ ᠰᠠᠭᠣᠭᠰᠠᠨ ᠴᠤ᠌ ᠭᠦᠢ᠍ᠴᠡᠨ᠎ᠡ》ᠭᠡᠵᠦ ᠮᠠᠨᠴᠣᠷᠭ᠋ᠠᠳᠠᠪᠠ᠃
      ᠵᠠᠬᠢᠷᠤᠯ᠎ᠤᠨ ᠦᠭᠡ᠎ᠨᠢ ᠪᠠᠭᠰᠢ ᠨᠠᠷ᠎ᠤᠨ ᠬᠣᠢ᠌ᠬ᠎ᠠ ᠵᠢᠨ ᠦᠰᠦ ᠵᠢ ᠪᠣᠰᠬᠠᠪᠠ᠃ ᠰᠢᠩ   ᠪᠠᠭᠰᠢ ᠬᠢᠭᠡᠳ ᠲᠣᠭ᠋ᠠᠨ᠎ᠤ ᠤᠬᠠᠭ᠋ᠠᠨ᠎ᠤ ᠵᠠᠩ ᠪᠠᠭᠰᠢ ᠬᠠᠮᠲᠤᠷᠠᠨ ᠵᠢᠨ ᠯᠢᠩ᠎ᠢ ᠠᠯᠪᠠᠨ ᠭᠡᠷ᠎ᠲᠤ᠎ᠪᠠᠨ ᠳᠠᠭᠤᠳᠠᠨ ᠠᠪᠠᠴᠢᠵᠦ ᠶᠠᠷᠢᠯᠴᠠᠪᠠ  ᠃ ᠵᠢᠨ ᠯᠢᠩ ᠶᠠᠮᠠᠷ ᠴᠤ᠌ ᠶᠠᠯ᠎ᠠ ᠭᠡᠮ ᠦᠬᠡᠢ᠎ᠪᠠᠷ ᠬᠢᠯᠢᠰ ᠵᠶ᠋ᠡᠨ ᠲᠣᠭ᠋ᠠᠴᠢᠨ᠄《  ᠨᠠᠮ᠎ᠠ ᠵᠢ ᠪᠤᠷᠤᠭᠤᠰᠢᠶᠠᠨ ᠵᠢᠮᠡᠯᠡᠬᠦ ᠬᠡᠷᠡᠭ ᠪᠠᠢ᠌ᠬᠤ ᠦᠬᠡᠢ᠂ ᠰᠠᠯᠬᠢᠨ ᠦᠯᠢᠶᠡᠭᠰᠡᠨ᠎ᠤ᠎ᠬᠢ᠂ ᠵᠢᠮᠠᠯᠡᠪᠡᠯ ᠵᠦᠪᠬᠡᠨ ᠴᠣᠩᠬᠤ ᠨᠡᠬᠡᠬᠡᠭᠰᠡᠨ ᠬᠦᠮᠦᠨ᠎ᠢ ᠯᠡ ᠵᠢᠮᠡᠯᠡᠨ᠎ᠡ》ᠭᠡᠰᠡᠨ ᠵᠶ᠋ᠡᠨ ᠨᠠᠮ ᠳᠠᠭᠤᠨ ᠵᠶ᠋ᠠᠷ᠄《  ᠪᠢ ᠤᠤᠯ᠎ᠨᠢ 100   ᠬᠤᠪᠢ ᠣᠯᠬᠣ ᠪᠠᠢ᠌ᠭᠰᠠᠨ》 ᠭᠡᠨ᠎ᠡ᠃
      ᠰᠢᠩ   ᠪᠠᠭᠰᠢ   ᠬᠢᠭᠡᠳ ᠵᠠᠩ ᠪᠠᠭᠰᠢ ᠪᠣᠳᠣᠵᠣ ᠦᠵᠡᠪᠡᠯ ᠪᠠᠰᠠ ᠲᠠᠭ᠋ᠠᠷᠠᠨ᠎ᠠ᠂ ᠡᠨᠡ ᠤᠴᠢᠷ᠎ᠲᠤ ᠵᠢᠨ ᠯᠢᠩ᠎ᠢ ᠪᠤᠷᠤᠭᠤᠰᠢᠶᠠᠬᠤ ᠬᠡᠷᠡᠭ ᠠᠯᠠᠭ᠎ᠠ᠃ ᠲᠡᠭᠡᠭᠡᠳ ᠬᠡᠨ ᠴᠣᠩᠬᠣ ᠨᠡᠭᠡᠭᠡᠭᠰᠡᠨ᠎ᠢ ᠨᠡᠬᠡᠮᠵᠢᠯᠡᠪᠡ᠃ ᠣᠯᠠᠨ ᠵᠶ᠋ᠠᠷ ᠵᠶ᠋ᠠᠨ ᠳᠠᠭᠤᠨ ᠨᠢᠭᠡᠲᠡᠢ᠎ᠪᠠᠷ᠎ᠨᠢ ᡁᠢ ᠸᠸᠢ ᠵᠢ ᠲᠦᠯᠬᠢᠨ ᠭᠠᠷᠭ᠋ᠠᠪᠠ᠃
       ᠎ᠨᠢ ᡁᠢ ᠸᠸᠢ   ᠪᠠᠰᠠ ᠶᠠᠮᠠᠷ ᠴᠤ᠌ ᠶᠠᠯ᠎ᠠ ᠭᠡᠮ ᠦᠬᠡᠢ ᠰᠢᠭ ᠠᠪᠤᠷᠢᠯᠠᠨ᠄《  ᠰᠢᠯᠭ᠋ᠠᠯᠲᠠ ᠬᠢᠬᠦ᠎ᠳᠤ ᠴᠣᠩᠬᠤ ᠨᠡᠭᠡᠭᠡᠵᠦ ᠪᠣᠯᠬᠣ ᠦᠬᠡᠢ ᠭᠡᠵᠦ ᠪᠠᠭᠰᠢ ᠲᠣᠩᠬᠠᠭᠯᠠᠭ᠎ᠠ ᠦᠬᠡᠢ᠃   ᠰᠣᠨᠣᠰᠣᠭᠰᠠᠨ ᠬᠦᠮᠦᠨ ᠪᠠᠢ᠌ᠨ᠎ᠠ ᠦᠦ? ᠪᠢ ᠰᠠᠢ᠌ᠨ ᠰᠠᠨᠠᠭ᠋ᠠᠨ᠎ᠠᠴᠠ᠎ᠪᠠᠨ ᠣᠯᠠᠨ᠎ᠳᠤ ᠰᠠᠯᠬᠢ ᠵᠢᠪᠠᠷ ᠦᠵᠡᠭᠦᠯᠵᠦ᠂ ᠳᠠᠷᠢᠬᠢ ᠲᠣᠯᠣᠭ᠋ᠠᠢ ᠵᠢ᠎ᠨᠢ ᠬᠤᠷᠴᠠ ᠰᠡᠷᠭᠡᠢ ᠪᠠᠢ᠌ᠯᠭ᠋ᠠᠬᠤ ᠭᠡᠰᠡᠨ ᠶᠤᠮ》 ᠭᠡᠪᠡ᠃
      ᠬᠡᠨ᠎ᠨᠢ ᠴᠤ᠌ ᠪᠤᠷᠤᠭᠤᠳᠠᠭ᠎ᠠ ᠦᠭᠡᠢ᠂ ᠪᠦᠷ ᠬᠠᠪᠤᠷ᠎ᠤᠨ ᠰᠠᠯᠬᠢᠨ᠎ᠤ ᠬᠠᠷ᠎ᠠ ᠤᠷᠰᠢᠭ᠃ ᠵᠢᠨ ᠯᠢᠩ ᠤᠩᠰᠢᠵᠤ ᠦᠩᠭᠡᠷᠡᠭᠰᠡᠨ ᠨᠣᠮ᠎ᠳᠤ᠎ᠨᠢ ᠡᠢ᠌ᠮᠦᠷᠬᠦᠦ ᠡᠷᠲᠡᠨ᠎ᠤ ᠰᠢᠯᠦᠭ ᠪᠠᠢ᠌ᠭᠰᠠᠨ᠎ᠢ ᠪᠣᠳᠣᠵᠣ ᠣᠯᠣᠯ᠎ᠠ᠃ ᠪᠠᠷᠤᠭ《ᠴᠡᠪᠡᠷ ᠰᠠᠯᠬᠢ ᠦᠰᠦᠭ   ᠲᠠᠨᠢᠭ᠎ᠠ ᠦᠬᠡᠢ ᠠᠲᠠᠯ᠎ᠠ ᠶᠠᠭᠤᠨ᠎ᠳᠤᠷ ᠨᠣᠮ᠎ᠢ ᠳᠣᠷ᠎ᠠ  ᠎ᠪᠠᠷ ᠤᠷᠪᠠᠭᠣᠯᠣᠮᠣᠢ》 ᠭᠡᠵᠦ ᠶᠠᠷᠢᠭᠰᠠᠨ ᠰᠢᠭ᠋ ᠳ᠋ᠠ! ᠲᠡᠷᠡ ᠬᠢᠴᠢᠶᠡᠯ᠎ᠤᠨ ᠲᠠᠩᠬᠢᠮ ᠳᠡᠭᠡᠷ᠎ᠡ ᠳᠡᠰᠴᠤ ᠴᠢᠳᠠᠯ ᠦᠬᠡᠢ ᠫᠦᠰ ᠭᠡᠳᠡᠯ᠎ᠡ ᠢᠨᠢᠶᠡᠴᠢᠬᠡᠯ᠎ᠡ᠃
      ᠡᠷᠲᠡᠨ᠎ᠤ ᠬᠦᠮᠦᠨ ᠦᠨᠡᠬᠡᠷ ᠰᠡᠴᠡᠨ ᠰᠡᠷᠭᠦᠯᠡᠩ ᠪᠠᠢ᠌ᠨ᠎ᠠ ᠭᠡᠵᠦ ᠲᠡᠷᠡ ᠮᠢᠰᠢᠯᠵᠡᠨ ᠪᠣᠳᠣᠨ᠎ᠠ᠃ ᠬᠦᠮᠦᠨ ᠬᠡᠳᠦᠨ ᠵᠠᠭᠤᠨ ᠵᠢᠯ᠎ᠤᠨ ᠡᠮᠦᠨ᠎ᠡ ᠳᠠᠷᠤᠢ ᠪᠠᠭ᠎ᠠ ᠰᠣᠷᠭ᠋ᠠᠭᠣᠯᠢ᠎ᠠᠴᠠ ᠠᠩᠬ᠎ᠠ ᠳᠤᠮᠳᠠᠳᠤ᠎ᠳᠤ ᠳᠠᠪᠰᠢᠬᠤ ᠰᠣᠷᠢᠭ᠋ᠠᠨ᠎ᠤ ᠰᠢᠯᠭ᠋ᠠᠯᠲᠠ ᠵᠢᠨ ᠲᠠᠯᠠᠪᠠᠢ  ᠎ᠳᠤ   ᠡᠢ᠌ᠮᠦᠷᠬᠦᠦ ᠵᠦᠴᠦᠭᠡᠯᠢᠭ ᠴᠢᠨᠠᠷ᠎ᠲᠠᠢ ᠵᠢᠷᠤᠭ ᠦᠵᠡᠭᠳᠡᠯ ᠦᠷᠨᠢᠨ ᠡᠭᠦᠰᠬᠦ ᠵᠢ ᠪᠣᠳᠣᠵᠣ ᠮᠡᠳᠡᠭᠰᠡᠨ ᠠᠵᠢ᠃

ᠢᠷᠡᠯᠲᠡ᠄ 《ᠬᠡᠤᠬᠡᠳ᠎ᠤᠨ ᠬᠦᠮᠤᠵᠢᠯ》 ᠨᠤᠮ
          
ᠬᠠᠮᠢᠶ᠎ᠡ ᠪᠦᠬᠦᠢ ᠰᠣᠨᠢᠨ
ᠵᠸᠡᠭ ᠾᠸ ᠪᠠ ᠲᠠᠯᠠᠢ ᠵᠢᠨ ᠲᠣᠷᠭ᠋ᠠᠨ᠎ᠤ ᠵᠠᠮ (ᠨᠢᠬᠡ)
ᠵᠸᠡᠭ ᠾᠸ ᠪᠠ ᠲᠠᠯᠠᠢ ᠵᠢᠨ ᠲᠣᠷᠭ᠋ᠠᠨ᠎ᠤ ᠵᠠᠮ (ᠬᠤᠶᠠᠷ)
ᠵᠸᠡᠭ ᠾᠸ ᠪᠠ ᠲᠠᠯᠠᠢ ᠵᠢᠨ ᠲᠤᠷᠭ᠋ᠠᠨ᠎ᠤ ᠵᠠᠮ (ᠭᠤᠷᠪᠠ)
《ᠨᠡᠢ᠌ᠭᠡᠮ》 ᠰᠡᠳᠭᠦᠯ᠎ᠤᠨ ᠰᠤᠷᠲᠠᠯ
《ᠨᠡᠢ᠌ᠭᠡᠮ》 ᠰᠡᠳᠭᠦᠯ᠎ᠢ ᠤᠩᠰᠢᠭᠰᠠᠨ ᠤᠢ᠌ᠯᠠᠭ᠋ᠠᠯᠳᠠ
 
            