《 ᠨᠡᠢ᠌ᠭᠡᠮ》 ᠰᠡᠳᠭᠦᠯ᠎ᠤᠨ ᠰᠤᠷᠲᠠᠯ
ᠪᠦᠷᠢᠨᠪᠠᠶᠠᠷ ᠵᠣᠬᠢᠶᠠᠪᠠ
ᠨᠢᠳᠤᠨᠤᠨ᠎ᠤ 5 ᠰᠠᠷ᠎ᠠ ᠵᠢᠨ ᠡᠬᠢ᠎ᠪᠠᠷ ᠶᠤᠮ ᠳ᠋ᠠᠭ᠃ ᠰᠢᠨ᠎ᠡ ᠳᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠬᠤᠷᠢᠭ᠎ᠠ ᠰᠡᠷᠭᠡᠢ᠌ᠯᠡᠯᠲᠡ ᠬᠠᠷᠠᠬᠠᠨ ᠲᠠᠯᠪᠢᠭᠳᠠᠭᠠ ᠦᠬᠡᠢ᠂ ᠬᠦᠮᠦᠰ ᠨᠠᠭ᠋ᠠᠰᠢ ᠴᠠᠭ᠋ᠠᠰᠢ ᠶᠠᠪᠤᠬᠤ᠎ᠳᠤ᠎ᠪᠠᠨ ᠪᠦᠷ ᠠᠮᠠᠪᠴᠢ ᠵᠡᠭᠦᠵᠦ᠂ ᠣᠷᠣᠵᠣ ᠭᠠᠷᠬᠤ᠎ᠳᠤ ᠪᠡᠶ᠎ᠡ ᠵᠢᠨ ᠳᠤᠯᠠᠭ᠋ᠠᠨ ᠢ᠎ᠨᠢ ᠪᠠᠢ᠌ᠴᠠᠭ᠋ᠠᠳᠠᠭ ᠵᠶ᠋ᠠᠷ ᠦᠯᠦ ᠪᠠᠷᠠᠨ ᠬᠠᠮᠢᠭ᠎ᠠ᠎ᠠᠴᠠ ᠢᠷᠡᠭᠰᠡᠨ᠂ ᠬᠠᠮᠢᠭ᠎ᠠ ᠬᠦᠷᠬᠦ ᠭᠡᠵᠦ ᠪᠠᠢ᠌ᠭ᠎ᠠ᠂ ᠶᠠᠭᠤᠨ᠎ᠳᠤ ᠶᠠᠪᠤᠵᠤ ᠪᠠᠢ᠌ᠬᠤ᠂ ᠪᠡᠶ᠎ᠡ ᠵᠢᠨ ᠦᠨᠡᠮᠯᠡᠯ᠂ ᠭᠠᠷ ᠤᠲᠠᠰᠤᠨ᠎ᠤ ᠨᠤᠮᠸᠷ ᠵᠢᠴᠢ ᠪᠠᠢ᠌ᠭᠤᠯᠭ᠎ᠠ᠂ ᠰᠠᠭᠤᠵᠤ ᠪᠠᠢ᠌ᠭ᠎ᠠ ᠲᠤᠭᠤᠷᠢᠭ ᠭᠡᠬᠦ ᠮᠡᠲᠦ᠎ᠪᠠᠷ ᠨᠠᠷᠢᠨ ᠨᠢᠮᠪᠠᠢ ᠳᠠᠩᠰᠠᠯᠠᠨ ᠲᠡᠮᠳᠡᠭᠯᠡᠵᠦ ᠪᠠᠢ᠌ᠭᠰᠠᠨ ᠦᠶ᠎ᠡ ᠪᠢᠯᠡ᠃
ᠬᠠᠭ᠋ᠠᠰ ᠵᠢᠯ ᠬᠠᠮᠢᠭ᠎ᠠ ᠴᠦ᠍ ᠣᠴᠢᠭ᠎ᠠ ᠦᠬᠡᠢ ᠂ ᠬᠠᠭ᠋ᠠᠯᠭ᠎ᠠ ᠡᠭᠦᠳᠡ᠎ᠪᠠᠨ ᠳᠠᠷᠤᠨ ᠬᠢᠳᠡᠯ ᠠᠯᠳᠠᠨ ᠪᠤᠬᠢᠨᠢᠳᠤᠨ ᠠᠲᠠᠯ᠎ᠠ ᠦᠬᠠᠨ᠎ᠤ ᠬᠢᠵᠢᠭ᠎ᠤᠨ ᠪᠠᠢ᠌ᠳᠠᠯ ᠨᠡᠯᠢᠶᠡᠳ ᠨᠠᠮᠳᠠᠵᠤ᠂ ᠨᠢᠰᠭᠡᠯ᠂ ᠭᠠᠯᠲᠤ ᠲᠡᠷᠭᠡ᠂ ᠠᠶᠠᠨᠴᠢᠳ᠎ᠤᠨ ᠮᠠᠰᠢᠨ ᠦᠨᠳᠦᠰᠦᠨ᠎ᠳᠤ᠎ᠪᠠᠨ ᠨᠡᠪᠲᠡᠷᠡᠭᠡᠳ᠂ ᠬᠦᠮᠦᠰ ᠠᠵᠢᠯ ᠶᠠᠪᠤᠳᠠᠯ᠎ᠳᠤ᠎ᠪᠠᠨ ᠮᠣᠩᠬᠢᠨᠠᠵᠤ ᠡᠬᠢᠯᠡᠵᠡᠢ᠃ ᠬᠤᠭᠤᠯᠠᠨ ᠭᠡᠷ ᠲᠤ ᠴᠤ᠌ ᠠᠷᠪᠠᠨ ᠬᠦᠮᠦᠨ᠎ᠠᠴᠠ ᠳᠣᠭᠣᠭᠰᠢᠬᠢ ᠬᠦᠮᠦᠨ ᠨᠠᠢ᠌ᠷᠯᠠᠵᠤ ᠪᠣᠯᠬᠤ ᠪᠣᠯᠵᠠᠢ᠃
ᠶᠠᠭ ᠡᠨᠡ ᠦᠶ᠎ᠡ᠎ᠳᠤ ᠨᠠᠳᠠ᠎ᠳᠤ ᠨᠢᠭᠡᠨ ᠤᠲᠠᠰᠤ ᠢᠷᠡᠭᠡᠳ᠄
—ᠪᠦ᠊ ᠪᠠᠭᠰᠢ ᠡ᠂ ᠬᠢᠵᠢᠭ ᠨᠡᠯᠢᠶᠡᠳ ᠳᠠᠷᠣᠭᠳᠠᠴᠢᠬᠠᠯᠠ᠃ ᠵᠢᠭ᠋ᠠᠬᠠᠨ ᠰᠠᠯᠬᠢ ᠠᠪᠴᠣ ᠭᠡᠷ᠎ᠠᠴᠠ᠎ᠪᠠᠨ ᠭᠠᠷᠴᠣ ᠢᠷᠡᠨ ᠵᠣᠭᠣᠭᠳᠠᠵᠤ ᠰᠠᠭᠤᠬᠤ ᠦᠬᠡᠢ ᠦᠦ? ᠭᠡᠨ᠎ᠡ᠃
—ᠬᠦᠶᠢ᠂ ᠲᠠ ᠬᠡᠳᠦᠢ ᠪᠦᠳᠦᠭᠦᠨ ᠵᠢᠷᠦᠬᠡ᠎ᠲᠠᠢ ᠬᠦᠮᠦᠨ ᠶᠤᠮ? ᠣᠢ᠌ᠷ᠎ᠠ ᠰᠠᠳᠤᠨᠤᠳᠤᠪᠠᠨ ᠪᠠᠰᠠ ᠠᠶᠤᠵᠤ ᠣᠴᠢᠬᠤ ᠦᠬᠡᠢ ᠴᠠᠭ᠂ ᠬᠡᠨ ᠬᠤᠭᠤᠯᠠᠨ ᠭᠡᠷ ᠡᠷᠢᠵᠦ ᠭᠦᠶᠦᠬᠦ ᠪᠣᠢ ? ᠭᠡᠪᠡᠯ᠄
—ᠰᠡᠵᠢᠭ ᠦᠬᠡᠢ ᠪᠣᠯ ᠠᠵᠢᠭ ᠦᠬᠡᠢ ᠭᠡᠳᠡᠭ ᠶᠣᠰᠣᠲᠠᠢ ᠮᠡᠷᠭᠡᠨ ᠦᠭᠡ ᠪᠠᠢ᠌ᠭ᠎ᠠ ᠰᠢᠦ ᠂ ᠪᠦ᠊ ᠪᠠᠭᠰᠢ ᠡ᠂ ᠪᠢ ᠡᠷᠭᠢᠨ ᠲᠠᠨ᠎ᠲᠠᠢ ᠨᠢᠭᠡᠨ ᠴᠢᠬᠤᠯᠠ ᠤᠴᠢᠷ᠎ᠢ ᠵᠦᠪᠳᠡᠶᠡ ᠭᠡᠰᠡᠨ ᠶᠤᠮ᠃ ᠰᠠᠷ᠎ᠠ ᠰᠢᠨ᠎ᠡ᠎ᠳᠤ ᠨᠠᠢ᠌ᠷᠯᠠᠯᠳᠤᠵᠤ ᠳᠡᠢ᠌ᠯᠦᠭᠡ ᠦᠬᠡᠢ᠎ᠪᠠᠨ ᠨᠦᠬᠦᠪᠦᠷᠢᠯᠡᠵᠦ ᠪᠠᠢ᠌ᠭ᠎ᠠ ᠶᠤᠮ ᠦᠦ ? ᠪᠣᠦ ᠮᠡᠳᠡ! ᠬᠦᠮᠦᠰ ᠬᠤᠭᠤᠯᠠᠨ ᠭᠡᠷ᠎ᠲᠤ ᠬᠤᠷᠠᠨ ᠴᠣᠭᠯᠠᠷᠠᠴᠢᠬᠠᠬᠤ ᠪᠣᠯᠴᠢᠬᠠᠭᠰᠠᠨ᠃ ᠪᠢᠳᠡ ᠠᠷᠢᠬᠢ ᠳᠠᠷᠠᠰᠤ ᠤᠤᠭᠤᠬᠤ ᠦᠬᠡᠢ᠂ ᠰᠡᠯᠡᠭᠦᠦ ᠰᠢᠭ ᠴᠠᠢ ᠵᠢᠨ ᠮᠤᠬᠤᠯᠠᠭ ᠣᠯᠵᠣ ᠵᠣᠭᠣᠭᠳᠠᠵᠤ ᠰᠠᠭᠤᠶ᠎ᠠ ᠭᠡᠨ᠎ᠡ᠃
— ᠶᠠᠭ᠋ᠠᠷᠠᠣ ᠶᠠᠪᠤᠳᠠᠯ᠎ᠲᠠᠢ ᠡᠷᠢᠨ ᠪᠠᠢ᠌ᠭ᠎ᠠ ᠵᠢ ᠴᠢᠨᠢ ᠮᠡᠳᠡᠵᠦ ᠪᠠᠢ᠌ᠨ᠎ᠠ᠃ ᠬᠠᠭ᠋ᠠᠰ ᠵᠢᠯ ᠠᠭᠤᠯᠵᠠᠭ᠎ᠠ ᠦᠬᠡᠢ ᠶᠤᠮ ᠴᠢᠨᠢ ᠬᠡᠯᠡᠯᠴᠡᠵᠦ ᠰᠠᠭᠤᠶ᠎ᠠ ᠭᠡᠵᠦ ᠰᠠᠨᠠᠨ᠎ᠠ ᠰᠢᠦ᠃ ᠭᠡᠲᠡᠯ᠎ᠡ ᠪᠤᠯᠳᠠᠭ ᠪᠢᠯᠡ ᠦᠦ ᠳ᠋ᠠ? ᠭᠡᠵᠦ ᠪᠢ ᠬᠡᠳᠦᠢ ᠡᠷᠡᠭᠡᠯᠵᠡᠨ ᠳᠠᠳᠠᠭ᠋ᠠᠯᠵᠠᠭᠰᠠᠨ ᠴᠤ᠌ ᠬᠠᠰᠢ ᠯᠡ ᠣᠨᠴᠠᠭ᠋ᠠᠢ ᠵᠠᠯᠠᠯᠭ᠎ᠠ ᠵᠢ ᠨᠢ ᠬᠦᠯᠢᠶᠡᠨ ᠠᠪᠴᠠᠢ᠃
ᠬᠦᠬᠡᠬᠤᠲᠠ ᠵᠢᠨ ᠴᠠᠢ ᠵᠢᠨ ᠮᠤᠬᠤᠯᠠᠭ ᠭᠡᠳᠡᠭ ᠴᠢᠨᠢ ᠦᠨᠡᠨ᠎ᠳᠡᠭᠡᠨ ᠬᠤᠭᠤᠯᠠᠨ ᠭᠡᠷ᠎ᠲᠠᠢ ᠳᠡᠮᠡᠢ ᠴᠤ᠌ ᠢᠯᠭ᠋ᠠᠭ᠎ᠠ ᠦᠬᠡᠢ ᠶᠤᠮᠰᠠᠨ᠃ ᠬᠠᠭᠤᠷᠣᠯᠭᠠ ᠬᠠᠭ᠋ᠠᠷᠢᠯᠭᠠ ᠭᠡᠵᠦ ᠲᠡᠢ᠌ᠮᠦ ᠣᠯᠠᠨ ᠪᠠᠢ᠌ᠳᠠᠭ ᠦᠬᠡᠢ ᠪᠣᠯᠪᠠᠴᠣ ᠬᠣᠭᠣᠯᠠᠢ ᠭᠣᠪᠣᠭᠣᠨᠠᠭᠣᠯᠣᠮᠠ ᠬᠣᠨᠢ ᠦᠬᠡᠷ᠎ᠤᠨ ᠱᠠᠩᠳᠠᠭᠤᠨ ᠮᠢᠬ᠎ᠠ᠂ ᠰᠢᠯᠦᠰᠦ ᠭᠣᠭᠣᠵᠢᠭᠣᠯᠣᠮᠠ ᠲᠠᠭ᠋ᠠᠨ᠎ᠠ ᠬᠦᠮᠡᠯᠢ ᠲᠠᠷᠭᠤᠨ ᠮᠢᠬ᠎ᠠ ᠲᠠᠢ ᠪᠤᠤᠰᠠ ᠵᠢᠴᠢ ᠱᠦᠯᠦ᠎ᠲᠠᠢ ᠭᠤᠯᠢᠷ ᠂ ᠰᠢᠷ᠎ᠠ ᠲᠣᠰᠣᠲᠠᠢ ᠪᠣᠣᠪᠣ ᠠᠩᠬᠢᠯᠤᠮ᠎ᠠ ᠰᠢᠷᠭ᠋ᠠᠯ ᠰᠦ᠎ᠲᠠᠢ ᠴᠠᠢ ᠵᠡᠷᠭᠡ ᠤᠯᠠᠭ᠋ᠠᠨ ᠴᠠᠭ᠋ᠠᠨ ᠢᠳᠡᠭᠡ᠎ᠪᠠᠷ ᠳᠤᠲᠠᠬᠤ ᠪᠠᠷ ᠦᠬᠡᠢ᠃
ᠠᠷᠢᠬᠢᠨ ᠬᠤᠨᠳᠠᠭ᠎ᠠ ᠭᠤᠷᠪᠠ ᠡᠷᠭᠢᠬᠦ᠎ᠪᠠᠷ 《ᠦᠨᠢᠷ ᠴᠡᠴᠡᠭ》 ᠰᠡᠳᠭᠦᠯ᠎ᠤᠨ ᠳᠡᠳ᠋ ᠶᠡᠷᠦᠩᠬᠡᠢ ᠨᠠᠢ᠌ᠷᠠᠭᠣᠯᠣᠭᠴᠢᠠᠴᠠᠪᠠᠨ 《ᠨᠡᠢ᠌ᠭᠡᠮ》ᠰᠡᠳᠭᠦᠯ᠎ᠤᠨ ᠬᠤᠷᠢᠶᠠᠨ ᠳᠠᠷᠤᠭ᠎ᠠ ᠂ ᠶᠡᠷᠦᠩᠬᠡᠢ ᠨᠠᠢ᠌ᠷᠠᠭᠣᠯᠣᠭᠴᠢᠪᠠᠷ ᠠᠵᠢᠯ ᠰᠢᠯᠵᠢᠨ ᠣᠴᠢᠭ᠋ᠠᠳ ᠤᠳᠠᠭ᠎ᠠ ᠦᠬᠡᠢ ᠬᠣᠣᠰ ᠲᠤᠰᠢᠶᠠᠯ᠎ᠲᠠᠢ ᠶᠠᠪᠤᠭ᠎ᠠ ᠬᠠᠢ ᠹᠸᠩ᠄
—3 ᠰᠠᠷ᠎ᠠ ᠵᠢᠨ 5᠎ᠤ ᠣᠷᠣᠢ ᠵᠢᠨ ᠲᠥᠪ ᠲᠸᠯᠸᠢᠰ᠎ᠤᠨ ᠰᠣᠨᠢᠨ ᠮᠡᠳᠡᠭᠡ ᠵᠢ ᠪᠠᠭᠰᠢ ᠲᠠ ᠦᠵᠡᠯ᠎ᠡ ᠪᠢᠵᠡ ? ᠭᠡᠵᠦ ᠵᠣᠭᠣᠭ᠎ᠤᠨ ᠣᠭᠤᠲᠠ ᠵᠢ ᠨᠡᠬᠡᠬᠡᠬᠡᠳ ᠨᠢᠳᠦ᠎ᠪᠠᠷ ᠵᠶ᠋ᠠᠨ ᠢᠨᠢᠶᠡᠪᠡ᠃
— ᠦᠵᠡᠭᠰᠡᠨ᠃ ᠲᠠ ᠪᠠᠷᠤᠭ ᠮᠢᠨᠦ ᠨᠤᠲᠤᠭ᠎ᠤᠨ ᠵᠠᠯᠠᠭᠤ ᠡᠦ ᠶᠦᠨ ᠪᠦᠸᠸ ᠵᠢᠨ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠣᠯᠣᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠭᠤᠷᠪᠠᠳᠤᠭ᠋ᠠᠷ ᠪᠦᠭᠦᠳᠡ ᠬᠤᠷᠠᠯᠳᠤᠭ᠋ᠠᠨ ᠳᠡᠭᠡᠷ᠎ᠡ ᠰᠢ ᠵᠢᠨ ᠫᠢᠩ ᠶᠡᠷᠦᠩᠬᠡᠢ ᠱᠦᠵᠢ᠎ᠳᠤ 《ᠮᠠᠯᠴᠢᠨ ᠠᠢ᠌ᠯ ᠦᠬᠡᠷ ᠲᠡᠵᠢᠭᠡᠬᠦ ᠲᠤᠰᠬᠠᠢ ᠬᠤᠷᠰᠢᠶᠠᠵᠢᠯ》᠎ᠤᠨ ᠵᠶ᠋ᠠᠨ ᠲᠤᠬᠠᠢ ᠬᠠᠷᠢᠭᠤ ᠮᠡᠳᠡᠭᠦᠯᠦᠯᠲᠡ ᠬᠢᠭᠰᠡᠨ ᠪᠠᠢ᠌ᠭ᠎ᠠ ᠵᠢ ᠠᠰᠠᠭᠤᠵᠤ ᠪᠠᠢ᠌ᠨ᠎ᠠ ᠦᠦ? ᠭᠡᠪᠡᠯ᠄
— ᠲᠡᠢ᠌ᠮᠦ ᠡ ᠂ ᠬᠥᠬᠡ ᠦᠩᠭᠡ᠎ᠲᠠᠢ ᠲᠡᠷᠯᠢᠭ ᠵᠶ᠋ᠡᠨ ᠲᠡᠷᠡᠢ᠌ᠳᠡᠯᠡ ᠬᠡᠳᠡᠷᠴᠦ ᠂ ᠬᠥᠬᠡ ᠰᠠᠮᠫᠠᠨ᠎ᠲᠠᠢ ᠮᠠᠯᠠᠭ᠋ᠠᠢ ᠵᠢ ᠲᠡᠷᠢᠭᠦᠨ᠎ᠳᠤ᠎ᠪᠠᠨ ᠳᠠᠷᠤᠵᠤ᠂ ᠬᠤᠷᠳᠤᠨ ᠴᠤ᠌ ᠪᠢᠰᠢ ᠤᠳᠠᠭ᠋ᠠᠨ ᠴᠤ᠌ ᠪᠢᠰᠢ ᠦᠭᠡᠨ᠎ᠳᠤ᠎ᠪᠠᠨ ᠪᠠᠢ᠌ᠨ ᠳᠠᠬᠢᠨ 《ᠮᠠᠯᠴᠢᠨ ᠠᠢ᠌ᠯ》 ᠭᠡᠲᠡᠯ᠎ᠡ 《ᠵᠡᠭᠦᠨ ᠰᠠᠯᠠᠭ᠎ᠠ ᠭᠠᠴᠠᠭ᠎ᠠ》 ᠭᠡᠬᠦ ᠨᠡᠷᠡᠢ᠌ᠳᠦᠯ᠎ᠢ ᠬᠠᠪᠴᠢᠭᠣᠯᠣᠨ ᠶᠠᠷᠢᠭ᠋ᠠᠳ᠂ ᠶᠡᠷᠦᠩᠬᠡᠢ ᠱᠦᠵᠢ᠎ᠳᠤ ᠭᠠᠴᠠᠭ᠎ᠠ ᠠᠢ᠌ᠯ᠎ᠳᠤ ᠣᠴᠢᠬᠤ ᠵᠠᠮ ᠵᠶ᠋ᠠᠨ ᠵᠢᠭ᠋ᠠᠨ ᠥᠭᠴᠦ ᠪᠠᠢ᠌ᠭᠰᠠᠨ ᠵᠠᠷᠤᠳ ᠬᠤᠰᠢᠭᠤᠨ᠎ᠤ ᠪᠠᠶᠠᠨᠲᠠᠯ᠎ᠠ ᠰᠤᠮᠤ ᠵᠢᠨ ᠵᠡᠭᠦᠨ ᠰᠠᠯᠠᠭ᠎ᠠ ᠭᠠᠴᠠᠭ᠎ᠠ ᠵᠢᠨ ᠨᠠᠮ᠎ᠤᠨ ᠡᠭᠦᠷ᠎ᠤᠨ ᠱᠦᠵᠢ᠂ ᠭᠠᠴᠠᠭ᠎ᠠ ᠵᠢᠨ ᠵᠦᠪᠯᠡᠯ᠎ᠤᠨ ᠡᠷᠬᠢᠯᠡᠭᠴᠢ᠂《ᠮᠠᠯᠴᠢᠨ ᠠᠢ᠌ᠯ ᠦᠬᠡᠷ ᠲᠡᠵᠢᠭᠡᠬᠦ ᠲᠣᠰᠬᠠᠢ ᠬᠣᠷᠰᠢᠶᠠᠵᠢᠯ》᠎ᠤᠨ ᠬᠡᠷᠡᠭ ᠡᠷᠬᠢᠯᠡᠭᠴᠢ ᠳᠠᠷᠤᠭ᠎ᠠ ᠡᠦ ᠶᠦᠨ ᠪᠦᠸᠸ ᠵᠢ ᠬᠡᠯᠡᠵᠦ ᠪᠠᠢ᠌ᠨ᠎ᠠ᠃
—ᠦᠨᠡᠬᠡᠷ ᠭᠡᠮ ᠃ ᠡᠨᠡ ᠵᠠᠯᠠᠭᠤ ᠵᠢᠨ ᠦᠢ᠍ᠯᠡ ᠠᠵᠢᠯᠯᠠᠭ᠎ᠠ ᠵᠢ ᠰᠣᠨᠣᠰᠣᠭ᠋ᠠᠳ ᠪᠢ ᠮᠠᠰᠢ ᠰᠡᠳᠭᠢᠯ ᠬᠦᠳᠡᠯᠵᠡᠢ᠃ ᠬᠡᠴᠢᠨᠡᠬᠡᠨ ᠵᠢᠯ᠎ᠤᠨ 《ᠶᠠᠳᠠᠭᠤ ᠭᠠᠴᠠᠭ᠎ᠠ》 ᠭᠡᠰᠡᠨ ᠮᠠᠯᠠᠭ᠋ᠠᠢ ᠵᠢ ᠠᠪᠴᠣ ᠬᠠᠶᠠᠭ᠋ᠠᠳ 132 ᠡᠷᠦᠬᠡ ᠮᠠᠯᠴᠢᠨ᠎ᠢ ᠶᠠᠳᠠᠭᠤ᠎ᠠᠴᠠ ᠠᠩᠬᠢᠵᠢᠷᠠᠭᠤᠯᠵᠤ᠂ ᠪᠦᠬᠦ ᠭᠠᠴᠠᠭ᠎ᠠ ᠵᠢᠨ ᠮᠠᠯᠴᠢᠳ᠎ᠤᠨ ᠲᠡᠭᠰᠢᠳᠭᠡᠭᠰᠡᠨ ᠣᠷᠣᠯᠭ᠎ᠠ ᠵᠢ 172 ᠲᠦᠮᠡ ᠭᠠᠷᠤᠢ ᠲᠦᠭᠦᠷᠢᠭ᠎ᠲᠤ ᠬᠦᠷᠭᠡᠬᠦ ᠭᠡᠭᠴᠢ ᠨᠡᠬᠡᠷᠡᠨ ᠬᠢᠯᠪᠠᠷ ᠦᠬᠡᠢ! ᠭᠡᠬᠦ ᠪᠠᠷ ᠬᠠᠢ ᠹᠸᠩ᠄
—2014 ᠣᠨ᠎ᠤ ᠡᠬᠢᠨ᠎ᠳᠤ ᠪᠠᠢ᠌ᠭᠣᠯᠣᠭᠳᠠᠭᠰᠠᠨ《ᠮᠠᠯᠴᠢᠨ ᠠᠢ᠌ᠯ ᠬᠤᠷᠰᠢᠶᠠᠵᠢᠯ》᠎ᠨᠢ ᠲᠠᠪᠤᠨ ᠵᠢᠯ᠎ᠳᠤ 6 ᠤᠳᠠᠭ᠎ᠠ ᠂ ᠨᠡᠢ᠌ᠲᠡ 8 ᠲᠦᠮᠡ ᠭᠠᠷᠤᠢ ᠠᠰᠢᠭ ᠣᠷᠣᠯᠭ᠎ᠠ ᠬᠤᠪᠢᠶᠠᠭᠰᠠᠨ ᠵᠶ᠋ᠠᠷ ᠪᠠᠷᠠᠬᠤ ᠦᠬᠡᠢ ᠂ ᠮᠠᠯᠴᠢᠳ᠎ᠤᠨ ᠡᠮᠦᠨ᠎ᠡ᠎ᠠᠴᠠ ᠬᠠᠮᠲᠤᠷᠠᠭᠰᠠᠨ ᠡᠮᠨᠡᠯᠭᠡ ᠵᠢᠨ ᠳᠠᠭ᠋ᠠᠳᠬᠠᠯ ᠪᠠ ᠡᠳ᠋ ᠬᠦᠷᠦᠩᠭᠡ ᠵᠢᠨ ᠳᠠᠭ᠋ᠠᠳᠬᠠᠯ ᠭᠡᠵᠦ 14 ᠲᠦᠮᠡᠨ ᠮᠦᠩᠭᠦ ᠲᠤᠰᠢᠶᠠᠭᠰᠠᠨ᠎ᠨᠢ ᠪᠦᠬᠦ ᠭᠠᠴᠠᠭ᠎ᠠ ᠵᠢᠨ ᠮᠠᠯᠴᠢᠳ ᠵᠶ᠋ᠠᠨ ᠥᠪ ᠦᠨᠡᠨ ᠬᠦ᠌ ᠵᠣᠯ ᠵᠢᠷᠭ᠋ᠠᠯ᠎ᠲᠠᠢ ᠂ ᠣᠯᠵᠠ ᠣᠮᠣᠭᠲᠠᠢ ᠂ ᠠᠮᠤᠷ ᠲᠦᠪᠰᠢᠨ ᠠᠵᠤ ᠲᠦᠷᠦᠬᠦ ᠪᠤᠯᠭ᠋ᠠᠵᠠᠢ! ᠭᠡᠳ ᠲᠡᠷᠡ ᠡᠷᠡᠬᠡᠢ ᠭᠠᠷᠭ᠋ᠠᠪᠠ᠃
ᠪᠢ ᠬᠠᠢ ᠹᠸᠩ ᠶᠡᠷᠦᠩᠬᠡᠢ ᠨᠠᠢ᠌ᠷᠠᠭᠤᠯᠤᠭᠴᠢ ᠵᠢᠨ ᠬᠡᠩᠭᠡᠷᠭᠡ ᠳᠡᠭᠡᠷ᠎ᠡ ᠪᠤᠷᠴᠠᠭ ᠬᠠᠶᠠᠬᠤ ᠮᠡᠲᠦ ᠤᠭᠰᠠᠷᠠᠭᠤᠯᠤᠨ ᠬᠡᠯᠡᠬᠦ ᠵᠢ᠎ᠨᠢ ᠰᠣᠨᠣᠰᠤᠭ᠋ᠠᠳ ᠭᠠᠢ᠌ᠬᠠᠨ ᠪᠢᠰᠢᠷᠡᠵᠡᠢ᠃ ᠬᠡᠵᠢᠶ᠎ᠡ ᠬᠤᠷᠰᠢᠶ᠎ᠠ ᠪᠠᠢ᠌ᠭᠣᠯᠣᠭᠰᠠᠨ᠂ ᠬᠡᠳᠦᠢ ᠡᠷᠦᠬᠡ ᠮᠠᠯᠴᠢᠳ᠎ᠢ ᠶᠠᠳᠠᠭᠤ᠎ᠠᠴᠠ ᠠᠩᠬᠢᠵᠢᠷᠠᠭᠣᠯᠣᠭᠰᠠᠨ᠂ ᠬᠤᠷᠰᠢᠶᠠᠵᠢᠯ᠎ᠤᠨ᠎ᠬᠢᠨ ᠬᠡᠳᠦ ᠤᠳᠠᠭ᠎ᠠ ᠠᠰᠢᠭ ᠣᠷᠣᠯᠭ᠎ᠠ ᠬᠤᠪᠢᠶᠠᠭᠰᠠᠨ ᠂ ᠮᠠᠯᠴᠢᠳ᠎ᠢ ᠣᠷᠣᠯᠠᠨ ᠬᠡᠳᠦᠢ ᠮᠦᠩᠭᠦ ᠵᠢᠨ ᠬᠠᠮᠲᠤᠷᠠᠭᠰᠠᠨ ᠡᠮᠨᠡᠯᠭᠡ ᠵᠢᠨ ᠳᠠᠭ᠋ᠠᠳᠬᠠᠯ ᠪᠠ ᠡᠳ᠋ ᠬᠦᠷᠦᠩᠭᠡ ᠵᠢᠨ ᠳᠠᠭ᠋ᠠᠳᠬᠠᠯ ᠲᠤᠰᠢᠶᠠᠨ ᠪᠠᠢ᠌ᠭ᠎ᠠ ᠵᠢ ᠲᠡᠷᠡ᠎ᠪᠠᠷ ᠨᠢᠭᠡ ᠯᠡ ᠤᠳᠠᠭ᠎ᠠ ᠲᠸᠯᠸᠢᠰ ᠦᠵᠡᠮᠡᠭᠴᠡ᠎ᠪᠠᠨ ᠶᠠᠭᠤ ᠶᠦᠨᠦᠭ ᠦᠬᠡᠢ ᠪᠦᠬᠦᠨ᠎ᠢ ᠴᠡᠭᠡᠵᠢᠯᠡᠴᠢᠬᠡᠭᠰᠡᠨ ᠠᠵᠢ᠃
ᠡᠨᠡ ᠲᠤᠬᠠᠢ᠎ᠳᠤ 《ᠣᠯᠣᠰ ᠲᠦᠷᠦᠴᠢᠨ ᠰᠣᠨᠢᠨ ᠰᠡᠳᠭᠦᠯ ᠡᠷᠬᠢᠯᠡᠬᠦ ᠬᠡᠷᠡᠭᠲᠡᠢ》 ᠭᠡᠰᠡᠨ ᠲᠥᠷᠦ ᠵᠠᠰᠠᠭ᠎ᠤᠨ ᠵᠢᠭ᠋ᠠᠪᠤᠷᠢ ᠮᠢᠨᠦ ᠪᠣᠳᠣᠯ᠎ᠳᠤ ᠳᠣᠯᠠᠰᠬᠢᠨ ᠳᠣᠳᠣᠷᠠᠬᠤ ᠵᠢᠨ ᠳᠠᠭ᠋ᠠᠤ ᠂ ᠡᠳᠡᠭᠡᠷ ᠪᠦᠬᠦᠨ᠎ᠢ ᠲᠡᠷᠡ᠎ᠪᠠᠷ ᠡᠢ᠌ᠮᠦᠷᠬᠦᠦ ᠳᠣᠳᠣᠬᠠᠨ ᠶᠠᠷᠢᠨ ᠪᠠᠢ᠌ᠭ᠎ᠠ᠎ᠨᠢ ᠯᠠᠪᠲᠠᠢ ᠴᠠᠭ᠋ᠠᠨ᠎ᠠ᠎ᠪᠠᠨ ᠶᠠᠪᠤᠳᠠᠯ᠎ᠲᠠᠢ ᠭᠡᠮᠡᠨ ᠲᠦᠰᠦᠪᠯᠡᠭᠡᠳ ᠄
—ᠲᠠ ᠲᠥᠪ᠎ᠤᠨ ᠰᠣᠨᠢᠨ ᠮᠡᠳᠡᠭᠡ ᠵᠢ ᠶᠡᠷᠦ᠎ᠨᠢ ᠡᠢ᠌ᠮᠦ ᠨᠠᠷᠢᠨ ᠦᠵᠡᠵᠦ ᠲᠣᠭᠲᠠᠭ᠋ᠠᠳᠠᠭ ᠶᠤᠮ ᠦᠦ ? ᠭᠡᠵᠦ ᠯᠠᠪᠯᠠᠪᠠᠯ᠄
—ᠰᠣᠨᠢᠨ ᠰᠡᠳᠭᠦᠯ ᠡᠷᠬᠢᠯᠡᠳᠡᠭ ᠬᠦᠮᠦᠨ ᠲᠥᠪ᠎ᠤᠨ ᠰᠣᠨᠢᠨ ᠮᠡᠳᠡᠭᠡ ᠵᠢ ᠠᠩᠬᠠᠷᠬᠤ ᠦᠬᠡᠢ᠎ᠪᠠᠷ ᠶᠠᠭ᠋ᠠᠬᠢᠵᠤ ᠪᠣᠯᠬᠣ ᠪᠤᠢ᠃ ᠡᠦ ᠶᠦᠨ ᠪᠦᠸᠸ ᠱᠦᠵᠢ ᠵᠢᠨ ᠦᠢ᠍ᠯᠡ ᠠᠵᠢᠯᠯᠠᠭ᠎ᠠ ᠮᠠᠰᠢ ᠶᠡᠬᠡ ᠳᠠᠭᠤᠷᠢᠶᠠᠯ᠎ᠤᠨ ᠬᠦᠴᠦᠨ᠎ᠲᠠᠢ᠃ ᠪᠤᠯᠳᠠᠭ ᠰᠡᠨ ᠪᠣᠯ ᠪᠠᠭᠰᠢ ᠲᠠ᠂ ᠨᠤᠲᠤᠭ᠎ᠤᠨ ᠵᠶ᠋ᠠᠨ ᠥᠨᠥᠬᠢ ᠵᠠᠯᠠᠭᠤ ᠵᠢ ᠮᠠᠨ᠎ᠤ ᠰᠡᠳᠭᠦᠯ᠎ᠳᠤ ᠠᠮᠢᠯᠠᠭᠤᠯᠤᠭ᠋ᠠᠳ ᠥᠭᠴᠢᠬᠡᠬᠦ ᠦᠦ ! ᠭᠡᠵᠦ ᠲᠡᠷᠡ᠎ᠪᠠᠷ ᠤᠭ ᠰᠠᠨᠠᠭ᠎ᠠ᠎ᠪᠠᠨ ᠴᠣᠬᠣᠢ᠌ᠯᠭ᠋ᠠᠪᠠ᠃
ᠪᠢ ᠶᠤᠰᠤᠲᠠᠢ ᠶᠠᠭᠤ ᠬᠡᠯᠡᠬᠦ᠎ᠪᠠᠨ ᠣᠯᠵᠣ ᠶᠠᠳᠠᠵᠠᠢ ᠃ ᠪᠣᠯᠣᠨ᠎ᠠ ᠭᠡᠵᠦ ᠲᠣᠯᠣᠭ᠋ᠠᠢ ᠳᠣᠬᠢᠬᠤ ᠦᠦ ? ᠨᠢᠭᠡ ᠨᠣᠮ ᠪᠢᠴᠢᠨ᠎ᠡ ᠭᠡᠳᠡᠭ ᠲᠡᠢ᠌ᠮᠦ ᠬᠢᠯᠪᠠᠷ ᠦᠦ ᠳ᠋ᠠ! ᠪᠠᠷᠢᠮᠲᠠᠲᠤ ᠷᠣᠮᠠᠨ ᠭᠡᠵᠦ ᠪᠠᠢ᠌ᠭ᠎ᠠ ᠶᠤᠮ ᠴᠢᠨᠢ ᠪᠦᠲᠦᠭᠡᠯ᠎ᠤᠨ ᠣᠷᠲᠤᠴᠠ᠂ ᠦᠷᠭᠡᠴᠡ᠂ ᠭᠦᠨᠴᠡ ᠪᠦᠷ ᠱᠠᠭ᠋ᠠᠷᠳᠠᠯᠭ᠎ᠠ᠎ᠳᠤ ᠨᠡᠢ᠌ᠴᠡᠭᠰᠡᠨ ᠪᠠᠢ᠌ᠬᠤ ᠬᠡᠷᠡᠭᠲᠡᠢ ᠃ ᠥᠭᠡᠷ᠎ᠡ᠎ᠪᠠᠷ ᠬᠡᠯᠡᠪᠡᠯ᠂ ᠡᠦ ᠶᠦᠨ ᠪᠦᠸᠸ ᠵᠢᠨ ᠦᠯᠢᠭᠡᠷ ᠤᠴᠢᠷ ᠨᠢ ᠨᠢᠭᠡ ᠢᠵᠢ ᠨᠣᠮ ᠪᠤᠯᠭ᠋ᠠᠨ ᠪᠢᠴᠢᠬᠦ᠎ᠳᠤ ᠬᠦᠷᠦᠯᠴᠡᠬᠦ ᠡᠰᠡᠬᠦ ? ᠡᠰᠡ ᠲᠡᠢ᠌ᠮᠦ ᠪᠣᠯ ᠰᠠᠨᠠᠭ᠎ᠠ ᠪᠠᠢ᠌ᠭ᠋ᠠᠳ ᠣᠨᠣᠭ᠎ᠠ ᠬᠦᠷᠬᠦ ᠦᠬᠡᠢ ᠶᠠᠪᠤᠳᠠᠯ ᠪᠣᠯᠴᠢᠬᠠᠬᠤ᠎ᠨᠢ ᠲᠡᠷᠡ ᠪᠢᠰᠢ ᠦᠦ ? ᠪᠤᠯᠠᠬᠤ ᠦᠬᠡᠢ ᠭᠡᠵᠦ ᠲᠣᠯᠣᠭ᠋ᠠᠢ ᠳᠠᠮᠠᠷᠣᠳᠠᠭᠤᠯᠬᠤ ᠦᠦ ? 《ᠨᠤᠲᠤᠭ᠎ᠤᠨ ᠵᠶ᠋ᠠᠨ ᠵᠠᠯᠠᠭᠤ᠎ᠪᠠᠨ》 ᠭᠡᠵᠦ ᠬᠠᠢ ᠹᠸᠩ ᠶᠡᠷᠦᠩᠬᠡᠢ ᠨᠠᠢ᠌ᠷᠠᠭᠣᠯᠤᠭᠴᠢ ᠦᠭᠡ ᠵᠢᠨ ᠰᠢᠵᠢᠮ ᠵᠶ᠋ᠡᠨ ᠬᠡᠳᠦᠢ᠌ᠨ᠎ᠤ ᠲᠠᠯᠪᠢᠴᠢᠬᠠᠭᠰᠠᠨ ᠬᠣᠢ᠌ᠨ᠎ᠠ ᠲᠠᠰᠤ ᠬᠦᠯᠢᠶᠡᠬᠦ ᠦᠬᠡᠢ ᠪᠣᠯᠣᠭᠰᠠᠭ᠋ᠠᠷ ᠬᠡᠨ ᠠᠯᠢ᠎ᠨᠢ ᠭᠠᠰᠢᠭᠤᠨ ᠤᠲᠤᠭ᠎ᠠ᠎ᠳᠤ ᠬᠠᠬᠠᠭᠰᠠᠨ ᠮᠡᠲᠦ ᠬᠤᠭᠤᠯᠠᠢ ᠪᠦᠭᠯᠡᠷᠡᠬᠦ᠎ᠨᠢ ᠯᠠᠪᠲᠠᠢ᠃
ᠪᠢ ᠬᠠᠷᠢᠭᠤ ᠦᠬᠡᠢ ᠬᠡᠳᠦᠨ ᠮᠢᠨᠦ᠋ᠲ ᠪᠣᠳᠣᠯᠭ᠋ᠠᠰᠢᠷᠠᠪᠠ ᠃ ᠲᠦᠮᠡᠨ ᠬᠦᠮᠦᠨ ᠬᠥᠯ ᠭᠠᠷ ᠵᠶ᠋ᠠᠨ ᠬᠤᠷᠢᠶᠠᠨ ᠪᠠᠢ᠌ᠲᠠᠯ᠎ᠠ ᠡᠪᠦᠭᠡᠨ ᠪᠢ ᠶᠠᠭᠤ ᠭᠡᠮᠡᠨ ᠲᠡᠢ᠌ᠮᠦ ᠬᠤᠯᠠ ᠭᠠᠵᠠᠷ ᠵᠣᠬᠢᠶᠠᠯ ᠪᠢᠴᠢᠬᠦ ᠭᠡᠵᠦ ᠣᠴᠢᠵᠤ ᠲᠡᠪᠵᠢᠶᠡᠷᠡᠬᠦ ᠪᠣᠢ ᠭᠡᠰᠡᠨ ᠮᠠᠶᠢᠭᠲᠠᠢ ᠬᠠᠢ ᠹᠸᠩ ᠶᠡᠷᠦᠩᠬᠡᠢ ᠨᠠᠢ᠌ᠷᠠᠭᠣᠯᠣᠭᠴᠢ ᠵᠢ ᠪᠢ ᠬᠠᠷᠠᠵᠤ ᠠᠪᠤᠪᠠ᠃
《ᠪᠢ ᠴᠤ᠌ ᠡᠨᠡ ᠬᠦ᠌ ᠰᠠᠨᠠᠭ᠎ᠠ᠎ᠪᠠᠨ ᠪᠠᠭᠰᠢ ᠲᠠᠨ᠎ᠳᠤ ᠬᠡᠯᠡᠬᠦ ᠦᠦ ᠂ ᠪᠠᠢ᠌ᠬᠤ ᠦᠦ ? ᠭᠡᠵᠦ ᠳᠠᠬᠢᠨ ᠳᠠᠪᠳᠠᠨ ᠪᠣᠳᠣᠯᠬᠢᠯᠠᠵᠠᠢ᠃ ᠭᠡᠶ᠎ᠡ᠂ ᠨᠤᠲᠤᠭ᠎ᠤᠨ ᠵᠶ᠋ᠠᠨ ᠲᠤᠬᠠᠢ ᠤᠷᠲᠤ ᠪᠦᠲᠦᠭᠡᠯ ᠪᠢᠴᠢᠭᠡ ᠦᠬᠡᠢ ᠭᠡᠵᠦ ᠪᠠᠭᠰᠢ ᠲᠠ 10 ᠪᠤᠳᠢ ᠵᠣᠬᠢᠶᠠᠯ᠎ᠤᠨ ᠲᠡᠭᠦᠪᠦᠷᠢ ᠵᠢᠨ ᠵᠶ᠋ᠡᠨ ᠠᠩᠬ᠎ᠠ ᠲᠠᠷᠬᠠᠭ᠋ᠠᠬᠤ ᠶᠤᠰᠤᠯᠠᠯ ᠳᠤ ᠮᠠᠰᠢ ᠬᠠᠷᠠᠮᠰᠠᠯᠲᠠᠢ ᠬᠡᠯᠡᠵᠦ ᠪᠠᠢ᠌ᠭᠰᠠᠨ᠎ᠢ ᠴᠢᠨᠢ ᠰᠠᠨᠠᠵᠤ ᠣᠯᠣᠭ᠋ᠠᠳ ᠡᠷᠡᠭᠡ ᠦᠬᠡᠢ ᠶᠠᠷᠢᠴᠢᠬᠠᠯ᠎ᠠ᠃ ᠶᠡᠷᠦᠩᠬᠡᠢ ᠱᠦᠵᠢ᠎ᠲᠠᠢ ᠨᠢᠭᠤᠷᠳᠠᠨ ᠰᠠᠭᠤᠵᠤ ᠪᠠᠢ᠌ᠭ᠋ᠠᠳ ᠠᠢ᠌ᠯ ᠭᠠᠴᠠᠭ᠎ᠠ ᠵᠢᠨ ᠵᠶ᠋ᠡᠨ ᠲᠤᠬᠠᠢ ᠠᠷᠪᠠᠨ ᠬᠡᠳᠦᠨ ᠮᠢᠨᠦ᠋ᠲ ᠤᠨ ᠬᠠᠷᠢᠭᠤ ᠮᠡᠳᠡᠭᠦᠯᠦᠯᠲᠡ ᠬᠢᠬᠦ ᠭᠡᠭᠴᠢ ᠶᠠᠮᠠᠷ ᠶᠡᠬᠡ ᠠᠵᠠ ᠲᠤᠬᠢᠶᠠᠯ ᠪᠣᠯᠬᠣ ᠠᠵᠢ! ᠪᠢ ᠥᠨᠥᠬᠢ ᠬᠠᠮᠤᠭ᠎ᠤᠨ ᠶᠡᠬᠡ ᠪᠠᠶᠠᠷᠲᠤ ᠮᠡᠳᠡᠭᠡ ᠵᠢ ᠬᠠᠮᠤᠭ᠎ᠤᠨ ᠲᠦᠷᠦᠬᠦᠦ ᠴᠠᠭ᠎ᠲᠤ ᠬᠠᠮᠤᠭ ᠤᠨ ᠲᠦᠷᠭᠡᠨ ᠬᠤᠷᠳᠤᠴᠠ᠂ ᠬᠠᠮᠤᠭ ᠤᠨ ᠰᠢᠯᠢᠳᠡᠭ ᠪᠦᠲᠦᠭᠡᠯ ᠂ ᠬᠠᠮᠤᠭ᠎ᠤᠨ ᠰᠤᠨᠢᠷᠬᠠᠯ᠎ᠲᠠᠢ ᠦᠯᠢᠭᠡᠷ ᠦᠢ᠍ᠯᠡ᠎ᠪᠠᠷ ᠣᠩᠰᠢᠭᠴᠢᠳᠲᠤᠪᠠᠨ ᠳᠠᠮᠵᠢᠭᠣᠯᠣᠶᠠ ᠭᠡᠵᠦ ᠪᠣᠳᠣᠭ᠋ᠠᠳ᠂ ᠪᠠᠭᠰᠢ ᠲᠠᠨ᠎ᠢ ᠣᠨᠴᠠᠭ᠋ᠠᠢ᠌ᠯᠠᠨ ᠤᠷᠢᠨ ᠪᠠᠢ᠌ᠭ᠎ᠠ᠎ᠨᠢ ᠡᠨᠡ》 ᠭᠡᠵᠦ ᠲᠡᠷᠡ᠎ᠪᠠᠷ ᠶᠠᠷᠢᠨ᠎ᠠ᠃
ᠦᠨᠳᠦᠰᠦᠨ ᠱᠠᠲᠤᠨ᠎ᠤ ᠱᠦᠵᠢ ᠡᠦ ᠶᠦᠨ ᠪᠦᠸᠸ ᠵᠢᠨ ᠦᠢ᠍ᠯᠡ ᠠᠵᠢᠯᠯᠠᠭ᠎ᠠ ᠵᠢ ᠬᠠᠷᠠᠭ᠋ᠠᠳ ᠪᠢ ᠨᠢᠭᠡ ᠳᠣᠭᠳᠣᠯᠣᠯᠠ ᠭᠡᠬᠦ᠎ᠳᠤ ᠬᠠᠢ ᠹᠸᠩ ᠶᠡᠷᠦᠩᠬᠡᠢ ᠨᠠᠢ᠌ᠷᠠᠭᠣᠯᠣᠭᠴᠢ ᠵᠢᠨ ᠬᠠᠷᠢᠭᠣᠴᠠᠯᠭ᠋ᠠᠲᠤ ᠰᠡᠳᠭᠢᠯ᠎ᠢ ᠮᠡᠳᠡᠷᠡᠭᠡᠳ ᠪᠠᠰᠠ ᠨᠢᠭᠡ ᠶᠡᠬᠡ ᠢᠭᠳᠦᠯᠵᠦ ᠪᠢᠯᠡ᠃
2000 ᠣᠨ᠎ᠤ ᠡᠬᠢ᠎ᠪᠠᠷ᠂ ᠪᠢ ᠴᠤ᠌ ᠶᠠᠳᠠᠭᠤ ᠵᠢ ᠲᠡᠳᠭᠦᠬᠦ ᠬᠦᠨᠳᠦ ᠡᠭᠦᠷᠭᠡ ᠵᠢ ᠠᠴᠢᠶᠠᠯᠠᠭ᠋ᠠᠳ ᠬᠦᠳᠡᠭᠡ ᠲᠤᠰᠬᠤᠨ᠎ᠤ ᠨᠢᠭᠡᠨ ᠭᠠᠴᠠᠭ᠎ᠠ ᠵᠢ ᠳᠠᠭ᠋ᠠᠭ᠋ᠠᠴᠢᠯᠠᠭᠰᠠᠨ ᠤᠳᠠᠭ᠎ᠠ᠎ᠲᠠᠢ᠃ ᠲᠤᠬᠠᠢ ᠵᠢᠨ ᠦᠶ᠎ᠡ᠎ᠳᠤ ᠲᠦᠩᠯᠢᠶᠤᠤ ᠬᠤᠲᠠ ᠵᠢᠨ᠎ᠬᠢᠨ᠂ ᠬᠤᠰᠢᠭᠤ ᠭᠠᠵᠠᠷ᠎ᠤᠨ ᠳᠡᠰ᠎ᠤᠨ ᠺᠠᠳ᠋ᠷ ᠬᠦᠮᠦᠨ ᠪᠦᠬᠦᠨ ᠨᠢᠭᠡ ᠶᠠᠳᠠᠭᠤ ᠬᠦᠴᠢᠷᠳᠡᠯᠲᠡᠢ ᠠᠢ᠌ᠯᠢ ᠳᠠᠭ᠋ᠠᠭ᠋ᠠᠴᠢᠯᠠᠵᠤ᠂ ᠭᠤᠷᠪᠠᠨ ᠵᠢᠯ᠎ᠳᠤ ᠶᠠᠳᠠᠭᠤ ᠮᠠᠯᠠᠭ᠋ᠠᠢ ᠵᠢ᠎ᠨᠢ ᠠᠪᠴᠣ ᠬᠠᠶᠠᠵᠤ ᠳᠡᠢ᠌ᠯᠪᠡᠯ᠂ ᠰᠠᠷ᠎ᠠ ᠵᠢᠨ ᠴᠠᠯᠢᠩ ᠮᠦᠩᠭᠦ ᠵᠢ᠎ᠨᠢ ᠬᠤᠶᠠᠷ ᠳᠡᠰ ᠦᠰᠦᠷᠭᠡᠨ ᠱᠠᠩᠨᠠᠵᠤ᠂ ᠬᠡᠷᠪᠡ ᠭᠤᠷᠪᠠᠨ ᠵᠢᠯ᠎ᠳᠤ ᠶᠠᠳᠠᠭᠤ᠎ᠠᠴᠠ ᠠᠩᠬᠢᠵᠢᠷᠠᠭᠤᠯᠵᠤ ᠳᠡᠢ᠌ᠯᠬᠦ ᠦᠬᠡᠢ ᠶᠤᠮ ᠪᠣᠯ ᠰᠠᠷ᠎ᠠ ᠵᠢᠨ ᠴᠠᠯᠢᠩ᠎ᠢ᠎ᠨᠢ ᠨᠢᠭᠡ ᠳᠡᠰ ᠪᠠᠭᠤᠷᠠᠭᠤᠯᠤᠨ ᠲᠤᠷᠭ᠋ᠠᠭ᠋ᠠᠬᠤ ᠭᠡᠰᠡᠨ ᠬᠤᠲᠠ ᠵᠢᠨ ᠵᠠᠰᠠᠭ᠎ᠤᠨ ᠣᠷᠳᠣᠨ᠎ᠤ ᠤᠯᠠᠭ᠋ᠠᠨ ᠦᠰᠦᠭᠲᠦ ᠮᠠᠲᠸᠷᠢᠶᠠᠯ᠎ᠤᠨ ᠳᠤᠭᠲᠠᠭ᠋ᠠᠯᠲᠠᠢ᠃ ᠭᠡᠬᠦ᠎ᠳᠤ᠎ᠪᠠᠨ ᠳᠣᠷᠣᠭᠰᠢ ᠪᠠᠭᠣᠭᠰᠠᠨ ᠺᠠᠳ᠋ᠷ᠎ᠲᠤ ᠬᠤᠲᠠ ᠵᠢᠨ ᠡᠳ᠋᠎ᠤᠨ ᠵᠠᠰᠠᠭ᠎ᠤᠨ ᠲᠣᠪᠴᠢᠶ᠎ᠠ᠎ᠠᠴᠠ ᠵᠢᠯ᠎ᠳᠤ 10 ᠲᠦᠮᠡᠨ ᠵᠣᠭᠣᠰ ᠥᠭᠴᠦ᠂ ᠭᠤᠷᠪᠠᠨ ᠵᠢᠯ ᠳᠤ 30 ᠲᠦᠮᠡᠨ ᠮᠦᠩᠭᠦ᠎ᠪᠠᠷ ᠶᠠᠳᠠᠭᠤ ᠡᠷᠦᠬᠡ ᠵᠢᠨ ᠠᠮᠢᠳᠤᠷᠠᠯ᠎ᠢ ᠥᠭᠡᠳᠡ ᠲᠠᠲᠠᠵᠤ᠂ ᠭᠠᠴᠠᠭ᠎ᠠ ᠵᠢᠨ ᠥᠭᠡᠷ᠎ᠡ ᠪᠤᠰᠤᠳ ᠬᠦᠮᠦᠰ᠎ᠲᠠᠢ ᠠᠳᠠᠯᠢᠬᠠᠨ ᠠᠰᠢᠭ ᠣᠷᠣᠯᠭ᠎ᠠ᠎ᠲᠠᠢ ᠪᠣᠯᠭ᠋ᠠᠬᠤ ᠠᠵᠢ᠃
ᠨᠢᠭᠡᠨᠲᠡ ᠴᠠᠯᠢᠩ ᠬᠦᠯᠦᠰᠦ᠎ᠲᠠᠢ᠎ᠨᠢ ᠬᠡᠯᠡᠯᠴᠡᠴᠢᠬᠡᠭᠰᠡᠨ ᠤᠴᠢᠷ᠂ ᠶᠠᠳᠠᠭᠤ ᠠᠢ᠌ᠯᠢ ᠳᠠᠭ᠋ᠠᠭ᠋ᠠᠴᠢᠯᠠᠭᠰᠠᠨ ᠤᠳᠤᠷᠢᠳᠤᠯᠭ᠎ᠠ ᠵᠢᠨ ᠬᠡᠨ᠎ᠨᠢ ᠠᠮᠢ ᠴᠦᠯᠡᠨ ᠵᠢᠳᠬᠦᠬᠦ ᠦᠬᠡᠢ ᠪᠠᠢ᠌ᠵᠤ ᠴᠢᠳᠠᠬᠤ ᠪᠢᠯᠡ ! ᠲᠡᠭᠡᠭᠡᠳ ᠡᠳ᠋᠎ᠤᠨ ᠵᠠᠰᠠᠭ᠎ᠠᠴᠠ ᠪᠠᠭᠤᠯᠭ᠋ᠠᠬᠤ 30 ᠲᠦᠮᠡᠨ ᠵᠣᠭᠣᠰ᠎ᠢ ᠶᠠᠳᠠᠭᠤ ᠵᠢ ᠲᠡᠳᠭᠦᠬᠦ ᠺᠠᠳ᠋ᠷ ᠡᠷᠬᠡ ᠮᠡᠳᠡᠨ ᠬᠡᠷᠡᠭᠯᠡᠵᠦ ᠪᠤᠯᠳᠠᠭ ᠤᠴᠢᠷ᠂ ᠬᠠᠰᠢᠶᠠᠨ ᠳᠣᠳᠣᠷ᠎ᠠ᠎ᠨᠢ ᠦᠬᠡᠷ ᠂ ᠬᠣᠨᠢ ᠢᠮᠠᠭ᠎ᠠ᠎ᠲᠠᠢ ᠂ ᠬᠦᠷᠢᠶᠡᠨ ᠳᠣᠳᠣᠷ᠎ᠠ᠎ᠨᠢ ᠭᠠᠬᠠᠢ᠂ ᠳᠠᠬᠢᠶ᠎ᠠ ᠭᠠᠯᠠᠭᠤ᠎ᠲᠠᠢ ᠪᠤᠯᠵᠤ᠂ ᠭᠤᠷᠪᠠᠨ ᠵᠢᠯ ᠳᠡᠭᠡᠷ᠎ᠡ᠎ᠪᠠᠨ ᠮᠠᠨ᠎ᠤ᠎ᠬᠢᠨ ᠤᠤᠯ ᠲᠤᠭᠳᠠᠭ᠋ᠠᠯ ᠵᠶ᠋ᠠᠷ ᠬᠤᠶᠠᠷ ᠳᠡᠰ ᠴᠠᠯᠢᠩ ᠦᠰᠦᠭᠰᠡᠨ ᠦᠬᠡᠢ ᠪᠣᠯᠪᠠᠴᠣ ᠬᠤᠶᠠᠷ ᠮᠢᠩᠭ᠋ᠠᠨ ᠵᠣᠭᠣᠰ ᠵᠶ᠋ᠠᠷ ᠱᠠᠩᠨᠠᠭᠳᠠᠪᠠ᠃ ᠭᠡᠪᠡᠴᠦ ᠳᠠᠬᠢᠭ᠋ᠠᠳ ᠭᠤᠷᠪᠠᠨ ᠵᠢᠯ ᠪᠣᠯᠬᠣᠯᠠᠷ᠂ ᠶᠠᠭᠤ ᠳᠤᠲᠠᠪᠠᠯ ᠶᠠᠭᠤ ᠵᠢ᠎ᠨᠢ ᠬᠤᠳᠠᠯᠳᠤᠨ ᠠᠪᠴᠤ ᠥᠭᠭᠦᠭᠰᠡᠨ ᠲᠡᠳᠡᠭᠡᠷ ᠶᠠᠳᠠᠭᠤ ᠡᠷᠦᠬᠡ ᠵᠢᠨ ᠣᠯᠠᠩᠬᠢ᠎ᠨᠢ ᠳᠠᠬᠢᠭ᠋ᠠᠳ ᠶᠠᠳᠠᠭᠤᠷᠠᠴᠢᠬᠠᠭᠰᠠᠨᠢ ᠶᠠᠭ᠋ᠠᠬᠢᠯᠲᠠᠢ ᠪᠢᠯᠡ᠃
ᠥᠨᠥᠬᠢ᠎ᠨᠢ ᠭᠣᠣᠯᠳᠠᠭᠤ ᠡᠪᠡᠳᠴᠢᠨ ᠡᠮᠭᠡᠭ᠎ᠲᠤ ᠳᠠᠷᠤᠯᠠᠭᠳᠠᠭᠰᠠᠨ ᠂ ᠦᠷ᠎ᠡ ᠬᠡᠦᠭᠡᠳ ᠦᠮᠦᠭ ᠲᠦᠰᠢᠭ ᠦᠬᠡᠢ᠂ ᠠᠯᠵᠠᠭᠤ ᠵᠠᠯᠬᠠᠭᠤ ᠂ ᠠᠷᠢᠬᠢᠨ ᠰᠣᠭᠲᠤᠭᠤ᠂ ᠮᠦᠷᠦᠢ ᠵᠢᠨ ᠨᠠᠭ᠋ᠠᠳᠤᠮᠴᠢᠨ ᠡᠰᠡᠬᠦᠯ᠎ᠡ ᠡᠵᠡᠩᠨᠡᠯᠲᠡ ᠬᠠᠮᠢᠶᠠᠷᠤᠯᠲᠠ᠎ᠳᠤ᠎ᠪᠠᠨ ᠠᠨᠠᠢ᠂ ᠴᠢᠨᠠᠭᠰᠢᠯᠠᠪᠠᠯ ᠦᠵᠡᠯ ᠪᠣᠳᠣᠯ᠎ᠨᠢ ᠬᠣᠴᠣᠷᠣᠩᠭᠣᠢ ᠬᠡᠪᠰᠢᠮᠡᠯ ᠮᠡᠲᠦ ᠰᠢᠯᠲᠠᠭ᠋ᠠᠨ᠎ᠠᠴᠠ ᠪᠣᠯᠣᠭᠰᠠᠨ᠎ᠨᠢ ᠳᠣᠳᠣᠷᠬᠠᠢ᠃
ᠨᠢᠭᠤᠪᠠᠴᠣ ᠨᠢᠷᠤᠭᠤ ᠪᠠᠷ᠎ᠨᠢ ᠢᠯᠡ᠂ ᠳᠠᠯᠳᠠᠯᠠᠪᠠᠴᠣ ᠳᠠᠯᠤ ᠪᠠᠷ᠎ᠨᠢ ᠢᠯᠡ ᠡᠨᠡ ᠬᠦ᠌ ᠠᠰᠠᠭᠤᠳᠠᠯ᠎ᠢ ᠪᠢ ᠤᠳᠠᠭ᠋ᠠᠨ ᠡᠳᠦᠷ ᠵᠤᠵᠠᠭ᠋ᠠᠨ ᠬᠤᠨᠤᠭ ᠵᠶ᠋ᠠᠷ ᠪᠣᠳᠣᠯᠬᠢᠯᠠᠵᠠᠢ ᠃ ᠴᠢᠰᠤ ᠶᠡᠭᠦᠯᠡᠬᠦ ᠰᠢᠭ ᠡᠢ᠌ᠮᠦᠷᠬᠦᠦ ᠶᠠᠳᠠᠭᠤ ᠵᠢ ᠲᠡᠳᠭᠦᠬᠦ ᠠᠷᠭ᠎ᠠ ᠬᠤᠯᠠ ᠶᠠᠪᠤᠵᠤ ᠳᠡᠢ᠌ᠯᠬᠦ ᠦᠬᠡᠢ ᠭᠡᠳᠡᠭ᠎ᠢ ᠪᠢ ᠳᠣᠳᠣᠷᠬᠠᠢ ᠦᠵᠡᠵᠦ ᠭᠠᠷᠤᠭᠰᠠᠨ ᠪᠣᠯᠪᠠᠴᠣ ᠴᠣᠬᠣᠮ ᠶᠠᠭ᠋ᠠᠬᠢᠪᠠᠯ ᠰᠠᠶᠢ ᠶᠠᠩᠵᠤ ᠪᠦᠷᠢ ᠵᠢᠨ ᠰᠢᠯᠲᠠᠭ᠋ᠠᠨ᠎ᠠᠴᠠ ᠪᠣᠯᠵᠣᠭ ᠶᠠᠪᠤᠬᠤ ᠳᠣᠲᠤᠮ ᠤᠷᠤᠭᠤᠳᠠᠬᠤ ᠲᠡᠳᠡᠭᠡᠷ ᠬᠦᠮᠦᠰ᠎ᠤᠨ ᠠᠮᠢᠳᠤᠷᠠᠯ᠎ᠢ ᠬᠡᠷᠬᠢᠨ ᠦᠨᠳᠦᠰᠦ᠎ᠠᠴᠠ ᠨᠢ ᠰᠢᠢ᠍ᠳᠪᠦᠷᠢᠯᠡᠬᠦ ᠠᠷᠭ᠎ᠠ ᠵᠠᠮ᠎ᠢ ᠶᠡᠷᠦ᠎ᠨᠢ ᠪᠤᠳᠤᠵᠤ ᠣᠯᠣᠭᠰᠠᠨ ᠦᠬᠡᠢ᠃
《ᠮᠠᠯᠴᠢᠨ ᠠᠢ᠌ᠯ ᠦᠬᠡᠷ ᠲᠡᠵᠢᠭᠡᠬᠦ ᠬᠤᠷᠰᠢᠶᠠᠵᠢᠯ》᠎ᠤᠨ ᠠᠨᠠᠷ᠎ᠤᠨ ᠦᠷ᠎ᠡ ᠰᠢᠭ ᠨᠢᠭᠳᠠᠷᠠᠯᠴᠠᠨ᠂ ᠮᠠᠯ ᠣᠨᠣᠭ᠎ᠠ ᠂ ᠲᠠᠷᠢᠶᠠᠨ ᠭᠠᠵᠠᠷ᠂ ᠪᠡᠯᠴᠢᠭᠡᠷ ᠬᠠᠳᠤᠯᠠᠩ᠂ ᠶᠠᠳᠠᠭᠤ᠎ᠠᠴᠠ ᠠᠩᠬᠢᠵᠢᠷᠠᠭᠤᠯᠬᠤ ᠳᠡᠳᠭᠦᠮᠵᠢ ᠵᠢᠨ ᠮᠦᠩᠭᠦ ᠵᠡᠷᠭᠡ ᠪᠠᠷ ᠵᠶ᠋ᠠᠨ ᠬᠤᠷᠰᠢᠶᠠᠵᠢᠯ᠎ᠳᠤ ᠬᠤᠪᠢ ᠣᠷᠣᠨ᠂ ᠬᠤᠷᠰᠢᠶᠠᠵᠢᠯ᠎ᠠᠴᠠ ᠨᠢᠭᠡᠲᠦᠯᠲᠡᠢ ᠡᠵᠡᠩᠨᠡᠨ ᠬᠠᠮᠢᠶᠠᠷᠴᠣ᠂ ᠬᠤᠪᠢ ᠣᠷᠣᠭᠰᠠᠨ ᠮᠠᠯᠴᠢᠨ ᠠᠷᠠᠳ᠎ᠲᠤ ᠵᠢᠯ ᠪᠦᠷᠢ ᠠᠰᠢᠭ ᠮᠦᠩᠭᠦ ᠬᠤᠪᠢᠶᠠᠨ ᠥᠭᠬᠦ᠎ᠪᠠᠷ ᠦᠯᠦ ᠪᠠᠷᠠᠨ ᠢᠳᠡᠭ ᠢᠳᠡᠭ ᠵᠶ᠋ᠡᠷ ᠮᠠᠯ ᠣᠨᠣᠭ᠎ᠠ ᠴᠤ᠌ ᠬᠤᠪᠢᠳᠠᠨ ᠥᠭᠬᠦ᠎ᠨᠢ ᠮᠢᠨᠦ ᠣᠨ ᠵᠢᠯᠵᠢᠨ ᠪᠤᠳᠤᠯᠭ᠋ᠠᠰᠢᠷᠠᠭᠰᠠᠨ ᠡᠨᠡ ᠬᠦ᠌ ᠠᠰᠠᠭᠤᠳᠠᠯ᠎ᠳᠤ ᠮᠣᠩᠭᠣᠯ ᠭᠡᠷ᠎ᠤᠨ ᠡᠷᠦᠬᠡ ᠵᠢ ᠰᠡᠭᠦᠭᠰᠡᠨ ᠮᠡᠲᠦ ᠭᠡᠢ᠌ᠲᠡᠯᠡ ᠬᠠᠷᠢᠭᠤᠯᠲᠠ ᠥᠭᠴᠡᠢ᠃
《ᠡᠦ ᠶᠦᠨ ᠪᠦᠸᠸ ᠱᠦᠵᠢ ᠵᠢᠨ 〈ᠦᠬᠡᠷ ᠲᠡᠵᠢᠭᠡᠬᠦ ᠲᠤᠰᠬᠠᠢ ᠬᠤᠷᠰᠢᠶᠠᠵᠢᠯ〉ᠪᠠᠢ᠌ᠭᠣᠯᠣᠭᠰᠠᠨ᠎ᠨᠢ ᠴᠢᠰᠤ ᠶᠡᠭᠦᠯᠡᠬᠦ ᠪᠢᠰᠢ᠂ ᠬᠠᠷᠢᠨ ᠴᠢᠰᠤ ᠪᠦᠲᠦᠭᠡᠬᠦ ᠰᠢᠨ᠎ᠡ ᠠᠷᠭ᠎ᠠ ᠵᠠᠮ᠎ᠢ ᠮᠠᠰᠢ ᠤᠶᠤᠨᠯᠢᠭ ᠨᠡᠬᠡᠬᠡᠵᠡᠢ!》 ᠭᠡᠰᠡᠨ ᠬᠠᠢ ᠹᠸᠩ ᠶᠡᠷᠦᠩᠬᠡᠢ ᠨᠠᠢ᠌ᠷᠠᠭᠣᠯᠣᠭᠴᠢ ᠵᠢᠨ ᠬᠤᠶᠠᠷᠬᠠᠨ ᠦᠭᠡ ᠨᠠᠮ᠎ᠠ ᠵᠢ ᠰᠠᠭᠤᠵᠤ ᠶᠠᠳᠠᠮ᠎ᠠ ᠣᠪᠣᠯᠵᠠᠭᠣᠯᠣᠭ᠋ᠠᠳ᠂ 《ᠡᠪᠦᠭᠡᠨ ᠪᠠᠭᠰᠢ᠎ᠨᠢ ᠴᠢᠩᠭᠢᠪᠡᠯ ᠨᠤᠲᠤᠭ ᠥᠭᠡᠳᠡ᠎ᠪᠠᠨ ᠨᠢᠭᠡ ᠳᠠᠪᠬᠢᠭᠤᠯᠴᠢᠬᠠᠬᠤ ᠦᠦ ᠳ᠋ᠠ!》 ᠭᠡᠰᠡᠨ ᠦᠭᠡ ᠵᠢ ᠦᠪᠡᠷ᠎ᠤᠨ ᠡᠷᠬᠡ ᠦᠬᠡᠢ ᠬᠡᠯᠡᠨ ᠭᠠᠷᠭ᠋ᠠᠪᠠ᠃ ᠦᠨᠡᠨ᠎ᠳᠤ᠎ᠪᠠᠨ ᠡᠨᠡ ᠦᠭᠡ ᠵᠢ ᠨᠠᠮ᠎ᠠ ᠵᠢ ᠬᠡᠯᠡᠯ᠎ᠡ ᠭᠡᠬᠦ ᠵᠢᠨ ᠣᠷᠣᠨ᠎ᠳᠤ ᠬᠠᠢ ᠹᠸᠩ ᠶᠡᠷᠦᠩᠬᠡᠢ ᠨᠠᠢ᠌ᠷᠠᠭᠣᠯᠣᠭᠴᠢ ᠬᠡᠯᠡᠭᠦᠯᠵᠡᠢ ᠭᠡᠪᠡᠯ ᠨᠡᠩ ᠣᠨᠣᠪᠴᠢᠲᠠᠢ ᠪᠠᠢ᠌ᠭ᠎ᠠ ᠶᠤᠮ᠃
ᠲᠡᠭᠡᠭᠡᠳ ᠰᠠᠷ᠎ᠠ ᠰᠢᠬᠠᠮ᠎ᠤᠨ ᠰᠣᠷᠪᠣᠯᠵᠢᠯᠠᠭ᠎ᠠ᠎ᠪᠠᠷ ᠳᠠᠮᠵᠢᠭ᠋ᠠᠳ ᠪᠢᠳᠡ ᠪᠠᠷᠢᠮᠲᠠᠲᠤ ᠷᠣᠮᠠᠨ《ᠮᠠᠯᠴᠢᠨ ᠠᠢ᠌ᠯ᠎ᠤᠨ ᠵᠠᠮ》᠎ᠤᠨ ᠵᠶ᠋ᠠᠨ 《ᠮᠠᠯᠴᠢᠨ ᠵᠠᠯᠠᠭᠤ ᠵᠢᠨ ᠠᠵᠠ ᠲᠤᠬᠢᠶᠠᠯ》᠂《ᠰᠠᠢ᠌ᠨ ᠬᠦᠮᠦᠨ᠎ᠤ ᠦᠷ᠎ᠡ》᠂《ᠵᠠᠷᠤᠳ ᠬᠤᠰᠢᠭᠤᠨ ᠳᠤ ᠵᠡᠭᠦᠨ ᠰᠠᠯᠠᠭ᠎ᠠ ᠭᠡᠮᠡᠬᠦ ᠨᠢᠭᠡᠨ ᠭᠠᠴᠠᠭ᠎ᠠ ᠪᠣᠢ》᠂《ᠮᠠᠯᠴᠢᠨ ᠠᠢ᠌ᠯ᠂ ᠮᠠᠨ᠎ᠤ ᠠᠢ᠌ᠯ》 ᠭᠡᠬᠦ ᠨᠢᠭᠡᠳᠦᠭᠡᠷ ᠪᠦᠯᠦᠭ ᠪᠠ《ᠠᠢ᠌ᠯ᠎ᠤᠨ ᠣᠯᠣᠰ᠎ᠲᠤ᠎ᠪᠠᠨ ᠲᠣᠭᠣᠭᠳᠠᠭᠰᠠᠨ ᠵᠠᠯᠠᠭᠤ》᠂《ᠭᠠᠴᠠᠭ᠋ᠠᠨ᠎ᠤ ᠵᠦᠪᠯᠡᠯ᠎ᠤᠨ ᠰᠢᠨ᠎ᠡ ᠡᠷᠬᠢᠯᠡᠭᠴᠢ》᠂《ᠦᠶᠡᠷ ᠢ ᠰᠡᠷᠭᠡᠢ᠌ᠯᠡᠬᠦ ᠬᠠᠰᠢᠯᠭ᠎ᠠ》᠂《ᠺᠠᠩ ᠡᠵᠢ ᠵᠢᠨ ᠲᠠᠯᠠᠷᠬᠠᠯ》᠂《ᠪᠠᠭᠰᠢ ᠰᠣᠷᠣᠭᠴᠢᠳ᠎ᠤᠨ ᠪᠠᠶᠠᠰᠤᠯ》᠂《ᠡᠷᠬᠢᠮ ᠬᠦᠮᠦᠨ᠎ᠤ ᠳᠡᠮᠵᠢᠯᠭᠡ》 ᠭᠡᠬᠦ ᠬᠤᠶᠠᠳᠤᠭ᠋ᠠᠷ ᠪᠦᠯᠦᠭ ᠵᠶ᠋ᠡᠨ ᠪᠢᠴᠢᠵᠦ ᠳᠠᠭᠤᠰᠬᠠᠭ᠋ᠠᠳ《ᠨᠡᠢ᠌ᠭᠡᠮ》ᠰᠡᠳᠭᠦᠯ ᠤᠨ ᠢᠮᠸᠯ᠎ᠳᠤ ᠶᠠᠪᠤᠭᠤᠯᠪᠠ᠃
ᠠᠷᠠᠢ ᠬᠤᠶᠠᠷ ᠡᠳᠦᠷ ᠪᠣᠯᠣᠭᠰᠠᠨ ᠦᠬᠡᠢ ᠂ ᠬᠠᠢ ᠹᠸᠩ ᠶᠡᠷᠦᠩᠬᠡᠢ ᠨᠠᠢ᠌ᠷᠠᠭᠣᠯᠣᠭᠴᠢ ᠤᠲᠠᠰᠤ ᠢᠷᠡᠭᠦᠯᠵᠦ ᠄ 《ᠮᠠᠨ᠎ᠤ ᠰᠡᠳᠭᠦᠯ᠎ᠤᠨ 2020 ᠣᠨ᠎ᠤ ᠵᠢᠷᠭᠣᠳᠤᠭ᠋ᠠᠷ ᠬᠤᠭᠤᠴᠠᠭ᠎ᠠ᠎ᠠᠴᠠ ᠡᠬᠢᠯᠡᠭᠡᠳ ᠲᠠᠨ᠎ᠤ ᠪᠠᠷᠢᠮᠲᠠᠲᠤ ᠷᠣᠮᠠᠨ〈ᠮᠠᠯᠴᠢᠨ ᠠᠢ᠌ᠯ᠎ᠤᠨ ᠵᠠᠮ〉᠎ᠢ ᠦᠷᠭᠦᠯᠵᠢᠯᠡᠨ ᠨᠡᠢ᠌ᠲᠡᠯᠡᠬᠦ᠎ᠪᠠᠷ ᠪᠤᠯᠵᠠᠢ᠃ ᠡᠭᠦᠨᠴᠢᠯᠡᠨ ᠳᠠᠷᠠᠭ᠋ᠠᠴᠢ ᠵᠢᠨ ᠪᠦᠯᠦᠭᠤᠳᠢ ᠵᠣᠭᠰᠣᠭᠠᠪᠠᠷ ᠬᠦᠯᠢᠶᠡᠵᠦ ᠪᠠᠢ᠌ᠨ᠎ᠠ》ᠭᠡᠵᠦ ᠪᠠᠶᠠᠷ ᠬᠦᠷᠭᠡᠬᠦ ᠰᠢᠭ ᠪᠠᠰᠠ ᠬᠤᠷᠳᠤᠨ ᠮᠣᠷᠢᠨ᠎ᠳᠤ ᠲᠠᠰᠢᠭᠤᠷ ᠨᠡᠮᠡᠬᠦ ᠰᠢᠭ ᠵᠶ᠋ᠠᠷ ᠬᠤᠱ᠌ᠤᠩ ᠶᠦᠮᠦᠷᠯᠢᠭ ᠬᠡᠯᠡᠭᠡᠳ ᠬᠠᠨᠣᠮᠵᠢᠲᠠᠢ᠌ᠬᠠᠨ ᠢᠨᠢᠶᠡᠪᠡ᠃
6 ᠳ᠋ᠤᠭ᠋ᠠᠷ ᠰᠠᠷ᠎ᠠ ᠵᠢᠨ ᠰᠡᠭᠦᠯᠴᠢ ᠪᠤᠯᠴᠢᠬᠠᠭᠰᠠᠨ ᠪᠠᠢ᠌ᠲᠠᠯ᠎ᠠ ᠪᠠᠰᠠ《ᠵᠢᠷᠭᠣᠳᠤᠭ᠋ᠠᠷ ᠬᠤᠭᠤᠴᠠᠭ᠎ᠠ》 ᠭᠡᠵᠦ ᠬᠡᠯᠡᠨ ᠪᠠᠢ᠌ᠭ᠎ᠠ᠎ᠠᠴᠠ ᠦᠵᠡᠬᠦ ᠳᠤ ᠥᠨᠥᠬᠢ ᠪᠦᠲᠦᠭᠡᠯ᠎ᠢ ᠲᠡᠳᠡᠨᠦᠰ ᠵᠤᠷᠢᠭᠤᠳᠠ ᠬᠦᠯᠢᠶᠡᠵᠦ ᠪᠠᠢ᠌ᠭᠰᠠᠨ᠎ᠨᠢ ᠢᠯᠡᠷᠬᠡᠢ᠃
ᠳᠠᠬᠢᠭ᠋ᠠᠳ ᠬᠤᠶᠠᠷ ᠰᠠᠷ᠎ᠠ ᠪᠣᠯᠬᠤᠯᠠᠷ ᠮᠠᠨᠣᠰ ᠭᠤᠷᠪᠠᠳᠤᠭ᠋ᠠᠷ ᠪᠦᠯᠦᠭ 《ᠬᠤᠷᠰᠢᠶᠠᠵᠢᠯ᠎ᠤᠨ ᠬᠡᠷᠡᠭ ᠡᠷᠬᠢᠯᠡᠭᠴᠢ ᠵᠢᠨ ᠵᠦᠪᠯᠡᠯ》᠂《ᠬᠤᠷᠰᠢᠶᠠᠵᠢᠯ᠎ᠤᠨ ᠳᠦᠷᠢᠮ ᠬᠢᠭᠡᠳ ᠬᠤᠪᠢ ᠣᠷᠣᠭᠰᠠᠨ ᠨᠤᠷᠮ᠎ᠠ》᠂ 《ᠬᠤᠷᠰᠢᠶᠠᠵᠢᠯ ᠬᠢᠭᠡᠳ ᠣᠲᠤᠷ ᠮᠠᠯᠵᠢᠯ》᠂ 《ᠬᠤᠷᠰᠢᠶᠠᠵᠢᠯ᠎ᠠᠴᠠ ᠬᠤᠪᠢᠶᠠᠭᠰᠠᠨ ᠠᠰᠢᠭ ᠣᠷᠣᠯᠭ᠎ᠠ》᠂ 《ᠬᠤᠷᠰᠢᠶᠠᠵᠢᠯ᠎ᠠᠴᠠ ᠡᠷᠬᠢᠯᠡᠭᠰᠡᠨ ᠣᠪᠣᠭ᠋ᠠᠨ ᠨᠠᠢ᠌ᠷ》᠂ 《ᠬᠤᠷᠰᠢᠶᠠᠵᠢᠯ᠎ᠠᠴᠠ ᠣᠷᠣᠯᠠᠨ ᠲᠤᠰᠢᠶᠠᠭᠰᠠᠨ ᠳᠠᠭ᠋ᠠᠳᠬᠠᠯ》᠂《ᠮᠠᠯᠴᠢᠨ ᠠᠢ᠌ᠯ ᠵᠢᠭᠣᠯᠴᠢᠯᠠᠯ᠎ᠤᠨ ᠭᠠᠵᠠᠷ᠎ᠤᠨ ᠨᠢᠭᠡᠨ ᠡᠳᠦᠷ》᠂ 《ᠠᠶᠠᠯᠠᠯ ᠪᠦᠬᠦᠨ ᠣᠯᠵᠠ᠎ᠲᠠᠢ》 ᠪᠣᠯᠣᠨ ᠳᠦᠷᠪᠡᠳᠦᠭᠡᠷ ᠪᠦᠯᠦᠭ 《ᠪᠠᠭ᠎ᠠ ᠨᠠᠰᠤᠨ᠎ᠤ ᠡᠦ ᠶᠦᠨ ᠪᠦᠸᠸ》᠂ 《ᠰᠣᠷᠭ᠋ᠠᠭᠤᠯᠢ ᠳᠠᠪᠰᠢᠵᠤ ᠴᠢᠳᠠᠭ᠎ᠠ ᠦᠬᠡᠢ ᠰᠣᠷᠣᠭᠴᠢ》᠂《ᠨᠠᠰᠤᠨ᠎ᠤ ᠬᠠᠨᠢ ᠡᠯᠢᠭᠡ ᠪᠦᠲᠦᠨ ᠭᠡᠷ ᠪᠦᠯᠢ》 ᠭᠡᠬᠦ ᠬᠤᠶᠠᠷ ᠪᠦᠯᠦᠭ ᠵᠶ᠋ᠡᠨ ᠲᠤᠰᠢᠶᠠᠭ᠋ᠠᠳ᠂ 10 ᠰᠠᠷ᠎ᠠ ᠵᠢᠨ ᠰᠡᠭᠦᠯᠴᠢ ᠪᠣᠯᠬᠣ᠎ᠳᠤ ᠲᠠᠪᠤᠳᠤᠭ᠋ᠠᠷ ᠪᠦᠯᠦᠭ《ᠤᠷᠲᠤ ᠵᠢᠨ᠎ᠬᠢᠨ ᠪᠤᠶᠤ ᠲᠣᠢ᠌ᠮᠠᠷ ᠲᠠᠯᠪᠢᠭᠰᠠᠨ ᠬᠡᠷᠡᠭᠲᠡᠨ》᠂ 《ᠠᠯᠲᠠᠨᠸᠴᠢᠷᠤᠨᠬᠢᠨ ᠪᠤᠶᠤ ᠸᠢᠴᠠᠲ ᠳᠡᠭᠡᠷ᠎ᠡ ᠴᠣᠭᠯᠠᠭᠣᠯᠣᠭᠰᠠᠨ ᠬᠠᠨᠳᠢᠪ᠎ᠤᠨ ᠮᠦᠩᠭᠦ》᠂《ᠪᠠᠢ ᠭᠡᠷᠡᠯᠲᠦ ᠵᠢᠨ᠎ᠬᠢᠨ ᠪᠤᠶᠤ ᠡᠪᠡᠳᠴᠢᠨ᠎ᠠᠴᠠ ᠪᠤᠯᠵᠤ ᠶᠠᠳᠠᠭᠤᠷᠠᠭᠰᠠᠨ ᠡᠷᠦᠬᠡ》᠂《ᠬᠡᠰᠢᠭᠪᠤᠶᠠᠨ ᠤ᠎ᠬᠢᠨ ᠪᠤᠶᠤ ᠵᠡᠭᠦᠨ ᠰᠠᠯᠠᠭ᠎ᠠ ᠭᠠᠴᠠᠭ᠎ᠠ ᠵᠢᠨ ᠶᠠᠳᠠᠭᠤ ᠡᠷᠦᠬᠡ᠎ᠨᠦᠭᠦᠳ》᠂ 《ᠾᠦ᠍ᠢ᠍ᠸᠸ ᠡᠷᠳᠡᠨᠢᠲᠣᠭᠳᠠᠬᠤ ᠵᠢᠨ᠎ᠬᠢᠨ ᠬᠢᠭᠡᠳ ᠸᠠᠩ ᠪᠣᠣᠦ ᠢᠦᠢ ᠵᠢᠨ᠎ᠬᠢᠨ》᠂《ᠨᠣᠣ ᠦᠯᠵᠡᠢ ᠵᠢᠨ᠎ᠬᠢᠨ ᠪᠤᠶᠤ ᠨᠠᠢ᠍ᠮᠠᠨ ᠬᠣᠰᠢᠭᠤᠨ᠎ᠠᠴᠠ ᠨᠡᠭᠦᠵᠦ ᠢᠷᠡᠭᠰᠡᠨ ᠡᠷᠦᠬᠡ》 ᠪᠣᠯᠣᠨ ᠵᠢᠷᠭᠣᠳᠣᠭ᠋ᠠᠷ ᠪᠦᠯᠦᠭ《ᠪᠤᠰᠢᠭᠤ ᠭᠠᠷᠤᠨ ᠪᠣᠷᠣᠯᠠᠭᠤᠯᠭ᠎ᠠ》᠂《ᠪᠤᠰᠢᠭᠤ ᠭᠠᠷᠤᠨ ᠪᠣᠰᠣᠳ ᠦᠢ᠍ᠯᠡᠳᠦᠯ》᠂ 《ᠠᠷᠠᠳ᠎ᠤᠨ ᠲᠦᠯᠦᠭᠡᠯᠡᠭᠴᠢ ᠵᠢᠨ ᠡᠷᠭᠦᠭᠡ ᠬᠠᠷᠢᠭᠣᠴᠠᠯᠭ᠎ᠠ》᠎ᠪᠠᠨ ᠳᠡᠪᠰᠢᠭᠦᠯᠵᠦ ᠂ 11 ᠰᠠᠷ᠎ᠠ ᠵᠢᠨ ᠳᠤᠮᠳᠠᠴᠢ᠎ᠪᠠᠷ ᠳᠣᠯᠣᠳᠣᠭ᠋ᠠᠷ ᠪᠦᠯᠦᠭ 《ᠶᠠᠭᠤᠨ᠎ᠳᠤ ᠬᠤᠷᠰᠢᠶᠠᠵᠢᠯ᠎ᠤᠨ ᠵᠠᠮ᠎ᠢ ᠰᠣᠩᠭᠣᠬᠣ ᠪᠣᠢ》᠂《ᠬᠤᠷᠰᠢᠶᠠᠵᠢᠯ᠎ᠤᠨ ᠲᠤᠬᠠᠢ ᠡᠷᠳᠡᠨᠢᠪᠤᠯᠠᠭ ᠳᠠᠭ᠋ᠠᠭ᠋ᠠᠮᠠᠯ᠎ᠤᠨ ᠦᠵᠡᠯ ᠪᠣᠳᠣᠯ》᠂《ᠬᠤᠷᠰᠢᠶᠠᠵᠢᠯ᠎ᠤᠨ ᠲᠤᠬᠠᠢ ᠪᠦᠷᠢᠨᠴᠣᠭᠲᠤ ᠲᠣᠪᠴᠢᠶᠠᠨ ᠳᠠᠷᠤᠭ᠎ᠠ ᠵᠢᠨ ᠦᠨᠡᠯᠡᠯᠲᠡ》᠂ 《ᠮᠠᠰᠲᠸᠷ ᠰᠣᠳᠣᠪᠢᠯᠢᠭ᠌ ᠬᠢᠭᠡᠳ ᠬᠠᠮᠢᠶ᠎ᠠ ᠪᠦᠬᠦᠢ ᠡᠷᠳᠡᠮᠲᠡᠳ᠎ᠤᠨ ᠰᠣᠳᠣᠯᠭ᠋ᠠᠨᠳᠤᠬᠢ ᠬᠤᠷᠰᠢᠶᠠᠵᠢᠯ》᠂《ᠬᠤᠷᠰᠢᠶᠠᠵᠢᠯ ᠬᠢᠭᠡᠳ ᠬᠦᠳᠡᠭᠡ ᠲᠤᠰᠬᠤᠨ᠎ᠤ ᠲᠤᠬᠠᠢ ᠡᠦ ᠶᠦᠨ ᠪᠦᠸᠸ ᠱᠦᠵᠢ ᠵᠢᠨ ᠵᠣᠭᠣᠭ》 ᠵᠶ᠋ᠠᠨ ᠲᠣᠭᠣᠷᠪᠢᠵᠤ ᠳᠠᠭᠣᠰᠬᠠᠭ᠋ᠠᠳ ᠬᠠᠩᠳᠠᠭᠤᠳ ᠤᠰᠤᠨᠪᠤᠳᠤᠭ᠎ᠲᠠᠢ ᠪᠢᠳᠡ ᠬᠤᠶᠠᠭᠤᠯᠠ ᠠᠭᠤᠵᠢᠷᠠᠲᠠᠯ᠎ᠠ᠎ᠪᠠᠨ ᠨᠢᠭᠡ ᠠᠮᠢᠰᠬᠤᠵᠤ ᠠᠪᠤᠪᠠ᠃
ᠳᠠᠷᠤᠯᠲᠠ᠎ᠲᠠᠢ᠂ ᠳᠠᠰᠬᠠᠯ᠎ᠲᠠᠢ ᠰᠠᠷ᠎ᠠ ᠡᠳᠦᠷ ᠵᠢᠭ᠋ᠠᠵᠤ ᠪᠠᠢ᠌ᠭ᠋ᠠᠳ ᠪᠦᠲᠦᠭᠡᠯ ᠬᠤᠷᠢᠶᠠᠬᠤ ᠭᠡᠭᠴᠢ ᠵᠣᠬᠢᠶᠠᠭᠴᠢᠳᠤᠪᠠᠨ ᠵᠢᠭ᠋ᠠᠬᠠᠨ ᠬᠠᠯᠠ᠎ᠲᠠᠢ ᠭᠡᠳᠡᠭ ᠪᠣᠯᠪᠠᠴᠣ ᠣᠪᠣᠭ᠎ᠠ ᠶᠡᠬᠡ ᠦᠷ᠎ᠡ ᠪᠦᠲᠦᠮᠵᠢ᠎ᠲᠠᠢ ᠠᠷᠭ᠎ᠠ ᠪᠠᠷᠢᠯ ᠪᠠᠢ᠌ᠵᠠᠢ ᠃ ᠪᠢ ᠴᠤ᠌ ᠰᠣᠷᠭ᠋ᠠᠭᠤᠯᠢ ᠲᠡᠭᠦᠰᠴᠤ ᠠᠵᠢᠯ᠎ᠤᠨ ᠭᠠᠷᠤᠭ᠎ᠠ ᠠᠪᠤᠮᠠᠭᠴᠠ ᠤᠷᠠᠨ ᠵᠤᠬᠢᠶᠠᠯᠴᠢᠳ᠎ᠤᠨ ᠰᠡᠳᠭᠦᠯ᠎ᠳᠤ ᠨᠠᠢ᠌ᠷᠠᠭᠣᠯᠣᠭᠴᠢ᠂ ᠶᠡᠷᠦᠩᠬᠡᠢ ᠨᠠᠢ᠌ᠷᠠᠭᠤᠯᠤᠭᠴᠢ ᠵᠢᠨ ᠲᠤᠰᠢᠶᠠᠯ᠎ᠢ ᠭᠤᠴᠢᠨ ᠬᠡᠳᠦᠨ ᠵᠢᠯ ᠬᠠᠷᠢᠭᠣᠴᠠᠵᠤ ᠦᠩᠭᠡᠷᠡᠪᠡ᠃ ᠭᠡᠶ᠎ᠡ ᠂ ᠴᠠᠭ ᠡᠷᠢᠨ᠎ᠤ ᠵᠣᠢ᠌ᠷᠭ ᠰᠠᠨᠠᠭ᠎ᠠ ᠵᠢ ᠬᠠᠷᠠᠭᠣᠯᠣᠭᠰᠠᠨ ᠬᠦᠨᠳᠦ ᠵᠢᠨ ᠵᠢᠩ᠎ᠲᠠᠢ ᠲᠣᠷᠪᠢᠯᠢᠭ ᠪᠦᠲᠦᠭᠡᠯ ᠭᠡᠮᠡᠨ ᠵᠣᠬᠢᠶᠠᠯᠴᠢ ᠵᠢ ᠣᠨᠴᠠᠯᠠᠨ ᠤᠷᠢᠵᠤ ᠬᠦᠳᠡᠭᠡ ᠲᠤᠰᠬᠤᠨ ᠮᠠᠯᠵᠢᠬᠤ ᠣᠷᠣᠨ᠎ᠳᠤ ᠭᠦᠨᠵᠡᠭᠡᠢ᠌ᠷᠡᠭᠦᠯᠦᠨ᠂ ᠵᠣᠬᠢᠶᠠᠯᠴᠢ ᠨᠠᠢ᠌ᠷᠠᠭᠣᠯᠣᠭᠴᠢ ᠵᠤᠤᠵᠠᠢ ᠬᠣᠯᠪᠣᠨ ᠳᠠᠪᠬᠢᠬᠤ ᠰᠢᠭ᠋ ᠪᠢᠴᠢᠬᠦ ᠵᠢᠨ ᠳᠠᠭ᠋ᠠᠤ ᠨᠠᠢ᠌ᠲᠡᠯᠡᠵᠦ᠂ ᠨᠡᠢ᠌ᠲᠡᠯᠡᠬᠦ ᠳᠤᠮᠳᠠ ᠵᠤᠬᠢᠶᠠᠨ ᠪᠦᠲᠦᠭᠡᠭᠰᠡᠨ ᠵᠣᠭᠣᠭ ᠶᠡᠷᠦ᠎ᠠᠴᠠ ᠭᠠᠷᠣᠭᠰᠠᠨ ᠦᠬᠡᠢ ᠃ 22 ᠲᠦᠮᠡᠨ ᠦᠰᠦᠭ ᠪᠦᠬᠦᠢ ᠪᠠᠷᠢᠮᠲᠠᠲᠤ ᠷᠣᠮᠠᠨ 《ᠮᠠᠯᠴᠢᠨ ᠠᠢ᠌ᠯ᠎ᠤᠨ ᠵᠠᠮ》2020 ᠣᠨ᠎ᠤ ᠵᠢᠷᠭᠣᠳᠣᠭ᠋ᠠᠷ ᠬᠤᠭᠤᠴᠠᠭ᠎ᠠ᠎ᠠᠴᠠ 2021 ᠣᠨ᠎ᠤ ᠭᠤᠷᠪᠠᠳᠤᠭ᠋ᠠᠷ ᠬᠤᠭᠤᠴᠠᠭ᠎ᠠ ᠬᠦᠷᠲᠡᠯ᠎ᠡ ᠣᠨ ᠰᠤᠨᠳᠠᠯᠠᠨ 10 ᠬᠤᠭᠤᠴᠠᠭ᠎ᠠ ᠦᠷᠭᠦᠯᠵᠢᠯᠡᠭᠡᠳ᠂ ᠡᠴᠦᠰ᠎ᠤᠨ ᠦᠷᠲᠡᠭᠡᠨᠡ ᠬᠦᠷᠦᠭᠰᠡᠨ ᠭᠠᠯᠲᠤ ᠲᠡᠷᠭᠡ ᠮᠡᠲᠦ ᠲᠡᠭᠦᠰᠭᠡᠯ᠎ᠤᠨ ᠴᠡᠭ ᠵᠶ᠋ᠡᠨ ᠲᠠᠯᠪᠢᠪᠠ᠃
ᠣᠨᠴᠠ ᠤᠷᠢᠭᠰᠠᠨ ᠲᠣᠰ ᠪᠦᠲᠦᠭᠡᠯ ᠴᠣᠬᠣᠮ ᠬᠢᠷᠢ ᠵᠡᠷᠭᠡ ᠪᠣᠯᠣᠯ᠎ᠠ ᠭᠡᠳᠡᠭ᠎ᠢ《ᠨᠡᠢ᠌ᠭᠡᠮ》ᠰᠡᠳᠭᠦᠯ᠎ᠳᠤ ᠨᠡᠢ᠌ᠲᠡᠯᠡᠭᠰᠡᠨ᠎ᠤ ᠳᠠᠷᠠᠭ᠋ᠠᠬᠢ ᠲᠡᠭᠦᠨ᠎ᠤ ᠨᠦᠯᠦᠭᠡ ᠲᠤᠰᠬᠠᠯ᠎ᠠᠴᠠ ᠪᠢᠳᠡ ᠦᠵᠡᠨ ᠮᠡᠳᠡᠰᠦᠭᠡᠢ᠄
ᠳᠤᠮᠳᠠᠳᠤ ᠣᠯᠣᠰ᠎ᠤᠨ ᠵᠣᠬᠢᠶᠠᠯᠴᠢᠳ᠎ᠤᠨ ᠡᠪᠯᠡᠯ᠎ᠤᠨ 《ᠦᠨᠳᠦᠰᠦᠳᠡᠨ᠎ᠤ ᠤᠳᠬ᠎ᠠ ᠵᠣᠬᠢᠶᠠᠯ》 ᠰᠡᠳᠭᠦᠯ᠎ᠤᠨ᠎ᠬᠢᠨ 《ᠨᠡᠢ᠌ᠭᠡᠮ》 ᠰᠡᠳᠭᠦᠯ ᠲᠣᠰ ᠪᠦᠲᠦᠭᠡᠯ᠎ᠢ ᠨᠡᠢ᠌ᠲᠡᠯᠡᠵᠦ ᠳᠠᠭᠤᠰᠬᠤ᠎ᠲᠠᠢ ᠵᠡᠷᠭᠡ 2020 ᠣᠨ᠎ᠤ ᠠᠷᠪᠠᠨ ᠬᠤᠶᠠᠳᠤᠭ᠋ᠠᠷ ᠬᠤᠭᠤᠴᠠᠭ᠎ᠠ᠎ᠳᠤ᠎ᠪᠠᠨ ᠨᠠᠷᠡᠲᠦ ᠣᠷᠴᠢᠭᠣᠯᠣᠭᠴᠢ ᠬᠠᠰᠤᠨ ᠵᠶ᠋ᠠᠷ ᠰᠤᠩᠭᠤᠨ ᠣᠷᠴᠢᠭᠣᠯᠤᠭᠤᠯᠵᠤ ᠂ 6 ᠲᠦᠮᠡᠨ ᠦᠰᠦᠭ ᠪᠦᠬᠦᠢ ᠮᠣᠩᠭᠣᠯ᠎ᠢ ᠬᠢᠳᠠᠳᠴᠢᠯᠠᠭᠰᠠᠨ ᠪᠦᠲᠦᠭᠡᠯ᠎ᠢ ᠨᠢᠭᠡ ᠯᠡ ᠬᠣᠭᠣᠴᠠᠭ᠎ᠠ ᠳᠡᠭᠡᠷ᠎ᠡ ᠪᠦᠬᠦᠨ᠎ᠢ ᠨᠡᠢ᠌ᠲᠡᠯᠡᠵᠦ ᠳᠠᠭᠣᠰᠬᠠᠪᠠ᠃
ᠲᠥᠪ᠎ᠤᠨ ᠷᠠᠳᠢᠤ᠋ ᠲᠸᠯᠸᠢᠰ ᠬᠣᠷᠢᠶ᠎ᠠ ᠵᠢᠨ᠎ᠬᠢᠨ《ᠪᠦᠬᠦ ᠣᠯᠣᠰ᠎ᠤᠨ ᠶᠠᠳᠠᠭᠤ᠎ᠠᠴᠠ ᠠᠩᠬᠢᠵᠢᠷᠠᠭᠤᠯᠬᠤ ᠪᠣᠭᠣᠮᠲᠠ ᠰᠢᠪᠲᠤᠯᠬᠤ ᠳᠠᠢ᠌ᠯᠠᠯᠳᠤᠭ᠋ᠠᠨ᠎ᠤ ᠭᠠᠪᠰᠢᠭ᠋ᠠᠢ ᠵᠢᠱ᠌ᠢᠶᠡᠴᠢ ᠵᠢᠨ ᠱᠠᠩᠨᠠᠯ》ᠬᠦᠷᠲᠡᠭᠴᠢ ᠡᠦ ᠶᠦᠨ ᠪᠦᠸᠸ᠎ᠪᠠᠷ ᠲᠤᠰᠬᠠᠢ ᠫᠷᠣᠭ᠌ᠷᠠᠮ ᠦᠢ᠍ᠯᠡᠳᠴᠦ᠂ ᠳᠤᠮᠳᠠᠳᠤ ᠣᠯᠣᠰ᠎ᠤᠨ ᠡᠪ ᠬᠠᠮᠲᠤ ᠨᠠᠮ ᠪᠠᠢ᠌ᠭᠣᠯᠣᠭᠳᠠᠭᠰᠠᠨ 100 ᠵᠢᠯ᠎ᠤᠨ ᠣᠢ ᠵᠢᠨ ᠪᠠᠶᠠᠷᠲᠤ ᠲᠡᠪᠰᠢᠭᠦᠯᠪᠡ᠃
ᠲᠥᠪ᠎ᠤᠨ ᠤᠬᠠᠭᠤᠯᠬᠤ ᠬᠡᠯᠲᠡᠰ᠂ ᠲᠥᠪ᠎ᠤᠨ ᠬᠦᠳᠡᠭᠡ ᠲᠤᠰᠬᠤᠨ ᠲᠠᠷᠢᠶᠠᠯᠠᠩ᠎ᠤᠨ ᠶᠠᠮᠤᠨ ᠡᠦ ᠶᠦᠨ ᠪᠦᠸᠸ ᠵᠢ ᠲᠤᠰᠬᠠᠢ᠌ᠯᠠᠨ ᠪᠡᠭᠡᠵᠢᠩ᠎ᠳᠤ ᠵᠠᠯᠠᠨ ᠠᠪᠠᠴᠢᠵᠦ᠂ 《ᠮᠠᠯᠴᠢᠨ ᠠᠢ᠌ᠯ ᠦᠬᠡᠷ ᠲᠡᠵᠢᠭᠡᠬᠦ ᠲᠤᠰᠬᠠᠢ ᠬᠤᠷᠰᠢᠶᠠᠵᠢᠯ》᠎ᠤᠨ ᠲᠤᠬᠠᠢ ᠭᠠᠳᠠᠭ᠋ᠠᠳᠤ ᠲᠤᠲᠤᠭ᠋ᠠᠳᠤ ᠵᠢᠨ ᠰᠣᠷᠪᠣᠯᠵᠢᠯᠠᠭᠴᠢᠳ᠎ᠲᠤ ᠣᠨᠴᠠᠯᠠᠨ ᠲᠠᠨᠢᠯᠴᠠᠭᠣᠯᠪᠠ᠃
ᠦᠨᠡᠨ᠎ᠳᠡᠭᠡᠨ2020 ᠣᠨ᠎ᠤ 3 ᠳ᠋ᠤᠭ᠋ᠠᠷ ᠰᠠᠷ᠎ᠠ ᠵᠢᠨ 5᠎ᠤ ᠣᠷᠣᠢ ᠵᠢᠨ ᠲᠥᠪ᠎ᠤᠨ ᠰᠣᠨᠢᠨ ᠮᠡᠳᠡᠭᠡ ᠵᠢ ᠬᠦᠮᠦᠰ ᠴᠦᠮ ᠠᠩᠬᠠᠷᠤᠯ᠎ᠳᠤ᠎ᠪᠠᠨ ᠠᠪᠤᠭᠰᠠᠨ᠎ᠨᠢ ᠯᠠᠪᠲᠠᠢ᠃ ᠭᠡᠲᠡᠯ᠎ᠡ ᠠᠯᠢ ᠰᠣᠨᠢᠨ ᠰᠡᠳᠭᠦᠯ᠎ᠤᠨ ᠬᠣᠷᠢᠶ᠎ᠠ ᠵᠢᠨ᠎ᠬᠢᠨ᠂ ᠬᠠᠢ ᠹᠸᠩ ᠶᠡᠷᠦᠩᠬᠡᠢ ᠨᠠᠢ᠌ᠷᠠᠭᠣᠯᠣᠭᠴᠢ ᠰᠢᠭ᠋ ᠲᠡᠷᠡ ᠳᠠᠷᠤᠢ᠎ᠳᠤ᠎ᠨᠢ ᠵᠣᠬᠢᠶᠠᠯᠴᠢ ᠤᠷᠢᠵᠤ ᠵᠡᠭᠦᠨ ᠰᠠᠯᠠᠭ᠎ᠠ ᠭᠠᠴᠠᠭ᠎ᠠ᠎ᠳᠤ ᠭᠦᠨᠵᠡᠭᠡᠢ᠌ᠷᠡᠭᠦᠯᠦᠨ ᠪᠠᠷᠢᠮᠲᠠᠲᠤ ᠷᠣᠮᠠᠨ ᠪᠢᠴᠢᠭᠦᠯᠪᠡ ᠳ᠋ᠠ?ᠣᠯᠣᠰ ᠲᠥᠷᠦ ᠵᠢᠨ ᠰᠡᠷᠭᠡᠭ ᠲᠠᠨᠢᠯᠲᠠ᠂ ᠴᠠᠭ ᠡᠷᠢᠨ᠎ᠤ ᠵᠣᠷᠢᠭ ᠰᠠᠨᠠᠭ᠎ᠠ᠂ ᠲᠤᠬᠠᠢ᠌ᠯᠠᠭᠰᠠᠨ ᠠᠵᠢᠯ᠎ᠤᠨ ᠡᠭᠦᠷᠭᠡ ᠬᠠᠷᠢᠭᠣᠴᠠᠯᠭ᠎ᠠ ᠭᠡᠳᠡᠭ ᠡᠭᠦᠨ᠎ᠢ ᠬᠡᠯᠡᠭᠰᠡᠨ ᠪᠢᠵᠡ ! ᠬᠠᠯᠠᠭᠤᠨ ᠳᠤᠯᠠᠭ᠋ᠠᠪᠴᠢᠲᠠᠢ ᠰᠡᠳᠭᠦᠯ ᠡᠷᠬᠢᠯᠡᠬᠦ ᠭᠡᠭᠴᠢ ᠡᠭᠦᠨ᠎ᠢ ᠵᠢᠭ᠋ᠠᠭᠰᠠᠨ ᠪᠢᠵᠡ! ᠵᠥᠪ ᠡᠨ᠋ᠸᠷᠭᠢ ᠵᠢ ᠴᠠᠭ ᠲᠤᠬᠠᠢᠳᠤᠨᠢ ᠦᠷᠭᠡᠨ ᠣᠯᠠᠨ ᠣᠩᠰᠢᠭᠴᠢ᠎ᠳᠤ ᠬᠦᠷᠭᠡᠬᠦ ᠭᠡᠭᠴᠢ ᠡᠭᠦᠨ᠎ᠢ ᠳᠣᠬᠢᠭᠰᠠᠨ ᠪᠢᠵᠡ ! ᠡᠨᠡ ᠪᠣᠯ ᠳᠠᠷᠤᠢ 《ᠨᠡᠢ᠌ᠭᠡᠮ》ᠰᠡᠳᠭᠦᠯ᠎ᠤᠨ ᠰᠤᠷᠲᠠᠯ!
ᠪᠢ ᠣᠷᠴᠢᠮ᠎ᠤᠨ ᠬᠤᠶᠠᠷ ᠵᠢᠯ 《ᠨᠡᠢ᠌ᠭᠡᠮ》 ᠰᠡᠳᠭᠦᠯ᠎ᠢ ᠬᠤᠭᠤᠴᠠᠭ᠎ᠠ ᠠᠯᠭ᠋ᠠᠰᠠᠯ ᠦᠬᠡᠢ ᠣᠩᠰᠢᠨ ᠰᠣᠨᠢᠷᠬᠠᠵᠤ ᠪᠣᠢ ᠃ ᠡᠭᠦᠨ᠎ᠳᠤ ᠲᠣᠰ ᠰᠡᠳᠭᠦᠯ᠎ᠤᠨ ᠨᠢᠭᠡᠨ ᠪᠣᠯᠣᠩ᠎ᠤᠨ ᠨᠡᠷ᠎ᠡ ᠮᠢᠨᠦ ᠠᠩᠬᠠᠷᠤᠯ ᠢ ᠣᠨᠴᠠ ᠲᠠᠲᠠᠪᠠ᠃
2020 ᠣᠨ᠎ᠤ ᠵᠢᠷᠭᠣᠳᠣᠭ᠋ᠠᠷ ᠬᠤᠭᠤᠴᠠᠭ᠎ᠠ᠎ᠳᠤ ᠪᠠᠷᠢᠮᠲᠠᠲᠤ ᠷᠣᠮᠠᠨ《ᠮᠠᠯᠴᠢᠨ ᠠᠢ᠌ᠯ᠎ᠤᠨ ᠵᠠᠮ》᠎ᠢ ᠡᠬᠢᠯᠡᠨ ᠨᠡᠢ᠌ᠲᠡᠯᠡᠬᠦ᠎ᠳᠤ 《ᠶᠠᠳᠠᠭᠤ᠎ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠳᠠᠢ᠌ᠯᠠᠯᠳᠤᠭ᠋ᠠᠨ᠎ᠤ ᠬᠤᠰᠢᠭᠤᠴᠢ》 ᠭᠡᠮᠡᠬᠦ ᠪᠣᠯᠣᠩ᠎ᠳᠤ ᠨᠡᠢ᠌ᠲᠡᠯᠡᠨ ᠪᠠᠢ᠌ᠪᠠ᠃ ᠭᠡᠬᠦ᠎ᠳᠤ 2021 ᠣᠨ᠎ᠤ ᠨᠢᠭᠡᠳᠦᠭᠡᠷ ᠬᠣᠭᠣᠴᠠᠭ᠎ᠠ ᠪᠣᠯᠬᠣ᠎ᠳᠤ 《ᠮᠠᠨᠳᠤᠯᠲᠤ ᠬᠦᠳᠡᠭᠡ》 ᠪᠣᠯᠣᠩ ᠪᠣᠯᠣᠨ ᠰᠣᠯᠢᠭᠰᠠᠨᠢ ᠣᠩᠰᠢᠭᠴᠢᠳ ᠠᠨᠳᠠᠬᠤ ᠦᠬᠡᠢ ᠰᠠᠢ᠌ᠨ ᠮᠡᠳᠡᠵᠦ ᠪᠠᠢ᠌ᠬ᠎ᠠ ᠳ᠋ᠠ! ᠥᠨᠥᠬᠢ᠎ᠨᠢ ᠦᠨᠡᠨ᠎ᠳᠤ᠎ᠪᠠᠨ ᠭᠠᠭᠴᠠ ᠬᠦ᠌ ᠪᠣᠯᠣᠩ ᠰᠣᠯᠢᠭᠰᠠᠨ ᠳᠡᠳᠦᠢ ᠪᠢᠰᠢ᠂ ᠬᠠᠷᠢᠨ ᠶᠠᠳᠠᠭᠤ᠎ᠠᠴᠠ ᠠᠩᠬᠢᠵᠢᠷᠠᠭᠤᠯᠬᠤ ᠪᠤᠭᠤᠮᠲᠠ ᠰᠢᠪᠳᠣᠯᠬᠤ ᠳᠠᠢ᠌ᠯᠠᠯᠳᠣᠭ᠋ᠠᠨ ᠲᠡᠦᠭᠡᠳᠦ ᠴᠢᠨᠠᠷᠲᠠᠢ ᠢᠯᠠᠯᠲᠠ ᠣᠯᠵᠣ 《ᠠᠷᠪᠠᠨ ᠳᠦᠷᠪᠡᠳᠦᠭᠡᠷ ᠲᠠᠪᠤᠨ ᠵᠢᠯ᠎ᠤᠨ ᠲᠦᠯᠦᠪᠵᠢᠭᠦᠯᠭᠡ》ᠵᠢᠨ ᠠᠩᠬᠠᠨ᠎ᠤ ᠠᠯᠬᠤᠮ ᠨᠢᠬᠡᠨᠲᠡ ᠡᠬᠢᠯᠡᠴᠢᠬᠡᠭᠰᠡᠨᠢ ᠮᠡᠳᠡᠭᠡᠯᠡᠵᠦ ᠪᠠᠢ᠌ᠭ᠎ᠠ ᠶᠤᠮ᠃ ᠨᠠᠮ᠎ᠤᠨ ᠲᠥᠪ ᠬᠣᠷᠢᠶ᠎ᠠ᠎ᠠᠴᠠ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠣᠭᠣᠯᠬᠣ ᠰᠢᠢ᠍ᠳᠪᠦᠷᠢ ᠵᠢ 2021 ᠣᠨ᠎ᠤ 3 ᠰᠠᠷ᠎ᠠ ᠵᠢᠨ ᠡᠬᠢᠨ᠎ᠳᠤ ᠲᠤᠩᠬᠠᠭᠯᠠᠭᠰᠠᠨ ᠪᠠᠢ᠌ᠭ᠎ᠠ᠎ᠳᠤ᠂ 《ᠨᠡᠢ᠌ᠭᠡᠮ》ᠰᠡᠳᠭᠦᠯ᠎ᠤᠨ᠎ᠬᠢᠨ 2021 ᠣᠨ᠎ᠤ ᠨᠢᠭᠡᠳᠦᠭᠡᠷ ᠬᠣᠭᠣᠴᠠᠭ᠎ᠠ ᠵᠢᠨ ᠰᠡᠳᠭᠦᠯ ᠳᠡᠭᠡᠷ᠎ᠡ᠎ᠪᠠᠨ ᠳᠠᠷᠤᠢ ᠰᠢᠨ᠎ᠡ ᠪᠣᠯᠣᠩ ᠭᠠᠷᠭ᠋ᠠᠴᠢᠬᠠᠭᠰᠠᠨ ᠪᠠᠢ᠌ᠭ᠎ᠠ ᠵᠢ ᠪᠢ ᠠᠩᠬᠠᠷᠤᠨ ᠮᠡᠳᠡᠭᠡᠳ ᠲᠤᠩ ᠭᠠᠢ᠌ᠬᠠᠭᠰᠠᠨ ᠮᠦᠷᠲᠡᠭᠡᠨ ᠰᠡᠳᠭᠢᠯ᠎ᠤᠨ ᠭᠦᠨ᠎ᠠᠴᠠ᠎ᠪᠠᠨ ᠪᠢᠰᠢᠷᠡᠪᠡ᠃
ᠲᠢᠩ · ᠪᠠᠭ᠋ᠠᠲᠤᠷ ᠂ ᠳᠦᠭᠦᠢ᠌ᠮ᠎ᠠ᠂ ᠪᠠᠢ ᠵᠢᠩ ᠶᠢᠩ ᠂ ᠡᠦ ᠶᠦᠨ ᠪᠦᠸᠸ ᠪᠦᠷ ᠪᠦᠬᠦ ᠣᠯᠣᠰ᠎ᠤᠨ ᠱᠠᠩᠨᠠᠯ ᠵᠶ᠋ᠠᠷ ᠡᠩᠭᠡᠷ ᠵᠶ᠋ᠡᠨ ᠮᠢᠯᠢᠶᠠᠯᠭ᠋ᠠᠭᠰᠠᠨ ᠬᠦᠮᠦᠰ᠃ 《ᠨᠡᠢ᠌ᠭᠡᠮ》 ᠰᠡᠳᠭᠦᠯ᠎ᠤᠨ᠎ᠬᠢᠨ ᠡᠳᠡᠭᠡᠷ ᠪᠠᠭ᠋ᠠᠲᠤᠷ ᠰᠠᠢ᠌ᠴᠤᠤᠯ᠎ᠤᠨ ᠵᠢᠷᠣᠭ᠎ᠢ ᠨᠢᠭᠤᠷ ᠬᠠᠪᠢᠰᠤ ᠳᠡᠭᠡᠷ᠎ᠡ᠎ᠪᠠᠨ ᠨᠡᠢ᠌ᠲᠡᠯᠡᠵᠦ᠂ ᠣᠩᠰᠢᠭᠴᠢᠳᠲᠤᠪᠠᠨ ᠣᠨᠴᠠᠯᠠᠨ ᠲᠠᠨᠢᠯᠴᠠᠭᠣᠯᠣᠭᠰᠠᠨᠨᠢ ᠲᠡᠷᠡ ᠪᠠᠢ᠌ᠯ᠎ᠲᠠᠢ᠃
ᠨᠢᠭᠡ ᠭᠡᠷ ᠰᠤᠷᠲᠠᠯ ᠰᠠᠢ᠌ᠲᠠᠢ ᠪᠣᠯ ᠦᠷ᠎ᠡ ᠠᠴᠢᠷ᠎ᠨᠢ ᠶᠣᠰᠣᠯᠢᠭ ᠂ ᠤᠶᠤᠨᠯᠢᠭ ᠂ ᠰᠢᠨᠳᠠᠰᠤᠯᠢᠭ᠃ ᠨᠢᠭᠡ ᠰᠡᠳᠭᠦᠯ ᠰᠤᠷᠲᠠᠯ ᠲᠥᠪ ᠪᠣᠯ ᠨᠡᠢ᠌ᠲᠡᠯᠡᠬᠦ ᠪᠦᠲᠦᠭᠡᠯ᠎ᠨᠢ ᠠᠮᠲᠠᠷᠬᠠᠭ᠂ ᠥᠭᠡᠳᠡᠷᠬᠡᠭ ᠂ ᠰᠣᠨᠢᠷᠬᠠᠮᠵᠢ᠎ᠲᠠᠢ᠃
《ᠨᠡᠢ᠌ᠭᠡᠮ》 ᠰᠡᠳᠭᠦᠯ ᠬᠡᠪᠯᠡᠯ ᠡᠬᠢᠯᠡᠭᠰᠡᠨ ᠭᠣᠴᠢᠨ ᠵᠢᠯ᠎ᠤᠨ ᠣᠢ᠎ᠪᠠᠨ ᠡᠯᠪᠡᠭ ᠳᠡᠯᠪᠡᠭ ᠦᠷ᠎ᠡ ᠵᠢᠮᠢᠰ᠎ᠲᠠᠢ ᠤᠭᠲᠤᠴᠢᠬᠠᠯᠠ᠃ ᠠᠷᠠᠳ᠎ᠤᠨ ᠶᠠᠪᠤᠳᠠᠯ᠎ᠤᠨ ᠲᠢᠩᠬᠢᠮ᠎ᠠᠴᠠ ᠭᠤᠤᠯᠯᠠᠨ ᠡᠷᠬᠢᠯᠡᠵᠦ ᠪᠠᠢ᠌ᠭ᠎ᠠ ᠶᠡᠷᠦᠩᠬᠡᠢ᠌ᠯᠡᠭᠰᠡᠨ ᠴᠢᠨᠠᠷᠲᠠᠢ ᠰᠡᠳᠭᠦᠯ ᠶᠤᠮᠰᠠᠨ᠃《ᠠᠷᠠᠳ᠎ᠤᠨ ᠶᠠᠪᠤᠳᠠᠯ᠎ᠤᠨ ᠣᠨᠴᠠᠯᠢᠭ ᠂ ᠲᠥᠷᠦ ᠵᠢᠨ ᠪᠣᠳᠣᠯᠭ᠎ᠠ ᠵᠢᠨ ᠲᠠᠢ᠌ᠯᠤᠮᠵᠢ ᠂ ᠨᠡᠢ᠌ᠭᠡᠮ᠎ᠤᠨ ᠳᠡᠯᠭᠡᠷ ᠬᠠᠷᠠᠭ᠎ᠠ᠂ ᠰᠣᠳᠣᠨ ᠪᠦᠲᠦᠭᠡᠯ᠎ᠤᠨ ᠠᠮᠲᠠᠷᠬᠠᠯ》ᠭᠡᠮᠡᠬᠦ ᠤᠭ ᠵᠣᠷᠢᠯᠲᠠ᠎ᠪᠠᠨ ᠦᠯᠦ ᠤᠮᠠᠷᠳᠠᠨ᠂ ᠨᠡᠩ ᠣᠯᠠᠨ ᠰᠢᠯᠢᠳᠡᠭ ᠪᠦᠲᠦᠭᠡᠯ ᠵᠶ᠋ᠡᠷ ᠣᠩᠰᠢᠭᠴᠢᠳ᠎ᠤᠨ ᠵᠶ᠋ᠠᠨ ᠤᠶᠤᠨ ᠪᠢᠯᠢᠭ᠎ᠢ ᠨᠡᠩᠲᠡ ᠭᠡᠭᠡᠷᠡᠭᠦᠯᠬᠦ ᠪᠣᠯᠲᠤᠭ᠋ᠠᠢ᠃
2021 ᠣᠨ᠎ᠤ 9 ᠳ᠋ᠦ᠍ᠭᠡᠷ ᠰᠠᠷ᠎ᠠ ᠵᠢᠨ 9᠎ᠤ ᠡᠳᠦᠷ᠂ ᠬᠦᠬᠡᠬᠤᠲᠠᠨ᠎ᠠ
ᠵᠣᠬᠢᠶᠠᠭᠴᠢ ᠵᠢᠨ ᠬᠠᠶᠢᠭ᠄ ᠦᠪᠦᠷ ᠮᠣᠩᠭᠣᠯ᠎ᠤᠨ ᠵᠣᠬᠢᠶᠠᠯᠴᠢᠳ᠎ᠤᠨ ᠡᠪᠯᠡᠯ