ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
《ᠨᠡᠢ᠌ᠭᠡᠮ》 ᠰᠡᠳᠭᠦᠯ᠎ᠤᠨ ᠬᠤᠪᠢᠷᠠᠯᠲᠠ ᠵᠢᠨ ᠲᠤᠬᠠᠢ ᠳᠦᠭᠦᠮ ᠦᠭᠦᠯᠡᠬᠦ᠎ᠨᠢ
ᠨᠡᠶᠢᠲᠡᠯᠡᠭᠰᠡᠨ ᠴᠠᠭ᠄ 2021-11-09

《ᠨᠡᠢ᠌ᠭᠡᠮ》 ᠰᠡᠳᠭᠦᠯ᠎ᠤᠨ ᠬᠤᠪᠢᠷᠠᠯᠲᠠ ᠵᠢᠨ ᠲᠤᠬᠠᠢ ᠳᠦᠭᠦᠮ ᠦᠭᠦᠯᠡᠬᠦ᠎ᠨᠢ
                      ᠤᠶᠤᠨ ᠵᠣᠭᠢᠶᠠᠪᠠ
      ᠤᠶᠤᠨ᠂ 1976 ᠣᠨ᠎ᠤ 10 ᠳ᠋ᠤᠭ᠋ᠠᠷ ᠰᠠᠷ᠎ᠠ ᠵᠢᠨ 26᠎ᠤ ᠡᠳᠦᠷ ᠲᠦᠩᠯᠢᠶᠤᠤ ᠬᠤᠲᠠ ᠵᠢᠨ ᠬᠤᠷᠴᠢᠨ ᠵᠡᠭᠦᠨ ᠭᠠᠷᠤᠨ   ᠳᠤᠮᠳᠠᠳᠤ ᠬᠤᠰᠢᠭᠤᠨ᠎ᠤ ᠬᠤᠸᠠᠬᠤᠰᠢᠭᠤ ᠰᠤᠮᠤᠨ᠎ᠳᠤ ᠲᠦᠷᠦᠵᠡᠢ᠃ ᠦᠪᠦᠷ ᠮᠣᠩᠭᠣᠯ᠎ᠤᠨ ᠨᠣᠮ᠎ᠤᠨ ᠰᠠᠩ᠎ᠤᠨ ᠳᠡᠳ᠋ ᠰᠤᠳᠤᠯᠤᠭᠴᠢ ᠰᠠᠩᠴᠢ  ᠂ ᠰᠣᠳᠤᠯᠭ᠋ᠠᠨ᠎ᠤ ᠴᠢᠭᠯᠡᠯ᠎ᠨᠢ ᠬᠤᠭᠤᠴᠠᠭ᠋ᠠᠲᠤ ᠰᠡᠳᠭᠦᠯ᠎ᠤᠨ ᠰᠣᠳᠤᠯᠤᠯ ᠪᠠ ᠨᠣᠮ᠎ᠤᠨ ᠰᠠᠩ᠎ᠤᠨ ᠦᠢ᠍ᠯᠡᠴᠢᠯᠡᠭᠡᠨ᠎ᠤ ᠰᠣᠳᠣᠯᠣᠯ  ᠃      
                   
     《ᠨᠡᠢ᠌ᠭᠡᠮ》 ᠰᠡᠳᠭᠦᠯ ᠪᠣᠯ ᠥᠪᠥᠷ ᠮᠤᠩᠭᠤᠯ᠎ᠤᠨ ᠥᠪᠡᠷᠲᠡᠭᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠩᠬᠢᠮ᠎ᠠᠴᠠ   ᠡᠷᠬᠢᠯᠡᠵᠦ᠂   ᠥᠪᠥᠷ ᠮᠣᠩᠭᠤᠯ᠎ᠤᠨ《ᠨᠡᠢ᠌ᠭᠡᠮ》ᠰᠡᠳᠭᠦᠯ᠎ᠤᠨ ᠬᠣᠷᠢᠶ᠎ᠠ᠎ᠠᠴᠠ ᠨᠠᠢ᠌ᠷᠠᠭᠤᠯᠤᠨ ᠬᠡᠪᠯᠡᠭᠦᠯᠵᠦ ᠪᠠᠢ᠌ᠭ᠎ᠠ ᠤᠯᠤᠰ᠎ᠤᠨ ᠳᠤᠲᠤᠭ᠋ᠠᠳᠤ  ᠎ᠳᠤ᠎ᠬᠢ ᠢᠯᠡ ᠬᠡᠪᠯᠡᠯ①᠎ᠤᠨ ᠮᠣᠩᠭᠤᠯ ᠰᠡᠳᠭᠦᠯ ᠮᠥᠨ᠃ ᠲᠤᠰ ᠰᠡᠳᠭᠦᠯ 1991 ᠣᠨ᠎ᠤ 12 ᠳ᠋ᠤᠭ᠋ᠠᠷ ᠰᠠᠷ᠎ᠠ᠎ᠳᠤ ᠬᠦᠬᠡᠬᠣᠲᠠ᠎ᠳᠤ ᠬᠡᠪᠯᠡᠯ ᠡᠬᠢᠯᠡᠭᠰᠡᠨ ᠪᠦᠭᠡᠳ ᠤᠳᠤ ᠪᠣᠯᠲᠠᠯ᠎ᠠ ᠵᠣᠭᠰᠤᠯᠲᠠ ᠦᠭᠡᠢ ᠬᠡᠪᠯᠡᠭᠳᠡᠭᠰᠡᠭᠡᠷ ᠨᠢᠭᠡᠨᠲᠡ ᠪᠦᠬᠦᠯᠢ ᠭᠤᠴᠢᠨ ᠵᠢᠯ᠎ᠤᠨ ᠳᠠᠪᠠᠭ᠎ᠠ᠎ᠪᠠᠨ ᠠᠮᠵᠢᠯᠲᠠ᠎ᠲᠠᠢ ᠲᠦᠭᠦᠵᠦ ᠪᠣᠢ᠃ ᠨᠠᠮ᠎ᠤᠨ ᠦᠨᠳᠦᠰᠦᠲᠡᠨ᠎ᠤ ᠲᠦᠷᠦ ᠵᠢᠨ ᠪᠣᠳᠤᠯᠭ᠎ᠠ ᠵᠢᠨ ᠲᠤᠶᠠᠭ᠋ᠠᠯᠠᠯ ᠳᠣᠣᠷ᠎ᠠ   ᠡᠰᠡᠨᠢᠨ ᠲᠦᠯᠵᠢᠭᠰᠡᠨ   ᠡᠨᠡ ᠬᠦ᠌ ᠰᠡᠳᠭᠦᠯ ᠮᠠᠨᠢ ᠨᠠᠮ᠎ᠤᠨ ᠴᠢᠭᠯᠡᠯᠲᠡ ᠵᠢᠭ᠋ᠠᠪᠤᠷᠢ ᠵᠢ ᠤᠬᠠᠭᠤᠯᠤᠨ ᠰᠤᠷᠲᠠᠯᠴᠢᠯᠠᠵᠤ᠂   ᠲᠣᠭᠣᠰᠢᠯᠠᠭᠣᠯᠣᠨ ᠬᠡᠷᠡᠭᠵᠢᠭᠦᠯᠬᠦ ᠵᠢ ᠲᠦᠯᠬᠢᠨ ᠠᠬᠢᠭᠤᠯᠬᠤ᠎ᠪᠠᠷ ᠭᠣᠣᠯ ᠵᠣᠷᠢᠯᠲᠠ ᠪᠣᠯᠭ᠋ᠠᠵᠤ᠂   ᠮᠣᠩᠭᠤᠯ ᠰᠡᠳᠭᠦᠯ᠎ᠤᠨ ᠡᠩᠨᠡᠭᠡᠨ᠎ᠳᠤ ᠰᠢᠭᠤᠷᠬᠠᠢ᠌ᠯᠠᠨ ᠭᠠᠪᠰᠢᠭ᠋ᠠᠢ᠌ᠯᠠᠬᠤ  ᠎ᠳᠤ᠎ᠪᠠᠨ ᠨᠡᠢ᠌ᠭᠡᠮ᠎ᠤᠨ ᠦᠨᠳᠦᠰᠦᠨ ᠨᠢᠭᠡᠴᠢ ᠪᠣᠯᠬᠤ ᠭᠡᠷ ᠪᠦᠯᠢ᠎ᠠᠴᠠ ᠭᠠᠷᠳᠠᠨ ᠡᠬᠢᠯᠡᠵᠦ᠂ ᠢᠨᠠᠭ ᠬᠠᠢ᠌ᠷ᠎ᠠ᠂ ᠤᠷᠤᠭ ᠬᠣᠷᠢᠮ᠂ ᠭᠡᠷ ᠪᠦᠯᠢ ᠵᠢᠨ ᠲᠤᠭᠤᠷᠢᠨ᠎ᠳᠤ ᠦᠷᠭᠡᠨ ᠰᠡᠳᠦᠪ ᠳᠡᠯᠭᠡᠵᠦ  ᠂ ᠬᠦᠮᠦᠨ ᠨᠡᠢ᠌ᠭᠡᠮ᠎ᠤᠨ ᠠᠬᠤᠢ ᠠᠮᠢᠳᠤᠷᠠᠯ᠎ᠳᠤ ᠬᠣᠯᠪᠤᠭᠳᠠᠭᠰᠠᠨ ᠭᠦᠨ ᠳᠠᠯᠲᠠ ᠤᠴᠢᠷ ᠵᠦᠢ ᠵᠢ ᠰᠣᠳᠤᠯᠤᠨ ᠲᠠᠨᠢᠯᠴᠠᠭᠤᠯᠵᠤ᠂   ᠣᠩᠰᠢᠭᠴᠢ ᠲᠦᠮᠡᠨ᠎ᠤ ᠰᠣᠶᠣᠯ ᠪᠣᠯᠪᠠᠰᠤᠷᠠᠯ᠂ ᠨᠡᠢ᠌ᠭᠡᠮ᠎ᠤᠨ   ᠬᠦᠭᠵᠢᠯ ᠳᠠᠪᠰᠢᠯᠲᠠ᠎ᠳᠤ ᠴᠢᠬᠤᠯᠠ ᠠᠬᠢᠭᠤᠯᠬᠤ ᠦᠢ᠍ᠯᠡᠳᠦᠯ ᠦᠵᠡᠭᠦᠯᠦᠭᠰᠡᠭᠡᠷ ᠢᠷᠡᠵᠡᠢ᠃ ᠡᠭᠦᠨ᠎ᠤ   ᠵᠡᠷᠭᠡ᠎ᠪᠠᠷ《ᠨᠡᠢ᠌ᠭᠡᠮ》ᠰᠡᠳᠭᠦᠯ ᠪᠣᠯ ᠤᠷᠤᠭ ᠭᠡᠷ ᠪᠦᠯᠢ᠂   ᠨᠡᠢ᠌ᠭᠡᠮ ᠵᠢᠴᠢ ᠮᠣᠩᠭᠤᠯ ᠤᠯᠠᠮᠵᠢᠯᠠᠯᠲᠤ ᠰᠣᠶᠣᠯ᠎ᠤᠨ ᠲᠤᠬᠠᠢ ᠮᠡᠳᠡᠯᠭᠡ ᠵᠢᠯᠤᠭᠤᠳᠤᠯᠭ᠎ᠠ ᠵᠢᠨ ᠴᠢᠨᠠᠷ ᠪᠦᠬᠦᠢ ᠶᠡᠷᠦᠩᠬᠡᠢ᠌ᠯᠡᠭᠰᠡᠨ ᠴᠢᠨᠠᠷ᠎ᠲᠠᠢ ᠴᠤᠷ᠎ᠤᠨ ᠭᠠᠭᠴᠠ ᠮᠣᠩᠭᠤᠯ ᠰᠡᠳᠭᠦᠯ ᠮᠥᠨ᠃   ᠮᠦᠨ   ᠴᠤ᠌ ᠮᠤᠩᠭᠤᠯ ᠤᠩᠰᠢᠭᠴᠢᠳ᠎ᠤᠨ ᠳᠤᠷ᠎ᠠ ᠰᠤᠨᠢᠷᠬᠠᠯ᠎ᠢ ᠬᠦᠴᠦᠲᠡᠢ ᠲᠠᠲᠠᠵᠤ᠂ ᠪᠠᠬᠠᠷᠬᠠᠨ ᠲᠠᠭ᠋ᠠᠰᠢᠶᠠᠭᠳᠠᠭᠰᠠᠨ ᠰᠡᠳᠭᠦᠯ ᠮᠥᠨ᠃   ᠭᠡᠬᠦ  ᠎ᠳᠤ᠎ᠪᠠᠨ   ᠭᠤᠴᠢᠨ ᠵᠢᠯ᠎ᠤᠨ ᠤᠷᠲᠤ   ᠠᠶᠠᠨ᠎ᠢ ᠲᠤᠭᠤᠯᠬᠤ ᠶᠠᠪᠤᠴᠠ᠎ᠳᠤ᠂ ᠲᠤᠰ ᠰᠡᠳᠭᠦᠯ᠎ᠨᠢ ᠰᠡᠳᠭᠦᠯ᠎ᠤᠨ ᠨᠡᠷ᠎ᠡ᠂ ᠰᠡᠳᠭᠦᠯ᠎ᠤᠨ ᠳ᠋ᠤᠭ᠋ᠠᠷ᠂ ᠬᠡᠪᠯᠡᠯ ᠵᠦᠰᠦᠮ᠂ ᠠᠭᠤᠯᠭ᠎ᠠ ᠪᠤᠯᠤᠩ᠂ ᠦᠨ᠎ᠡ ᠬᠠᠩᠰᠢ ᠵᠡᠷᠭᠡ ᠣᠯᠠᠨ ᠲᠠᠯ᠎ᠠ᠎ᠪᠠᠷ ᠲᠠᠰᠤᠷᠠᠯᠲᠠ ᠦᠭᠡᠢ ᠲᠤᠬᠢᠷᠠᠭᠤᠯᠭ᠎ᠠ ᠬᠢᠵᠦ᠂ ᠨᠡᠢ᠌ᠭᠡᠮ ᠨᠡᠢ᠌ᠲᠡ ᠵᠢᠨ   ᠲᠤᠯᠭ᠋ᠠᠮ ᠱᠠᠭ᠋ᠠᠷᠳᠠᠯᠭ᠎ᠠ ᠵᠢ ᠬᠠᠩᠭ᠋ᠠᠬᠤ ᠵᠢᠨ ᠳᠠᠭ᠋ᠠᠤ ᠥᠪᠡᠷ᠎ᠢ᠎ᠪᠠᠨ ᠲᠡᠭᠦᠯᠳᠡᠷᠵᠢᠭᠦᠯᠦᠨ ᠬᠦᠭᠵᠢᠭᠦᠯᠵᠦ ᠢᠷᠡᠭᠰᠡᠨ ᠲᠡᠦᠭᠡ᠎ᠲᠠᠢ᠃ ᠡᠳᠡᠭᠡᠷ ᠬᠤᠪᠢᠷᠠᠯᠲᠠ᠎ᠨᠤᠭᠤᠳ᠎ᠢ ᠬᠤᠷᠢᠶᠠᠩᠭᠤᠢ᠌ᠯᠠᠵᠤ ᠪᠦᠬᠦ ᠲᠠᠯ᠎ᠠ᠎ᠪᠠᠷ ᠳ᠋ᠦᠩᠨᠡᠬᠦ   ᠪᠣᠯ ᠲᠤᠰ ᠰᠡᠳᠭᠦᠯ᠎ᠤᠨ ᠦᠷᠭᠦᠯᠵᠢᠲᠡ ᠵᠢᠨ ᠬᠦᠭᠵᠢᠯ᠂ ᠤᠩᠰᠢᠭᠴᠢᠳ᠎ᠤᠨ ᠠᠰᠢᠭᠯᠠᠯᠲᠠ᠂ ᠨᠣᠮ᠎ᠤᠨ ᠰᠠᠩ᠎ᠤᠨ ᠬᠠᠮᠢᠶᠠᠷᠤᠯᠲᠠ᠎ᠳᠤ ᠪᠦᠷ ᠬᠣᠯᠪᠤᠭᠳᠠᠬᠤ ᠮᠠᠰᠢ ᠠᠬᠤᠢ᠌ᠴᠢ ᠠᠴᠢ ᠬᠤᠯᠪᠤᠭᠳᠠᠯ᠎ᠲᠠᠢ ᠤᠷᠤᠯᠳᠤᠯᠭ᠎ᠠ ᠪᠣᠯᠣᠨ᠎ᠠ᠃ ᠡᠨᠳᠡ ᠪᠢ ᠨᠢᠭᠡᠨ ᠨᠣᠮ᠎ᠤᠨ ᠰᠠᠩᠴᠢ ᠵᠢᠨ ᠡᠭᠦᠳᠡᠨ᠎ᠠᠴᠠ ᠰᠡᠳᠭᠦᠯ᠎ᠤᠨ ᠰᠠᠩ ᠬᠠᠳᠠᠭ᠋ᠠᠯᠠᠮᠵᠢ  ᠎ᠳᠤ᠎ᠬᠢ ᠦᠨᠳᠦᠷ ᠠᠰᠢᠭᠯᠠᠯᠲᠡ ᠪᠦᠬᠦᠢ《ᠨᠡᠢ᠌ᠭᠡᠮ》ᠰᠡᠳᠭᠦᠯ  ᠎ᠤᠨ ᠬᠤᠪᠢᠷᠠᠯᠲᠠ ᠵᠢᠨ   ᠪᠠᠢ᠌ᠳᠠᠯ᠎ᠢ ᠬᠡᠰᠡᠭ ᠲᠠᠯ᠎ᠠ᠎ᠠᠴᠠ ᠡᠮᠬᠢᠳᠭᠡᠨ ᠳ᠋ᠦᠩᠨᠡᠶ᠎ᠡ᠃
ᠨᠢᠭᠡ᠂   ᠰᠡᠳᠭᠦᠯ᠎ᠤᠨ ᠨᠡᠷ᠎ᠡ ᠪᠠ ᠠᠭᠤᠯᠭ᠎ᠠ ᠪᠣᠯᠣᠩ᠎ᠤᠨ ᠬᠤᠪᠢᠷᠠᠯᠲᠠ
(ᠨᠢᠭᠡ) ᠰᠡᠳᠭᠦᠯ᠎ᠤᠨ ᠨᠡᠷ᠎ᠡ ᠵᠢᠨ ᠬᠤᠪᠢᠷᠠᠯᠲᠠ
    ᠰᠡᠳᠭᠦᠯ᠎ᠤᠨ ᠨᠡᠷ᠎ᠡ ᠬᠤᠪᠢᠷᠠᠬᠤ ᠪᠣᠯ ᠰᠡᠳᠭᠦᠯ ᠡᠷᠬᠢᠯᠡᠬᠦ ᠶᠠᠪᠤᠴᠠ᠎ᠳᠤ ᠣᠯᠠᠩᠭᠢ ᠲᠣᠭ᠋ᠠᠨ᠎ᠤ ᠰᠡᠳᠭᠦᠯ᠎ᠳᠤ ᠲᠤᠬᠢᠶᠠᠯᠳᠤᠵᠤ ᠥᠩᠭᠡᠷᠡᠭᠰᠡᠨ ᠰᠡᠳᠭᠦᠯ᠎ᠤᠨ ᠠᠵᠢᠯ᠎ᠤᠨ ᠬᠠᠷᠢᠶᠠᠨ  ᠎ᠳᠤ᠎ᠬᠢ ᠦᠷᠬᠦᠯᠵᠢ ᠵᠢᠨ ᠴᠢᠨᠠᠷᠲᠠᠢ ᠬᠤᠪᠢᠷᠠᠯᠲᠠ ᠮᠥᠨ᠂ ᠲᠡᠷᠡ᠎ᠨᠢ ᠰᠡᠳᠭᠦᠯ᠎ᠤᠨ ᠰᠡᠳᠦᠪ ᠰᠤᠩᠭᠤᠯᠲᠠ᠂ ᠰᠤᠷᠪᠤᠯᠵᠢᠯᠭ᠎ᠠ ᠨᠠᠢ᠌ᠷᠠᠭᠤᠯᠭ᠎ᠠ᠂ ᠠᠰᠢᠭᠯᠠᠯᠲᠠ ᠬᠠᠮᠢᠶᠠᠷᠤᠯᠲᠠ ᠵᠢᠨ ᠲᠠᠯ᠎ᠠ᠎ᠪᠠᠷ ᠪᠦᠷ ᠲᠤᠩ ᠶᠡᠬᠡ ᠨᠦᠯᠦᠭᠡ ᠳᠤᠰᠬᠠᠯ ᠭᠠᠷᠭ᠋ᠠᠳᠠᠭ᠃ ᠡᠭᠦᠨ᠎ᠤ ᠲᠤᠬᠠᠢ ᠪᠢ《ᠨᠣᠮ᠎ᠤᠨ ᠰᠠᠩ᠎ᠤᠨ ᠮᠣᠩᠭᠤᠯ ᠰᠡᠳᠭᠦᠯ᠎ᠤᠨ ᠭᠠᠷᠴᠠᠭᠯᠠᠯ  ᠎ᠳᠤ᠎ᠬᠢ ᠬᠤᠪᠢᠷᠠᠯᠲᠠ ᠶᠡᠬᠡᠲᠡᠢ ᠣᠨᠴᠠᠯᠢᠭ᠎ᠤᠨ ᠲᠠᠰᠤᠯᠪᠤᠷᠢ᠎ᠨᠤᠭᠤᠳ᠎ᠤᠨ ᠰᠢᠨᠵᠢᠯᠡᠯ》[1] ᠭᠡᠬᠦ ᠦᠭᠦᠯᠡᠯ᠎ᠳᠤ ᠨᠠᠷᠢᠯᠢᠭ ᠶᠠᠷᠢᠭᠰᠠᠨ ᠤᠴᠢᠷ ᠡᠨᠳᠡ ᠲᠠᠬᠢᠨ   ᠨᠣᠷᠰᠢᠬᠤ ᠦᠭᠡᠢ᠃《ᠨᠡᠢ᠌ᠭᠡᠮ》ᠰᠡᠳᠭᠦᠯ 1991 ᠣᠨ᠎ᠤ 12 ᠳ᠋ᠤᠭ᠋ᠠᠷ ᠰᠠᠷ᠎ᠠ᠎ᠳᠤ《ᠤᠷᠤᠭ ᠭᠡᠷ ᠪᠦᠯᠢ ᠨᠡᠢ᠌ᠭᠡᠮ》ᠭᠡᠬᠦ ᠨᠡᠷ᠎ᠡ᠎ᠪᠠᠷ ᠬᠡᠪᠯᠡᠯ ᠡᠬᠢᠯᠡᠵᠦ᠂ ᠤᠤᠭ᠋ᠠᠨ ᠳ᠋ᠤᠭ᠋ᠠᠷ (ᠶᠡᠷᠦᠩᠬᠡᠢ 1 ᠳ᠋ᠤᠭᠡᠷ)᠎ᠠᠴᠠ ᠡᠬᠢᠯᠡᠨ《婚姻家庭社会》ᠭᠡᠬᠦ ᠬᠢᠲᠠᠳ ᠨᠠᠷ᠎ᠡ ᠬᠠᠪᠰᠤᠷᠭ᠋ᠠᠨ ᠬᠡᠷᠡᠭᠯᠡᠵᠦ᠂1993 ᠣᠨ᠎ᠤ 3 (ᠶᠡᠷᠦᠩᠬᠡᠢ 6) ᠳ᠋ᠤᠭ᠋ᠠᠷ ᠬᠤᠭᠤᠴᠠᠭ᠎ᠠ᠎ᠠᠴᠠ ᠡᠬᠢᠯᠡᠨ《Marriage Family Society》ᠭᠡᠬᠦ ᠠᠩᠭ᠍ᠯᠢ ᠬᠡᠯᠡᠨ᠎ᠤ ᠨᠡᠷ᠎ᠡ   ᠵᠢ ᠬᠠᠪᠰᠤᠷᠭ᠋ᠠᠨ ᠬᠡᠷᠡᠭᠯᠡᠵᠡᠢ᠃《ᠤᠷᠤᠭ ᠭᠡᠷ ᠪᠦᠯᠢ ᠨᠡᠢ᠌ᠭᠡᠮ》ᠨᠡᠷ᠎ᠡ᠎ᠪᠠᠷ 2008 ᠣᠨ᠎ᠤ 12 ᠳ᠋ᠤᠭ᠋ᠠᠷ ᠰᠠᠷ᠎ᠠ ᠬᠦᠷᠲᠡᠯ᠎ᠡ ᠠᠷᠪᠠᠨ ᠨᠠᠢ᠍ᠮᠠᠨ ᠵᠢᠯ᠎ᠤᠨ ᠬᠤᠭᠤᠴᠠᠭ᠋ᠠᠨ᠎ᠠ ᠨᠡᠢ᠌ᠲᠡ 167 (ᠤᠤᠭ᠋ᠠᠨ ᠳ᠋ᠤᠭ᠋ᠠᠷ᠎ᠢ ᠪᠠᠭᠲᠠᠭ᠋ᠠᠵᠤ ᠪᠣᠢ) ᠬᠤᠭᠤᠴᠠᠭ᠎ᠠ ᠬᠡᠪᠯᠡᠭᠳᠡᠵᠡᠢ᠃  2009 ᠣᠨ  ᠎ᠤ 1 ᠳ᠋ᠤᠭᠡᠷ  (ᠶᠠᠷᠦᠩᠬᠡᠢ 168 ᠳ᠋ᠤᠭ᠋ᠠᠷ) ᠬᠤᠭᠤᠴᠠᠭ᠎ᠠ᠎ᠠᠴᠠ ᠡᠬᠢᠯᠡᠨ ᠰᠡᠳᠭᠦᠯ᠎ᠤᠨ ᠨᠡᠷ᠎ᠡ᠎ᠪᠠᠨ《ᠨᠡᠢ᠌ᠭᠡᠮ》ᠭᠡᠵᠦ ᠥᠭᠡᠷᠡᠴᠢᠯᠡᠭᠡᠳ ᠣᠳᠤ ᠪᠣᠯᠲᠠᠯ᠎ᠠ ᠬᠡᠪᠯᠡᠭᠳᠡᠭᠰᠡᠭᠡᠷ ᠪᠣᠢ᠃ ᠡᠭᠦᠨ᠎ᠤ   ᠵᠡᠷᠭᠡ᠎ᠪᠠᠷ ᠰᠡᠳᠭᠦᠯ᠎ᠤᠨ ᠬᠢᠲᠠᠳ᠂ ᠠᠩᠭ᠍ᠯᠢ ᠬᠡᠯᠡᠨ᠎ᠤ ᠨᠡᠷ᠎ᠡ ᠵᠢ ᠲᠤᠰ ᠲᠤᠰ《今日社会》᠂《Society Today》ᠭᠡᠵᠦ ᠥᠭᠡᠷᠡᠴᠢᠯᠡᠪᠡ᠃《ᠤᠷᠤᠭ ᠭᠡᠷ ᠪᠦᠯᠢ ᠨᠡᠢ᠌ᠭᠡᠮ》᠎ᠠᠴᠠ《ᠨᠡᠢ᠌ᠭᠡᠮ》 ᠬᠦᠷᠲᠡᠯᠡᠬᠢ ᠨᠡᠷ᠎ᠡ ᠵᠢᠨ ᠬᠤᠪᠢᠷᠠᠯᠲᠠ᠎ᠨᠢ ᠲᠤᠰ ᠰᠡᠳᠭᠦᠯ᠎ᠤᠨ ᠠᠷᠪᠠᠨ ᠶᠢᠰᠦᠨ ᠵᠢᠯ ᠲᠤᠷᠰᠢᠬᠢ ᠬᠦᠭᠵᠢᠯ ᠪᠤᠵᠠᠭ᠋ᠠᠢ᠌ᠷᠠᠯ ᠪᠠ ᠠᠭᠤᠯᠭ᠎ᠠ ᠰᠡᠳᠦᠪᠯᠡᠬᠦᠨ᠎ᠤ ᠦᠷᠭᠡᠵᠢᠯ᠂ ᠭᠦᠨᠵᠡᠭᠡᠢ᠌ᠷᠡᠯ᠎ᠢ ᠣᠨᠣᠪᠴᠢᠲᠠᠢ ᠰᠠᠢ᠌ᠬᠠᠨ ᠲᠤᠰᠬᠠᠵᠤ ᠪᠣᠢ᠃   ᠤᠷᠤᠭ᠂ ᠭᠡᠷ ᠪᠦᠯᠢ᠂ ᠨᠡᠢ᠌ᠭᠡᠮ ᠪᠣᠯ ᠲᠤᠰ ᠰᠡᠳᠭᠦᠯ᠎ᠤᠨ ᠡᠬᠢᠯᠡᠯᠲᠡ ᠵᠢᠨ ᠴᠡᠭ᠂   ᠮᠦᠨ ᠴᠤ᠌ ᠤᠳᠤ ᠬᠦᠷᠲᠡᠯᠡᠬᠢ ᠮᠡᠳᠡᠭᠡᠯᠡᠯ   ᠰᠤᠷᠲᠠᠯᠴᠢᠯᠠᠭ᠎ᠠ ᠵᠢᠨ ᠭᠣᠣᠯ ᠠᠭᠤᠯᠭ᠎ᠠ ᠮᠥᠨ᠃《ᠤᠷᠤᠭ ᠭᠡᠷ ᠪᠦᠯᠢ ᠨᠡᠢ᠌ᠭᠡᠮ》᠎ᠤᠨ ᠬᠤᠭᠤᠴᠠᠭ᠋ᠠᠨ᠎ᠳᠤ ᠭᠣᠣᠯᠳᠠᠭᠤ ᠬᠠᠢ᠌ᠷ᠎ᠠ ᠳᠤᠷᠠᠯᠠᠯ᠂ ᠤᠷᠤᠭ ᠬᠣᠷᠢᠮ᠂ ᠭᠡᠷ ᠪᠦᠯᠢ   ᠵᠢᠨ ᠲᠤᠭᠤᠷᠢᠨ᠎ᠳᠤ ᠲᠦᠷᠦ ᠵᠢᠨ ᠪᠣᠳᠤᠯᠭ᠋ᠠᠲᠤ ᠴᠢᠨᠠᠷ᠂ ᠬᠠᠦᠯᠢ   ᠰᠤᠷᠲᠠᠯᠴᠢᠯᠠᠯᠲᠤ ᠴᠢᠨᠠᠷ᠂ ᠮᠡᠳᠡᠯᠭᠡᠴᠢ ᠴᠢᠨᠠᠷ᠂ ᠰᠤᠨᠢᠷᠬᠠᠯᠲᠤ ᠴᠢᠨᠠᠷ ᠪᠦᠬᠦᠢ ᠮᠡᠳᠡᠭᠡᠯᠡᠯ ᠵᠣᠬᠢᠶᠠᠯ ᠨᠡᠢ᠌ᠳᠡᠯᠡᠵᠦ᠂ ᠬᠣᠲᠠ ᠬᠦᠳᠡᠭᠡ ᠵᠢᠨ ᠥᠷᠭᠡᠨ ᠣᠯᠠᠨ ᠤᠩᠰᠢᠭᠴᠢᠳ᠎ᠤᠨ   ᠲᠤᠯᠭ᠋ᠠᠮ ᠱᠠᠭ᠋ᠠᠷᠳᠠᠯᠭ᠎ᠠ ᠵᠢ ᠬᠠᠩᠭ᠋ᠠᠵᠤ᠂ ᠮᠠᠨ᠎ᠤ ᠤᠯᠤᠰ᠎ᠤᠨ ᠮᠣᠩᠭᠤᠯ ᠰᠡᠳᠭᠦᠯ᠎ᠤᠨ ᠬᠤᠭᠤᠰᠤᠨ   ᠵᠠᠢ ᠵᠢ ᠲᠤᠬᠢᠳᠠᠢ ᠨᠦᠬᠦᠪᠦᠷᠢᠯᠡᠵᠦ᠂   ᠰᠡᠳᠭᠦᠯ᠎ᠤᠨ ᠡᠩᠨᠡᠭᠡᠨ᠎ᠳᠤ ᠯᠠᠪᠳᠠᠭᠤᠨ ᠵᠣᠭᠰᠤᠵᠠᠢ᠃   ᠰᠡᠳᠭᠦᠯ᠎ᠤᠨ ᠨᠡᠷ᠎ᠡ᠎ᠪᠠᠨ《ᠨᠡᠢ᠌ᠭᠡᠮ》ᠭᠡᠵᠦ ᠰᠣᠯᠢᠭᠰᠠᠨ᠎ᠠᠴᠠ   ᠨᠠᠭ᠋ᠠᠰᠢ᠂ ᠤᠤᠯ᠎ᠤᠨ ᠪᠠᠢ᠌ᠭᠰᠠᠨ ᠤᠷᠤᠭ᠎ᠤᠨ ᠰᠤᠳᠤᠯᠤᠯ᠂ ᠭᠡᠷ ᠪᠦᠯᠢ ᠵᠢᠨ ᠰᠤᠳᠤᠯᠤᠯ᠂ ᠠᠮᠢᠳᠤᠷᠠᠬᠤ ᠵᠦᠢ ᠵᠢᠨ ᠰᠤᠳᠤᠯᠤᠯ ᠵᠡᠷᠭᠡ ᠵᠢ ᠦᠷᠭᠦᠯᠵᠢᠯᠡᠨ ᠪᠠᠷᠢᠮᠲᠠᠯᠠᠭᠰᠠᠨ ᠰᠠᠭᠤᠷᠢᠨ ᠳᠡᠭᠡᠷ᠎ᠡ ᠨᠡᠢ᠌ᠭᠡᠮ᠎ᠤᠨ ᠤᠬᠠᠭ᠋ᠠᠨ᠂   ᠬᠠᠦᠯᠢ ᠵᠢᠨ ᠤᠬᠠᠭ᠋ᠠᠨ᠂ ᠶᠣᠰᠤ ᠰᠤᠷᠲᠠᠬᠤᠨ᠎ᠤ ᠤᠬᠠᠭ᠋ᠠᠨ᠂ ᠤᠭᠰᠠᠭ᠋ᠠᠲᠠᠨ ᠵᠦᠢ᠂ ᠠᠷᠠᠳ᠎ᠤᠨ ᠵᠠᠩ ᠵᠠᠩᠰᠢᠯ᠎ᠤᠨ ᠤᠬᠠᠭ᠋ᠠᠨ ᠵᠡᠷᠭᠡ ᠨᠡᠢ᠌ᠭᠡᠮ ᠠᠬᠤᠢ ᠵᠢᠨ ᠦᠷᠭᠡᠨ   ᠴᠠᠷᠠᠭ᠎ᠠ᠎ᠳᠤ᠎ᠬᠢ   ᠪᠠᠶᠠᠯᠢᠭ ᠠᠭᠤᠯᠭ᠎ᠠ ᠵᠢ ᠳᠡᠯᠭᠡᠷᠡᠭᠦᠯᠦᠨ ᠨᠡᠮᠡᠪᠠ᠃ 《ᠤᠷᠤᠭ ᠭᠡᠷ ᠪᠦᠯᠢ ᠨᠡᠢ᠌ᠭᠡᠮ》ᠪᠠ 《ᠨᠡᠢ᠌ᠭᠡᠮ》ᠰᠡᠳᠭᠦᠯ᠎ᠤᠨ ᠬᠣᠯᠪᠤᠭ᠎ᠠ ᠬᠢᠭᠡᠳ ᠢᠯᠭ᠋ᠠᠭ᠎ᠠ ᠪᠣᠯ ᠳᠠᠷᠤᠢ 《ᠨᠡᠢ᠌ᠭᠡᠮ》ᠰᠡᠳᠭᠦᠯ ᠮᠠᠨᠢ ᠤᠤᠯ᠎ᠤᠨ ᠪᠠᠢ᠌ᠭᠰᠠᠨ《ᠤᠷᠤᠭ ᠭᠡᠷ ᠪᠦᠯᠢ ᠨᠡᠢ᠌ᠭᠡᠮ》᠎ᠤᠨ ᠬᠡᠪ ᠨᠠᠮᠪᠠ᠂ ᠬᠦᠷᠢᠶ᠎ᠡ   ᠴᠠᠷᠠᠭ᠎ᠠ᠂ ᠣᠨᠴᠠᠯᠢᠭ ᠳᠦᠷᠬᠦ᠎ᠪᠠᠨ ᠦᠨᠳᠦᠰᠦᠨ  ᠎ᠳᠤ᠎ᠪᠠᠨ ᠬᠠᠳᠠᠭ᠋ᠠᠯᠠᠭᠰᠠᠨ ᠰᠠᠭᠤᠷᠢᠨ ᠳᠡᠭᠡᠷ᠎ᠡ ᠣᠳᠤ ᠵᠢᠨ ᠨᠡᠢ᠌ᠭᠡᠮ ᠠᠬᠤᠢ᠎ᠲᠠᠢ ᠵᠣᠬᠢᠴᠠᠯᠳᠤᠭᠤᠯᠤᠨ᠂   ᠰᠣᠶᠣᠯ᠎ᠤᠨ ᠡᠴᠢᠨ᠎ᠡ ᠬᠦᠨ᠂ ᠥᠷᠭᠡᠨ ᠳᠡᠯᠭᠡᠷ᠂ ᠡᠷᠢᠨ ᠵᠣᠯᠪᠤᠭ᠎ᠠ ᠵᠢ ᠳᠡᠭᠡᠳᠦᠯᠡᠨ ᠳᠤᠰᠬᠠᠬᠤ᠎ᠪᠠᠷ ᠤᠷᠢᠳᠠᠯ ᠪᠣᠯᠭ᠋ᠠᠵᠤ᠂ ᠨᠡᠢ᠌ᠭᠡᠮ ᠠᠬᠤᠢ ᠵᠢᠨ ᠲᠤᠬᠠᠢ᠎ᠲᠠᠢ ᠠᠭᠤᠯᠭ᠎ᠠ ᠠᠭᠤᠯᠤᠭᠳᠠᠴᠠ ᠵᠢ ᠨᠡᠮᠡᠭᠳᠡᠭᠦᠯᠦᠨ᠂ ᠡᠷᠲᠡᠨ᠎ᠤ᠎ᠬᠢ ᠪᠠ ᠡᠳᠦᠭᠡᠬᠢ᠂ ᠳᠡᠯᠡᠬᠡᠢ ᠨᠡᠢ᠌ᠲᠡ ᠵᠢᠨ ᠪᠠ ᠤᠯᠤᠰ ᠦᠨᠳᠦᠰᠦᠲᠡᠨ᠎ᠤ᠎ᠪᠠᠨ ᠰᠢᠯᠢᠳᠡᠭ ᠰᠣᠶᠣᠯ᠂ ᠠᠵᠤ ᠠᠬᠤᠢ᠂ ᠮᠡᠳᠡᠯᠭᠡ ᠮᠡᠳᠡᠴᠡ᠂ ᠰᠤᠷᠠᠭ ᠵᠠᠩᠭᠢ᠂ ᠬᠦᠭᠵᠢᠯ ᠢᠷᠡᠭᠡᠳᠦᠢ ᠵᠢ ᠬᠠᠷᠠᠭᠤᠯᠵᠤ ᠪᠦᠬᠦᠢ [2] ᠠᠭᠤᠯᠭ᠎ᠠ   ᠵᠢ ᠠᠩᠬᠠᠷᠤᠨ ᠨᠡᠢ᠌ᠳᠡᠯᠡᠬᠦ   ᠪᠣᠯᠣᠭᠰᠠᠨ᠎ᠳᠤ ᠪᠣᠢ᠃ ᠡᠳᠡᠭᠡᠷ᠎ᠠᠴᠠ《ᠨᠡᠢ᠌ᠭᠡᠮ》ᠰᠡᠳᠭᠦᠯ᠎ᠤᠨ ᠨᠡᠷ᠎ᠡ ᠵᠢᠨ ᠬᠤᠪᠢᠷᠠᠯᠲᠠ᠎ᠨᠢ ᠲᠤᠰ ᠰᠡᠳᠭᠦᠯ᠎ᠤᠨ ᠬᠡᠪᠯᠡᠯ ᠡᠬᠢᠯᠡᠭᠰᠡᠨ᠎ᠠᠴᠠ ᠢᠨᠠᠭᠰᠢᠬᠢ   ᠤᠭ ᠰᠠᠨᠠᠭ᠎ᠠ᠎ᠪᠠᠨ ᠦᠯᠦ ᠮᠠᠷᠲᠠᠨ᠂ ᠡᠭᠦᠷᠭᠡ ᠬᠠᠷᠢᠭᠤᠴᠯᠭ᠎ᠠ᠎ᠪᠠᠨ ᠪᠠᠲᠦ ᠴᠡᠭᠡᠵᠢᠯᠡᠵᠦ᠂   ᠦᠷᠬᠦᠯᠵᠢᠯᠡᠨ ᠲᠡᠮᠡᠴᠡᠵᠦ   ᠶᠠᠪᠤᠭ᠎ᠠ ᠵᠢ ᠬᠡᠰᠡᠭ ᠲᠠᠯ᠎ᠠ᠎ᠠᠴᠠ ᠬᠠᠷᠠᠭᠤᠯᠵᠤ ᠪᠣᠢ ᠬᠡᠰᠡᠨ ᠳ᠋ᠦᠩᠨᠡᠯᠲᠡ ᠦᠭᠬᠦ᠎ᠳᠤ ᠠᠷᠠᠢ ᠬᠡᠲᠦᠷᠡᠬᠦ ᠦᠭᠡᠢ ᠪᠠᠢ᠌ᠬ᠎ᠠ  ᠃
(ᠬᠣᠶᠠᠷ) ᠠᠭᠤᠯᠭ᠎ᠠ ᠪᠤᠯᠤᠩ᠎ᠤᠨ ᠨᠡᠮᠡᠭᠳᠡᠯ
   《ᠨᠡᠢ᠌ᠭᠡᠮ》ᠰᠡᠳᠭᠦᠯ᠎ᠨᠢ《ᠤᠷᠤᠭ᠎ᠤᠨ ᠬᠠᠮᠢᠶᠠᠷᠤᠯᠲᠠ》᠂《ᠤᠷᠤᠭ ᠬᠤᠯᠪᠤᠭ᠎ᠠ》᠂《ᠭᠡᠷ᠎ᠤᠨ ᠰᠤᠷᠭ᠋ᠠᠯ》᠂《ᠠᠯᠳᠠᠷᠲᠤ ᠬᠦᠮᠦᠰ᠎ᠤᠨ ᠦᠢ᠍ᠯᠡ》《ᠬᠠᠦᠯᠢ ᠵᠢᠨ ᠵᠦᠪᠯᠡᠭᠴᠢ》᠂《ᠡᠷᠡᠭᠦᠯ ᠮᠡᠨᠳᠦ ᠵᠢᠨ ᠬᠠᠨᠢ》᠂《ᠠᠮᠢᠳᠤᠷᠠᠯ᠎ᠤᠨ ᠮᠡᠳᠡᠯᠭᠡ》᠂《ᠪᠠᠷᠢᠮᠲᠠᠲᠤ ᠵᠣᠬᠢᠶᠠᠯ》᠂《ᠶᠡᠬᠡ ᠳᠡᠯᠡᠭᠡᠢ》᠂《ᠤᠷᠠᠨ ᠵᠢᠷᠤᠭ》ᠭᠡᠬᠦ ᠨᠡᠢ᠌ᠲᠡ ᠠᠷᠪᠠᠨ ᠪᠤᠯᠤᠩ᠎ᠲᠠᠢ ᠬᠡᠪᠯᠡᠯ ᠡᠬᠢᠯᠡᠵᠡᠢ᠃ ᠵᠠᠯᠭ᠋ᠠᠭ᠋ᠠᠳ ᠴᠠᠭ   ᠡᠷᠢᠨ᠎ᠤ ᠰᠢᠨ᠎ᠡ ᠰᠤᠷᠭᠤᠭ ᠠᠭᠤᠷ ᠠᠮᠢᠰᠬᠤᠯ᠎ᠲᠠᠢ ᠡᠭᠡᠨᠡᠭᠳᠡ ᠠᠯᠬᠤᠮ ᠵᠣᠬᠢᠴᠠᠭᠤᠯᠬᠤ ᠵᠢ ᠰᠠᠨᠠᠵᠤ᠂ ᠰᠡᠳᠭᠦᠯ᠎ᠤᠨ ᠵᠶ᠋ᠠᠨ ᠠᠭᠤᠯᠭ᠎ᠠ   ᠴᠠᠷᠠᠭ᠎ᠠ ᠵᠢ ᠤᠯᠠᠮ ᠠᠭᠤᠳᠠᠮ ᠪᠠᠶᠠᠯᠢᠭ ᠪᠣᠯᠭ᠋ᠠᠬᠤ ᠵᠢᠨ ᠲᠤᠰᠠᠲᠠ᠂   ᠡᠨᠡ ᠬᠤᠭᠤᠴᠠᠭ᠎ᠠ᠎ᠠᠴᠠ ᠡᠬᠢᠯᠡᠵᠦ᠂ ᠣᠯᠠᠨ ᠲᠦᠮᠡᠨ᠎ᠳᠤ ᠠᠪᠤᠨ ᠠᠰᠢᠭᠲᠠᠢ᠂ ᠪᠠᠷᠢᠨ ᠬᠡᠷᠡᠭᠴᠡᠭᠡᠲᠡᠢ《ᠮᠡᠳᠡᠭᠡ ᠵᠠᠩᠭᠢ》ᠵᠢᠨ ᠪᠣᠯᠣᠩ ᠎ᠢ ᠨᠡᠭᠡᠭᠡᠯ᠎ᠡ  [3] ᠭᠡᠳᠡᠭᠴᠢᠯᠡᠨ ᠨᠡᠢ᠌ᠭᠡᠮ   ᠠᠮᠢᠳᠤᠷᠠᠯ᠎ᠤᠨ ᠠᠳᠠᠯᠢ ᠪᠣᠰᠤ ᠵᠢᠨ ᠭᠤᠯᠳᠤᠷᠢᠯ᠎ᠠᠴᠠ ᠮᠠᠰᠢ ᠣᠯᠠᠨ ᠲᠤᠰᠬᠠᠢ ᠪᠣᠯᠣᠩ  ᠎ᠤᠳ᠎ᠢ   ᠴᠦᠷᠭᠡᠯᠡᠭᠦᠯᠦᠨ ᠨᠡᠭᠡᠭᠡᠵᠡᠢ᠃ ᠡᠭᠦᠨ᠎ᠤ ᠳ᠋ᠦᠩ᠎ᠳᠤ 1996 ᠣᠨ᠎ᠤ 1 ᠳ᠋ᠤᠭᠡᠷ (ᠶᠡᠷᠦᠩᠬᠡᠢ 18 ᠳ᠋ᠤᠭ᠋ᠠᠷ) ᠬᠤᠭᠤᠴᠠᠭ᠎ᠠ ᠵᠢ ᠨᠡᠢ᠌ᠲᠡ 25 ᠪᠤᠯᠤᠩ᠎ᠲᠠᠢ ᠬᠡᠪᠯᠡᠭᠦᠯᠦᠭᠰᠡᠨ ᠪᠠᠢ᠌ᠨ᠎ᠠ᠃ ᠲᠤᠰ ᠬᠤᠭᠤᠴᠠᠭ᠎ᠠ ᠪᠣᠯ《ᠨᠡᠢ᠌ᠭᠡᠮ》ᠰᠡᠳᠭᠦᠯ᠎ᠤᠨ ᠭᠤᠴᠢᠨ ᠵᠢᠯ ᠲᠤᠷᠰᠢ ᠬᠡᠪᠯᠡᠨ ᠲᠠᠷᠬᠠᠭ᠋ᠠᠭᠰᠠᠨ ᠨᠡᠢ᠌ᠲᠡ 318 ᠬᠤᠭᠤᠴᠠᠭ᠎ᠠ ᠰᠡᠳᠭᠦᠯ ᠳᠤᠲᠤᠷᠠᠬᠢ ᠲᠤᠰᠬᠠᠢ ᠪᠤᠯᠤᠩ ᠵᠶ᠋ᠠᠷ ᠬᠠᠮᠤᠭ ᠣᠯᠠᠨ ᠨᠢᠭᠡ ᠬᠤᠭᠤᠴᠠᠭ᠎ᠠ᠎ᠳᠤ ᠲᠤᠭ᠋ᠠᠴᠠᠭᠳᠠᠨ᠎ᠠ᠃ ᠲᠤᠰ ᠰᠡᠳᠭᠦᠯ ᠣᠯᠠᠩᠬᠢ  ᠎ᠳᠤ᠎ᠪᠠᠨ ᠬᠤᠭᠤᠴᠠᠭ᠎ᠠ ᠪᠦᠷᠢ ᠵᠢᠨ ᠰᠡᠳᠭᠦᠯ᠎ᠳᠤ ᠬᠤᠷᠢ ᠣᠷᠴᠢᠮ ᠲᠤᠰᠬᠠᠢ ᠪᠣᠯᠣᠩ ᠲᠤᠬᠢᠷᠠᠭᠤᠯᠵᠤ᠂ ᠠᠳᠠᠯᠢ ᠪᠣᠰᠤ ᠬᠤᠭᠤᠴᠠᠭ᠎ᠠ᠎ᠳᠤ ᠠᠳᠠᠯᠢ ᠪᠣᠰᠤ ᠪᠣᠯᠤᠩ ᠎ᠤᠳ᠎ᠢ ᠰᠣᠩᠭᠤᠨ   ᠰᠤᠯᠪᠢᠴᠠᠭᠣᠯᠣᠨ ᠨᠡᠢ᠌ᠳᠡᠯᠡᠵᠦ᠂ ᠤᠩᠰᠢᠭᠴᠢᠳ᠎ᠲᠤ ᠡᠯ᠎ᠡ ᠬᠠᠷᠠᠭ᠋ᠠᠰᠤ᠎ᠠᠴᠠ ᠣᠯᠠᠨ ᠲᠠᠯ᠎ᠠ ᠵᠢᠨ ᠰᠣᠶᠣᠯ᠎ᠤᠨ ᠦᠢ᠍ᠯᠡᠴᠢᠯᠭᠡ ᠬᠠᠩᠭ᠋ᠠᠭᠰᠠᠭ᠋ᠠᠷ ᠢᠷᠡᠵᠡᠢ᠃ ᠪᠠᠰᠠ1997—2000 ᠣᠨ᠎ᠤ ᠬᠤᠭᠤᠷᠤᠨᠲᠤ ᠵᠢᠯ ᠪᠦᠷᠢ ᠨᠢᠭᠡ ᠬᠤᠭᠤᠴᠠᠭ᠎ᠠ ᠵᠢ《ᠣᠨᠴᠠᠭ᠋ᠠᠢ ᠳ᠋ᠤᠭ᠋ᠠᠷ》ᠪᠣᠯᠭ᠋ᠠᠵᠤ᠂ ᠲᠤᠰ ᠰᠡᠳᠭᠦᠯ᠎ᠤᠨ ᠬᠡᠪ ᠨᠠᠮᠪᠠ᠂ ᠬᠡᠪᠰᠢᠯ ᠬᠡᠯᠪᠡᠷᠢ᠎ᠳᠤ ᠪᠠᠷᠢᠭᠳᠠᠬᠤ ᠦᠭᠡᠢ᠎ᠪᠠᠷ ᠤᠩᠰᠢᠭᠴᠢᠳ᠎ᠲᠤ ᠴᠢᠨᠠᠷ ᠰᠠᠢ᠌ᠲᠠᠢ᠂ ᠦᠨ᠎ᠡ ᠦᠷᠳᠡᠭ ᠪᠦᠬᠦᠢ ᠰᠤᠷᠠᠭ ᠴᠢᠮᠡᠭᠡ ᠵᠢ ᠲᠦᠪᠯᠡᠷᠡᠭᠦᠯᠦᠨ   ᠳᠠᠮᠵᠢᠭᠤᠯᠪᠠ᠃《ᠨᠡᠢ᠌ᠭᠡᠮ》ᠰᠡᠳᠭᠦᠯ ᠬᠡᠪᠯᠡᠯ ᠡᠬᠢᠯᠡᠭᠰᠡᠨ ᠭᠤᠴᠢᠨ ᠵᠢᠯ᠎ᠤᠨ ᠲᠤᠷᠰᠢ 《ᠶᠠᠲᠤᠭ᠎ᠠ ᠵᠢᠨ ᠳᠤᠯᠤᠭ᠋ᠠᠨ ᠡᠭᠡᠰᠢᠭ》᠂《ᠲᠤᠤᠯᠢᠶᠠᠨᠲᠤ ᠬᠣᠷᠸ᠎ᠠ》᠂《ᠣᠳᠤᠳ᠎ᠤᠨ ᠰᠢᠪᠡᠨᠡᠭᠡ》᠂《ᠲᠡᠪᠡᠨᠡ ᠰᠦᠪᠡ᠎ᠪᠠᠷ》᠂《ᠥᠷᠭᠡᠨ ᠴᠢᠯᠦᠭᠡ》᠂《ᠵᠠᠭᠤᠨ ᠠᠯᠤᠰᠯᠠᠬᠤ ᠥᠪᠦᠷ ᠮᠣᠩᠭᠤᠯᠴᠤᠳ》᠂《ᠬᠦᠯᠦᠭ᠎ᠤᠨ ᠰᠤᠷ》᠂《ᠲᠡᠦᠬᠡᠨ᠎ᠳᠤ᠎ᠬᠢ ᠨᠢᠭᠡᠨ ᠬᠠᠭᠤᠳᠠᠰᠤ》᠂《ᠰᠢᠨ᠎ᠡ ᠠᠮᠢᠳᠤᠷᠠᠯ》᠂《ᠠᠵᠤ ᠠᠬᠤᠢ ᠵᠢᠨ ᠵᠠᠭᠤᠴᠢ》᠂《ᠨᠣᠮ᠎ᠤᠨ ᠬᠦᠷᠳᠦ》ᠵᠡᠷᠭᠡ ᠲᠤᠭᠳᠠᠮᠠᠯ ᠪᠠ ᠲᠤᠭᠲᠠᠮᠠᠯ ᠪᠣᠰᠤ ᠰᠣᠳᠤᠨ ᠰᠠᠢ᠌ᠬᠠᠨ ᠲᠤᠰᠬᠠᠢ ᠪᠣᠯᠤᠩ  ᠎ᠤᠳ᠎ᠢ ᠨᠡᠢ᠌ᠲᠡ ᠵᠠᠭᠤ ᠭᠠᠷᠤᠢ ᠡᠭᠦᠳᠦᠨ ᠨᠡᠭᠡᠭᠡᠪᠡ᠃  
ᠬᠣᠶᠠᠷ᠂   ᠬᠡᠪᠯᠡᠯ᠎ᠤᠨ ᠲᠠᠯ᠎ᠠ᠎ᠪᠠᠷ᠎ᠬᠢ ᠬᠤᠪᠢᠷᠠᠯᠲᠠ
(ᠨᠢᠭᠡ) ᠬᠡᠪᠯᠡᠯ᠎ᠤᠨ ᠬᠤᠭᠤᠴᠠᠭ᠋ᠠᠨ᠎ᠤ ᠬᠤᠪᠢᠷᠠᠯᠲᠠ
      ᠰᠡᠳᠭᠦᠯ᠎ᠤᠨ ᠬᠡᠪᠯᠡᠯ᠎ᠤᠨ ᠬᠤᠭᠤᠴᠠᠭ᠎ᠠ ᠪᠣᠯ ᠲᠡᠭᠦᠨ᠎ᠤ   ᠬᠡᠪᠯᠡᠭᠳᠡᠨ ᠲᠠᠷᠬᠠᠭᠳᠠᠬᠤ ᠶᠠᠪᠤᠴᠠ ᠎ᠳᠤ᠎ᠬᠢ ᠴᠠᠭ ᠬᠤᠭᠤᠴᠠᠭ᠋ᠠᠨ᠎ᠤ ᠳᠠᠪᠲᠠᠮᠵᠢ᠂ ᠰᠡᠳᠭᠦᠯ᠎ᠤᠨ ᠨᠢᠭᠡ ᠵᠢᠯ᠎ᠤᠨ ᠬᠤᠭᠤᠴᠠᠭ᠋ᠠᠨ  ᠎ᠳᠤ᠎ᠬᠢ ᠬᠡᠪᠯᠡᠭᠳᠡᠬᠦ ᠲᠤᠭ᠎ᠠ ᠪᠠ ᠬᠤᠷᠳᠤᠴᠠ ᠵᠢ ᠲᠦᠯᠦᠭᠡᠯᠡᠵᠦ ᠪᠣᠢ᠃   ᠵᠢᠱ᠌ᠢᠶᠡᠯᠡᠪᠡᠯ᠂ ᠰᠠᠷ᠎ᠠ ᠵᠢᠨ ᠰᠡᠳᠭᠦᠯ   ᠪᠣᠯ   ᠲᠤᠰ ᠰᠡᠳᠭᠦᠯ᠎ᠨᠢ ᠰᠠᠷ᠎ᠠ ᠪᠣᠯᠭ᠋ᠠᠨ᠎ᠳᠤ ᠨᠢᠭᠡ ᠬᠤᠭᠤᠴᠠᠭ᠎ᠠ ᠬᠡᠪᠯᠡᠭᠳᠡᠬᠦ ᠮᠥᠷᠲᠡᠭᠡᠨ ᠵᠢᠯ᠎ᠳᠤ ᠨᠡᠢ᠌ᠲᠡ 12 ᠬᠤᠭᠤᠴᠠᠭ᠎ᠠ ᠭᠠᠷᠳᠠᠭ᠎ᠢ ᠵᠢᠭ᠋ᠠᠨ᠎ᠠ᠃《ᠨᠡᠢ᠌ᠭᠡᠮ》ᠰᠡᠳᠭᠦᠯ ᠬᠡᠪᠯᠡᠯ ᠡᠬᠢᠯᠡᠭᠰᠡᠨ᠎ᠠᠴᠠ ᠣᠳᠤ ᠬᠦᠷᠲᠡᠯ᠎ᠡ ᠬᠡᠪᠯᠡᠯ᠎ᠤᠨ ᠬᠤᠭᠤᠴᠠᠭ᠎ᠠ ᠵᠢᠨ ᠬᠤᠪᠢ᠎ᠳᠤ ᠨᠡᠢ᠌ᠲᠡ ᠭᠤᠷᠪᠠ ᠤᠳᠠᠭ᠋ᠠᠨ᠎ᠤ ᠬᠤᠪᠢᠷᠠᠯᠲᠠ ᠭᠠᠷᠴᠠᠢ᠃   ᠭᠤᠴᠢᠨ ᠵᠢᠯ᠎ᠤᠨ ᠭᠤᠤᠯᠳᠤ ᠬᠠᠷᠠᠭ᠋ᠠᠰᠤ᠎ᠠᠴᠠ ᠲᠡᠭᠦᠨ᠎ᠤ ᠬᠡᠪᠯᠡᠯ᠎ᠤᠨ ᠬᠤᠭᠤᠴᠠᠭ᠎ᠠ ᠵᠢ ᠠᠵᠢᠭᠯᠠᠬᠤ᠎ᠳᠤ ᠲᠤᠭᠳᠠᠮᠠᠯ ᠪᠣᠰᠤ᠎ᠠᠴᠠ ᠲᠤᠭᠲᠠᠮᠠᠯ᠂ ᠤᠷᠲᠤ᠎ᠠᠴᠠ ᠪᠤᠭᠤᠨᠢ᠂ ᠤᠳᠠᠭ᠋ᠠᠨ᠎ᠠᠴᠠ ᠬᠤᠷᠳᠤᠨ ᠬᠦᠷᠬᠦ ᠬᠠᠨᠳᠤᠰᠢ᠎ᠪᠠᠷ ᠲᠤᠭᠳᠠᠭᠤᠨ ᠬᠤᠪᠢᠰᠴᠤ ᠢᠷᠡᠵᠡᠢ᠃ ᠲᠤᠰ ᠰᠡᠳᠭᠦᠯ ᠠᠩᠬ᠎ᠠ ᠬᠡᠪᠯᠡᠯ ᠡᠬᠢᠯᠡᠬᠦ  ᠎ᠳᠤ᠎ᠪᠠᠨ ᠬᠡᠳᠦᠢ᠌ᠪᠡᠷ ᠬᠡᠪᠯᠡᠭᠦᠯᠬᠦ ᠡᠷᠭᠡ ᠵᠢᠨ ᠬᠠᠭᠤᠳᠠᠰᠤᠨ᠎ᠳᠤ《ᠤᠯᠠᠷᠢᠯ᠎ᠤᠨ ᠰᠡᠳᠭᠦᠯ》ᠭᠡᠵᠦ ᠲᠤᠳᠤᠷᠬᠠᠢ ᠪᠢᠴᠢᠭᠰᠡᠨ ᠪᠣᠯᠪᠠᠴᠤ᠂   ᠦᠨᠡᠨ᠎ᠳᠤ᠎ᠪᠠᠨ ᠲᠤᠭᠲᠠᠮᠠᠯ ᠪᠣᠰᠤ ᠬᠤᠭᠤᠴᠠᠭ᠋ᠠᠲᠤ ᠰᠡᠳᠭᠦᠯ ᠵᠶ᠋ᠠᠷ ᠬᠡᠪᠯᠡᠭᠳᠡᠵᠦ᠂ ᠬᠣᠶᠠᠷ ᠵᠢᠯ᠎ᠤᠨ ᠳᠠᠷᠠᠭ᠎ᠠ 1993 ᠣᠨ᠎ᠠᠴᠠ ᠡᠬᠢᠯᠡᠵᠦ ᠤᠯᠠᠷᠢᠯ   ᠪᠦᠷᠢ ᠨᠢᠭᠡ ᠬᠤᠭᠤᠴᠠᠭ᠎ᠠ ᠬᠡᠪᠯᠡᠭᠦᠯᠦᠨ ᠲᠠᠷᠬᠠᠭ᠋ᠠᠵᠤ᠂ ᠲᠤᠭᠲᠠᠮᠠᠯ ᠬᠤᠭᠤᠴᠠᠭ᠋ᠠᠲᠤ ᠤᠯᠠᠷᠢᠯ᠎ᠤᠨ ᠰᠡᠳᠭᠦᠯ ᠪᠤᠯᠵᠤ ᠬᠤᠪᠢᠷᠠᠵᠠᠢ᠃ ᠳᠠᠷᠤᠢ᠂ 1991 —1992 ᠣᠨ᠎ᠤ ᠬᠤᠭᠤᠷᠤᠨᠳᠤ ᠲᠤᠭᠲᠠᠮᠠᠯ ᠪᠣᠰᠤ ᠬᠤᠭᠤᠴᠠᠭ᠋ᠠᠲᠤ ᠰᠡᠳᠭᠦᠯ ᠪᠠᠢ᠌ᠵᠤ᠂ 1991 ᠣᠨ᠎ᠳᠤ ᠨᠢᠭᠡ (ᠶᠡᠷᠦᠩᠬᠡᠢ 1 ᠳ᠋ᠤᠭᠡᠷ ᠬᠤᠭᠤᠴᠠᠭ᠎ᠠ)   ᠯᠡ ᠬᠤᠭᠤᠴᠠᠭ᠎ᠠ᠂ 1992 ᠣᠨ᠎ᠳᠤ 2  (ᠶᠡᠷᠦᠩᠬᠡᠢ 2—3 ᠳ᠋ᠤᠭ᠋ᠠᠷ  )   ᠬᠤᠭᠤᠴᠠᠭ᠎ᠠ ᠬᠡᠪᠯᠡᠭᠳᠡᠵᠡᠢ᠃1993 ᠣᠨ᠎ᠤ 1  (ᠶᠡᠷᠦᠩᠬᠡᠢ 4) ᠳ᠋ᠤᠭᠡᠷ ᠬᠤᠭᠤᠴᠠᠭ᠎ᠠ᠎ᠠᠴᠠ ᠡᠬᠢᠯᠡᠵᠦ ᠰᠠᠶᠢ ᠤᠯᠠᠷᠢᠯ᠎ᠤᠨ ᠰᠡᠳᠭᠦᠯ ᠪᠣᠯᠵᠤ᠂ 1994 ᠣᠨ᠎ᠤ ᠡᠴᠦᠰ ᠬᠦᠷᠲᠡᠯ᠎ᠡ ᠨᠡᠢ᠌ᠲᠡ 8  (ᠶᠡᠷᠦᠩᠬᠡᠢ 4 —11 ᠳ᠋ᠤᠭᠡᠷ) ᠬᠤᠭᠤᠴᠠᠭ᠎ᠠ ᠬᠡᠪᠯᠡᠭᠳᠡᠪᠡ᠃ 1995 ᠣᠨ᠎ᠤ 1 ᠳ᠋ᠤᠭᠡᠷ (ᠶᠡᠷᠦᠩᠬᠡᠢ 12 ᠳ᠋ᠤᠭ᠋ᠠᠷ) ᠬᠤᠭᠤᠴᠠᠭ᠎ᠠ᠎ᠠᠴᠠ ᠡᠬᠢᠯᠡᠵᠦ ᠬᠤᠤᠰ ᠰᠠᠷ᠎ᠠ ᠵᠢᠨ ᠰᠡᠳᠭᠦᠯ ᠪᠣᠯᠵᠤ᠂   ᠳ᠋ᠠᠩ ᠰᠠᠷ᠎ᠠ ᠪᠦᠷᠢ ᠵᠢᠨ 15᠎ᠳᠤ ᠬᠡᠪᠯᠡᠭᠳᠡᠨ᠂ 1996 ᠣᠨ᠎ᠤ ᠡᠴᠤᠰ ᠬᠦᠷᠲᠡᠯ᠎ᠡ ᠨᠡᠢ᠌ᠲᠡ 12 (ᠶᠡᠷᠦᠩᠬᠡᠢ 12—23 ᠳ᠋ᠤᠭ᠋ᠠᠷ) ᠬᠤᠭᠤᠴᠠᠭ᠎ᠠ ᠬᠡᠪᠯᠡᠨ ᠲᠠᠷᠬᠠᠭᠳᠠᠵᠠᠢ  ᠃ 1997 ᠣᠨ᠎ᠤ 1  (ᠶᠡᠷᠦᠩᠬᠡᠢ 24) ᠳ᠋ᠤᠭᠡᠷ   ᠬᠤᠭᠤᠴᠠᠭ᠎ᠠ᠎ᠠᠴᠠ ᠡᠬᠢᠯᠡᠨ ᠰᠠᠷ᠎ᠠ ᠵᠢᠨ ᠰᠡᠳᠭᠦᠯ ᠪᠣᠯᠵᠤ᠂ ᠰᠠᠷ᠎ᠠ ᠪᠦᠷᠢ ᠵᠢᠨ 5᠎ᠳᠤ   ᠬᠡᠪᠯᠡᠭᠳᠡᠵᠦ ᠪᠠᠢ᠌ᠭᠰᠠᠨ ᠵᠶ᠋ᠠᠨ 2000 ᠣᠨ᠎ᠤ 1 ᠳ᠋ᠤᠭᠡᠷ (ᠶᠡᠷᠦᠩᠬᠡᠢ 60 ᠳ᠋ᠤᠭ᠋ᠠᠷ) ᠬᠤᠭᠤᠴᠠᠭ᠎ᠠ᠎ᠠᠴᠠ ᠡᠬᠢᠯᠡᠵᠦ ᠰᠠᠷ᠎ᠠ ᠪᠦᠷᠢ ᠵᠢᠨ 1᠎ᠳᠤ ᠬᠡᠪᠯᠡᠬᠦ ᠰᠠᠷ᠎ᠠ ᠵᠢᠨ ᠰᠡᠳᠭᠦᠯ ᠪᠣᠯᠵᠤ ᠣᠳᠤ ᠪᠣᠯᠳᠠᠯ᠎ᠠ ᠬᠡᠪᠯᠡᠭᠳᠡᠭᠰᠡᠭᠡᠷ ᠪᠣᠢ᠃ ᠰᠠᠷ᠎ᠠ ᠵᠢᠨ ᠰᠡᠳᠭᠦᠯ ᠪᠣᠯ ᠮᠣᠩᠭᠤᠯ ᠰᠡᠳᠭᠦᠯ᠎ᠤᠨ ᠣᠳᠤᠬᠠᠨ  ᠎ᠳᠤ᠎ᠬᠢ   ᠬᠡᠪᠯᠡᠯ᠎ᠤᠨ ᠳᠠᠪᠲᠠᠮᠵᠢ  ᠎ᠪᠠᠷ ᠬᠠᠮᠤᠭ ᠎ᠤᠨ ᠦᠨᠳᠦᠷ  ᠎ᠲᠤ ᠲᠤᠭ᠋ᠠᠴᠠᠭᠳᠠᠬᠤ ᠬᠤᠭᠤᠴᠠᠭ᠋ᠠᠲᠤ ᠰᠡᠳᠭᠦᠯ ᠮᠥᠨ  ᠃《ᠨᠡᠢ᠌ᠭᠡᠮ》ᠰᠡᠳᠭᠦᠯ᠎ᠤᠨ ᠤᠯᠠᠷᠢᠯ᠎ᠤᠨ ᠰᠡᠳᠭᠦᠯ᠎ᠠᠴᠠ ᠰᠠᠷ᠎ᠠ ᠵᠢᠨ ᠰᠡᠳᠭᠦᠯ᠂ ᠰᠠᠷ᠎ᠠ ᠵᠢᠨ ᠳᠤᠮᠳᠠᠴᠢ᠎ᠠᠴᠠ ᠰᠠᠷ᠎ᠠ ᠵᠢᠨ ᠡᠬᠢᠨ᠎ᠳᠤ ᠬᠡᠪᠯᠡᠬᠦ ᠪᠤᠯᠵᠤ ᠬᠤᠪᠢᠷᠠᠭᠰᠠᠨ ᠪᠦᠬᠦ ᠶᠠᠪᠤᠴᠠ᠎ᠨᠢ ᠲᠡᠭᠦᠨ᠎ᠤ ᠤᠩᠰᠢᠭᠴᠢᠳ᠎ᠤᠨ ᠱᠠᠭ᠋ᠠᠷᠳᠠᠯᠭ᠎ᠠ᠂ ᠨᠡᠢ᠌ᠭᠡᠮ᠎ᠤᠨ ᠬᠡᠷᠡᠭᠴᠡᠭᠡ ᠵᠢ ᠬᠠᠩᠭ᠋ᠠᠵᠤ ᠵᠢᠨ ᠲᠦᠯᠦᠭᠡ ᠴᠦᠬᠦᠷᠡᠰᠢ ᠦᠭᠡᠢ ᠮᠡᠷᠡᠢ᠌ᠵᠦ᠂ ᠲᠠᠰᠤᠷᠠᠯᠲᠠ ᠦᠭᠡᠢ ᠦᠭᠡᠷᠡᠴᠢᠯᠡᠯᠲᠡ ᠰᠢᠨᠡᠴᠢᠯᠡᠯᠲᠡ ᠬᠢᠵᠦ ᠢᠷᠡᠭᠰᠡᠨ ᠣᠯᠠ ᠮᠥᠷ᠎ᠢ ᠳᠤᠷᠠᠢ᠌ᠯᠭ᠋ᠠᠬᠤ ᠵᠢᠨ ᠬᠠᠮᠲᠤ ᠲᠡᠭᠦᠨ᠎ᠤ ᠣᠯᠠᠨ ᠲᠦᠮᠡᠨ᠎ᠳᠤ ᠲᠠᠭ᠋ᠠᠰᠢᠶᠠᠭᠳᠠᠭᠰᠠᠨ ᠪᠣᠳᠠᠳᠤ ᠬᠡᠷᠡᠭ᠎ᠢ ᠲᠤᠬᠢᠲᠠᠢ ᠬᠠᠷᠠᠭᠤᠯᠵᠤ ᠪᠣᠢ᠃
(ᠬᠤᠶᠠᠷ) ᠰᠡᠳᠭᠦᠯ᠎ᠤᠨ ᠦᠨ᠎ᠡ ᠵᠢᠨ ᠦᠰᠦᠯᠲᠡ
   《ᠨᠡᠢ᠌ᠭᠡᠮ》ᠰᠡᠳᠭᠦᠯ᠎ᠨᠢ ᠬᠡᠪᠯᠡᠯ ᠡᠬᠢᠯᠡᠭᠰᠡᠨ᠎ᠠᠴᠠ ᠣᠳᠤ ᠬᠦᠷᠲᠡᠯ᠎ᠡ ᠰᠡᠳᠭᠦᠯ᠎ᠤᠨ ᠥᠨ᠎ᠡ᠎ᠳᠤ ᠨᠡᠢ᠌ᠲᠡ 6 ᠤᠳᠠᠭ᠋ᠠᠨ᠎ᠤ ᠲᠤᠬᠢᠷᠠᠭᠤᠯᠤᠯᠲᠠ ᠬᠢᠵᠦ᠂   ᠬᠤᠭᠤᠴᠠᠭ᠎ᠠ ᠪᠦᠷᠢ ᠵᠢᠨ ᠦᠨ᠎ᠡ ᠬᠠᠩᠰᠢ ᠠᠭ᠋ᠠᠵᠢᠮ ᠵᠶ᠋ᠠᠷ ᠨᠡᠮᠡᠭᠳᠡᠭᠰᠡᠭᠡᠷ ᠬᠠᠮᠤᠭ ᠠᠩᠬᠠᠨ᠎ᠤ 1.00 ᠲᠦᠭᠦᠷᠢᠭ ᠪᠠᠢ᠌ᠭᠰᠠᠨ᠎ᠠᠴᠠ 6.00 ᠲᠦᠭᠦᠷᠢᠭ᠎ᠲᠤ ᠬᠦᠷᠴᠡᠢ᠃ ᠡᠭᠦᠨ᠎ᠳᠤ᠂ ᠰᠡᠳᠭᠦᠯ ᠡᠷᠬᠢᠯᠡᠭᠰᠡᠨ ᠠᠩᠬᠠᠨ᠎ᠤ ᠠᠷᠪᠠᠨ ᠵᠢᠯ᠎ᠳᠤ ᠰᠡᠳᠭᠦᠯ᠎ᠤᠨ ᠦᠨ᠎ᠡ ᠣᠯᠠᠨ ᠤᠳᠠᠭ᠎ᠠ ᠦᠰᠦᠭᠰᠡᠨ ᠮᠥᠷᠲᠡᠭᠡᠨ ᠦᠰᠦᠯᠲᠡ ᠵᠢᠨ ᠬᠤᠷᠳᠤᠴᠠ ᠨᠡᠯᠢᠶᠡᠳ ᠲᠥᠷᠭᠡᠨ᠂ 1992 ᠣᠨ᠎ᠠᠴᠠ 2000 ᠣᠨ ᠬᠦᠷᠲᠡᠯ᠎ᠡ ᠵᠢᠯ ᠠᠯᠤᠰᠯᠠᠬᠤ ᠪᠦᠷᠢ᠎ᠳᠤ ᠨᠢᠭᠡ ᠤᠳᠠᠭ᠋ᠠᠨ᠎ᠤ ᠦᠨ᠎ᠡ ᠬᠠᠩᠰᠢ ᠵᠢᠨ ᠲᠤᠬᠢᠷᠠᠭᠤᠯᠤᠯᠲᠠ ᠬᠢᠵᠡᠢ᠃ ᠪᠣᠳᠠᠲᠠᠢ ᠶᠠᠷᠢᠪᠠᠯ᠂ ᠲᠤᠰ ᠰᠡᠳᠭᠦᠯ 1991 ᠣᠨ᠎ᠳᠤ ᠬᠡᠪᠯᠡᠯ ᠡᠬᠢᠯᠡᠭᠰᠡᠨ᠎ᠠᠴᠠ 1992 ᠣᠨ᠎ᠤ 1 ᠳ᠋ᠤᠭᠡᠷ ᠬᠤᠭᠤᠴᠠᠭ᠎ᠠ ᠬᠦᠷᠲᠡᠯ᠎ᠡ ᠬᠤᠭᠤᠴᠠᠭ᠎ᠠ ᠪᠦᠷᠢ ᠵᠢᠨ ᠦᠨ᠎ᠡ᠎ᠨᠢ 1.00 ᠲᠦᠭᠦᠷᠢᠭ ᠪᠠᠢ᠌ᠵᠦ᠂ ᠨᠡᠢ᠌ᠲᠡ 2 ᠬᠤᠭᠤᠴᠠᠭ᠎ᠠ ᠬᠡᠪᠯᠡᠪᠡ᠃ 1992 ᠣᠨ᠎ᠤ 2—3 (ᠶᠡᠷᠦᠩᠬᠡᠢ 3)   ᠳ᠋ᠤᠭ᠋ᠠᠷ ᠬᠤᠭᠤᠴᠠᠭ᠎ᠠ᠎ᠠᠴᠠ ᠡᠬᠢᠯᠡᠨ ᠬᠤᠭᠤᠴᠠᠭ᠎ᠠ ᠪᠦᠷᠢ ᠵᠢᠨ ᠦᠨ᠎ᠡ 1.80 ᠲᠦᠭᠦᠷᠢᠭ  ᠎ᠳᠤ ᠬᠦᠷᠴᠦ᠂1993 ᠣᠨ᠎ᠤ ᠡᠴᠤᠰ ᠪᠣᠯᠲᠠᠯ᠎ᠠ ᠨᠡᠢ᠌ᠲᠡ 5 ᠬᠤᠭᠤᠴᠠᠭ᠎ᠠ ᠬᠡᠪᠯᠡᠵᠡᠢ᠃1994 ᠣᠨ᠎ᠤ 1 ᠳ᠋ᠤᠭᠡᠷ ᠬᠤᠭᠤᠴᠠᠭ᠎ᠠ᠎ᠠᠴᠠ ᠡᠬᠢᠯᠡᠨ ᠰᠡᠳᠭᠦᠯ᠎ᠤᠨ ᠦᠨ᠎ᠡ ᠵᠢ 2.00 ᠲᠦᠭᠦᠷᠢᠭ   ᠪᠣᠯᠭ᠋ᠠᠵᠤ᠂ 1995 ᠣᠨ᠎ᠤ ᠡᠴᠦᠰ ᠪᠣᠯᠲᠠᠯ᠎ᠠ 2 ᠵᠢᠯ᠎ᠤᠨ ᠵᠠᠢ᠎ᠳᠤ ᠨᠡᠢ᠌ᠲᠡ10 ᠬᠤᠭᠤᠴᠠᠭ᠎ᠠ ᠬᠡᠪᠯᠡᠵᠡᠢ᠃1996 ᠣᠨ᠎ᠤ 1 ᠳ᠋ᠤᠭᠡᠷ ᠬᠤᠭᠤᠴᠠᠭ᠎ᠠ᠎ᠠᠴᠠ ᠡᠬᠢᠯᠡᠨ ᠰᠡᠳᠭᠦᠯ᠎ᠤᠨ ᠦᠨ᠎ᠡ ᠵᠢ 3.80 ᠲᠦᠭᠦᠷᠢᠭ ᠪᠣᠯᠭ᠋ᠠᠵᠤ᠂ 1997 ᠣᠨ᠎ᠤ ᠡᠴᠦᠰ ᠪᠣᠯᠲᠠᠯ᠎ᠠ ᠮᠥᠨ 2 ᠵᠢᠯ᠎ᠤᠨ ᠵᠠᠢ᠎ᠳᠤ ᠨᠡᠢ᠌ᠲᠡ18 ᠬᠤᠭᠤᠴᠠᠭ᠎ᠠ ᠬᠡᠪᠯᠡᠪᠡ᠃1998 ᠣᠨ᠎ᠤ 1 ᠳ᠋ᠤᠭᠡᠷ ᠬᠤᠭᠤᠴᠠᠭ᠎ᠠ᠎ᠠᠴᠠ ᠡᠬᠢᠯᠡᠨ ᠰᠡᠳᠭᠦᠯ᠎ᠤᠨ ᠦᠨ᠎ᠡ ᠵᠢ 4.00 ᠲᠦᠭᠦᠷᠢᠭ ᠪᠣᠯᠭ᠋ᠠᠵᠤ᠂ 2000 ᠣᠨ᠎ᠤ ᠡᠴᠤᠰ ᠬᠦᠷᠲᠡᠯ᠎ᠡ 3   ᠵᠢᠯ᠎ᠤᠨ ᠵᠠᠢ᠎ᠳᠤ ᠨᠡᠢ᠌ᠲᠡ 36 ᠬᠤᠭᠤᠴᠠᠭ᠎ᠠ ᠬᠡᠪᠯᠡᠪᠡ᠃ 2001 ᠣᠨ᠎ᠤ 1 ᠳ᠋ᠤᠭᠡᠷ ᠬᠤᠭᠤᠴᠠᠭ᠎ᠠ᠎ᠠᠴᠠ ᠡᠬᠢᠯᠡᠨ ᠰᠡᠳᠭᠦᠯ᠎ᠤᠨ ᠦᠨ᠎ᠡ ᠵᠢ 5.50 ᠲᠦᠭᠦᠷᠢᠭ ᠪᠣᠯᠭ᠋ᠠᠵᠤ᠂ 2004 ᠣᠨ᠎ᠤ ᠡᠴᠦᠰ ᠬᠦᠷᠲᠡᠯ᠎ᠡ 4   ᠵᠢᠯ᠎ᠤᠨ ᠵᠠᠢ᠎ᠳᠤ ᠨᠡᠢ᠌ᠲᠡ48 ᠬᠤᠭᠤᠴᠠᠭ᠎ᠠ ᠬᠡᠪᠯᠡᠵᠡᠢ᠃ ᠰᠢᠨ᠎ᠡ ᠵᠠᠭᠤᠨ᠎ᠳᠤ ᠤᠷᠤᠭᠰᠠᠨ᠎ᠤ ᠳᠠᠷᠠᠭ᠎ᠠ᠂ 2005 ᠣᠨ᠎ᠳᠤ ᠰᠡᠳᠭᠦᠯ᠎ᠤᠨ ᠦᠨ᠎ᠡ᠎ᠪᠠᠨ ᠨᠢᠭᠡ ᠤᠳᠠᠭ᠎ᠠ ᠦᠰᠭᠡᠭᠡᠳ ᠤᠳᠤ ᠪᠣᠯᠲᠠᠯ᠎ᠠ ᠬᠤᠪᠢᠷᠠᠭ᠎ᠠ ᠦᠭᠡᠢ᠃ 2005 —2021 ᠣᠨ᠎ᠤ ᠬᠣᠭᠤᠷᠤᠨᠳᠤᠬᠢ ᠬᠤᠭᠤᠴᠠᠭ᠎ᠠ ᠪᠣᠯ《ᠨᠡᠢ᠌ᠭᠡᠮ》ᠰᠡᠳᠭᠦᠯ᠎ᠤᠨ ᠬᠡᠪᠯᠡᠯ ᠡᠬᠢᠯᠡᠭᠰᠡᠨ᠎ᠠᠴᠠ ᠨᠠᠭ᠋ᠠᠰᠢᠬᠢ ᠦᠨ᠎ᠡ ᠬᠠᠩᠰᠢ ᠵᠢᠨ ᠲᠠᠯ᠎ᠠ᠎ᠪᠠᠷ᠎ᠬᠢ ᠬᠠᠮᠤᠭ ᠲᠣᠭᠲᠠᠭᠤᠨ ᠪᠦᠭᠡᠳ ᠦᠷᠬᠦᠯᠵᠢᠯᠡᠭᠰᠡᠨ ᠬᠤᠭᠤᠴᠠᠭ᠎ᠠ ᠬᠠᠮᠤᠭ ᠤᠷᠲᠤ ᠴᠠᠭ ᠥᠶ᠎ᠡ ᠪᠣᠯᠣᠨ᠎ᠠ᠃ 2005 ᠣᠨ᠎ᠤ 1 ᠳ᠋ᠤᠭᠡᠷ ᠬᠤᠭᠤᠴᠠᠭ᠎ᠠ᠎ᠠᠴᠠ ᠡᠬᠢᠯᠡᠨ   ᠰᠡᠳᠭᠦᠯ᠎ᠤᠨ ᠦᠨ᠎ᠡ ᠵᠢ ᠦᠰᠭᠡᠵᠦ 6.00 ᠲᠦᠭᠦᠷᠢᠭ ᠪᠣᠯᠭ᠋ᠠᠭ᠋ᠠᠳ ᠤᠳᠤ ᠪᠣᠯᠲᠠᠯ᠎ᠠ16 ᠵᠢᠯ ᠢᠯᠡᠭᠦᠦ ᠤᠷᠲᠤ ᠵᠠᠢ᠎ᠳᠤ ᠨᠡᠢ᠌ᠲᠡ199 ᠬᠤᠭᠤᠴᠠᠭ᠎ᠠ ᠰᠡᠳᠭᠦᠯ ᠬᠡᠪᠯᠡᠭᠰᠡᠨ ᠪᠠᠢ᠌ᠨ᠎ᠠ᠃ ᠰᠡᠳᠭᠦᠯ᠎ᠤᠨ ᠦᠨ᠎ᠡ ᠬᠠᠩᠰᠢ ᠵᠢᠨ ᠦᠰᠦᠯᠲᠡ᠎ᠨᠢ ᠨᠡᠢ᠌ᠭᠡᠮ᠎ᠤᠨ ᠣᠯᠠᠨ ᠲᠠᠯ᠎ᠠ ᠵᠢᠨ ᠡᠯᠧᠮᠧᠨ᠋ᠲ᠎ᠠᠴᠠ ᠰᠢᠯᠲᠠᠭ᠋ᠠᠯᠠᠭᠳᠠᠭᠰᠠᠨ   ᠪᠦᠭᠡᠳ ᠪᠠᠰᠠ ᠨᠡᠢ᠌ᠭᠡᠮ᠎ᠤᠨ   ᠡᠯ᠎ᠡ ᠵᠦᠢ᠍ᠯ᠎ᠤᠨ ᠠᠵᠢᠯ ᠮᠡᠷᠭᠡᠵᠢᠯ᠂ ᠠᠵᠤ ᠠᠬᠤᠢ ᠵᠢᠨ ᠪᠣᠳᠠᠳᠤ ᠪᠠᠢ᠌ᠳᠠᠯ᠎ᠢ ᠵᠤᠬᠢᠬᠤ ᠬᠡᠮᠵᠢᠶᠡᠨ᠎ᠡ ᠲᠤᠰᠬᠠᠨ ᠬᠠᠷᠠᠭᠤᠯᠳᠠᠭ᠃ ᠡᠭᠦᠨ᠎ᠢ ᠲᠤᠰ ᠰᠡᠳᠭᠦᠯ᠎ᠤᠨ ᠦᠭᠡ᠎ᠪᠠᠷ ᠬᠡᠯᠡᠪᠡᠯ᠂1995 ᠣᠨ᠎ᠠᠴᠠ ᠴᠠᠭ᠋ᠠᠰᠤᠨ᠎ᠤ   ᠦᠨ᠎ᠡ ᠭᠡᠨᠡᠨ ᠵᠶ᠋ᠠᠷ ᠦᠰᠴᠦ᠂ ᠬᠡᠪᠯᠡᠯ᠎ᠤᠨ ᠡᠲᠡᠭᠡᠳ᠎ᠤᠨ᠎ᠬᠢᠨ᠎ᠤ ᠵᠷᠤᠳᠠᠯ ᠮᠥᠩᠭᠦ ᠶᠡᠬᠡᠬᠡᠨ ᠬᠦᠨᠳᠦᠷᠦᠯ᠎ᠲᠠᠢ ᠪᠣᠯᠣᠭᠰᠠᠨ ᠲᠤᠬᠠᠢ ᠡᠷᠬᠢᠮ ᠤᠩᠰᠢᠭᠴᠢᠳ   ᠲᠠ ᠨᠠᠷ ᠮᠢᠨᠢ ᠲᠤᠭᠤᠯᠵᠤ ᠰᠣᠨᠣᠰᠤᠭᠰᠠᠨ ᠪᠠᠢ᠌ᠬ᠎ᠠ᠃   ᠲᠡᠷᠡ ᠴᠤ᠌ ᠪᠠᠢ᠌ᠲᠤᠭ᠋ᠠᠢ᠂ ᠵᠦᠪᠬᠡᠨ ᠴᠠᠭ᠋ᠠᠰᠤ ᠯᠠ ᠭᠡᠰᠡᠨ ᠦᠭᠡᠢ᠂ ᠬᠡᠪᠯᠡᠯ᠎ᠳᠤ ᠬᠡᠷᠡᠭᠰᠡᠬᠦ ᠪᠣᠰᠤᠳ ᠡᠯ᠎ᠡ ᠵᠦᠢ᠍ᠯ᠎ᠤᠨ ᠮᠠᠲ᠋ᠧᠷᠢᠶᠠᠯ ᠰᠡᠯᠲᠡ ᠪᠣᠯᠣᠨ ᠰᠢᠦᠳᠠᠨ᠎ᠤ ᠰᠦᠢ᠍ᠳᠭᠡᠯ ᠶᠠᠪᠤᠬᠤ ᠳᠤᠰᠤᠮ ᠵᠶ᠋ᠠᠨ ᠨᠡᠮᠡᠭᠳᠡᠵᠦ᠂ ᠤᠯᠤᠰ᠎ᠠᠴᠠ ᠥᠭᠳᠡᠭ ᠲᠤᠭᠲᠠᠮᠠᠯ ᠲᠤᠭ᠋ᠠᠨ᠎ᠤ ᠨᠦᠬᠦᠪᠦᠷᠢ ᠮᠥᠩᠭᠦ᠎ᠨᠢ ᠭᠡᠳᠡᠷᠬᠦ᠎ᠪᠠᠨ ᠬᠠᠷᠢᠨ ᠬᠤᠪᠢ ᠳᠠᠬᠢᠨ ᠵᠶ᠋ᠠᠷ ᠪᠠᠭ᠋ᠠᠰᠤᠭᠰᠠᠨ ᠲᠤᠬᠠᠢ᠎ᠳᠤ᠂ ᠨᠠᠢ᠌ᠷᠠᠭᠤᠯᠤᠭᠴᠢ ᠪᠢᠳᠡᠨ᠎ᠤ ᠡᠮᠦᠨ᠎ᠡ ᠰᠡᠳᠭᠦᠯ ᠵᠶ᠋ᠠᠨ ᠬᠡᠷᠬᠢᠨ ᠥᠭᠡᠳᠡ ᠲᠠᠲᠠᠨ ᠡᠷᠦᠬᠡ ᠵᠢ᠎ᠨᠢ ᠣᠩᠭᠤᠢ᠌ᠯᠭ᠋ᠠᠵᠤ ᠶᠠᠪᠤᠬᠤ ᠤᠬᠠᠭ᠋ᠠᠨ ᠲᠠᠮᠢᠷ᠎ᠤᠨ ᠶᠡᠬᠡ ᠰᠢᠯᠭ᠋ᠠᠯᠲᠠ ᠲᠤᠯᠭ᠋ᠠᠷᠠᠨᠠᠮ [4] ᠬᠡᠵᠡᠢ᠃
(ᠭᠤᠷᠪᠠ) ᠬᠡᠪᠯᠡᠯ ᠵᠦᠰᠦᠮ᠎ᠤᠨ ᠬᠤᠪᠢᠷᠠᠯᠲᠠ
    《ᠨᠡᠢ᠌ᠭᠡᠮ》ᠰᠡᠳᠭᠦᠯ ᠬᠡᠪᠯᠡᠯ   ᠡᠬᠢᠯᠡᠭᠡᠳ ᠭᠤᠴᠢᠨ ᠵᠢᠯ ᠪᠣᠯᠲᠠᠯ᠎ᠠ ᠰᠡᠳᠭᠦᠯ᠎ᠤᠨ ᠬᠠᠭᠤᠳᠠᠰᠤᠨ᠎ᠤ ᠲᠤᠭ᠎ᠠ ᠵᠢ 64 ᠨᠢᠭᠤᠷ   ᠵᠶ᠋ᠠᠷ ᠬᠢᠵᠠᠭ᠋ᠠᠷᠯᠠᠵᠤ᠂   ᠶᠡᠷᠦ᠎ᠨᠢ ᠬᠤᠪᠢᠷᠠᠭ᠎ᠠ ᠦᠭᠡᠢ᠂ ᠵᠦᠪᠬᠡᠨ ᠵᠦᠰᠦᠮ᠎ᠤᠨ ᠬᠡᠮᠵᠢᠶ᠎ᠡ᠎ᠳᠤ ᠨᠢᠭᠡ ᠤᠳᠠᠭ᠋ᠠᠨ᠎ᠤ ᠲᠣᠬᠢᠷᠠᠭᠤᠯᠤᠯᠲᠠ ᠬᠢᠵᠦ ᠥᠩᠭᠡᠷᠡᠪᠡ᠃   ᠲᠤᠰ ᠰᠡᠳᠭᠦᠯ ᠤᠤᠭ᠋ᠠᠨ ᠳ᠋ᠤᠭ᠋ᠠᠷ᠎ᠠᠴᠠ᠎ᠪᠠᠨ ᠡᠬᠢᠯᠡᠵᠦ16 ᠵᠦᠰᠦᠮ ᠵᠶ᠋ᠠᠷ 2000 ᠣᠨ᠎ᠤ ᠡᠴᠦᠰ ᠪᠣᠯᠲᠠᠯ᠎ᠠ10 ᠵᠢᠯ᠎ᠤᠨ ᠬᠤᠭᠤᠴᠠᠭ᠋ᠠᠨ᠎ᠠ ᠨᠡᠢ᠌ᠲᠡ71 ᠬᠤᠭᠤᠴᠠᠭ᠎ᠠ ᠬᠡᠪᠯᠡᠭᠳᠡᠪᠡ᠃ 2001 ᠣᠨ᠎ᠤ 1 ᠳ᠋ᠤᠭᠡᠷ ᠬᠤᠭᠤᠴᠠᠭ᠎ᠠ᠎ᠠᠴᠠ ᠡᠬᠢᠯᠡᠨ ᠲᠣᠮᠤ 16 ᠵᠦᠰᠦᠮ (ᠣᠯᠠᠨ ᠤᠯᠤᠰ᠎ᠤᠨ ᠪᠠᠷᠢᠮᠵᠢᠶᠠᠲᠦ A4 ᠵᠦᠰᠦᠮ᠎ᠤᠨ ᠬᠡᠪᠯᠡᠯ) ᠪᠣᠯᠭ᠋ᠠᠵᠤ ᠣᠳᠤ   ᠪᠣᠯᠲᠠᠯ᠎ᠠ ᠬᠡᠪᠯᠡᠭᠳᠡᠭᠰᠡᠭᠡᠷ ᠪᠣᠢ᠃
ᠭᠤᠷᠪᠠ᠂ ᠰᠡᠳᠭᠦᠯ᠎ᠤᠨ ᠳ᠋ᠤᠭ᠋ᠠᠷ᠎ᠤᠨ ᠨᠡᠮᠡᠭᠳᠡᠯ
  《ᠨᠡᠢ᠌ᠭᠡᠮ》ᠰᠡᠳᠭᠦᠯ ᠪᠣᠯ ᠮᠣᠩᠭᠤᠯ ᠰᠡᠳᠭᠦᠯ᠎ᠤᠨ ᠲᠤᠭᠲᠠᠭᠤᠨ ᠬᠦᠭᠵᠢᠯᠲᠠ[5] ᠵᠢᠨ ᠱᠠᠲᠤ ᠥᠶ᠎ᠡ᠎ᠳᠤ ᠬᠡᠪᠯᠡᠯ ᠡᠬᠢᠯᠡᠭᠰᠡᠨ ᠢᠯᠡ ᠬᠡᠪᠯᠡᠯ᠎ᠤᠨ ᠮᠣᠩᠭᠤᠯ ᠰᠡᠳᠭᠦᠯ ᠮᠥᠨ᠃ ᠲᠤᠰ ᠰᠡᠳᠭᠦᠯ CN15-1132/C ᠭᠡᠬᠦ ᠤᠯᠤᠰ᠎ᠤᠨ ᠳᠤᠲᠤᠭ᠋ᠠᠳᠤ ᠵᠢᠨ ᠨᠢᠭᠡᠳᠦᠯᠲᠡᠢ ᠰᠡᠳᠭᠦᠯ᠎ᠤᠨ ᠳ᠋ᠤᠭ᠋ᠠᠷ᠎ᠲᠠᠢ ᠬᠡᠪᠯᠡᠯ ᠡᠬᠢᠯᠡᠪᠡ᠃ ᠤᠯᠤᠰ᠎ᠤᠨ ᠳᠤᠲᠤᠭ᠋ᠠᠳᠤ ᠵᠢᠨ ᠨᠢᠭᠡᠳᠦᠯᠲᠡᠢ ᠰᠡᠳᠭᠦᠯ᠎ᠤᠨ ᠳ᠋ᠤᠭ᠋ᠠᠷ ᠭᠡᠳᠡᠭ ᠪᠣᠯ ᠮᠤᠵᠢ᠂ ᠣᠷᠤᠨ᠂ ᠰᠢᠭᠤᠳ ᠬᠠᠷᠢᠶᠠᠲᠤ ᠬᠣᠲᠠ ᠵᠢᠨ ᠰᠣᠨᠢᠨ ᠮᠡᠳᠡᠭᠡ ᠬᠡᠪᠯᠡᠯ᠎ᠤᠨ ᠵᠠᠰᠠᠭ᠎ᠤᠨ ᠪᠠᠢ᠌ᠭᠤᠯᠤᠮᠵᠢ᠎ᠠᠴᠠ ᠵᠦᠪᠰᠢᠶᠡᠷᠡᠵᠦ᠂ ᠳᠠᠩᠰᠠᠯᠠᠭᠤᠯᠬᠤ ᠭᠠᠷ ᠭᠦᠢ᠍ᠴᠡᠳᠭᠡᠯ᠎ᠢ ᠭᠦᠢ᠍ᠴᠡᠳᠭᠡᠭᠰᠡᠨ᠎ᠤ ᠳᠠᠷᠠᠭ᠎ᠠ ᠮᠠᠨ᠎ᠤ ᠤᠯᠤᠰ᠎ᠤᠨ ᠰᠣᠨᠢᠨ ᠮᠡᠳᠡᠭᠡ ᠬᠡᠪᠯᠡᠯ ᠷᠠᠳᠢᠣ᠋ ᠲᠧᠯᠸᠢᠰ ᠶᠡᠷᠦᠩᠬᠡᠢ ᠲᠣᠪᠴᠢᠶ᠎ᠠ᠎ᠠᠴᠠ ᠬᠢᠨᠠᠨ ᠰᠢᠯᠭ᠋ᠠᠯᠲᠠ᠎ᠪᠠᠷ ᠳᠠᠮᠵᠢᠨ ᠰᠡᠳᠭᠦᠯ᠎ᠳᠤ ᠣᠯᠭᠤᠭᠰᠠᠨ ᠲᠤᠰᠬᠠᠢ ᠳ᠋ᠤᠭ᠋ᠠᠷ᠎ᠢ ᠵᠢᠭ᠋ᠠᠵᠤ ᠪᠣᠢ᠃《ᠨᠡᠢ᠌ᠭᠡᠮ》ᠰᠡᠳᠭᠦᠯ᠎ᠤᠨ   ᠡᠢ᠌ᠨ ᠬᠦ᠌ ᠤᠯᠤᠰ᠎ᠤᠨ ᠳᠤᠲᠤᠭ᠋ᠠᠳᠤ ᠵᠢᠨ ᠨᠢᠭᠡᠳᠦᠯᠲᠡᠢ ᠰᠡᠳᠭᠦᠯ᠎ᠤᠨ ᠳ᠋ᠤᠭ᠋ᠠᠷ᠎ᠲᠠᠢ ᠬᠡᠪᠯᠡᠯ ᠡᠬᠢᠯᠡᠭᠰᠡᠨ᠎ᠨᠢ ᠲᠤᠰ ᠰᠡᠳᠭᠦᠯ᠎ᠤᠨ ᠬᠣᠷᠢᠶ᠎ᠠ ᠵᠢᠴᠢ ᠦᠷᠭᠡᠨ ᠣᠯᠠᠨ ᠠᠵᠢᠯᠲᠠᠳ᠎ᠤᠨ ᠬᠠᠲᠠᠭᠤ ᠴᠢᠷᠮᠠᠢ᠌ᠯᠭ᠎ᠠ ᠪᠣᠯᠣᠨ ᠬᠦᠢ᠍ᠴᠡᠳ ᠪᠡᠯᠡᠳᠭᠡᠯ᠂ ᠬᠤᠯᠪᠤᠭᠳᠠᠯ ᠪᠦᠬᠦᠢ ᠪᠠᠢ᠌ᠭᠤᠯᠭ᠎ᠠ ᠨᠢᠭᠡᠴᠡ᠎ᠨᠦᠭᠦᠳ᠎ᠤᠨ ᠬᠠᠪᠰᠤᠷᠤᠯᠭ᠎ᠠ ᠳᠡᠮᠵᠢᠯᠭᠡ᠎ᠲᠠᠢ ᠰᠢᠭᠤᠳ ᠬᠤᠯᠪᠤᠭ᠎ᠠ᠎ᠲᠠᠢ ᠶᠤᠮ᠃ ᠤᠯᠤᠰ᠎ᠤᠨ ᠳᠤᠲᠤᠭ᠋ᠠᠳᠤ ᠵᠢᠨ ᠨᠢᠭᠡᠳᠦᠯᠲᠡᠢ ᠰᠡᠳᠭᠦᠯ᠎ᠤᠨ ᠳ᠋ᠤᠭ᠋ᠠᠷ ᠪᠣᠯ ᠰᠡᠳᠭᠦᠯ ᠡᠷᠬᠢᠯᠡᠬᠦ᠂ ᠬᠡᠪᠯᠡᠯ ᠲᠠᠷᠬᠠᠭ᠋ᠠᠯᠲᠠ᠎ᠲᠠᠢ ᠨᠢᠭᠲᠠ ᠬᠠᠷᠢᠴᠠᠭ᠎ᠠ᠎ᠲᠠᠢ ᠪᠠᠢ᠌ᠵᠤ᠂ ᠰᠡᠳᠭᠦᠯ᠎ᠳᠤ   ᠪᠠᠢ᠌ᠳᠠᠭ ᠲᠤᠰᠬᠠᠢ ᠳᠥᠷᠪᠡᠨ ᠳ᠋ᠤᠭ᠋ᠠᠷ᠎ᠤᠨ ᠨᠢᠭᠡ ᠪᠢᠯᠡ᠃   ᠮᠦᠨ ᠴᠤ᠌ ᠰᠡᠳᠭᠦᠯ᠎ᠤᠨ ᠵᠢᠩᠭᠢᠨᠢ ᠬᠠᠭᠤᠷᠮᠠᠭ᠂ ᠢᠯᠡ ᠬᠡᠪᠯᠡᠯ ᠪᠣᠶᠣ ᠳᠤᠲᠤᠭ᠋ᠠᠳᠤ ᠬᠡᠪᠯᠡᠯ᠎ᠢ ᠢᠯᠭ᠋ᠠᠨ ᠲᠠᠨᠢᠬᠤ ᠭᠤᠣᠯ ᠪᠠᠷᠢᠮᠲᠠ᠃ ᠭᠡᠪᠡᠴᠦ ᠥᠷᠭᠡᠨ ᠣᠯᠠᠨ ᠤᠩᠰᠢᠭᠴᠢᠳ ᠦᠷᠬᠦᠯᠵᠡᠢ ᠲᠤᠬᠢᠶᠠᠯᠳᠤᠳᠠᠭ ᠡᠳᠡᠭᠡᠷ ᠰᠡᠳᠭᠦᠯ᠎ᠤᠨ ᠳ᠋ᠤᠭ᠋ᠠᠷ᠎ᠤᠳ᠎ᠲᠤ   ᠣᠢ᠌ᠯᠠᠭ᠋ᠠᠯᠲᠠ᠎ᠪᠠᠷ ᠠᠨᠠᠢ᠌ᠬᠠᠨ ᠪᠠᠢ᠌ᠭ᠎ᠠ ᠪᠠᠢ᠌ᠳᠠᠯ᠎ᠳᠤ ᠴᠢᠭᠯᠡᠭᠦᠯᠦᠨ   ᠵᠠᠯᠭ᠋ᠠᠭ᠋ᠠᠳ ᠰᠡᠳᠭᠦᠯ᠎ᠤᠨ ᠬᠡᠳᠦᠨ ᠳ᠋ᠤᠭ᠋ᠠᠷ᠎ᠤᠨ ᠲᠤᠬᠠᠢ ᠵᠢᠭ᠋ᠠᠬᠠᠨ   ᠨᠤᠷᠰᠢᠶ᠎ᠠ᠃ ᠤᠯᠤᠰ᠎ᠤᠨ ᠳᠤᠲᠤᠭ᠋ᠠᠳᠤ ᠵᠢᠨ ᠨᠢᠭᠡᠳᠦᠯᠲᠡᠢ ᠰᠡᠳᠭᠦᠯ᠎ᠤᠨ ᠳ᠋ᠤᠭ᠋ᠠᠷ᠎ᠨᠢ ᠲᠣᠯᠤᠭ᠋ᠠᠢ᠂ ᠰᠡᠭᠦᠯ ᠬᠣᠶᠠᠷ ᠬᠡᠰᠡᠭ ᠵᠶ᠋ᠠᠷ ᠪᠦᠷᠢᠯᠳᠦᠳᠡᠭ᠃ ᠲᠤᠯᠤᠭ᠋ᠠᠢ ᠬᠡᠰᠡᠭ᠎ᠨᠢ ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠠᠩᠭ᠍ᠯᠢ ᠬᠡᠯᠡ  (CHINA) ᠵᠢᠨ ᠲ᠋ᠦᠭᠦᠮ ᠪᠢᠴᠢᠯᠭᠡ CN ᠪᠣᠯᠤᠨ ᠮᠣᠵᠢ ᠣᠷᠤᠨ᠎ᠤ ᠲᠦᠯᠦᠭᠡᠨ᠎ᠤ ᠳ᠋ᠤᠭ᠋ᠠᠷ ᠵᠶ᠋ᠠᠷ ᠪᠦᠷᠢᠯᠳᠦᠵᠦ᠂ CNXX ᠬᠡᠯᠪᠡᠷᠢ ᠵᠢᠨ ᠪᠦᠲᠦᠴᠡ᠎ᠲᠠᠢ᠃ ᠮᠣᠵᠢ ᠣᠷᠤᠨ᠎ᠤ ᠲᠦᠯᠦᠭᠡᠨ᠎ᠤ ᠳ᠋ᠤᠭ᠋ᠠᠷ ᠪᠣᠯ GB/T2260-1999 ᠪᠠ ᠮᠠᠨ᠎ᠤ ᠤᠯᠤᠰ᠎ᠤᠨ ᠵᠠᠰᠠᠭ ᠵᠠᠬᠢᠷᠭ᠋ᠠᠨ᠎ᠤ ᠬᠣᠪᠢᠶᠠᠷᠢᠯᠠᠯ᠎ᠢ ᠦᠨᠳᠦᠰᠦᠯᠡᠨ ᠲᠣᠭᠲᠠᠭ᠋ᠠᠭᠰᠠᠨ 1-2 ᠣᠷᠤᠨᠲᠤ ᠠᠷᠠᠪ ᠲᠣᠭ᠎ᠠ ᠪᠣᠯᠣᠨ᠎ᠠ᠃ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠤᠷᠤᠨ᠎ᠤ ᠮᠤᠵᠢ ᠤᠷᠤᠨ᠎ᠤ ᠲᠦᠯᠦᠭᠡᠨ᠎ᠤ ᠳ᠋ᠤᠭ᠋ᠠᠷ 15   ᠪᠣᠯᠬᠤ ᠤᠴᠢᠷ᠎ᠠᠴᠠ ᠥᠪᠥᠷ ᠮᠣᠩᠭᠤᠯ ᠤᠷᠤᠨ᠎ᠳᠤ ᠬᠡᠪᠯᠡᠨ ᠨᠡᠢ᠌ᠳᠡᠯᠡᠵᠦ ᠪᠠᠢ᠌ᠭ᠎ᠠ ᠪᠦᠬᠦ ᠰᠡᠳᠭᠦᠯ᠎ᠤᠨ ᠤᠯᠤᠰ᠎ᠤᠨ ᠳᠤᠲᠤᠭ᠋ᠠᠳᠤ ᠵᠢᠨ ᠨᠢᠭᠡᠳᠦᠯᠲᠡᠢ ᠰᠡᠳᠭᠦᠯ᠎ᠤᠨ ᠳ᠋ᠤᠭ᠋ᠠᠷ ᠪᠦᠷ CN15 ᠭᠡᠬᠦ ᠲᠤᠯᠤᠭ᠋ᠠᠢ ᠬᠡᠰᠡᠭ ᠵᠶ᠋ᠠᠷ ᠡᠬᠢᠯᠡᠨ᠎ᠡ᠃ ᠡᠢ᠌ᠮᠦ᠎ᠠᠴᠠ ᠲᠤᠰ ᠳ᠋ᠤᠭ᠋ᠠᠷ᠎ᠨᠢ ᠪᠠᠰᠠ ᠤᠩᠰᠢᠭᠴᠢᠳ᠎ᠲᠤ ᠰᠡᠳᠭᠦᠯ ᠡᠷᠬᠢᠯᠡᠵᠦ ᠪᠠᠢ᠌ᠭ᠎ᠠ ᠭᠠᠵᠠᠷ ᠣᠷᠤᠨ᠎ᠢ ᠰᠢᠭᠤᠳ ᠳᠤᠰᠬᠠᠨ ᠦᠵᠡᠭᠦᠯᠬᠦ ᠴᠢᠳᠠᠮᠵᠢ᠎ᠲᠠᠢ᠃ ᠰᠡᠭᠦᠯ ᠬᠡᠰᠡᠭ᠎ᠨᠢ 1—4 ᠣᠷᠤᠨᠲᠤ ᠠᠷᠠᠪ ᠲᠣᠭ᠎ᠠ ᠪᠣᠯᠤᠨ ᠲᠤᠰ ᠰᠡᠳᠭᠦᠯ᠎ᠤᠨ ᠠᠭᠤᠯᠭ᠎ᠠ ᠵᠢᠨ《ᠠᠩᠭᠢᠯᠠᠯ᠎ᠤᠨ ᠺᠣᠳ᠋》② ᠵᠶ᠋ᠠᠷ   ᠪᠦᠷᠢᠯᠳᠦᠵᠦ ᠬᠣᠭᠤᠷᠤᠨᠳᠤ᠎ᠪᠠᠨ ᠲᠠᠰᠢᠭᠤ ᠵᠢᠷᠤᠭ᠋ᠠᠰᠤ "/ "  ᠎ᠪᠠᠷ ᠲᠠᠰᠤᠯᠤᠭᠳᠠᠨ᠎ᠠ᠃ ᠲᠤᠯᠤᠭ᠋ᠠᠢ ᠰᠡᠭᠦᠯ ᠬᠡᠰᠡᠭ᠎ᠤᠨ ᠬᠣᠭᠤᠷᠤᠨᠳᠤ ᠬᠦᠨᠳᠡᠯᠡᠨ ᠵᠢᠷᠤᠭ᠋ᠠᠰᠤ "—"᠎ᠪᠠᠷ ᠬᠤᠯᠪᠤᠵᠤ ᠪᠦᠷᠢᠨ ᠪᠦᠲᠦᠨ ᠤᠯᠤᠰ᠎ᠤᠨ ᠳᠤᠲᠤᠭ᠋ᠠᠳᠤ ᠵᠢᠨ ᠨᠢᠭᠡᠳᠦᠯᠲᠡᠢ ᠰᠡᠳᠭᠦᠯ᠎ᠤᠨ ᠳ᠋ᠤᠭ᠋ᠠᠷ᠎ᠢ ᠪᠦᠷᠢᠯᠳᠦᠭᠦᠯᠦᠨ᠎ᠡ᠃ ᠰᠡᠭᠦᠯ ᠬᠡᠰᠡᠭ᠎ᠤᠨ ᠳᠦᠷᠪᠡᠨ ᠣᠷᠤᠨᠲᠤ ᠲᠤᠭ᠎ᠠ ᠪᠣᠯ ᠲᠤᠬᠠᠢ ᠵᠢᠨ ᠮᠤᠵᠢ ᠣᠷᠤᠨ᠎ᠳᠤ ᠬᠡᠪᠯᠡᠨ ᠲᠠᠷᠬᠠᠭᠳᠠᠵᠤ ᠪᠠᠢ᠌ᠭ᠎ᠠ ᠦᠷᠬᠦᠯᠵᠢᠯᠡᠭᠰᠡᠨ ᠬᠡᠪᠯᠡᠭᠳᠡᠭᠦᠨ᠎ᠤ ᠳ᠋ᠤᠭ᠋ᠠᠷᠯᠠᠯ ᠮᠦᠨ᠃《ᠨᠡᠢ᠌ᠭᠡᠮ》ᠰᠡᠳᠭᠦᠯ᠎ᠨᠢ ᠤᠯᠤᠰ᠎ᠤᠨ ᠳᠤᠲᠤᠭ᠋ᠠᠳᠤ ᠵᠢᠨ ᠨᠢᠭᠡᠳᠦᠯᠲᠡᠢ ᠰᠡᠳᠭᠦᠯ᠎ᠤᠨ ᠳ᠋ᠤᠭ᠋ᠠᠷ᠎ᠲᠠᠢ   ᠪᠣᠯᠣᠭᠰᠠᠨ ᠤᠴᠢᠷ᠎ᠠᠴᠠ ᠤᠤᠭ᠋ᠠᠨ ᠬᠡᠪᠯᠡᠯ᠎ᠠᠴᠠ᠎ᠪᠠᠨ ᠡᠬᠢᠯᠡᠵᠦ ᠪᠦᠬᠦ ᠤᠯᠤᠰ᠎ᠤᠨ ᠬᠡᠪᠴᠢᠶᠡᠨ᠎ᠡ ᠢᠯᠡ᠎ᠪᠠᠷ ᠲᠠᠷᠬᠠᠭ᠋ᠠᠵᠤ᠂ ᠴᠢᠯᠦᠭᠡᠲᠡᠢ ᠵᠠᠬᠢᠶᠠᠯᠭ᠎ᠠ ᠪᠣᠷᠤᠯᠠᠭᠤᠯᠭ᠎ᠠ ᠬᠢᠵᠦ ᠴᠢᠳᠠᠵᠠᠢ᠃
   《ᠨᠡᠢ᠌ᠭᠡᠮ》ᠰᠡᠳᠭᠦᠯ 1992 ᠣᠨ᠎ᠳᠤ᠂ ᠣᠯᠠᠨ ᠤᠯᠤᠰ᠎ᠤᠨ ᠦᠷᠬᠦᠯᠵᠢᠯᠡᠭᠰᠡᠨ ᠬᠡᠪᠯᠡᠭᠳᠡᠬᠦᠨ᠎ᠤ ᠳ᠋ᠡᠢ᠌ᠲ᠋ᠠ ᠰᠢᠰᠲ᠋ᠧᠮ᠎ᠤᠨ ᠲᠤᠮᠳᠠᠳᠤ ᠤᠯᠤᠰ᠎ᠤᠨ ᠲᠦᠪ᠎ᠠᠴᠠ ISSN1004-5481 ᠭᠡᠬᠦ ᠲᠤᠰᠬᠠᠢ ᠳ᠋ᠤᠭ᠋ᠠᠷ᠎ᠢ ᠭᠤᠶᠤᠴᠢᠯᠠᠨ ᠣᠯᠵᠤ᠂ 1992 ᠣᠨ᠎ᠤ 2-3 (ᠶᠡᠷᠦᠩᠬᠡᠢ 3)   ᠳ᠋ᠤᠭ᠋ᠠᠷ ᠬᠤᠭᠤᠠᠭ᠎ᠠ᠎ᠠᠴᠠ ᠡᠬᠢᠯᠡᠨ ᠤᠯᠠᠨ ᠤᠯᠤᠰ᠎ᠤᠨ ᠪᠠᠷᠢᠮᠵᠢᠶᠠᠲᠤ ᠰᠡᠳᠭᠦᠯ᠎ᠤᠨ ᠳ᠋ᠤᠭ᠋ᠠᠷ᠎ᠲᠠᠢ ᠬᠡᠪᠯᠡᠭᠳᠡᠬᠦ ᠪᠣᠯᠵᠠᠢ᠃ ᠤᠯᠠᠨ ᠤᠯᠤᠰ᠎ᠤᠨ ᠪᠠᠷᠢᠮᠵᠢᠶᠠᠲᠤ ᠰᠡᠳᠭᠦᠯ᠎ᠤᠨ ᠳ᠋ᠤᠭ᠋ᠠᠷ ᠪᠣᠯ ᠣᠯᠠᠨ ᠤᠯᠤᠰ᠎ᠤᠨ ᠦᠷᠬᠦᠯᠵᠢᠯᠡᠭᠰᠡᠨ ᠬᠡᠪᠯᠡᠭᠳᠡᠬᠦᠨ᠎ᠤ ᠳ᠋ᠡᠢ᠌ᠲ᠋ᠠ ᠰᠢᠰᠲ᠋ᠧᠮ᠎ᠤᠨ ᠲᠤᠮᠳᠠᠳᠤ ᠤᠯᠤᠰ᠎ᠤᠨ ᠲᠦᠪ᠎ᠠᠴᠠ ᠢᠯᠡ ᠬᠡᠪᠯᠡᠯ᠎ᠤᠨ ᠰᠡᠳᠭᠦᠯ᠎ᠳᠤ ᠤᠯᠭᠤᠭᠰᠠᠨ ᠴᠣᠷ᠎ᠤᠨ   ᠭᠠᠭᠴᠠ ᠣᠯᠠᠨ ᠤᠯᠤᠰ᠎ᠤᠨ ᠳᠡᠰ᠎ᠤᠨ ᠰᠡᠳᠭᠦᠯ᠎ᠤᠨ ᠳ᠋ᠤᠭ᠋ᠠᠷ ᠮᠦᠨ᠂   ᠶᠡᠷᠦ᠎ᠳᠤ᠎ᠪᠠᠨ ISSN ᠭᠡᠵᠦ ᠲᠣᠪᠴᠢᠯᠠᠨ ᠪᠢᠴᠢᠳᠡᠭ᠃   ᠲᠡᠷᠡ᠎ᠨᠢ ᠤᠯᠤᠰ᠎ᠤᠨ ᠳᠤᠲᠤᠭ᠋ᠠᠳᠤ ᠵᠢᠨ ᠨᠢᠭᠡᠳᠦᠯᠲᠡᠢ ᠰᠡᠳᠭᠦᠯ᠎ᠤᠨ ᠳ᠋ᠤᠭ᠋ᠠᠷ᠎ᠲᠠᠢ ᠠᠳᠠᠯᠢ᠎ᠪᠠᠷ ᠲᠣᠯᠤᠭ᠋ᠠᠢ᠂ ᠰᠡᠭᠦᠯ ᠬᠣᠶᠠᠷ ᠬᠡᠰᠡᠭ ᠵᠶ᠋ᠠᠷ ᠪᠦᠷᠢᠯᠳᠤᠨ᠎ᠡ᠃ ᠲᠤᠯᠤᠭ᠋ᠠᠢ ᠬᠡᠰᠡᠭ᠎ᠨᠢ International Standard Serial Number (ᠤᠯᠠᠨ ᠤᠯᠤᠰ᠎ᠤᠨ ᠪᠠᠷᠢᠮᠵᠢᠶᠠᠲᠤ ᠰᠡᠳᠭᠦᠯ᠎ᠤᠨ ᠳ᠋ᠤᠭ᠋ᠠᠷ)᠎ᠤᠨ ᠳᠦᠭᠦᠮ ᠪᠢᠴᠢᠯᠭᠡ ISSN᠂ ᠰᠡᠭᠦᠯ ᠬᠡᠰᠡᠭ᠎ᠨᠢ ᠳᠦᠷᠪᠡ ᠳᠦᠷᠪᠡ᠎ᠪᠠᠷ ᠪᠠᠢ᠌ᠷᠢᠯᠠᠨ ᠬᠦᠨᠳᠡᠯᠡᠨ ᠵᠢᠷᠤᠭ᠋ᠠᠰᠤ᠎ᠪᠠᠷ ᠬᠣᠯᠪᠤᠯᠳᠤᠭᠰᠠᠨ ᠨᠠᠢ᠍ᠮᠠᠨ ᠣᠷᠤᠨᠲᠤ ᠠᠷᠠᠪ ᠲᠤᠭ᠎ᠠ᠎ᠪᠠᠷ ᠪᠦᠷᠢᠯᠳᠦᠵᠦ᠂ ISSNXXXX-XXXX   ᠬᠡᠯᠪᠡᠷᠢ ᠵᠢᠨ ᠪᠦᠲᠦᠴᠡ᠎ᠲᠠᠢ᠃ ᠤᠯᠠᠨ ᠤᠯᠤᠰ᠎ᠤᠨ ᠪᠠᠷᠢᠮᠵᠢᠶᠠᠲᠤ ᠰᠡᠳᠭᠦᠯ᠎ᠤᠨ ᠳ᠋ᠤᠭ᠋ᠠᠷ᠎ᠤᠨ ᠰᠡᠭᠦᠯ ᠬᠡᠰᠡᠭ᠎ᠤᠨ ᠡᠮᠦᠨᠡᠬᠢ ᠳᠣᠯᠤᠭ᠋ᠠᠨ ᠣᠷᠤᠨᠲᠤ ᠠᠷᠠᠪ ᠲᠣᠭ᠋ᠠᠨ᠎ᠳᠤ ᠶᠠᠮᠠᠷ ᠴᠦ᠍ ᠲᠤᠰᠬᠠᠢ ᠤᠳᠬ᠎ᠠ ᠠᠭᠤᠯᠭ᠎ᠠ ᠠᠭᠤᠯᠬᠤ ᠦᠭᠡᠢ᠂   ᠴᠤᠯ ᠲᠤᠭ᠋ᠠᠨ᠎ᠤ ᠳ᠋ᠤᠭ᠋ᠠᠷᠯᠠᠯ ᠮᠦᠨ᠂ ᠵᠦᠪᠬᠡᠨ ᠬᠠᠮᠤᠭ ᠰᠡᠭᠦᠯ᠎ᠤᠨ ᠣᠷᠤᠨ᠎ᠤ ᠠᠷᠠᠪ ᠲᠤᠭ᠎ᠠ᠎ᠨᠢ ᠬᠠᠷᠭᠤᠭᠤᠯᠬᠤ ᠦᠢ᠍ᠯᠡᠳᠦᠯ᠎ᠲᠠᠢ᠃ ᠲᠡᠢ᠌ᠮᠦ᠎ᠠᠴᠠISSN ᠳ᠋ᠤᠭ᠋ᠠᠷ ᠪᠣᠯ ᠰᠡᠳᠭᠦᠯ᠎ᠤᠨ ᠦᠨᠡᠨ ᠬᠤᠳᠠᠯ᠎ᠢ ᠢᠯᠭ᠋ᠠᠬᠤ ᠦᠢ᠍ᠯᠡᠳᠦᠯ᠎ᠲᠠᠢ ᠮᠦᠷᠲᠡᠭᠡᠨ ᠣᠯᠠᠨ ᠤᠯᠤᠰ᠎ᠤᠨ ᠦᠷᠬᠦᠯᠵᠢᠯᠡᠭᠰᠡᠨ ᠬᠡᠪᠯᠡᠭᠳᠡᠬᠦᠨ᠎ᠤ ᠳ᠋ᠡᠢ᠌ᠲ᠋ᠠ ᠰᠢᠰᠲ᠋ᠧᠮ᠎ᠤᠨ ᠲᠤᠮᠳᠠᠳᠤ ᠤᠯᠤᠰ᠎ᠤᠨ ᠲᠦᠪ᠎ᠲᠤISSN ᠳ᠋ᠤᠭ᠋ᠠᠷ᠎ᠲᠠᠢ ᠰᠡᠳᠭᠦᠯ᠎ᠤᠳ᠎ᠤᠨ ᠭᠠᠷᠴᠠᠭᠯᠠᠯ᠎ᠤᠨ ᠳ᠋ᠡᠢ᠌ᠲ᠋ᠠ ᠬᠦᠮᠦᠷᠭᠡ᠎ᠲᠠᠢ ᠪᠠᠢ᠌ᠵᠤ᠂ ᠰᠡᠳᠭᠦᠯ ᠪᠦᠷᠢ ᠵᠢᠨ ᠬᠤᠪᠢᠷᠠᠯᠲᠠ ᠵᠢᠨ ᠪᠣᠳᠠᠳᠣ ᠶᠠᠪᠤᠴᠠ ᠵᠢ ᠲᠡᠮᠳᠡᠭᠯᠡᠭᠰᠡᠨ ᠨᠠᠷᠢᠯᠢᠭ ᠪᠣᠳᠠᠳᠠᠢ ᠲᠣᠭ᠎ᠠ ᠪᠠᠷᠢᠮᠲᠠ  ᠎ᠨᠤᠭᠤᠳ ᠪᠦᠷᠢᠨ ᠬᠠᠳᠠᠭ᠋ᠠᠯᠠᠭᠳᠠᠵᠤ ᠪᠣᠢ᠃ ᠡᠳᠡᠭᠡᠷ᠎ᠠᠴᠠ ᠦᠵᠡᠬᠦ᠎ᠳᠤ《ᠨᠡᠢ᠌ᠭᠡᠮ》ᠰᠡᠳᠭᠦᠯ᠎ᠤᠨ ᠤᠯᠠᠨ ᠤᠯᠤᠰ᠎ᠤᠨ ᠪᠠᠷᠢᠮᠵᠢᠶᠠᠲᠤ ᠰᠡᠳᠭᠦᠯ᠎ᠤᠨ ᠳ᠋ᠤᠭ᠋ᠠᠷ᠎ᠲᠠᠢ ᠪᠣᠯᠣᠭᠰᠠᠨ ᠶᠠᠪᠤᠳᠠᠯ ᠪᠣᠯ ᠲᠤᠰ ᠰᠡᠳᠭᠦᠯ᠎ᠤᠨ ᠰᠡᠳᠭᠦᠯ ᠡᠷᠬᠢᠯᠡᠬᠦ ᠶᠠᠪᠤᠴᠠ᠎ᠳᠠᠬᠢ ᠬᠦᠨᠳᠦ ᠴᠢᠬᠤᠯᠠ ᠶᠠᠪᠤᠳᠠᠯ᠂ ᠬᠦᠴᠦᠲᠡᠢ ᠠᠯᠬᠤᠴᠠ ᠪᠣᠯᠬᠤ᠎ᠨᠢ ᠯᠠᠪᠲᠠᠢ᠃
    1993 ᠣᠨ᠎ᠳᠤ《ᠨᠡᠢ᠌ᠭᠡᠮ》ᠰᠡᠳᠭᠦᠯ ᠤᠯᠤᠰ᠎ᠤᠨ ᠳᠣᠲᠤᠭ᠋ᠠᠳᠤ᠎ᠳᠤ ᠲᠠᠷᠬᠠᠭ᠋ᠠᠬᠤ ᠰᠡᠳᠭᠦᠯ᠎ᠤᠨ ᠰᠢᠦᠳᠠᠨ᠎ᠤ ᠳ᠋ᠤᠭ᠋ᠠᠷ (ᠳᠣᠣᠷ᠎ᠠ ᠰᠢᠦᠳᠠᠨ᠎ᠤ ᠳ᠋ᠤᠭ᠋ᠠᠷ ᠭᠡᠵᠦ ᠲᠣᠪᠴᠢᠯᠠᠶ᠎ᠠ  ) 16—102᠎ᠲᠠᠢ ᠪᠣᠯᠵᠤ᠂ ᠲᠤᠰ ᠵᠢᠯ᠎ᠤᠨ4 ᠳ᠋ᠤᠭᠡᠷ (ᠶᠡᠷᠦᠩᠬᠡᠢ 7 ᠳ᠋ᠤᠭ᠋ᠠᠷ) ᠬᠤᠭᠤᠴᠠᠭ᠎ᠠ᠎ᠠᠴᠠ ᠡᠬᠢᠯᠡᠵᠦ ᠰᠢᠦᠳᠠᠨ᠎ᠤ ᠳ᠋ᠤᠭ᠋ᠠᠷ᠎ᠲᠠᠢ ᠬᠡᠪᠯᠡᠪᠡ᠃   ᠤᠯᠤᠰ᠎ᠤᠨ ᠳᠣᠲᠤᠭ᠋ᠠᠳᠤ᠎ᠳᠤ ᠲᠠᠷᠬᠠᠭ᠋ᠠᠬᠤ ᠰᠡᠳᠭᠦᠯ᠎ᠤᠨ ᠰᠢᠦᠳᠠᠨ᠎ᠤ ᠳ᠋ᠤᠭ᠋ᠠᠷ ᠪᠣᠯ ᠮᠠᠨ᠎ᠤ ᠤᠯᠤᠰ᠎ᠤᠨ ᠰᠢᠦᠳᠠᠨ ᠬᠠᠮᠢᠶᠠᠷᠤᠯᠲᠠ ᠵᠢᠨ ᠲᠤᠰᠬᠠᠢ ᠪᠠᠢ᠌ᠭᠤᠯᠭ᠎ᠠ᠎ᠠᠴᠠ ᠰᠢᠦᠳᠠᠨ ᠵᠶ᠋ᠠᠷ ᠳᠠᠮᠵᠢᠨ ᠲᠠᠷᠬᠠᠭᠳᠠᠵᠤ ᠪᠠᠢ᠌ᠭ᠎ᠠ ᠢᠯᠡ ᠬᠡᠪᠯᠡᠯ᠎ᠤᠨ ᠰᠡᠳᠭᠦᠯ᠎ᠤᠳ᠎ᠲᠤ ᠲᠤᠰᠬᠠᠢ᠌ᠯᠠᠨ ᠨᠠᠢ᠌ᠷᠠᠭᠤᠯᠤᠨ ᠵᠣᠬᠢᠶᠠᠭᠰᠠᠨ ᠣᠨᠴᠠᠭ᠋ᠠᠢ ᠲᠦᠯᠦᠭᠡᠨ᠎ᠤ ᠳ᠋ᠤᠭ᠋ᠠᠷ ᠮᠦᠨ᠂  2 ᠬᠡᠰᠡᠭ ᠵᠶ᠋ᠡᠷ ᠪᠦᠷᠢᠯᠳᠦᠵᠦ ᠬᠣᠭᠤᠷᠤᠨᠳᠤ᠎ᠪᠠᠨ ᠬᠦᠨᠳᠡᠯᠡᠨ ᠵᠢᠷᠤᠭ᠋ᠠᠰᠤ᠎ᠪᠠᠷ ᠬᠣᠯᠪᠤᠯᠳᠤᠳᠠᠭ᠃ ᠬᠦᠨᠳᠡᠯᠡᠨ ᠵᠢᠷᠤᠭ᠋ᠠᠰᠤ᠎ᠠᠴᠠ ᠡᠮᠦᠨᠡᠬᠢ 1—2 ᠣᠷᠤᠨᠲᠤ ᠠᠷᠠᠪ ᠲᠣᠭ᠎ᠠ᠎ᠨᠢ ᠮᠤᠵᠢ ᠣᠷᠤᠨ᠎ᠢ   ᠢᠯᠡᠳᠭᠡᠵᠦ᠂ ᠥᠪᠥᠷ ᠮᠣᠩᠭᠤᠯ ᠣᠷᠤᠨ᠎ᠳᠤ ᠡᠷᠬᠢᠯᠡᠵᠦ ᠥᠩᠭᠡᠷᠡᠭᠰᠡᠨ ᠪᠣᠶᠣ ᠡᠷᠭᠢᠯᠡᠵᠦ ᠪᠠᠢ᠌ᠭ᠎ᠠ ᠰᠡᠳᠭᠦᠯ᠎ᠤᠳ᠎ᠤᠨ ᠰᠢᠦᠳᠠᠨ᠎ᠤ ᠳ᠋ᠤᠭ᠋ᠠᠷ ᠪᠥᠷ16᠎ᠪᠠᠷ ᠡᠬᠢᠯᠡᠳᠡᠭ᠃ ᠬᠦᠨᠳᠡᠯᠡᠨ ᠵᠢᠷᠤᠭ᠋ᠠᠰᠤ᠎ᠠᠴᠠ ᠬᠣᠢ᠌ᠨᠠᠬᠢ ᠬᠡᠰᠡᠭ ᠪᠣᠯ ᠲᠤᠬᠠᠢ ᠵᠢᠨ ᠮᠤᠵᠢ ᠣᠷᠤᠨ᠎ᠳᠤ ᠬᠡᠪᠯᠡᠨ ᠲᠠᠷᠬᠠᠭᠳᠠᠵᠤ ᠪᠠᠢ᠌ᠭ᠎ᠠ ᠰᠡᠳᠭᠦᠯ᠎ᠤᠨ ᠳ᠋ᠤᠭ᠋ᠠᠷᠯᠠᠯ ᠮᠦᠨ᠂1—4 ᠣᠷᠤᠨᠲᠤ ᠠᠷᠠᠪ ᠲᠣᠭ᠎ᠠ᠎ᠪᠠᠷ ᠢᠯᠡᠷᠭᠡᠢ᠌ᠯᠡᠳᠡᠭ᠃《ᠨᠡᠢ᠌ᠭᠡᠮ》ᠰᠡᠳᠭᠦᠯ ᠰᠢᠦᠳᠠᠨ᠎ᠤ ᠳ᠋ᠤᠭ᠋ᠠᠷ᠎ᠲᠠᠢ ᠪᠣᠯᠣᠭᠰᠠᠨ᠎ᠤ ᠳᠠᠷᠠᠭ᠎ᠠ᠂1994 ᠣᠨ᠎ᠤ 1 ᠳ᠋ᠤᠭᠡᠷ (ᠶᠡᠷᠦᠩᠬᠡᠢ 8 ᠳ᠋ᠤᠭ᠋ᠠᠷ)   ᠬᠤᠭᠤᠴᠠᠭ᠎ᠠ᠎ᠠᠴᠠ ᠡᠬᠢᠯᠡᠨ ᠥᠪᠡᠷᠲᠡᠭᠡᠨ ᠲᠠᠷᠬᠠᠭ᠋ᠠᠬᠤ ᠵᠢᠨ   ᠵᠡᠷᠭᠡ᠎ᠪᠠᠷ ᠪᠠᠰᠠ ᠪᠦᠬᠦ ᠤᠯᠤᠰ᠎ᠤᠨ ᠬᠡᠪᠴᠢᠶᠡᠨ᠎ᠡ ᠰᠢᠦᠳᠠᠨ ᠵᠶ᠋ᠠᠷ ᠲᠠᠷᠬᠠᠭ᠋ᠠᠬᠤ ᠪᠣᠯᠵᠠᠢ᠃ ᠡᠨᠡ᠎ᠨᠢ ᠵᠦᠪᠬᠡᠨ ᠲᠤᠰ ᠰᠡᠳᠭᠦᠯ᠎ᠤᠨ   ᠵᠠᠬᠢᠶᠠᠯᠠᠭ᠎ᠠ ᠲᠠᠷᠬᠠᠭ᠋ᠠᠯᠲᠠ᠎ᠳᠤ ᠦᠷᠭᠡᠨ ᠪᠣᠯᠤᠮᠵᠢ ᠣᠯᠭᠤᠭᠰᠠᠨ ᠲᠡᠳᠦᠢ ᠯᠡ ᠪᠢᠰᠢ᠂ ᠬᠠᠷᠢᠨ ᠲᠤᠰ ᠰᠡᠳᠭᠦᠯ᠎ᠤᠨ ᠨᠦᠯᠦᠭᠡ ᠲᠣᠰᠬᠠᠯ ᠵᠶ᠋ᠠᠨ ᠨᠡᠮᠡᠭᠳᠡᠬᠦᠯᠬᠦ  ᠂ ᠲᠠᠷᠬᠠᠭ᠋ᠠᠯᠲᠠ᠎ᠶᠢᠨ ᠬᠦᠷᠢᠶ᠎ᠠ ᠬᠡᠪᠴᠢᠶ᠎ᠠ᠎ᠪᠠᠨ ᠦᠷᠭᠡᠳᠭᠡᠬᠦ᠂ ᠵᠠᠬᠢᠶᠠᠯᠭ᠎ᠠ ᠵᠢᠨ ᠲᠤᠭ᠎ᠠ ᠵᠢ ᠨᠡᠮᠡᠭᠳᠡᠬᠦᠯᠬᠦ᠂ ᠠᠵᠤ ᠠᠬᠤᠢ ᠵᠢᠨ ᠦᠷ᠎ᠡ ᠠᠰᠢᠭ ᠵᠶ᠋ᠠᠨ ᠳᠡᠭᠡᠭᠰᠢᠯᠡᠭᠦᠯᠬᠦ ᠵᠡᠷᠭᠡ ᠲᠠᠯ᠎ᠠ  ᠎ᠪᠠᠷ ᠪᠦᠷ ᠲᠤᠩ ᠠᠰᠢᠭᠲᠠᠢ ᠲᠤᠬᠢᠶᠠᠯ ᠣᠯᠭᠤᠵᠠᠢ᠃
ᠳᠥᠷᠪᠡ᠂ ᠰᠡᠳᠭᠦᠯᠴᠢᠳ᠎ᠤᠨ ᠡᠩᠨᠡᠭᠡ ᠵᠢᠨ ᠪᠤᠵᠠᠭ᠋ᠠᠢ᠌ᠷᠠᠯ
   《ᠨᠡᠢ᠌ᠭᠡᠮ》ᠰᠡᠳᠭᠦᠯ  ᠎ᠤᠨ ᠬᠡᠪᠯᠡᠯ ᠡᠬᠢᠯᠡᠭᠰᠡᠨ ᠤᠤᠭ᠋ᠠᠨ ᠳ᠋ᠤᠭ᠋ᠠᠷ᠎ᠢ ᠪ᠊· ᠨᠠᠰᠤᠨᠳᠠᠯᠠᠢ ᠶᠡᠷᠦᠩᠬᠡᠢ ᠬᠢᠨᠠᠭᠴᠢ᠎ᠪᠠᠷ᠂ ᠨᠠᠰᠤᠡᠡᠤᠷᠲᠤ ᠬᠢᠨᠠᠭᠴᠢ᠎ᠪᠠᠷ᠂ ᠭᠡᠳᠡ ᠨᠠᠢ᠌ᠷᠠᠭᠤᠯᠤᠭᠴᠢ᠎ᠪᠠᠷ᠂ ᠮᠦᠩᠬᠡᠨᠠᠰᠤᠨ ᠤᠷᠠᠨ ᠵᠢᠷᠤᠭ᠎ᠤᠨ ᠨᠠᠢ᠌ᠷᠠᠭᠤᠯᠤᠭᠴᠢ᠎ᠪᠠᠷ ᠨᠠᠢ᠌ᠷᠠᠭᠤᠯᠤᠨ ᠬᠡᠪᠯᠡᠵᠡᠢ᠃ ᠲᠤᠰ ᠰᠡᠳᠭᠦᠯ᠎ᠤᠨ   ᠪᠦᠷᠢᠯᠳᠦᠨ ᠲᠣᠭᠲᠠᠨᠢᠵᠤ᠂ ᠬᠦᠭᠵᠢᠨ ᠪᠠᠳᠠᠷᠠᠭᠰᠠᠨ ᠭᠤᠴᠢᠨ ᠵᠢᠯ᠎ᠤᠨ ᠤᠷᠲᠤ ᠠᠶᠠᠨ᠎ᠳᠤ ᠰᠡᠳᠭᠦᠯᠴᠢᠳ᠎ᠤᠨ ᠡᠩᠨᠡᠭᠡ ᠳᠠᠰᠤᠷᠠᠯᠲᠠ ᠦᠭᠡᠢ ᠦᠰᠦᠨ ᠪᠣᠵᠠᠭ᠋ᠠᠢ᠌ᠷᠠᠵᠤ᠂ ᠮᠠᠰᠢ ᠣᠯᠠᠨ ᠰᠢᠯᠢᠳᠡᠭ ᠰᠡᠳᠭᠦᠯᠴᠢᠳ   ᠴᠣᠯᠭᠣᠷᠠᠨ ᠭᠠᠷᠴᠤ᠂ ᠤᠶᠤᠨ ᠤᠬᠠᠭ᠋ᠠᠨ ᠵᠶ᠋ᠠᠨ ᠰᠢᠪᠬᠠᠵᠤ᠂ ᠬᠦᠴᠦ ᠬᠦᠯᠦᠰᠦ᠎ᠪᠠᠨ ᠬᠠᠷᠠᠮ ᠦᠭᠡᠢ ᠤᠷᠤᠰᠬᠠᠵᠠᠢ᠃ ᠰᠡᠳᠭᠦᠯ ᠡᠷᠭᠢᠯᠡᠭᠰᠡᠨ ᠭᠤᠴᠢᠨ ᠵᠢᠯ᠎ᠤᠨ ᠭᠠᠷᠤᠭ᠎ᠠ᠎ᠠᠴᠠ ᠡᠳᠡᠭᠡᠷ ᠨᠠᠢ᠌ᠷᠠᠭᠤᠯᠤᠭᠴᠢᠳ᠂ ᠬᠢᠨᠠᠭᠴᠢᠳ᠎ᠤᠨ ᠴᠦᠬᠦᠷᠡᠰᠢ ᠦᠭᠡᠢ ᠮᠡᠷᠡᠢ᠌ᠨ ᠵᠢᠳᠭᠦᠭᠰᠡᠨ ᠲᠡᠦᠬᠡ ᠵᠢᠨ ᠤᠯᠪᠠᠭ᠎ᠠ ᠵᠢ ᠲᠡᠮᠳᠡᠭᠯᠡᠬᠦ ᠬᠡᠷᠡᠭᠲᠡᠢ᠂ ᠳᠤᠷᠠᠰᠬᠠᠬᠤ ᠶᠣᠰᠤᠲᠠᠢ᠃《ᠨᠡᠢ᠌ᠭᠡᠮ》ᠰᠡᠳᠭᠦᠯ  ᠎ᠤᠨ ᠶᠡᠷᠦᠩᠬᠡᠢ ᠨᠠᠢ᠌ᠷᠠᠭᠤᠯᠤᠭᠴᠢ ᠵᠢᠨ ᠪᠠᠢ᠌ᠷᠢᠨ᠎ᠳᠤ ᠮᠢᠩᠭ᠋ᠠᠳ· ᠨᠠᠰᠤᠨᠳᠠᠯᠠᠢ᠂ ᠮᠦᠩᠬᠡᠨᠠᠰᠤᠨ᠂ ᠬᠠᠢ ᠹᠧᠩ ᠨᠠᠷ ᠤᠷᠢᠳ ᠬᠣᠵᠢᠳ ᠠᠵᠢᠯᠠᠯᠠᠵᠤ᠂ ᠬᠠᠷᠢᠭᠤᠴᠠᠭᠰᠠᠨ ᠨᠠᠢ᠌ᠷᠠᠭᠤᠯᠤᠭᠴᠢ ᠵᠢᠨ ᠠᠵᠢᠯ᠎ᠢ ᠬᠡᠳᠡ᠂ ᠨᠠᠰᠤᠡᠡᠤᠷᠲᠤ᠂ ᠪᠠᠰᠤᠳᠠᠢ ᠬᠠᠰᠪᠢᠯᠢᠭ᠌᠂ ᠰᠡᠴᠡᠩᠭᠣᠸ᠎ᠠ᠂ ᠪ᠊· ᠲᠠᠨ᠎ᠠ᠂ ᠨᠠᠶᠠᠨᠲᠠᠢ᠂ ᠨᠠᠷᠠᠰᠤ᠂ ᠳᠦᠭᠦᠷᠡᠩᠵᠢᠷᠭ᠋ᠠᠯ᠂ ᠰᠡᠴᠡᠨ  ᠂ ᠵᠢᠨ ᠲᠠᠨ᠎ᠠ᠂ ᠦ᠋ ᠬᠠᠢ ᠹᠧᠩ᠂ ᠨᠣᠮᠢᠨ ᠵᠡᠷᠭᠡ ᠣᠯᠠᠨ ᠨᠠᠢ᠌ᠷᠠᠭᠤᠯᠤᠭᠴᠢᠳ ᠬᠦᠴᠦ ᠵᠠᠯᠭ᠋ᠠᠨ ᠡᠭᠦᠷᠭᠡᠯᠡᠵᠦ ᠢᠷᠡᠵᠡᠢ᠃ ᠪᠠᠰᠠ ᠬᠢᠨᠠᠭᠴᠢ᠎ᠪᠠᠷ ᠨᠠᠰᠤᠡᠡᠤᠷᠲᠤ᠂ ᠬᠡᠳᠡ᠂ ᠮᠥᠩᠬᠡᠨᠠᠰᠤᠨ᠂ ᠵᠢᠷᠤᠭ᠎ᠤᠨ ᠨᠠᠢ᠌ᠷᠠᠭᠤᠯᠤᠭᠴᠢ᠎ᠪᠠᠷ ᠮᠦᠩᠬᠡᠨᠠᠰᠤᠨ᠂ ᠪᠢᠯᠢᠭ᠂ ᠬᠠᠦᠯᠢ ᠵᠢᠨ ᠵᠦᠪᠯᠡᠭᠴᠢ᠎ᠪᠠᠷ ᠪᠠᠪᠤᠤ᠂ ᠴᠢᠶᠠᠨ ᠨᠠᠷᠠᠰᠤ᠂ ᠣᠨᠴᠠ ᠤᠷᠢᠭᠰᠠᠨ ᠨᠠᠢ᠌ᠷᠠᠭᠤᠯᠤᠭᠴᠢ᠎ᠪᠠᠷ ᠬᠠᠩᠳᠠᠭᠤᠳ ᠤᠰᠤᠨᠪᠣᠳᠤᠭ ᠵᠡᠷᠭᠡ ᠣᠯᠠᠨ ᠰᠡᠳᠭᠦᠯᠴᠢᠳ ᠲᠤᠰ ᠰᠡᠳᠭᠦᠯ᠎ᠤᠨ ᠨᠠᠢ᠌ᠷᠠᠭᠤᠯᠤᠨ ᠪᠢᠴᠢᠬᠦ ᠠᠵᠢᠯ᠎ᠳᠤ ᠤᠷᠤᠯᠴᠠᠵᠤ ᠪᠠᠢ᠌ᠵᠠᠢ᠃ ᠡᠭᠦᠨ᠎ᠠᠴᠠ ᠭᠠᠳᠠᠨ᠎ᠠ᠂   ᠰᠡᠳᠭᠦᠯ᠎ᠤᠨ ᠲᠠᠷᠬᠠᠭ᠋ᠠᠬᠤ ᠪᠠ   ᠵᠠᠬᠢᠶᠠᠯᠠᠭ᠎ᠠ ᠵᠢᠨ ᠠᠵᠢᠯ᠎ᠢ ᠪᠦᠷᠢᠨᠰᠣᠶᠣᠯ ᠵᠡᠷᠭᠡ ᠬᠦᠮᠦᠰ ᠡᠭᠦᠷᠭᠡᠯᠡᠨ ᠬᠠᠷᠢᠭᠤᠴᠠᠵᠤ   ᠪᠠᠢ᠌ᠪᠠ᠃ ᠡᠳᠡᠭᠡᠷ ᠰᠣᠳᠤᠨ ᠰᠢᠯᠢᠳᠡᠭ ᠰᠡᠳᠭᠦᠯᠴᠢᠳ᠎ᠤᠨ ᠬᠠᠷᠠᠮ ᠦᠭᠡᠢ ᠵᠣᠷᠢᠭᠤᠯᠤᠭᠰᠠᠨ ᠰᠡᠴᠡᠨ ᠤᠬᠠᠭ᠋ᠠᠨ᠂ ᠢᠳᠡᠭᠡᠯ ᠵᠣᠷᠢᠭ᠂   ᠲᠠᠮᠢᠷ ᠴᠢᠳᠠᠯ ᠪᠣᠯ《ᠨᠡᠢ᠌ᠭᠡᠮ》ᠰᠡᠳᠭᠦᠯ᠎ᠤᠨ ᠪᠦᠷᠢᠯᠳᠦᠨ ᠬᠦᠭᠵᠢᠭᠰᠡᠨ ᠲᠤᠯᠭ᠋ᠠᠭᠤᠷᠢ ᠬᠦᠴᠦᠨ᠎ᠤ ᠨᠢᠭᠡ ᠪᠣᠯᠣᠨ᠎ᠠ᠃
    ᠬᠤᠷᠢᠶᠠᠩᠭᠤᠢ᠌ᠯᠠᠪᠠᠯ᠂《ᠨᠡᠢ᠌ᠭᠡᠮ》ᠰᠡᠳᠭᠦᠯ   ᠳᠡᠭᠡᠷ᠎ᠡ ᠵᠠᠭᠤᠨ᠎ᠤ ᠶᠡᠷᠡᠭᠡᠳ ᠣᠨ᠎ᠤ ᠡᠬᠢᠨ᠎ᠳᠤ ᠬᠡᠪᠯᠡᠯ ᠡᠬᠢᠯᠡᠵᠦ᠂ 2021 ᠣᠨ᠎ᠤ 7 ᠳ᠋ᠤᠭ᠋ᠠᠷ ᠰᠠᠷ᠎ᠠ ᠬᠦᠷᠲᠡᠯ᠎ᠡ ᠨᠡᠢ᠌ᠲᠡ 318 ᠬᠤᠭᠤᠴᠠᠭ᠎ᠠ ᠬᠡᠪᠯᠡᠭᠳᠡᠵᠡᠢ᠃ ᠲᠤᠰ ᠰᠡᠳᠭᠦᠯ᠎ᠨᠢ ᠭᠤᠴᠢᠨ ᠵᠢᠯ᠎ᠤᠨ ᠲᠤᠷᠰᠢ《ᠰᠢᠨ᠎ᠡ》᠂《ᠬᠤᠪᠢᠷᠠᠯᠲᠠ ᠶᠡᠬᠡᠲᠡᠢ》ᠪᠠᠢ᠌ᠬᠤ ᠪᠣᠯ ᠮᠠᠨ᠎ᠤ ᠡᠭᠦᠷᠢᠳᠡ ᠵᠢᠨ ᠵᠠᠷᠴᠢᠮ᠂ ᠦᠨᠡᠨ ᠮᠦᠷᠲᠡᠭᠡᠨ ᠡᠩ᠎ᠤᠨ ᠪᠠᠢ᠌ᠬᠤ ᠪᠣᠯ ᠮᠠᠨ᠎ᠤ ᠥᠪᠡᠷ᠎ᠤᠨ ᠣᠨᠴᠠᠯᠢᠭ [6] ᠭᠡᠰᠡᠨ ᠵᠶ᠋ᠠᠨ ᠴᠢᠩᠭ᠎ᠠ ᠪᠠᠷᠢᠮᠲᠠᠯᠠᠵᠤ᠂ ᠤᠩᠰᠢᠬᠤ᠎ᠳᠤ ᠤᠷᠮᠠᠲᠠᠢ᠂ ᠤᠩᠰᠢᠭᠰᠠᠨ ᠬᠣᠢ᠌ᠨ᠎ᠠ ᠰᠠᠭᠤᠭᠳᠠᠯ᠎ᠲᠠᠢ᠂ ᠬᠠᠷᠠᠬᠤ᠎ᠳᠤ ᠬᠠᠢ᠌ᠷᠯᠠᠯᠲᠠᠢ᠂ ᠬᠠᠳᠠᠭ᠋ᠠᠯᠠᠵᠤ ᠬᠤᠷᠢᠶᠠᠬᠤ ᠦᠷᠳᠡᠭ᠎ᠲᠠᠢ ᠡᠢ᠌ᠮᠦ ᠨᠢᠭᠡᠨ ᠰᠡᠳᠭᠦᠯ᠂ ᠤᠩᠰᠢᠭᠴᠢ ᠲᠠ ᠪᠦᠬᠦᠨ᠎ᠤ ᠠᠮᠢᠳᠤᠷᠠᠯ᠎ᠤᠨ ᠦᠷᠦᠭᠡᠨ᠎ᠳᠤ ᠳᠡᠯᠭᠡᠭᠳᠡᠵᠦ᠂ ᠰᠡᠳᠭᠢᠯ᠎ᠤᠨ ᠦᠷᠭᠦᠭᠡ ᠵᠢ ᠭᠡᠢ᠌ᠭᠦᠯᠬᠦ [7] ᠪᠣᠯᠤᠭ᠋ᠠᠰᠠᠢ ᠭᠡᠵᠦ ᠮᠡᠷᠡᠢ᠌ᠨ ᠴᠢᠷᠮᠠᠢ᠌ᠭᠰᠠᠭ᠋ᠠᠷ ᠢᠷᠡᠵᠡᠢ᠃   ᠡᠨᠡ ᠬᠦ᠌ ᠶᠠᠪᠤᠴᠠ᠎ᠳᠤ ᠰᠡᠳᠭᠦᠯ᠎ᠤᠨ ᠨᠡᠷ᠎ᠡ᠂ ᠠᠭᠤᠯᠭ᠎ᠠ ᠪᠣᠯᠣᠩ᠂ ᠨᠠᠢ᠌ᠷᠠᠭᠤᠯᠤᠭᠴᠢ ᠬᠢᠨᠠᠭᠴᠢ᠂ ᠬᠡᠪᠯᠡᠯ ᠲᠠᠷᠬᠠᠭ᠋ᠠᠯᠲᠠ ᠵᠢᠨ ᠲᠠᠯ᠎ᠠ᠎ᠪᠠᠷ ᠭᠠᠷᠤᠭᠰᠠᠨ ᠣᠯᠠᠨ ᠬᠤᠪᠢᠷᠠᠯᠲᠠ᠎ᠨᠤᠭᠤᠳ᠎ᠨᠢ ᠲᠤᠰ ᠰᠡᠳᠭᠦᠯ᠎ᠤᠨ ᠤᠷᠤᠰᠢᠨ ᠲᠤᠭᠲᠠᠨᠢᠬᠤ᠂ ᠬᠦᠭᠵᠢᠨ ᠴᠡᠴᠡᠭᠯᠡᠬᠦ ᠵᠢᠨ ᠴᠢᠬᠤᠯᠠ ᠠᠷᠭ᠎ᠠ ᠵᠠᠮ ᠪᠣᠯᠬᠤ ᠵᠢᠨ   ᠵᠡᠷᠭᠡ᠎ᠪᠠᠷ ᠪᠠᠰᠠ ᠲᠤᠬᠠᠢ ᠵᠢᠨ ᠦᠶ᠎ᠡ ᠵᠢᠨ ᠥᠪᠥᠷ ᠮᠣᠩᠭᠤᠯ ᠤᠷᠤᠨ᠎ᠤ ᠲᠡᠦᠬᠡ᠂   ᠰᠣᠶᠣᠯ᠎ᠤᠨ ᠪᠣᠳᠠᠳᠤ ᠪᠠᠢ᠌ᠳᠠᠯ᠂ ᠤᠯᠤᠰ ᠲᠦᠷᠦ ᠠᠵᠤ ᠠᠬᠤᠢ ᠵᠢᠨ ᠪᠦᠲᠦᠭᠡᠨ ᠪᠠᠢ᠌ᠭᠤᠯᠤᠯᠲᠠ ᠵᠢᠨ ᠶᠠᠪᠤᠴᠠ᠂ ᠤᠷᠤᠭ ᠬᠣᠷᠢᠮ᠂ ᠭᠡᠷ ᠪᠦᠯᠢ᠂ ᠨᠡᠢ᠌ᠭᠡᠮ᠎ᠤᠨ ᠬᠡᠷᠡᠭᠴᠡᠭᠡ ᠱᠠᠭ᠋ᠠᠷᠳᠠᠯᠭ᠎ᠠ ᠵᠡᠷᠭᠡ ᠵᠢ ᠣᠯᠠᠨ ᠲᠠᠯ᠎ᠠ᠎ᠠᠴᠠ ᠠᠮᠢᠳᠤᠯᠢᠭ ᠲᠤᠰᠬᠠᠨ ᠲᠡᠮᠳᠡᠭᠯᠡᠭᠰᠡᠨ ᠵᠶ᠋ᠠᠷ ᠵᠶ᠋ᠠᠨ ᠬᠤᠷᠢᠶᠠᠨ ᠬᠠᠳᠠᠭ᠋ᠠᠯᠠᠵᠤ᠂ ᠰᠤᠷᠤᠯᠴᠠᠨ ᠰᠤᠳᠤᠯᠬᠤ ᠦᠨ᠎ᠡ ᠴᠠᠨ᠎ᠠ   ᠪᠦᠬᠦᠢ ᠮᠤᠩᠭᠤᠯ ᠰᠡᠳᠭᠦᠯ᠎ᠤᠨ ᠨᠢᠭᠡ ᠪᠣᠯᠵᠠᠢ᠃ ᠡᠳᠡᠭᠡᠷ ᠬᠤᠪᠢᠷᠠᠯᠲᠠ᠎ᠨᠤᠭᠤᠳ ᠪᠣᠯ ᠲᠤᠰ ᠰᠡᠳᠭᠦᠯ᠎ᠤᠨ ᠨᠡᠢ᠌ᠭᠡᠮ᠎ᠤᠨ ᠱᠠᠭ᠋ᠠᠷᠳᠠᠯᠭ᠎ᠠ᠎ᠳᠤ ᠵᠣᠬᠢᠴᠠᠨ᠂ ᠥᠪᠡᠷ᠎ᠢ᠎ᠪᠠᠨ ᠲᠡᠭᠦᠯᠳᠡᠷᠵᠢᠬᠦᠯᠬᠦ ᠵᠢᠨ ᠲᠦᠯᠦᠭᠡᠨ᠎ᠤ   ᠪᠦᠲᠦᠭᠡᠯᠴᠢ ᠤᠷᠤᠯᠳᠤᠯᠭ᠎ᠠ᠂ ᠨᠡᠢ᠌ᠭᠡᠮ ᠵᠢᠷᠤᠮ᠎ᠤᠨ ᠤᠶᠤᠨ᠎ᠤ ᠪᠣᠯᠪᠠᠰᠤᠨ ᠪᠣᠯᠣᠨ ᠪᠣᠳᠠᠰ᠎ᠤᠨ ᠪᠣᠯᠪᠠᠰᠤᠨ᠎ᠤ ᠪᠦᠲᠦᠭᠡᠨ ᠪᠠᠢ᠌ᠭᠤᠯᠤᠯᠲᠠ ᠵᠢ ᠠᠬᠢᠭᠤᠯᠰᠤᠭ᠋ᠠᠢ [8] ᠭᠡᠵᠦ ᠵᠢᠳᠭᠦᠭᠰᠡᠨ᠎ᠤ ᠭᠡᠷᠡᠴᠢ ᠪᠠᠷᠢᠮᠳᠠ ᠮᠥᠨ᠃   ᠭᠡᠬᠦ  ᠎ᠳᠤ᠎ᠪᠠᠨ ᠣᠯᠠᠩᠬᠢ ᠬᠤᠪᠢᠷᠠᠯᠲᠠ᠎ᠨᠤᠭᠤᠳ᠎ᠨᠢ ᠳᠡᠭᠡᠷ᠎ᠡ ᠵᠠᠭᠤᠨ᠎ᠤ ᠡᠴᠦᠰ᠎ᠤᠨ ᠠᠷᠪᠠᠨ ᠵᠢᠯ᠎ᠳᠤ ᠲᠥᠪᠯᠡᠷᠡᠵᠦ᠂   ᠲᠤᠰ ᠵᠠᠭᠤᠨ᠎ᠤ ᠬᠣᠷᠢᠨ ᠵᠢᠯ᠎ᠳᠤ ᠬᠤᠪᠢᠷᠠᠯᠲᠠ ᠴᠦᠭᠡᠨ᠂ ᠲᠤᠭᠳᠠᠭᠤᠨ ᠬᠦᠭᠵᠢᠵᠦ ᠢᠷᠡᠭᠰᠡᠨ ᠲᠦᠯᠦᠪ᠎ᠲᠠᠢ᠃ ᠡᠳᠡᠭᠡᠷ ᠬᠤᠪᠢᠷᠠᠯᠲᠠ᠎ᠨᠤᠭᠤᠳ᠎ᠢ ᠪᠦᠬᠦ ᠲᠠᠯ᠎ᠠ᠎ᠪᠠᠷ ᠡᠮᠬᠢᠳᠭᠡᠵᠦ᠂ ᠬᠤᠷᠢᠶᠠᠩᠭᠤᠢ᠌ᠯᠠᠬᠤ ᠪᠣᠯ ᠲᠤᠰ ᠰᠡᠳᠭᠦᠯ᠎ᠤᠨ ᠥᠩᠭᠡᠷᠡᠭᠰᠡᠨ ᠲᠡᠦᠬᠡ ᠵᠢ ᠡᠷᠭᠢᠴᠡᠭᠦᠯᠵᠦ᠂ ᠲᠤᠷᠰᠢᠯᠭ᠎ᠠ ᠰᠤᠷᠭ᠋ᠠᠮᠵᠢ᠎ᠪᠠᠨ ᠳ᠋ᠦᠩᠨᠡᠬᠦ ᠵᠢᠨ ᠳᠠᠭ᠋ᠠᠤ ᠭᠡᠭᠡᠨ ᠢᠷᠡᠭᠡᠳᠦᠢ᠎ᠪᠠᠨ ᠠᠮᠵᠢᠯᠳᠠᠲᠠᠢ ᠤᠭᠳᠤᠬᠤ ᠵᠢᠨ ᠴᠢᠬᠤᠯᠠᠴᠢᠯᠭ᠎ᠠ ᠮᠥᠨ᠃   ᠴᠢᠨᠠᠭᠰᠢᠯᠠᠭ᠋ᠠᠳ ᠪᠦᠬᠦᠢ᠌ᠯᠡ ᠮᠣᠩᠭᠤᠯ ᠰᠡᠳᠭᠦᠯ᠎ᠤᠨ ᠰᠤᠳᠤᠯᠤᠯ᠎ᠳᠤ ᠵᠣᠬᠢᠬᠤ ᠠᠬᠢᠭᠤᠯᠬᠤ ᠦᠢ᠍ᠯᠡᠳᠦᠯ᠎ᠲᠠᠢ᠃


    ᠵᠣᠬᠢᠶᠠᠭᠴᠢ ᠵᠢᠨ ᠬᠠᠶᠢᠭ᠄   ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠤᠷᠤᠨ᠎ᠤ ᠨᠣᠮ᠎ᠤᠨ ᠰᠠᠩ

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠦᠰᠦᠭ᠎ᠤᠨ ᠲᠤᠮᠲᠡ ᠨᠢᠭᠤᠯᠲᠠᠲᠠᠢ ᠦᠨᠡᠳᠤ ᠦᠪ ᠮᠢᠨᠢ — ᠹ᠊ · ᠪᠦᠭᠡ ᠵᠡᠷᠭᠡ ᠠᠭᠤᠯᠨ ᠮᠡᠳᠤ ᠲᠦᠰᠢᠭ ᠨᠤᠳᠤᠭ᠎ᠤᠨ ᠪᠤᠭᠤᠷᠤᠯᠴᠤᠳ᠎ᠲᠤ᠎ᠪᠠᠨ ᠵᠤᠷᠢᠭᠤᠯᠪᠠ
ᠨᠠᠳᠠ᠎ᠲᠠᠢ᠎ᠪᠠᠨ ᠲᠠᠰᠤᠯᠬᠠᠨ 《ᠨᠠᠢ᠌ᠭᠡᠮ》 ᠰᠡᠳᠭᠦᠯ
ᠭᠡᠭᠡᠨ ᠠᠶᠠᠨ
ᠰᠡᠳᠬᠢᠯ᠎ᠤᠨ ᠬᠤᠯᠪᠤᠭ᠋ᠠᠲᠠᠢ ᠰᠡᠳᠬᠦᠯ — 《ᠨᠡᠢ᠌ᠭᠡᠮ》 ᠰᠡᠳᠬᠦᠯ᠎ᠤᠨ ᠬᠡᠪᠯᠡᠯ ᠡᠬᠢᠯᠡᠭᠰᠡᠨ ᠭᠤᠴᠢᠨ ᠵᠢᠯ᠎ᠤᠨ ᠤᠢ᠎ᠳᠤ ᠵᠤᠷᠢᠭᠤᠯᠪᠠ
ᠰᠡᠳᠬᠦᠯ ᠪᠤᠯ ᠲᠡᠤᠬᠡ ᠶᠤᠮ
 
            