ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠨᠠᠳᠠ᠎ᠲᠠᠢ᠎ᠪᠠᠨ ᠲᠠᠰᠤᠯᠬᠠᠨ 《ᠨᠠᠢ᠌ᠭᠡᠮ》 ᠰᠡᠳᠭᠦᠯ
ᠨᠡᠶᠢᠲᠡᠯᠡᠭᠰᠡᠨ ᠴᠠᠭ᠄ 2021-11-17

  ᠨᠠᠳᠠ᠎ᠲᠠᠢ᠎ᠪᠠᠨ ᠲᠠᠰᠤᠯᠬᠠᠨ 《ᠨᠠᠢ᠌ᠭᠡᠮ》 ᠰᠡᠳᠭᠦᠯ

                        ᠴᠤ · ᠨᠠᠰᠤᠨᠵᠠᠶᠠᠭ᠎ᠠ   ᠵᠤᠬᠢᠶᠠᠪᠠ

   

  《  ᠨᠡᠢ᠌ᠭᠡᠮ》 ᠰᠡᠳᠭᠦᠯ ᠮᠠᠨᠢ ᠭᠤᠴᠢ   ᠬᠦᠷᠴᠢᠬᠡᠯ᠎ᠡ᠂   ᠨᠠᠷᠬᠢᠮ᠎ᠠ ᠵᠠᠯᠠᠭᠤ ᠭᠤᠴᠢᠨ ᠨᠠᠰᠤ ᠭᠡᠳᠡᠭ ᠶᠠᠭᠤᠳᠠᠢ ᠭᠠᠡᠭᠭ᠋ᠠᠡᠭ   ᠶᠠᠭᠤᠳᠠᠢ ᠵᠢᠪᠬᠤᠭ᠋ᠠᠯᠢᠭ᠃  《ᠤᠷᠤᠭ ᠭᠡᠷ ᠪᠦᠯᠢ ᠨᠡᠢ᠌ᠭᠡᠮ  》 ᠬᠡᠮᠡᠨ ᠤᠤᠭ᠋ᠠᠨ ᠳ᠋ᠤᠭ᠋ᠠᠷ᠎ᠨᠢ ᠮᠡᠨᠳᠦᠯᠡᠭᠰᠡᠨ᠎ᠠᠴᠠ ᠤᠴᠠᠷᠠᠯ᠎ᠤᠨ ᠬᠤᠷᠸ᠎ᠠ᠎ᠳᠤ ᠠᠵᠠ᠎ᠪᠠᠷ ᠲᠠᠨᠢᠯᠴᠠᠵᠦ ᠤᠨᠠᠭ᠋ᠠᠨ ᠨᠠᠢ᠌ᠵᠠ ᠪᠤᠯᠤᠯᠴᠠᠭᠰᠠᠨ ᠶᠤᠮ᠃ ᠤᠯᠠᠨ ᠠᠷᠪᠢᠨ ᠡᠬᠡ ᠪᠢᠴᠢᠭ᠎ᠢ ᠮᠢᠨᠢ 《ᠨᠠᠢ᠌ᠭᠡᠮ》  ᠎ᠳᠤ᠎ᠪᠠᠨ ᠪᠠᠭᠳᠠᠭ᠋ᠠᠵᠤ  《ᠭᠡᠷ ᠪᠦᠯᠢ》᠎ᠳᠤ᠎ᠪᠠᠨ ᠪᠦᠪᠡᠢ᠌ᠯᠡᠵᠦ 《ᠤᠷᠤᠭ》 ᠰᠠᠳᠤᠨ   ᠰᠢᠭ᠋ ᠶᠠᠪᠤᠯᠴᠠᠭᠰᠠᠨ ᠤᠶᠤᠨ ᠰᠠᠨᠠᠭ᠋ᠠᠨ᠎ᠤ ᠮᠢᠨᠢ ᠤᠷᠤᠨ ᠵᠠᠢ᠂ ᠤᠢ ᠤᠬᠠᠭ᠋ᠠᠨ᠎ᠤ ᠮᠢᠨᠢ ᠴᠡᠡᠭᠬᠡᠷ ᠠᠭ᠋ᠠᠷ ᠶᠤᠮ ᠡ 《ᠨᠡᠢ᠌ᠭᠡᠮ》   ᠰᠡᠳᠭᠦᠯ ᠮᠢᠨᠢ᠃
    ᠶᠡᠷᠡᠭᠡᠳ ᠤᠨ᠎ᠤ   ᠡᠬᠢ᠎ᠪᠠᠷ᠂   ᠮᠠᠨ᠎ᠤ᠎ᠬᠢᠨ᠎ᠤ ᠬᠦᠳᠡᠭᠡ ᠠᠢ᠌ᠯ ᠵᠶ᠋ᠠᠷ ᠨᠤᠮ ᠰᠡᠳᠭᠦᠯ   ᠵᠠᠬᠢᠶᠠᠯᠠᠨ   ᠤᠡᠭᠰᠢᠬᠤ᠎ᠳᠤ ᠶᠡᠬᠡ   ᠳᠤᠷᠠᠲᠠᠢ ᠪᠠᠢ᠌ᠭᠰᠠᠨ᠂ ᠠᠯᠢ ᠠᠢ᠌ᠯ᠎ᠳᠤ᠎ᠨᠢ ᠤᠷᠤᠬᠤ᠎ᠳᠤ ᠴᠤ᠌ ᠬᠡᠳᠦᠨ ᠤᠷᠠᠡᠭᠬᠠᠢ ᠨᠠᠪᠳᠠᠷᠬᠠᠢ ᠦᠯᠢᠭᠡᠷ᠎ᠤᠨ ᠲᠡᠪᠳᠡᠷ ᠪᠤᠶᠤ ᠰᠤᠨᠢᠨ ᠰᠡᠳᠭᠦᠯ ᠬᠠᠷᠠᠭᠳᠠᠳᠠᠭ  ᠃ 《ᠦᠨᠢᠷ ᠴᠡᠴᠡᠭ》᠂《ᠬᠤᠨ ᠭᠠᠯᠠᠭᠤ》᠂  《ᠮᠦᠡᠭᠭᠦᠨ ᠬᠦᠰᠢᠭᠡ》᠂《ᠴᠤᠮᠤᠷᠯᠢᠭ》ᠵᠡᠷᠭᠡ ᠮᠤᠡᠭᠭᠤᠯ ᠰᠡᠳᠭᠦᠯ ᠪᠠᠷᠤᠭ᠎ᠤᠨ ᠠᠢ᠌ᠯ᠎ᠳᠤ ᠬᠠᠷᠠᠭᠳᠠᠳᠠᠭ᠃ ᠨᠢᠭᠡ ᠮᠡᠳᠡᠬᠦ᠎ᠳᠤ ᠯᠡ 《ᠤᠷᠤᠭ   ᠭᠡᠷ ᠪᠦᠯᠢ ᠨᠡᠢ᠌ᠭᠡᠮ》ᠭᠡᠳᠡᠭ   ᠤᠷᠠᠯᠠᠯ ᠬᠠᠪᠢᠰᠦ᠎ᠨᠢ ᠭᠤᠶᠤᠮᠰᠤᠭ᠂ ᠤᠯᠠᠨ ᠰᠠᠢ᠌ᠬᠠᠨ ᠰᠤᠳᠤᠨ ᠠᠭᠤᠯᠭ᠎ᠠ᠎ᠲᠠᠢ ᠰᠢᠨᠡᠬᠡᠨ ᠰᠡᠳᠭᠦᠯ ᠮᠡᠨᠳᠦᠯᠡᠭᠰᠡᠨ ᠪᠠᠢ᠌ᠳᠠᠭ᠃ 《ᠦᠨᠢᠷ ᠴᠡᠴᠡᠭ》᠂《ᠬᠤᠨ ᠭᠠᠯᠠᠭᠤ》ᠤᠷᠠᠨ ᠵᠤᠬᠢᠶᠠᠯ ᠦᠯᠢᠭᠡᠷ ᠬᠤᠯᠪᠤᠭ᠎ᠠ᠎ᠪᠠᠷ ᠵᠶ᠋ᠠᠨ ᠤᠨᠴᠠᠯᠠᠭᠳᠠᠵᠤ  ᠂《  ᠮᠦᠡᠭᠭᠦᠨ ᠬᠦᠰᠢᠭᠡ》 ᠲᠤᠭᠯᠠᠭᠴᠢ ᠵᠢᠨ ᠭᠤᠶᠤ ᠬᠦᠷᠦᠭ ᠵᠢᠷᠤᠭ᠂   ᠺᠢᠨᠤ᠋ ᠵᠢᠨ ᠤᠬᠤᠷ ᠠᠪᠰᠠᠷ ᠦᠯᠢᠭᠡᠷ ᠵᠶ᠋ᠡᠷ ᠵᠶ᠋ᠡᠨ ᠬᠤᠷᠤᠬᠠᠢ ᠵᠢ ᠬᠦᠳᠡᠯᠭᠡᠵᠦ ᠪᠠᠢ᠌ᠳᠠᠭ᠃ ᠭᠡᠬᠦ᠎ᠳᠤ ᠰᠢᠨ᠎ᠡ ᠮᠡᠨᠳᠦᠯᠡᠭᠰᠡᠨ 《ᠤᠷᠤᠭ ᠭᠡᠷ ᠪᠦᠯᠢ ᠨᠡᠢ᠌ᠭᠡᠮ》ᠰᠡᠳᠭᠦᠯ᠎ᠨᠢ ᠤᠷᠤᠭ᠂ ᠭᠡᠷ ᠪᠦᠯᠢ᠂ ᠨᠡᠢ᠌ᠭᠡᠮ᠎ᠤᠨ ᠤᠴᠢᠷᠳᠠᠢ ᠰᠠᠢ᠌ᠬᠠᠨ ᠵᠤᠭᠤᠭ ᠨᠡᠢ᠌ᠳᠡᠯᠡᠳᠡᠭ ᠪᠦᠭᠡᠳ ᠤᠷᠠᠨ ᠵᠤᠬᠢᠶᠠᠯ᠂ ᠲᠡᠤᠬᠡ   ᠰᠤᠶᠤᠯ᠎ᠢ ᠴᠤ᠌ ᠨᠡᠢ᠌ᠳᠡᠯᠡᠳᠡᠭ ᠪᠦᠭᠡᠳ ᠮᠤᠡᠭᠭᠤᠯ ᠦᠨᠳᠦᠰᠦᠳᠡᠨ᠎ᠤ   ᠨᠡᠷᠡᠳᠦ ᠬᠦᠮᠦᠰ᠂   ᠠᠯᠳᠠᠷᠳᠤ ᠵᠤᠬᠢᠶᠠᠯᠴᠢ᠂ ᠤᠷᠠᠯᠢᠭᠴᠢ ᠵᠢᠨ ᠵᠢᠷᠤᠭ ᠰᠡᠭᠦᠳᠡᠷ᠎ᠢ ᠭᠠᠳᠠᠷ ᠬᠠᠪᠢᠰᠤᠨ ᠎ᠳᠤ᠎ᠪᠠᠨ ᠨᠡᠢ᠌ᠳᠡᠯᠡᠵᠦ᠂ ᠲᠤᠳᠤᠷ᠎ᠠ᠎ᠨᠢ ᠰᠤᠷᠪᠤᠯᠵᠢᠯᠠᠭ᠎ᠠ   ᠲᠠᠭ᠋ᠠᠯᠳᠤᠭᠤᠯᠳᠠᠭ ᠪᠠᠢ᠌ᠯ᠎ᠠ᠃ ᠡᠭᠦᠨ᠎ᠠᠴᠠ ᠭᠠᠳᠠᠨ᠎ᠠ  ᠂ ᠬᠠᠮᠤᠭ   ᠣᠨᠴᠠᠯᠠᠭᠳᠠᠬᠤ᠎ᠨᠢ ᠤᠷᠤᠭ   ᠬᠤᠷᠢᠮ ᠎ᠤᠨ ᠤᠴᠢᠷ ᠤᠬᠠᠭ᠋ᠠᠨ   ᠤᠷᠠᠨ ᠨᠠᠷᠢᠨ ᠦᠢ᠍ᠯᠡ ᠶᠠᠪᠤᠳᠠᠯ᠂ ᠭᠡᠷ ᠪᠦᠯᠢ᠎ᠪᠠᠨ ᠭᠡᠷᠡᠯᠳᠠᠢ ᠲᠤᠶᠠᠭ᠋ᠠᠳᠠᠢ ᠠᠪᠴᠦ ᠶᠠᠪᠤᠬᠤ ᠵᠢᠨ ᠭᠡᠭᠡᠨ ᠵᠦᠢ   ᠪᠠ ᠤᠡᠭᠰᠢᠬᠤ ᠤᠷᠮ᠎ᠠ ᠵᠢ ᠬᠦᠭᠵᠢᠭᠡᠭᠰᠡᠨ ᠰᠢᠨ᠎ᠡ ᠰᠤᠷᠭᠤᠭ᠂ ᠤᠬᠤᠷ   ᠠᠪᠰᠠᠷᠬᠠᠨ᠂ ᠲᠡᠯᠡᠬᠡᠢ ᠨᠡᠢ᠌ᠳᠡ ᠵᠢᠨ ᠶᠡᠬᠡ ᠪᠠᠭ᠎ᠠ ᠬᠡᠷᠡᠭ ᠤᠴᠢᠷ  ᠎ᠢ   ᠨᠡᠢ᠌ᠳᠡᠯᠡᠵᠦ ᠮᠡᠳᠡᠭᠡᠯᠡᠵᠦ ᠪᠠᠢ᠌ᠳᠠᠭ ᠵᠶ᠋ᠠᠷ ᠵᠶ᠋ᠠᠨ ᠮᠤᠡᠭᠭᠤᠯ ᠰᠡᠳᠭᠦᠯ᠎ᠤᠨ ᠲᠡᠤᠬᠡᠨ   ᠬᠠᠭᠤᠳᠠᠰᠤᠨ ᠲᠡᠭᠡᠷ᠎ᠡ 《ᠶᠡᠷᠦᠡᠭᠬᠡᠢ᠌ᠯᠡᠭᠰᠡᠨ ᠴᠢᠨᠠᠷ》᠎ᠲᠠᠢ ᠰᠡᠳᠭᠦᠯ ᠵᠶ᠋ᠠᠷ ᠵᠶ᠋ᠠᠨ ᠠᠡᠭᠬᠠᠨ᠎ᠤ ᠪᠠᠢ᠌ᠬᠤ ᠤᠴᠢᠷᠳᠠᠢ᠃ ᠨᠡᠡᠭ ᠴᠢᠨᠠᠭᠰᠢᠯᠠᠪᠠᠯ ᠮᠤᠡᠭᠭᠤᠯ ᠰᠤᠶᠤᠯ᠎ᠤᠨ ᠰᠡᠳᠭᠦᠯ ᠵᠦᠢ ᠵᠢᠨ ᠬᠠᠭᠤᠳᠠᠰᠤᠨ᠎ᠳᠤ ᠲᠤᠷᠠᠢ᠌ᠬᠤ ᠶᠤᠰᠤᠳᠠᠢ ᠨᠢᠭᠡᠨ ᠦᠨᠳᠦᠷᠯᠢᠭ ᠬᠡᠮᠡᠨ ᠪᠤᠳᠤᠵᠤ ᠪᠤᠢ  ᠃
  《ᠤᠷᠤᠭ᠂ ᠭᠡᠷ ᠪᠦᠯᠢ᠂ ᠨᠡᠢ᠌ᠭᠡᠮ》 ᠰᠡᠳᠭᠦᠯ   ᠣᠷᠣᠭ ᠭᠡᠷ ᠪᠦᠯᠢ ᠵᠢᠨ   ᠬᠠᠮᠢᠶᠠᠳᠠᠢ ᠵᠤᠬᠢᠶᠠᠯ᠎ᠢ ᠬᠤᠭᠤᠴᠠᠭ᠎ᠠ ᠬᠤᠪᠢᠶᠠᠨ ᠨᠡᠢ᠌ᠳᠡᠯᠡᠵᠦ ᠪᠠᠢ᠌ᠭᠰᠠᠨ ᠪᠦᠭᠡᠳ ᠬᠤᠵᠢᠮ᠎ᠨᠢ 《  ᠰᠠᠢ᠌ᠬᠠᠨ   ᠪᠦᠯᠢ ᠵᠢᠨ ᠤᠷᠤᠰᠢᠯ》ᠬᠡᠮᠡᠨ   ᠮᠡᠳᠡᠯᠭᠡᠳᠦ ᠴᠢᠨᠠᠷ᠂ ᠤᠡᠭᠰᠢᠭᠤᠷᠢᠳᠦ ᠴᠢᠨᠠᠷ ᠪᠦᠬᠦᠢ ᠨᠤᠮ ᠪᠤᠯᠭ᠋ᠠᠨ ᠨᠠᠢ᠌ᠷᠠᠭᠤᠯᠵᠤ  ᠂ ᠰᠡᠳᠭᠦᠯ᠎ᠤᠨ ᠵᠶ᠋ᠡᠨ ᠲᠠᠭ᠋ᠠᠯᠳᠠ ᠬᠡᠪᠯᠡᠯ ᠪᠤᠯᠭ᠋ᠠᠨ ᠬᠡᠪᠯᠡᠨ ᠲᠠᠷᠬᠠᠭ᠋ᠠᠵᠦ᠂ ᠦᠪᠦᠷ ᠮᠤᠡᠭᠭᠤᠯᠴᠤᠳ᠎ᠤᠨ ᠨᠢᠳᠤ ᠵᠢ ᠨᠡᠭᠡᠭᠡᠭᠰᠡᠨ᠂   ᠡᠨᠡ ᠲᠠᠯ᠎ᠠ ᠵᠢᠨ ᠬᠠᠮᠤᠭ ᠠᠡᠭᠬᠠᠨ᠎ᠤ   ᠮᠤᠡᠭᠭᠤᠯ ᠨᠤᠮ ᠪᠤᠯᠵᠤ᠂ ᠰᠢᠨ᠎ᠡ ᠵᠠᠭᠤᠨ᠂ ᠰᠤᠶᠤᠯᠳᠤ ᠡᠷᠢᠨ᠎ᠳᠤ ᠭᠡᠷ ᠪᠦᠯᠢ ᠎ᠪᠠᠨ ᠬᠡᠷᠬᠢᠨ ᠰᠠᠢ᠌ᠬᠠᠨ ᠠᠪᠴᠤ ᠶᠠᠪᠤᠬᠤ ᠵᠢᠨ ᠠᠮᠳᠠᠯᠢᠭ ᠠᠳᠠᠯ᠎ᠠ   ᠨᠢᠭᠣᠴᠠᠭ᠋ᠠᠢ ᠵᠦᠢ᠍ᠯᠡᠰ ᠎ᠢ ᠬᠦᠮᠦᠨ ᠪᠦᠬᠦᠨ᠎ᠳᠤ   ᠲᠠᠨᠢᠯᠴᠠᠭᠤᠯᠤᠭᠰᠠᠨ᠎ᠨᠢ ᠦᠨᠡᠬᠡᠷ ᠭᠠᠢ᠌ᠬᠠᠮᠰᠢᠭᠳᠠᠢ ᠪᠤᠯᠤᠭᠰᠠᠨ ᠶᠤᠮ᠃
  ᠲᠡᠬᠢᠪᠡᠯ 《ᠤᠯᠢᠮᠫᠢᠺ ᠪᠠ ᠮᠤᠡᠭᠭᠤᠯ ᠪᠦᠬᠡ》 ᠭᠡᠰᠡᠨ ᠪᠤᠯᠤᠡᠭ ᠡᠷᠬᠢᠯᠡᠵᠦ᠂ ᠮᠤᠡᠭᠭᠤᠯ ᠪᠦᠬᠡ᠎ᠪᠠᠨ ᠲᠡᠯᠡᠬᠡᠢ ᠵᠢᠨ ᠲᠡᠪᠵᠢᠶᠠᠨ᠎ᠳᠤ ᠲᠡᠪᠢᠭᠦᠯᠬᠦ ᠵᠤᠷᠢᠭ ᠰᠠᠨᠠᠭ᠋ᠠᠨ᠎ᠤ ᠭᠠᠯ᠎ᠢ   ᠳᠦᠷᠡᠯᠵᠡᠭᠦᠯᠵᠦ᠂ ᠮᠤᠡᠭᠭᠤᠯ ᠪᠦᠬᠡ ᠵᠢᠨ ᠦᠯᠢᠭᠡᠷ ᠲᠤᠮᠤᠭ᠂ ᠨᠠᠷᠡᠳᠦ ᠪᠦᠬᠡᠴᠢᠳ᠎ᠤᠨ   ᠪᠠᠷᠢᠯᠳᠤᠵᠤ ᠶᠠᠪᠤᠭᠰᠠᠨ ᠭᠡᠭᠡᠨ ᠲᠡᠤᠬᠡ ᠵᠢ ᠨᠡᠢ᠌ᠳᠡᠯᠡᠵᠦ᠂ ᠮᠤᠡᠭᠭᠤᠯ ᠪᠦᠬᠡ ᠪᠠ   ᠮᠤᠡᠭᠭᠤᠯ ᠨᠠᠢ᠌ᠷ ᠨᠠᠭ᠋ᠠᠳᠤᠮ᠎ᠤᠨ ᠲᠤᠬᠠᠢ ᠰᠠᠨᠠᠯ ᠵᠦᠪᠯᠡᠯᠭᠡ᠂ ᠰᠢᠨ᠎ᠡ ᠦᠵᠡᠯᠳᠡ ᠵᠢ ᠨᠡᠢ᠌ᠳᠡᠯᠡᠵᠦ   ᠨᠢᠭᠡᠨ   ᠦᠶ᠎ᠡ ᠮᠤᠡᠭᠭᠤᠯ ᠪᠦᠬᠡ ᠵᠢᠨ ᠦᠢ᠍ᠯᠡᠰ᠎ᠲᠤ ᠬᠠᠢ᠌ᠷᠠᠳᠠᠢ ᠬᠦᠮᠦᠰ ᠎ᠲᠤ ᠲᠠᠭ᠋ᠠᠰᠢᠶᠠᠭᠳᠠᠵᠤ ᠪᠠᠢ᠌ᠯ᠎ᠠ᠃ 《ᠬᠦᠯᠦᠭ᠎ᠤᠨ ᠰᠤᠷ》 ᠪᠤᠯᠤᠡᠭ ᠡᠷᠬᠢᠯᠡᠵᠦ   ᠬᠠᠰᠢᠷ ᠤᠶᠠᠭ᠋ᠠᠴᠢ᠂ ᠬᠤᠷᠳᠤᠨ ᠬᠦᠯᠦᠭ ᠵᠶ᠋ᠡᠨ ᠲᠠᠨᠢᠯᠴᠠᠭᠤᠯᠵᠤ᠂   ᠮᠤᠡᠭᠭᠤᠯ ᠮᠤᠷᠢᠨ᠎ᠤ ᠠᠯᠳᠠᠷ᠎ᠢ ᠲᠡᠤᠬᠡ ᠵᠢᠨ ᠬᠠᠭᠤᠳᠠᠰᠤᠨ᠎ᠠ ᠮᠦᠡᠭᠬᠡᠯᠡᠭᠰᠡᠨ ᠪᠠᠢ᠌ᠳᠠᠭ᠃ 《ᠰᠤᠶᠤᠯ᠎ᠤᠨ ᠲᠠᠬᠢᠯᠭ᠎ᠠ》ᠪᠤᠯᠤᠡᠭ ᠵᠶ᠋ᠡᠷ ᠲᠠᠮᠵᠢᠭᠤᠯᠤᠨ   ᠰᠤᠶᠤᠯ ᠵᠠᠡᠭᠰᠢᠯ ᠵᠶ᠋ᠠᠨ ᠦᠪᠯᠡᠨ ᠪᠢᠴᠢᠭᠯᠡᠵᠦ  ᠂《ᠨᠤᠳᠤᠭ᠎ᠤᠨ ᠪᠠᠷ᠎ᠠ》ᠪᠤᠯᠤᠡᠭ ᠵᠶ᠋ᠡᠷ   ᠨᠤᠳᠤᠭ ᠤᠰᠤᠨ᠎ᠤ ᠪᠠᠷ᠎ᠠ ᠮᠠᠨᠠᠨ᠎ᠤ ᠴᠠᠭ᠋ᠠᠨ᠎ᠠ᠎ᠠᠴᠠ ᠴᠡᠡᠭᠬᠡᠷᠯᠡᠵᠦ᠂   ᠡᠪᠦᠭᠡᠳ᠎ᠤᠨ ᠵᠤᠭᠤᠭ ᠦᠶ᠎ᠡ ᠵᠢᠨ   ᠦᠶ᠎ᠡ᠎ᠳᠤ ᠤᠯᠠᠮᠵᠢᠯᠠᠭᠳᠠᠨ᠎ᠠ᠃
    《ᠶᠠᠳᠤᠭ᠎ᠠ ᠵᠢᠨ ᠲᠤᠯᠤᠭ᠋ᠠᠨ ᠡᠭᠡᠰᠢᠭ》 ᠵᠶ᠋ᠡᠷ ᠢᠷᠠᠭᠤ ᠨᠠᠢ᠌ᠷᠠᠭ᠎ᠤᠨ   ᠰᠣᠷᠢᠭ᠋ᠠᠨ᠎ᠳᠤ ᠲᠠᠪᠬᠢᠵᠠᠭ᠋ᠠᠵᠤ  ᠂ 《ᠲᠤᠷᠠᠨ ᠬᠠᠷᠠᠭ᠎ᠠ》᠎ᠪᠠᠷ 《ᠲᠤᠷᠠᠳᠬᠠᠯ᠎ᠤᠨ ᠬᠤᠷᠸ᠎ᠠ》᠎ᠳᠤ  《ᠦᠷᠭᠡᠨ ᠴᠢᠯᠦᠭᠡ》᠎ᠲᠠᠢ ᠠᠶᠠᠯᠠᠵᠦ  ᠂《  ᠠᠮᠢᠨᠴᠢᠬᠠᠨ ᠶᠠᠷᠢᠶ᠎ᠠ》 ᠵᠢ᠎ᠨᠢ ᠨᠢᠭᠤᠴᠠᠬᠠᠨ ᠴᠢᠡᠭᠨᠠᠵᠦ  ᠂《ᠠᠮᠢᠳᠤᠷᠠᠯ᠎ᠤᠨ ᠰᠠᠯᠤᠨ》᠎ᠠᠴᠠ᠎ᠨᠢ ᠠᠷᠪᠢᠨ ᠶᠠᠭᠤᠮ᠎ᠠ ᠤᠬᠠᠭ᠋ᠠᠷᠠᠨ᠂ 《ᠰᠡᠳᠬᠢᠯ᠎ᠤᠨ ᠲᠤᠤᠯᠢᠶᠠᠨ》   ᠡᠭᠦᠰᠴᠦ᠂ 《ᠤᠳᠤᠳ᠎ᠤᠨ ᠰᠢᠪᠡᠨᠡᠭᠡ》 ᠵᠢ ᠴᠢᠭ᠌ᠨᠠᠵᠦ᠂ ᠤᠢ᠌ᠳᠬᠠᠷ ᠪᠤᠬᠢᠨᠢᠳᠤᠯ ᠵᠶ᠋ᠠᠨ 《ᠲᠦᠷᠪᠡᠨ ᠲᠠᠯᠠᠢ ᠵᠢᠨ ᠰᠠᠯᠬᠢᠨ》᠎ᠳᠤ ᠠᠷᠴᠢᠭᠤᠯᠵᠤ᠂ 《ᠲᠤᠤᠯᠢᠶᠠᠨᠳᠤ ᠬᠤᠷᠸ᠎ᠠ》᠎ᠳᠤ 《  ᠲᠡᠤᠬᠡ ᠵᠢᠨ ᠨᠢᠭᠡ ᠡᠳᠦᠷ》᠎ᠢ ᠪᠠᠶᠠᠷᠳᠠᠢ   ᠦᠳᠡᠨ᠎ᠡ᠃
  ᠠᠯᠢ ᠴᠤ᠌ ᠵᠢᠯ᠎ᠠᠴᠠ   ᠡᠬᠢᠯᠡᠭᠰᠡᠨ ᠪᠢᠯᠡ   ᠳ᠋ᠠ᠂   ᠬᠦᠳᠡᠭᠡ ᠵᠢᠨ ᠠᠬ᠎ᠠ ᠲᠡᠭᠦᠦ ᠨᠠᠷ᠎ᠤᠨ ᠨᠠᠢ᠌ᠳᠠᠯᠭ᠎ᠠ᠂ ᠦᠪᠡᠷ᠎ᠤᠨ ᠲᠤᠭᠤᠵᠤ   ᠪᠢᠰᠢᠷᠡᠳᠡᠭ ᠰᠡᠳᠭᠦᠯ᠎ᠤᠨ ᠬᠤᠪᠢ᠎ᠳᠤ 《ᠤᠷᠤᠭ   ᠭᠡᠷ ᠪᠦᠯᠢ   ᠨᠡᠢ᠌ᠭᠡᠮ》 ᠰᠡᠳᠭᠦᠯ ᠵᠢ ᠬᠡᠳᠦᠨ ᠵᠢᠯ ᠲᠠᠷᠠᠭ᠋ᠠᠯᠠᠨ ᠬᠡᠳᠦᠨ ᠬᠤᠪᠢ ᠵᠠᠬᠢᠶᠠᠯᠠᠨ ᠲᠠᠷᠬᠠᠭ᠋ᠠᠵᠦ ᠦᠭᠭᠦᠭᠰᠡᠨ ᠵᠶ᠋ᠡᠷ ᠰᠡᠳᠭᠦᠯ ᠮᠠᠨᠢ ᠰᠡᠳᠬᠢᠯ᠎ᠢ ᠮᠢᠨᠢ ᠬᠦᠨᠳᠦᠳᠭᠡᠵᠦ᠂ ᠨᠡᠷ᠎ᠡ ᠠᠯᠳᠠᠷ᠎ᠢ ᠮᠢᠨᠢ ᠰᠡᠳᠭᠦᠯ ᠲᠡᠭᠡᠷ᠎ᠡ᠎ᠪᠠᠨ ᠨᠡᠢ᠌ᠳᠡᠯᠡᠵᠦ 《ᠰᠢᠯᠢᠳᠡᠭ ᠲᠠᠷᠬᠠᠭ᠋ᠠᠭᠴᠢ》 ᠬᠡᠮᠡᠨ ᠦᠨᠡᠯᠡᠭᠰᠡᠨ ᠪᠠᠢ᠌ᠳᠠᠭ᠃ ᠲᠡᠷᠡ ᠦᠶ᠎ᠡ᠎ᠳᠤ ᠨᠤᠮ ᠰᠡᠳᠭᠦᠯ᠎ᠠᠴᠠ ᠨᠡᠷ᠎ᠡ᠎ᠪᠠᠨ ᠤᠯᠵᠤ ᠬᠠᠷᠠᠨ᠎ᠠ ᠭᠡᠳᠡᠭ ᠨᠡᠭᠡᠷᠡᠨ 《ᠠᠯᠳᠠᠷ ᠨᠡᠷ᠎ᠡ ᠤᠷᠴᠢᠯᠠᠡᠭ ᠳ᠋ᠠᠬᠢᠨ᠎ᠳᠤᠷ ᠮᠠᠨᠳᠤᠭᠰᠠᠨ》 ᠮᠡᠳᠦ ᠤᠮᠤᠭᠰᠢᠨ   ᠪᠠᠶᠠᠷᠯᠠᠭᠰᠠᠨ᠎ᠢ ᠬᠡᠯᠡᠬᠦ ᠶᠠᠭᠤᠨ  ᠃ 1994 ᠤᠨ᠎ᠤ ᠲᠡᠯᠭᠡᠷ ᠵᠤᠨ᠎ᠤ 6 ᠰᠠᠷ᠎ᠠ᠎ᠳᠤ   ᠨᠢᠬᠡᠳᠦᠯᠳᠠᠢ ᠲᠠᠡᠭᠰᠠᠯᠠᠭᠤᠯᠤᠭ᠌ᠰᠡᠨ ᠨᠤᠮᠸᠷ᠎ᠨᠢ 《0002》 ᠪᠤᠯᠬᠤ᠂ ᠪᠤᠷᠤ ᠬᠠᠪᠢᠰᠦ᠎ᠲᠠᠢ ᠦᠪᠦᠷ ᠮᠤᠡᠭᠭᠤᠯ᠎ᠤᠨ ᠠᠷᠠᠳ᠎ᠤᠨ ᠶᠠᠪᠤᠳᠠᠯ᠎ᠤᠨ ᠲᠢᠡᠭᠬᠢᠮ᠎ᠤᠨ《ᠤᠷᠤᠭ᠂ ᠭᠡᠷ ᠪᠦᠯᠢ᠂ ᠨᠡᠢ᠌ᠭᠡᠮ〉〉》 ᠰᠡᠳᠭᠦᠯ᠎ᠤᠨ 《ᠴᠢᠮᠡᠭᠡᠯᠡᠭᠴᠢ ᠵᠢᠨ ᠦᠨᠡᠮᠯᠡᠯ》 ᠭᠡᠰᠡᠨ ᠠᠯᠳᠠᠨ ᠰᠢᠷᠭ᠋ᠠᠯ ᠦᠰᠦᠭ᠎ᠲᠠᠢ ᠵᠢᠵᠢᠭᠭᠡᠨ ᠪᠤᠷᠤ ᠲᠡᠪᠳᠡᠷ ᠢᠷᠡᠭᠰᠡᠨ ᠪᠢᠯᠡ᠃ ᠡᠨᠡ᠎ᠨᠢ ᠮᠢᠨᠤ ᠬᠠᠮᠤᠭ ᠲᠦᠷᠦᠭᠦᠦ ᠲᠤᠰᠴᠦ ᠤᠯᠤᠭᠰᠠᠨ ᠢᠷᠡᠭᠤ   ᠠᠯᠳᠠᠷ᠎ᠤᠨ ᠦᠨᠡᠮᠯᠡᠯ ᠪᠢᠯᠡ᠃   ᠡᠨᠡ ᠬᠦ᠌ ᠦᠨᠡᠮᠯᠡᠯ ᠵᠶ᠋ᠡᠨ ᠪᠢ ᠨᠦᠬᠦᠳ ᠎ᠲᠤ᠎ᠪᠠᠨ ᠭᠠᠢ᠌ᠬᠠᠭᠤᠯᠵᠤ ᠤᠷᠤᠨ᠎ᠤ ᠲᠠᠰ᠎ᠤᠨ ᠴᠢᠮᠡᠭᠡᠯᠡᠭᠴᠢ ᠪᠤᠯᠤᠭᠰᠠᠨ ᠎ᠳᠤ᠎ᠪᠠᠨ ᠪᠠᠶᠠᠷᠬᠠᠵᠦ ᠲᠤᠵᠢ ᠪᠡᠶ᠎ᠡ ᠎ᠳᠤ᠎ᠪᠠᠨ ᠠᠪᠴᠦ ᠶᠠᠪᠤᠨ ᠤᠳᠤᠬᠢ ᠴᠠᠭᠳᠠᠭ᠎ᠠ ᠵᠢᠨ ᠭᠡᠷᠡᠴᠢ   ᠰᠢᠭ ᠵᠶ᠋ᠡᠨ ᠬᠠᠢ᠌ᠷᠠᠯᠠᠨ ᠨᠠᠨᠳᠢᠭ᠌ᠨᠠᠵᠦ ᠶᠠᠪᠤᠭᠰᠠᠨ ᠪᠦᠭᠡᠳ ᠤᠳᠤ   ᠴᠤ᠌ ᠨᠤᠮ᠎ᠤᠨ   ᠬᠤᠷᠭᠤᠨ ᠎ᠳᠤ᠎ᠪᠠᠨ   ᠲᠤᠭᠤᠰᠦ ᠲᠤᠷᠳᠤᠭ ᠬᠦᠷᠭᠡᠯ ᠦᠭᠡᠢ ᠬᠠᠳᠠᠭ᠋ᠠᠯᠠᠵᠦ ᠰᠠᠨᠠᠨ ᠰᠠᠨᠠᠨ ᠭᠠᠷᠭ᠋ᠠᠨ ᠦᠵᠡᠳᠡᠭ᠃
  ᠢᠷᠡᠭᠤ ᠨᠠᠢ᠌ᠷᠠᠭ ᠵᠶ᠋ᠠᠷ ᠰᠠᠯᠬᠢᠯᠠᠭᠰᠠᠨ   ᠶᠡᠷᠡᠭᠡᠳ ᠤᠨ᠎ᠤ ᠡᠬᠢᠨ᠎ᠤ ᠵᠢᠯ᠎ᠤᠳ᠎ᠲᠤ   ᠦᠪᠦᠷ ᠮᠤᠡᠭᠭᠤᠯ ᠤᠷᠤᠨ ᠎ᠳᠤ᠎ᠪᠠᠨ ᠨᠠᠷ᠎ᠡ   ᠨᠦᠯᠦᠭᠡ᠎ᠲᠠᠢ ᠰᠠᠢ᠌ᠨ ᠰᠢᠯᠦᠭᠴᠢᠳ ᠴᠤ᠌ 《ᠤᠷᠤᠭ   ᠭᠡᠷ ᠪᠦᠯᠢ ᠨᠡᠢ᠌ᠭᠡᠮ》 ᠲᠡᠭᠡᠷ᠎ᠡ ᠦᠪᠡᠷ᠎ᠤᠨ ᠤᠷᠠᠨ ᠪᠦᠳᠦᠭᠡᠯ ᠵᠶ᠋ᠡᠨ ᠨᠡᠢ᠌ᠳᠡᠯᠡᠵᠦ᠂ ᠦᠯᠵᠡᠢ ᠬᠡᠢ᠌ᠮᠤᠷᠢᠯᠢᠭ ᠬᠡᠢ᠌ᠰᠭᠡᠵᠦ ᠪᠠᠢ᠌ᠯ᠎ᠠ᠃   ᠪᠢ   ᠴᠤ᠌   ᠨᠦᠬᠦᠳ᠎ᠤᠨ ᠵᠶ᠋ᠡᠨ ᠬᠠᠮᠳᠤ ᠰᠢᠯᠦᠭ ᠵᠶ᠋ᠡᠷ ᠠᠮᠢᠰᠬᠤᠵᠤ ᠶᠠᠪᠤᠭᠰᠠᠨ   ᠤᠨ ᠰᠠᠷ᠎ᠠ᠎ᠳᠤ ᠪᠠᠢ᠌ᠭ᠎ᠠ ᠪᠤᠯᠬᠤᠷ ᠰᠢᠯᠦᠭ ᠮᠠᠨᠢ ᠰᠢᠯᠦᠭ ᠪᠢᠰᠢ ᠴᠤ᠌ ᠰᠢᠯᠦᠭ ᠪᠢᠴᠢᠶ᠎ᠡ ᠭᠡᠰᠡᠨ   ᠰᠠᠨᠠᠭ᠎ᠠ ᠮᠢᠨᠢ ᠰᠢᠯᠦᠭ ᠪᠠᠢ᠌ᠯ᠎ᠠ᠃ ᠵᠠᠬᠢᠳᠠᠯ᠎ᠤᠨ ᠴᠠᠭ᠋ᠠᠰᠦ᠎ᠪᠠᠷ   ᠬᠡᠳᠦ ᠬᠡᠳᠦᠨ   ᠨᠢᠭᠤᠷ ᠪᠢᠴᠢᠭᠡᠳ ᠪᠤᠷᠤ ᠲᠤᠭᠳᠤᠢ᠎ᠳᠤ ᠬᠢᠵᠦ   ᠰᠤᠮᠤ ᠵᠢᠨ ᠰᠢᠤᠳᠡᠨ ᠵᠶ᠋ᠡᠷ ᠲᠠᠮᠵᠢᠭᠤᠯᠤᠨ᠂ ᠰᠤᠨᠢᠨ ᠰᠡᠳᠭᠦᠯ ᠎ᠳᠤ   ᠪᠢᠴᠢᠭᠰᠡᠨ ᠶᠠᠭᠤᠮ᠎ᠠ᠎ᠪᠠᠨ   ᠵᠣᠷᠢᠭᠲᠠᠢ   ᠶᠠᠪᠤᠭᠤᠯᠳᠠᠭ ᠴᠦ᠍ ᠪᠠᠢ᠌ᠯ᠎ᠠ᠃ ᠨᠡᠢ᠌ᠳᠡᠯᠡᠭᠳᠡᠳᠡᠭ᠎ᠨᠢ ᠡᠳᠦᠷ᠎ᠤᠨ ᠤᠳᠤ ᠰᠢᠭ ᠴᠦᠬᠡᠬᠡᠨ ᠴᠤ᠌ 《ᠤᠷᠤᠭ ᠭᠡᠷ ᠪᠦᠯᠢ ᠨᠡᠢ᠌ᠭᠡᠮ》 ᠰᠡᠳᠭᠦᠯ ᠮᠢᠨᠢ ᠬᠡᠳᠦᠨ ᠰᠢᠯᠦᠭ᠎ᠢ ᠮᠢᠨᠢ   ᠠᠮᠢᠯᠠᠭᠤᠯᠵᠤ᠂ ᠤᠷᠮ᠎ᠠ   ᠪᠣᠷᠠᠮ ᠵᠶ᠋ᠠᠷ ᠵᠡᠷᠭᠡ   ᠲᠡᠳᠬᠦᠭᠰᠡᠨ ᠪᠢᠯᠡ᠃
    ᠠᠵᠢᠯ ᠠᠯᠵᠠᠭᠤ ᠵᠢᠨ ᠠᠯᠢ ᠠᠯᠢᠨ᠎ᠠᠴᠠ ᠪᠤᠯᠤᠭ᠋ᠠᠳ᠂ ᠠᠷᠪᠠᠭ᠋ᠠᠳ ᠵᠢᠯ ᠶᠠᠭᠤᠮ᠎ᠠ   ᠪᠢᠴᠢᠬᠦ᠎ᠪᠠᠨ   ᠬᠠᠶᠠᠭᠰᠠᠨ ᠴᠤ᠌ 《ᠤᠷᠤᠭ ᠭᠡᠷ ᠪᠦᠯᠢ   ᠨᠡᠢ᠌ᠭᠡᠮ》᠂《ᠦᠨᠢᠷ ᠴᠡᠴᠡᠭ》᠂ 《ᠰᠢᠷ᠎ᠠ ᠮᠦᠷᠡᠨ》  ᠂《ᠰᠢᠯᠢ ᠵᠢᠨ ᠭᠤᠤᠯ》   ᠵᠡᠷᠭᠡ ᠮᠤᠡᠭᠭᠤᠯ ᠨᠤᠮ ᠰᠡᠳᠭᠦᠯ ᠵᠶ᠋ᠡᠨ ᠠᠯᠳᠠᠯ ᠦᠭᠡᠢ ᠵᠠᠬᠢᠶᠠᠯᠠᠵᠦ ᠠᠮᠳᠠᠷᠬᠠᠨ ᠤᠡᠭᠰᠢᠵᠦ ᠶᠠᠪᠤᠯ᠎ᠠ᠃ ᠲᠠᠬᠢᠭ᠋ᠠᠳ ᠤᠢ᠌ᠷ᠎ᠠ ᠵᠢᠨ ᠠᠷᠪᠠᠭ᠋ᠠᠳ ᠵᠢᠯ ᠵᠢᠪᠡᠷᠡᠭᠰᠡᠨ ᠦᠵᠦᠭ ᠵᠶ᠋ᠡᠨ ᠬᠤᠷᠴᠠᠯᠠᠵᠦ᠂ ᠵᠢᠯᠢ᠌ᠭᠰᠡᠨ ᠪᠢᠯᠢᠭ ᠵᠶ᠋ᠡᠨ   ᠬᠤᠷᠢᠶᠠᠵᠦ  《ᠶᠠᠭᠤᠮ᠎ᠠ ᠪᠢᠴᠢᠬᠦ》 ᠵᠢᠷᠭ᠋ᠠᠯᠳᠠᠢ   ᠠᠳᠠᠯ᠎ᠠ   ᠵᠣᠪᠠᠯᠠᠩ᠎ᠲᠠᠢ ᠦᠢ᠍ᠯᠡ ᠎ᠳᠤ᠎ᠪᠠᠨ ᠬᠦᠳᠦᠯᠦᠭᠳᠡᠵᠦ ᠨᠠᠢ᠌ᠷᠠᠭᠤᠯᠤᠯ᠂ ᠮᠡᠳᠡᠭᠡᠯᠡᠯ᠎ᠤᠨ ᠤᠷᠠᠨ ᠵᠤᠬᠢᠶᠠᠯ ᠤᠷᠤᠯᠳᠤᠵᠤ ᠡᠬᠢᠯᠡᠭᠰᠡᠨ᠂ ᠲᠡᠭᠡᠭᠡᠳ ᠯᠡ 《ᠤᠯᠠᠭ᠋ᠠᠨ ᠬᠠᠳᠠ ᠵᠢᠨ ᠤᠶᠠᠬᠠᠨ ᠲᠤᠷᠠᠰᠤᠮᠵᠢ》᠂《  ᠲᠡᠯᠡᠬᠡᠢ ᠵᠢᠨ ᠨᠢᠷᠤᠭᠤᠨ ᠲᠡᠭᠡᠭᠦᠷ ᠲᠡᠪᠢᠵᠦ ᠨᠢᠰᠦᠭᠰᠡᠨ ᠪᠦᠷᠭᠦᠳ》᠂ 《ᠵᠸᠦ   ᠶᠡᠷᠦᠩᠬᠡᠢ ᠰᠠᠢ᠌ᠳ᠎ᠤᠨ ᠦᠪᠡᠷᠳᠡᠭᠡᠨ   ᠴᠣᠬᠣᠯᠡᠪᠣᠷᠢᠯᠠᠭᠰᠠᠨ ᠨᠢᠭᠡᠨ ᠬᠠᠭᠤᠳᠠᠰᠦ   ᠵᠠᠬᠢᠳᠠᠯ》᠂ 《ᠨᠤᠮ ᠪᠢᠳᠡ   ᠬᠤᠶᠠᠭᠤᠯᠠ》 ᠵᠡᠷᠭᠡ ᠵᠤᠬᠢᠶᠠᠯ ᠪᠦᠳᠦᠭᠡᠯ ᠵᠶ᠋ᠡᠨ 《ᠨᠠᠢ᠌ᠭᠡᠮ》ᠰᠡᠳᠭᠦᠯ ᠲᠡᠭᠡᠷ᠎ᠡ᠎ᠪᠠᠨ ᠨᠡᠢ᠌ᠳᠡᠯᠡᠭᠦᠯᠵᠦ᠂   ᠨᠡᠢ᠌ᠳᠡ ᠤᠯᠠᠨ᠎ᠤ ᠠᠷᠢᠭᠤᠬᠠᠨ ᠮᠡᠯᠮᠡᠢ᠎ᠳᠤ ᠬᠦᠷᠭᠡᠵᠦ ᠶᠠᠪᠤᠯ᠎ᠠ᠃
  ᠤᠯᠠᠨ ᠲᠦᠷᠦᠯ᠎ᠤᠨ ᠡᠬᠡ ᠪᠢᠴᠢᠭ᠎ᠢ ᠴᠢᠯᠦᠭᠡᠳᠠᠢ ᠨᠡᠢ᠌ᠳᠡᠯᠡᠳᠡᠭ ᠵᠶ᠋ᠡᠷ ᠵᠶ᠋ᠡᠨ ᠦᠪᠦᠷ ᠮᠤᠡᠭᠭᠤᠯ᠎ᠳᠤ《ᠨᠡᠢ᠌ᠭᠡᠮ》 ᠰᠡᠳᠭᠦᠯ ᠤᠨᠴᠠᠯᠠᠭᠳᠠᠨ᠎ᠠ᠃ ᠠᠭᠤᠯᠭ᠎ᠠ ᠬᠡᠯᠪᠡᠷᠢ  ᠂ ᠬᠡᠪᠯᠡᠯ ᠪᠠᠷᠯᠠᠯ ᠵᠶ᠋ᠠᠷ ᠵᠶ᠋ᠠᠨ 《ᠲᠤᠮᠳᠠᠳᠤ ᠤᠯᠤᠰ᠎ᠤᠨ ᠤᠮᠠᠷᠠᠳᠤ ᠤᠷᠤᠨ᠎ᠤ ᠰᠢᠯᠢᠳᠡᠭ ᠰᠡᠳᠭᠦᠯ》᠂《ᠲᠤᠮᠳᠠᠳᠤ ᠤᠯᠤᠰ᠎ᠤᠨ ᠬᠤᠸᠠᠪᠸᠢ ᠤᠷᠤᠨ᠎ᠤ ᠰᠢᠯᠢᠳᠡᠭ ᠰᠡᠳᠭᠦᠯ》ᠪᠤᠯᠵᠤ 《ᠨᠡᠢ᠌ᠭᠡᠮ》ᠰᠡᠳᠭᠦᠯ   ᠤᠡᠭᠰᠢᠭ᠍ᠴᠢ ᠤᠯᠠᠨ ᠵᠶ᠋ᠠᠨ ᠪᠠᠶᠠᠰᠬᠠᠨ᠎ᠠ᠃
  ᠮᠢᠨᠤ ᠲᠠᠨᠢᠳᠠᠭ ᠦᠭᠡᠢ᠂ ᠮᠡᠳᠡᠳᠡᠭ   ᠮᠦᠡᠭᠬᠡᠨᠠᠰᠤᠨ ᠭᠡᠳᠡᠭ ᠠᠬᠠᠮᠠᠳ ᠤᠳᠠᠭ᠋ᠠᠨ ᠵᠢᠯ   ᠶᠡᠷᠦᠩᠬᠡᠢ ᠨᠠᠢ᠌ᠷᠠᠭᠤᠯᠤᠭᠴᠢ ᠵᠢᠨ ᠠᠯᠪᠠᠨ ᠎ᠳᠤ ᠠᠵᠢᠯᠯᠠᠭᠰᠠᠨ   ᠪᠦᠭᠡᠳ ᠤᠷᠢᠳ ᠬᠤᠵᠢᠳ ᠢᠷᠠᠭᠤ ᠨᠠᠢ᠌ᠷᠠᠭᠴᠢ᠂ ᠰᠡᠳᠭᠦᠯᠴᠢ ᠪᠠᠰᠤᠳᠠᠢ ᠬᠠᠰᠪᠢᠯᠢᠭ᠌᠂ ᠡᠷᠳᠡᠮᠳᠡᠨ ᠸ᠊ · ᠰᠠᠢ᠌ᠨᠴᠤᠭᠳᠤ᠂ ᠵᠤᠬᠢᠶᠠᠯᠴᠢ   ᠤᠰᠤᠨᠪᠤᠳᠤᠭ ᠨᠠᠷ ᠬᠤᠢ᠌ᠨ᠎ᠡ ᠡᠮᠦᠨ᠎ᠡ ᠰᠡᠳᠭᠦᠯ᠎ᠤᠨ   ᠨᠠᠢ᠌ᠷᠠᠭᠤᠯᠤᠭᠴᠢ ᠵᠢᠨ ᠵᠢᠰᠢᠶᠠᠨ᠎ᠳᠤ ᠰᠠᠭᠤᠵᠤ᠂ ᠰᠡᠳᠬᠢᠯ ᠵᠢᠳᠭᠦᠯ ᠵᠶ᠋ᠡᠨ ᠵᠤᠷᠢᠭᠤᠯᠵᠤ   ᠰᠡᠳᠭᠦᠯ ᠵᠶ᠋ᠡᠨ ᠠᠪᠴᠦ ᠶᠠᠪᠤᠭᠰᠠᠨ ᠪᠠᠢ᠌ᠳᠠᠭ᠃ ᠡᠢ᠌ᠮᠦ ᠤᠯᠠᠨ ᠡᠷᠳᠡᠮ ᠠᠪᠢᠶᠠᠰ᠎ᠲᠠᠢ ᠨᠠᠢ᠌ᠷᠠᠭᠤᠯᠤᠭᠴᠢ ᠨᠠᠷ ᠦᠶ᠎ᠡ ᠦᠶ᠎ᠡ ᠵᠢᠨ ᠵᠢᠰᠢᠶᠡᠨ᠎ᠳᠤ ᠰᠠᠭᠤᠳᠠᠭ᠎ᠠᠴᠠ ᠰᠡᠳᠭᠦᠯ ᠮᠠᠨᠢ ᠰᠠᠢ᠌ᠬᠠᠨ ᠵᠤᠨ᠎ᠤ ᠰᠤᠷᠭᠤᠭ ᠴᠡᠴᠡᠭ ᠰᠢᠭ ᠰᠡᠷᠪᠡᠯᠵᠡᠨ ᠲᠡᠯᠭᠡᠷᠡᠭᠰᠡᠭᠡᠷ ᠡᠳᠦᠭᠡ ᠪᠤᠯᠤᠯ᠎ᠠ᠃
 《  ᠨᠡᠢ᠌ᠭᠡᠮ》 ᠮᠢᠨᠢ   ᠨᠠᠷᠠ ᠬᠤᠷ᠎ᠠ ᠵᠢᠨ ᠢᠪᠡᠭᠡᠯ ᠵᠶ᠋ᠡᠷ ᠤᠯᠠᠮ ᠰᠠᠢ᠌ᠬᠠᠨ ᠴᠡᠴᠡᠭᠯᠡᠨ ᠬᠦᠭᠵᠢᠵᠦ᠂ ᠨᠡᠢ᠌ᠳᠡ ᠤᠯᠠᠨ ᠎ᠳᠤ᠎ᠪᠠᠨ ᠲᠠᠭ᠋ᠠᠰᠢᠶᠠᠭᠳᠠᠨ᠎ᠠ ᠭᠡᠳᠡᠭ   ᠠᠷᠢᠭᠤᠨ ᠰᠡᠳᠬᠢᠯ᠎ᠤᠨ ᠨᠠᠨᠳᠢᠨ ᠢᠷᠦᠭᠡᠯ ᠵᠶ᠋ᠡᠨ ᠲᠠᠪᠰᠢᠭᠦᠯᠵᠦ  ᠂ ᠠᠯᠤᠰ᠎ᠤᠨ ᠠᠶᠠᠨ᠎ᠤ  ᠎ᠬᠢ᠎ᠨᠢ ᠲᠦᠷᠦᠭᠡ ᠵᠢ ᠰᠦ᠎ᠪᠠᠷ ᠮᠢᠯᠢᠶᠠᠶ᠎ᠠ!
                       

                 2021 .2 .24 《ᠭᠦᠨ ᠡᠡᠭᠭᠡᠷ》 ᠨᠤᠮ᠎ᠤᠨ   ᠦᠷᠦᠭᠡᠨ᠎ᠡ
ᠵᠤᠬᠢᠶᠠᠭᠴᠢ ᠵᠢᠨ ᠬᠠᠶᠢᠭ᠄ ᠬᠡᠰᠢᠭᠳᠡᠨ ᠬᠤᠰᠢᠭᠤᠨ᠎ᠤ ᠲᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠭᠡᠭᠡᠨ ᠠᠶᠠᠨ
ᠰᠡᠳᠬᠢᠯ᠎ᠤᠨ ᠬᠤᠯᠪᠤᠭ᠋ᠠᠲᠠᠢ ᠰᠡᠳᠬᠦᠯ — 《ᠨᠡᠢ᠌ᠭᠡᠮ》 ᠰᠡᠳᠬᠦᠯ᠎ᠤᠨ ᠬᠡᠪᠯᠡᠯ ᠡᠬᠢᠯᠡᠭᠰᠡᠨ ᠭᠤᠴᠢᠨ ᠵᠢᠯ᠎ᠤᠨ ᠤᠢ᠎ᠳᠤ ᠵᠤᠷᠢᠭᠤᠯᠪᠠ
ᠰᠡᠳᠬᠦᠯ ᠪᠤᠯ ᠲᠡᠤᠬᠡ ᠶᠤᠮ
ᠰᠤᠶᠤᠯ᠎ᠤᠨ ᠭᠠᠢ᠌ᠬᠠᠮᠰᠢᠭ᠎ᠢ ᠨᠠᠷᠭᠢᠭᠤᠯᠤᠭᠰᠠᠨ《ᠨᠡᠢ᠌ᠭᠡᠮ》 ᠰᠡᠳᠬᠦᠯ ᠮᠢᠨᠢ
ᠳᠤᠷᠠᠰᠬᠤ ᠵᠢᠨ ᠵᠢᠷᠭ᠋ᠠᠯ
 
            