ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠰᠡᠳᠬᠢᠯ᠎ᠤᠨ ᠬᠤᠯᠪᠤᠭ᠋ᠠᠲᠠᠢ ᠰᠡᠳᠬᠦᠯ — 《ᠨᠡᠢ᠌ᠭᠡᠮ》 ᠰᠡᠳᠬᠦᠯ᠎ᠤᠨ ᠬᠡᠪᠯᠡᠯ ᠡᠬᠢᠯᠡᠭᠰᠡᠨ ᠭᠤᠴᠢᠨ ᠵᠢᠯ᠎ᠤᠨ ᠤᠢ᠎ᠳᠤ ᠵᠤᠷᠢᠭᠤᠯᠪᠠ
ᠨᠡᠶᠢᠲᠡᠯᠡᠭᠰᠡᠨ ᠴᠠᠭ᠄ 2021-11-23

ᠰᠡᠳᠬᠢᠯ᠎ᠤᠨ ᠬᠤᠯᠪᠤᠭ᠋ᠠᠲᠠᠢ ᠰᠡᠳᠬᠦᠯ
  — 《ᠨᠡᠢ᠌ᠭᠡᠮ》 ᠰᠡᠳᠬᠦᠯ᠎ᠤᠨ ᠬᠡᠪᠯᠡᠯ ᠡᠬᠢᠯᠡᠭᠰᠡᠨ   ᠭᠤᠴᠢᠨ ᠵᠢᠯ᠎ᠤᠨ ᠤᠢ᠎ᠳᠤ ᠵᠤᠷᠢᠭᠤᠯᠪᠠ

                ᠬᠠᠡᠭᠲᠠᠭᠤᠳ ᠤᠰᠤᠡᠪᠤᠳᠤᠭ ᠵᠤᠬᠢᠶᠠᠪᠠ



ᠨᠢᠭᠡ

  ᠦᠪᠦᠷ ᠮᠤᠡᠭᠭᠤᠯ᠎ᠤᠨ ᠦᠪᠡᠷᠲᠡᠭᠡᠨ ᠵᠠᠰᠠᠬᠤ ᠤᠷᠤᠨ᠎ᠤ ᠠᠷᠠᠳ᠎ᠤᠨ ᠶᠠᠪᠤᠳᠠᠯ᠎ᠤᠨ ᠲᠢᠡᠭᠬᠢᠮ᠎ᠠᠴᠠ ᠭᠤᠤᠯᠯᠠᠨ ᠬᠠᠮᠢᠶᠠᠷᠳᠠᠭ 《ᠨᠡᠢ᠌ᠭᠡᠮ》 ᠰᠡᠳᠬᠦᠯ ᠠᠡᠭᠬ᠎ᠠ ᠬᠡᠪᠯᠡᠭᠳᠡᠬᠦ᠎ᠳᠤ᠎ᠪᠠᠨ 《ᠤᠷᠤᠭ ᠭᠡᠷ ᠪᠦᠯᠢ ᠨᠡᠢ᠌ᠭᠡᠮ》   ᠨᠡᠷ᠎ᠡ᠎ᠲᠠᠢ ᠪᠠᠢ᠌ᠵᠠᠢ᠃
  《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ ᠤᠤᠭ᠋ᠠᠨ ᠳ᠋ᠤᠭ᠋ᠠᠷ  1991 ᠤᠨ᠎ᠳᠤ ᠬᠡᠪᠯᠡᠭᠳᠡᠪᠡ᠃ ᠳᠤᠬᠠᠢ ᠵᠢᠨ ᠵᠢᠯ ᠪᠢ ᠬᠤᠷᠢᠨ ᠨᠢᠭᠡᠨ ᠨᠠᠰᠤᠲᠠᠢ᠂ ᠤᠷᠤᠭᠯᠠᠭ᠎ᠠ ᠴᠤ᠌ ᠦᠭᠡᠢ ᠪᠠᠢ᠌ᠭᠰᠠᠨ᠃ ᠶᠤᠰᠤᠲᠠᠢ ᠤᠷᠤᠭ᠎ᠨᠢ ᠶᠠᠭᠤ᠂ ᠭᠡᠷ ᠪᠦᠯᠢ᠎ᠨᠢ ᠶᠠᠭᠤ᠂ ᠨᠡᠢ᠌ᠭᠡᠮ᠎ᠨᠢ ᠶᠠᠭᠤ ᠭᠡᠭᠴᠢ ᠵᠢ ᠬᠦᠡᠵᠡᠭᠡᠢ ᠤᠢ᠌ᠯᠠᠭ᠋ᠠᠭ᠎ᠠ ᠴᠤ᠌ ᠦᠭᠡᠢ ᠤᠡᠭᠭᠤᠨ ᠵᠠᠯᠠᠭᠤ ᠨᠠᠰᠤᠨ᠎ᠳᠤ᠎ᠪᠠᠨ ᠪᠠᠢ᠌ᠭᠰᠠᠨ   ᠪᠢᠯᠡ᠃ ᠲᠤᠳᠤᠷᠠᠭᠤᠯᠵᠤ ᠭᠡᠯᠡᠪᠡᠯ᠂ ᠳᠤᠬᠠᠢ ᠵᠢᠨ ᠵᠢᠯ ᠪᠢ ᠲᠦᠡᠭᠯᠢᠶᠤᠤ ᠬᠤᠲᠠ᠎ᠳᠤ ᠬᠦᠳᠡᠭᠡ ᠵᠢᠨ ᠡᠮᠴᠢ ᠵᠢᠨ ᠪᠤᠯᠪᠠᠰᠤᠷᠠᠯ᠎ᠤᠨ ᠠᠡᠭᠬᠢ᠎ᠳᠤ ᠡᠮᠴᠢ ᠵᠢᠨ ᠮᠡᠷᠭᠡᠵᠢᠯ ᠰᠤᠷᠤᠯᠴᠠᠵᠤ ᠪᠠᠢ᠌ᠭᠰᠠᠨ᠃ ᠲᠡᠤᠭᠡ ᠵᠢᠨ   ᠦᠳᠡᠭᠡᠷᠢ᠎ᠳᠤ ᠤᠷᠤᠭᠰᠠᠨ ᠲᠡᠷᠨ ᠯᠠ ᠵᠢᠯ᠎ᠤᠨ ᠲᠤᠷᠭ᠋ᠠᠨ ᠴᠡᠡᠭᠭᠡᠷ ᠡᠳᠦᠷ᠎ᠤᠳ᠎ᠲᠤ 《ᠳᠤᠷᠠᠯᠠᠯ᠂ ᠳᠤᠷᠠᠯᠠᠯ᠂ ᠳᠤᠷᠠᠯᠠᠯ》 ᠬᠡᠮᠡᠨ ᠵᠢᠷᠦᠭᠡ ᠮᠠᠨᠢ ᠪᠠᠢ᠌ᠨ ᠳᠠᠬᠢᠨ ᠭᠡᠮ ᠵᠶ᠋ᠠᠨ ᠠᠯᠲᠠᠨ ᠴᠤᠬᠢᠯᠠᠵᠤ᠂ ᠳᠤᠷᠠᠯᠠᠯᠳᠤ ᠭᠡᠤᠭᠡᠨ᠎ᠳᠤ᠎ᠪᠠᠨ ᠨᠢᠭᠤᠴᠠᠬᠠᠨ ᠵᠠᠬᠢᠳᠠᠯ ᠪᠢᠴᠢᠵᠦ᠂ ᠪᠢᠴᠢᠭᠰᠡᠨ ᠵᠠᠬᠢᠳᠠᠯ᠎ᠤᠨ ᠬᠠᠭᠤᠳᠠᠰᠤᠨ᠎ᠤ᠎ᠪᠠᠨ ᠬᠤᠭᠤᠰᠤᠨ ᠵᠠᠢ᠎ᠳᠤ ᠤᠳᠤᠨ ᠲᠤᠭᠯᠠᠭᠴᠢ ᠵᠢᠨ ᠭᠤᠶᠤ ᠵᠢᠷᠤᠭ᠎ᠢ ᠨᠠᠭ᠋ᠠᠨ ᠴᠠᠭ᠋ᠠᠨ ᠲᠤᠭᠳᠤᠢ᠎ᠳᠤ ᠲᠤᠭᠳᠤᠢ᠌ᠯᠠᠵᠤ᠂ ᠦᠳᠡ ᠵᠢᠨ ᠴᠢᠯᠦᠭᠡ ᠪᠤᠶᠤ ᠭᠠᠷᠠᠭ᠎ᠤᠨ ᠠᠮᠠᠷᠠᠯᠲᠠ᠎ᠳᠤ᠎ᠪᠠᠨ ᠤᠢ᠌ᠷᠠᠬᠠᠨ ᠪᠠᠢ᠌ᠳᠠᠭ ᠰᠢᠤᠲᠠᠨ ᠳᠤᠪᠴᠢᠶᠠᠨ᠎ᠳᠤ ᠤᠴᠢᠨ ᠵᠠᠬᠢᠳᠠᠯ ᠵᠶ᠋ᠠᠨ ᠰᠡᠮ ᠢᠯᠡᠭᠡᠵᠦ ᠁ ᠬᠤᠷᠤᠭᠤ ᠳᠠᠷᠤᠨ ᠬᠤᠨᠤᠭ ᠲᠤᠭ᠋ᠠᠯᠠᠵᠤ ᠬᠤᠯᠨ ᠵᠢᠨ ᠨᠢᠭᠡᠨ ᠰᠤᠮᠤᠨ ᠲᠦᠪ᠎ᠠᠴᠠ ᠬᠠᠷᠢᠭᠤ ᠵᠠᠬᠢᠳᠠᠯ ᠨᠢᠰᠴᠦ ᠢᠷᠡᠬᠦ ᠵᠢ ᠳᠡᠰᠴᠦ ᠶᠠᠲᠠᠨ ᠬᠦᠯᠢᠶᠡᠵᠦ ᠁ ᠪᠠᠰᠠ ᠳᠤᠷᠠᠯᠠᠯ᠎ᠤᠨ ᠳᠤᠬᠠᠢ ᠰᠢᠬᠢᠷ᠎ᠤᠨ ᠠᠮᠲᠠ᠎ᠲᠠᠢ ᠰᠢᠯᠦᠭ ᠪᠢᠴᠢᠵᠦ᠂ 《ᠰᠢᠷ᠎ᠠ ᠮᠦᠷᠡᠨ》 ᠰᠡᠳᠬᠦᠯ᠎ᠳᠤ ᠨᠡᠢ᠌ᠲᠡᠯᠡᠬᠦᠯᠤᠨ ᠰᠡᠳᠬᠢᠯ ᠵᠶ᠋ᠠᠨ ᠬᠦᠭᠯᠡᠬᠦᠯᠵᠦ ᠁ ᠪᠠᠰᠠ ᠬᠤᠷᠢᠮ᠎ᠤᠨ ᠳᠤᠬᠠᠢ᠂ ᠤᠷᠤᠭ᠎ᠤᠨ ᠳᠤᠬᠠᠢ᠂ ᠬᠤᠵᠢᠮ ᠪᠠᠢ᠌ᠭᠤᠯᠬᠤ ᠭᠡᠷ ᠪᠦᠯᠢ ᠵᠢᠨ ᠵᠶ᠋ᠠᠨ ᠳᠤᠬᠠᠢ᠂ ᠬᠤᠷᠸ᠎ᠠ ᠵᠢᠨ ᠲᠤᠭᠤᠰᠤᠨ᠎ᠳᠤ ᠤᠷᠤᠰᠢᠳᠠᠭ ᠨᠡᠢ᠌ᠭᠡᠮ ᠭᠡᠳᠡᠭ ᠲᠤᠮᠤ ᠲᠤᠭᠳᠠᠯᠴᠠᠭ᠋ᠠᠨ᠎ᠤ ᠳᠤᠬᠠᠢ ᠠᠯᠢ ᠰᠠᠢ᠌ᠬᠠᠨ᠎ᠢ ᠲᠦᠰᠦᠭᠡᠯᠡᠵᠦ  ᠂ ᠪᠠᠰᠠ ᠰᠠᠨᠠᠭ᠎ᠠ ᠤᠨᠤᠭ᠎ᠠ ᠡᠰᠡ ᠨᠡᠢ᠌ᠯᠡᠬᠦ   ᠠᠷᠠᠴᠢᠭ᠎ᠠ ᠦᠭᠡᠢ ᠳᠤᠬᠢᠶᠠᠯᠳᠤᠯ᠎ᠳᠤ ᠬᠠᠶᠨ ᠤᠢ᠌ᠳᠬᠠᠷᠯᠠᠵᠤ᠂ ᠭᠤᠨᠢᠭᠯᠠᠵᠤ ᠶᠠᠪᠤᠭᠰᠠᠨ ᠡ᠃
   《ᠤᠷᠤᠭ ᠭᠡᠷ ᠪᠦᠯᠢ ᠨᠡᠢ᠌ᠭᠡᠮ》 ᠰᠡᠳᠬᠦᠯ᠎ᠢ ᠠᠡᠭᠬ᠎ᠠ ᠭᠠᠷᠲᠠᠨ ᠤᠡᠭᠰᠢᠮᠠᠭᠴᠠ ᠪᠢ ᠲᠠᠭ᠋ᠠᠰᠢᠶᠠᠬᠤ ᠵᠢᠨ ᠶᠡᠭᠡ᠎ᠪᠠᠷ ᠲᠠᠭ᠋ᠠᠰᠢᠶᠠᠵᠤ᠂ ᠲᠠᠯᠲᠠ ᠵᠢᠨ ᠢᠷᠦᠭᠡᠯ᠎ᠲᠠᠢ ᠰᠠᠢ᠌ᠨ ᠨᠠᠢ᠌ᠵᠨ᠎ᠲᠠᠢ᠎ᠪᠠᠨ ᠵᠤᠯᠭ᠋ᠠᠭᠰᠠᠨ ᠰᠢᠭ᠋ ᠲᠤᠭᠳᠤᠯᠬᠤ ᠵᠢᠨ ᠶᠡᠭᠡ᠎ᠪᠠᠷ ᠲᠤᠭᠳᠤᠯᠪᠠ᠃ ᠰᠡᠳᠬᠦᠯ᠎ᠤᠨ ᠬᠠᠪᠢᠰᠤᠨ᠎ᠠᠴᠠ ᠡᠬᠢᠯᠡᠭᠡᠳ ᠡᠯ᠎ᠡ ᠪᠤᠯᠤᠡᠭ᠎ᠤᠨ ᠠᠭᠤᠯᠭ᠎ᠠ᠎ᠨᠢ ᠬᠦᠷᠲᠡᠯ᠎ᠡ ᠨᠢᠭᠡ ᠯᠠ ᠮᠤᠤᠳ᠋ ᠰᠠᠨᠠᠭᠳᠠᠭᠰᠠᠨ᠃ ᠮᠤᠤᠳ᠋ ᠵᠤᠢ᠌ᠯ᠎ᠳᠤ ᠵᠠᠯᠠᠭᠤ ᠬᠦᠮᠦᠨ ᠶᠡᠷᠦ᠎ᠠᠴᠠ ᠳᠤᠷᠠᠲᠠᠢ ᠰᠢᠤ ᠳ᠋ᠠ᠃ 《ᠰᠤᠶᠤᠯ᠎ᠤᠨ ᠳᠠᠬᠢᠯᠭ᠎ᠠ》᠂ 《ᠰᠢᠨ᠎ᠠ ᠠᠮᠢᠳᠤᠷᠠᠯ》᠂ 《ᠤᠷᠤᠭ ᠬᠤᠯᠪᠤᠭ᠎ᠠ》᠂ 《ᠶᠠᠲᠤᠭ᠎ᠠ ᠵᠢᠨ ᠳᠤᠯᠤᠭ᠋ᠠᠨ ᠡᠭᠡᠰᠢᠭ》 ᠬᠡᠬᠦ ᠮᠡᠳᠦ ᠵᠢᠨ ᠪᠤᠯᠤᠡᠭ᠎ᠨᠢ ᠵᠠᠯᠠᠭᠤ ᠤᠯᠤᠰ᠎ᠤᠨ 《ᠵᠠᠪᠠᠯ ᠤᠡᠭᠰᠢᠬᠤ ᠠᠭᠤᠯᠭ᠎ᠠ》 ᠪᠠᠢ᠌ᠭᠰᠠᠨ ᠠᠵᠢ᠃ ᠳᠤᠬᠠᠢ ᠵᠢᠨ ᠦᠶ᠎ᠡ᠎ᠳᠤ 《ᠤᠷᠤᠭ ᠭᠡᠷ ᠪᠦᠯᠢ ᠨᠡᠢ᠌ᠭᠡᠮ》 ᠰᠡᠳᠬᠦᠯ ᠭᠡᠴᠢᠨᠡᠭᠡᠨ ᠤᠡᠭᠰᠢᠭ᠍ᠴᠢ᠎ᠲᠠᠢ ᠪᠠᠢ᠌ᠭᠰᠠᠨ ᠭᠡᠭᠴᠢ ᠵᠢ ᠪᠢ ᠮᠡᠳᠡᠬᠦ ᠦᠭᠡᠢ᠂ ᠭᠡᠪᠡᠴᠦ ᠲᠡᠳᠡᠭᠡᠷ ᠤᠯᠠᠨ ᠤᠡᠭᠰᠢᠭ᠍ᠴᠢ ᠵᠢᠨ ᠬᠢᠨᠢ ᠨᠢᠭᠡ᠎ᠨᠢ ᠪᠢ ᠪᠠᠢ᠌ᠭᠰᠠᠨ᠂ ᠲᠡᠷᠨ ᠮᠦᠷᠲᠡᠭᠡᠨ ᠰᠢᠳᠤᠷᠭᠤ ᠤᠡᠭᠰᠢᠭ᠍ᠴᠢ᠎ᠨᠢ ᠪᠠᠢ᠌ᠭᠰᠠᠨ ᠡ᠃

ᠬᠤᠶᠠᠷ

   1993 ᠤᠨ ᠭᠡᠵᠤ ᠮᠢᠨᠦ ᠬᠤᠪᠢ᠎ᠳᠤ ᠠᠵᠨ ᠵᠢᠨ ᠲᠡᠭᠷᠢ ᠢᠪᠡᠭᠡᠭᠰᠡᠨ ᠤᠨ ᠪᠠᠢ᠌ᠭᠰᠠᠨ ᠳ᠋ᠠ᠃ ᠲᠡᠷᠨ᠎ᠨᠢ ᠳᠠᠬᠢᠶ᠎ᠠ ᠵᠢᠯ᠂ ᠪᠢ ᠬᠤᠷᠢᠨ ᠲᠠᠪᠤᠨ ᠨᠠᠰᠤᠨ᠎ᠤ ᠵᠢᠯ ᠤᠷᠤᠵᠠᠢ᠃ ᠬᠤᠷᠢᠨ ᠲᠠᠪᠤᠨ ᠨᠠᠰᠤᠨ᠎ᠤ ᠮᠠᠨᠢ ᠵᠢᠯ᠎ᠳᠤ ᠬᠦᠮᠦᠨ ᠵᠠᠶᠠᠭ᠎ᠠ ᠨᠠᠳᠠ᠎ᠳᠤ ᠬᠦᠭᠡ ᠲᠤᠯᠪᠤ᠎ᠲᠠᠢ ᠬᠦᠦ 《ᠪᠡᠯᠡᠭᠯᠡᠵᠦ》 — ᠪᠢ ᠠᠪᠤ ᠵᠢᠨ ᠬᠦᠦ ᠪᠠᠢ᠌ᠭᠰᠠᠨ᠎ᠠᠴᠠ᠎ᠪᠠᠨ ᠬᠦᠦ ᠵᠢᠨ ᠠᠪᠤ ᠪᠤᠯᠵᠠᠢ᠃ ᠶᠠᠭ᠋ᠠᠬᠢᠭ᠋ᠠᠳ ᠡᠢ᠌ᠮᠦ ᠬᠤᠷᠳᠤᠨ ᠠᠪᠤ ᠰᠠᠭᠤᠴᠢᠬᠠᠪᠠ ᠭᠡᠪᠡᠯ ᠡᠮᠴᠢ ᠵᠢᠨ ᠮᠡᠷᠭᠡᠵᠢᠯ ᠰᠤᠷᠤᠭᠰᠠᠨ᠎ᠤ᠎ᠪᠠᠨ ᠳᠠᠷᠠᠭ᠎ᠠ ᠵᠢᠯ᠎ᠨᠢ᠂ ᠳᠤᠬᠠᠢ᠌ᠯᠠᠪᠠᠯ 1992 ᠤᠨ᠎ᠤ ᠡᠪᠦᠯ ᠪᠢ   ᠬᠠᠷᠢᠯᠴᠠᠨ ᠨᠢᠭᠡ ᠨᠢᠭᠡᠨ᠎ᠳᠤ᠎ᠪᠠᠨ ᠵᠠᠬᠢᠳᠠᠯ ᠨᠢᠰᠭᠡᠳᠡᠭ ᠪᠠᠢ᠌ᠭᠰᠠᠨ ᠭᠡᠤᠭᠡᠨ᠎ᠲᠠᠢ᠎ᠪᠠᠨ 《ᠲᠤᠭᠤᠨᠤ᠎ᠲᠠᠢ ᠭᠡᠷ᠎ᠲᠤ ᠲᠤᠯᠤᠭ᠋ᠠᠢ ᠬᠤᠯᠪᠤᠵᠤ᠂ ᠲᠤᠭᠤᠭ᠎ᠠ᠎ᠲᠠᠢ ᠱᠦᠯᠦᠨ᠎ᠳᠤ ᠬᠤᠰᠢᠭᠤ ᠬᠤᠯᠪᠤᠴᠢᠬᠠᠭᠰᠠᠨ》 ᠪᠠᠢ᠌ᠭ᠎ᠠ ᠶᠤᠮ᠃
   1993 ᠤᠨ᠎ᠳᠤ ᠪᠢ ᠮᠦᠨ 《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ ᠡᠡᠭ᠎ᠤᠨ ᠤᠡᠭᠰᠢᠭ᠍ᠴᠢ ᠪᠠᠢ᠌ᠭᠰᠠᠨ᠎ᠠᠴᠠ᠎ᠪᠠᠨ ᠲᠠᠪᠰᠢᠭ᠋ᠠᠳ ᠰᠠᠢ᠌ᠨ ᠳᠤᠷ᠎ᠠ ᠵᠢᠨ ᠰᠡᠳᠬᠦᠯ ᠲᠠᠷᠬᠠᠭ᠋ᠠᠭᠴᠢ ᠪᠤᠯᠵᠠᠢ᠃ ᠳᠤᠬᠠᠢ ᠵᠢᠨ ᠦᠶ᠎ᠡ᠎ᠳᠤ ᠲᠤᠰ ᠰᠡᠳᠬᠦᠯ᠎ᠢ ᠨᠠᠢ᠌ᠷᠠᠭᠤᠯᠬᠤ ᠭᠡᠯᠲᠡᠰ᠎ᠠᠴᠠ᠎ᠨᠢ ᠰᠢᠭᠤᠳ ᠲᠠᠷᠬᠠᠭ᠋ᠠᠳᠠᠭ ᠪᠠᠢ᠌ᠭᠰᠠᠨ᠂ ᠭᠡᠬᠦ᠎ᠳᠤ᠎ᠪᠠᠨ ᠵᠠᠷ ᠲᠠᠷᠬᠠᠭ᠋ᠠᠨ ᠨᠡᠢ᠌ᠭᠡᠮ᠎ᠤᠨ ᠡᠯ᠎ᠡ ᠡᠲᠡᠭᠡᠳ᠎ᠤᠨ᠎ᠬᠢᠨ᠎ᠠᠴᠠ ᠰᠠᠢ᠌ᠨ ᠳᠤᠷ᠎ᠠ ᠵᠢᠨ ᠲᠠᠷᠬᠠᠭ᠋ᠠᠭᠴᠢ ᠡᠯᠰᠡᠪᠡ᠃ ᠲᠡᠭᠡᠭᠡᠳ ᠯᠠ ᠪᠢ ᠴᠢᠨᠠᠷᠯᠢᠭ ᠰᠠᠢ᠌ᠬᠠᠨ ᠰᠡᠳᠬᠦᠯ᠎ᠢ ᠴᠢᠨᠠᠭᠰᠢ ᠤᠯᠠᠨ ᠬᠦᠮᠦᠨ᠎ᠳᠤ ᠲᠠᠨᠢᠯᠴᠠᠭᠤᠯᠤᠨ ᠤᠡᠭᠰᠢᠭᠤᠯᠬᠤ ᠭᠡᠵᠤ ᠴᠢᠷᠮᠠᠢ᠌ᠵᠦ ᠶᠠᠪᠤᠭᠰᠠᠨ ᠬᠦᠮᠦᠨ᠎ᠤ ᠨᠢᠭᠡᠨ ᠪᠤᠯᠵᠠᠢ᠃ ᠬᠦᠳᠡᠭᠡ ᠵᠢᠨ ᠪᠤᠯᠤᠡᠭ᠎ᠳᠤ ᠤᠷᠤᠡᠭᠨᠠᠨ ᠬᠦᠡᠳᠦ ᠪᠤᠷᠤ ᠠᠵᠢᠯ᠎ᠳᠤ ᠪᠡᠶ᠎ᠡ᠎ᠪᠠᠨ ᠲᠠᠰᠬᠠᠵᠤ ᠡᠬᠢᠯᠡᠭᠰᠡᠨ ᠡᠭᠡᠯ ᠨᠢᠭᠡᠨ ᠲᠠᠷᠢᠶᠠᠴᠢᠨ ᠵᠠᠯᠠᠭᠤ ᠤᠷᠤᠨ᠎ᠤ ᠲᠤᠮᠤᠬᠠᠨ ᠰᠡᠳᠬᠦᠯ᠎ᠤᠨ ᠲᠠᠷᠬᠠᠭ᠋ᠠᠭᠴᠢ ᠪᠤᠯᠤᠨ᠎ᠠ ᠭᠡᠭᠴᠢ ᠠᠮᠠᠷ ᠤᠤ ᠳ᠋ᠠ᠃ ᠲᠡᠷᠭᠡᠳᠡᠬᠦᠷ᠎ᠨᠢ ᠲᠡᠪᠲᠡᠷ ᠨᠤᠮ ᠲᠡᠪᠡᠷᠢᠵᠦ ᠬᠦᠶᠦᠬᠦ ᠵᠢ ᠦᠵᠡᠮᠡᠭᠴᠡ 《ᠲᠡᠨᠡᠭ ᠠᠮᠢᠲᠠᠨ᠂ ᠪᠢᠴᠢᠭ᠎ᠤᠨ ᠮᠠᠡᠭᠬᠤᠤ》 ᠭᠡᠬᠦᠴᠢᠯᠡᠨ ᠠᠷᠤ᠎ᠠᠴᠠ᠎ᠨᠢ ᠮᠠᠭᠤᠴᠢᠯᠠᠳᠠᠭ ᠲᠡᠷᠡ ᠬᠦ᠌ ᠤᠷᠴᠢᠨ᠎ᠳᠤ ᠤᠪᠤᠭ᠎ᠠ ᠰᠤᠶᠤᠯ᠎ᠲᠠᠢ᠂ ᠤᠪᠤᠭ᠎ᠠ ᠤᠬᠠᠮᠰᠠᠷ᠎ᠲᠠᠢ᠂ ᠤᠪᠤᠭ᠎ᠠ ᠰᠡᠭᠡᠭᠡ᠎ᠲᠠᠢ ᠨᠢᠭᠡᠨ ᠯᠠ ᠲᠡᠢ᠌ᠮᠦᠷᠬᠦᠦ ᠨᠤᠮ᠎ᠤᠨ ᠪᠤᠶᠠᠡᠳᠤ ᠦᠢ᠍ᠯᠨ ᠵᠢ ᠰᠠᠢ᠌ᠨ ᠳᠤᠷ᠎ᠠ᠎ᠠᠴᠠ᠎ᠪᠠᠨ ᠡᠬᠦᠷᠭᠡᠯᠡᠨ ᠠᠪᠴᠤ ᠬᠦᠢ᠍ᠴᠡᠳᠭᠡᠳᠡᠭ ᠪᠠᠢ᠌ᠭᠰᠠᠨ  ᠃ ᠴᠡᠭᠡᠵᠢᠯᠡᠵᠦ ᠪᠠᠢ᠌ᠬᠤ᠎ᠪᠠᠷ ᠳᠤᠬᠠᠢ ᠵᠢᠨ ᠵᠢᠯ᠎ᠳᠤ ᠬᠤᠭᠤᠴᠠᠭ᠎ᠠ ᠪᠦᠷᠢ ᠵᠢ ᠠᠷᠪᠠᠨ ᠬᠤᠪᠢ ᠵᠠᠬᠢᠶᠠᠯᠠᠨ ᠲᠠᠷᠬᠠᠭ᠋ᠠᠭᠰᠠᠨ᠃ ᠴᠢᠮᠠᠯᠠᠮᠠᠷ ᠯᠠ ᠲᠤᠭ᠎ᠠ ᠪᠠᠢ᠌ᠭ᠎ᠠ ᠪᠢᠵᠨ᠃ ᠭᠡᠪᠡᠴᠦ 《ᠳᠠᠯᠠᠢ᠎ᠳᠤ ᠲᠤᠰᠤᠯ ᠨᠡᠮᠡᠷᠢ》 ᠭᠡᠳᠡᠭ᠎ᠢ ᠮᠠᠷᠲᠠᠵᠤ ᠪᠤᠯᠬᠤ ᠦᠭᠡᠢ᠃ ᠳᠤᠬᠠᠢ ᠵᠢᠨ ᠦᠶ᠎ᠡ᠎ᠳᠤ ᠪᠢ ᠲᠦᠯᠡᠭᠡᠡᠲᠡᠯ᠎ᠡ ᠬᠡᠮᠡᠬᠦ ᠰᠤᠮᠤᠨ᠎ᠤ ᠲᠦᠪ᠎ᠲᠤ ᠠᠮᠢᠳᠤᠷᠠᠵᠤ ᠪᠠᠢ᠌ᠭᠰᠠᠨ᠃ ᠰᠤᠮᠤᠨ᠎ᠤ ᠲᠦᠪ ᠭᠡᠳᠡᠭ ᠴᠤ᠌ ᠰᠤᠶᠤᠯ᠎ᠲᠠᠢ ᠠᠭ᠋ᠠᠳ ᠨᠤᠮ ᠰᠡᠳᠬᠦᠯ᠎ᠳᠤ ᠰᠤᠨᠢᠷᠬᠠᠯᠲᠠᠢ ᠬᠦᠮᠦᠨ᠎ᠨᠢ ᠡᠳᠦᠷ᠎ᠤᠨ ᠤᠳᠤ ᠰᠢᠭ᠋ ᠴᠦᠭᠡᠨ ᠪᠠᠢ᠌ᠭᠰᠠᠨ ᠪᠤᠯᠬᠤᠷ ᠠᠷᠪᠠᠨ ᠬᠤᠪᠢ ᠰᠡᠳᠬᠦᠯ ᠲᠠᠷᠬᠠᠭ᠋ᠠᠬᠤ᠎ᠨᠢ ᠠᠳᠠᠪᠠᠰᠢ ᠪᠡᠷᠭᠡ ᠤᠴᠢᠷ ᠪᠤᠯᠵᠤ ᠨᠠᠮᠠᠢ᠍ᠢ ᠲᠦᠪᠡᠭᠳᠡᠬᠦᠯᠪᠡ᠃ ᠶᠠᠭᠤᠲᠠᠢ ᠴᠤ᠌ ᠭᠠᠭᠴᠠ ᠬᠤᠶᠠᠷ ᠬᠦᠮᠦᠨ᠎ᠠᠴᠠ᠎ᠨᠢ ᠮᠦᠡᠭᠭᠦ ᠵᠢ᠎ᠨᠢ ᠤᠯᠵᠤ᠂ ᠦᠯᠡᠳᠡᠭᠰᠡᠨ ᠳᠤᠯᠤᠭ᠎ᠠ ᠨᠠᠢ᠍ᠮᠠᠨ ᠬᠤᠪᠢ ᠵᠢ᠎ᠨᠢ ᠪᠤᠰᠤᠳ᠎ᠲᠤ 《ᠵᠦᠭᠡᠷ》 ᠦᠭᠭᠦᠭᠡᠳ᠂ ᠦᠪᠡᠷ᠎ᠤᠨ ᠮᠦᠡᠭᠬᠦ᠎ᠪᠠᠷ ᠵᠶ᠋ᠠᠨ 《ᠦᠷᠢ》᠎ᠪᠠᠨ ᠲᠦᠯᠦᠭᠡᠳ ᠲᠠᠷᠬᠠᠭ᠋ᠠᠭᠴᠢ ᠵᠢᠨ ᠡᠬᠦᠷᠭᠡ᠎ᠪᠠᠨ 《ᠠᠮᠵᠢᠯᠲᠠ᠎ᠲᠠᠢ》 ᠬᠦᠢ᠍ᠴᠡᠳᠭᠡᠵᠦ ᠶᠠᠪᠤᠭᠰᠠᠨ᠃ ᠲᠡᠷᠨ ᠮᠦᠷᠲᠡᠭᠡᠨ ᠬᠤᠢ᠌ᠳᠤᠨ ᠵᠢᠯ᠎ᠨᠢ ᠪᠢ ᠮᠦᠨ ᠲᠠᠷᠬᠠᠭ᠋ᠠᠴᠢ ᠵᠢᠨ ᠡᠬᠦᠷᠭᠡ ᠬᠦᠯᠢᠶᠡᠨ ᠠᠪᠤᠭᠰᠠᠨ᠂ 《ᠳᠤᠷ᠎ᠠ᠎ᠳᠤ ᠰᠢᠷ᠎ᠠ ᠦᠭᠡᠢ》 ᠶᠤᠮ ᠬᠤᠢ᠌ᠨ᠎ᠠ ᠳ᠋ᠠ᠃
    《ᠪᠠᠶᠠᠷ ᠳᠡᠭᠡᠷ᠎ᠡ ᠪᠠᠶᠠᠷ᠂ ᠪᠠᠮᠪᠠᠷ ᠳᠡᠭᠡᠷ᠎ᠡ ᠰᠢᠬᠦᠷ》 ᠭᠡᠭᠴᠢ᠎ᠪᠠᠷ 《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ ᠬᠠᠭᠤᠳᠠᠰᠤᠨ᠎ᠳᠤ ᠨᠡᠷ᠎ᠡ᠎ᠪᠠᠨ ᠠᠡᠭᠬ᠎ᠠ ᠬᠠᠲᠠᠭᠤᠯᠤᠭᠰᠠᠨ ᠮᠠᠨᠢ ᠴᠤ᠌ 1993 ᠤᠨ᠎ᠤ ᠤᠴᠢᠷ ᠪᠠᠢ᠌ᠵᠠᠢ᠃ ᠳᠤᠬᠠᠢ ᠵᠢᠨ ᠵᠢᠯ 《ᠤᠷᠤᠭ ᠭᠡᠷ ᠪᠦᠯᠢ ᠨᠡᠢ᠌ᠭᠡᠮ》 ᠮᠠᠨᠢ ᠤᠯᠠᠷᠢᠯ᠎ᠤᠨ ᠰᠡᠳᠬᠦᠯ ᠪᠠᠢ᠌ᠭᠰᠠᠨ᠃ ᠨᠠᠮᠤᠷ᠎ᠤᠨ ᠳ᠋ᠤᠭ᠋ᠠᠷ᠎ᠤᠨ 《ᠶᠠᠳᠤᠭ᠎ᠠ ᠵᠢᠨ ᠳᠤᠯᠤᠭ᠋ᠠᠨ ᠡᠭᠡᠰᠢᠭ》 ᠬᠡᠮᠡᠬᠦ ᠰᠢᠯᠦᠭ᠎ᠤᠨ ᠪᠤᠯᠤᠡᠭ᠎ᠳᠤ᠎ᠨᠢ 《ᠬᠠᠢ᠌ᠷᠠᠯᠠᠯ᠎ᠠ》 ᠭᠡᠳᠡᠭ ᠢᠨᠠᠭ᠎ᠤᠨ ᠰᠢᠯᠦᠭ ᠮᠠᠨᠢ ᠨᠡᠢ᠌ᠲᠡᠯᠡᠭᠳᠡᠪᠡ᠃ 《ᠠᠯᠤᠰ ᠲᠡᠭᠷᠢ ᠵᠢᠨ ᠤᠳᠤᠨ᠎ᠢ ᠳᠠᠭᠤᠷᠢᠶᠠᠵᠤ / ᠲᠤᠷᠮᠤᠭᠤᠷ ᠲᠦᠷᠦᠭᠰᠡᠨ ᠨᠢᠳᠦ ᠵᠢ ᠴᠢᠨᠢ ᠬᠠᠢ᠌ᠷᠠᠯᠠᠯ᠎ᠠ / ᠠᠳᠤᠭᠤᠨ ᠬᠤᠳᠳᠤᠭ᠎ᠤᠨ ᠤᠰᠤ ᠵᠢ ᠳᠠᠭᠤᠷᠢᠶᠠᠵᠤ / ᠲᠤᠡᠭᠭ᠋ᠠᠯᠠᠭ ᠲᠦᠷᠦᠭᠰᠡᠨ ᠤᠬᠠᠭ᠋ᠠᠨ᠎ᠢ ᠴᠢᠨᠢ ᠬᠠᠢ᠌ᠷᠠᠯᠠᠯ᠎ᠠ ᠁》 ᠭᠡᠬᠦᠴᠢᠯᠡᠨ ᠪᠢᠴᠢᠭᠰᠡᠨ ᠠᠷᠪᠠᠨ ᠬᠤᠶᠠᠷᠬᠠᠨ ᠱᠠᠳ ᠰᠢᠯᠦᠭ ᠯᠠ ᠶᠤᠮ ᠳ᠋ᠠ᠃ ᠳᠤᠬᠠᠢ ᠵᠢᠨ ᠦᠶ᠎ᠡ᠎ᠳᠤ ᠶᠠᠮᠠᠷ ᠨᠢᠭᠡᠨ ᠰᠡᠳᠬᠦᠯ ᠳᠡᠭᠡᠷ᠎ᠡ ᠪᠦᠲᠦᠭᠡᠯ ᠵᠶ᠋ᠠᠨ ᠨᠡᠢ᠌ᠲᠡᠯᠡᠬᠦᠯᠪᠡᠯ ᠤᠳᠤᠬᠠᠨ᠎ᠤ ᠰᠢᠨᠡᠭᠡᠨ ᠬᠡᠪᠯᠡᠬᠦᠯᠦᠭᠰᠡᠨ ᠨᠤᠮ ᠵᠶ᠋ᠠᠨ ᠭᠠᠷᠲᠠᠭᠰᠠᠨ᠎ᠠᠴᠠ ᠪᠦᠷ ᠢᠯᠡᠬᠦᠦ ᠪᠠᠶᠠᠷᠯᠠᠳᠠᠭ ᠪᠠᠢ᠌ᠭᠰᠠᠨ ᠪᠢᠯᠨ᠃ ᠶᠠᠭᠤᠲᠠᠢ ᠴᠤ᠌ ᠪᠦᠲᠦᠭᠡᠯ ᠵᠶ᠋ᠠᠨ ᠨᠡᠢ᠌ᠲᠡᠯᠡᠬᠦᠯᠦᠭᠰᠡᠨ ᠭᠡᠭᠴᠢ᠎ᠨᠢ ᠲᠤᠰ ᠰᠡᠳᠬᠦᠯ᠎ᠤᠨ ᠵᠤᠬᠢᠶᠠᠭᠴᠢ ᠵᠢᠨ ᠨᠢᠭᠡ ᠪᠤᠯᠪᠠ ᠭᠡᠰᠡᠨ ᠦᠭᠡ ᠡ᠃ 《ᠤᠷᠤᠭ ᠭᠡᠷ ᠪᠦᠯᠢ ᠨᠡᠢ᠌ᠭᠡᠮ》 ᠰᠡᠳᠬᠦᠯ᠎ᠢ ᠬᠤᠭᠤᠴᠠᠭ᠎ᠠ ᠠᠯᠳᠠᠯ ᠦᠭᠡᠢ ᠤᠡᠭᠰᠢᠬᠤ᠎ᠨᠢ ᠬᠦᠳᠡᠭᠡ ᠵᠢᠨ ᠱᠠᠯᠲᠠᠷ ᠪᠤᠯᠲᠠᠷ ᠤᠷᠴᠢᠨ᠎ᠳᠤ ᠰᠢᠨ᠎ᠡ   ᠭᠡᠷ ᠪᠦᠯᠢ ᠪᠠᠢ᠌ᠭᠤᠯᠤᠨ᠂ ᠰᠢᠪᠠᠷ ᠰᠢᠷᠤᠢ᠎ᠲᠠᠢ ᠵᠠᠭᠤᠷᠠᠯᠳᠤᠵᠤ᠂ ᠲᠠᠷᠢᠶ᠎ᠠ ᠮᠤᠳᠤ᠎ᠲᠠᠢ ᠠᠪᠤᠯᠴᠠᠨ᠂ ᠠᠮᠢᠳᠤᠷᠠᠯ ᠭᠡᠭᠴᠢ ᠪᠤᠳᠤᠯᠢᠶᠠᠨ᠎ᠲᠠᠢ ᠵᠦᠢ᠍ᠯ᠎ᠢ ᠠᠯᠢ ᠴᠢᠳᠠᠬᠤ᠎ᠪᠠᠷ ᠠᠮᠠᠷᠬᠠᠨ ᠠᠭ᠋ᠠᠳ ᠳᠦᠬᠦᠮᠭᠡᠨ ᠦᠡᠭᠭᠡᠷᠡᠭᠡᠵᠦ ᠶᠠᠪᠤᠭᠰᠠᠨ ᠨᠠᠳᠠ᠎ᠳᠤ ᠠᠳᠠᠪᠠᠰᠢ ᠵᠤᠭ᠎ᠠ ᠴᠡᠡᠭᠭᠡᠯ ᠤᠯᠭᠤᠳᠠᠭ ᠪᠠᠢ᠌ᠭᠰᠠᠨ   ᠪᠣᠯ ᠲᠤᠰ ᠰᠡᠳᠬᠦᠯ᠎ᠳᠤ ᠱᠦᠷᠭᠡᠢ ᠪᠦᠲᠦᠭᠡᠯ ᠵᠶ᠋ᠠᠨ ᠨᠡᠢ᠌ᠲᠡᠯᠡᠬᠦᠯᠦᠭᠰᠡᠨ᠎ᠨᠢ ᠨᠠᠳᠠ᠎ᠳᠤ ᠲᠤᠮᠤᠬᠠᠨ ᠤᠷᠮ᠎ᠠ ᠵᠤᠷᠢᠭ ᠬᠠᠢ᠌ᠷᠠᠯᠠᠭᠰᠠᠨ ᠠᠵᠤ ᠪᠤᠯᠵᠠᠢ᠃

ᠭᠤᠷᠪᠠ

    1994 ᠤᠨ᠎ᠤ ᠳᠦᠷᠪᠡᠳᠦᠭᠡᠷ ᠬᠤᠭᠤᠴᠠᠭ᠋ᠠᠨ᠎ᠤ 《ᠤᠷᠤᠭ ᠭᠡᠷ ᠪᠦᠯᠢ ᠨᠡᠢ᠌ᠭᠡᠮ》 ᠰᠡᠳᠬᠦᠯ᠎ᠳᠤ ᠮᠢᠨᠦ ᠪᠢᠴᠢᠭᠰᠡᠨ 《ᠵᠤᠴᠢᠨ ᠲᠠᠲᠠᠳᠠᠭ ᠭᠡᠤᠭᠡᠡᠴᠤᠳ ᠪᠤᠶᠤ ᠦᠳᠡᠰᠢ ᠵᠢᠨ ᠲᠠᠴᠢᠶᠠᠡᠭᠭᠤᠢ ᠮᠡᠭᠡᠯᠡᠯ》 ᠭᠡᠳᠡᠭ ᠪᠠᠷᠢᠮᠲᠠᠳᠤ ᠵᠤᠬᠢᠶᠠᠯ᠎ᠢ ᠨᠡᠢ᠌ᠲᠡᠯᠡᠪᠡ᠃ ᠡᠨᠡ ᠦᠶ᠎ᠡ᠎ᠳᠤ 《ᠤᠷᠤᠭ ᠭᠡᠷ ᠪᠦᠯᠢ ᠨᠡᠢ᠌ᠭᠡᠮ》 ᠰᠡᠳᠬᠦᠯ ᠮᠦᠨ ᠤᠯᠠᠷᠢᠯ᠎ᠤᠨ ᠰᠡᠳᠬᠦᠯ ᠪᠠᠢ᠌ᠭᠰᠠᠨ ᠲᠤᠯᠨ ᠰᠡᠳᠬᠦᠯ᠎ᠢ ᠲᠤᠰᠬᠤ ᠦᠶ᠎ᠡ᠎ᠳᠤ ᠭᠡᠳᠦᠢ᠌ᠨ ᠡᠪᠦᠯ ᠤᠷᠤᠴᠢᠬᠠᠭᠰᠠᠨ ᠪᠠᠢ᠌ᠭᠰᠠᠨ᠃ ᠵᠢᠯ᠎ᠤᠨ ᠰᠡᠬᠦᠯᠴᠢ᠎ᠪᠠᠷ ᠪᠢ ᠠᠪᠠᠭ᠋ᠠᠢ᠎ᠲᠠᠢ᠎ᠪᠠᠨ ᠬᠠᠮᠳᠤ   ᠲᠡᠨᠲᠡᠷ   ᠮᠡᠨᠲᠡᠷ ᠠᠯᠬᠤᠯᠠᠵᠤ ᠡᠬᠢᠯᠡᠭᠰᠡᠨ ᠬᠤᠶᠠᠷ ᠨᠠᠰᠤᠲᠠᠢ ᠬᠦᠦ᠎ᠪᠠᠨ ᠳᠠᠭ᠋ᠠᠭᠤᠯᠤᠨ ᠠᠪᠤ ᠡᠵᠢ ᠪᠤᠯᠤᠨ ᠳᠡᠬᠦᠦ ᠨᠠᠷ᠎ᠲᠠᠢ᠎ᠪᠠᠨ ᠬᠠᠮᠳᠤ ᠰᠢᠨᠡᠯᠡᠬᠦ᠎ᠪᠠᠷ ᠡᠷᠢᠶᠡᠨ ᠬᠤᠲᠠ᠎ᠳᠤ ᠤᠴᠢᠪᠠ᠃ ᠭᠡᠬᠦ᠎ᠳᠤ᠎ᠪᠠᠨ ᠰᠢᠨᠡᠭᠡᠨ ᠢᠷᠡᠭᠰᠡᠨ 《ᠤᠷᠤᠭ ᠭᠡᠷ ᠪᠦᠯᠢ ᠨᠡᠢ᠌ᠭᠡᠮ》 ᠰᠡᠳᠬᠦᠯ ᠵᠶ᠋ᠠᠨ ᠪᠤᠭᠴᠤᠨ᠎ᠤ᠎ᠪᠠᠨ ᠪᠤᠯᠤᠡᠭ᠎ᠳᠤ ᠬᠠᠪᠴᠢᠭᠤᠯᠤᠨ ᠠᠪᠠᠴᠢᠭᠰᠠᠨ ᠪᠢᠯᠨ᠃ ᠡᠷᠢᠶᠡᠨ ᠬᠤᠲᠠ᠎ᠳᠤ ᠤᠴᠢᠵᠦ ᠰᠢᠨᠡᠯᠡᠭᠰᠡᠨ᠎ᠤ ᠳᠠᠷᠠᠭ᠎ᠠ᠂ ᠳᠤᠬᠠᠢ᠌ᠯᠠᠪᠠᠯ ᠴᠠᠭ᠋ᠠᠨ ᠰᠠᠷ᠎ᠠ ᠦᠡᠭᠭᠡᠷᠡᠭᠰᠡᠨ᠎ᠤ ᠳᠠᠷᠠᠭ᠎ᠠ ᠪᠢ ᠡᠷᠢᠶᠡᠨ ᠬᠤᠲᠠ ᠵᠢᠨ ᠡᠮᠦᠨ᠎ᠡ ᠵᠠᠬ᠎ᠠ ᠳᠡᠭᠡᠷ᠎ᠡ ᠭᠡᠰᠦᠵᠦ ᠪᠠᠢ᠌ᠭ᠋ᠠᠳ ᠮᠤᠡᠭᠭᠤᠯ ᠤᠯᠤᠰ᠎ᠤᠨ ᠨᠢᠭᠡᠨ ᠰᠡᠳᠬᠦᠯᠴᠢ᠎ᠲᠠᠢ ᠲᠠᠨᠢᠯᠴᠠᠵᠠᠢ᠃ ᠶᠠᠭᠤᠮ᠎ᠠ ᠪᠢᠴᠢᠳᠡᠭ᠎ᠢ ᠮᠠᠨᠢ ᠮᠡᠳᠡᠭᠡᠳ 《ᠶᠠᠭᠤ ᠪᠢᠴᠢᠳᠡᠭ ᠪᠤᠢ᠂ ᠬᠠᠷᠠᠶ᠎ᠠ》 ᠭᠡᠯ᠎ᠡ᠃ ᠪᠢ ᠠᠪᠤ ᠡᠵᠢ ᠵᠢᠨ ᠭᠡᠷ᠎ᠲᠤ ᠬᠦᠶᠦᠨ ᠤᠴᠢᠭ᠋ᠠᠳ 《ᠤᠷᠤᠭ ᠭᠡᠷ ᠪᠦᠯᠢ ᠨᠡᠢ᠌ᠭᠡᠮ》 ᠰᠡᠳᠬᠦᠯ ᠵᠶ᠋ᠠᠨ ᠠᠪᠴᠢᠷᠠᠵᠤ ᠦᠭᠪᠡ᠃ ᠰᠢᠯᠦᠭ ᠦᠬᠦᠯᠡᠯᠭᠡ ᠨᠡᠢ᠌ᠲᠡᠯᠡᠬᠦᠯᠦᠭᠰᠡᠨ ᠤᠡᠳᠤᠤ ᠰᠡᠳᠬᠦᠯ ᠵᠶ᠋ᠠᠨ ᠠᠪᠴᠢᠷᠠᠭ᠎ᠠ ᠦᠭᠡᠢ ᠪᠠᠢ᠌ᠭᠰᠠᠨ᠎ᠨᠢ ᠬᠠᠷᠠᠮᠰᠠᠯᠲᠠᠢ᠃ ᠰᠡᠳᠬᠦᠯᠴᠢ ᠭᠤᠸᠠᠢ ᠵᠤᠬᠢᠶᠠᠯ᠎ᠢ ᠮᠠᠨᠢ ᠪᠠᠬᠠᠨ ᠤᠡᠭᠰᠢᠭ᠋ᠠᠳ᠄ 《ᠪᠢ ᠡᠨᠡ ᠵᠤᠬᠢᠶᠠᠯ᠎ᠢ ᠲᠠᠨᠢ ᠮᠤᠡᠭᠭᠤᠯ ᠤᠯᠤᠰ᠎ᠤᠨ ᠬᠠᠮᠢᠶ᠎ᠠ ᠪᠦᠬᠦᠢ ᠰᠤᠨᠢᠨ᠎ᠳᠤ ᠨᠡᠢ᠌ᠲᠡᠯᠡᠬᠦᠯᠵᠦ ᠦᠭᠭᠦᠶ᠎ᠡ᠂ ᠪᠤᠯᠬᠤ ᠤᠤ?》 ᠭᠡᠵᠡᠢ᠃ ᠲᠡᠭᠡᠭᠡᠳ ᠯᠠ ᠲᠡᠷᠨ ᠵᠢᠯ ᠮᠢᠨᠦ ᠪᠢᠴᠢᠭᠰᠡᠨ ᠵᠤᠬᠢᠶᠠᠯ ᠲᠤᠪᠴᠢ ᠲᠠᠨᠢᠯᠴᠠᠭᠤᠯᠭ᠎ᠠ᠎ᠲᠠᠢ ᠮᠠᠨᠢ ᠬᠠᠮᠳᠤ ᠠᠡᠭᠬ᠎ᠠ ᠤᠳᠠᠭ᠎ᠠ ᠮᠤᠡᠭᠭᠤᠯ ᠤᠯᠤᠰ᠎ᠤᠨ ᠰᠤᠨᠢᠨ᠎ᠳᠤ ᠺᠢᠷᠢᠯ ᠦᠰᠦᠭ ᠵᠶ᠋ᠠᠷ ᠨᠡᠢ᠌ᠲᠡᠯᠡᠭᠳᠡᠭᠰᠡᠨ ᠪᠢᠯᠨ᠃ ᠨᠦᠬᠦᠭᠡ ᠰᠡᠳᠬᠦᠯᠴᠢ ᠭᠤᠸᠠᠢ ᠰᠡᠬᠦᠯᠡᠷ᠎ᠨᠢ ᠡᠷᠢᠶᠡᠨ᠎ᠳᠤ ᠢᠷᠡᠬᠦ᠎ᠳᠤ᠎ᠪᠠᠨ ᠨᠠᠳᠠ᠎ᠳᠤ ᠲᠤᠰᠬᠠᠢ᠌ᠯᠠᠨ ᠰᠤᠨᠢᠨ ᠵᠶ᠋ᠠᠨ ᠠᠪᠴᠢᠷᠠᠵᠤ ᠦᠭᠭᠦᠭᠰᠡᠨ᠎ᠨᠢ   ᠨᠠᠮ᠎ᠠ ᠵᠢ ᠮᠠᠰᠢ ᠶᠡᠭᠡ ᠪᠠᠶᠠᠷᠯᠠᠭᠤᠯᠤᠭᠰᠠᠨ ᠳ᠋ᠠ᠃
   1995 ᠤᠨ᠎ᠤ 7 ᠳ᠋ᠤᠭ᠋ᠠᠷ ᠰᠠᠷ᠎ᠠ᠎ᠳᠤ ᠪᠢ ᠠᠪᠠᠭ᠋ᠠᠢ ᠬᠦᠦ᠎ᠪᠠᠨ ᠳᠠᠭ᠋ᠠᠭᠤᠯᠤᠨ ᠡᠷᠢᠶᠡᠨ᠎ᠠᠴᠠ ᠨᠤᠲᠤᠭ᠎ᠲᠤ᠎ᠪᠠᠨ ᠪᠤᠴᠠᠬᠤ᠎ᠪᠠᠷ ᠪᠤᠯᠪᠠ᠃ ᠭᠡᠳᠦᠨ ᠰᠠᠷ᠎ᠠ ᠵᠠᠪᠰᠠᠷ᠎ᠤᠨ ᠮᠠᠢ᠌ᠮᠠᠢ᠌ᠴᠢ ᠶᠠᠪᠤᠭ᠋ᠠᠳ ᠭᠡᠳᠦᠨ ᠮᠦᠡᠭᠭᠦ᠎ᠲᠠᠢ ᠪᠤᠯᠴᠢᠬᠠᠭᠰᠠᠨ ᠪᠤᠯᠬᠤᠷ ᠠᠯᠢ ᠭᠡᠳᠦᠢ᠌ᠨ᠎ᠠᠴᠠ ᠴᠡᠭᠡᠵᠢᠨ᠎ᠳᠤ ᠮᠠᠨᠢ ᠰᠡᠮ ᠬᠦᠪᠦᠷᠡᠭᠡᠳ ᠪᠠᠢ᠌ᠭᠰᠠᠨ ᠮᠦᠷᠦᠭᠡᠳᠦᠯ ᠵᠶ᠋ᠠᠨ ᠪᠡᠶᠡᠯᠡᠬᠦᠯᠬᠦ᠎ᠪᠠᠷ ᠰᠢᠢ᠍ᠳᠴᠠᠢ᠃ ᠮᠦᠡᠭᠭᠦ ᠲᠦᠬᠦᠷᠢᠭ ᠬᠦᠷᠦᠯᠴᠡᠬᠦ ᠦᠭᠡᠢ ᠪᠠᠢ᠌ᠪᠠᠯ ᠤᠯᠠᠡᠭᠬᠢ ᠬᠦᠰᠡᠯ ᠬᠦᠭᠡᠰᠦ ᠲᠡᠳᠦᠢ᠂ ᠤᠯᠠᠡᠭᠬᠢ ᠮᠦᠷᠦᠭᠡᠳᠦᠯ ᠵᠡᠬᠦᠳᠦ ᠲᠡᠳᠦᠢ ᠪᠤᠯᠴᠢᠬᠠᠳᠠᠭ᠃ ᠲᠡᠢ᠌ᠮᠦ᠎ᠠᠴᠠ ᠭᠡᠳᠦᠨ ᠮᠦᠡᠭᠭᠦᠨ᠎ᠤ᠎ᠪᠠᠨ ᠬᠡᠮᠵᠢᠶᠡᠨ᠎ᠳᠤ ᠮᠦᠷᠦᠭᠡᠳᠦᠯ ᠵᠶ᠋ᠠᠨ ᠪᠡᠶᠡᠯᠡᠬᠦᠯᠬᠦ ᠵᠢ ᠪᠤᠲᠤᠭᠰᠠᠨ ᠮᠠᠨᠢ ᠰᠠᠨᠠᠭ᠎ᠠ ᠤᠨᠤᠭ᠎ᠠ᠎ᠪᠠᠨ ᠲᠠᠭ᠋ᠠᠷᠠᠭᠤᠯᠤᠭᠰᠠᠨ ᠠᠵᠤ ᠪᠤᠯᠵᠠᠢ᠃ ᠶᠠᠮᠠᠷ ᠮᠦᠷᠦᠭᠡᠳᠦᠯ ᠪᠤᠢ ᠭᠡᠪᠡᠯ ᠨᠤᠲᠤᠭ ᠪᠤᠴᠠᠬᠤ᠎ᠳᠤ᠎ᠪᠠᠨ ᠬᠦᠬᠡᠬᠤᠲᠠ᠎ᠪᠠᠷ ᠲᠠᠭ᠋ᠠᠷᠢᠵᠦ ᠭᠠᠷᠬᠤ ᠶᠠᠪᠤᠳᠠᠯ ᠪᠤᠯᠤᠨ᠎ᠠ᠃ ᠦᠨᠡᠨ᠎ᠳᠤ᠎ᠪᠠᠨ ᠲᠠᠭ᠋ᠠᠷᠢᠵᠦ ᠭᠠᠷᠬᠤ ᠪᠢᠰᠢ᠂ ᠪᠦᠷ ᠲᠤᠭᠤᠷᠢᠭᠤ ᠵᠠᠮ ᠶᠠᠪᠤᠵᠤ᠂ ᠪᠦᠷ ᠢᠯᠡᠬᠦᠦ ᠮᠦᠡᠭᠭᠦ ᠲᠦᠬᠦᠷᠢᠭ ᠦᠷᠡᠨ ᠬᠦᠬᠡᠬᠤᠲᠠ᠎ᠳᠤ ᠤᠴᠢᠨ ᠵᠤᠯᠭ᠋ᠠᠬᠤ ᠭᠡᠰᠡᠨ ᠬᠦᠮᠦᠨ᠎ᠲᠠᠢ ᠵᠤᠯᠭ᠋ᠠᠨ᠂ ᠲᠤᠭᠤᠷᠢᠬᠤ ᠭᠡᠰᠡᠨ ᠭᠠᠵᠠᠷ᠎ᠲᠤ᠎ᠪᠠᠨ ᠲᠤᠭᠤᠷᠢᠬᠤ ᠶᠠᠪᠤᠳᠠᠯ ᠪᠠᠢ᠌ᠭᠰᠠᠨ᠃ ᠲᠡᠭᠡᠪᠡᠯ᠂ ᠬᠦᠭᠡᠬᠤᠲᠠ᠎ᠳᠤ ᠤᠴᠢᠭ᠋ᠠᠳ ᠭᠡᠨ᠎ᠲᠠᠢ ᠵᠤᠯᠭ᠋ᠠᠬᠤ ᠭᠡᠰᠡᠨ ᠶᠤᠮ ᠪᠤᠢ᠂ ᠬᠠᠮᠢᠭ᠋ᠠᠭᠤᠷ᠎ᠨᠢ ᠲᠤᠭᠤᠷᠢᠬᠤ ᠭᠡᠰᠡᠨ ᠶᠤᠮ ᠪᠤᠢ   ᠭᠡᠪᠡᠯ 《ᠤᠷᠤᠭ ᠭᠡᠷ ᠪᠦᠯᠢ ᠨᠡᠢ᠌ᠭᠡᠮ》 ᠰᠡᠳᠬᠦᠯ ᠪᠤᠯᠤᠨ 《ᠦᠨᠢᠷ ᠴᠡᠴᠡᠭ》 ᠰᠡᠳᠬᠦᠯ᠎ᠤᠨ ᠨᠠᠢ᠌ᠷᠠᠭᠤᠯᠤᠭᠴᠢ᠎ᠲᠠᠢ ᠵᠤᠯᠭ᠋ᠠᠬᠤ ᠭᠡᠰᠡᠨ᠃ ᠤᠡᠴᠠᠭ᠋ᠠᠢ᠌ᠯᠠᠨ 《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ ᠨᠠᠢ᠌ᠷᠠᠭᠤᠯᠤᠭᠴᠢ᠎ᠲᠠᠢ ᠵᠤᠯᠭ᠋ᠠᠵᠤ 1994 ᠤᠨ᠎ᠳᠤ ᠲᠠᠷᠬᠠᠭ᠋ᠠᠵᠤ ᠦᠭᠭᠦᠭᠰᠡᠨ ᠰᠡᠳᠬᠦᠯ᠎ᠤᠨ ᠵᠶ᠋ᠠᠨ ᠮᠦᠡᠭᠭᠦ ᠵᠢ ᠲᠤᠰᠢᠶᠠᠨ ᠲᠠᠡᠭᠰᠠ ᠴᠠᠢ᠌ᠷᠠᠭᠤᠯᠬᠤ ᠭᠡᠰᠡᠨ᠃ ᠶᠡᠷᠦ᠎ᠨᠢ ᠳᠤᠬᠠᠢ ᠵᠢᠨ ᠦᠶ᠎ᠡ᠎ᠳᠤ ᠨᠠᠳᠠ ᠰᠢᠭ᠋ ᠨᠤᠮ ᠰᠡᠳᠬᠦᠯ᠎ᠳᠤ ᠬᠤᠷᠤᠬᠠᠢ᠎ᠲᠠᠢ ᠤᠡᠭᠰᠢᠭ᠍ᠴᠢ ᠪᠤᠶᠤ ᠮᠤᠬᠢᠷ ᠳᠠᠬᠢᠷ ᠶᠠᠭᠤᠮ᠎ᠠ ᠡᠷᠢᠶᠡᠴᠡᠳᠡᠭ ᠬᠦᠮᠦᠨ᠎ᠤ ᠰᠡᠳᠬᠢᠯ᠎ᠳᠤ ᠰᠡᠳᠬᠦᠯ᠎ᠤᠨ ᠨᠠᠢ᠌ᠷᠠᠭᠤᠯᠤᠭᠴᠢ ᠭᠡᠭᠴᠢ᠎ᠨᠢ ᠬᠤᠪᠢᠯᠭ᠋ᠠᠨ ᠰᠢᠲᠤᠭᠡᠨ ᠬᠡᠮᠡᠷ ᠠᠭᠤᠤ ᠶᠡᠭᠡ ᠰᠠᠨᠠᠭᠳᠠᠳᠠᠭ ᠪᠠᠢ᠌ᠭᠰᠠᠨ᠃ ᠲᠤᠭᠤᠷᠢᠬᠤ ᠭᠡᠰᠡᠨ ᠭᠠᠵᠠᠷ᠎ᠨᠢ ᠮᠡᠳᠡᠭᠡᠵᠢ ᠨᠤᠮ᠎ᠤᠨ ᠳᠡᠯᠭᠡᠬᠦᠷ᠂ ᠬᠤᠳᠠᠯᠳᠤᠭ᠋ᠠᠨ᠎ᠤ ᠠᠰᠠᠷ ᠮᠡᠳᠦ ᠵᠢᠨ ᠭᠠᠵᠠᠷ ᠪᠠᠢ᠌ᠭᠰᠠᠨ᠃ ᠶᠡᠷᠦ᠎ᠨᠢ ᠦᠪᠦᠷ ᠮᠤᠡᠭᠭᠤᠯ᠎ᠤᠨ ᠦᠪᠡᠷᠲᠡᠭᠡᠨ ᠵᠠᠰᠠᠬᠤ ᠤᠷᠤᠨ᠎ᠤ ᠬᠠᠷᠢᠶᠠᠳᠤ ᠢᠷᠭᠡᠨ ᠪᠤᠯᠵᠤ ᠲᠦᠷᠦᠭᠰᠡᠨ ᠪᠦᠭᠡᠲᠡᠯ᠎ᠡ ᠬᠤᠷᠢᠨ ᠵᠢᠷᠭᠤᠭ᠋ᠠᠨ ᠨᠠᠰᠤᠯᠠᠲᠠᠯ᠎ᠠ ᠤᠷᠤᠨ᠎ᠤ ᠲᠦᠪ ᠬᠦᠬᠡᠬᠤᠲᠠ᠎ᠨᠢ ᠶᠠᠮᠠᠷ 《ᠵᠢᠰᠦ》᠎ᠲᠠᠢ ᠪᠠᠢ᠌ᠳᠠᠭ᠎ᠢ ᠬᠠᠷᠠᠭ᠎ᠠ ᠦᠭᠡᠢ ᠶᠠᠪᠤᠭᠰᠠᠨ ᠳ᠋ᠠ ᠪᠢ᠃ ᠲᠡᠷᠨ ᠯᠠ ᠤᠳᠠᠭ᠎ᠠ ᠬᠦᠬᠡᠬᠤᠲᠠ ᠭᠡᠭᠴᠢ ᠶᠠᠮᠠᠷ ᠮᠠᠶᠢᠭ᠎ᠤᠨ ᠬᠤᠲᠠ ᠪᠤᠯᠬᠤ ᠵᠢ ᠠᠡᠭᠬ᠎ᠠ ᠬᠠᠷᠠᠭᠰᠠᠨ᠃
    ᠬᠦᠬᠡᠬᠤᠲᠠ᠎ᠳᠤ ᠬᠦᠷᠦᠭᠰᠡᠨ᠎ᠤ ᠮᠠᠷᠭ᠋ᠠᠰᠢ᠎ᠨᠢ ᠡᠷᠢᠵᠦ ᠰᠤᠷᠠᠭᠰᠠᠭ᠋ᠠᠷ ᠪᠠᠢ᠌ᠵᠦ ᠦᠪᠦᠷ ᠮᠤᠡᠭᠭᠤᠯ᠎ᠤᠨ ᠵᠠᠰᠠᠭ᠎ᠤᠨ ᠤᠷᠳᠤᠨ᠎ᠤ ᠲᠤᠮᠤ ᠬᠦᠷᠢᠶᠡᠨ᠎ᠤ ᠭᠤᠷᠪᠠᠳᠤᠭ᠋ᠠᠷ ᠠᠰᠠᠷ᠎ᠲᠤ ᠪᠠᠢ᠌ᠷᠢᠯᠠᠵᠤ ᠪᠦᠬᠦᠢ 《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ ᠨᠠᠢ᠌ᠷᠠᠭᠤᠯᠬᠤ ᠭᠡᠯᠲᠡᠰ᠎ᠢ ᠡᠷᠢᠵᠦ ᠤᠯᠪᠠ᠃ ᠬᠠᠭ᠋ᠠᠯᠭ᠋ᠠᠨ ᠳᠡᠭᠡᠷ᠎ᠡ᠎ᠨᠢ ᠬᠠᠲᠠᠭ᠋ᠠᠰᠤᠲᠠᠢ ᠰᠢᠷᠭ᠋ᠠᠯᠬᠠᠨ ᠲᠡᠮᠦᠷᠯᠢᠭ ᠬᠠᠪᠲᠠᠰᠤᠨ ᠳᠡᠭᠡᠷᠡᠬᠢ 《〈ᠤᠷᠤᠭ ᠭᠡᠷ ᠪᠦᠯᠢ ᠨᠡᠢ᠌ᠭᠡᠮ〉 ᠰᠡᠳᠬᠦᠯ᠎ᠤᠨ ᠨᠠᠢ᠌ᠷᠠᠭᠤᠯᠬᠤ ᠭᠡᠯᠲᠡᠰ》 ᠭᠡᠬᠦ ᠦᠰᠦᠭ᠎ᠤᠳ᠎ᠢ ᠦᠵᠡᠭᠡᠳ ᠲᠤᠲᠤᠷ᠎ᠠ ᠶᠠᠭ᠋ᠠᠬᠢᠬᠤ ᠵᠢᠨ ᠠᠷᠭ᠎ᠠ ᠦᠭᠡᠢ ᠬᠠᠯᠠᠭᠤᠬᠠᠨ ᠰᠠᠨᠠᠭᠳᠠᠪᠠ᠃ ᠬᠠᠭ᠋ᠠᠯᠭ᠎ᠠ ᠲᠤᠭᠰᠢᠨ ᠤᠷᠤᠬᠤ᠎ᠳᠤ ᠢᠨᠢᠶᠡᠮᠰᠦᠭ ᠲᠦᠪᠯᠡᠬᠦᠭᠡᠨ ᠴᠢᠷᠠᠢ᠎ᠲᠠᠢ ᠢᠲᠡᠷ ᠨᠠᠰᠤᠨ᠎ᠤ ᠡᠷ᠎ᠡ   ᠨᠠᠮ᠎ᠠ ᠵᠢ ᠤᠭᠳᠤᠪᠠ᠃ ᠲᠡᠷᠨ᠎ᠨᠢ 《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ ᠶᠡᠷᠦᠡᠭᠬᠡᠢ ᠨᠠᠢ᠌ᠷᠠᠭᠤᠯᠤᠭᠴᠢ ᠠᠭᠰᠠᠨ ᠮᠦᠡᠭᠭᠡᠨᠡᠰᠤᠨ ᠪᠠᠭᠰᠢ ᠪᠠᠢ᠌ᠵᠠᠢ᠃ ᠮᠡᠡᠳᠦ ᠤᠰᠤ᠎ᠪᠠᠨ ᠮᠡᠳᠡᠯᠴᠡᠨ᠂ ᠤᠴᠢᠷ ᠳᠤᠬᠠᠢ᠎ᠪᠠᠨ ᠤᠯᠤᠯᠴᠠᠭᠰᠠᠨ ᠬᠤᠢ᠌ᠨ᠎ᠠ ᠪᠢ ᠲᠦᠷᠦᠬᠦᠦ ᠵᠢᠯ᠎ᠤᠨ ᠰᠡᠳᠬᠦᠯ ᠲᠠᠷᠬᠠᠭ᠋ᠠᠭᠰᠠᠨ ᠮᠦᠡᠭᠭᠦ᠎ᠪᠠᠨ ᠲᠤᠭ᠎ᠠ ᠶᠤᠰᠤᠭ᠋ᠠᠷ ᠲᠤᠰᠢᠶᠠᠪᠠ᠃ ᠲᠡᠭᠡᠬᠦ᠎ᠳᠤ ᠮᠦᠡᠭᠬᠡᠨᠡᠰᠤᠨ ᠪᠠᠭᠰᠢ   ᠨᠠᠮ᠎ᠠ ᠵᠢ《ᠨᠠᠢ᠌ᠳᠠᠪᠤᠷᠢᠲᠠᠢ ᠵᠠᠯᠠᠭᠤ》 ᠭᠡᠵᠤ ᠠᠬᠢᠨ ᠳᠠᠬᠢᠨ ᠮᠠᠭᠲᠠᠵᠤ ᠪᠠᠢ᠌ᠯ᠎ᠠ᠃ ᠤᠴᠢᠷ᠎ᠨᠢ ᠰᠡᠳᠬᠦᠯ᠎ᠢ᠎ᠨᠢ ᠲᠠᠷᠬᠠᠭ᠋ᠠᠵᠦ ᠦᠭᠴᠢᠭᠡᠭᠡᠳ ᠮᠦᠡᠭᠭᠦ ᠵᠢ᠎ᠨᠢ ᠦᠭᠭᠦᠯ ᠦᠭᠡᠢ ᠰᠤᠷᠠᠭ ᠲᠠᠰᠤᠷᠠᠭᠰᠠᠨ ᠬᠦᠮᠦᠨ ᠴᠦᠭᠡᠨ ᠪᠤᠰᠤ ᠪᠠᠢ᠌ᠭᠰᠠᠨ ᠶᠤᠮ ᠪᠠᠢ᠌ᠨ᠎ᠠ᠃ ᠲᠡᠷᠨ ᠤᠳᠠᠭ᠎ᠠ ᠤᠯᠳᠤᠢ ᠵᠤᠬᠢᠶᠠᠯ᠎ᠢ ᠮᠠᠨᠢ ᠤᠷᠠᠯᠠᠨ ᠨᠠᠢ᠌ᠷᠠᠭᠤᠯᠵᠤ 《ᠤᠷᠤᠭ ᠭᠡᠷ ᠪᠦᠯᠢ ᠨᠡᠢ᠌ᠭᠡᠮ》 ᠰᠡᠳᠬᠦᠯ ᠳᠡᠭᠡᠷ᠎ᠡ᠎ᠪᠠᠨ ᠨᠡᠢ᠌ᠲᠡᠯᠡᠵᠦ ᠦᠭᠭᠦᠭᠰᠡᠨ ᠪᠠᠰᠤᠲᠠᠢ ᠬᠠᠰᠪᠢᠯᠢᠭ᠌ ᠪᠠᠭᠰᠢ᠎ᠲᠠᠢ ᠤᠯᠵᠤ ᠠᠭᠤᠯᠵᠠᠭ᠎ᠠ ᠦᠭᠡᠢ᠎ᠨᠢ ᠬᠠᠷᠠᠮᠰᠠᠯᠲᠠᠢ᠃

ᠳᠦᠷᠪᠡ

   《ᠲᠠᠨ᠎ᠲᠠᠢ ᠬᠠᠮᠳᠤ᠎ᠪᠠᠷ ᠰᠢᠨ᠎ᠡ ᠠᠮᠢᠳᠤᠷᠠᠯ᠎ᠤᠨ ᠰᠢᠯ ᠪᠤᠯᠤᠷ ᠤᠷᠳᠤ ᠵᠢ ᠴᠤᠭᠴᠠᠯᠠᠨ᠎ᠠ》 ᠭᠡᠵᠤ 《ᠤᠷᠤᠭ ᠭᠡᠷ ᠪᠦᠯᠢ ᠨᠡᠢ᠌ᠭᠡᠮ》 ᠰᠡᠳᠬᠦᠯ》᠎ᠤᠨ᠎ᠬᠢᠨ ᠳᠤᠬᠠᠢ ᠵᠢᠨ ᠵᠢᠯ᠎ᠤᠨ ᠰᠡᠳᠬᠦᠯ ᠵᠠᠬᠢᠶᠠᠯᠠᠭᠤᠯᠬᠤ ᠵᠠᠷ ᠳᠡᠭᠡᠷ᠎ᠡ᠎ᠪᠠᠨ ᠪᠢᠴᠢᠳᠡᠭ ᠪᠠᠢ᠌ᠭᠰᠠᠨ᠃ ᠦᠨᠡᠭᠡᠷ ᠴᠤ᠌ 《ᠤᠷᠤᠭ ᠭᠡᠷ ᠪᠦᠯᠢ ᠨᠡᠢ᠌ᠭᠡᠮ》᠎ᠨᠢ 《ᠤᠴᠠᠷᠠᠭᠰᠠᠨ ᠪᠤᠯᠭ᠋ᠠᠨ᠎ᠤ ᠠᠯᠠᠭ᠋ᠠᠨ ᠳᠡᠭᠡᠷ᠎ᠡ ᠡᠡᠭᠬᠦᠷᠡᠢ᠌ᠭᠡᠨ ᠳᠡᠯᠭᠡᠭᠳᠡᠬᠦ ᠰᠠᠢ᠌ᠬᠠᠨ ᠲᠠᠪᠢᠯᠠᠡᠭ ᠵᠶ᠋ᠠᠷ ᠵᠶ᠋ᠠᠨ ᠰᠡᠳᠬᠦᠯᠴᠢ ᠵᠢᠨ ᠤᠷᠮ᠎ᠠ ᠵᠢ ᠬᠦᠭᠵᠢᠭᠡᠵᠦ᠂ ᠦᠰᠦᠭ ᠵᠢᠷᠤᠭ ᠬᠤᠤᠰᠯᠠᠭᠰᠠᠨ ᠦᠨᠢᠷ ᠲᠠᠡᠭᠰᠤᠭ ᠠᠭᠤᠯᠭ᠎ᠠ᠎ᠪᠠᠷ ᠵᠶ᠋ᠠᠨ ᠤᠡᠭᠰᠢᠭ᠍ᠴᠢᠳ᠎ᠤᠨ ᠵᠶ᠋ᠠᠨ ᠰᠡᠳᠬᠢᠯ᠎ᠢ ᠠᠷᠭ᠋ᠠᠮᠵᠢᠭᠰᠠᠨ》 (ᠮᠦᠨ ᠰᠡᠳᠬᠦᠯ᠎ᠤᠨ ᠵᠠᠷ᠎ᠤᠨ ᠦᠭᠡ) ᠭᠤᠶᠤ ᠰᠡᠳᠬᠦᠯ ᠪᠠᠢ᠌ᠵᠠᠢ᠃ ᠳᠤᠬᠠᠢ ᠵᠢᠨ ᠦᠶ᠎ᠡ ᠵᠢᠨ ᠲᠤᠰ ᠰᠡᠳᠬᠦᠯ᠎ᠤᠨ 《ᠤᠳᠤᠳ᠎ᠤᠨ ᠰᠢᠪᠡᠨᠡᠭᠡ》 ᠪᠤᠯᠤᠡᠭ᠎ᠳᠤ ᠴᠦᠭᠡᠨ ᠪᠤᠰᠤ ᠬᠦᠮᠦᠰ 《ᠬᠠᠮᠤᠭ᠎ᠤᠨ ᠪᠠᠬᠠᠷᠬᠠᠳᠠᠭ ᠨᠤᠮ ᠰᠡᠳᠬᠦᠯ》᠎ᠤᠨ ᠵᠶ᠋ᠠᠨ ᠲᠤᠭ᠋ᠠᠨ᠎ᠳᠤ 《ᠤᠷᠤᠭ ᠭᠡᠷ ᠪᠦᠯᠢ ᠨᠡᠢ᠌ᠭᠡᠮ》᠎ᠢ ᠪᠠᠭᠲᠠᠭ᠋ᠠᠨ ᠳᠤᠷᠠᠳᠳᠠᠭ ᠪᠠᠢ᠌ᠭᠰᠠᠨ᠃
《ᠤᠷᠤᠭ ᠭᠡᠷ ᠪᠦᠯᠢ ᠨᠡᠢ᠌ᠭᠡᠮ》᠎ᠨᠢ ᠤᠷᠠᠨ ᠭᠤᠢ᠌ᠲᠠ ᠵᠤᠬᠢᠶᠠᠯ᠂ ᠤᠴᠢᠷᠲᠠᠢ ᠨᠠᠷᠢᠨ ᠮᠡᠳᠡᠯᠭᠡ᠎ᠪᠠᠷ ᠵᠶ᠋ᠠᠨ ᠨᠠᠮ᠎ᠠ ᠵᠢ ᠴᠤ᠌ ᠪᠠᠭ᠎ᠠ ᠦᠭᠡᠢ ᠨᠦᠯᠦᠭᠡᠯᠡᠵᠦ᠂ ᠤᠬᠠᠭ᠎ᠠ ᠰᠡᠭᠡᠭᠡ ᠤᠷᠤᠭᠤᠯᠵᠤ ᠪᠠᠢ᠌ᠭᠰᠠᠨ ᠪᠦᠭᠡᠳ ᠪᠢ ᠴᠤ᠌ ᠭᠡᠰᠡᠨ ᠵᠢᠯ ᠠᠯᠲᠠᠯ ᠦᠭᠡᠢ ᠵᠤᠬᠢᠶᠠᠯ ᠵᠶ᠋ᠠᠨ ᠨᠡᠢ᠌ᠲᠡᠯᠡᠬᠦᠯᠵᠦ᠂ ᠰᠡᠳᠬᠦᠯ᠎ᠳᠤ ᠨᠡᠢ᠌ᠲᠡᠯᠡᠬᠦᠯᠦᠭᠰᠡᠨ ᠵᠤᠬᠢᠶᠠᠯ ᠵᠶ᠋ᠠᠷ ᠵᠶ᠋ᠠᠨ ᠳᠠᠮᠵᠢᠭᠤᠯᠤᠨ ᠰᠡᠳᠬᠢᠯ᠎ᠤᠨ ᠳᠤᠯᠠᠭ᠋ᠠᠨ ᠡᠨ᠋ᠸᠷᠬᠢ᠎ᠪᠠᠨ ᠤᠡᠭᠰᠢᠭ᠍ᠴᠢ ᠵᠢᠨ ᠵᠢᠷᠦᠭᠡᠨ᠎ᠳᠤ ᠲᠦᠭᠡᠭᠡᠵᠦ᠂ ᠪᠤᠳᠤᠯ᠎ᠤᠨ ᠭᠤᠸ᠎ᠠ ᠨᠢᠭᠤᠴᠠ᠎ᠪᠠᠨ ᠴᠡᠴᠡᠳ᠎ᠤᠨ ᠬᠠᠷᠠᠭ᠋ᠠᠨ᠎ᠳᠤ ᠳᠡᠯᠭᠡᠬᠦ ᠵᠢ ᠬᠢᠴᠢᠶᠡᠭᠰᠡᠭᠡᠷ ᠢᠷᠡᠪᠡ᠃
    《ᠤᠷᠤᠭ ᠭᠡᠷ ᠪᠦᠯᠢ ᠨᠡᠢ᠌ᠭᠡᠮ》 ᠶᠠᠪᠤᠬᠤ ᠲᠤᠳᠤᠮ 《ᠦᠰᠦᠨ ᠪᠤᠵᠠᠭ᠋ᠠᠢ᠌ᠷᠠᠭᠰᠠᠭ᠋ᠠᠷ》᠂ 1995 ᠤᠨ᠎ᠳᠤ ᠤᠯᠠᠷᠢᠯ᠎ᠤᠨ ᠰᠡᠳᠬᠦᠯ ᠪᠠᠢ᠌ᠭᠰᠠᠨ᠎ᠠᠴᠠ᠎ᠪᠠᠨ ᠬᠤᠤᠰ ᠰᠠᠷ᠎ᠠ ᠵᠢᠨ ᠰᠡᠳᠬᠦᠯ ᠪᠤᠯᠵᠠᠢ᠃ ᠬᠤᠶᠠᠷ ᠵᠢᠯ᠎ᠤᠨ ᠳᠠᠷᠠᠭ᠎ᠠ᠂ ᠳᠤᠬᠠᠢ᠌ᠯᠠᠪᠠᠯ 1997 ᠤᠨ᠎ᠠᠴᠠ ᠬᠤᠤᠰ ᠰᠠᠷ᠎ᠠ ᠵᠢᠨ ᠰᠡᠳᠬᠦᠯ ᠪᠠᠢ᠌ᠭᠰᠠᠨ᠎ᠠᠴᠠ᠎ᠪᠠᠨ ᠰᠠᠷ᠎ᠠ ᠵᠢᠨ ᠰᠡᠳᠬᠦᠯ ᠪᠤᠯᠪᠠ᠃  
    《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ ᠠᠭᠤᠯᠭ᠎ᠠ ᠪᠠᠶᠠᠯᠢᠭ ᠤᠳᠬ᠎ᠠ ᠳᠡᠯᠭᠡᠷ ᠪᠠᠢ᠌ᠭᠰᠠᠨ ᠠᠭ᠋ᠠᠳ ᠬᠠᠪᠢᠰᠤᠨ᠎ᠤ ᠤᠷᠠᠯᠠᠯ᠎ᠨᠢ ᠴᠤ᠌ ᠦᠪᠡᠷᠮᠢᠴᠠ ᠤᠡᠴᠠᠯᠢᠭ᠎ᠲᠠᠢ ᠪᠠᠢ᠌ᠭᠰᠠᠨ ᠶᠤᠮ᠃ 《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ ᠬᠠᠪᠢᠰᠤᠨ ᠳᠡᠭᠡᠷ᠎ᠡ ᠭᠦᠳᠡᠯᠮᠦᠷᠢ ᠵᠢᠨ ᠵᠢᠱ᠌ᠢᠶᠡᠴᠢ᠂ ᠲᠤᠭᠯᠠᠭᠴᠢ᠂ ᠲᠠᠭᠤᠴᠢᠨ᠂ ᠮᠤᠳ᠋ᠸᠯ᠂ ᠪᠦᠭᠡᠴᠢᠨ ᠵᠡᠷᠭᠡ ᠨᠡᠢ᠌ᠭᠡᠮ᠎ᠤᠨ ᠡᠯ᠎ᠡ ᠡᠲᠡᠭᠡᠳ᠎ᠤᠨ ᠤᠳᠤᠨ ᠰᠤᠳᠤᠨ ᠬᠦᠮᠦᠰ᠎ᠤᠨ ᠵᠢᠷᠤᠭ᠎ᠢ ᠲᠦᠯᠦᠪᠯᠡᠭᠡ᠎ᠲᠠᠢ᠎ᠪᠠᠷ ᠨᠡᠢ᠌ᠲᠡᠯᠡᠭᠰᠡᠭᠡᠷ ᠢᠷᠡᠭᠰᠡᠨ᠃ 2000 ᠤᠨ᠎ᠤ ᠠᠷᠪᠠᠨ ᠬᠤᠶᠠᠷ ᠬᠤᠭᠤᠴᠠᠭ᠋ᠠᠨ᠎ᠤ ᠬᠠᠪᠢᠰᠤᠨ ᠳᠡᠭᠡᠷ᠎ᠡ᠎ᠪᠠᠨ ᠪᠦᠷ ᠦᠪᠦᠷ ᠮᠤᠡᠭᠭᠤᠯ ᠵᠤᠬᠢᠶᠠᠯᠴᠢᠳ᠎ᠤᠨ ᠳᠦᠷᠢ ᠵᠢᠷᠤᠭ᠎ᠢ ᠲᠠᠯᠪᠢᠪᠠ᠃ ᠵᠤᠬᠢᠶᠠᠯᠴᠢᠳ᠎ᠤᠨ ᠳᠦᠷᠢ ᠵᠢᠷᠤᠭ᠎ᠢ ᠰᠡᠳᠬᠦᠯ᠎ᠤᠨ ᠬᠠᠪᠢᠰᠤᠨ ᠳᠡᠭᠡᠷ᠎ᠡ ᠲᠠᠯᠪᠢᠭᠰᠠᠨ᠎ᠨᠢ ᠳᠤᠬᠠᠢ ᠵᠢᠨ ᠦᠶ᠎ᠡ ᠵᠢᠨ ᠦᠪᠦᠷ ᠮᠤᠡᠭᠭᠤᠯ ᠤᠷᠤᠨ᠎ᠳᠤ ᠮᠠᠰᠢ ᠰᠢᠨ᠎ᠠ ᠰᠤᠷᠭᠤᠭ ᠤᠴᠢᠷ ᠪᠤᠯᠤᠭᠰᠠᠨ ᠬᠡᠯᠲᠡᠢ᠃ ᠲᠡᠷᠨ᠎ᠨᠢ 《ᠤᠷᠤᠭ ᠭᠡᠷ ᠪᠦᠯᠢ ᠨᠡᠢ᠌ᠭᠡᠮ》 ᠰᠡᠳᠬᠦᠯ᠎ᠠᠴᠠ ᠨᠡᠢ᠌ᠭᠡᠮ ᠨᠡᠢ᠌ᠲᠡ ᠵᠢᠨ ᠡᠮᠦᠨ᠎ᠡ᠎ᠠᠴᠠ ᠵᠤᠬᠢᠶᠠᠯᠴᠢᠳ᠎ᠲᠤ ᠬᠠᠡᠳᠤᠭᠤᠯᠤᠭᠰᠠᠨ ᠬᠦᠡᠳᠦᠳᠭᠡᠯ ᠪᠠᠢ᠌ᠭᠰᠠᠨ ᠮᠦᠷᠲᠡᠭᠡᠨ ᠵᠤᠬᠢᠶᠠᠯᠴᠢᠳ᠎ᠲᠤ ᠬᠠᠢ᠌ᠷᠠᠯᠠᠭᠰᠠᠨ ᠯᠤᠳᠤ ᠶᠡᠭᠡ ᠤᠷᠮᠠᠰᠢᠭᠤᠯᠤᠯ ᠪᠠᠢ᠌ᠭᠰᠠᠨ ᠶᠤᠮ᠃ ᠳᠤᠬᠠᠢ ᠵᠢᠨ ᠵᠢᠯ ᠮ᠊ · ᠼᠠᠳᠡᠡᠪᠠᠯ᠂ ᠠᠡᠭᠬᠢᠳᠦ᠂ ᠳᠤᠤᠯᠨ᠂ ᠨᠤ · ᠨᠠᠷᠠᠡᠳᠤᠭᠲᠠᠬᠤ ᠵᠡᠷᠭᠡ ᠮᠠᠨ᠎ᠤ ᠦᠶ᠎ᠡ ᠵᠢᠨ ᠨᠡᠯᠢᠶᠡᠳ ᠭᠡᠳᠦᠨ ᠵᠤᠬᠢᠶᠠᠯᠴᠢ ᠵᠢᠨ ᠳᠦᠷᠢ ᠵᠢᠷᠤᠭ ᠡᠯ᠎ᠡ ᠬᠤᠭᠤᠴᠠᠭ᠋ᠠᠨ᠎ᠤ ᠰᠡᠳᠬᠦᠯ᠎ᠤᠨ ᠬᠠᠪᠢᠰᠤᠨ ᠳᠡᠭᠡᠷ᠎ᠡ ᠲᠤᠳᠤᠷᠠᠵᠠᠢ᠃ ᠪᠢ ᠴᠤ᠌ ᠠᠵᠨ᠎ᠪᠠᠷ ᠳᠤᠬᠠᠢ ᠵᠢᠨ ᠵᠢᠯ᠎ᠤᠨ 《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ ᠬᠠᠪᠢᠰᠦᠨ ᠳᠡᠭᠡᠷ᠎ᠡ ᠵᠢᠷᠤᠭ ᠳᠦᠷᠢ᠎ᠪᠠᠨ   ᠲᠣᠳᠣᠷᠠᠭᠣᠯᠣᠭᠰᠠᠨ ᠵᠤᠬᠢᠶᠠᠯᠴᠢ ᠵᠢᠨ ᠨᠢᠭᠡᠨ ᠪᠤᠯᠪᠠ᠃ ᠳᠤᠬᠠᠢ᠌ᠯᠠᠪᠠᠯ ᠲᠤᠰ ᠵᠢᠯ᠎ᠤᠨ ᠳᠤᠯᠤᠳᠤᠭ᠋ᠠᠷ ᠬᠤᠭᠤᠴᠠᠭ᠋ᠠᠨ ᠳᠡᠭᠡᠷ᠎ᠡ ᠮᠢᠨᠦ ᠵᠢᠷᠤᠭ᠎ᠢ ᠳᠠᠯᠪᠢᠵᠦ᠂ ᠰᠡᠳᠬᠦᠯ᠎ᠤᠨ ᠲᠦᠷᠦᠬᠦᠦ ᠬᠠᠭᠤᠳᠠᠰᠤᠨ᠎ᠳᠤ᠎ᠨᠢ 《ᠮᠢᠨᠦ ᠰᠡᠳᠬᠢᠯ᠎ᠤᠨ ᠬᠠᠢ᠌ᠯᠤᠨ》 ᠭᠡᠳᠡᠭ ᠤᠬᠤᠷ ᠵᠤᠬᠢᠶᠠᠯ᠎ᠢ ᠮᠠᠨᠢ ᠨᠡᠢ᠌ᠲᠡᠯᠡᠪᠡ᠃ ᠬᠠᠷᠢᠭᠤᠴᠠᠭᠰᠠᠨ ᠨᠠᠢ᠌ᠷᠠᠭᠤᠯᠤᠭᠴᠢ ᠰᠡᠴᠡᠡᠭᠭᠤᠸ᠎ᠠ ᠨᠠᠳᠠ᠎ᠲᠠᠢ ᠤᠷᠢᠳᠴᠢᠯᠠᠨ ᠬᠠᠷᠢᠴᠠᠵᠤ ᠵᠢᠷᠤᠭ ᠰᠡᠬᠦᠲᠡᠷ ᠬᠢᠭᠡᠳ ᠵᠤᠬᠢᠶᠠᠯ ᠪᠦᠲᠦᠭᠡᠯ᠎ᠢ ᠮᠠᠨᠢ ᠠᠪᠤᠭᠰᠠᠨ ᠶᠤᠮ᠃ ᠰᠡᠴᠡᠭᠭᠤᠸ᠎ᠠ ᠵᠢᠨ ᠮᠡᠳᠡᠭᠳᠡᠯ᠎ᠢ ᠲᠤᠰᠤᠮᠠᠭᠴᠠ ᠰᠡᠳᠬᠢᠯ ᠬᠦᠭᠰᠡᠨ ᠬᠦᠯ ᠳᠡᠭᠳᠡᠵᠦ᠂ ᠲᠡᠷᠨ ᠳᠤᠤᠷ᠎ᠠ᠎ᠨᠢ ᠠᠪᠠᠭ᠋ᠠᠢ ᠬᠦᠦ᠎ᠪᠠᠨ ᠳᠠᠭ᠋ᠠᠭᠤᠯᠤᠨ ᠵᠢᠷᠤᠭᠯᠠᠬᠤ ᠭᠠᠵᠠᠷ ᠤᠴᠢᠵᠦ ᠵᠢᠷᠤᠭ ᠠᠪᠬᠠᠭᠤᠯᠵᠤ ᠪᠠᠢ᠌ᠭᠰᠠᠨ ᠮᠠᠨᠢ ᠴᠡᠭᠡᠵᠢᠨ᠎ᠳᠤ ᠲᠤᠳᠤᠬᠠᠨ᠃ ᠳᠤᠬᠠᠢ ᠵᠢᠨ ᠵᠢᠯ ᠮᠢᠨᠦ ᠪᠢᠴᠢᠭᠰᠡᠨ ᠷᠤᠮᠠᠨ 《ᠡᠷᠢᠶᠡᠨ》 ᠪᠤᠯᠤᠨ ᠲᠤᠭᠤᠵᠢ ᠵᠢᠨ ᠰᠤᠡᠭᠭᠤᠮᠠᠯ 《ᠤᠷᠲᠤ ᠬᠠᠷ᠎ᠠ ᠭᠡᠵᠢᠭᠡ》 ᠴᠤ᠌ ᠬᠡᠪᠯᠡᠯ᠎ᠤᠨ ᠬᠤᠷᠢᠶᠠᠨ᠎ᠠᠴᠠ ᠬᠡᠪᠯᠡᠭᠳᠡᠨ ᠤᠡᠭᠰᠢᠭ᠍ᠴᠢᠳ᠎ᠤᠨ ᠠᠯᠠᠭ᠋ᠠᠨ᠎ᠳᠤ ᠳᠡᠯᠭᠡᠭᠳᠡᠵᠦ᠂ ᠰᠡᠳᠬᠦᠯ᠎ᠤᠨ ᠬᠠᠪᠢᠰᠤᠨ ᠳᠡᠭᠡᠷ᠎ᠡ ᠵᠢᠷᠤᠭ ᠳᠦᠷᠢ᠎ᠪᠠᠨ ᠬᠠᠲᠠᠭᠤᠯᠵᠤ ᠪᠤᠯᠤᠮᠠᠷ ᠵᠤᠬᠢᠶᠠᠯᠴᠢ ᠪᠠᠢ᠌ᠭ᠎ᠠ ᠭᠡᠭᠴᠢ ᠵᠢ ᠬᠠᠵᠠᠭᠤ᠎ᠠᠴᠠ ᠭᠡᠷᠡᠴᠢᠯᠡᠭᠰᠡᠨ ᠪᠢᠯᠨ᠃
    ᠲᠡᠭᠦᠨ᠎ᠠᠴᠠ ᠰᠡᠬᠦᠯᠡᠷ ᠪᠢ 《ᠤᠷᠤᠭ ᠭᠡᠷ ᠪᠦᠯᠢ ᠨᠡᠢ᠌ᠭᠡᠮ》 ᠰᠡᠳᠬᠦᠯ᠎ᠳᠤ ᠤᠯᠠᠮ   ᠬᠠᠢ᠌ᠷᠠᠲᠠᠢ ᠪᠤᠯᠪᠠ᠃

ᠲᠠᠪᠤ

    ᠦᠪᠦᠷ ᠮᠤᠡᠭᠭᠤᠯ᠎ᠤᠨ ᠶᠡᠭᠡ ᠰᠤᠷᠭ᠋ᠠᠭᠤᠯᠢ ᠵᠢᠨ ᠤᠳᠬ᠎ᠠ ᠵᠤᠬᠢᠶᠠᠯ ᠰᠤᠳᠤᠯᠬᠤ ᠠᠡᠭᠬᠢ᠎ᠳᠤ ᠰᠤᠷᠤᠯᠴᠠᠭᠰᠠᠨ᠎ᠤ᠎ᠪᠠᠨ ᠬᠤᠶᠠᠳᠠᠬᠢ ᠵᠢᠯ᠎ᠠᠴᠠ᠂ ᠳᠤᠬᠠᠢ᠌ᠯᠠᠪᠠᠯ 2011 ᠤᠨ᠎ᠠᠴᠠ ᠪᠢ ᠶᠡᠷᠦᠡᠭᠬᠡᠢ ᠨᠠᠢ᠌ᠷᠠᠭᠤᠯᠤᠭᠴᠢ ᠮᠦᠡᠭᠭᠡᠨᠠᠰᠤᠨ ᠪᠠᠭᠰᠢ ᠵᠢᠨ ᠵᠦᠪᠰᠢᠶᠡᠷᠡᠯ ᠵᠶ᠋ᠠᠷ 《ᠨᠡᠢ᠌ᠭᠡᠮ》 (2001 ᠤᠨ᠎ᠠᠴᠠ 《ᠤᠷᠤᠭ ᠭᠡᠷ ᠪᠦᠯᠢ ᠨᠡᠢ᠌ᠭᠡᠮ》᠎ᠤᠨ᠎ᠬᠢᠨ ᠰᠡᠳᠬᠦᠯ᠎ᠤᠨ ᠨᠡᠷ᠎ᠡ᠎ᠪᠠᠨ 《ᠨᠡᠢ᠌ᠭᠡᠮ》 ᠭᠡᠵᠤ ᠬᠠᠯᠠᠭᠰᠠᠨ ᠪᠠᠢ᠌ᠭ᠎ᠠ ᠶᠤᠮ) ᠰᠡᠳᠬᠦᠯ᠎ᠤᠨ ᠤᠡᠴᠠ ᠤᠷᠢᠭᠰᠠᠨ ᠨᠠᠢ᠌ᠷᠠᠭᠤᠯᠤᠭᠴᠢ᠎ᠪᠠᠷ ᠠᠵᠢᠯᠯᠠᠵᠤ ᠡᠬᠢᠯᠡᠪᠡ᠃ ᠨᠠᠳᠠ᠎ᠠᠴᠠ ᠡᠮᠦᠨ᠎ᠡ 《ᠨᠡᠢ᠌ᠭᠡᠮ》 ᠰᠡᠳᠬᠦᠯ᠎ᠳᠤ ᠸ᠊ · ᠰᠠᠢ᠌ᠡᠴᠤᠭᠳᠤ᠂ ᠳᠦᠬᠦᠷᠡᠡᠭᠵᠢᠷᠭ᠋ᠠᠯ   ᠨᠠᠷ ᠴᠤ᠌ ᠤᠡᠴᠠ ᠤᠷᠢᠭᠰᠠᠨ ᠨᠠᠢ᠌ᠷᠠᠭᠤᠯᠤᠭᠴᠢ᠎ᠪᠠᠷ ᠠᠵᠢᠯᠯᠠᠵᠤ ᠦᠡᠭᠭᠡᠷᠡᠭᠰᠡᠨ ᠪᠢᠯᠨ᠃ ᠶᠡᠷᠦ᠎ᠨᠢ ᠮᠢᠨᠦ ᠬᠤᠪᠢ᠎ᠳᠤ 《ᠨᠡᠢ᠌ᠭᠡᠮ》 ᠰᠡᠳᠬᠦᠯ᠎ᠤᠨ ᠡᠡᠭ᠎ᠤᠨ ᠨᠢᠭᠡᠨ ᠤᠡᠭᠰᠢᠭ᠍ᠴᠢ ᠪᠠᠢ᠌ᠭᠰᠠᠨ᠎ᠠᠴᠠ᠎ᠪᠠᠨ ᠲᠡᠭᠦᠨ᠎ᠤ ᠤᠡᠴᠠ ᠤᠷᠢᠭᠰᠠᠨ ᠨᠠᠢ᠌ᠷᠠᠭᠤᠯᠤᠭᠴᠢ ᠪᠤᠯᠤᠨ᠎ᠠ ᠭᠡᠭᠴᠢ᠎ᠨᠢ ᠶᠤᠰᠤᠲᠠᠢ ᠰᠠᠨᠠᠭ᠎ᠠ ᠵᠡᠬᠦᠳᠦᠨ᠎ᠳᠤ ᠦᠭᠡᠢ ᠤᠴᠢᠷ ᠪᠠᠢ᠌ᠯ᠎ᠠ᠃ ᠡᠨᠡ᠎ᠨᠢ ᠦᠪᠡᠷ᠎ᠢ᠎ᠪᠠᠨ ᠲᠡᠬᠦᠯᠳᠡᠷᠵᠢᠬᠦᠯᠦᠭᠰᠡᠭᠡᠷ ᠢᠷᠡᠭᠰᠡᠨ ᠬᠠᠲᠠᠭᠤ ᠰᠢᠮᠲᠠᠯᠭ᠎ᠠ᠎ᠲᠠᠢ ᠬᠤᠯᠪᠤᠭᠳᠠᠯ᠎ᠲᠠᠢ᠂ ᠦᠨᠡᠡᠴᠢ ᠨᠠᠢ᠌ᠳᠠᠪᠤᠷᠢᠲᠠᠢ ᠪᠠᠢ᠌ᠬᠤ ᠵᠢ ᠡᠷᠬᠢᠮᠯᠡᠳᠡᠭ ᠬᠦᠮᠦᠨ ᠮᠦᠰᠦ᠎ᠲᠠᠢ ᠮᠠᠨᠢ ᠴᠤ᠌ ᠬᠤᠯᠪᠤᠭᠳᠠᠯ᠎ᠲᠠᠢ᠂ ᠨᠡᠡᠭ ᠴᠤ᠌ ᠨᠠᠳᠠ ᠰᠢᠭ᠋ ᠬᠦᠮᠦᠨ᠎ᠢ ᠳᠤᠬᠢᠲᠠᠢ ᠪᠠᠢ᠌ᠷᠢᠨ᠎ᠳᠤ᠎ᠨᠢ ᠭᠡᠷᠡᠭᠯᠡᠬᠦ᠎ᠠᠴᠠ ᠲᠠᠲᠠᠭ᠋ᠠᠯᠵᠠᠳᠠᠭ ᠦᠭᠡᠢ ᠮᠦᠡᠭᠭᠡᠨᠡᠰᠤᠨ ᠪᠠᠭᠰᠢ ᠰᠢᠭ᠋ ᠠᠬᠠᠮᠠᠳ ᠰᠡᠳᠬᠦᠯᠴᠢ ᠵᠢᠨ ᠠᠵᠢᠯ ᠦᠢ᠍ᠯᠡᠰ ᠵᠶ᠋ᠠᠨ ᠳᠡᠭᠡᠳᠦᠯᠡᠭᠰᠡᠨ ᠬᠠᠷᠢᠭᠤᠴᠠᠯᠭ᠋ᠠᠳᠤ ᠰᠡᠳᠬᠢᠯ᠎ᠲᠠᠢ ᠬᠤᠯᠪᠤᠭᠳᠠᠯ᠎ᠲᠠᠢ᠃
    ᠨᠠᠮᠠᠢ᠍ᠢ ᠤᠡᠴᠠ ᠤᠷᠢᠭᠰᠠᠨ ᠨᠠᠢ᠌ᠷᠠᠭᠤᠯᠤᠭᠴᠢ᠎ᠪᠠᠷ ᠠᠵᠢᠯᠯᠠᠬᠤ ᠦᠶ᠎ᠡ᠎ᠳᠤ 《ᠮᠤᠡᠭᠭᠤᠯ ᠬᠡᠯᠨ ᠪᠢᠴᠢᠭ》 ᠰᠡᠳᠬᠦᠯ᠎ᠤᠨ ᠰᠡᠳᠬᠦᠯᠴᠢ ᠵᠢᠨ ᠠᠵᠢᠯ᠎ᠠᠴᠠ᠎ᠪᠠᠨ ᠲᠠᠷᠬᠠᠯᠠᠭᠲᠠᠭ᠋ᠠᠳ   ᠪᠠᠢ᠌ᠭ᠎ᠠ ᠫᠸᠯᠵᠠᠢ ᠪᠠᠭᠰᠢ ᠴᠤ᠌ 《ᠨᠡᠢ᠌ᠭᠡᠮ》 ᠰᠡᠳᠬᠦᠯ᠎ᠤᠨ ᠤᠡᠴᠠ ᠤᠷᠢᠭᠰᠠᠨ ᠬᠠᠷᠭᠤᠭᠤᠯᠤᠭᠴᠢ᠎ᠪᠠᠷ ᠠᠵᠢᠯᠯᠠᠵᠤ ᠪᠠᠢ᠌ᠭᠰᠠᠨ ᠪᠦᠭᠡᠳ ᠰᠡᠴᠡᠡᠭᠭᠤᠸ᠎ᠠ᠂ ᠨᠠᠶᠠᠡᠲᠠᠢ᠂ ᠨᠤᠮᠢᠨ ᠨᠠᠷ ᠨᠠᠢ᠌ᠷᠠᠭᠤᠯᠤᠭᠴᠢ᠎ᠪᠠᠷ᠂ ᠰᠡᠴᠡᠨ ᠨᠢᠭᠲᠠᠯᠠᠨ ᠪᠤᠳᠤᠭᠴᠢ᠎ᠪᠠᠷ᠂ ᠵᠢᠨ ᠲᠠᠨ᠎ᠠ ᠠᠯᠪᠠᠨ ᠭᠡᠷ᠎ᠤᠨ ᠡᠷᠬᠢᠯᠡᠭᠴᠢ᠎ᠪᠠᠷ ᠠᠵᠢᠯᠯᠠᠵᠤ ᠪᠠᠢ᠌ᠪᠠ᠃ ᠨᠤᠮᠢᠨ ᠰᠠᠶᠢᠬᠠᠨ ᠠᠵᠢᠯ᠎ᠤᠨ ᠭᠠᠷᠤᠭ᠎ᠠ᠎ᠪᠠᠨ ᠠᠪᠤᠭ᠋ᠠᠳ ᠪᠠᠢ᠌ᠭᠰᠠᠨ ᠲᠤᠯᠨ ᠮᠦᠡᠭᠭᠡᠨᠡᠰᠤᠨ ᠪᠠᠭᠰᠢ ᠲᠡᠭᠦᠨ᠎ᠢ ᠨᠠᠳᠠ᠎ᠳᠤ 《ᠱᠠᠪᠢ》 ᠪᠤᠯᠭ᠋ᠠᠨ ᠦᠭᠴᠦ ᠨᠠᠢ᠌ᠷᠠᠭᠤᠯᠤᠭᠴᠢ ᠵᠢᠨ ᠠᠵᠢᠯ᠎ᠳᠤ ᠲᠠᠰᠬᠠᠬᠤ ᠵᠢ ᠤᠡᠴᠠᠯᠠᠨ ᠵᠠᠬᠢᠵᠠᠢ᠃ ᠤᠡᠴᠠ ᠤᠷᠢᠭᠰᠠᠨ ᠨᠠᠢ᠌ᠷᠠᠭᠤᠯᠤᠭᠴᠢ ᠵᠢᠨ ᠡᠬᠦᠷᠭᠡ ᠬᠦᠢ᠍ᠴᠡᠳᠭᠡᠵᠦ ᠶᠠᠪᠤᠭᠰᠠᠨ ᠭᠡᠳᠦᠨ ᠵᠢᠯ᠎ᠤᠨ ᠲᠤᠷᠰᠢ ᠨᠤᠮᠢᠨ᠎ᠢ ᠨᠠᠢ᠌ᠷᠠᠭᠤᠯᠤᠭᠴᠢ ᠵᠢᠨ ᠠᠵᠢᠯ᠎ᠳᠤ ᠲᠠᠰᠬᠠᠬᠤ ᠵᠢ ᠬᠢᠴᠢᠶᠡᠬᠦ ᠵᠢᠨ ᠳᠠᠭ᠋ᠠᠤ ᠦᠪᠡᠷ ᠵᠶ᠋ᠠᠨ ᠴᠤ᠌ ᠮᠦᠡᠭᠭᠡᠨᠠᠰᠤᠨ ᠪᠠᠭᠰᠢ᠂ ᠫᠸᠯᠵᠠᠢ ᠪᠠᠭᠰᠢ᠎ᠠᠴᠠ ᠪᠠᠭ᠎ᠠ ᠪᠤᠰᠤ ᠮᠡᠳᠡᠯᠭᠡ ᠮᠡᠷᠭᠡᠵᠢᠯ ᠰᠤᠷᠴᠦ ᠡᠵᠡᠮᠰᠢᠵᠦ ᠶᠠᠪᠤᠭᠰᠠᠨ᠃
ᠴᠦᠭᠡᠨ ᠪᠤᠰᠤ ᠤᠡᠭᠰᠢᠭ᠍ᠴᠢ ᠰᠢᠤᠲᠠᠨ ᠵᠶ᠋ᠠᠷ ᠳᠠᠮᠵᠢᠨ ᠢᠷᠡᠭᠰᠡᠨ ᠰᠢᠨᠡᠭᠡᠨ ᠰᠡᠳᠬᠦᠯ᠎ᠢ ᠲᠤᠰᠤᠨ ᠠᠪᠴᠦ ᠤᠡᠭᠰᠢᠬᠤ᠎ᠳᠤ᠎ᠪᠠᠨ ᠲᠡᠷᠨ᠎ᠨᠢ ᠤᠯᠠᠨ ᠰᠡᠳᠬᠦᠯᠴᠢᠳ᠎ᠤᠨ ᠤᠶᠤᠨ᠎ᠤ ᠬᠦᠳᠡᠯᠮᠦᠷᠢ ᠬᠢᠭᠡᠳ ᠬᠡᠪᠯᠡᠬᠦ ᠦᠢ᠍ᠯᠡᠳᠪᠦᠷᠢ ᠵᠢᠨ ᠠᠵᠢᠯᠴᠢᠳ᠎ᠤᠨ ᠪᠡᠶ᠎ᠡ ᠵᠢᠨ ᠬᠦᠳᠡᠯᠮᠦᠷᠢ ᠳᠠᠮᠵᠢᠨ ᠪᠦᠲᠦᠭᠡᠭᠳᠡᠭᠰᠡᠨ ᠪᠦᠲᠦᠭᠡᠭᠳᠡᠭᠦᠨ ᠭᠡᠭᠴᠢ ᠵᠢ ᠨᠠᠷᠢᠨ ᠤᠢ᠌ᠯᠠᠭ᠋ᠠᠳᠠᠭ ᠦᠭᠡᠢ᠃ ᠡᠭᠡ ᠪᠢᠴᠢᠭ ᠡᠯᠰᠡᠬᠦ᠂ ᠵᠠᠰᠠᠨ ᠨᠠᠢ᠌ᠷᠠᠭᠤᠯᠬᠤ᠂ ᠶᠡᠷᠦᠡᠭᠬᠡᠢ ᠨᠠᠢ᠌ᠷᠠᠭᠤᠯᠤᠭᠴᠢ᠎ᠳᠤ ᠳᠡᠪᠰᠢᠬᠦᠯᠦᠨ ᠬᠢᠨᠠᠭᠤᠯᠬᠤ᠂ ᠦᠰᠦᠭ ᠰᠢᠪᠡᠬᠦ ᠭᠠᠵᠠᠷ ᠬᠦᠷᠭᠡᠨ ᠰᠡᠳᠬᠦᠯ᠎ᠤᠨ ᠬᠡᠪ ᠬᠢᠬᠦ᠂ ᠠᠡᠭᠬᠠᠨ᠎ᠤ ᠬᠡᠪ᠎ᠢ ᠬᠠᠷᠭᠤᠭᠤᠯᠤᠨ ᠵᠠᠰᠠᠬᠤ᠂ ᠬᠤᠶᠠᠳᠠᠬᠢ ᠬᠡᠪ᠎ᠢ ᠬᠠᠷᠭᠤᠭᠤᠯᠤᠨ ᠵᠠᠰᠠᠬᠤ᠂ ᠭᠤᠷᠪᠠᠳᠠᠬᠢ ᠬᠡᠪ᠎ᠢ ᠬᠠᠷᠭᠤᠭᠤᠯᠬᠤ᠂ ᠬᠠᠪᠢᠰᠦ ᠤᠷᠠᠯᠠᠬᠤ᠂ ᠬᠡᠪᠯᠡᠬᠦ ᠦᠢ᠍ᠯᠡᠳᠪᠦᠷᠢ᠎ᠳᠤ ᠲᠤᠰᠢᠶᠠᠨ ᠬᠡᠪᠯᠡᠬᠦᠯᠬᠦ (ᠬᠡᠪᠯᠡᠬᠦᠯᠬᠦ ᠶᠠᠪᠤᠴᠠ᠎ᠳᠤ ᠴᠤ᠌ ᠴᠦᠭᠡᠨ ᠪᠤᠰᠤ ᠠᠯᠬᠤᠮ᠎ᠢ ᠳᠠᠮᠵᠢᠳᠠᠭ) ᠬᠡᠬᠦᠴᠢᠯᠡᠨ ᠨᠠᠷᠢᠨ ᠰᠢᠷᠢᠨ ᠠᠯᠬᠤᠮ ᠳᠠᠷᠠᠭ᠋ᠠᠯᠠᠯ᠎ᠢ ᠳᠠᠮᠵᠢᠨ ᠤᠪᠤᠭ᠎ᠠ᠎ᠲᠠᠢ ᠴᠠᠭ᠋ᠠᠨ ᠴᠠᠭ᠋ᠠᠰᠤ ᠤᠡᠭᠰᠢᠯᠲᠠᠢ ᠰᠠᠢ᠌ᠬᠠᠨ ᠰᠡᠳᠬᠦᠯ ᠪᠤᠯᠵᠤ ᠬᠤᠪᠢᠯᠳᠠᠭ ᠰᠢᠤ ᠳ᠋ᠠ᠃
    ᠪᠢ 《ᠨᠡᠢ᠌ᠭᠡᠮ》 ᠰᠡᠳᠬᠦᠯ᠎ᠳᠤ ᠤᠡᠴᠠ ᠤᠷᠢᠭᠰᠠᠨ ᠬᠠᠷᠢᠭᠤᠴᠠᠭᠰᠠᠨ ᠨᠠᠢ᠌ᠷᠠᠭᠤᠯᠤᠭᠴᠢ ᠵᠢᠨ ᠠᠵᠢᠯ᠎ᠢ ᠨᠠᠢ᠍ᠮᠠᠨ ᠵᠢᠯ ᠬᠦᠢ᠍ᠴᠡᠳᠭᠡᠵᠦ ᠶᠠᠪᠤᠪᠠ᠃
    ᠬᠠᠷᠢᠭᠤᠴᠠᠭᠰᠠᠨ ᠨᠠᠢ᠌ᠷᠠᠭᠤᠯᠤᠭᠴᠢ ᠵᠢᠨ ᠬᠤᠪᠢ᠎ᠳᠤ ᠰᠡᠳᠬᠦᠯ᠎ᠤᠨ ᠬᠡᠪ ᠬᠠᠷᠭᠤᠭᠤᠯᠬᠤ ᠭᠡᠭᠴᠢ ᠬᠠᠮᠤᠭ᠎ᠤᠨ ᠶᠠᠷᠰᠢᠭᠲᠠᠢ᠂ ᠬᠠᠮᠤᠭ᠎ᠤᠨ ᠶᠠᠳᠠᠷᠠᠭ᠋ᠠᠲᠠᠢ ᠠᠵᠢᠯ ᠪᠠᠢ᠌ᠭ᠎ᠠ ᠶᠤᠮ᠃ ᠶᠠᠷᠰᠢᠭᠲᠠᠢ ᠭᠡᠳᠡᠭ᠎ᠨᠢ ᠬᠢᠴᠢᠶᠡᠬᠦ ᠦᠭᠡᠢ ᠪᠤᠯᠪᠠᠯ ᠬᠡᠪᠯᠡᠯ᠎ᠤᠨ ᠶᠠᠮᠠᠷ ᠨᠢᠭᠡᠨ ᠳᠦᠷᠢᠮ ᠲᠤᠭᠲᠠᠭ᠋ᠠᠯ᠎ᠠᠴᠠ ᠵᠦᠷᠢᠭᠰᠡᠨ ᠠᠭᠤᠯᠭ᠎ᠠ ᠵᠢ ᠨᠡᠢ᠌ᠲᠡᠯᠡᠵᠦ ᠬᠡᠷᠡᠭ ᠵᠠᠷᠭᠤ ᠪᠤᠯᠬᠤ᠂ ᠡᠰᠡᠬᠦᠯ᠎ᠡ ᠦᠰᠦᠭ ᠦᠬᠦᠯᠡᠪᠦᠷᠢ ᠵᠢᠨ ᠠᠯᠳᠠᠭ᠎ᠠ ᠵᠢ᠎ᠨᠢ ᠦᠵᠡᠵᠦ ᠭᠠᠷᠤᠯ ᠦᠭᠡᠢ ᠤᠡᠭᠰᠢᠭ᠍ᠴᠢᠳ ᠬᠢᠭᠡᠳ ᠤᠳᠤᠷᠢᠳᠤᠯᠭ᠎ᠠ ᠵᠢᠨ ᠵᠢᠮᠡᠯᠡᠯ᠎ᠢ ᠬᠦᠷᠲᠡᠭᠦ ᠮᠡᠳᠦ ᠵᠢᠨ ᠤᠴᠢᠷ᠎ᠢ ᠭᠡᠯᠡᠵᠦ ᠪᠤᠢ᠃ ᠶᠠᠳᠠᠷᠠᠭ᠋ᠠᠲᠠᠢ ᠭᠡᠳᠡᠭ᠎ᠨᠢ ᠵᠤᠬᠢᠶᠠᠯ ᠪᠤᠯᠭ᠋ᠠᠨ᠎ᠢ ᠭᠤᠷᠪᠠᠨ ᠳᠦᠷᠪᠡᠨ ᠤᠳᠠᠭ᠎ᠠ ᠵᠠᠰᠠᠵᠤ ᠨᠠᠢ᠌ᠷᠠᠭᠤᠯᠬᠤ᠂ ᠰᠡᠳᠬᠦᠯ ᠵᠶ᠋ᠠᠨ ᠴᠠᠭ ᠳᠤᠬᠠᠢ᠎ᠳᠤ᠎ᠨᠢ ᠭᠠᠷᠭ᠋ᠠᠬᠤ ᠭᠡᠵᠤ ᠭᠠᠷᠠᠭ᠎ᠤᠨ ᠠᠮᠠᠷᠠᠯᠲᠠ ᠵᠢ ᠬᠠᠢ᠌ᠬᠤᠷᠤᠯ ᠦᠭᠡᠢ ᠡᠳᠦᠷᠵᠢᠨ ᠰᠦᠨᠢᠵᠢᠨ ᠠᠵᠢᠯᠯᠠᠬᠤ ᠮᠡᠳᠦ   ᠲᠤᠯᠭ᠋ᠠᠮᠳᠠᠯ᠎ᠢ ᠵᠢᠭ᠋ᠠᠵᠤ ᠪᠤᠢ᠃ ᠵᠠᠷᠢᠮ᠎ᠳᠤ᠎ᠪᠠᠨ ᠰᠡᠳᠬᠦᠯᠴᠢ ᠵᠢᠨ ᠠᠵᠢᠯ᠎ᠢ ᠡᠢ᠌ᠨ ᠬᠦ᠌ ᠲᠦᠷᠰᠦᠯᠡᠨ ᠰᠢᠯᠦᠭᠯᠡᠵᠦ ᠪᠤᠯᠳᠠᠭ᠄
   《ᠬᠠᠲᠠᠭᠤ ᠰᠢᠷᠡᠭᠡᠨ᠎ᠡ ᠡᠯᠢᠭᠡᠳᠡᠨ ᠰᠡᠳᠬᠦᠯ ᠨᠠᠢ᠌ᠷᠠᠭᠤᠯᠬᠤᠶ᠎ᠠ
    ᠬᠠᠷᠠᠭ᠎ᠠ ᠪᠠᠯᠠᠷᠠᠵᠤ ᠰᠡᠳᠬᠢᠯ᠎ᠤᠨ ᠲᠠᠮᠢᠷ ᠪᠠᠷᠠᠭᠳᠠᠮᠤᠢ᠂
    ᠬᠠᠭᠤᠳᠠᠰᠤᠨ ᠳᠡᠭᠡᠷᠡᠬᠢ ᠦᠰᠦᠭ ᠨᠢᠭᠡ ᠪᠦᠷᠢ ᠵᠢᠨ
    ᠬᠠᠯᠠᠰᠢᠷᠠᠯ ᠵᠤᠪᠠᠯᠠᠡᠭ᠎ᠢ ᠭᠡᠨ ᠮᠡᠳᠡᠬᠦ ᠠᠵᠢ᠃》
    ᠮᠡᠳᠡᠭᠡᠵᠢ ᠰᠡᠳᠬᠦᠯᠴᠢ ᠬᠦᠮᠦᠨ᠎ᠳᠤ ᠰᠡᠳᠬᠦᠯᠴᠢ ᠬᠦᠮᠦᠨ᠎ᠤ ᠪᠠᠶᠠᠷ ᠵᠢᠷᠭ᠋ᠠᠯ ᠪᠤᠢ᠃ ᠰᠢᠨ᠎ᠡ ᠬᠦᠮᠦᠨ᠎ᠢ ᠢᠯᠡᠷᠡᠭᠦᠯᠬᠦ᠂ ᠴᠢᠨᠠᠷᠯᠢᠭ ᠡᠭᠡ ᠪᠢᠴᠢᠭ ᠲᠤᠰᠬᠤ᠂ ᠵᠤᠬᠢᠶᠠᠭᠴᠢ ᠵᠢᠨ ᠲᠠᠯᠠᠷᠬᠠᠯ᠎ᠢ ᠬᠦᠯᠢᠶᠡᠬᠦ᠂ ᠤᠡᠭᠰᠢᠭ᠍ᠴᠢ ᠵᠢᠨ ᠰᠠᠢ᠌ᠨ ᠦᠨᠡᠯᠡᠯᠲᠡ ᠵᠢ ᠬᠦᠷᠲᠡᠭᠦ ᠭᠡᠬᠦᠴᠢᠯᠡᠨ ᠵᠦᠡᠭᠳᠡᠭᠡᠨ ᠪᠠᠢ᠌ᠳᠠᠭ ᠁

ᠵᠢᠷᠭᠤᠭ᠎ᠠ

   《ᠨᠡᠢ᠌ᠭᠡᠮ》 ᠰᠡᠳᠬᠦᠯ᠎ᠲᠠᠢ ᠪᠢ ᠨᠡᠭᠡᠷᠡᠨ ᠤᠡᠴᠠ ᠵᠢᠨ ᠢᠷᠦᠭᠡᠯ ᠪᠠᠷᠢᠯᠳᠤᠯᠭ᠎ᠠ᠎ᠲᠠᠢ ᠪᠠᠢ᠌ᠵᠠᠢ᠃ ᠢᠷᠦᠭᠡᠯ ᠪᠠᠷᠢᠯᠳᠤᠯᠭ᠎ᠠ ᠭᠡᠭᠴᠢ᠎ᠨᠢ ᠲᠦᠷᠦᠭᠰᠡᠨ ᠨᠤᠲᠤᠭ᠎ᠤᠨ ᠬᠦᠷᠦᠰᠦᠨ᠎ᠠᠴᠠ ᠲᠦᠷᠦᠳᠡᠭ᠂ ᠶᠠᠪᠤᠭᠰᠠᠨ ᠵᠠᠮ᠎ᠤᠨ ᠴᠠᠭ᠋ᠠᠨ᠎ᠠᠴᠠ ᠲᠦᠷᠦᠳᠡᠭ᠂ ᠶᠠᠷᠢᠭᠰᠠᠨ ᠦᠭᠡᠨ᠎ᠤ ᠦᠨᠡᠨ᠎ᠠᠴᠠ ᠲᠦᠷᠦᠳᠡᠭ᠂ ᠶᠠᠭ᠋ᠠᠬᠢᠭᠰᠠᠨ ᠴᠤ᠌ ᠠᠯᠲᠠᠷᠠᠳᠠᠭ ᠦᠭᠡᠢ ᠢᠲᠡᠭᠡᠯ᠎ᠠᠴᠠ ᠲᠦᠷᠦᠳᠡᠭ᠂ ᠶᠠᠲᠠᠷᠠᠬᠤ᠎ᠪᠠᠨ ᠮᠡᠳᠡᠳᠡᠭ ᠦᠭᠡᠢ ᠵᠢᠳᠬᠦᠯ᠎ᠠᠴᠠ ᠲᠦᠷᠦᠳᠡᠭ᠂ ᠢᠮᠠᠭᠲᠠ ᠪᠡᠯᠡᠭᠡᠨ ᠪᠠᠢ᠌ᠳᠠᠭ ᠨᠦᠬᠦᠴᠡᠯ ᠪᠤᠯᠤᠯᠴᠠᠭ᠋ᠠᠨ᠎ᠠᠴᠠ ᠲᠦᠷᠦᠳᠡᠭ ᠡ᠃
    ᠮᠦᠡᠭᠡᠨᠡᠰᠤᠨ ᠪᠠᠭᠰᠢ ᠠᠵᠢᠯ᠎ᠠᠴᠠ᠎ᠪᠠᠨ ᠲᠠᠷᠬᠠᠯᠠᠭᠳᠠᠬᠤ᠎ᠳᠤ ᠲᠡᠭᠦᠨ᠎ᠤ ᠤᠷᠤᠨ᠎ᠳᠤ ᠨᠠᠳᠠ᠎ᠲᠠᠢ ᠭᠠᠴᠠᠭ᠎ᠠ ᠨᠤᠲᠤᠭ ᠨᠢᠭᠡᠲᠡᠢ ᠠᠭ᠋ᠠᠳ ᠨᠠᠢ᠌ᠵᠨ ᠵᠢᠨ ᠶᠤᠰᠤ᠎ᠪᠠᠷ ᠤᠯᠠᠨ ᠵᠢᠯ ᠨᠦᠬᠦᠷᠯᠡᠵᠦ ᠶᠠᠪᠤᠭᠰᠠᠨ ᠲᠠᠡᠭᠬᠢᠰ ᠳᠡᠬᠦᠦ ᠶᠡᠷᠦᠡᠭᠬᠡᠢ ᠨᠠᠢ᠌ᠷᠠᠭᠤᠯᠤᠭᠴᠢ ᠵᠢᠨ ᠲᠤᠰᠢᠶᠠᠯ ᠡᠬᠦᠷᠭᠡᠯᠡᠬᠦ᠎ᠪᠠᠷ 《ᠦᠨᠢᠷ ᠴᠡᠴᠡᠭ》 ᠰᠡᠳᠬᠦᠯ᠎ᠠᠴᠠ ᠠᠵᠢᠯ ᠰᠢᠯᠵᠢᠨ ᠢᠷᠡᠪᠡ᠃ ᠤᠯᠠᠨ ᠵᠢᠯ 《ᠦᠨᠢᠷ ᠴᠡᠴᠡᠭ》 ᠰᠡᠳᠬᠦᠯ᠎ᠤᠨ ᠨᠠᠢ᠌ᠷᠠᠭᠤᠯᠤᠭᠴᠢ ᠵᠢᠨ ᠠᠵᠢᠯ᠎ᠢ ᠬᠦᠢ᠍ᠴᠡᠳᠭᠡᠨ᠂ ᠰᠡᠬᠦᠯ᠎ᠤᠨ ᠦᠶ᠎ᠡ᠎ᠳᠤ ᠳᠡᠳ᠋ ᠶᠡᠷᠦᠡᠭᠬᠡᠢ ᠨᠠᠢ᠌ᠷᠠᠭᠤᠯᠤᠭᠴᠢ ᠵᠢᠨ ᠲᠤᠰᠢᠶᠠᠯ᠎ᠢ ᠡᠬᠦᠷᠭᠡᠯᠡᠵᠦ᠂ ᠰᠡᠳᠬᠦᠯᠴᠢ ᠵᠢᠨ ᠦᠢ᠍ᠯᠡᠰ᠎ᠲᠤ ᠠᠷᠠᠯ᠎ᠤᠨ ᠱᠠᠷ ᠰᠢᠭ᠋ ᠵᠢᠳᠬᠦᠵᠦ ᠶᠠᠪᠤᠭᠰᠠᠨ ᠲᠠᠡᠭᠬᠢᠰ ᠳᠡᠬᠦᠦ 《ᠨᠡᠢ᠌ᠭᠡᠮ》 ᠰᠡᠳᠬᠦᠯ᠎ᠤᠨ ᠶᠡᠷᠦᠡᠭᠬᠡᠢ ᠨᠠᠢ᠌ᠷᠠᠭᠤᠯᠤᠭᠴᠢ ᠪᠤᠯᠬᠤ᠎ᠳᠤ ᠪᠢ ᠲᠡᠭᠦᠨ᠎ᠠᠴᠠ ᠲᠤᠲᠠᠭᠤ ᠦᠭᠡᠢ ᠪᠠᠶᠠᠷᠯᠠᠭᠰᠠᠨ ᠵᠶ᠋ᠠᠨ ᠨᠢᠭᠤᠬᠤ ᠶᠠᠭᠤᠨ᠃ ᠳᠤᠯᠤᠭ᠋ᠠᠨ ᠵᠢᠯ᠎ᠤᠨ ᠡᠮᠦᠨ᠎ᠡ ᠪᠢ ᠠᠡᠭᠬ᠎ᠠ 《ᠨᠡᠢ᠌ᠭᠡᠮ》 ᠰᠡᠳᠬᠦᠯ᠎ᠤᠨ ᠤᠡᠴᠠ ᠤᠷᠢᠭᠰᠠᠨ ᠨᠠᠢ᠌ᠷᠠᠭᠤᠯᠤᠭᠴᠢ ᠵᠢᠨ ᠠᠵᠢᠯ᠎ᠢ ᠬᠢᠵᠦ ᠶᠠᠪᠤᠬᠤ᠎ᠳᠤ᠎ᠪᠠᠨ ᠨᠢᠭᠡ ᠤᠳᠠᠭ᠎ᠠ ᠲᠠᠡᠭᠬᠢᠰ ᠳᠡᠬᠦᠦ ᠵᠢ ᠳᠠᠭ᠋ᠠᠭᠤᠯᠤᠨ ᠨᠠᠢ᠌ᠷᠠᠭᠤᠯᠬᠤ ᠭᠡᠯᠲᠡᠰ᠎ᠲᠤ ᠤᠴᠢᠵᠦ᠂ ᠲᠡᠭᠦᠨ᠎ᠢ ᠰᠡᠴᠡᠡᠭᠭᠤᠸ᠎ᠠ᠂ ᠨᠤᠮᠢᠨ ᠨᠠᠷ᠎ᠲᠠᠢ ᠲᠠᠨᠢᠯᠴᠠᠭᠤᠯᠵᠤ ᠪᠠᠢ᠌ᠭᠰᠠᠨ ᠮᠠᠨᠢ ᠪᠤᠳᠤᠭᠳᠠᠨ᠎ᠠ᠃ ᠡᠨᠡ ᠳᠤᠬᠠᠢ ᠬᠠᠭᠤᠴᠢᠯᠠᠬᠤ᠎ᠳᠤ᠎ᠪᠠᠨ ᠲᠠᠡᠭᠬᠢᠰ ᠳᠡᠬᠦᠦ᠄ 《ᠲᠡᠷᠨ ᠤᠳᠠᠭ᠎ᠠ 〈ᠨᠡᠢ᠌ᠭᠡᠮ〉 ᠰᠡᠳᠬᠦᠯ᠎ᠤᠨ ᠶᠠᠭᠤ ᠪᠦᠬᠦᠨ᠎ᠨᠢ ᠨᠢᠳᠦᠨ᠎ᠳᠤ ᠨᠢᠭᠡ ᠯᠠ ᠬᠠᠯᠠᠭᠤᠬᠠᠨ ᠰᠠᠨᠠᠭᠳᠠᠭ᠋ᠠᠳ ᠪᠠᠢ᠌ᠭᠰᠠᠨ᠎ᠨᠢ ᠬᠤᠵᠢᠮ᠎ᠨᠢ ᠡᠨᠡ ᠬᠦ᠌ ᠰᠡᠳᠬᠦᠯ᠎ᠤᠨ ᠶᠡᠷᠦᠡᠭᠬᠡᠢ ᠨᠠᠢ᠌ᠷᠠᠭᠤᠯᠤᠭᠴᠢ ᠪᠤᠯᠬᠤ ᠵᠢᠨ   ᠰᠤᠪᠢᠨ ᠪᠠᠢ᠌ᠵᠠᠢ》 ᠭᠡᠵᠤ ᠶᠦᠮᠦᠷᠯᠢᠭ ᠭᠡᠭᠴᠢ ᠶᠠᠷᠢᠵᠤ ᠪᠠᠢ᠌ᠭᠰᠠᠨ ᠳ᠋ᠠ᠃ ᠰᠠᠷ᠎ᠠ ᠵᠢᠨ ᠰᠡᠳᠬᠦᠯ ᠪᠤᠯᠬᠤ 《ᠨᠡᠢ᠌ᠭᠡᠮ》 ᠰᠡᠳᠬᠦᠯ᠎ᠳᠤ ᠨᠠᠢ᠌ᠷᠠᠭᠤᠯᠤᠭᠴᠢ ᠵᠢᠨ ᠬᠦᠴᠦᠨ ᠬᠦᠷᠦᠯᠴᠡᠬᠦ ᠦᠭᠡᠢ ᠪᠠᠢ᠌ᠭ᠎ᠠ ᠪᠤᠯᠬᠤᠷ ᠲᠠᠡᠭᠬᠢᠰ ᠳᠡᠬᠦᠦ ᠶᠡᠷᠦᠡᠭᠬᠡᠢ ᠨᠠᠢ᠌ᠷᠠᠭᠤᠯᠤᠭᠴᠢ ᠵᠢᠨ ᠰᠠᠭᠤᠳᠠᠯ᠎ᠳᠤ ᠰᠠᠭᠤᠭᠰᠠᠨ᠎ᠤ᠎ᠪᠠᠨ ᠳᠠᠷᠠᠭ᠋ᠠᠬᠠᠨ ᠨᠠᠳᠠ᠎ᠳᠤ᠄ 《ᠲᠠ ᠡᠡᠳᠡ   ᠢᠷᠡᠭᠡᠳ ᠠᠵᠢᠯᠯᠠᠴᠢᠬᠠᠬᠤ ᠦᠭᠡᠢ ᠤᠤ᠂ ᠮᠠᠨ᠎ᠤ ᠡᠡᠳᠡ ᠶᠠᠭ ᠲᠠᠨ ᠰᠢᠭ᠋ ᠴᠠᠭ᠋ᠠᠷᠠᠭᠰᠠᠨ ᠨᠠᠢ᠌ᠷᠠᠭᠤᠯᠤᠭᠴᠢ ᠲᠤᠲᠠᠵᠤ ᠪᠠᠢ᠌ᠨ᠎ᠠ》 ᠭᠡᠵᠤ ᠡᠷᠡᠭᠡ ᠦᠭᠡᠢ ᠵᠠᠡᠭ ᠵᠶ᠋ᠠᠷ ᠵᠶ᠋ᠠᠨ ᠬᠡᠯᠡᠵᠦ ᠪᠠᠢ᠌ᠭᠰᠠᠨ ᠪᠢᠯᠨ᠃ ᠭᠡᠪᠡᠴᠦ ᠬᠤᠰᠢᠭᠤᠨ ᠲᠦᠪ᠎ᠠᠴᠠ ᠤᠷᠤᠨ᠎ᠤ ᠲᠦᠪ᠎ᠲᠤ ᠠᠵᠢᠯ ᠰᠢᠯᠵᠢᠨ᠎ᠠ ᠭᠡᠭᠴᠢ᠎ᠨᠢ ᠲᠡᠷᠨ ᠬᠤᠯᠨ ᠲᠡᠭᠷᠢ ᠤᠢ᠌ᠷ᠎ᠠ ᠠᠵᠤ᠃ ᠠᠰᠢᠬᠦᠢ ᠳᠠᠷᠠᠭ᠋ᠠᠴᠢ᠎ᠪᠠᠷ᠎ᠨᠢ ᠤᠯᠠᠨ ᠰᠠᠢ᠌ᠬᠠᠨ ᠨᠤᠮ ᠤᠷᠴᠢᠭᠤᠯᠤᠭᠰᠠᠨ ᠠᠭ᠋ᠠᠳ ᠰᠡᠳᠬᠦᠯᠴᠢ ᠵᠢᠨ ᠠᠵᠢᠯ᠎ᠳᠤ ᠴᠠᠭ᠋ᠠᠷᠠᠭᠰᠠᠨ — ᠮᠢᠨᠦ ᠰᠡᠬᠦᠯ᠎ᠤᠨ ᠦᠶ᠎ᠡ᠎ᠳᠤ ᠲᠠᠨᠢᠯᠴᠠᠭᠰᠠᠨ ᠨᠠᠢ᠌ᠵᠨ ᠰᠠᠢ᠌᠊ · ᠰᠡᠴᠡᠡᠪᠠᠭ᠋ᠠᠲᠤᠷ   ᠨᠠᠢ᠌ᠷᠠᠭᠤᠯᠤᠭᠴᠢ ᠵᠢᠨ ᠬᠤᠪᠢ᠎ᠪᠠᠷ ᠤᠴᠢᠵᠦ ᠠᠵᠢᠯᠯᠠᠭᠰᠠᠨ᠎ᠨᠢ 《ᠨᠡᠢ᠌ᠭᠡᠮ》 ᠰᠡᠳᠬᠦᠯ᠎ᠳᠤ ᠪᠠᠰᠠ ᠨᠢᠭᠡᠨ ᠨᠢᠷᠤᠭᠤᠪᠴᠢ ᠬᠦᠴᠦᠨ ᠨᠡᠮᠡᠭᠳᠡᠭᠰᠡᠨ ᠰᠠᠢ᠌ᠨ ᠤᠴᠢᠷ ᠪᠤᠯᠵᠠᠢ᠃
    ᠲᠠᠡᠭᠬᠢᠰ ᠳᠡᠬᠦᠦ ᠶᠡᠷᠦᠡᠭᠬᠡᠢ ᠨᠠᠢ᠌ᠷᠠᠭᠤᠯᠤᠭᠴᠢ ᠪᠤᠯᠤᠭᠰᠠᠨ᠎ᠤ᠎ᠪᠠᠨ ᠳᠠᠷᠠᠭ᠎ᠠ ᠵᠢᠯ᠎ᠠᠴᠠ᠂ ᠳᠤᠬᠠᠢ᠌ᠯᠠᠪᠠᠯ 2021 ᠤᠨ᠎ᠠᠴᠠ 《ᠨᠡᠢ᠌ᠭᠡᠮ》 ᠰᠡᠳᠬᠦᠯ᠎ᠤᠨ ᠨᠠᠢ᠌ᠷᠠᠭᠤᠯᠬᠤ ᠺᠤᠮᠢᠰ ᠵᠶ᠋ᠠᠨ ᠰᠢᠨ᠎ᠠ᠎ᠪᠠᠷ ᠰᠤᠡᠭᠭᠤᠨ ᠲᠤᠭᠲᠠᠭ᠋ᠠᠪᠠ᠃ ᠭᠡᠰᠢᠬᠦᠳ᠎ᠤᠨ ᠬᠢᠨᠢ ᠲᠤᠲᠤᠷ᠎ᠠ ᠠᠯᠲᠠᠷᠳᠤ᠂ ᠡᠷᠳᠡᠨᠢᠬᠠᠳᠠ᠂ ᠪᠠᠶᠠᠡᠪᠤᠯᠠᠭ᠂ ᠪᠤᠤ ᠱ᠌ᠢ ᠲᠸᠤ᠂ ᠪᠦᠷᠢᠡᠪᠠᠶᠠᠷ᠂ ᠮᠦᠡᠭᠭᠡᠨᠡᠰᠤᠨ᠂ ᠰᠠᠷᠠᠭᠤᠯ᠂ ᠰᠢᠯᠢᠡᠪᠠᠭ᠋ᠠᠲᠤᠷ᠂ ᠰ᠊ · ᠪᠤᠶᠠᠡᠲᠤᠭᠲᠠᠬᠤ᠂ ᠲ᠊ · ᠭᠤᠮᠪᠤᠵᠠᠪ᠂ ᠲᠤᠭᠲᠠᠬᠤ᠂ ᠲᠤᠷᠤᠨᠠᠲ᠋ᠡᠭᠷᠢ᠂ ᠴ᠊ · ᠴᠤᠯᠮᠤᠨ᠂ ᠴᠠᠡᠭ ᠰᠦᠸᠸ ᠵᠡᠷᠭᠡ ᠪᠠᠭᠰᠢ ᠨᠠᠷ᠎ᠤᠨ ᠬᠠᠮᠳᠤ ᠨᠠᠮ᠎ᠠ ᠵᠢ ᠴᠣ᠌ ᠪᠠᠭᠲᠠᠭ᠋ᠠᠨ ᠤᠷᠤᠭᠤᠯᠤᠭᠰᠠᠨ ᠪᠠᠢ᠌ᠯ᠎ᠠ᠃ ᠨᠠᠮᠠᠢ᠍ᠢ ᠭᠠᠷᠭ᠋ᠠᠪᠠᠯ ᠪᠤᠰᠤᠳ᠎ᠨᠢ ᠪᠦᠷ ᠤᠯᠤᠰ ᠤᠷᠤᠨ ᠲᠠᠶᠠᠭ᠋ᠠᠷ ᠠᠯᠲᠠᠷᠲᠠᠢ ᠡᠷᠳᠡᠮᠲᠡᠨ᠂ ᠵᠤᠬᠢᠶᠠᠯᠴᠢ ᠪᠤᠶᠤ ᠤᠪᠤᠭ᠎ᠠ ᠭᠠᠪᠢᠶ᠎ᠠ ᠵᠢᠳᠬᠦᠯ᠎ᠲᠠᠢ ᠳᠠᠷᠤᠭ᠎ᠠ ᠲᠤᠮᠤᠭ᠋ᠠᠲᠠᠨ ᠪᠠᠢ᠌ᠭ᠎ᠠ ᠰᠢᠤ ᠳ᠋ᠠ᠃ ᠡᠨᠡ᠎ᠨᠢ ᠮᠢᠨᠦ 《ᠨᠡᠢ᠌ᠭᠡᠮ》 ᠰᠡᠳᠬᠦᠯ᠎ᠳᠤ ᠭᠡᠳᠦᠨ ᠠᠷᠪᠠᠨ ᠵᠢᠯ ᠵᠤᠬᠢᠶᠠᠯ ᠪᠦᠲᠦᠭᠡᠯ ᠵᠶ᠋ᠠᠨ ᠲᠠᠰᠤᠷᠠᠯ ᠦᠭᠡᠢ ᠨᠡᠢ᠌ᠲᠡᠯᠡᠬᠦᠯᠦᠭᠰᠡᠭᠡᠷ ᠢᠷᠡᠭᠰᠡᠨ ᠠᠭ᠋ᠠᠳ ᠴᠦᠭᠡᠨ ᠪᠤᠰᠤ ᠵᠢᠯ ᠤᠡᠴᠠ ᠤᠷᠢᠭᠰᠠᠨ ᠨᠠᠢ᠌ᠷᠠᠭᠤᠯᠤᠭᠴᠢ ᠵᠢᠨ ᠬᠤᠪᠢ᠎ᠪᠠᠷ ᠤᠢ᠌ᠭ᠎ᠠ ᠦᠭᠡᠢ ᠵᠢᠳᠬᠦᠵᠦ ᠶᠠᠪᠤᠭᠰᠠᠨ᠎ᠤ ᠦᠷ᠎ᠡ ᠭᠡᠵᠤ ᠬᠡᠯᠡᠵᠦ ᠪᠤᠯᠬᠤ ᠶᠤᠮ᠃ ᠬᠤᠶᠠᠳᠠᠬᠢ ᠦᠶ᠎ᠡ ᠵᠢᠨ ᠶᠡᠷᠦᠡᠭᠬᠡᠢ ᠨᠠᠢ᠌ᠷᠠᠭᠤᠯᠤᠭᠴᠢ ᠪᠤᠯᠤᠭᠰᠠᠨ ᠲᠠᠡᠭᠬᠢᠰ ᠳᠡᠬᠦᠦ ᠨᠠᠢ᠌ᠷᠠᠭᠤᠯᠬᠤ ᠺᠤᠮᠢᠰ ᠵᠶ᠋ᠠᠨ ᠳᠠᠬᠢᠨ ᠰᠤᠡᠭᠭᠤᠨ ᠲᠤᠭᠲᠠᠭ᠋ᠠᠵᠤ᠂ ᠠᠭᠤᠯᠵᠠᠭᠰᠠᠨ ᠪᠤᠯᠭ᠋ᠠᠨ᠎ᠠᠴᠠ ᠰᠡᠳᠬᠦᠯ᠎ᠤᠨ ᠵᠶ᠋ᠠᠨ ᠴᠢᠨᠠᠷ ᠴᠢᠡᠰᠠᠭ᠎ᠠ ᠵᠢ ᠭᠡᠷᠬᠢᠨ ᠳᠡᠭᠡᠭᠰᠢᠯᠡᠬᠦᠯᠬᠦ ᠳᠤᠬᠠᠢ ᠰᠠᠨᠠᠯ ᠵᠦᠪᠯᠡᠯᠭᠡ ᠠᠪᠴᠦ ᠪᠠᠢ᠌ᠭᠰᠠᠨ᠎ᠨᠢ ᠪᠦᠷ ᠰᠡᠳᠬᠦᠯ ᠵᠶ᠋ᠠᠨ ᠴᠢᠨᠠᠷᠵᠢᠭᠤᠯᠬᠤ ᠵᠢ ᠬᠢᠴᠢᠶᠡᠭᠰᠡᠨ ᠰᠡᠳᠬᠦᠯᠴᠢ ᠬᠦᠮᠦᠨ᠎ᠤ ᠬᠢᠴᠢᠶᠡᠡᠭᠬᠦᠢ ᠴᠢᠷᠮᠠᠢ᠌ᠯᠭ᠎ᠠ ᠪᠤᠶᠤ᠃
    ᠶᠡᠷᠦ᠎ᠨᠢ ᠰᠠᠢ᠌ᠨ ᠰᠡᠳᠬᠦᠯᠴᠢ ᠰᠡᠳᠬᠦᠯ ᠵᠶ᠋ᠠᠨ ᠠᠮᠢ ᠵᠢᠭᠤᠬᠤ ᠪᠠᠭ᠋ᠠᠵᠢ ᠲᠡᠳᠦᠢ᠎ᠪᠠᠷ ᠯᠠ ᠦᠵᠡᠳᠡᠭ ᠦᠭᠡᠢ᠂ ᠬᠠᠷᠢᠨ ᠠᠷᠠᠳ ᠤᠯᠠᠨ᠎ᠳᠤ ᠦᠢ᠍ᠯᠡᠴᠢᠯᠡᠬᠦ ᠠᠷᠢᠭᠤᠨ ᠲᠠᠷᠬᠠᠨ ᠵᠠᠭᠤᠴᠢ ᠪᠤᠯᠭ᠋ᠠᠨ ᠳᠡᠭᠡᠳᠦᠯᠡᠳᠡᠭ ᠠᠵᠢ᠃ ᠲᠡᠢ᠌ᠮᠦ᠎ᠠᠴᠠ ᠡᠢ᠌ᠮᠦ ᠲᠡᠢ᠌ᠮᠦ ᠰᠢᠯᠲᠠᠭ᠋ᠠᠨ᠎ᠠᠴᠠ ᠪᠤᠯᠵᠤ ᠵᠤᠬᠢᠶᠠᠭᠴᠢᠳ᠎ᠤᠨ ᠢᠳᠡᠪᠬᠢᠵᠢᠯ ᠪᠠᠭᠤᠷᠠᠵᠤ᠂ ᠡᠭᠡ ᠪᠢᠴᠢᠭ᠎ᠤᠨ ᠢᠷᠡᠯᠲᠡ ᠮᠠᠭᠤᠲᠠᠭᠰᠠᠨ ᠪᠠᠢ᠌ᠳᠠᠯ᠎ᠳᠤ ᠰᠠᠢ᠌ᠨ ᠰᠡᠳᠬᠦᠯᠴᠢᠳ ᠰᠡᠳᠬᠦᠯ᠎ᠤᠨ ᠵᠶ᠋ᠠᠨ ᠴᠢᠨᠠᠷ᠎ᠢ ᠪᠠᠲᠤᠯᠠᠬᠤ ᠭᠡᠵᠤ ᠠᠷᠭ᠎ᠠ ᠪᠦᠬᠦᠨ᠎ᠢ ᠰᠢᠪᠬᠠᠵᠤ ᠡᠬᠦᠷᠳᠦᠳᠡᠭ ᠶᠤᠮ ᠪᠠᠢ᠌ᠨ᠎ᠠ᠃ ᠤᠡᠴᠠᠭ᠋ᠠᠢ᠌ᠯᠠᠨ ᠤᠳᠤᠬᠠᠨ᠎ᠤ ᠦᠳᠡᠯᠦᠭᠡ ᠵᠠᠯᠠᠭᠤ ᠦᠬᠢᠳ ᠪᠡᠷᠢᠶᠡᠳ ᠭᠡᠯ ᠦᠭᠡᠢ ᠪᠦᠷ ᠭᠠᠷ ᠤᠲᠠᠰᠤᠨ᠎ᠳᠤ 《ᠲᠤᠡᠭᠲᠠᠭᠰᠠᠨ》 ᠴᠠᠭ ᠡᠷᠢᠨ᠎ᠳᠤ ᠴᠠᠭ᠋ᠠᠰᠤᠨ ᠬᠡᠪᠯᠡᠯ᠎ᠤᠨ ᠰᠤᠨᠢᠨ ᠰᠡᠳᠬᠦᠯ ᠡᠷᠬᠢᠯᠡᠨ᠎ᠡ ᠭᠡᠭᠴᠢ᠎ᠨᠢ ᠮᠠᠰᠢ ᠶᠡᠭᠡ ᠳᠠᠷᠤᠮᠲᠠ᠎ᠲᠠᠢ ᠠᠵᠢᠯ ᠪᠤᠯᠵᠠᠢ᠃   ᠸᠢᠴᠠᠲ᠂ 《ᠪᠤᠰᠢᠭᠤ ᠭᠠᠷ》᠂ ᠲᠢᠺ ᠲᠤᠺ ᠮᠡᠳᠦ ᠵᠢᠨ ᠭᠠᠷ ᠤᠲᠠᠰᠤᠨ᠎ᠤ APP᠎ᠨᠢ ᠶᠠᠭ᠋ᠠᠬᠢᠭ᠋ᠠᠳ ᠬᠦᠮᠦᠨ ᠠᠷᠠᠳ᠎ᠲᠤ ᠬᠦᠷᠢᠶᠡᠯᠡᠭᠳᠡᠨ ᠲᠠᠭ᠋ᠠᠰᠢᠶᠠᠭᠳᠠᠬᠤ ᠪᠤᠯᠤᠭᠰᠠᠨ ᠪᠤᠢ ᠭᠡᠪᠡᠯ ᠭᠤᠤᠯᠳᠠᠭᠤ ᠲᠡᠳᠡᠭᠡᠷ᠎ᠨᠢ ᠬᠦᠮᠦᠨ ᠠᠷᠠᠳ᠎ᠤᠨ ᠠᠮᠢᠳᠤᠷᠠᠯ᠂ ᠰᠡᠳᠬᠢᠯ᠂ ᠮᠦᠷᠦᠭᠡᠳᠦᠯ᠎ᠲᠠᠢ ᠰᠠᠯᠵᠤ ᠪᠤᠯᠤᠰᠢ ᠦᠭᠡᠢ ᠬᠡᠮᠡᠷ ᠭᠡᠮᠵᠢᠶᠡᠨ᠎ᠳᠤ ᠬᠦᠷᠲᠡᠯ᠎ᠡ ᠤᠢ᠌ᠷᠠᠲᠤᠭᠰᠠᠨ᠎ᠳᠤ ᠪᠠᠢ᠌ᠭ᠎ᠠ ᠶᠤᠮ᠃ ᠶᠠᠷᠢᠶᠠᠨ ᠦᠭᠡᠢ ᠰᠤᠨᠢᠨ᠂ ᠰᠡᠳᠬᠦᠯ᠎ᠢ ᠲᠤᠭᠤᠵᠤ ᠤᠡᠭᠰᠢᠬᠤ ᠬᠦᠮᠦᠨ ᠶᠠᠪᠤᠬᠤ ᠲᠤᠳᠤᠮ ᠴᠦᠭᠡᠷᠡᠵᠦ᠂ ᠳᠸᠯᠸᠢᠰ᠎ᠢ ᠴᠤ᠌ ᠲᠤᠭᠤᠵᠤ ᠱᠠᠭ᠋ᠠᠢ᠌ᠬᠤ ᠬᠦᠮᠦᠨ ᠶᠠᠪᠤᠬᠤ ᠲᠤᠳᠤᠮ ᠴᠦᠭᠡᠷᠡᠭᠰᠡᠭᠡᠷ ᠪᠠᠢ᠌ᠭ᠎ᠠ ᠦᠵᠡᠭᠳᠡᠯ᠎ᠢ ᠭᠠᠭᠴᠠ ᠬᠤᠶᠠᠷ ᠰᠡᠳᠬᠦᠯᠴᠢ ᠪᠤᠶᠤ ᠳᠸᠯᠸᠢᠰᠴᠢᠨ ᠬᠤᠪᠢᠷᠠᠭᠤᠯᠬᠤ᠎ᠳᠤ ᠪᠡᠷᠭᠡᠲᠡᠢ᠃ ᠭᠡᠪᠡᠴᠦ ᠬᠤᠪᠢᠷᠠᠭᠤᠯᠬᠤ᠎ᠳᠤ ᠪᠡᠷᠭᠡᠲᠡᠢ ᠶᠤᠮ ᠭᠡᠳ ᠬᠤᠢ᠌ᠰᠢ ᠰᠠᠭᠤᠴᠢᠬᠠᠵᠤ ᠪᠤᠯᠬᠤ ᠦᠭᠡᠢ᠃ ᠪᠡᠷᠭᠡ ᠵᠢ ᠲᠤᠭᠤᠯᠵᠤ ᠬᠦᠮᠦᠨ   ᠢᠨᠦ   ᠬᠦᠮᠦᠨ ᠪᠤᠯᠳᠠᠭ᠂ ᠪᠡᠷᠭᠡ ᠵᠢ ᠲᠤᠭᠤᠯᠵᠤ ᠰᠡᠳᠬᠦᠯ ᠠᠨᠤ ᠰᠡᠳᠬᠦᠯ ᠬᠡᠪ ᠵᠶ᠋ᠠᠷ ᠦᠯᠡᠳᠡᠳᠡᠭ᠃ ᠬᠦᠮᠦᠨ ᠠᠷᠠᠳ᠎ᠤᠨ ᠰᠡᠳᠬᠢᠯ᠎ᠳᠤ ᠬᠦᠷᠦᠭᠰᠡᠨ ᠰᠡᠳᠬᠦᠯ ᠡᠷᠬᠢᠯᠡᠶ᠎ᠡ ᠭᠡᠪᠡᠯ ᠬᠦᠮᠦᠨ ᠠᠷᠠᠳ᠎ᠤᠨ ᠠᠮᠢᠳᠤᠷᠠᠯ᠎ᠢ ᠦᠨᠡᠨ ᠬᠦ᠌ ᠬᠠᠯᠠᠮᠵᠢᠯᠠᠵᠤ᠂ ᠲᠡᠳᠡᠨ᠎ᠤ ᠶᠠᠪᠤᠳᠠᠯ ᠮᠦᠷ᠂ ᠪᠠᠶᠠᠷ ᠭᠤᠨᠢᠭ᠂ ᠬᠦᠰᠡᠯ ᠮᠦᠷᠦᠭᠡᠳᠦᠯ᠎ᠢ ᠰᠡᠳᠬᠦᠯ᠎ᠤᠨ ᠵᠶ᠋ᠠᠨ ᠬᠠᠭᠤᠳᠠᠰᠤ ᠪᠦᠬᠦᠨ᠎ᠤ ᠠᠭᠤᠯᠭ᠎ᠠ᠎ᠳᠤ ᠨᠡᠪᠴᠢᠬᠡᠭᠰᠡᠨ ᠪᠠᠢ᠌ᠬᠤ ᠭᠡᠷᠡᠭᠲᠡᠢ᠃ ᠰᠡᠳᠬᠦᠯᠴᠢ ᠵᠢᠨ ᠰᠡᠳᠬᠢᠯ᠎ᠳᠤ ᠤᠡᠭᠰᠢᠭ᠍ᠴᠢ ᠤᠷᠤᠰᠢᠪᠠᠯ᠂ ᠤᠡᠭᠰᠢᠭ᠍ᠴᠢ ᠵᠢᠨ ᠰᠡᠳᠬᠢᠯ᠎ᠳᠤ ᠰᠡᠳᠬᠦᠯ ᠤᠷᠤᠰᠢᠳᠠᠭ᠃
ᠶᠠᠭᠤᠲᠠᠢ ᠴᠤ᠌ 《ᠨᠡᠢ᠌ᠭᠡᠮ》 ᠰᠡᠳᠬᠦᠯ ᠬᠡᠪᠯᠡᠯ ᠡᠬᠢᠯᠡᠭᠡᠳ ᠭᠤᠴᠢᠨ ᠵᠢᠯ᠎ᠤᠨ ᠰᠠᠯᠬᠢ ᠪᠤᠷᠤᠭ᠋ᠠᠨ᠎ᠢ ᠲᠤᠭᠤᠯᠪᠠ᠃ ᠡᠨᠡ ᠬᠦ᠌ ᠭᠤᠴᠢᠨ ᠵᠢᠯ᠎ᠳᠤ ᠭᠡᠴᠢᠨᠡᠭᠡᠨ ᠤᠡᠭᠰᠢᠭ᠍ᠴᠢ 《ᠨᠡᠢ᠌ᠭᠡᠮ》 ᠰᠡᠳᠬᠦᠯ᠎ᠢ ᠪᠠᠬᠠᠳᠤᠨ ᠤᠡᠭᠰᠢᠵᠦ ᠶᠠᠪᠤᠭᠰᠠᠨ ᠪᠤᠯ? ᠲᠤᠭ᠎ᠠ ᠦᠭᠡᠢ ᠤᠯᠠᠨ ᠪᠠᠢ᠌ᠭ᠎ᠠ ᠯᠠ ᠪᠢᠵᠨ᠃ ᠰᠡᠳᠬᠦᠯ᠎ᠤᠨ ᠴᠠᠭ᠋ᠠᠨ ᠪᠤᠶᠠᠨ ᠭᠡᠳᠡᠭ ᠲᠡᠷᠨ ᠡ᠃ ᠮᠦᠨ ᠭᠡᠴᠢᠨᠡᠭᠡᠨ ᠵᠤᠬᠢᠶᠠᠭᠴᠢ 《ᠨᠡᠢ᠌ᠭᠡᠮ》 ᠰᠡᠳᠬᠦᠯ᠎ᠤᠨ ᠬᠠᠭᠤᠳᠠᠰᠤᠨ᠎ᠳᠤ ᠪᠦᠲᠦᠭᠡᠯ ᠵᠶ᠋ᠠᠨ ᠨᠡᠢ᠌ᠲᠡᠯᠡᠬᠦᠯᠵᠦ᠂ ᠨᠡᠷ᠎ᠡ᠎ᠪᠠᠨ ᠳᠤᠷᠠᠢ᠌ᠯᠭ᠋ᠠᠵᠤ ᠶᠠᠪᠤᠭᠰᠠᠨ ᠪᠤᠯ? ᠲᠡᠳᠡ ᠪᠦᠲᠦᠭᠡᠯ᠎ᠨᠢ ᠨᠡᠢ᠌ᠲᠡᠯᠡᠭᠳᠡᠭᠰᠡᠨ ᠰᠡᠳᠬᠦᠯ᠎ᠤᠨ ᠵᠶ᠋ᠠᠨ ᠡᠯ᠎ᠡ ᠳ᠋ᠤᠭ᠋ᠠᠷ᠎ᠢ ᠨᠠᠳᠠ ᠰᠢᠭ᠋ ᠨᠠᠡᠳᠢᠡᠭᠨᠠᠨ ᠬᠠᠲᠠᠭ᠋ᠠᠯᠠᠭᠰᠠᠭ᠋ᠠᠷ ᠪᠠᠢ᠌ᠭ᠎ᠠ ᠪᠤᠯ ᠤᠤ ᠁
    ᠰᠡᠳᠬᠢᠯ᠎ᠤᠨ ᠬᠤᠯᠪᠤᠭ᠋ᠠᠲᠠᠢ ᠰᠡᠳᠬᠦᠯ ᠲᠤᠭ᠎ᠠ᠎ᠲᠠᠢ ᠭᠡᠳᠦᠭᠡᠨ ᠪᠠᠢ᠌ᠳᠠᠭ᠂ ᠲᠡᠭᠦᠨ᠎ᠤ ᠨᠢᠭᠡ᠎ᠨᠢ 《ᠨᠡᠢ᠌ᠭᠡᠮ》!

ᠵᠤᠬᠢᠶᠠᠭᠴᠢ ᠵᠢᠨ ᠬᠠᠶᠢᠭ᠄ ᠲᠦᠡᠭᠯᠢᠶᠤᠤ ᠬᠤᠲᠠ ᠵᠢᠨ ᠨᠠᠢ᠍ᠮᠠᠨ ᠬᠤᠰᠢᠭᠤᠨ᠎ᠤ ᠰᠤᠶᠤᠯ᠎ᠤᠨ ᠭᠡᠷ


ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠰᠡᠳᠬᠦᠯ ᠪᠤᠯ ᠲᠡᠤᠬᠡ ᠶᠤᠮ
ᠰᠤᠶᠤᠯ᠎ᠤᠨ ᠭᠠᠢ᠌ᠬᠠᠮᠰᠢᠭ᠎ᠢ ᠨᠠᠷᠭᠢᠭᠤᠯᠤᠭᠰᠠᠨ《ᠨᠡᠢ᠌ᠭᠡᠮ》 ᠰᠡᠳᠬᠦᠯ ᠮᠢᠨᠢ
ᠳᠤᠷᠠᠰᠬᠤ ᠵᠢᠨ ᠵᠢᠷᠭ᠋ᠠᠯ
ᠴᠠᠭ ᠦᠶ᠎ᠡ ᠵᠢᠨ ᠴᠡᠨᠡᠭ ᠬᠦᠴᠦᠨ ——《ᠨᠠᠢ᠌ᠬᠡᠮ》 ᠰᠡᠳᠭᠦᠯ ᠎ᠤᠨ ᠵᠣᠬᠢᠶᠠᠯ ᠪᠦᠲᠦᠭᠡᠯ᠎ᠤᠨ ᠵᠢᠱ᠌ᠢᠶᠡᠨ ᠳᠡᠭᠡᠷ᠎ᠡ
ᠪᠡᠭᠡᠵᠢᠡᠭ᠎ᠳᠤ ᠴᠢᠪᠠᠬᠳᠠᠬᠰᠠᠨ ᠦᠨᠳᠤᠰᠤᠳᠡᠨ᠎ᠤ ᠪᠦᠯᠬᠦᠮᠳᠡᠯ᠎ᠤᠨ ᠠᠶᠠᠯᠭᠤ
 
            