ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠳᠤᠷᠠᠰᠬᠤ ᠵᠢᠨ ᠵᠢᠷᠭ᠋ᠠᠯ
ᠨᠡᠶᠢᠲᠡᠯᠡᠭᠰᠡᠨ ᠴᠠᠭ᠄ 2021-12-02

ᠳᠤᠷᠠᠰᠬᠤ ᠵᠢᠨ ᠵᠢᠷᠭ᠋ᠠᠯ
          ᠫᠦ᠊ · ᠦᠯᠵᠠᠢ   ᠵᠣᠬᠢᠶᠠᠪᠠ

    ᠬᠦᠮᠤᠨ ᠨᠢᠭᠡᠪᠤᠷᠢ ᠵᠢᠨ ᠠᠵᠢᠯ ᠦᠢ᠍ᠯᠡᠰ᠂ ᠳᠤᠷ᠎ᠠ ᠰᠤᠨᠢᠷᠬᠠᠯ᠂ ᠠᠮᠢᠳᠤᠷᠠᠯ᠎ᠤᠨ ᠳᠠᠳᠬᠠᠯ᠎ᠠᠴᠠ ᠪᠤᠯᠵᠤ ᠳᠡᠳᠡᠨ᠎ᠤ ᠵᠢᠷᠭ᠋ᠠᠯ᠎ᠤᠨ ᠮᠡᠳᠡᠷᠡᠮᠵᠢ ᠬᠠᠷᠢᠯᠴᠠᠨ ᠠᠳᠠᠯᠢ ᠦᠭᠡᠢ ᠪᠠᠢ᠌ᠳᠠᠭ᠃ ᠠᠵᠢᠯ ᠠᠮᠢᠳᠤᠷᠠᠯ᠎ᠤᠨ ᠳᠤᠮᠳᠠ᠎ᠪᠠᠨ ᠪᠠᠢ᠌ᠩᠭᠤ ᠰᠤᠳᠤᠷ ᠨᠤᠮ᠎ᠲᠠᠢ ᠬᠠᠨᠢᠯᠠᠵᠤ᠂ ᠪᠢᠴᠢᠭ ᠦᠰᠤᠭ᠌᠎ᠲᠠᠢ ᠨᠤᠴᠤᠯᠳᠤᠵᠤ ᠶᠠᠪᠤᠳᠠᠭ ᠬᠦᠮᠤᠨ ᠡᠳᠤᠷ᠎ᠤᠨ ᠤᠳᠠᠭ᠋ᠠᠨ᠎ᠳᠤ ᠨᠤᠮ ᠪᠢᠴᠢᠭ᠎ᠤᠨ ᠳᠤᠭᠤᠷᠢᠨ᠎ᠳᠤ ᠠᠯᠢ ᠤᠯᠠᠨ ᠳᠤᠷᠠᠳᠬᠠᠯ᠎ᠲᠠᠢ ᠪᠤᠯᠵᠤ᠂ ᠳᠡᠳᠡᠭᠡᠷ ᠵᠶ᠋ᠡᠨ ᠡᠷᠭᠢᠴᠡᠬᠦᠯᠵᠤ ᠳᠤᠷᠠᠰᠬᠤ ᠵᠢᠨ ᠵᠢᠷᠭ᠋ᠠᠯ᠎ᠳᠤ ᠱᠤᠮᠪᠠᠳᠠᠭ ᠰᠠᠨ᠃
    ᠭᠤᠴᠢᠨ ᠵᠢᠯ᠎ᠤᠨ ᠡᠮᠤᠨ᠎ᠡ 《ᠤᠩᠰᠢᠭᠴᠢᠳ᠎ᠲᠤ ᠨᠠᠢ᠌ᠭᠡᠮ᠎ᠤᠨ ᠤᠬᠠᠭ᠋ᠠᠨ᠂ ᠬᠠᠤᠯᠢ ᠵᠢᠨ ᠤᠬᠠᠭ᠋ᠠᠨ᠂ ᠶᠤᠰᠤ ᠰᠤᠷᠳᠠᠬᠤᠨ᠎ᠤ ᠤᠬᠠᠭ᠋ᠠᠨ᠂ ᠠᠮᠢᠳᠤᠷᠠᠬᠤ ᠵᠦᠢ ᠵᠢᠨ ᠤᠬᠠᠭ᠋ᠠᠨ᠂ ᠤᠷᠤᠭ᠎ᠤᠨ ᠰᠤᠳᠤᠯᠤᠯ᠂ ᠭᠡᠷ ᠪᠦᠯᠢ ᠵᠢᠨ ᠰᠤᠳᠤᠯᠤᠯ᠂ ᠦᠨᠳᠤᠰᠤᠳᠡᠨ᠎ᠤ ᠰᠤᠳᠤᠯᠤᠯ᠂ ᠠᠷᠠᠳ᠎ᠤᠨ ᠭᠡᠪ ᠵᠠᠩᠰᠢᠯ᠎ᠤᠨ ᠤᠬᠠᠭ᠋ᠠᠨ ᠵᠡᠷᠭᠡ ᠤᠯᠠᠨ ᠳᠦᠷᠤᠯ᠎ᠤᠨ ᠰᠢᠨᠵᠢᠯᠡᠬᠦ ᠤᠬᠠᠭ᠋ᠠᠨ》᠎ᠢ ᠤᠯᠠᠮᠵᠢᠯᠠᠬᠤ ᠵᠤᠷᠢᠯᠳᠠ᠎ᠲᠠᠢ ᠨᠢᠭᠡᠨ ᠰᠡᠳᠬᠦᠯ ᠮᠡᠨᠳᠤᠯᠠᠵᠤ ᠪᠢᠯᠠ᠂ ᠳᠡᠷᠡ ᠪᠤᠯ 《ᠤᠷᠴᠢᠨ ᠵᠤᠭᠢᠴᠠᠬᠤ ᠤᠷᠴᠢᠯᠠᠩ᠎ᠤᠨ ᠵᠢᠮ᠎ᠡ᠂ ᠬᠤᠪᠢᠰᠤᠨ ᠬᠦᠭᠵᠢᠬᠦ ᠨᠡᠢ᠌ᠭᠡᠮ᠎ᠤᠨ ᠶᠤᠰᠤ᠎ᠪᠠᠷ ᠤᠩᠰᠢᠭᠴᠢᠳ ᠳᠦᠮᠠᠨ  ᠎ᠳᠤ᠎ᠪᠠᠨ ᠨᠡᠩ ᠰᠢᠨ᠎ᠡ ᠰᠤᠷᠭᠤᠭ᠂ ᠠᠮᠢᠵᠢᠷᠠᠭᠤᠨ ᠳᠡᠯᠭᠡᠷᠡᠬᠦᠨ ᠠᠭᠤᠯᠭ᠎ᠠ ᠵᠢ ᠳᠤᠯᠢᠯᠠᠭᠤᠯᠬᠤ ᠬᠠᠷᠠᠭ᠋ᠠᠰᠤ》᠎ᠠᠴᠠ 《ᠤᠷᠤᠭ   ᠭᠡᠷ ᠪᠦᠯᠢ   ᠨᠠᠢ᠌ᠭᠡᠮ》᠎ᠠᠴᠠ᠎ᠪᠠᠨ 《ᠰᠢᠨᠡᠷᠭᠡᠭ ᠨᠡᠷ᠎ᠡ᠂ ᠵᠢᠪᠬᠤᠭ᠋ᠠᠯᠢᠭ ᠳᠦᠷᠬᠦ》᠎ᠪᠠᠷ ᠢᠯᠡᠷᠡᠭᠰᠡᠨ 《ᠨᠡᠢ᠌ᠭᠡᠮ》 ᠰᠡᠳᠬᠦᠯ ᠪᠤᠯᠬᠤ ᠶᠤᠮ᠃ 《ᠨᠡᠢ᠌ᠭᠡᠮ》 ᠰᠡᠳᠬᠦᠯ ᠮᠠᠨᠢ 《ᠮᠡᠳᠡᠯᠭᠡ ᠵᠢᠨ ᠴᠢᠨᠠᠷ᠂ ᠤᠨᠤᠯ᠎ᠤᠨ ᠴᠢᠨᠠᠷ᠂ ᠭᠡᠷᠡᠭᠴᠡᠭᠡᠳᠤ ᠴᠢᠨᠠᠷ᠂ ᠶᠡᠷᠤᠩᠭᠡᠢ ᠴᠢᠨᠠᠷ ᠪᠤᠯᠤᠨ ᠰᠤᠨᠢᠷᠬᠠᠯᠳᠤ ᠴᠢᠨᠠᠷ》᠎ᠢ ᠤᠶᠠᠯᠳᠤᠭᠤᠯᠤᠨ ᠤᠩᠰᠢᠭᠴᠢ ᠳᠦᠮᠡᠨ᠎ᠲᠠᠢ᠎ᠪᠠᠨ ᠵᠤᠯᠭ᠋ᠠᠵᠤ ᠪᠠᠢ᠌ᠭᠰᠠᠨ ᠪᠤᠯ᠂ ᠦᠨᠤᠳᠤᠷ 《ᠠᠷᠠᠳ᠎ᠤᠨ ᠶᠠᠪᠤᠳᠠᠯ᠎ᠤᠨ ᠤᠨᠴᠠᠯᠢᠭ᠂ ᠳᠦᠷᠤ ᠵᠢᠨ ᠪᠤᠳᠤᠯᠭ᠎ᠠ ᠵᠢᠨ ᠳᠠᠢ᠌ᠯᠤᠮᠵᠢ᠂ ᠨᠡᠢ᠌ᠭᠡᠮ᠎ᠤᠨ ᠳᠡᠯᠭᠡᠷ ᠬᠠᠷᠠᠭ᠎ᠠ᠂ ᠰᠤᠳᠤᠨ ᠪᠦᠳᠤᠭᠡᠯ᠎ᠤᠨ ᠠᠮᠳᠠᠷᠬᠠᠯ》᠎ᠢ ᠤᠩᠰᠢᠭᠴᠢ ᠤᠯᠠᠨ᠎ᠳᠤ ᠬᠦᠷᠭᠡᠵᠤ ᠴᠢᠳᠠᠭᠰᠠᠨ ᠵᠶ᠋ᠡᠷ ᠵᠶ᠋ᠡᠨ ᠨᠡᠢ᠌ᠭᠡᠮ ᠨᠠᠢ᠌ᠳᠠ᠎ᠳᠤ ᠶᠡᠭᠡᠭᠡᠨ ᠨᠦᠯᠤᠭᠡ ᠳᠤᠰᠬᠠᠯ᠎ᠲᠠᠢ ᠪᠠᠢ᠌ᠳᠠᠭ᠃
   《ᠨᠠᠢ᠌ᠭᠡᠮ》 ᠰᠡᠳᠬᠦᠯ᠎ᠲᠠᠢ ᠳᠠᠨᠢᠯᠴᠠᠵᠤ᠂ ᠳᠡᠬᠦᠨ᠎ᠢ ᠠᠩᠬᠠᠷᠤᠨ ᠤᠩᠰᠢᠵᠤ᠂ ᠮᠥᠨ ᠪᠠᠰᠠ ᠬᠠᠶᠠ ᠨᠢᠭᠡ ᠬᠤᠶᠠᠷ ᠬᠤᠪᠢ ᠡᠭᠡ ᠪᠢᠴᠢᠭ ᠪᠢᠴᠢᠵᠤ ᠨᠠᠢ᠌ᠳᠠᠯᠠᠬᠦᠯᠵᠤ ᠶᠠᠪᠤᠭᠰᠠᠨ᠎ᠤ ᠬᠤᠪᠢ᠎ᠳᠤ ᠳᠤᠷᠠᠳᠬᠠᠬᠤ ᠵᠦᠢ᠍ᠯ ᠤᠯᠠᠨ ᠦᠭᠡᠢ ᠴᠤ᠌ ᠭᠡᠰᠡᠨ ᠦᠨᠤᠳᠤᠷ ᠡᠷᠭᠢᠴᠡᠬᠦᠯᠤᠨ ᠪᠤᠳᠤᠬᠤ᠎ᠳᠤ ᠳᠤᠷᠠᠰᠬᠤ ᠶᠠᠭᠤᠮ᠎ᠠ ᠮᠥᠨ ᠪᠠᠢ᠌ᠵᠤ᠂ ᠨᠢᠭᠡ᠂ ᠬᠤᠶᠠᠷ᠂ ᠭᠤᠷᠪᠠ ᠁ ᠭᠡᠬᠦᠴᠢᠯᠡᠨ ᠳᠡᠮᠳᠡᠭᠯᠡᠵᠤ ᠴᠢᠳᠠᠬᠤ ᠦᠭᠡᠢ ᠪᠤᠯᠪᠠᠴᠤ ᠳᠤᠷᠠᠰᠬᠤ ᠵᠦᠢ᠍ᠯ ᠪᠠᠢ᠌ᠨ᠎ᠠ᠂ ᠦᠨᠢᠳᠡ ᠵᠢᠨ ᠳᠤᠷᠠᠰᠬᠠᠯ ᠪᠤᠯᠤᠭᠰᠠᠨ ᠪᠤᠳᠠᠳᠤ ᠡᠳ᠋ ᠴᠤ᠌ ᠪᠤᠢ᠃
    ᠨᠢᠭᠡᠨ ᠰᠡᠳᠬᠦᠯ᠎ᠤᠨ ᠨᠡᠢ᠌ᠭᠡᠮ ᠨᠠᠢ᠌ᠳᠠ᠎ᠳᠤ ᠮᠡᠳᠡᠷᠡᠭᠳᠡᠬᠦ᠎ᠨᠢ ᠳᠡᠬᠦᠨ᠎ᠤ ᠠᠭᠤᠯᠭ᠎ᠠ ᠪᠠᠢ᠌ᠵᠤ᠂ ᠦᠪᠡᠷᠮᠢᠴᠠ ᠭᠡᠪ ᠨᠡᠮᠪᠠ᠎ᠪᠠᠷ ᠵᠶ᠋ᠡᠨ ᠤᠩᠰᠢᠭᠴᠢ ᠵᠢ ᠡᠵᠡᠮᠳᠡᠬᠦ᠎ᠳᠤ ᠪᠠᠢ᠌ᠳᠠᠭ᠃ ᠶᠠᠮᠠᠷ ᠨᠢᠭᠡᠨ ᠵᠤᠭᠢᠶᠠᠭᠴᠢ ᠵᠢᠨ ᠰᠡᠳᠬᠦᠯ᠎ᠳᠤ ᠳᠠᠨᠢᠭᠳᠠᠬᠤ᠎ᠨᠢ ᠳᠡᠬᠦᠨ᠎ᠤ ᠡᠭᠡ ᠪᠢᠴᠢᠭ᠎ᠲᠤ ᠪᠠᠢ᠌ᠳᠠᠭ᠃ ᠤᠩᠰᠢᠭᠴᠢ ᠵᠢᠨ ᠳᠤᠮᠳᠠ ᠦᠷᠭᠡᠨ ᠨᠦᠯᠤᠭᠡ ᠳᠤᠰᠬᠠᠯ᠎ᠲᠠᠢ 《ᠨᠡᠢ᠌ᠭᠡᠮ》 ᠮᠠᠨᠢ ᠳᠡᠭᠡᠷ᠎ᠡ ᠵᠠᠭᠤᠨ᠎ᠤ ᠶᠡᠷᠡᠭᠡᠳ ᠤᠨ᠎ᠤ ᠡᠭᠢᠨ᠎ᠳᠤ ᠮᠡᠨᠳᠤᠯᠡᠮᠡᠭᠴᠠ ᠪᠢ ᠳᠡᠬᠦᠨ᠎ᠲᠠᠢ ᠳᠠᠨᠢᠯᠴᠠᠵᠤ ᠡᠳᠤᠭᠡ ᠪᠤᠯᠳᠠᠯ᠎ᠠ ᠤᠩᠰᠢᠨ ᠰᠤᠨᠢᠷᠬᠠᠵᠤ ᠤᠶᠤᠨ᠎ᠤ ᠰᠢᠮ᠎ᠡ ᠬᠦᠷᠳᠡᠬᠦ ᠵᠢᠨ ᠳᠠᠭ᠋ᠠᠤ ᠡᠭᠡ ᠪᠢᠴᠢᠭ ᠵᠶ᠋ᠡᠨ ᠢᠯᠡᠭᠡᠵᠤ ᠶᠠᠪᠤᠯ᠎ᠠ᠃ 《ᠠᠯᠠᠭ᠎ᠠ ᠴᠠᠭ᠋ᠠᠰᠤᠨ᠎ᠠᠴᠠ ᠦᠷᠳᠡᠭ ᠰᠢᠨᠵᠢᠭᠴᠢ》 ᠭᠡᠰᠡᠨ ᠨᠢᠭᠡᠨ ᠬᠤᠪᠢ ᠴᠢᠮᠠᠭᠡᠯᠡᠯ   ᠮᠢᠨᠢ ᠨᠠᠢ᠌ᠷᠠᠭᠤᠯᠤᠭᠴᠢ ᠪᠠᠭᠰᠢ ᠵᠢᠨ ᠨᠢᠮᠪᠠᠢ ᠵᠠᠰᠠᠯᠳᠠ᠎ᠪᠠᠷ 1995 ᠤᠨ᠎ᠤ ᠵᠢᠷᠭᠤᠳᠤᠭ᠋ᠠᠷ ᠬᠤᠭᠤᠴᠠᠭ᠎ᠠ᠎ᠳᠤ ᠨᠡᠢ᠌ᠳᠡᠯᠡᠭᠳᠡᠵᠤ᠂ ᠪᠢᠴᠢᠵᠤ ᠵᠢᠷᠤᠬᠤ ᠵᠢᠨ ᠤᠷᠮ᠎ᠠ ᠵᠢ ᠬᠦᠭᠵᠢᠭᠡᠨ᠂ ᠡᠭᠡ ᠪᠢᠴᠢᠭ ᠢᠯᠡᠭᠡᠬᠦ ᠵᠢᠨ ᠵᠤᠷᠢᠭ᠎ᠢ ᠬᠦᠪᠴᠢᠯᠡᠵᠤ ᠪᠢᠯᠠ᠃ ᠳᠡᠭᠡᠭᠡᠳ ᠰᠢᠷᠭ᠋ᠠᠭ᠋ᠠᠯᠳᠠ᠎ᠪᠠᠷ ᠳᠤᠳᠠᠮᠠᠭ ᠡᠭᠡ ᠪᠢᠴᠢᠭ᠎ᠤᠳ᠎ᠠᠴᠠ᠎ᠪᠠᠨ   ᠡᠷᠡᠭᠡᠯᠡᠯ ᠦᠭᠡᠢ ᠢᠯᠡᠭᠡᠳᠡᠭ ᠪᠤᠯᠵᠤ᠂ ᠨᠠᠢ᠌ᠷᠠᠭᠤᠯᠤᠴᠢ ᠪᠠᠭᠰᠢ ᠵᠢᠨ ᠠᠷᠢᠭᠤᠨ ᠬᠦᠳᠡᠯᠮᠤᠷᠢ᠎ᠪᠠᠷ ᠤᠯᠠᠮ ᠴᠢᠨᠠᠷᠵᠢᠭᠰᠠᠨ ᠠᠷᠪᠠᠭ᠋ᠠᠳ ᠡᠭᠡ ᠪᠢᠴᠢᠭ ᠰᠡᠳᠬᠦᠯ᠎ᠤᠨ ᠬᠠᠭᠤᠳᠠᠰᠤᠨ᠎ᠠ ᠢᠯᠡᠷᠡᠵᠤ᠂ ᠮᠢᠨᠤ ᠪᠢᠷ ᠵᠶ᠋ᠡᠨ ᠤᠯᠠᠮ ᠬᠤᠷᠴᠠᠯᠠᠬᠤ᠎ᠳᠤ ᠤᠷᠮ᠎ᠠ ᠬᠠᠢ᠌ᠷᠠᠯᠠᠵᠤ ᠪᠢᠯᠠ᠃ ᠨᠡᠩ ᠳᠤᠷᠠᠰᠤᠮᠵᠢ᠎ᠲᠠᠢ᠎ᠨᠢ 2017 ᠤᠨ᠎ᠤ ᠵᠢᠯ᠎ᠤᠨ ᠡᠴᠤᠰ᠎ᠲᠤ ᠪᠠᠶᠠᠨᠨᠠᠭᠤᠷ ᠬᠤᠳᠠ ᠵᠢᠨ ᠤᠷᠠᠳ᠎ᠤᠨ ᠬᠤᠢ᠌ᠳᠤ ᠬᠤᠰᠢᠭᠤᠨ᠎ᠳᠤ ᠪᠤᠯᠤᠭᠰᠠᠨ 《ᠦᠪᠤᠷ ᠮᠤᠩᠭᠤᠯ᠎ᠤᠨ ᠤᠷᠠᠳ ᠤᠪᠤᠭ᠋ᠠᠨ ᠰᠤᠶᠤᠯ᠎ᠤᠨ ᠰᠤᠳᠤᠯᠭ᠋ᠠᠨ᠎ᠤ ᠨᠡᠢ᠌ᠭᠡᠮᠯᠢᠭ ᠪᠠᠢ᠌ᠭᠤᠯᠤᠭᠳᠠᠬᠤ ᠵᠢᠴᠢ ᠤᠪᠤᠭ᠋ᠠᠨ ᠰᠤᠶᠤᠯ ᠮᠤᠩᠭᠤᠯ ᠭᠡᠷ᠎ᠤᠨ ᠰᠤᠶᠤᠯ᠎ᠤᠨ ᠰᠤᠳᠤᠯᠤᠨ ᠶᠠᠷᠢᠯᠴᠠᠬᠤ ᠬᠤᠷᠠᠯ》᠎ᠳᠤ ᠤᠷᠤᠯᠴᠠᠬᠤ ᠳᠠᠰᠢᠷᠠᠮ ᠵᠶ᠋ᠡᠷ ᠤᠷᠠᠳ᠎ᠤᠨ ᠳᠤᠬᠠᠢ ᠦᠢ᠍ᠯᠠᠭ᠋ᠠᠵᠤ ᠮᠡᠳᠡᠭᠰᠡᠨ ᠵᠶ᠋ᠡᠨ ᠡᠮᠭᠢᠯᠡᠵᠤ᠂ 《ᠤᠷᠠᠳ ᠨᠤᠳᠤᠭ᠎ᠲᠤ》 ᠭᠡᠰᠡᠨ ᠨᠢᠭᠡᠨ ᠬᠤᠪᠢ ᠡᠭᠡ ᠪᠢᠴᠢᠭ ᠢᠯᠡᠭᠡᠭᠰᠡᠨ᠎ᠢ      2020 ᠤᠨ᠎ᠤ ᠶᠢᠰᠤᠳᠤᠭᠡᠷ ᠬᠤᠭᠤᠴᠠᠭ᠎ᠠ᠎ᠳᠤ ᠨᠡᠢ᠌ᠳᠡᠯᠡᠵᠤ ᠦᠭᠬᠦᠯ᠎ᠡ᠃ ᠡᠨᠡ᠎ᠨᠢ ᠮᠢᠨᠤ ᠬᠤᠪᠢ᠎ᠳᠤ ᠠᠪᠴᠤ ᠭᠡᠯᠡᠪᠡᠯ ᠦᠨᠡᠭᠡᠷ ᠰᠠᠨᠠᠭ᠋ᠠᠨ᠎ᠠᠴᠠ ᠭᠠᠳᠠᠭᠤᠷ ᠶᠠᠪᠤᠳᠠᠯ ᠪᠤᠯᠬᠤ ᠶᠤᠮ᠂ ᠤᠴᠢᠷ᠎ᠨᠢ ᠮᠢᠨᠤ ᠪᠤᠳᠤᠯ᠎ᠳᠤ ᠬᠤᠶᠠᠷ ᠭᠤᠷᠪᠠᠨ ᠵᠢᠯ᠎ᠤᠨ ᠡᠮᠤᠨ᠎ᠡ ᠦᠭᠬᠦᠭᠰᠡᠨ ᠡᠭᠡ ᠪᠢᠴᠢᠭ ᠨᠢᠭᠡᠨᠳᠠ ᠺᠤᠮᠫᠢᠦ᠋ᠲᠸᠷ᠎ᠠᠴᠠ ᠠᠷᠴᠢᠭᠳᠠᠭᠰᠠᠨ ᠪᠠᠢ᠌ᠬᠤ ᠶᠤᠰᠤᠳᠠᠢ᠂ ᠭᠡᠪᠡᠴᠤ ᠰᠡᠳᠬᠦᠯ᠎ᠤᠨ᠎ᠬᠢᠨ ᠬᠠᠷᠢᠨ ᠢᠩᠭᠢᠵᠤ ᠭᠢᠭᠰᠡᠨ ᠦᠭᠡᠢ᠂ ᠡᠨᠡ᠎ᠨᠢ ᠨᠠᠢ᠌ᠷᠠᠭᠤᠯᠬᠤ ᠭᠡᠯᠳᠡᠰ᠎ᠤᠨ᠎ᠬᠢᠨ᠎ᠤ ᠵᠤᠭᠢᠶᠠᠭᠴᠢ᠎ᠳᠤ ᠬᠠᠨᠳᠤᠬᠤ ᠬᠠᠷᠢᠭᠤᠴᠠᠯᠭ᠋ᠠᠳᠤ ᠤᠪᠤᠷ᠂ ᠡᠭᠡ ᠪᠢᠴᠢᠭ᠎ᠢ ᠬᠠᠳᠠᠭ᠋ᠠᠯᠠᠵᠤ ᠰᠢ᠌ᠳᠪᠤᠷᠢᠯᠡᠬᠦ ᠠᠷᠭ᠎ᠠ ᠵᠢ ᠨᠢᠭᠡ ᠶᠤᠰᠤᠨ᠎ᠳᠤ ᠬᠠᠷᠠᠭᠤᠯᠵᠤ ᠪᠠᠢ᠌ᠭ᠎ᠠ ᠭᠡᠵᠤ ᠦᠵᠡᠬᠦ᠎ᠳᠤ ᠢᠯᠡᠬᠦᠳᠡᠬᠦ ᠦᠭᠡᠢ ᠪᠢᠵᠠ᠃ ᠡᠨᠡ ᠤᠴᠢᠷ᠎ᠨᠢ   ᠨᠠᠳᠠ᠎ᠳᠤ ᠮᠠᠷᠳᠠᠭᠳᠠᠰᠢ ᠦᠭᠡᠢ ᠰᠠᠭᠤᠭᠳᠠᠯ ᠦᠯᠳᠡᠭᠡᠭᠰᠡᠨ ᠪᠤᠯᠬᠤᠷ ᠡᠨᠳᠡ ᠤᠨᠴᠠᠯᠠᠵᠤ ᠳᠤᠷᠠᠳᠬᠠᠨ ᠳᠡᠮᠳᠡᠭᠯᠡᠵᠤ ᠪᠠᠢ᠌ᠭ᠎ᠠ ᠶᠤᠮ᠃
   《ᠤᠷᠤᠭ   ᠭᠡᠷ ᠪᠦᠯᠢ   ᠨᠠᠢ᠌ᠭᠡᠮ》 ᠪᠤᠶᠤ 《ᠨᠡᠢ᠌ᠭᠡᠮ》 ᠰᠡᠳᠬᠦᠯ᠎ᠲᠠᠢ ᠳᠠᠨᠢᠯᠴᠠᠵᠤ᠂ ᠴᠢᠳᠠᠬᠤ ᠵᠢᠨ ᠳᠤᠳᠤᠷ᠎ᠠ ᠰᠡᠳᠬᠦᠯ᠎ᠤᠨ ᠠᠵᠢᠯ᠎ᠢ ᠳᠡᠮᠵᠢᠵᠤ᠂ ᠴᠢᠳᠠᠯ᠎ᠤᠨ ᠵᠶ᠋ᠡᠨ ᠭᠢᠷᠢ᠎ᠪᠠᠷ ᠡᠭᠡ ᠪᠢᠴᠢᠭ ᠪᠢᠴᠢᠵᠤ ᠢᠯᠡᠭᠡᠬᠦ ᠵᠢ ᠪᠠᠷᠢᠮᠳᠠᠯᠠᠵᠤ ᠪᠠᠢ᠌ᠭᠰᠠᠨ ᠵᠶ᠋ᠡᠷ ᠰᠡᠳᠬᠦᠯ᠎ᠤᠨ ᠬᠤᠷᠢᠶ᠎ᠠ ᠵᠢᠨ ᠬᠦᠭᠢᠬᠦᠯᠤᠯ ᠵᠤᠷᠢᠭᠵᠢᠭᠤᠯᠤᠯ᠎ᠢ ᠴᠤ᠌ ᠳᠤᠰᠴᠤ ᠪᠠᠢ᠌ᠯ᠎ᠠ᠃ 1994 ᠤᠨ᠎ᠳᠤ ᠴᠢᠮᠡᠭᠡᠯᠡᠭᠴᠢ᠎ᠪᠠᠷ ᠡᠯᠰᠡᠭᠳᠡᠵᠤ᠂ 1995 ᠤᠨ᠎ᠤ ᠵᠢᠯ᠎ᠤᠨ ᠡᠭᠢᠨ᠎ᠳᠤ ᠳᠤᠷᠠᠰᠬᠠᠯ᠎ᠤᠨ ᠪᠤᠳᠠᠰ ᠬᠦᠯᠢᠶᠡᠵᠤ ᠪᠠᠢ᠌ᠭᠰᠠᠨ ᠪᠤᠯ᠂ ᠵᠢᠯ᠎ᠤᠨ ᠡᠴᠤᠰ᠎ᠲᠤ ᠰᠢᠯᠢᠳᠡᠭ ᠴᠢᠮᠡᠭᠡᠯᠡᠭᠴᠢ᠎ᠪᠠᠷ ᠦᠨᠡᠯᠡᠭᠳᠡᠵᠤ᠂ 《ᠴᠢᠮᠡᠭᠡᠯᠡᠭᠴᠢ ᠵᠢᠨ ᠦᠨᠠᠮᠯᠠᠯ》᠂ ᠰᠡᠳᠬᠦᠯ᠎ᠤᠨ ᠬᠤᠷᠢᠶ᠎ᠠ ᠵᠢᠨ 《ᠤᠷᠤᠭ ᠭᠡᠷ ᠪᠦᠯᠢ ᠨᠠᠢ᠌ᠭᠡᠮ》 ᠭᠡᠰᠡᠨ ᠮᠤᠩᠭᠤᠯ ᠭᠢᠳᠡᠳ ᠠᠩᠭ᠍ᠯᠢ ᠦᠰᠤᠭ᠌᠎ᠲᠠᠢ ᠳᠤᠰᠬᠠᠢ ᠳᠡᠮᠳᠡᠭᠯᠡᠯ᠎ᠤᠨ ᠳᠡᠪᠳᠡᠷ ᠵᠡᠷᠭᠡ ᠵᠢ ᠬᠦᠯᠢᠶᠡᠭᠰᠡᠨ᠎ᠨᠢ ᠡᠳᠤᠭᠡ ᠳᠤᠷᠠᠳᠬᠠᠯ᠎ᠲᠠᠢ᠂ ᠳᠤᠷᠠᠰᠬᠠᠯ᠎ᠲᠠᠢ ᠡᠳ᠋ ᠦᠯᠤᠭ᠌᠎ᠤᠨ ᠬᠤᠪᠢ᠎ᠪᠠᠷ ᠶᠠᠭ᠋ᠠᠭᠢᠬᠤ ᠵᠢᠨ ᠠᠷᠭ᠎ᠠ ᠦᠭᠡᠢ ᠨᠢᠳᠤᠨ ᠦᠵᠡᠭᠳᠡᠵᠤ ᠭᠠᠷ᠎ᠲᠤ ᠪᠠᠷᠢᠭᠳᠠᠭᠰᠠᠨ ᠪᠤᠳᠠᠳᠤ ᠭᠡᠷᠡᠴᠢ ᠪᠤᠯᠵᠤ ᠡᠷᠭᠢᠴᠡᠬᠦᠯᠤᠯ᠎ᠤᠨ ᠶᠢᠷᠳᠢᠨᠴᠤ᠎ᠳᠤ ᠬᠦᠳᠤᠯᠤᠭᠡᠳ ᠪᠠᠢ᠌ᠨ᠎ᠠ᠃
    ᠢᠯᠠᠩᠭᠤᠶ᠎ᠠ ᠪᠢ 2008 ᠤᠨ᠎ᠤ ᠡᠭᠢᠨ᠎ᠳᠤ ᠮᠤᠩᠭᠤᠯ ᠰᠡᠳᠬᠦᠯ᠎ᠤᠨ ᠠᠩᠬᠠᠨ᠎ᠤ ᠳ᠋ᠤᠭ᠋ᠠᠷ᠎ᠢ ᠴᠤᠭᠯᠠᠭᠤᠯᠠᠬᠤ ᠪᠤᠳᠤᠯ ᠳᠦᠷᠤᠭ᠌ᠳᠡᠵᠤ᠂ ᠬᠠᠳᠠᠭ᠋ᠠᠯᠠᠵᠤ ᠪᠠᠢ᠌ᠭᠰᠠᠨ ᠭᠡᠳᠤᠨ ᠵᠠᠭᠤᠨ ᠬᠤᠪᠢ ᠰᠡᠳᠬᠦᠯ᠎ᠤᠳ ᠵᠶ᠋ᠡᠨ ᠡᠷᠭᠢᠬᠦᠯᠵᠤ ᠤᠷᠪᠠᠭᠤᠯᠤᠭ᠋ᠠᠳ 《ᠦᠨᠳᠤᠰᠤᠳᠡᠨ᠎ᠤ ᠪᠦᠯᠬᠦᠮᠳᠠᠯ》 (ᠡᠳᠤᠭᠡ ᠵᠢᠨ 《ᠳᠤᠮᠳᠠᠳᠤ ᠵᠢᠨ ᠦᠨᠳᠤᠰᠤᠳᠡᠨ》) ᠵᠡᠷᠭᠡ ᠠᠷᠪᠠᠨ ᠳᠤᠯᠤᠭ᠋ᠠᠨ ᠬᠤᠪᠢ ᠰᠡᠳᠬᠦᠯ᠎ᠤᠨ ᠠᠩᠬᠠᠨ᠎ᠤ ᠳ᠋ᠤᠭ᠋ᠠᠷ᠎ᠢ ᠠᠩᠬ᠎ᠠ ᠰᠢᠬᠦᠨ ᠭᠠᠷᠭ᠋ᠠᠵᠤ ᠳᠡᠮᠳᠡᠭᠯᠡᠨ ᠳᠠᠩᠰᠠᠯᠠᠵᠤ ᠳᠤᠰᠬᠠᠢ ᠤᠷᠤᠨ ᠪᠠᠢ᠌ᠷᠢ ᠤᠯᠭᠤᠨ ᠳᠠᠯᠪᠢᠵᠤ ᠪᠢᠯᠠ᠃ ᠬᠠᠷᠢᠨ ᠨᠢᠭᠡ ᠵᠢᠯ᠎ᠤᠨ ᠳᠠᠷᠠᠭ᠎ᠠ᠂ ᠳᠤᠬᠠᠢ᠌ᠯᠠᠪᠠᠯ 2009 ᠤᠨ᠎ᠤ 8 ᠰᠠᠷ᠎ᠠ ᠵᠢᠨ 11᠎ᠤ ᠡᠳᠤᠷ ᠮᠥᠨ ᠬᠠᠳᠠᠭ᠋ᠠᠯᠠᠵᠤ ᠪᠠᠢ᠌ᠭ᠎ᠠ ᠨᠤᠮ ᠰᠡᠳᠬᠦᠯ ᠵᠶ᠋ᠡᠨ ᠦᠷᠬᠦᠯᠵᠢᠯᠡᠨ ᠡᠷᠭᠢᠬᠦᠯᠵᠤ ᠪᠠᠢ᠌ᠭ᠋ᠠᠳ 《ᠤᠷᠤᠭ   ᠭᠡᠷ ᠪᠦᠯᠢ   ᠨᠠᠢ᠌ᠭᠡᠮ》᠎ᠤᠨ ᠠᠩᠬᠠᠨ᠎ᠤ ᠳ᠋ᠤᠭ᠋ᠠᠷ᠎ᠢ ᠤᠯᠵᠤ᠂ ᠡᠨᠡ᠎ᠨᠢ ᠶᠠᠭ ᠯᠠ 《  ᠰᠢᠨ᠎ᠡ ᠡᠭᠡ ᠬᠠᠭᠤᠷᠠᠢ》 ᠵᠢ ᠢᠯᠡᠷᠡᠬᠦᠯᠤᠭ᠌ᠰᠡᠨ ᠮᠡᠳᠤ ᠪᠠᠶᠠᠷ ᠪᠤᠯᠵᠤ᠂ ᠮᠢᠨᠤ ᠴᠤᠭᠯᠠᠭᠤᠯᠭ᠎ᠠ ᠵᠢᠨ ᠪᠠᠶᠠᠯᠢᠭᠵᠢᠯ᠂ ᠳᠤᠭ᠎ᠠ ᠨᠤᠷᠮ᠎ᠠ ᠵᠢᠨ ᠨᠡᠮᠡᠭᠳᠡᠯ᠎ᠢ ᠠᠭᠢᠭᠤᠯᠵᠤ᠂ ᠡᠳᠤᠭᠡ ᠴᠤᠭᠯᠠᠭᠤᠯᠵᠤ ᠬᠠᠳᠠᠭ᠋ᠠᠯᠠᠭᠰᠠᠨ ᠬᠤᠶᠠᠷ ᠵᠠᠭᠤ ᠭᠠᠷᠤᠢ ᠬᠤᠪᠢ ᠠᠩᠬᠠᠨ᠎ᠤ ᠳ᠋ᠤᠭ᠋ᠠᠷ᠎ᠤᠨ ᠳᠤᠮᠳᠠ ᠦᠪᠡᠷ᠎ᠤᠨ ᠭᠡᠰᠡᠨ ᠤᠷᠤᠨ ᠪᠠᠢ᠌ᠷᠢ᠎ᠪᠠᠨ ᠡᠵᠡᠯᠡᠵᠤ᠂ ᠨᠤᠮ᠎ᠤᠨ ᠵᠢᠶᠠᠰᠠᠨ᠎ᠠ 《ᠰᠠᠭ᠋ᠠᠳᠠᠨ᠎ᠠ》᠃
    ᠡᠨᠡ ᠪᠦᠬᠦᠨ ᠪᠤᠯ ᠮᠢᠨᠤ 《ᠨᠡᠢ᠌ᠭᠡᠮ》 ᠰᠡᠳᠬᠦᠯ ᠵᠶ᠋ᠡᠨ ᠳᠤᠷᠠᠰᠴᠤ ᠰᠠᠭᠤᠬᠤ ᠵᠢᠨ ᠠᠵᠠ ᠵᠢᠷᠭ᠋ᠠᠯ ᠰᠠᠨ!

ᠵᠤᠬᠢᠶᠠᠭᠴᠢ ᠵᠢᠨ ᠬᠠᠶᠢᠭ᠄ ᠠᠯᠠᠱ᠌ᠠ ᠠᠢ᠌ᠮᠠᠭ᠎ᠤᠨ ᠠᠯᠠᠱ᠌ᠠ ᠵᠡᠬᠦᠨ ᠬᠤᠰᠢᠭᠤᠨ᠎ᠤ ᠪᠠᠶᠠᠨᠬᠤᠳᠠ ᠪᠠᠯᠭ᠋ᠠᠰᠤ ᠵᠢᠨ ᠰᠢᠤᠸᠠᠢ ᡁᠢ ᠶᠤᠸᠠᠨ ᠰᠠᠭᠤᠭ᠋ᠠᠯᠢ ᠳᠤᠭᠤᠷᠢᠭ᠎ᠤᠨ ᠠᠷᠪᠠᠳᠤᠭ᠋ᠠᠷ ᠠᠰᠠᠷ᠎ᠤᠨ ᠬᠤᠶᠠᠳᠤᠭ᠋ᠠᠷ ᠤᠷᠤᠴᠠ ᠵᠢᠨ 401 ᠳ᠋ᠤᠭᠡᠷ ᠭᠡᠷ

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠴᠠᠭ ᠦᠶ᠎ᠡ ᠵᠢᠨ ᠴᠡᠨᠡᠭ ᠬᠦᠴᠦᠨ ——《ᠨᠠᠢ᠌ᠬᠡᠮ》 ᠰᠡᠳᠭᠦᠯ ᠎ᠤᠨ ᠵᠣᠬᠢᠶᠠᠯ ᠪᠦᠲᠦᠭᠡᠯ᠎ᠤᠨ ᠵᠢᠱ᠌ᠢᠶᠡᠨ ᠳᠡᠭᠡᠷ᠎ᠡ
ᠪᠡᠭᠡᠵᠢᠡᠭ᠎ᠳᠤ ᠴᠢᠪᠠᠬᠳᠠᠬᠰᠠᠨ ᠦᠨᠳᠤᠰᠤᠳᠡᠨ᠎ᠤ ᠪᠦᠯᠬᠦᠮᠳᠡᠯ᠎ᠤᠨ ᠠᠶᠠᠯᠭᠤ
ᠦᠪᠦᠷ ᠮᠣᠩᠭᠣᠯ᠎ᠤᠨ ᠡᠩ᠎ᠤᠨ ᠳᠡᠭᠡᠳᠦ ᠰᠤᠷᠭ᠋ᠠᠭᠤᠯᠢ ᠵᠢᠨ ᠭᠡᠷ ᠪᠦᠯᠢ ᠵᠢᠨ ᠠᠵᠤ ᠠᠬᠤᠢ ᠎ᠨᠢ ᠬᠦᠴᠢᠷᠳᠡᠯᠲᠡᠢ ᠤᠶᠤᠲᠠᠳ ᠎ᠤᠨ ᠰᠤᠷᠭ᠋ᠠᠭᠤᠯᠢ᠎ᠳᠤ ᠣᠷᠤᠬᠤ ᠎ᠳᠤ ᠪᠡᠯᠡ ᠮᠦᠩᠭᠦ᠎ᠪᠠᠷ ᠲᠤᠰᠠᠯᠠᠬᠤ ᠲᠥᠷᠦ ᠵᠢᠨ ᠪᠣᠳᠤᠯᠭ᠎ᠠ
ᠡᠡᠭᠰᠡᠷᠡᠳᠡᠯ᠎ᠡ ᠰᠠᠨᠠᠬᠳᠠᠬᠤ ᠮᠢᠨᠤ ᠡᠵᠢ
ᠵᠢᠶᠠᠩᠨᠠᠨ ᠤᠷᠤᠨ᠎ᠤ ᠡᠪᠦᠯ᠎ᠤᠨ ᠦᠵᠡᠮᠵᠢ
 
            