ᠰᠤᠶᠤᠯ᠎ᠤᠨ ᠭᠠᠢ᠌ᠬᠠᠮᠰᠢᠭ᠎ᠢ ᠨᠠᠷᠭᠢᠭᠤᠯᠤᠭᠰᠠᠨ《ᠨᠡᠢ᠌ᠭᠡᠮ》 ᠰᠡᠳᠬᠦᠯ ᠮᠢᠨᠢ
—《ᠨᠡᠢ᠌ᠭᠡᠮ》ᠰᠡᠳᠬᠦᠯ᠎ᠤᠨ ᠭᠤᠴᠢᠨ ᠵᠢᠯ᠎ᠤᠨ ᠤᠢ᠎ᠳᠤ
ᠨᠠ᠊ · ᠵᠢᠷᠭ᠋ᠠᠯ ᠵᠤᠬᠢᠶᠠᠪᠠ
ᠤᠨ ᠴᠠᠭ ᠤᠷᠴᠢᠨ ᠨᠢᠳᠤ ᠢᠷᠮᠡᠬᠦ ᠵᠠᠭᠤᠷ᠎ᠠ ᠭᠤᠴᠢᠨ ᠬᠠᠪᠤᠷ ᠨᠠᠮᠤᠷ ᠦᠩᠭᠡᠷᠡᠨ ᠣᠳᠬᠤ᠎ᠳᠤ ᠬᠦᠮᠦᠨ ᠨᠡᠢ᠌ᠭᠡᠮ᠎ᠢ ᠲᠠᠨᠢᠭᠤᠯᠤᠨ ᠰᠤᠶᠤᠯ᠎ᠤᠨ ᠭᠠᠢ᠌ᠬᠠᠮᠰᠢᠭ᠎ᠢ ᠨᠠᠷᠭᠢᠭᠤᠯᠤᠭᠰᠠᠨ 《ᠨᠡᠢ᠌ᠭᠡᠮ》ᠰᠡᠳᠬᠦᠯ ᠴᠤ᠌ ᠠᠭᠤᠤ ᠶᠡᠬᠡ ᠡᠪ ᠬᠠᠮᠲᠤ ᠨᠠᠮ᠎ᠤᠨ ᠮᠡᠨᠳᠦᠯᠡᠭᠰᠡᠨ ᠵᠠᠭᠤᠨ ᠵᠢᠯ᠎ᠤᠨ ᠦᠪᠡᠳᠡᠭᠰᠢ ᠪᠠᠶᠠᠷ᠎ᠤᠨ ᠬᠦᠭᠵᠢᠶᠡᠨ ᠨᠠᠷᠭᠢᠶᠠᠨ᠎ᠤ ᠬᠠᠮᠲᠤ᠎ᠪᠠᠷ ᠭᠤᠴᠢᠨ ᠵᠢᠯ᠎ᠤᠨ ᠤᠢ᠎ᠪᠠᠨ ᠤᠭᠲᠤᠨ ᠠᠪᠴᠢᠷᠠᠯ᠎ᠠ᠃
ᠨᠤᠮ᠎ᠤᠨ ᠬᠣᠷᠭᠤᠨ ᠳᠤ᠎ᠬᠢ ᠤᠯᠠᠨ ᠭᠠᠵᠠᠷ᠎ᠤᠨ ᠮᠤᠩᠭᠤᠯ ᠬᠢᠲᠠᠳ ᠰᠡᠳᠬᠦᠯ᠎ᠢ ᠤᠷᠪᠠᠭᠤᠯᠤᠨ ᠦᠵᠡᠬᠦ ᠪᠦᠷᠢ 《ᠨᠡᠢ᠌ᠭᠡᠮ》 ᠰᠡᠳᠬᠦᠯ ᠮᠠᠨᠢ ᠬᠠᠷᠠᠭ᠋ᠠᠨ᠎ᠳᠤ ᠤᠨᠴᠠᠭ᠋ᠠᠢ ᠲᠤᠳᠤᠷᠠᠨ ᠰᠡᠳᠬᠢᠯ᠎ᠤᠨ ᠳᠤᠲᠤᠷ᠎ᠠ ᠪᠠᠶᠠᠷ ᠲᠠᠯᠠᠷᠬᠠᠯ᠎ᠤᠨ ᠦᠭᠡ ᠪᠠᠢ᠌ᠨ ᠪᠠᠢ᠌ᠨ ᠴᠣᠬᠣᠯᠵᠠᠭ᠋ᠠᠳ ᠯᠡ ᠢᠷᠡᠳᠡᠭ᠃
ᠨᠤᠮ ᠰᠡᠳᠬᠦᠯ᠎ᠤᠨ ᠦᠩᠭᠡ ᠵᠢᠨ ᠴᠡᠴᠡᠭᠡᠰ᠎ᠤᠨ ᠳᠤᠮᠳᠠ ᠦᠪᠡᠷ᠎ᠤᠨ ᠭᠡᠬᠦ ᠦᠵᠡᠰᠭᠦᠯᠡᠩ ᠵᠶ᠋ᠠᠷ ᠵᠶ᠋ᠠᠨ ᠰᠤᠳᠤᠨ ᠠᠭᠤᠯᠭ᠎ᠠ᠂ ᠰᠣᠨᠢᠭᠤᠴᠢ ᠦᠯᠢᠭᠡᠷ᠂ ᠤᠷᠮ᠎ᠠ᠎ᠲᠠᠢ ᠪᠦᠲᠦᠭᠡᠯ ᠵᠶ᠋ᠠᠷ ᠵᠶ᠋ᠠᠨ ᠦᠩᠭᠡ ᠦᠵᠡᠮᠵᠢ᠎ᠪᠠᠨ ᠱᠠᠭᠰᠢᠭᠤᠯᠤᠨ ᠳᠠᠶᠠᠭ᠋ᠠᠷ᠎ᠤᠨ ᠰᠣᠨᠤᠷ᠎ᠢ ᠮᠢᠯᠢᠶᠠᠨ ᠬᠠᠷᠠᠭ᠎ᠠ ᠵᠢ ᠪᠣᠯᠢᠶᠠᠳᠠᠭ᠎ᠨᠢ 《ᠨᠡᠢ᠌ᠭᠡᠮ》 ᠭᠡᠭᠴᠢ ᠡᠭᠡᠯ ᠵᠢᠷ᠎ᠤᠨ ᠡᠷᠬᠢᠮ ᠨᠢᠭᠡᠨ ᠮᠣᠩᠭᠤᠯ ᠰᠡᠳᠬᠦᠯ ᠪᠢᠯᠡ᠃
《ᠨᠡᠢ᠌ᠭᠡᠮ》 ᠰᠡᠳᠬᠦᠯ ᠭᠡᠭᠴᠢ ᠨᠡᠢ᠌ᠲᠡ ᠲᠦᠮᠡᠨ᠎ᠳᠤ ᠣᠶᠤᠨ᠎ᠤ ᠰᠢᠮ᠎ᠡ ᠵᠢ ᠬᠦᠷᠲᠡᠭᠡᠵᠦ᠂ ᠲᠦᠷᠦ ᠵᠠᠰᠠᠭ᠎ᠤᠨ ᠳᠠᠭᠤᠨ ᠬᠤᠭᠤᠯᠠᠢ ᠪᠤᠯᠵᠤ᠂ ᠴᠠᠭ ᠡᠷᠢᠨ᠎ᠤ ᠬᠦᠭ ᠠᠢ᠌ᠵᠠᠮ᠎ᠲᠠᠢ ᠠᠯᠬᠣᠭ᠎ᠠ ᠵᠤᠬᠢᠴᠠᠨ ᠠᠮᠢᠰᠬᠤᠭ᠎ᠠ ᠨᠢᠭᠡᠳᠴᠦ᠂ ᠦᠪᠡᠷ᠎ᠤᠨ ᠡᠭᠦᠷᠭᠡ᠎ᠪᠠᠨ ᠭᠢᠯᠠᠯᠵᠠᠲᠠᠯ᠎ᠠ ᠰᠠᠢ᠌ᠬᠠᠨ ᠪᠡᠶᠡᠯᠡᠭᠦᠯᠵᠦ ᠶᠠᠪᠤᠭᠰᠠᠨ ᠵᠶ᠋ᠠᠷ ᠵᠶ᠋ᠠᠨ ᠣᠩᠰᠢᠭᠴᠢᠳ᠎ᠤᠨ ᠲᠠᠭ᠋ᠠᠰᠢᠶᠠᠯ᠎ᠢ ᠬᠦᠷᠲᠡᠵᠦ ᠣᠢ ᠣᠬᠠᠭ᠋ᠠᠨ᠎ᠳᠤᠨᠢ ᠭᠦᠨ ᠰᠠᠭᠤᠭᠳᠠᠯ᠎ᠲᠠᠢ᠂ ᠲᠠᠷᠬᠠᠭ᠋ᠠᠯᠲᠠ ᠵᠢᠨ ᠬᠡᠪᠴᠢᠶ᠎ᠡ ᠨᠢ ᠦᠷᠭᠡᠨ ᠪᠠᠢ᠌ᠳᠠᠭ᠃
《ᠨᠡᠢ᠌ᠭᠡᠮ》 ᠰᠡᠳᠬᠦᠯ ᠮᠠᠨᠢ ᠦᠷᠭᠡᠨ ᠤᠯᠠᠨ ᠣᠩᠰᠢᠭᠴᠢᠲᠠᠢᠪᠠᠨ ᠵᠣᠯᠭ᠋ᠠᠭᠰᠠᠨ ᠲᠡᠷᠡ ᠴᠠᠭ ᠮᠦᠴᠡ᠎ᠠᠴᠠ ᠠᠷᠠᠳ᠎ᠤᠨ ᠠᠮᠢᠳᠤᠷᠠᠯ᠎ᠲᠠᠢ ᠣᠢ᠌ᠷᠠᠲᠤᠨ᠂ ᠬᠦᠮᠦᠰ᠎ᠤᠨ ᠳᠤᠷ᠎ᠠ ᠰᠣᠨᠢᠷᠬᠠᠯᠳᠤ ᠨᠡᠢ᠌ᠴᠡᠭᠰᠡᠨ ᠵᠤᠬᠢᠶᠠᠯ ᠪᠦᠲᠦᠭᠡᠯ᠎ᠢ ᠤᠳᠠᠭ᠎ᠠ ᠳᠠᠷᠠᠭ᠋ᠠᠯᠠᠨ ᠨᠡᠢ᠌ᠲᠡᠯᠡᠵᠦ᠂ ᠠᠩᠬᠠᠷᠤᠯ᠎ᠢ᠎ᠨᠢ ᠲᠠᠲᠠᠨ ᠮᠠᠰᠢ ᠰᠠᠢ᠌ᠨ ᠨᠦᠯᠦᠭᠡ ᠲᠤᠰᠬᠠᠯ ᠭᠠᠷᠭ᠋ᠠᠵᠤ᠂ 《ᠨᠡᠢ᠌ᠭᠡᠮ》 ᠰᠡᠳᠬᠦᠯ᠎ᠢ ᠮᠡᠳᠡᠬᠦ ᠦᠭᠡᠢ ᠬᠦᠮᠦᠨ ᠴᠦᠬᠡᠨ ᠪᠣᠯᠤᠭᠰᠠᠨ᠎ᠨᠢ ᠨᠢᠭᠡᠨ ᠭᠠᠢ᠌ᠬᠠᠮᠰᠢᠭ ᠶᠤᠮ᠃
— 《ᠨᠡᠢ᠌ᠭᠡᠮ》 ᠰᠡᠳᠬᠦᠯ᠎ᠢ᠎ᠪᠠᠨ ᠤᠩᠰᠢᠶ᠎ᠠ᠂ ᠤᠯᠠᠨ ᠤᠴᠢᠷ᠎ᠢ ᠮᠡᠳᠡᠵᠦ ᠪᠣᠯᠤᠨ᠎ᠠ᠂ ᠰᠠᠢ᠌ᠬᠠᠨ ᠰᠡᠳᠬᠦᠯ ᠰᠢᠦ! ᠭᠡᠵᠦ ᠬᠦᠳᠡᠭᠡ ᠵᠢᠨ ᠬᠦᠮᠦᠰ ᠬᠠᠷᠢᠯᠴᠠᠨ ᠵᠤᠭᠤᠭᠳᠠᠵᠤ ᠰᠢᠤᠳᠠᠨ᠎ᠤ ᠭᠠᠵᠠᠷ᠎ᠢ ᠴᠢᠭᠯᠡᠬᠦ ᠨᠢ ᠪᠠᠢ᠌ᠩᠭᠤ ᠬᠠᠷᠠᠭᠳᠠᠳᠠᠭ᠎ᠨᠢ ᠦᠨᠡᠨ ᠃
— ᠲᠡᠷᠡ ᠤᠳᠠᠭ᠎ᠠ ᠵᠢᠨ ᠰᠡᠳᠬᠦᠯ᠎ᠳᠤ ᠮᠠᠯᠴᠢᠨ ᠲᠦᠮᠡᠨ᠎ᠤ ᠠᠮᠢᠳᠤᠷᠠᠯ᠎ᠤᠨ ᠲᠤᠬᠠᠢ ᠤᠨᠤᠪᠴᠢᠲᠡᠢ ᠰᠠᠢ᠌ᠬᠠᠨ ᠶᠠᠷᠢᠭᠰᠠᠨ ᠶᠤᠮ᠃ ᠮᠠᠨᠤᠰ᠎ᠲᠤ ᠲᠤᠰᠠ ᠳᠦᠭᠦᠮ ᠪᠤᠯᠤᠭᠰᠠᠨ ᠳ᠋ᠠ! ᠭᠡᠵᠦ ᠬᠠᠶᠠ ᠨᠢᠭᠡ ᠨ᠊ᠢ ᠪᠤᠳᠤᠯ ᠵᠶ᠋ᠠᠨ ᠳᠡᠯᠭᠡᠳᠡᠭ᠃
ᠬᠦᠳᠡᠭᠡ ᠨᠤᠲᠤᠭ᠎ᠤᠨ ᠬᠦᠮᠦᠰ᠎ᠲᠤ《ᠨᠡᠢ᠌ᠭᠡᠮ》 ᠰᠡᠳᠬᠦᠯ᠎ᠨᠢ ᠤᠩᠰᠢᠬᠤ ᠵᠢᠨ ᠰᠤᠨᠢᠷᠬᠠᠯ᠂ ᠰᠤᠷᠬᠤ ᠵᠢᠨ ᠪᠠᠬᠠᠷᠬᠠᠯ᠂ ᠰᠢᠨᠵᠢᠯᠡᠬᠦ ᠤᠬᠠᠭ᠋ᠠᠨ᠎ᠤ ᠰᠢᠮ᠎ᠡ ᠬᠦᠷᠲᠡᠭᠡᠯ᠂ ᠠᠮᠢᠳᠤᠷᠠᠯ᠎ᠤᠨ ᠲᠤᠰᠠᠯᠠᠮᠵᠢ᠂ ᠦᠨᠡᠯᠡᠬᠦ ᠵᠢᠨ ᠰᠢᠵᠢᠮ ᠪᠣᠯᠵᠤ ᠪᠠᠢ᠌ᠭᠰᠠᠨ᠎ᠨᠢ ᠡᠷᠭᠢᠴᠡᠭᠦᠯᠦᠨ ᠪᠣᠳᠤᠬᠤ᠎ᠳᠤ ᠢᠲᠡᠭᠡᠭᠳᠡᠰᠢ ᠦᠭᠡᠢ ᠭᠠᠢ᠌ᠬᠠᠮᠰᠢᠭ ᠭᠡᠪᠡᠯ ᠨᠢᠭᠡ ᠯᠡ ᠦᠭᠡ ᠰᠠᠨ᠃
ᠲᠤᠬᠠᠢ ᠵᠢᠨ ᠦᠶᠡᠰ ᠬᠦᠳᠡᠭᠡ ᠶᠠᠪᠤᠬᠤ ᠵᠠᠭᠤᠷ᠎ᠠ ᠡᠭᠡᠯ ᠵᠢᠷ᠎ᠤᠨ ᠮᠠᠯᠴᠢᠳ ᠴᠤ᠌《ᠨᠡᠢ᠌ᠭᠡᠮ》 ᠰᠡᠳᠬᠦᠯ᠎ᠢ ᠬᠤᠪᠢ᠎ᠪᠠᠷ ᠵᠶ᠋ᠠᠨ ᠵᠠᠬᠢᠶᠠᠯᠠᠨ ᠤᠩᠰᠢᠵᠤ᠂ ᠬᠢᠷᠢ ᠪᠠᠷᠤᠭ᠎ᠤᠨ ᠪᠢᠴᠢᠭ ᠮᠡᠳᠡᠬᠦ ᠠᠢ᠌ᠯ᠎ᠳᠤ ᠨᠢᠭᠡᠨ ᠬᠤᠪᠢ ᠬᠠᠷᠠᠭᠳᠠᠵᠤ ᠪᠠᠢ᠌ᠵᠠᠢ ᠭᠡᠬᠦ᠎ᠳᠤ ᠬᠡᠲᠦᠷᠡᠮᠡᠷ ᠤᠴᠢᠷ ᠦᠭᠡᠢ᠃ ᠬᠠᠮᠢᠭ᠎ᠠ ᠭᠠᠵᠠᠷ ᠬᠦᠷᠦᠭᠰᠡᠨ ᠴᠤ᠌ ᠨᠣᠮ ᠰᠡᠳᠬᠦᠯ᠎ᠤᠨ ᠲᠤᠬᠠᠢ ᠵᠤᠭᠤᠭᠳᠠᠪᠠᠯ ᠬᠠᠮᠤᠭ᠎ᠤᠨ ᠲᠦᠷᠦᠭᠦᠦ 《ᠨᠡᠢ᠌ᠭᠡᠮ》 ᠰᠡᠳᠬᠦᠯ᠎ᠢ ᠪᠠᠬᠠᠲᠠᠢ᠌ᠬᠠᠨ ᠬᠦᠤᠷᠨᠢᠯᠳᠦᠵᠦ᠂ ᠠᠯᠢ ᠬᠤᠭᠤᠴᠠᠭ᠎ᠠ ᠵᠢᠨ ᠶᠠᠮᠠᠷ ᠵᠤᠬᠢᠶᠠᠯ᠎ᠨᠢ ᠤᠩᠰᠢᠬᠤ᠎ᠳᠤ ᠰᠠᠢ᠌ᠬᠠᠨ᠂ ᠠᠯᠢ ᠬᠤᠭᠤᠴᠠᠭ᠎ᠠ ᠵᠢᠨ ᠠᠯᠢ ᠨᠢᠭᠡᠨ ᠵᠤᠬᠢᠶᠠᠯ᠎ᠨᠢ ᠰᠣᠨᠢᠨ ᠰᠡᠪᠡᠭᠦᠨ ᠭᠡᠵᠦ ᠤᠷᠮ᠎ᠠ᠎ᠲᠠᠢ ᠶᠠᠷᠢᠯᠳᠤᠨ ᠪᠠᠬᠠᠲᠠᠢ ᠳᠦᠷᠭᠢᠯᠳᠦᠬᠦᠨᠢ ᠨᠢᠭᠡᠨ ᠴᠠᠭ᠎ᠤᠨ ᠤᠶᠤᠨ᠎ᠤ ᠲᠡᠵᠢᠭᠡᠯ ᠰᠡᠳᠬᠢᠯ᠎ᠤᠨ ᠪᠠᠬᠠᠷᠬᠠᠯ ᠪᠤᠯᠵᠤ ᠪᠠᠢ᠌ᠵᠠᠢ᠃
— ᠡᠷᠡᠭᠦᠯ ᠬᠠᠮᠠᠭ᠋ᠠᠯᠠᠯ᠂ ᠠᠮᠢᠳᠤᠷᠠᠯ᠎ᠤᠨ ᠶᠡᠷᠦ ᠵᠢᠨ ᠮᠡᠳᠡᠯᠭᠡ ᠭᠡᠵᠦ ᠶᠡᠷᠦ᠎ᠠᠴᠠ ᠤᠯᠵᠤ ᠮᠡᠳᠡᠭᠡᠳᠦᠢ ᠰᠢᠨ᠎ᠡ ᠤᠴᠢᠷ᠂ ᠶᠤᠰᠤᠲᠡᠢ ᠨᠢᠳᠤ ᠨᠡᠬᠡᠭᠡᠭᠳᠡᠯᠡ! ᠭᠡᠵᠦ ᠤᠩᠰᠢᠭᠴᠢᠳ ᠪᠤᠳᠤᠯ᠎ᠤᠨ ᠦᠭᠡ᠎ᠪᠠᠨ ᠬᠡᠯᠡᠳᠡᠭ᠎ᠨᠢ ᠪᠠᠢ᠌ᠨ ᠳᠠᠬᠢᠨ ᠰᠤᠨᠤᠷ᠎ᠲᠤ ᠬᠠᠩᠭᠢᠨᠠᠭ᠋ᠠᠳ ᠪᠠᠢ᠌ᠳᠠᠭ᠎ᠨᠢ ᠬᠠᠴᠢᠨ ᠶᠤᠮ᠃
ᠮᠢᠨᠤ ᠪᠡᠶ᠎ᠡ ᠴᠤ᠌ ᠡᠭᠡᠯ ᠨᠢᠭᠡᠨ ᠤᠩᠰᠢᠭᠴᠢ᠂ ᠠᠵᠢᠯ᠎ᠤᠨ ᠴᠢᠯᠦᠭᠡᠨ᠎ᠤ ᠵᠤᠬᠢᠶᠠᠭᠴᠢ ᠵᠢᠨ ᠬᠤᠪᠢ᠎ᠳᠤ 《ᠨᠡᠢ᠌ᠭᠡᠮ》 ᠰᠡᠳᠬᠦᠯ᠎ᠢ᠎ᠪᠠᠨ ᠦᠷᠭᠦᠯᠵᠢ ᠠᠩᠬᠠᠷᠤᠨ ᠤᠩᠰᠢᠵᠤ᠂ ᠰᠤᠳᠤᠨ ᠰᠠᠢ᠌ᠬᠠᠨ ᠪᠦᠲᠦᠭᠡᠯ᠎ᠢ᠎ᠨᠢ ᠰᠤᠨᠢᠷᠬᠠᠵᠤ᠂ ᠮᠡᠳᠡᠯᠭᠡ ᠵᠢᠨ ᠰᠠᠩ᠎ᠠᠴᠠ ᠬᠢᠴᠢᠶᠡᠯ ᠰᠤᠷᠴᠤ᠂ ᠦᠭᠡᠰ᠎ᠤᠨ ᠳᠠᠯᠠᠢ᠎ᠠᠴᠠ ᠪᠢᠴᠢᠭ ᠡᠵᠡᠮᠰᠢᠵᠦ᠂ ᠬᠦᠮᠦᠨ ᠵᠤᠨᠲᠠᠢᠪᠠᠨ ᠠᠳᠠᠯᠢᠬᠠᠨ ᠪᠠᠬᠠᠷᠬᠠᠨ ᠬᠦᠤᠷᠨᠢᠯᠳᠦᠵᠦ᠂ ᠬᠡᠮᠵᠢᠶᠡᠯᠡᠰᠢ ᠦᠭᠡᠢ ᠪᠠᠬᠠᠳᠤᠯ ᠵᠤᠷᠢᠭᠵᠢᠯ᠂ ᠠᠴᠢ ᠲᠤᠰᠠ ᠵᠢ᠎ᠨᠢ ᠬᠦᠷᠲᠡᠵᠦ ᠶᠠᠪᠤᠭᠰᠠᠨ ᠮᠢᠨᠢ ᠬᠡᠵᠢᠶ᠎ᠡ ᠴᠤ᠌ ᠮᠠᠷᠲᠠᠭᠳᠠᠰᠢ ᠦᠭᠡᠢ ᠪᠠᠯ ᠪᠤᠷᠠᠮ ᠰᠢᠭ᠋ ᠳᠤᠷᠠᠳᠬᠠᠯ ᠪᠠᠢ᠌ᠨᠠᠮ᠃
ᠭᠤᠴᠢᠨ ᠵᠢᠯ᠎ᠤᠨ ᠬᠠᠪᠤᠷ ᠨᠠᠮᠤᠷ᠎ᠢ᠎ᠨᠢ ᠪᠠᠬᠠᠳᠤᠨ ᠡᠷᠭᠢᠴᠡᠭᠦᠯᠬᠦ᠎ᠳᠤ ᠣᠯᠳᠤᠢ ᠪᠦᠲᠦᠭᠡᠯ ᠮᠢᠨᠢ ᠤᠷᠤᠨ ᠵᠠᠢ᠎ᠪᠠᠨ ᠡᠵᠡᠯᠡᠵᠦ᠂ ᠳᠦᠷᠪᠡᠨ ᠵᠦᠭ᠎ᠤᠨ ᠤᠩᠰᠢᠭᠴᠢ ᠵᠢᠨ ᠠᠯᠠᠭ᠋ᠠᠨ᠎ᠳᠤ ᠳᠤᠷᠠᠢ᠌ᠵᠤ᠂ ᠨᠢᠭᠡᠨ ᠴᠠᠭ᠎ᠤᠨ ᠵᠤᠭ᠎ᠠ ᠴᠡᠩᠭᠡᠯ ᠪᠤᠯᠵᠤ ᠪᠠᠢ᠌ᠭᠰᠠᠨ᠎ᠢ ᠬᠡᠯᠡᠬᠦ᠎ᠳᠤ ᠪᠠᠬᠠᠲᠠᠢ ᠪᠢᠯᠡ᠃
ᠮᠢᠨᠤ ᠪᠢᠴᠢᠭᠰᠡᠨ 《ᠨᠤᠲᠤᠭ᠎ᠤᠨ ᠰᠠᠢ᠌ᠬᠠᠨ》᠂ 《ᠰᠦᠨ ᠴᠡᠴᠡᠭ》᠂ 《ᠡᠬᠡ ᠬᠡᠯᠡᠨ᠎ᠤ ᠢᠪᠡᠭᠡᠯᠳᠤ》᠂ 《ᠬᠦᠳᠡᠭᠡ ᠪᠠᠭᠤᠭᠰᠠᠨ ᠲᠡᠮᠳᠡᠭᠯᠡᠯ》᠂ 《ᠨᠤᠲᠤᠭ᠎ᠤᠨ ᠦᠳᠡᠰᠢ》᠂ 《ᠡᠪᠦᠯ᠎ᠤᠨ ᠦᠳᠡ》᠂ 《ᠨᠤᠲᠤᠭ᠎ᠤᠨ ᠬᠡᠰᠢᠭ》᠂ 《ᠠᠷᠪᠠᠨ ᠵᠢᠷᠭᠤᠭ᠋ᠠᠨ ᠨᠠᠰᠤ》᠂ 《ᠤᠯᠠᠭ᠋ᠠᠡᠮᠦ᠋ᠴᠢᠷ ᠢᠷᠡᠯ᠎ᠡ》᠂ 《ᠭᠤᠷᠯᠤᠰ ᠨᠤᠲᠤᠭ᠎ᠲᠤ》 ᠵᠡᠷᠭᠡ ᠵᠢᠨ ᠭᠤᠴᠢᠭ᠋ᠠᠳ ᠪᠦᠲᠦᠭᠡᠯ ᠮᠢᠨᠢ《ᠨᠡᠢ᠌ᠭᠡᠮ》ᠰᠡᠳᠬᠦᠯ᠎ᠳᠤ ᠨᠡᠢ᠌ᠲᠡᠯᠡᠭᠳᠡᠵᠡᠢ᠃ ᠡᠨᠡ ᠪᠦᠬᠦᠨ ᠪᠣᠯ ᠡᠷᠬᠢᠮ ᠰᠡᠳᠬᠦᠯ᠎ᠤᠨ ᠮᠢᠨᠢ ᠦᠭᠭᠢᠶᠡᠮᠦᠷ ᠬᠠᠢ᠌ᠷ᠎ᠠ᠂ ᠡᠷᠬᠢᠮ ᠨᠠᠢ᠌ᠷᠠᠭᠤᠯᠤᠭᠴᠢ ᠪᠠᠭᠰᠢ ᠨᠠᠷ᠎ᠤᠨ ᠨᠠᠨᠳᠢᠨ ᠬᠦᠳᠡᠯᠮᠦᠷᠢ᠂ ᠴᠠᠭ ᠦᠶ᠎ᠡ ᠵᠢᠨ ᠦᠩᠭᠡ ᠵᠢᠷᠤᠭ᠎ᠢ ᠪᠢᠴᠢᠭᠰᠡᠨ ᠲᠡᠮᠳᠡᠭᠯᠡᠯ ᠬᠡᠮᠡᠨ ᠪᠢ ᠴᠢᠩ ᠰᠡᠳᠬᠢᠯ᠎ᠠᠴᠠ᠎ᠪᠠᠨ ᠲᠠᠯᠠᠷᠬᠠᠳᠠᠭ᠃
2011 ᠣᠨ᠎ᠤ 11 ᠳ᠋ᠤᠭᠡᠷ ᠰᠠᠷ᠎ᠠ᠎ᠳᠤ ᠡᠬᠡ ᠤᠯᠤᠰ᠎ᠤᠨ ᠪᠠᠷᠠᠭᠤᠨ ᠡᠮᠦᠨᠡᠲᠦ ᠬᠢᠵᠠᠭ᠋ᠠᠷ ᠲᠤᠬ᠎ᠢ ᠰᠸᠴᠤᠸᠠᠨ ᠮᠤᠵᠢ ᠵᠢᠨ ᠰᠢᠴᠠᠩ ᠬᠤᠲᠠ᠎ᠳᠤ ᠮᠤᠩᠭᠤᠯ ᠰᠡᠳᠬᠦᠯ᠎ᠤᠨ ᠡᠭᠡᠯᠵᠢᠲᠦ ᠬᠤᠷᠠᠯ᠎ᠳᠤ ᠤᠷᠢᠭᠳᠠᠨ ᠣᠷᠣᠯᠴᠠᠭᠰᠠᠨ᠎ᠨᠢ ᠡᠨᠡ ᠨᠠᠰᠤᠨ᠎ᠤ ᠬᠠᠮᠤᠭ᠎ᠤᠨ ᠶᠡᠬᠡ ᠤᠯᠵᠠᠭᠤᠷᠬᠠᠯ ᠶᠤᠮ᠃ ᠲᠡᠷᠡ ᠤᠳᠠᠭ᠋ᠠᠨ᠎ᠤ ᠠᠶᠠᠯᠠᠯ᠎ᠢ᠎ᠪᠠᠨ ᠡᠮᠬᠢᠯᠡᠨ ᠪᠢᠴᠢᠭᠰᠡᠨ 《ᠲᠦᠮᠡᠨ ᠭᠠᠵᠠᠷ ᠠᠶᠠᠯᠠᠨ ᠲᠦᠷᠦᠯ ᠤᠭᠰᠠᠭ᠎ᠠ᠎ᠪᠠᠨ ᠡᠷᠭᠢᠨ ᠦᠵᠡᠭᠰᠡᠨ᠎ᠨᠢ》 ᠭᠡᠬᠦ ᠵᠤᠬᠢᠶᠠᠯ ᠢ ᠮᠢᠨᠢ 《ᠨᠡᠢ᠌ᠭᠡᠮ》 ᠰᠡᠳᠬᠦᠯ ᠮᠢᠨᠢ 2012 ᠣᠨ᠎ᠤ ᠭᠤᠷᠪᠠᠳᠤᠭ᠋ᠠᠷ ᠬᠤᠭᠤᠴᠠᠭ᠎ᠠ᠎ᠠᠴᠠ᠎ᠪᠠᠨ ᠡᠬᠢᠯᠡᠨ ᠨᠡᠢ᠌ᠲᠡᠯᠡᠵᠦ᠂ ᠨᠡᠢ᠌ᠲᠡ ᠳᠤᠯᠤᠭ᠋ᠠᠨ ᠬᠤᠭᠤᠴᠠᠭ᠎ᠠ ᠦᠷᠭᠦᠯᠵᠢᠯᠡᠨ ᠨᠡᠢ᠌ᠲᠡᠯᠡᠭᠰᠡᠨ᠎ᠨᠢ ᠤᠩᠰᠢᠭᠴᠢᠳ᠎ᠤᠨ ᠳᠤᠮᠳᠠ ᠭᠦᠨ ᠨᠦᠯᠦᠭᠡ ᠭᠠᠷᠴᠤ ᠲᠠᠭ᠋ᠠᠰᠢᠶᠠᠯ᠎ᠢ᠎ᠨᠢ ᠬᠦᠷᠲᠡᠵᠦ᠂ ᠰᠡᠳᠬᠢᠯ᠎ᠳᠤ ᠮᠢᠨᠢ ᠡᠷᠬᠢᠮ ᠨᠠᠨᠳᠢᠨ ᠳᠤᠷᠠᠰᠤᠯ ᠪᠤᠯᠤᠨ ᠰᠡᠢ᠌ᠯᠦᠭᠳᠡᠭᠰᠡᠨ ᠵᠶ᠋ᠠᠨ ᠡᠷᠭᠢᠴᠡᠭᠦᠯᠦᠨ ᠪᠤᠳᠤᠬᠤ᠎ᠳᠤ ᠳᠤᠭᠳᠤᠯᠤᠨ ᠪᠠᠶᠠᠰᠳᠠᠭ᠃ ᠪᠢ ᠡᠳᠡᠭᠡᠷ ᠰᠡᠳᠬᠦᠯ᠎ᠢ᠎ᠪᠠᠨ ᠲᠢᠭᠯᠡᠵᠦ᠂ ᠳᠠᠩᠰᠡ ᠡᠪᠬᠡᠮᠡᠯ᠎ᠤᠨ ᠬᠦᠷᠢᠶᠡᠯᠡᠩ᠎ᠳᠤ ᠬᠦᠷᠭᠡᠨ ᠦᠨᠢᠳᠡ ᠵᠢᠨ ᠦᠪ ᠪᠣᠯᠭ᠋ᠠᠨ ᠬᠠᠳᠠᠭ᠋ᠠᠯᠠᠭᠰᠠᠨ ᠶᠤᠮ᠃
《ᠨᠡᠢ᠌ᠭᠡᠮ》ᠰᠡᠳᠬᠦᠯ ᠮᠢᠨᠢ ᠣᠩᠰᠢᠭᠴᠢ ᠲᠦᠮᠡᠨ᠎ᠳᠤ ᠣᠶᠣᠨ᠎ᠤ ᠬᠤᠷ᠎ᠠ ᠱᠠᠭᠢᠭᠣᠯᠵᠤ᠂ ᠰᠡᠳᠬᠢᠯ᠎ᠤᠨ ᠷᠠᠰᠢᠶᠠᠨᠢ ᠰᠣᠶᠣᠷᠬᠠᠵᠤ᠂ ᠪᠠᠶᠠᠷ ᠪᠠᠬᠠᠳᠤᠯ᠂ ᠬᠦᠰᠡᠯ ᠪᠤᠳᠤᠯ᠎ᠤᠨ ᠬᠢᠨᠢ ᠲᠤᠷᠭ᠋ᠠᠨ ᠰᠢᠵᠢᠮ ᠪᠣᠯᠤᠭᠰᠠᠭ᠋ᠠᠷ ᠢᠷᠡᠵᠡᠢ᠃ 《ᠨᠡᠢ᠌ᠭᠡᠮ》 ᠰᠡᠳᠬᠦᠯ᠎ᠠᠴᠠ ᠠᠷᠠᠳ᠎ᠤᠨ ᠵᠠᠩ ᠦᠢ᠍ᠯᠡ᠂ ᠰᠤᠶᠤᠯ᠂ ᠬᠡᠤᠬᠡᠳ ᠪᠠᠭ᠋ᠠᠴᠤᠳ᠎ᠢ ᠬᠦᠮᠦᠵᠢᠭᠦᠯᠬᠦ ᠶᠤᠰᠤᠨ᠂ ᠡᠷᠲᠡ ᠡᠳᠦᠭᠡ ᠵᠢᠨ ᠲᠡᠤᠬᠡ ᠵᠢᠨ ᠲᠤᠬᠠᠢ ᠤᠯᠠᠨ ᠵᠤᠬᠢᠶᠠᠯ᠎ᠢ ᠠᠮᠲᠠᠷᠬᠠᠨ ᠤᠩᠰᠢᠵᠤ᠂ ᠮᠡᠳᠡᠯᠭᠡ ᠤᠢ᠌ᠯᠠᠭ᠋ᠠᠯᠲᠠ᠎ᠪᠠᠨ ᠨᠡᠮᠡᠭᠳᠡᠭᠦᠯᠦᠨ᠂ ᠦᠨᠡᠲᠦ ᠴᠤᠬᠠᠭ ᠬᠦᠮᠦᠵᠢᠯ᠎ᠢ ᠬᠦᠷᠲᠡᠭᠰᠡᠨ᠎ᠨᠢ ᠠᠵᠢᠯ ᠦᠢ᠍ᠯᠡᠰ᠎ᠲᠤ ᠮᠢᠨᠢ ᠲᠤᠰᠠ ᠪᠣᠯᠵᠤ᠂ ᠵᠤᠬᠢᠶᠠᠨ ᠪᠢᠴᠢᠯᠭᠡ᠎ᠳᠤ ᠮᠢᠨᠢ ᠳᠡᠮ ᠦᠵᠡᠭᠦᠯᠦᠭᠰᠡᠨ ᠦᠨ᠎ᠡ ᠴᠡᠨ᠎ᠡ ᠨᠢ ᠦᠨᠡᠯᠡᠬᠦ ᠵᠢᠨ ᠠᠷᠭ᠎ᠠ ᠦᠭᠡᠢ ᠶᠣᠮ᠃
ᠴᠠᠭ ᠡᠷᠢᠨ ᠣᠷᠤᠭᠰᠢᠯᠠᠵᠤ᠂ ᠰᠤᠶᠤᠯ ᠮᠡᠷᠭᠡᠵᠢᠯ ᠨᠢᠰᠬᠦ ᠮᠡᠲᠦ ᠲᠦᠷᠭᠡᠨ ᠬᠦᠭᠵᠢᠵᠤ ᠪᠤᠢ᠃ 《ᠨᠡᠢ᠌ᠭᠡᠮ》ᠰᠡᠳᠬᠦᠯ ᠮᠢᠨᠢ ᠦᠩᠭᠡᠷᠡᠭᠰᠡᠨ᠎ᠤ ᠠᠮᠵᠢᠯᠲᠠ᠎ᠪᠠᠨ ᠨᠠᠨᠳᠢᠩᠨᠠᠵᠤ᠂ ᠦᠨᠦᠳᠦᠷ᠎ᠤᠨ ᠪᠦᠲᠦᠮᠵᠢ᠎ᠪᠠᠨ ᠡᠷᠬᠢᠮᠯᠡᠵᠦ᠂ ᠢᠷᠡᠬᠦ ᠮᠠᠷᠭ᠋ᠠᠰᠢ ᠵᠢᠨ ᠳᠦᠷᠦᠭᠡ ᠪᠠᠨ ᠴᠢᠩᠭ᠋ᠠᠯᠠᠨ᠂ ᠤᠩᠰᠢᠭᠴᠢ ᠲᠦᠮᠡᠨ᠎ᠳᠤ᠎ᠪᠠᠨ ᠣᠶᠣᠨ᠎ᠢ ᠰᠡᠬᠡᠭᠡᠷᠡᠭᠦᠯᠦᠨ ᠪᠢᠯᠢᠭ᠎ᠢ ᠬᠤᠷᠴᠠᠯᠠᠬᠤ ᠰᠤᠳᠤᠨ ᠪᠦᠲᠦᠭᠡᠯ ᠵᠶ᠋ᠠᠨ ᠦᠷᠭᠦᠯᠵᠢ ᠬᠦᠷᠲᠡᠭᠡᠬᠦ ᠵᠢ ᠬᠦᠰᠡᠨ ᠵᠦᠩᠨᠡᠨᠡᠮ᠃
《 ᠨᠡᠢ᠌ᠭᠡᠮ》 ᠰᠡᠳᠬᠦᠯ ᠮᠢᠨᠢ ᠮᠤᠩᠭᠤᠯ ᠮᠣᠷᠢᠨ᠎ᠤ ᠵᠤᠷᠢᠭ ᠰᠠᠨᠠᠭ᠎ᠠ᠎ᠪᠠᠷ ᠦᠢ᠍ᠯᠡᠰ᠎ᠤᠨ ᠠᠶᠠᠨ᠎ᠳᠤ ᠪᠠᠨ ᠬᠤᠰᠢᠭᠤᠷᠠᠵᠤ᠂ ᠨᠡᠢ᠌ᠭᠡᠮ᠎ᠤᠨ ᠬᠦᠭᠵᠢᠯᠲᠡ ᠳᠠᠪᠰᠢᠯᠲᠠ᠎ᠳᠤ ᠠᠷᠠᠯ᠎ᠤᠨ ᠱᠠᠷ ᠮᠡᠲᠦ ᠵᠢᠳᠬᠦᠨ᠂ ᠠᠵᠢᠯ ᠦᠢ᠍ᠯᠡᠰ᠎ᠤᠨ ᠢᠷᠠᠭᠤ ᠬᠠᠭᠤᠳᠠᠰᠤ ᠪᠠᠨ ᠳᠠᠬᠢᠨ ᠪᠢᠴᠢᠭᠯᠡᠬᠦ ᠪᠣᠯᠣᠭ᠋ᠠᠰᠠᠢ᠃
《ᠨᠡᠢ᠌ᠭᠡᠮ》 ᠰᠡᠳᠬᠦᠯ ᠮᠢᠨᠢ ᠰᠤᠳᠤᠨ ᠬᠡᠪᠯᠡᠯ
ᠨᠡᠢ᠌ᠲᠡ ᠲᠦᠮᠡᠨ᠎ᠤ ᠬᠠᠮᠲᠤ ᠵᠢᠨ ᠰᠡᠳᠬᠦᠯ
ᠨᠠᠷᠭᠢᠨ ᠪᠠᠶᠠᠰᠬᠤ ᠵᠢᠨ ᠠᠯᠲᠠᠨ ᠰᠢᠵᠢᠮ
ᠨᠠᠷᠠᠯᠠᠭ ᠬᠤᠷᠸ᠎ᠠ ᠵᠢᠨ ᠤᠶᠤᠨ᠎ᠤ ᠬᠤᠷ᠎ᠠ ᠁ ᠭᠡᠵᠦ ᠭᠤᠴᠢᠨ ᠵᠢᠯ᠎ᠤᠨ ᠠᠶᠠᠨ᠎ᠤ ᠠᠮᠵᠢᠯᠲᠠ᠂ ᠬᠦᠰᠡᠯ᠎ᠤᠨ ᠰᠠᠢ᠌ᠬᠠᠨ ᠢᠷᠡᠭᠡᠳᠦᠢ ᠵᠢ ᠴᠢᠨᠢ ᠪᠢ ᠪᠠᠬᠠᠷᠬᠠᠨ ᠳᠠᠭᠤᠯᠠᠨᠠᠮ᠃
ᠵᠤᠬᠢᠶᠠᠭᠴᠢ ᠵᠢᠨ ᠬᠠᠶᠢᠭ : ᠠᠷᠤ ᠬᠤᠷᠴᠢᠨ ᠬᠤᠰᠢᠭᠤ ᠵᠢᠨ ᠴᠢᠪᠠᠭ᠎ᠠ ᠪᠠᠯᠭ᠋ᠠᠰᠤ