ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠦᠰᠦᠭ᠎ᠤᠨ ᠲᠤᠮᠲᠡ ᠨᠢᠭᠤᠯᠲᠠᠲᠠᠢ ᠦᠨᠡᠳᠤ ᠦᠪ ᠮᠢᠨᠢ — ᠹ᠊ · ᠪᠦᠭᠡ ᠵᠡᠷᠭᠡ ᠠᠭᠤᠯᠨ ᠮᠡᠳᠤ ᠲᠦᠰᠢᠭ ᠨᠤᠳᠤᠭ᠎ᠤᠨ ᠪᠤᠭᠤᠷᠤᠯᠴᠤᠳ᠎ᠲᠤ᠎ᠪᠠᠨ ᠵᠤᠷᠢᠭᠤᠯᠪᠠ
ᠨᠡᠶᠢᠲᠡᠯᠡᠭᠰᠡᠨ ᠴᠠᠭ᠄ 2021-11-12

ᠦᠰᠦᠭ᠎ᠤᠨ ᠲᠤᠮᠲᠡ ᠨᠢᠭᠤᠯᠲᠠᠲᠠᠢ ᠦᠨᠡᠳᠤ ᠦᠪ   ᠮᠢᠨᠢ
          —   ᠹ᠊ · ᠪᠦᠭᠡ ᠵᠡᠷᠭᠡ ᠠᠭᠤᠯᠨ ᠮᠡᠳᠤ ᠲᠦᠰᠢᠭ ᠨᠤᠳᠤᠭ᠎ᠤᠨ ᠪᠤᠭᠤᠷᠤᠯᠴᠤᠳ᠎ᠲᠤ᠎ᠪᠠᠨ ᠵᠤᠷᠢᠭᠤᠯᠪᠠ
                              ᠱᠠ᠊ · ᠮᠡᠷᠭᠡᠨ   ᠵᠣᠬᠢᠶᠠᠪᠠ

   2020 ᠤᠨ᠎ᠤ 6 ᠰᠠᠷ᠎ᠠ ᠵᠢᠨ 1᠎ᠤ ᠤᠷᠤᠢ ᠰᠠᠨ᠃   ᠲᠡᠷᠨ ᠴᠠᠭ᠎ᠨᠢ ᠤᠳᠤ ᠴᠤ᠌ ᠭᠡᠰᠡᠨ ᠰᠡᠳᠬᠢᠯ᠎ᠳᠤ ᠲᠤᠪ ᠲᠤᠳᠤᠬᠠᠨ ᠰᠠᠨᠠᠭᠲᠠᠵᠤ ᠪᠠᠢ᠌ᠨ᠎ᠠ᠃ ᠮᠠᠨ᠎ᠤ᠎ᠳᠤ ᠨᠤᠳᠤᠭ ᠤᠰᠤᠨ᠎ᠤ ᠬᠡᠳᠤᠨ ᠬᠡᠤᠭᠡᠳ
ᠴᠤᠭᠯᠠᠷᠠᠵᠤ᠂ 《ᠬᠡᠤᠭᠡᠳ᠎ᠤᠨ ᠪᠠᠶᠠᠷ》᠎ᠢ ᠪᠠᠯᠭᠡᠯᠡᠵᠤ᠂ ᠰᠤᠷᠭᠤᠭ ᠴᠡᠴᠡᠭ᠎ᠤᠨ ᠦᠨᠦᠷ ᠠᠩᠬᠢᠯᠤᠨ᠂ ᠰᠢᠬᠢᠷ ᠪᠤᠤᠪᠤ ᠠᠮᠲᠠ ᠬᠠᠩᠬᠤᠯᠤᠭᠰᠠᠨ ᠰᠠᠢ᠌ᠬᠠᠨ ᠤᠷᠤᠢ ᠪᠠᠢ᠌ᠪᠠ ᠰᠢᠤ᠃ ᠮᠠᠨ᠎ᠤ ᠬᠦᠮᠦᠨ ᠠᠵᠢᠯ᠎ᠠᠴᠠ᠎ᠪᠠᠨ ᠪᠠᠭᠤᠴᠢᠬᠠᠭ᠋ᠠᠳ 《ᠲᠠᠩᠬᠢᠰ ᠴᠢᠮ᠎ᠡ᠎ᠳᠤ ᠦᠭᠬᠦᠭᠰᠡᠨ》 ᠭᠡᠳ ᠨᠠᠲᠠ᠎ᠳᠤ ᠨᠢᠭᠡ ᠰᠡᠳᠬᠦᠯ ᠭᠠᠷᠲᠠᠭᠤᠯᠴᠢᠬᠠᠪᠠ᠃   ᠪᠢᠴᠢᠲᠡᠭ ᠵᠢᠷᠤᠲᠠᠭ᠎ᠠᠴᠠ᠎ᠪᠠᠨ   ᠮᠢᠨᠢ ᠪᠤᠯᠤᠭ᠋ᠠᠳ᠂ ᠨᠠᠲᠠ᠎ᠳᠤ ᠨᠤᠮ ᠪᠡᠯᠡᠭᠯᠡᠲᠡᠭ᠂ ᠰᠡᠳᠬᠦᠯ ᠵᠶ᠋ᠡᠨ ᠢᠯᠡᠭᠡᠲᠡᠭ ᠬᠦᠮᠦᠰ ᠵᠦᠩᠲᠡᠭᠡᠨ᠃ ᠪᠢ ᠰᠡᠳᠬᠦᠯ᠎ᠢ ᠨᠤᠮ᠎ᠤᠨ ᠦᠷᠦᠭᠡᠨ  ᠎ᠳᠤ᠎ᠪᠠᠨ ᠲᠠᠯᠪᠢᠴᠢᠬᠠᠭ᠋ᠠᠳ᠂   ᠵᠤᠴᠢᠨ ᠬᠡᠢ᠌ᠴᠢᠨ ᠵᠶ᠋ᠡᠨ ᠶᠠᠪᠤᠭᠤᠯᠴᠢᠠᠬᠠᠭ᠋ᠠᠳ ᠠᠶᠠᠲᠠᠢ᠌ᠬᠠᠨ ᠭᠡᠭᠴᠢ ᠰᠤᠨᠢᠷᠬᠠᠶ᠎ᠠ ᠭᠡᠵᠤ ᠪᠤᠳᠤᠭ᠋ᠠᠳ᠂   ᠲᠤᠭᠤᠭ᠋ᠠᠨ ᠭᠡᠷ  ᠎ᠲᠤ᠎ᠪᠠᠨ ᠡᠷᠬᠢᠨ ᠤᠷᠤᠵᠤ᠂ ᠴᠠᠢ ᠤᠰᠤ ᠪᠡᠯᠡᠳᠴᠤ᠂ ᠦᠵᠦᠮ ᠴᠢᠪᠠᠭ᠎ᠠ ᠤᠬᠢᠶᠠᠵᠤ ᠶᠠᠭ᠋ᠠᠷᠠᠭᠰᠠᠨ ᠪᠢᠯᠨ᠃
    ᠬᠤᠲᠠ ᠭᠠᠵᠠᠷ᠎ᠤᠨ ᠳ᠋ᠸᠩ ᠵᠤᠯᠨ ᠭᠡᠷᠡᠯᠳᠤᠵᠤ᠂   ᠬᠦᠯ ᠬᠦᠲᠡᠯᠭᠡᠭᠡᠨ ᠶᠡᠭᠡᠲᠡᠢ ᠪᠠᠢ᠌ᠯ᠎ᠠ ᠴᠤ᠌ ᠭᠡᠰᠡᠨ᠂ ᠨᠤᠮ᠎ᠤᠨ ᠦᠷᠦᠭᠡ ᠮᠢᠨᠢ ᠬᠠᠷᠢᠨ ᠰᠡᠯᠡᠬᠦᠭᠡᠨ ᠲᠤᠬᠢᠯᠢᠭ ᠪᠠᠢ᠌ᠭᠰᠠᠨ ᠰᠡᠨ᠃ ᠪᠢ ᠲᠠᠩᠬᠢᠰ᠎ᠤᠨ
ᠲᠠᠮᠵᠢᠭᠤᠯᠤᠭᠰᠠᠨ ᠰᠡᠳᠬᠦᠯ᠎ᠢ ᠠᠶᠠᠷᠬᠠᠨ ᠠᠪᠴᠤ᠂ ᠨᠢᠳᠤ ᠬᠦᠶᠦᠯᠭᠡᠨ ᠬᠠᠷᠠᠪᠠ᠃ 《ᠤᠷᠤᠭ ᠭᠡᠷ ᠪᠦᠯᠢ ᠨᠡᠢ᠌ᠭᠡᠮ》 ᠰᠡᠳᠬᠦᠯ᠎ᠤᠨ 2007 ᠤᠨ᠎ᠤ   ᠲᠠᠪᠤᠳᠤᠭ᠋ᠠᠷ ᠬᠤᠭᠤᠴᠠᠭ᠋ᠠᠨ᠎ᠠ ᠨᠡᠢ᠌ᠲᠡᠯᠡᠭᠲᠡᠭᠰᠡᠨ 《ᠢᠷᠠᠭᠤ ᠨᠠᠢ᠌ᠷᠠᠭ᠎ᠤᠨ ᠰᠢᠨ᠎ᠡ ᠤᠳᠤᠨ — ᠱᠠ᠊ · ᠮᠡᠷᠭᠡᠨ》 ᠭᠡᠬᠦ ᠭᠠᠷᠴᠠᠭ ᠨᠢᠳᠤᠨ᠎ᠳᠤ ᠮᠠᠰᠢ ᠲᠤᠳᠤᠬᠠᠨ ᠲᠤᠰᠴᠠᠢ᠃ ᠹ᠊ · ᠪᠦᠭᠡ ᠠᠪᠠᠭ᠎ᠠ ᠮᠢᠨᠢ ᠮᠢᠨᠤ 2006 ᠤᠨ᠎ᠳᠤ ᠨᠤᠳᠤᠭ  ᠎ᠲᠤ᠎ᠪᠠᠨ ᠶᠠᠪᠤᠭᠲᠠᠭᠤᠯᠤᠭᠰᠠᠨ ᠢᠷᠠᠭᠤ ᠨᠠᠢ᠌ᠷᠠᠭ᠎ᠤᠨ ᠤᠷᠤᠯᠳᠤᠭ᠋ᠠᠨ᠎ᠢ ᠡᠷᠬᠢᠨ ᠲᠤᠷᠠᠰᠴᠤ᠂ ᠤᠳᠤᠮ ᠤᠭᠰᠠᠭ᠋ᠠᠨ᠎ᠤ ᠬᠦᠮᠦᠨ ᠤᠯᠠᠨ᠎ᠢ ᠮᠢᠨᠢ ᠵᠢᠷᠤᠨ ᠲᠡᠮᠲᠡᠭᠯᠡᠵᠤ᠂ ᠨᠡᠲᠡ᠎ᠳᠤ ᠬᠦᠰᠡᠭᠰᠡᠨ ᠢᠷᠦᠭᠡᠯ ᠵᠦᠩᠨᠠᠯ ᠵᠶ᠋ᠡᠨ ᠪᠢᠴᠢᠨ ᠲᠡᠮᠲᠡᠭᠯᠡᠭᠰᠡᠨ ᠵᠤᠬᠢᠶᠠᠯ ᠪᠠᠢ᠌ᠪᠠ ᠰᠢᠤ᠃
   13 ᠵᠢᠯ᠎ᠤᠨ  ᠎ᠬᠢ᠎ᠨᠢ ᠲᠠᠷᠠᠭ᠎ᠠ ᠪᠢ   ᠡᠨᠡ ᠬᠦ᠌ ᠲᠤᠷᠠᠰᠤᠮᠵᠢ ᠵᠤᠬᠢᠶᠠᠯ᠎ᠢ ᠬᠠᠷᠠᠵᠤ ᠪᠠᠢ᠌ᠨ᠎ᠡ᠃ ᠹ᠊ · ᠪᠦᠭᠡ ᠠᠪᠠᠭ᠎ᠠ ᠮᠢᠨᠢ   ᠨᠠᠮ᠎ᠠ ᠵᠢ ᠲᠤᠷᠠᠰᠤᠨ ᠵᠤᠬᠢᠶᠠᠯ ᠪᠢᠴᠢᠵᠤ ᠰᠠᠭᠤᠭ᠎ᠠ ᠲᠡᠷᠨ ᠦᠶ᠎ᠡ᠎ᠳᠤ᠂ ᠪᠢ ᠴᠢᠨᠢ ᠶᠠᠭ ᠰᠠᠢ᠌ᠬᠠᠨ ᠮᠤᠩᠭᠤᠯ ᠤᠯᠤᠰ᠎ᠤᠨ ᠶᠡᠭᠡ ᠰᠤᠷᠭ᠋ᠠᠭᠤᠯᠢ᠎ᠳᠤ ᠨᠤᠮ ᠲᠠᠪᠡᠷᠢᠭᠡᠳ ᠬᠦᠶᠤᠵᠤ ᠪᠠᠢ᠌ᠭᠰᠠᠨ ᠦᠶ᠎ᠡ ᠰᠡᠨ᠃ ᠮᠠᠰᠢ ᠬᠦᠨᠳᠤ ᠰᠤᠳᠤᠯᠭ᠋ᠠᠨ᠎ᠤ ᠰᠡᠳᠤᠪ᠎ᠢ ᠲᠤᠰᠴᠢᠬᠠᠭ᠋ᠠᠳ᠂ ᠡᠷᠲᠡᠨ᠎ᠤ ᠬᠢᠲᠡᠳ ᠬᠡᠯᠨ ᠵᠢ ᠰᠤᠳᠤᠯᠬᠤ᠂   ᠶᠤᠸᠠᠨ ᠎ᠤ ᠦᠶ᠎ᠡ ᠵᠢᠨ ᠢᠷᠠᠭᠤ ᠨᠠᠢ᠌ᠷᠠᠭ᠎ᠢ ᠤᠩᠰᠢᠨ ᠵᠠᠲᠠᠯᠬᠤ᠂ ᠪᠠᠰᠨ 《ᠵᠢᠷᠭ᠋ᠠᠭ᠋ᠠᠬᠤ ᠡᠨ᠋ᠨ ᠤᠷᠴᠢᠯᠠᠩ ᠵᠢᠭ᠋ᠠᠬᠠᠨ ᠠᠯᠠᠭ᠋ᠠᠨ᠎ᠳᠤ ᠮᠢᠨᠢ ᠪᠠᠭᠲᠠᠨᠠᠮ》᠂ 《ᠵᠡᠬᠦᠨ ᠭᠠᠷ᠎ᠢ ᠮᠢᠨᠢ ᠦᠨᠦᠰᠬᠦ᠎ᠳᠤ ᠪᠠᠷᠠᠭᠤᠨ ᠭᠠᠷ ᠮᠢᠨᠢ ᠠᠲᠠᠭ᠋ᠠᠷᠬᠠᠲᠠᠭ》 ᠭᠡᠲᠡᠭ ᠬᠤᠶᠠᠷ ᠰᠢᠯᠦᠭ᠎ᠤᠨ ᠲᠠᠪᠲᠠᠷ ᠵᠶ᠋ᠡᠨ ᠪᠡᠯᠡᠳᠤᠭᠡᠳ ᠶᠠᠭ᠋ᠠᠷᠠᠵᠤ ᠪᠠᠢ᠌ᠭᠰᠠᠨ ᠦᠶ᠎ᠡ ᠰᠡᠨ᠃   ᠮᠠᠰᠲᠸᠷ ᠵᠡᠷᠭᠡ᠎ᠪᠠᠨ ᠤᠯᠠᠭ᠋ᠠᠨᠪᠠᠭ᠋ᠠᠳᠤᠷ ᠬᠤᠲᠠᠨ᠎ᠠ ᠬᠠᠮᠠᠭ᠋ᠠᠯᠠᠵᠤ᠂ ᠭᠡᠳᠤᠨ ᠰᠢᠯᠦᠭ᠎ᠤᠨ ᠨᠤᠮ ᠵᠶ᠋ᠡᠨ ᠲᠤᠪᠬᠢᠲᠡᠯ᠎ᠡ ᠰᠠᠢ᠌ᠬᠠᠨ ᠬᠢᠭᠡᠳ ᠨᠤᠳᠤᠭ  ᠎ᠲᠤ᠎ᠪᠠᠨ ᠬᠠᠷᠢᠭ᠋ᠠᠳ ᠢᠷᠡᠭᠰᠡᠨ᠃ ᠰᠢᠯᠭ᠋ᠠᠯᠲᠠ ᠲᠠᠮᠵᠢᠨ ᠪᠠᠢ᠌ᠵᠤ᠂ ᠦᠪᠤᠷ ᠮᠤᠩᠭᠤᠯ᠎ᠤᠨ ᠤᠳᠬ᠎ᠠ ᠵᠤᠬᠢᠶᠠᠯ᠎ᠤᠨ ᠠᠩᠬᠢ᠎ᠳᠤ ᠭᠤᠷᠪᠠᠨ ᠵᠢᠯ ᠰᠤᠷᠤᠯᠴᠠᠵᠤ᠂ ᠪᠠᠰᠨ ᠲᠠᠬᠢᠨᠲᠠ ᠰᠢᠯᠭ᠋ᠠᠯᠲᠠ ᠲᠠᠮᠵᠢᠨ ᠪᠠᠢ᠌ᠵᠤ᠂ ᠦᠪᠤᠷ ᠮᠤᠩᠭᠤᠯ᠎ᠤᠨ ᠤᠯᠤᠰ ᠲᠦᠷᠦ ᠵᠢᠨ ᠵᠦᠪᠯᠡᠯᠭᠡᠨ᠎ᠤ ᠰᠡᠳᠬᠦᠯ᠎ᠤᠨ ᠬᠤᠷᠢᠶᠠᠨ᠎ᠳᠤ ᠠᠵᠢᠯ ᠰᠢᠯᠵᠢᠨ ᠢᠷᠡᠵᠤ᠂ ᠦᠰᠦᠭ᠎ᠤᠨ ᠮᠦᠷᠳᠤ᠎ᠳᠤ ᠰᠡᠳᠬᠢᠯ ᠵᠶ᠋ᠡᠨ ᠦᠭᠬᠦᠨ ᠪᠠᠢ᠌ᠲᠠᠯ᠎ᠠ 2021 ᠤᠨ ᠪᠤᠯᠴᠢᠬᠠᠭᠰᠠᠨ ᠪᠠᠢ᠌ᠪᠠ᠃   ᠨᠤᠳᠤᠭ᠎ᠤᠨ ᠠᠪᠠᠭ᠎ᠠ ᠵᠢᠨ ᠮᠢᠨᠢ ᠰᠡᠳᠬᠢᠯ᠎ᠤᠨ ᠤᠶᠠᠩᠭ᠎ᠠ᠎ᠨᠢ   ᠰᠡᠳᠭᠦᠯ᠎ᠤᠨ ᠬᠠᠭᠤᠲᠠᠰᠤᠨ᠎ᠠ 13 ᠵᠢᠯ ᠢᠮ ᠵᠢᠮᠭᠡᠨ ᠵᠶ᠋ᠡᠷ ᠨᠢᠭᠤᠭᠲᠠᠭᠰᠠᠨ ᠪᠠᠢ᠌ᠵᠢ ᠰᠢᠤ᠃ ᠡᠨ᠋ᠨ ᠰᠠᠢ᠌ᠬᠠᠨ ᠬᠡᠤᠭᠡᠳ᠎ᠤᠨ ᠪᠠᠶᠠᠷ᠎ᠤᠨ ᠡᠳᠤᠷ᠎ᠲᠤ᠂ ᠨᠡᠲᠡ᠎ᠳᠤ 《ᠨᠢᠯᠬ᠎ᠠ ᠵᠢᠨ ᠦᠶ᠎ᠡ᠎ᠪᠠᠨ ᠡᠷᠬᠢᠴᠡᠬᠦᠯᠦᠨ ᠪᠤᠳᠤᠭ᠋ᠠᠴᠢ ᠦᠷ᠎ᠡ ᠮᠢᠨᠢ》 ᠬᠡᠮᠡᠨ ᠠᠯᠠᠭ᠋ᠠᠨ᠎ᠳᠤ ᠮᠢᠨᠢ ᠲᠠᠪᠲᠠᠷᠢᠨ ᠪᠠᠭᠤᠭᠰᠠᠨ ᠴᠤ᠌   ᠪᠢᠯᠡ ᠦᠦ? 《ᠰᠠᠢ᠌ᠬᠠᠨ ᠶᠠᠭᠤᠮ᠎ᠠ᠎ᠨᠢ ᠮᠦᠩᠭᠡ ᠵᠢᠨ ᠴᠠᠨ᠎ᠡ᠎ᠲᠠᠢ》 ᠭᠡᠲᠡᠭ᠎ᠨᠢ ᠦᠨᠡᠨ ᠪᠠᠢ᠌ᠵᠢ ᠳ᠋ᠡ᠃ ᠴᠢᠩ ᠰᠡᠳᠬᠢᠯ᠎ᠤᠨ ᠦᠨᠡᠨ ᠰᠢᠪᠰᠢᠯᠭᠡ᠎ᠠᠴᠠ ᠦᠨᠡᠲᠡᠢ ᠶᠠᠭᠤᠮ᠎ᠠ ᠭᠡᠵᠤ ᠲᠡᠯᠡᠭᠡᠢ᠎ᠳᠤ ᠦᠭᠡᠷ᠎ᠡ ᠦᠭᠡᠢ ᠰᠢᠤ᠃ ᠨᠤᠳᠤᠭ ᠵᠶ᠋ᠡᠨ ᠰᠠᠬᠢᠵᠤ ᠬᠤᠴᠤᠷᠤᠭᠰᠠᠨ ᠪᠤᠭᠤᠷᠤᠯ ᠠᠪᠠᠭ᠎ᠠ᠎ᠪᠠᠨ ᠦᠪᠡᠷ᠎ᠤᠨ ᠡᠷᠭᠡ ᠦᠭᠡᠢ ᠲᠤᠷᠠᠰᠤᠯ᠎ᠠ᠃   ᠰᠢᠷᠭ᠎ᠠ ᠮᠤᠷᠢ ᠤᠨᠤᠵᠤ᠂ ᠲᠤᠩ ᠴᠠᠭ᠋ᠠᠨ ᠠᠯᠴᠢᠭᠤᠷ ᠲᠠᠲᠠᠵᠤ ᠪᠤᠭᠤᠭ᠋ᠠᠳ   ᠮᠠᠨ᠎ᠤ  ᠎ᠳᠤ ᠢᠷᠡᠲᠡᠭ ᠪᠠᠢ᠌ᠭᠰᠠᠨ᠎ᠢ᠎ᠨᠢ ᠲᠤᠷᠠᠰᠤᠯ᠎ᠠ᠃ ᠰᠠᠢ᠌ᠬᠠᠨ ᠪᠠᠢ᠌ᠵᠢ ᠯᠡ   ᠳ᠋ᠠ᠃ ᠵᠢᠪᠬᠤᠭ᠋ᠠᠯᠢᠭ ᠰᠠᠢ᠌ᠬᠠᠨ ᠪᠠᠶ᠎ᠠ᠎ᠲᠠᠢ᠂ ᠰᠡᠴᠡᠨ ᠴᠡᠯᠮᠡᠭ ᠬᠡᠯᠨ᠎ᠲᠠᠢ᠂ ᠬᠡᠤᠭᠡᠳ᠎ᠲᠤ ᠬᠠᠢ᠌ᠷ᠎ᠠ᠎ᠲᠠᠢ᠂ ᠲᠤᠳᠤᠨᠤᠬᠠᠨ ᠰᠠᠢ᠌ᠬᠠᠨ ᠲᠡᠷᠨ ᠠᠪᠠᠭ᠎ᠠ ᠵᠢᠨ ᠭᠠᠯ ᠵᠠᠯᠠᠭᠤ ᠨᠠᠰᠤ᠎ᠨᠢ ᠨᠠᠲᠡ᠎ᠳᠤ ᠪᠤᠳᠤᠭᠲᠠᠪᠠ᠃ ᠦᠶ᠎ᠡ ᠤᠯᠠᠨ ᠰᠠᠢ᠌ᠨ ᠡᠷᠡᠰ᠎ᠨᠢ ᠨᠤᠳᠤᠭ ᠵᠶ᠋ᠠᠨ   ᠰᠠᠬᠢᠵᠤ᠂ ᠦᠩᠭᠡ ᠰᠠᠢ᠌ᠲᠠᠢ ᠪᠦᠰᠡᠬᠦᠢ᠌ᠴᠤᠤᠯ᠎ᠨᠢ ᠨᠤᠳᠤᠭ ᠵᠶ᠋ᠡᠨ ᠴᠢᠮᠡᠵᠤ᠂   ᠨᠡᠷᠡᠨ᠎ᠤ ᠭᠡᠷᠡᠯ᠎ᠳᠤ ᠢᠪᠡᠭᠡᠭᠲᠡᠨ᠂ ᠰᠠᠷᠠᠨ᠎ᠤ   ᠲᠤᠶᠠᠭ᠎ᠠ᠎ᠪᠠᠷ ᠢᠯᠪᠢᠬᠦᠯᠦᠭᠰᠡᠭᠡᠷ᠂ ᠤᠤᠭ᠋ᠠᠯ ᠨᠤᠳᠤᠭ᠎ᠤᠨ ᠮᠢᠨᠢ ᠬᠦᠭᠵᠢᠯ ᠪᠠᠲᠠᠷᠠᠯ᠎ᠢ ᠴᠤᠭᠴᠠᠯᠭᠰᠠᠨ ᠶᠤᠮ ᠰᠢᠤ᠃ ᠡᠷᠲᠡᠮ ᠡᠪᠤᠷᠯᠡᠬᠦ᠎ᠪᠠᠷ ᠬᠤᠯᠨ ᠵᠢ ᠵᠤᠷᠢᠬᠤ᠎ᠳᠤ ᠮᠢᠨᠢ᠂ ᠲᠡᠲᠡ ᠨᠡᠷ ᠮᠢᠨᠢ ᠯᠡ᠂ ᠦᠭᠡ ᠬᠡᠯᠡᠨ᠎ᠤ ᠮᠢᠨᠢ ᠲᠠᠷᠬᠠᠨ ᠭᠤᠯᠤᠮᠲᠡ᠂ ᠦᠷ᠎ᠡ ᠮᠢᠨᠦᠬᠢ᠎ᠪᠠᠨ 《ᠲᠦᠷᠬᠦᠮ》᠎ᠨᠢ ᠪᠤᠯᠵᠤ ᠲᠤᠷᠤᠢ᠌ᠨ ᠬᠤᠴᠤᠷᠤᠭᠰᠠᠨ ᠪᠠᠢ᠌ᠵᠢ ᠳ᠋ᠡ᠃ ᠪᠦᠷᠲᠦᠢ᠌ᠭᠡᠳ ᠬᠤᠴᠤᠷᠤᠭᠰᠠᠨ ᠪᠤᠭᠤᠷᠤᠯ᠎ᠤᠳ ᠮᠢᠨᠢ ᠪᠠᠢ᠌ᠬᠤ᠎ᠠᠴᠠ ᠦᠨᠳᠤᠷ᠎ᠲᠤ ᠨᠢᠰᠬᠦ ᠵᠢᠬᠦᠷ ᠮᠢᠨᠢ ᠰᠢᠷᠦᠬᠦᠭᠡᠨ ᠲᠠᠪᠢᠵᠤ ᠪᠠᠢ᠌ᠭᠰᠠᠨ   ᠪᠢᠯᠡ ᠦᠦ᠂     ᠦᠬᠦᠬᠡᠷᠳᠡᠯ   ᠵᠶ᠋ᠡᠷ ᠤᠭᠳᠤᠬᠤ ᠲᠨ ᠨᠡᠷ ᠮᠢᠨᠢ ᠪᠠᠢ᠌ᠬᠤ᠎ᠠᠴᠠ᠂ ᠬᠤᠯᠨ ᠵᠢᠨ ᠨᠤᠳᠤᠭ᠎ᠲᠤ ᠨᠤᠮ ᠬᠠᠶᠠᠯᠴᠠᠬᠤ ᠎ᠳᠤ᠎ᠪᠠᠨ ᠲᠡᠢ᠌ᠮᠦ ᠯᠡ ᠤᠮᠤᠭᠯᠠᠩ ᠪᠠᠢ᠌ᠭᠰᠠᠨ ᠴᠤ᠌   ᠪᠢᠯᠡ ᠦᠦ?
   《ᠵᠢᠷᠭ᠋ᠠᠭ᠋ᠠᠬᠤ ᠡᠨ᠋ᠨ ᠤᠷᠴᠢᠯᠠᠩ ᠵᠢᠭ᠋ᠠᠬᠠᠨ ᠠᠯᠠᠭ᠋ᠠᠨ᠎ᠳᠤ ᠮᠢᠨᠢ ᠪᠠᠭᠲᠠᠨᠠᠮ》 ᠬᠡᠮᠡᠨ   ᠪᠡᠶ᠎ᠡ᠎ᠠᠴᠠ᠎ᠪᠠᠨ ᠲᠤᠮᠤᠲᠠᠭᠰᠠᠨ ᠶᠡᠭᠡ ᠦᠭᠡ᠎ᠪᠠᠷ ᠰᠢᠯᠦᠭ ᠲᠤᠭᠤᠷᠪᠢᠵᠤ᠂ 《ᠵᠡᠬᠦᠨ ᠭᠠᠷ᠎ᠢ ᠮᠢᠨᠢ ᠦᠨᠦᠰᠬᠦ᠎ᠳᠤ
ᠪᠠᠷᠠᠭᠤᠨ ᠭᠠᠷ ᠮᠢᠨᠢ ᠠᠲᠠᠭ᠋ᠠᠷᠬᠠᠲᠠᠭ》 ᠮᠢᠨᠢ ᠤᠶᠠᠨ ᠰᠡᠳᠬᠢᠯ᠎ᠤᠨ ᠤᠶᠠᠩᠭ᠎ᠠ ᠬᠠᠢ᠌ᠯᠠᠵᠤ ᠪᠠᠢ᠌ᠬᠤ᠎ᠳᠤ᠂ ᠨᠤᠳᠤᠭ᠎ᠤᠨ ᠪᠤᠭᠤᠷᠤᠯ ᠡᠪᠤᠭᠡᠳ ᠮᠢᠨᠢ ᠨᠦᠮᠦᠷᠢ ᠪᠤᠯᠤᠨ ᠰᠡᠬᠦᠢ᠌ᠭᠡᠳ᠂ ᠬᠤᠯᠨ ᠠᠶᠠᠯᠠᠭᠰᠠᠨ ᠦᠬᠢᠨ ᠦᠷ᠎ᠡ ᠵᠢᠨ ᠵᠶ᠋ᠡᠨ ᠰᠢᠯᠦᠭ᠎ᠤᠨ ᠤᠩᠭᠤᠳ᠎ᠢ᠎ᠨᠢ ᠲᠠᠭᠤᠲᠠᠨ ᠪᠠᠢ᠌ᠭᠰᠠᠨ ᠴᠤ᠌   ᠪᠢᠯᠡ ᠦᠦ?
    ᠤᠯᠠᠨ ᠵᠢᠯ ᠵᠶ᠋ᠡᠷ ᠨᠤᠮ᠎ᠤᠨ ᠵᠠᠪᠰᠡᠷ᠎ᠲᠤ ᠡᠪᠭᠡᠭᠲᠡᠭᠰᠡᠨ ᠨᠤᠳᠤᠭ᠎ᠤᠨ ᠪᠤᠭᠤᠷᠤᠯ᠎ᠤᠨ ᠴᠢᠩ ᠵᠢᠷᠤᠭᠡᠨ᠎ᠤ ᠢᠷᠦᠭᠡᠯ᠎ᠢ ᠰᠡᠳᠬᠢᠯ ᠢᠭ᠌ᠳᠤᠯᠤᠨ ᠲᠤᠰᠬᠤ᠎ᠳᠤ᠂   ᠲᠠᠯᠠᠨ ᠬᠠᠷ᠎ᠠ ᠵᠢᠨ ᠰᠠᠷᠢᠲᠠᠭ ᠤᠷᠬᠢᠯ᠎ᠨᠢ ᠲᠤᠶᠠᠭ᠎ᠠ
ᠲᠠᠲᠠᠨ ᠭᠡᠷᠡᠯᠳᠤᠬᠦᠯᠡᠷ   ᠲᠠᠯᠲᠡ ᠵᠢᠨ ᠤᠯᠠᠨ ᠮᠡᠲᠡᠷᠡᠮᠵᠢ ᠮᠢᠨᠢ ᠲᠤᠭᠳᠤᠯᠤᠨ ᠰᠡᠷᠬᠦᠪᠠ᠃ ᠵᠢᠭ᠋ᠠᠰᠤᠲᠠᠢ ᠨᠠᠭᠤᠷ᠎ᠤᠨ ᠵᠠᠬ᠎ᠠ᠎ᠪᠠᠷ ᠦᠩᠭᠡᠷᠡᠨ᠂ ᠤᠯᠠᠭ᠋ᠠᠨ ᠰᠢᠷᠤᠢ᠌ᠳᠤ ᠵᠢ ᠲᠠᠪᠠᠵᠤ᠂ ᠠᠳᠤᠭᠤᠨ ᠬᠤᠳᠳᠤᠭ᠎ᠤᠨ ᠨᠠᠭᠤᠷ᠎ᠤᠨ ᠬᠦᠪᠡᠭᠡ᠎ᠪᠠᠷ ᠲᠤᠭᠤᠯᠤᠨ᠂ ᠪᠤᠷᠤ ᠵᠢᠨ ᠠᠷᠤ ᠵᠢᠨ ᠲᠡᠯ᠎ᠡ᠎ᠳᠤ ᠰᠠᠢ᠌ᠪᠤᠷᠢᠯᠠᠭᠤᠯᠤᠨ ᠪᠠᠭᠤᠲᠠᠭ ᠰᠠᠢ᠌ᠬᠠᠨ ᠠᠪᠠᠭ᠎ᠠ ᠮᠢᠨᠢ ᠰᠠᠨᠠᠭᠲᠠᠪᠠ᠃ ᠵᠤᠷᠢᠮᠠᠭ ᠠᠭ᠋ᠠᠰᠢ᠎ᠲᠠᠢ᠂ ᠱᠤᠭᠯᠢᠭ ᠶᠠᠷᠢᠶ᠎ᠠ᠎ᠲᠠᠢ ᠨᠤᠳᠤᠭ᠎ᠤᠨ ᠪᠤᠭᠤᠷᠤᠯ ᠡᠪᠤᠭᠡᠳ ᠮᠢᠨᠢ ᠵᠠᠬ᠎ᠠ ᠲᠠᠷᠠᠭ᠋ᠠᠯᠠᠨ ᠪᠤᠳᠤᠭᠲᠠᠯ᠎ᠠ᠃
    ᠠᠯᠤᠰ᠎ᠤᠨ ᠬᠢᠵᠠᠭ᠋ᠠᠷ᠎ᠠᠴᠠ   ᠠᠯᠲᠡ᠎ᠠᠴᠠ ᠦᠨᠡᠲᠡᠢ ᠨᠠᠨᠳᠢᠨ ᠦᠭᠡ᠎ᠪᠠᠷ ᠲᠦᠰᠢᠵᠤ᠂   ᠠᠶᠠᠨ᠎ᠤ ᠵᠠᠮ᠎ᠳᠤ ᠦᠨᠢ ᠵᠢᠨ ᠮᠦᠩᠭᠡ ᠵᠢᠨ ᠬᠤᠯᠪᠤᠭ᠎ᠠ ᠵᠢᠨ   ᠠᠷᠢᠭᠤᠨ ᠬᠠᠢ᠌ᠷ᠎ᠠ᠎ᠪᠠᠷ ᠲᠦᠰᠢᠵᠤ᠂ ᠦᠰᠴᠤ ᠦᠨᠲᠡᠢ᠌ᠬᠦ ᠮᠦᠷ᠎ᠢ ᠢᠷᠦᠭᠡᠯ ᠵᠶ᠋ᠡᠷ ᠴᠠᠢ᠌ᠯᠭ᠋ᠠᠵᠤ᠂ ᠦᠷᠨᠢᠵᠤ ᠲᠡᠭᠵᠢᠬᠦ ᠢᠷᠡᠭᠡᠳᠤᠢ ᠵᠢ ᠵᠦᠩᠨᠠᠯ ᠵᠶ᠋ᠡᠷ ᠬᠡᠢ᠌ᠬᠦᠯᠦᠭᠰᠡᠨ ᠮᠢᠨᠤ ᠨᠤᠳᠤᠭ᠎ᠤᠨ ᠪᠤᠭᠤᠷᠤᠯᠴᠤᠳ ᠮᠢᠨᠢ᠂ ᠨᠢᠰᠬᠦ ᠵᠢᠬᠦᠷ᠎ᠤᠨ ᠮᠢᠨᠢ ᠬᠦᠴᠦ ᠯᠡ ᠪᠠᠢ᠌ᠭᠰᠠᠨ ᠠᠵᠢ᠂   ᠨᠢᠭᠡ ᠯᠡ ᠤᠯᠲᠠᠬᠤ ᠨᠠᠰᠤᠨ᠎ᠤ ᠮᠢᠨᠢ ᠡᠷᠲᠡᠨᠢ᠎ᠨᠢ ᠪᠠᠢ᠌ᠭᠰᠠᠨ ᠠᠵᠢ᠃
    ᠦᠭᠡ ᠵᠢ ᠴᠢᠨᠢ   ᠲᠦᠰᠢᠵᠤ ᠦᠨᠲᠡᠢ᠌ᠨ᠂ ᠵᠦᠩᠨᠠᠯ ᠵᠶ᠋ᠡᠷ ᠴᠢᠨᠢ ᠵᠢᠬᠦᠷᠯᠡᠭᠡᠳ   ᠨᠢᠰᠦᠭᠡ ᠰᠢᠤ᠃ ᠨᠡᠲᠡ᠎ᠳᠤ ᠵᠠᠶᠠᠭ᠋ᠠᠭᠰᠠᠨ ᠰᠠᠢ᠌ᠬᠠᠨ ᠨᠤᠳᠤᠭ᠎ᠤᠨ   ᠠᠭᠤᠯᠠᠰ ᠮᠢᠨᠢ! ᠨᠠᠷᠠᠳᠤ ᠵᠢ ᠬᠡᠢ᠌ᠬᠦᠯᠦᠭᠰᠡᠨ ᠠᠮᠢᠨ
ᠵᠠᠶᠠᠭ᠋ᠠᠨ᠎ᠤ ᠲᠦᠰᠢᠭ᠎ᠤᠳ ᠮᠢᠨᠢ!
    ᠦᠰᠦᠭ ᠎ᠤᠨ ᠲᠤᠮᠲᠡ ᠨᠢᠭᠤᠯᠲᠠᠲᠠᠢ ᠦᠨᠡᠳᠤ ᠦᠪ   ᠮᠢᠨᠢ! ᠦᠷᠦᠴᠨ ᠴᠡᠭᠡᠵᠢᠨ᠎ᠳᠤ ᠮᠢᠨᠢ ᠬᠠᠲᠠᠭ᠋ᠠᠰᠤᠲᠠᠢ ᠨᠤᠳᠤᠭ᠎ᠤᠨ ᠪᠤᠭᠤᠷᠤᠯ ᠡᠪᠤᠭᠡᠳ ᠮᠢᠨᠢ! ᠬᠠᠲᠠᠭᠤ ᠤᠷᠴᠢᠯᠠᠩ᠎ᠢ ᠲᠤᠭᠤᠯᠬᠤ ᠬᠠᠲᠠᠨ ᠵᠤᠷᠢᠭ᠎ᠢ ᠬᠠᠲᠠᠭ ᠵᠶ᠋ᠡᠷ ᠢᠷᠦᠭᠡᠵᠤ ᠦᠷ᠎ᠡ  ᠎ᠳᠤ᠎ᠪᠠᠨ ᠦᠭᠬᠦᠭᠰᠡᠨ ᠪᠠᠢ᠌ᠪᠠ᠃   ᠬᠠᠯᠠᠭᠤᠨ ᠠᠮᠢᠳᠤᠷᠠᠯ᠎ᠠᠴᠠ ᠵᠢᠷᠭ᠋ᠠᠯ ᠠᠮᠰᠠᠬᠤ ᠵᠠᠶᠠᠭ᠎ᠠ ᠵᠢ ᠰᠦ   ᠰᠡᠷᠵᠢᠮᠯᠡᠨ ᠦᠷ᠎ᠡ  ᠎ᠳᠤ᠎ᠪᠠᠨ ᠬᠠᠢ᠌ᠷᠠᠯᠠᠭᠰᠠᠨ ᠪᠠᠢ᠌ᠪᠠ ᠰᠢᠤ᠃
ᠰᠡᠳᠬᠢᠯ᠎ᠤᠨ ᠰᠦᠮᠪᠤᠷ᠎ᠲᠤ ᠮᠦᠩᠭᠡ ᠵᠢᠨ ᠭᠡᠭᠡ᠎ᠲᠠᠢ ᠨᠤᠳᠤᠭ᠎ᠤᠨ ᠪᠤᠭᠤᠷᠤᠯ ᠡᠪᠤᠭᠡᠳ ᠮᠢᠨᠢ᠂ ᠰᠢᠯᠦᠭ᠎ᠤᠨ ᠱᠠᠳ᠎ᠲᠤ ᠦᠨᠢ ᠵᠢᠨ ᠲᠤᠶᠠᠭ᠎ᠠ᠎ᠲᠠᠢ ᠨᠤᠳᠤᠭ᠎ᠤᠨ   ᠰᠦᠮᠪᠤᠷ ᠤᠷᠬᠢᠯ᠎ᠤᠳ ᠮᠢᠨᠢ ᠡ᠃


ᠵᠤᠬᠢᠶᠠᠭᠴᠢ ᠵᠢᠨ ᠬᠠᠶᠢᠭ  ᠄   ᠦᠪᠤᠷ ᠮᠤᠩᠭᠤᠯ᠎ᠤᠨ ᠤᠯᠤᠰ ᠲᠦᠷᠦ ᠵᠢᠨ ᠵᠦᠪᠯᠡᠯᠭᠡᠨ



ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠨᠠᠳᠠ᠎ᠲᠠᠢ᠎ᠪᠠᠨ ᠲᠠᠰᠤᠯᠬᠠᠨ 《ᠨᠠᠢ᠌ᠭᠡᠮ》 ᠰᠡᠳᠭᠦᠯ
ᠭᠡᠭᠡᠨ ᠠᠶᠠᠨ
ᠰᠡᠳᠬᠢᠯ᠎ᠤᠨ ᠬᠤᠯᠪᠤᠭ᠋ᠠᠲᠠᠢ ᠰᠡᠳᠬᠦᠯ — 《ᠨᠡᠢ᠌ᠭᠡᠮ》 ᠰᠡᠳᠬᠦᠯ᠎ᠤᠨ ᠬᠡᠪᠯᠡᠯ ᠡᠬᠢᠯᠡᠭᠰᠡᠨ ᠭᠤᠴᠢᠨ ᠵᠢᠯ᠎ᠤᠨ ᠤᠢ᠎ᠳᠤ ᠵᠤᠷᠢᠭᠤᠯᠪᠠ
ᠰᠡᠳᠬᠦᠯ ᠪᠤᠯ ᠲᠡᠤᠬᠡ ᠶᠤᠮ
ᠰᠤᠶᠤᠯ᠎ᠤᠨ ᠭᠠᠢ᠌ᠬᠠᠮᠰᠢᠭ᠎ᠢ ᠨᠠᠷᠭᠢᠭᠤᠯᠤᠭᠰᠠᠨ《ᠨᠡᠢ᠌ᠭᠡᠮ》 ᠰᠡᠳᠬᠦᠯ ᠮᠢᠨᠢ
 
            