ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
《ᠨᠡᠢ᠌ᠭᠡᠮ》 ᠰᠡᠳᠭᠦᠯ᠎ᠢ ᠤᠩᠰᠢᠭᠰᠠᠨ ᠤᠢ᠌ᠯᠠᠭ᠋ᠠᠯᠳᠠ
ᠨᠡᠶᠢᠲᠡᠯᠡᠭᠰᠡᠨ ᠴᠠᠭ᠄ 2021-11-03

 《ᠨᠡᠢ᠌ᠭᠡᠮ》 ᠰᠡᠳᠭᠦᠯ᠎ᠢ ᠤᠩᠰᠢᠭᠰᠠᠨ ᠤᠢ᠌ᠯᠠᠭ᠋ᠠᠯᠳᠠ
                                                ᠸ᠊ · ᠠᠭᠤᠯᠨ
 
       《ᠨᠡᠢ᠌ᠭᠡᠮ》 ᠰᠡᠳᠭᠦᠯ ᠪᠤᠯ ᠤᠥᠯ᠎ᠤᠨ  《  ᠤᠷᠤᠭ   ᠭᠡᠷ ᠪᠦᠯᠢ   ᠨᠡᠢ᠌ᠭᠡᠮ》 ᠭᠡᠬᠦ ᠰᠡᠳᠭᠦᠯ ᠪᠤᠯᠤᠨ᠎ᠠ  ᠃ ᠲᠤᠰ ᠰᠡᠳᠭᠦᠯ ᠪᠤᠯ ᠨᠡᠢ᠌ᠭᠡᠮ᠎ᠤᠨ  ᠎ᠬᠢᠨ᠎ᠤ ᠠᠩᠬᠠᠷᠤᠯ᠎ᠢ ᠲᠠᠳᠠᠵᠤ ᠪᠠᠢ᠌ᠭ᠎ᠠ   ᠨᠠᠮ᠎ᠤᠨ ᠲᠦᠷᠦ ᠵᠢᠨ ᠪᠤᠳᠤᠯᠭ᠎ᠠ᠂   ᠤᠯᠤᠰ ᠤᠷᠤᠨ᠎ᠤ ᠬᠦᠭᠵᠢᠯᠳᠡ  ᠂ ᠠᠵᠤ ᠠᠮᠢᠳᠤᠷᠠᠯ᠂ ᠭᠡᠷ ᠪᠦᠯᠢ  ᠂ ᠰᠤᠷᠭ᠋ᠠᠨ ᠬᠦᠮᠦᠵᠢᠯ᠂ ᠰᠤᠶᠤᠯ ᠪᠤᠯᠪᠠᠰᠤᠷᠠᠯ᠂ ᠨᠡᠷᠡᠳᠦ   ᠬᠦᠮᠦᠨ᠂ ᠠᠵᠤ ᠠᠬᠤᠢ᠌ᠯᠠᠯᠳᠠᠨ᠂ ᠡᠷᠭᠢᠴᠡᠭᠦᠯᠦᠯ ᠲᠤᠷᠠᠳᠬᠠᠯ   ᠵᠡᠷᠭᠡ   ᠮᠠᠰᠢ ᠤᠯᠠᠨ   ᠲᠠᠯ᠎ᠠ ᠵᠢᠨ ᠠᠭᠤᠯᠭ᠎ᠠ ᠵᠢ ᠬᠠᠮᠤᠷᠴᠤ᠂ ᠤᠩᠰᠢᠭᠴᠢᠳ᠎ᠤᠨ ᠬᠠᠷᠠᠭ᠎ᠠ ᠵᠢ ᠪᠠᠶᠠᠰᠬᠠᠨ᠂ ᠮᠡᠳᠡᠯᠭᠡ ᠵᠢᠨ ᠬᠦᠷᠢᠶ᠎ᠡ   ᠴᠠᠷᠠᠭ᠎ᠠ ᠵᠢ  ᠎ᠨᠢ ᠲᠡᠯᠡᠷᠡᠭᠦᠯᠦᠨ᠂ ᠶᠤᠰᠤᠳᠠᠢ ᠨᠢᠭᠡᠨ ᠤᠩᠰᠢᠪᠠᠰᠤ ᠵᠤᠬᠢᠬᠤ ᠰᠠᠢ᠌ᠨ ᠰᠡᠳᠭᠦᠯ   ᠭᠡᠵᠦ ᠬᠡᠯᠡᠵᠦ ᠪᠤᠯᠤᠨ᠎ᠠ᠃
      ᠪᠢᠳᠡ ᠪᠦᠬᠦᠨ᠎ᠤ ᠮᠡᠳᠡᠭᠡᠵᠢ᠎ᠪᠠᠷ  ᠂ ᠤᠳᠤᠬᠠᠨ᠎ᠠ ᠴᠢᠮᠡᠭᠡ ᠵᠠᠩᠭᠢ   ᠬᠦᠭᠵᠢᠵᠦ  ᠂ ᠭᠠᠷ ᠤᠳᠠᠰᠤ ᠵᠡᠷᠭᠡ᠎ᠪᠠᠷ ᠤᠯᠠᠨ ᠵᠦᠢ᠍ᠯ ᠎ᠤᠨ ᠮᠡᠳᠡᠯᠭᠡ   ᠤᠯᠠᠮᠵᠢᠯᠠᠳᠠᠭ ᠪᠤᠯᠪᠠᠴᠤ᠂ ᠬᠦᠮᠦᠰ ᠨᠤᠮ ᠤᠩᠰᠢᠬᠤ ᠲᠠᠯ᠎ᠠ᠎ᠪᠠᠷ   ᠲᠤᠳᠠᠭᠤ   ᠲᠤᠯᠢᠮᠠᠭ   ᠪᠠᠢ᠌ᠬᠤ   ᠪᠤᠳᠠᠳᠤ   ᠪᠠᠢ᠌ᠳᠠᠯ   ᠲᠤᠥᠷ᠎ᠠ  ᠂ ᠢᠯᠡᠭᠦᠥ ᠨᠤᠮ   ᠤᠩᠰᠢᠬᠤ᠎ᠳᠤ ᠶᠠᠭᠤᠨ᠎ᠤ   ᠡᠮᠦᠨ᠎ᠡ ᠤᠯᠠᠨ ᠵᠦᠢ᠍ᠯ᠎ᠤᠨ ᠰᠤᠨᠢᠨ ᠰᠡᠳᠭᠦᠯ ᠤᠩᠰᠢᠬᠤ ᠬᠡᠷᠡᠭᠳᠡᠢ ᠪᠠᠢ᠌ᠨ᠎ᠠ᠂ ᠡᠭᠦᠨ᠎ᠳᠤ   ᠬᠡᠯᠡᠯᠭᠡᠨ ᠦᠭᠡᠢ ᠲᠤᠰᠬᠠᠢ ᠰᠡᠳᠭᠦᠯ᠂   ᠶᠡᠷᠦᠩᠬᠡᠢ᠌ᠯᠡᠭᠰᠡᠨ ᠴᠢᠨᠠᠷ᠎ᠲᠠᠢ ᠰᠡᠳᠭᠦᠯ   ᠪᠠᠭᠳᠠᠨ᠎ᠠ    ᠃
      《ᠨᠡᠢ᠌ᠭᠡᠮ》 ᠰᠡᠳᠭᠦᠯ   ᠪᠤᠯ   ᠡᠯ᠎ᠡ ᠵᠦᠢ᠍ᠯ᠎ᠤᠨ ᠠᠭᠤᠯᠭ᠎ᠠ ᠵᠢ   ᠬᠠᠮᠤᠷᠤᠭᠰᠠᠨ ᠶᠡᠷᠦᠩᠬᠡᠢ᠌ᠯᠡᠭᠰᠡᠨ ᠴᠢᠨᠠᠷ᠎ᠲᠠᠢ ᠰᠡᠳᠭᠦᠯ ᠎ᠤᠨ ᠬᠤᠪᠢ  ᠎ᠪᠠᠷ ᠤᠯᠠᠨ ᠤᠩᠰᠢᠭᠴᠢᠳ᠎ᠤᠨ ᠬᠠᠷᠠᠭ᠋ᠠᠨ᠎ᠳᠤ ᠲᠤᠳᠤᠷᠠᠭᠰᠠᠨ ᠰᠢᠯᠢᠳᠡᠭ ᠰᠠᠢ᠌ᠨ   ᠰᠡᠳᠭᠦᠯ ᠪᠤᠯᠤᠨ᠎ᠠ  ᠃ ᠡᠭᠦᠨ  ᠎ᠳᠤ ᠴᠠᠭ ᠡᠷᠢᠨ᠎ᠤ ᠬᠦᠭ ᠠᠶᠠᠰ᠎ᠢ ᠲᠤᠰᠬᠠᠨ ᠬᠠᠷᠠᠭᠤᠯᠤᠭᠰᠠᠨ ᠲᠦᠷᠦ   ᠵᠢᠨ ᠪᠤᠳᠤᠯᠭ᠎ᠠ ᠵᠢᠨ   ᠲᠠᠢ᠌ᠯᠤᠮᠵᠢ  ᠂ ᠠᠷᠢᠭᠤᠨ ᠴᠢᠭᠴᠢ  ᠎ᠪᠠᠷ ᠵᠠᠰᠠᠭ ᠪᠠᠷᠢᠭᠰᠠᠨ   ᠦᠯᠢᠭᠡᠷ   ᠵᠢᠱ᠌ᠢᠶ᠎ᠡ  ᠂ ᠠᠷᠠᠳ ᠲᠦᠮᠡᠨ᠎ᠳᠤ᠎ᠪᠠᠨ ᠠᠵᠠ ᠵᠢᠷᠭ᠋ᠠᠯ᠎ᠢ   ᠡᠳᠡᠯᠡᠭᠦᠯᠦᠭᠰᠡᠨ ᠬᠤᠰᠢᠭᠤᠴᠢ   ᠰᠢᠯᠢᠳᠡᠭ ᠬᠦᠮᠦᠰ᠎ᠤᠨ ᠤᠯᠠ ᠮᠦᠷ᠂   ᠦᠨᠳᠦᠰᠦᠨ ᠱᠠᠳᠤᠨ ᠎ᠳᠤ   ᠲᠠᠭ᠋ᠠᠭᠤᠯᠤᠭᠴᠢ   ᠵᠢᠨ ᠦᠢ᠍ᠯᠡᠳᠦᠯ ᠦᠵᠡᠭᠦᠯᠵᠦ ᠪᠠᠢ᠌ᠭ᠎ᠠ   ᠰᠢᠯᠢᠳᠡᠭ   ᠺᠠᠳ᠋ᠷ᠂   ᠶᠠᠳᠠᠭᠤ᠎ᠠᠴᠠ ᠠᠩᠭᠢᠵᠢᠷᠠᠭᠤᠯᠤᠭᠰᠠᠨ ᠨᠠᠨᠳᠢᠨ ᠠᠵᠢᠯᠯᠠᠭ᠎ᠠ ᠵᠡᠷᠭᠡ   ᠠᠭᠤᠯᠭ᠎ᠠ ᠎ᠲᠠᠢ ᠲᠤᠯᠠ ᠲᠤᠰ ᠰᠡᠳᠭᠦᠯ᠎ᠢ ᠠᠪᠤᠨ ᠤᠩᠰᠢᠬᠤ᠎ᠳᠤ ᠤᠩᠰᠢᠪᠤᠷᠢᠳᠠᠢ ᠪᠦᠭᠡᠳ ᠮᠠᠰᠢ ᠤᠯᠠᠨ ᠲᠠᠯ᠎ᠠ᠎ᠠᠴᠠ ᠰᠡᠩᠭᠡᠷᠡᠭᠦᠯᠦᠯ   ᠣᠯᠵᠣ᠂   ᠠᠰᠠᠭᠤᠳᠠᠯ᠎ᠢ ᠦᠵᠡᠵᠦ᠂ ᠠᠰᠠᠭᠤᠳᠠᠯ᠎ᠢ   ᠵᠠᠳᠠᠯᠠᠬᠤ ᠴᠢᠳᠠᠪᠤᠷᠢ  ᠎ᠪᠠᠨ ᠤᠯᠠᠮ ᠢᠯᠡᠭᠦᠥ ᠲᠡᠭᠡᠭᠰᠢᠯᠡᠭᠦᠯᠬᠦ᠎ᠳᠤ ᠮᠠᠰᠢ ᠰᠠᠢ᠌ᠨ   ᠬᠦᠷᠲᠡᠭᠡᠯ ᠪᠤᠯᠳᠠᠭ ᠪᠠᠢ᠌ᠨ᠎ᠠ᠃
      ᠤᠨᠴᠠᠭ᠋ᠠᠢ᠌ᠯᠠᠨ ᠰᠤᠶᠤᠯ   ᠬᠦᠮᠦᠵᠢᠯ᠎ᠤᠨ ᠲᠠᠯ᠎ᠠ᠎ᠪᠠᠷ᠂   ᠠᠵᠢᠯᠴᠢ ᠪᠤᠷᠤᠭᠵᠢᠭᠤᠨ᠂ ᠠᠷᠪᠢᠴᠢ ᠭᠠᠮᠳᠠᠢ   ᠪᠠᠢ᠌ᠬᠤ᠂ ᠦᠳᠡᠯᠦᠭᠡ   ᠨᠠᠰᠤᠳᠠᠨ ᠵᠢᠨᠨ ᠬᠦᠨᠳᠦᠯᠡᠬᠦ᠂ ᠨᠢᠯᠬᠠᠰ ᠵᠢᠨᠨ ᠬᠠᠢ᠌ᠷᠠᠯᠠᠬᠤ᠂ ᠦᠢ᠍ᠯᠡᠳᠦᠯᠭᠡ ᠵᠢᠨ ᠲᠤᠮᠳᠠᠬᠢ ᠰᠠᠢ᠌ᠨ ᠰᠠᠢ᠌ᠬᠠᠨ ᠦᠢ᠍ᠯᠡ   ᠠᠵᠢᠯᠯᠠᠭ᠎ᠠ᠂ ᠤᠷᠠᠮᠳᠠᠢ ᠰᠠᠢ᠌ᠬᠠᠨ   ᠤᠯᠠ ᠮᠦᠷ᠎ᠤᠨ ᠲᠡᠮᠳᠡᠭᠯᠡᠯ  ᠂ ᠤᠬᠠᠭ᠋ᠠᠯᠢᠭ   ᠭᠦᠨ ᠤᠷᠠᠨ ᠦᠯᠢᠭᠡᠷ  ᠂ ᠤᠷᠠᠨ ᠲᠡᠮᠳᠡᠢ   ᠰᠢᠨ᠎ᠡ ᠮᠡᠷᠭᠡᠵᠢᠯ᠂ ᠤᠬᠠᠭ᠎ᠠ ᠲᠡᠯᠡᠷᠡᠬᠦ ᠰᠡᠳᠭᠢᠯ᠎ᠤᠨ ᠲᠤᠥᠯᠢᠶᠠᠨ᠂ ᠤᠷᠮ᠎ᠠ ᠦᠨᠳᠡᠢ᠌ᠯᠬᠦ   ᠠᠮᠢᠳᠤᠷᠠᠯ᠎ᠤᠨ ᠬᠠᠨᠢ   ᠵᠡᠷᠭᠡ ᠤᠯᠠᠨ ᠬᠠᠷᠠᠭ᠋ᠠᠰᠤ᠎ᠠᠴᠠ   ᠬᠦᠮᠦᠰ᠎ᠲᠤ ᠶᠠᠮᠠᠷ   ᠨᠢᠭᠡᠨ ᠭᠦᠨ ᠰᠤᠷᠭ᠋ᠠᠮᠵᠢᠳᠦ ᠶᠤᠰᠤ ᠤᠴᠢᠷ᠎ᠢ ᠤᠬᠠᠭᠭᠤᠯᠤᠨ ᠰᠡᠩᠭᠡᠷᠡᠭᠦᠯᠵᠦ ᠪᠠᠢ᠌ᠳᠠᠭ   ᠵᠢᠨᠷ ᠵᠢᠨᠨ ᠲᠤᠰ ᠰᠡᠳᠭᠦᠯ᠎ᠨᠢ ᠶᠤᠰᠤᠳᠠᠢ ᠤᠩᠰᠢᠭᠴᠢᠳ᠎ᠲᠤ ᠭᠦᠨ ᠲᠠᠭ᠋ᠠᠯᠠᠭᠳᠠᠭᠰᠠᠨ ᠨᠢᠭᠡᠨ   ᠤᠯᠳᠠᠰᠢ   ᠦᠭᠡᠢ   ᠦᠨ᠎ᠡ ᠦᠷᠳᠡᠭ᠎ᠲᠠᠢ ᠰᠡᠳᠭᠦᠯ ᠭᠡᠵᠦ ᠬᠡᠯᠡᠵᠦ ᠪᠤᠯᠤᠨ᠎ᠠ  ᠃
      《  ᠨᠡᠢ᠌ᠭᠡᠮ》 ᠰᠡᠳᠭᠦᠯ ᠎ᠤᠨ 2021 ᠤᠨ᠎ᠤ 6   ᠳ᠋ᠤᠭ᠋ᠠᠷ ᠬᠤᠭᠤᠴᠠᠭ᠎ᠠ᠎ᠪᠠᠷ ᠵᠢᠱ᠌ᠢᠶᠡᠯᠡᠪᠡᠯ᠄ ᠪᠤᠯᠤᠩ᠎ᠤᠨ ᠲᠠᠯ᠎ᠠ᠎ᠪᠠᠷ ᠤᠯᠠᠮ ᠢᠯᠡᠭᠦᠥ ᠰᠢᠨᠡᠴᠢᠯᠡᠯᠳᠡ ᠬᠢᠵᠦ᠂ 《  ᠠᠷᠠᠳ᠎ᠤᠨ ᠶᠠᠪᠤᠳᠠᠯ᠎ᠤᠨ ᠮᠡᠳᠡᠭᠡ ᠵᠠᠩᠭᠢ》  ᠂ 《  ᠨᠠᠮ᠎ᠤᠨ ᠲᠡᠥᠬᠡ ᠵᠢᠨ ᠰᠤᠷᠤᠯᠴᠠᠯᠭ᠎ᠠ ᠬᠦᠮᠦᠵᠢᠯ》᠂ 《ᠠᠢ᠌ᠮᠠᠭ ᠬᠤᠳᠠ   ᠵᠢᠨ ᠮᠡᠳᠡᠭᠡ ᠵᠠᠩᠭᠢ  》᠂ 《ᠲᠤᠮᠳᠠᠳᠤ ᠵᠢᠨ ᠦᠨᠳᠦᠰᠦᠳᠡᠨ᠎ᠤ ᠬᠠᠮᠳᠤ ᠵᠢᠨ ᠴᠤᠭᠴᠠ ᠵᠢᠨ ᠤᠬᠠᠮᠰᠠᠷ᠎ᠢ ᠪᠠᠳᠤᠳᠬᠠᠶ᠎ᠠ  》  ᠂ 《  ᠲᠦᠷᠦ ᠵᠢᠨ   ᠪᠤᠳᠤᠯᠭ᠎ᠠ   ᠵᠢᠨ ᠲᠠᠢ᠌ᠯᠤᠮᠵᠢ  》᠂ 《  ᠰᠢᠨ᠎ᠡ ᠴᠠᠭ ᠦᠶ᠎ᠡ   ᠵᠢᠨ ᠠᠷᠠᠳ ᠎ᠤᠨ ᠶᠠᠪᠤᠳᠠᠯ᠎ᠤᠨ   ᠺᠠᠳ᠋ᠷ ᠎ᠤᠨ ᠴᠤᠭ ᠵᠢᠪᠬᠤᠭ᠎ᠠ》  ᠂ 《  ᠠᠷᠠᠳ᠎ᠤᠨ ᠶᠠᠪᠤᠳᠠᠯ᠎ᠤᠨ ᠰᠤᠶᠤᠯ》  ᠂ 《ᠤᠳᠬ᠎ᠠ ᠵᠢᠨ ᠭᠡᠷᠡᠯ  》᠂ 《  ᠭᠠᠵᠠᠷ ᠤᠰᠤᠨ᠎ᠤ ᠨᠡᠷ᠎ᠡ  》᠂ 《  ᠦᠭᠦᠯᠡᠯ᠎ᠤᠨ ᠲᠠᠪᠴᠠᠩ》᠂ 《  ᠵᠢᠷᠤᠭ ᠤᠷᠠᠯᠠᠯ》   ᠵᠡᠷᠭᠡ ᠤᠯᠠᠨ ᠬᠠᠷᠠᠭ᠋ᠠᠰᠤ᠎ᠠᠴᠠ ᠲᠤᠰ ᠰᠡᠳᠭᠦᠯ᠎ᠤᠨ ᠵᠢᠨᠨ ᠠᠭᠤᠯᠭ᠎ᠠ ᠵᠢ ᠤᠯᠠᠮ ᠢᠯᠡᠭᠦᠥ ᠠᠷᠠᠳ ᠲᠦᠮᠡᠨ᠎ᠳᠤ ᠬᠠᠨᠳᠤᠭᠤᠯᠵᠤ᠂   ᠦᠨᠡᠨ ᠬᠦ᠌ ᠠᠷᠠᠳ᠎ᠤᠨ ᠶᠠᠪᠤᠳᠠᠯ᠎ᠤᠨ ᠲᠤᠮᠳᠠᠬᠢ   ᠶᠤᠰᠤ ᠤᠴᠢᠷ᠎ᠢ ᠤᠯᠠᠮᠵᠢᠯᠠᠬᠤ ᠵᠢ ᠪᠠᠳᠤᠯᠠᠵᠤ ᠴᠢᠳᠠᠭᠰᠠᠨ ᠪᠠᠢ᠌ᠨ᠎ᠠ᠃ ᠲᠡᠭᠡᠷᠡᠬᠢ   ᠮᠡᠳᠦ᠎ᠪᠠᠷ ᠪᠤᠯᠤᠩ᠎ᠤᠨ ᠨᠠᠷᠢᠨ   ᠨᠢᠮᠪᠠᠢ ᠲᠤᠬᠢᠷᠠᠭᠤᠯᠤᠯᠳᠠ᠎ᠪᠠᠷ ᠲᠠᠮᠵᠢᠨ ᠲᠤᠰ ᠰᠡᠳᠭᠦᠯ᠎ᠤᠨ ᠴᠢᠨᠠᠷ ᠴᠢᠨᠰᠠᠭ᠎ᠠ᠎ᠨᠢ ᠤᠯᠠᠮ ᠢᠯᠡᠭᠦᠥ ᠲᠤᠷᠪᠢᠳᠠᠢ ᠪᠤᠯᠵᠤ᠂ ᠮᠠᠰᠢ ᠤᠯᠠᠨ ᠬᠦᠮᠦᠰ᠎ᠤᠨ ᠲᠤᠮᠳᠠ ᠨᠦᠯᠦᠭᠡ ᠲᠤᠰᠬᠠᠯ   ᠭᠠᠷᠴᠣ  ᠂ ᠬᠦᠷᠢᠶᠡᠯᠡᠯ᠎ᠢ  ᠎ᠨᠢ ᠤᠯᠵᠤ   ᠪᠠᠢ᠌ᠨ᠎ᠠ᠃
    ᠲᠤᠰᠬᠠᠢ ᠠᠵᠢᠯ ᠬᠢᠭᠡᠳ ᠤᠯᠤᠰ ᠲᠦᠷᠦ ᠵᠢᠨ ᠰᠤᠷᠤᠯᠴᠠᠯᠭ᠎ᠠ   ᠵᠢᠨ   ᠲᠠᠯ᠎ᠠ  ᠎ᠪᠠᠷ ᠦᠨᠡᠬᠡᠷ ᠰᠡᠳᠭᠢᠯ ᠰᠠᠨᠠᠭ᠋ᠠᠨ᠎ᠳᠤ ᠲᠤᠬᠢᠷᠠᠭᠰᠠᠨ ᠰᠢᠯᠢᠳᠡᠭ ᠰᠠᠢ᠌ᠨ   ᠤᠩᠰᠢᠪᠤᠷᠢᠳᠠᠢ ᠰᠡᠳᠭᠦᠯ   ᠬᠣᠮᠰᠠᠳᠠᠵᠤ ᠪᠠᠢ᠌ᠭ᠎ᠠ ᠦᠨᠦᠳᠦᠷ  《  ᠨᠡᠢ᠌ᠭᠡᠮ》 ᠰᠡᠳᠭᠦᠯ᠎ᠨᠢ ᠤᠷᠤᠨ᠎ᠤ ᠲᠤᠳᠤᠨ᠎ᠠ ᠭᠠᠳᠠᠨᠠᠬᠢ ᠤᠯᠠᠨ   ᠤᠩᠰᠢᠭᠴᠢᠳ᠎ᠤᠨ ᠲᠠᠭ᠋ᠠᠰᠢᠶᠠᠯ᠎ᠳᠤ ᠬᠦᠷᠦᠭᠰᠡᠨ ᠪᠠᠢ᠌ᠨ᠎ᠠ  ᠃ ᠡᠭᠦᠨ᠎ᠳᠤ   ᠤᠯᠳᠤᠢ   ᠪᠢ᠂ ᠲᠡᠭᠡᠷ᠎ᠡ ᠰᠠᠷ᠎ᠠ᠎ᠳᠤ ᠠᠵᠢᠯ᠎ᠤᠨ ᠴᠢᠯᠦᠭᠡ᠎ᠪᠠᠷ ᠦᠪᠦᠷ ᠮᠤᠩᠭᠤᠯ᠎ᠤᠨ ᠨᠤᠮ᠎ᠤᠨ ᠰᠠᠩ᠎ᠤᠨ   ᠲᠦᠷᠪᠡᠳᠦᠭᠡᠷ ᠲᠠᠪᠬᠤᠷᠯᠢᠭ᠎ᠲᠤ ᠭᠠᠷᠴᠤ᠂ ᠨᠤᠮ ᠦᠵᠡᠬᠦ ᠵᠠᠪᠰᠢᠶᠠᠨ ᠵᠢᠨᠷ ᠲᠡᠳᠡᠭᠡᠷ ᠮᠤᠩᠭᠤᠯ ᠰᠡᠳᠭᠦᠯ᠎ᠤᠨ ᠲᠠᠯᠪᠢᠭᠤᠷ ᠲᠡᠭᠡᠷ᠎ᠡ᠎ᠠᠴᠠ ᠬᠡᠳᠦᠨ ᠰᠡᠳᠭᠦᠯ ᠠᠪᠴᠤ   ᠣᠩᠰᠢᠨ᠂ ᠲᠠᠬᠢᠨ 《  ᠨᠡᠢ᠌ᠭᠡᠮ》 ᠰᠡᠳᠭᠦᠯ᠎ᠢ ᠠᠪᠴᠤ ᠤᠩᠰᠢᠬᠤ ᠭᠡᠬᠦ᠎ᠳᠤ ᠬᠡᠳᠦᠨ   ᠤᠩᠰᠢᠭᠴᠢ ᠰᠡᠳᠭᠦᠯ᠎ᠤᠨ   ᠲᠠᠯᠪᠢᠭᠤᠷ ᠲᠡᠭᠡᠷ᠎ᠡ᠎ᠠᠴᠠ   ᠡᠨᠡ ᠬᠦ᠌   ᠰᠡᠳᠭᠦᠯ ᠎ᠢ ᠠᠪᠤᠭ᠋ᠠᠳ ᠲᠦᠭᠡ ᠰᠠᠯᠤᠯ ᠦᠭᠡᠢ   ᠤᠩᠰᠢᠵᠤ ᠪᠠᠢ᠌ᠯ᠎ᠠ  ᠃ ᠲᠡᠭᠡᠭᠡᠳ   ᠪᠢ ᠴᠤ᠌ ᠲᠤᠰ ᠰᠡᠳᠭᠦᠯ᠎ᠢ ᠡᠷᠬᠡᠪᠰᠢ ᠤᠩᠰᠢᠬᠤ ᠨᠢᠭᠡᠨ ᠤᠩᠰᠢᠭᠴᠢ ᠵᠢᠨ ᠬᠤᠪᠢ᠎ᠪᠠᠷ ᠠᠷᠭ᠎ᠠ ᠪᠤᠰᠤ   ᠪᠠᠷᠤᠭ ᠬᠠᠭ᠋ᠠᠰ ᠴᠠᠭ ᠰᠢᠬᠠᠮ ᠬᠦᠯᠢᠶᠡᠵᠦ ᠪᠠᠢ᠌ᠭ᠋ᠠᠳ ᠲᠡᠷᠡ   ᠬᠡᠳᠦᠨ ᠤᠩᠰᠢᠭᠴᠢ ᠤᠩᠰᠢᠵᠤ ᠪᠠᠷᠠᠭᠰᠠᠨ᠎ᠤ ᠲᠠᠷᠠᠭ᠎ᠠ ᠰᠠᠶᠢ ᠪᠢ   ᠣᠯᠵᠣ ᠤᠩᠰᠢᠯ᠎ᠠ  ᠃
        ᠠᠷᠪᠠ   ᠭᠠᠷᠤᠢ ᠵᠢᠯ᠎ᠤᠨ ᠲᠤᠷᠰᠢ   ᠡᠨᠡ ᠬᠦ᠌ ᠰᠡᠳᠭᠦᠯ᠎ᠤᠨ   ᠰᠢᠳᠤᠷᠭᠤ   ᠤᠩᠰᠢᠭᠴᠢ ᠪᠤᠯᠤᠭᠰᠠᠨ᠎ᠤ   ᠬᠤᠪᠢ᠎ᠳᠤ  ᠂ ᠦᠪᠡᠷ᠎ᠤᠨ ᠦᠵᠡᠯᠳᠡ  ᠎ᠪᠠᠨ ᠰᠢᠭᠤᠳ ᠰᠢᠯᠤᠭᠤᠨ   ᠶᠠᠷᠢᠯ᠎ᠠ᠃ ᠮᠢᠨᠦ ᠡᠷᠬᠡᠪᠡᠰᠢ   ᠤᠩᠰᠢᠬᠤ ᠬᠡᠳᠦᠨ ᠰᠡᠳᠭᠦᠯ᠎ᠤᠨ ᠨᠢᠭᠡ᠎ᠨᠢ ᠲᠠᠷᠤᠢ ᠲᠤᠰ ᠰᠡᠳᠭᠦᠯ ᠶᠤᠮ᠃ ᠤᠢ᠌ᠷ᠎ᠠ ᠵᠢᠨ ᠬᠤᠶᠠᠷ ᠵᠢᠯ᠎ᠳᠤ ᠠᠷᠠᠳ᠎ᠤᠨ ᠶᠠᠪᠤᠳᠠᠯ᠎ᠤᠨ ᠲᠤᠬᠠᠢ ᠬᠤᠯᠪᠤᠭᠳᠠᠯ ᠪᠦᠬᠦᠢ ᠲᠡᠭᠡᠷ᠎ᠡ ᠱᠠᠳᠤᠨ᠎ᠤ   ᠱᠠᠭ᠋ᠠᠷᠳᠠᠯᠭ᠎ᠠ᠎ᠪᠠᠷ  《  ᠨᠡᠢ᠌ᠭᠡᠮ》 ᠰᠡᠳᠭᠦᠯ ᠎ᠨᠢ ᠨᠢᠭᠤᠷ ᠬᠠᠪᠢᠰᠤ ᠵᠢᠨ ᠤᠷᠠᠯᠠᠯ᠂ ᠪᠤᠯᠤᠩ᠎ᠤᠨ ᠲᠤᠬᠢᠷᠠᠭᠤᠯᠤᠯᠳᠠ᠂ ᠨᠡᠢ᠌ᠭᠡᠮ᠎ᠲᠠᠢ ᠬᠠᠷᠢᠯᠴᠠᠬᠤ ᠲᠠᠯ᠎ᠠ᠎ᠪᠠᠷ ᠨᠡᠩ ᠴᠤ᠌   ᠰᠢᠨ᠎ᠡ ᠰᠡᠪᠡᠭᠦᠨ ᠠᠷᠠᠭ᠎ᠠ ᠪᠠᠷᠢᠯ ᠬᠢᠭᠡᠳ ᠦᠭᠡᠷᠡᠴᠢᠯᠡᠯᠳᠡ   ᠬᠢᠭᠰᠡᠨ᠎ᠠᠴᠠ ᠲᠤᠰ ᠰᠡᠳᠭᠦᠯ᠎ᠤᠨ ᠬᠦᠷᠢᠶ᠎ᠡ ᠬᠡᠪᠴᠢᠶ᠎ᠡ ᠵᠢᠴᠢ ᠤᠩᠰᠢᠭᠴᠢᠳ᠎ᠤᠨ ᠲᠤᠰᠬᠠᠯ ᠤᠯᠠᠮ ᠦᠷᠭᠡᠨ ᠲᠡᠯᠭᠡᠷᠡᠩᠭᠦᠢ ᠪᠤᠯᠵᠤ᠂   ᠦᠨᠡᠨ ᠬᠦ᠌ ᠠᠷᠠᠳ ᠲᠦᠮᠡᠨ᠎ᠤ ᠲᠤᠮᠳᠠ᠎ᠠᠴᠠ   ᠰᠡᠳᠦᠪ ᠰᠣᠩᠭᠣᠨ   ᠰᠡᠳᠭᠦᠯ ᠡᠷᠬᠢᠯᠡᠬᠦ ᠵᠢᠨ ᠬᠠᠮᠳᠤ ᠲᠠᠬᠢᠨ ᠠᠷᠠᠳ ᠲᠦᠮᠡᠨ᠎ᠳᠤ ᠦᠢ᠍ᠯᠡᠴᠢᠯᠡᠬᠦ ᠵᠤᠷᠢᠯᠭ᠎ᠠ᠎ᠳᠤ᠎ᠪᠠᠨ ᠬᠦᠷᠴᠦ ᠪᠠᠢ᠌ᠨ᠎ᠠ᠃
   《ᠨᠡᠢ᠌ᠭᠡᠮ》 ᠰᠡᠳᠭᠦᠯ ᠮᠢᠨᠢ ᠰᠢᠨ᠎ᠡ ᠴᠠᠭ ᠦᠶ᠎ᠡ   ᠵᠢᠨ ᠠᠯᠬᠤᠭ᠎ᠠ ᠵᠢ᠎ᠲᠠᠭᠠᠨ᠂   ᠰᠡᠳᠭᠦᠯ ᠡᠷᠬᠢᠯᠡᠬᠦ ᠵᠠᠷᠴᠢᠮ ᠵᠢᠨᠨ ᠤᠯᠠᠮ ᠢᠯᠡᠭᠦᠥ ᠪᠠᠷᠢᠮᠳᠠᠯᠠᠨ᠂   ᠨᠡᠩ ᠰᠢᠨ᠎ᠡ ᠨᠢᠭᠡᠨ   ᠦᠨᠳᠦᠷᠴᠡ  ᠎ᠳᠤ ᠭᠠᠷᠴᠤ᠂   ᠨᠡᠩ ᠤᠯᠠᠨ ᠤᠩᠰᠢᠭᠴᠢᠳ ᠬᠢᠭᠡᠳ ᠵᠤᠬᠢᠶᠠᠭᠴᠢᠳ᠎ᠤᠨ ᠵᠢᠨᠨ ᠭᠡᠭᠡᠨ ᠮᠡᠯᠮᠡᠢ᠎ᠳᠤ ᠲᠠᠭ᠋ᠠᠯᠠᠭᠳᠠᠵᠤ᠂ ᠨᠠᠮ   ᠠᠷᠠᠳ ᠲᠦᠮᠡᠨ᠎ᠤ᠎ᠪᠠᠨ   ᠲᠠᠭᠤᠨ ᠬᠤᠭᠤᠯᠠᠢ   ᠪᠤᠯᠵᠤ   ᠮᠠᠨᠳᠤᠬᠤ ᠪᠤᠯᠳᠤᠭ᠋ᠠᠢ ᠭᠡᠵᠦ   ᠵᠦᠩᠨᠡᠶ᠎ᠡ  !

    ᠵᠣᠬᠢᠶᠠᠭᠴᠢ   ᠵᠢᠨ   ᠬᠠᠶᠢᠭ  ᠄   ᠦᠪᠦᠷ ᠮᠤᠩᠭᠤᠯ  ᠎ᠤᠨ   ᠯᠢᠩ   ᠢ   ᠲᠡᠭᠡᠳᠦ ᠰᠢᠨᠵᠢᠯᠡᠬᠦ   ᠤᠬᠠᠭ᠋ᠠᠨ ᠲᠧᠭᠨᠢᠭ ᠮᠡᠷᠭᠡᠵᠢᠯ᠎ᠤᠨ   (ᠪᠦᠯᠦᠭᠯᠡᠯ  )᠎ᠤᠨ ᠬᠢᠵᠠᠭ᠋ᠠᠷᠳᠤ   ᠺᠤᠮᠫᠠᠨᠢ

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
《ᠨᠠᠢ᠌ᠬᠡᠮ》 ᠰᠡᠳᠭᠦᠯ᠎ᠳᠤ ᠥᠭᠬᠦ ᠠᠮᠢᠨᠴᠢᠬᠠᠨ ᠶᠠᠷᠢᠶ᠎ᠠ
《ᠨᠡᠢ᠌ᠭᠡᠮ》 ᠰᠡᠳᠭᠦᠯ᠎ᠤᠨ ᠬᠤᠪᠢᠷᠠᠯᠲᠠ ᠵᠢᠨ ᠲᠤᠬᠠᠢ ᠳᠦᠭᠦᠮ ᠦᠭᠦᠯᠡᠬᠦ᠎ᠨᠢ
ᠦᠰᠦᠭ᠎ᠤᠨ ᠲᠤᠮᠲᠡ ᠨᠢᠭᠤᠯᠲᠠᠲᠠᠢ ᠦᠨᠡᠳᠤ ᠦᠪ ᠮᠢᠨᠢ — ᠹ᠊ · ᠪᠦᠭᠡ ᠵᠡᠷᠭᠡ ᠠᠭᠤᠯᠨ ᠮᠡᠳᠤ ᠲᠦᠰᠢᠭ ᠨᠤᠳᠤᠭ᠎ᠤᠨ ᠪᠤᠭᠤᠷᠤᠯᠴᠤᠳ᠎ᠲᠤ᠎ᠪᠠᠨ ᠵᠤᠷᠢᠭᠤᠯᠪᠠ
ᠨᠠᠳᠠ᠎ᠲᠠᠢ᠎ᠪᠠᠨ ᠲᠠᠰᠤᠯᠬᠠᠨ 《ᠨᠠᠢ᠌ᠭᠡᠮ》 ᠰᠡᠳᠭᠦᠯ
ᠭᠡᠭᠡᠨ ᠠᠶᠠᠨ
 
            