《ᠨᠠᠢ᠌ᠬᠡᠮ》 ᠰᠡᠳᠭᠦᠯᠳᠤ ᠥᠭᠬᠦ ᠠᠮᠢᠨᠴᠢᠬᠠᠨ ᠶᠠᠷᠢᠶᠠ
ᠬᠠᠢ ᠶᠢᠩ ᠵᠣᠬᠢᠶᠠᠪᠠ
《ᠨᠠᠢ᠌ᠭᠡᠮ》 ᠰᠡᠳᠭᠦᠯ ᠮᠠᠨᠢ ᠨᠠᠳᠠᠠᠴᠠ ᠤᠢ᠌ᠷᠠᠬᠠᠨ᠂ ᠴᠢᠮᠠ ᠠᠴᠠ ᠤᠢ᠌ᠷᠠᠬᠠᠨ᠂ ᠠᠷᠠᠳ ᠲᠥᠮᠡᠨ ᠳᠤᠪᠠᠨ ᠤᠢ᠌ᠷᠠᠬᠠᠨ ᠰᠡᠳᠭᠦᠯ ᠶᠤᠮ᠃
《ᠳᠣᠮᠳᠠᠳᠣ ᠣᠯᠤᠰᠤᠨ ᠣᠮᠠᠷᠠᠲᠣ ᠵᠢᠨ ᠰᠢᠯᠢᠳᠡᠭ ᠰᠡᠳᠭᠦᠯ》᠂ 《ᠳᠣᠮᠳᠠᠳᠣ ᠣᠯᠣᠰᠤᠨ ᠬᠤᠸᠠᠪᠸᠢ ᠤᠷᠣᠨᠤ ᠰᠢᠯᠢᠳᠡᠭ ᠰᠡᠳᠭᠦᠯ》ᠤᠨ ᠡᠩᠨᠡᠭᠡᠨᠳᠤ ᠵᠢᠭᠰᠠᠭ᠋ᠠᠭᠳᠠᠭᠰᠠᠨ 《ᠨᠠᠢ᠌ᠭᠡᠮ》 ᠰᠡᠳᠭᠦᠯ ᠮᠠᠨᠢ ᠭᠤᠴᠢᠨ ᠵᠢᠯᠤᠨ ᠤᠯᠠ ᠮᠦᠷᠲᠤᠪᠠᠨ ᠮᠠᠨᠤ ᠤᠷᠣᠨᠤ ᠠᠷᠠᠳᠤᠨ ᠶᠠᠪᠤᠳᠠᠯᠤᠨ ᠮᠡᠳᠡᠭᠡ ᠵᠠᠩᠭᠢ᠂ ᠲᠦᠷᠥ ᠵᠢᠨ ᠪᠤᠳᠣᠯᠭᠠ ᠵᠢᠨ ᠲᠠᠢ᠌ᠯᠣᠮᠵᠢ᠂ ᠨᠠᠢ᠌ᠬᠡᠮᠤᠨ ᠳᠡᠯᠭᠡᠷ ᠬᠠᠷᠠᠭᠠ᠂ ᠰᠣᠳᠣᠨ ᠪᠦᠳᠦᠭᠡᠯ ᠵᠶ᠋ᠡᠷ ᠵᠶ᠋ᠠᠨ ᠳᠠᠮᠵᠢᠭᠣᠯᠵᠣ ᠦᠷᠭᠡᠨ ᠣᠯᠠᠨ ᠠᠷᠠᠳ ᠲᠦᠮᠡᠨᠳᠤ ᠴᠠᠭ ᠦᠶᠡ ᠵᠢᠨ ᠪᠠᠢ᠌ᠳᠠᠯ᠂ ᠣᠯᠣᠰ ᠲᠥᠷᠦ᠂ ᠠᠵᠣ ᠠᠬᠣᠢ ᠨᠡᠢ᠌ᠭᠡᠮᠤᠨ ᠲᠤᠬᠠᠢ ᠰᠢᠨᠡ ᠪᠠᠢ᠌ᠷᠢᠰᠢᠯ᠂ ᠰᠢᠨᠡ ᠬᠦᠭᠵᠢᠯᠲᠡ᠂ ᠰᠢᠨᠡ ᠲᠥᠷᠦ ᠵᠢᠨ ᠪᠣᠳᠣᠯᠭᠠ ᠵᠢ ᠤᠬᠠᠭᠤᠯᠬᠤ ᠪᠠᠨ ᠪᠠᠷᠢᠮᠲᠠᠯᠠᠭᠰᠠᠭ᠋ᠠᠷ ᠢᠷᠡᠵᠡᠢ᠃ ᠲᠣᠰ ᠰᠡᠳᠭᠦᠯ ᠨᠠᠮᠤᠨ ᠳᠠᠭᠣ ᠬᠤᠭᠤᠯᠠᠢ ᠪᠣᠯᠵᠤ᠂ ᠰᠢ ᠵᠢᠨ ᠫᠢᠩ ᠤᠨ ᠰᠢᠨᠡ ᠴᠠᠭ ᠦᠶᠡ ᠵᠢᠨ ᠳᠤᠮᠳᠠᠳᠤ ᠣᠯᠣᠰᠤᠨ ᠣᠨᠴᠠᠯᠢᠭᠲᠠᠢ ᠨᠡᠢ᠌ᠭᠡᠮ ᠵᠢᠷᠤᠮᠤᠨ ᠦᠵᠡᠯ ᠰᠠᠨᠠᠭᠠ ᠪᠠᠷ ᠵᠢᠯᠣᠭᠣᠳᠣᠯᠭᠠ ᠪᠣᠯᠭ᠋ᠠᠨ᠂ ᠠᠷᠠᠳ ᠳᠦᠮᠡᠨ ᠵᠶ᠋ᠡᠷ ᠲᠥᠪ ᠪᠤᠯᠭ᠋ᠠᠨ᠂ ᠤᠭ ᠰᠠᠨᠠᠭᠠᠪᠠᠨ ᠦᠯᠦ ᠣᠮᠠᠷᠳᠠᠨ᠂ ᠡᠭᠦᠷᠭᠡ ᠬᠠᠷᠢᠭᠣᠴᠠᠯᠭᠠᠪᠠᠨ ᠪᠠᠲᠦ ᠴᠡᠭᠡᠵᠢᠯᠡᠵᠦ᠂ ᠴᠠᠭ ᠦᠶᠡ ᠵᠢᠲᠠᠭᠠᠨ ᠡᠷᠡᠮᠡᠬᠡᠢ᠌ᠯᠡᠨ ᠣᠷᠣᠭᠰᠢᠯᠠᠭᠰᠠᠨ ᠶᠡᠷᠦᠩᠬᠡᠢ᠌ᠯᠡᠭᠰᠡᠨ ᠴᠢᠨᠠᠷᠲᠠᠢ ᠰᠡᠳᠭᠦᠯ ᠶᠤᠮ᠃
ᠦᠪᠦᠷ ᠮᠣᠩᠭᠣᠯᠤᠨ ᠠᠷᠠᠳᠤᠨ ᠶᠠᠪᠤᠳᠠᠯᠤᠨ ᠲᠢᠩᠬᠢᠮᠠᠴᠠ ᠭᠣᠣᠯᠯᠠᠨ ᠡᠷᠬᠢᠯᠡᠭᠰᠡᠨ 《ᠨᠡᠢ᠌ᠬᠡᠮ》 ᠰᠡᠳᠭᠦᠯ ᠮᠠᠨᠢ ᠪᠦᠬᠦ ᠰᠡᠳᠭᠦᠯᠴᠢ ᠵᠢᠨ ᠵᠶ᠋ᠠᠨ ᠬᠠᠮᠲᠦ ᠵᠢᠨ ᠴᠢᠷᠮᠠᠢ᠌ᠯᠭᠠᠪᠠᠷ ᠡᠯᠡ ᠦᠨᠳᠦᠰᠦᠲᠡᠨᠤ ᠪᠦᠯᠬᠦᠮᠳᠡᠯᠢ ᠴᠢᠩᠭ᠋ᠠᠥᠠᠬᠠᠬᠤᠪᠠᠷ ᠭᠤᠤᠯᠳᠠᠯᠭᠠ ᠪᠤᠯᠭ᠋ᠠᠵᠣ᠂ 《ᠲᠥᠷᠪᠡᠨ ᠣᠬᠠᠮᠰᠠᠷ》 ᠵᠶ᠋ᠡᠨ ᠲᠠᠰᠣᠷᠠᠯᠲᠠ ᠦᠬᠡᠢ ᠨᠡᠮᠡᠭᠳᠡᠭᠦᠯᠦᠨ᠂ 《ᠲᠥᠷᠪᠡᠨ ᠢᠲᠡᠭᠡᠯ》 ᠵᠶ᠋ᠠᠨ ᠪᠠᠲᠣᠳᠬᠠᠵᠤ᠂ 《ᠬᠤᠶᠠᠷᠢ ᠬᠠᠮᠠᠭ᠋ᠠᠯᠠᠬᠤ》 ᠵᠢ ᠪᠡᠶᠡᠯᠡᠭᠦᠯᠦᠨ᠂ ᠨᠢᠭᠡ ᠰᠡᠳᠭᠢᠯ ᠨᠢᠭᠡ ᠵᠣᠷᠢᠭ ᠵᠶ᠋ᠠᠷ ᠰᠢᠷᠭ᠋ᠠᠬᠤ ᠲᠡᠮᠡᠴᠡᠵᠦ᠂ ᠨᠡᠢ᠌ᠬᠡᠮ ᠵᠢᠷᠦᠮᠲᠦ ᠤᠳᠣᠬᠢᠴᠢᠯᠠᠭᠰᠠᠨ ᠤᠯᠣᠰᠢ ᠪᠦᠳᠦᠭᠡᠨ ᠪᠠᠢ᠌ᠭᠣᠯᠬᠣ ᠰᠢᠨᠡ ᠠᠶᠠᠨᠤ ᠵᠢᠯᠣᠭᠣᠨᠳᠤ ᠥᠪᠡᠷᠤᠨ ᠭᠣᠢ᠌ᠪᠢᠰᠢ ᠦᠬᠡᠢ ᠳᠠᠢ᠌ᠴᠢᠨ ᠡᠭᠦᠷᠭᠡ ᠬᠠᠷᠢᠭᠣᠴᠠᠯᠭᠠᠪᠠᠨ ᠭᠥᠢ᠍ᠴᠡᠥᠠᠭᠡᠵᠦ᠂ ᠲᠤᠳᠣᠷᠬᠠᠢ ᠵᠣᠷᠢᠯᠭᠠ ᠬᠠᠨᠳᠣᠯᠭᠠᠲᠠᠢᠪᠠᠷ ᠭᠠᠪᠰᠢᠭ᠋ᠠᠢ᠌ᠯᠠᠭᠰᠠᠭ᠋ᠠᠷ ᠢᠷᠡᠵᠡᠢ ᠃
ᠨᠢᠭᠡ᠂ 《ᠨᠠᠢ᠌ᠬᠡᠮ》 ᠰᠡᠳᠭᠦᠯ ᠪᠣᠯ ᠰᠢᠨᠡ ᠴᠠᠭ ᠦᠶᠡ ᠵᠢᠨ ᠨᠠᠮᠤᠨ ᠲᠦᠷᠥ ᠵᠢᠨ ᠪᠤᠳᠣᠯᠭᠠ ᠵᠢ ᠲᠣᠭᠣᠰᠢᠯᠠᠭᠤᠯᠤᠨ ᠤᠬᠠᠭᠤᠯᠬᠤ ᠳᠠᠪᠴᠠᠩ ᠮᠦᠨ᠃
《 ᠣᠯᠣᠰᠤᠨ ᠲᠡᠷᠢᠭᠦᠯᠡᠭᠴᠢ ᠰᠢ ᠵᠢᠨ ᠫᠢᠩ ᠤᠨ 2021 ᠣᠨᠤ ᠰᠢᠨᠡ ᠣᠨᠤ ᠪᠠᠶᠠᠷᠤᠨ ᠦᠭᠡ》ᠪᠠᠷ 《ᠨᠡᠢ᠌ᠬᠡᠮ》 ᠰᠡᠳᠭᠦᠯ 2021 ᠣᠨᠤ ᠰᠢᠨᠡ ᠬᠠᠭᠤᠳᠠᠰᠣ ᠪᠠᠨ ᠰᠡᠭᠦᠭᠰᠡᠨ ᠪᠢᠯᠡ᠃ ᠮᠦᠨ ᠬᠦ᠌ ᠲᠣᠰ ᠳ᠋ᠤᠭ᠋ᠠᠷᠠᠴᠠᠪᠠᠨ ᠡᠬᠢᠯᠡᠨ 《ᠨᠠᠮᠤᠨ ᠠᠷᠪᠠ ᠶᠢᠰᠣᠳᠦᠭᠡᠷ ᠬᠤᠭᠤᠴᠠᠭ᠋ᠠᠨᠤ ᠲᠠᠪᠤᠳᠤᠭ᠋ᠠᠷ ᠪᠦᠭᠦᠳᠡ ᠬᠤᠷᠠᠯᠤᠨ ᠵᠣᠷᠢᠭ ᠰᠠᠨᠠᠭᠠ ᠵᠢ ᠰᠣᠷᠣᠯᠴᠠᠨ ᠲᠣᠭᠣᠰᠢᠯᠠᠭᠤᠯᠬᠤ ᠲᠤᠰᠬᠠᠢ ᠪᠣᠯᠣᠩ》 ᠨᠡᠬᠡᠬᠡᠵᠦ᠂ ᠮᠠᠨᠤ ᠣᠯᠣᠰᠤᠨ ᠣᠳᠣᠬᠢ ᠱᠠᠲᠣᠨᠤ ᠦᠨᠳᠦᠰᠦᠨ ᠪᠠᠢ᠌ᠳᠠᠯ᠂ 2035 ᠣᠨᠤ ᠠᠯᠣᠰᠤᠨ ᠬᠠᠷᠠᠯᠲᠠ ᠵᠢ ᠬᠡᠷᠬᠢᠨ ᠪᠡᠶᠡᠯᠡᠭᠦᠯᠬᠦ ᠲᠤᠬᠠᠢ ᠴᠠᠭ ᠲᠤᠬᠠᠢ ᠳᠤᠨᠢ ᠲᠠᠢ᠌ᠯᠣᠮᠵᠢ ᠥᠭᠴᠦ᠂ ᠺᠠᠳ᠋ᠷ ᠠᠷᠠᠳ ᠲᠦᠮᠡᠨᠤ ᠭᠡᠬᠡᠨ ᠰᠣᠨᠣᠷᠲᠤ ᠲᠦᠷᠥ ᠵᠢᠨ ᠪᠤᠳᠣᠯᠭᠠ ᠵᠢᠨ ᠬᠠᠨᠳᠣᠰᠢ ᠴᠢᠭᠯᠡᠯᠲᠡ ᠵᠢ ᠴᠠᠭ ᠲᠤᠬᠠᠢ ᠳᠤᠨᠢ ᠣᠯᠠᠮᠵᠢᠯᠠᠵᠣ ᠴᠢᠳᠠᠭᠰᠠᠨ ᠵᠶ᠋ᠠᠷ ᠪᠠᠷᠠᠬᠣ ᠦᠬᠡᠢ ᠮᠠᠨᠤ ᠤᠷᠣᠨᠤ ᠡᠯᠡ ᠱᠠᠲᠣᠨᠤ ᠪᠠᠢ᠌ᠭᠣᠯᠭᠠ ᠨᠢᠭᠡᠴᠢ᠂ ᠡᠯᠡ ᠦᠨᠳᠦᠰᠦᠲᠡᠨᠤ ᠠᠷᠠᠳ ᠲᠦᠮᠡᠨᠤ ᠨᠠᠢ᠌ᠬᠡᠮ ᠵᠢᠷᠦᠮᠲᠦ ᠣᠲᠣᠬᠢᠴᠢᠯᠠᠭ᠍ᠠᠠᠰᠠᠨ ᠤᠯᠣᠰᠢ ᠪᠦᠬᠦ ᠲᠠᠯᠠᠪᠠᠷ ᠪᠦᠲᠦᠭᠡᠨ ᠪᠠᠢ᠌ᠭᠣᠯᠬᠣ ᠰᠢᠨᠡ ᠢᠯᠠᠯᠲᠠ ᠵᠢ ᠲᠡᠮᠡᠴᠡᠨ ᠣᠯᠬᠤᠪᠠᠷ ᠵᠢᠳᠭᠦᠨ ᠴᠢᠷᠮᠠᠢ᠌ᠵᠤ ᠪᠠᠢ᠌ᠬᠤ ᠰᠣᠷᠠᠭ ᠮᠡᠳᠡᠭᠡ ᠵᠢ ᠣᠯᠠᠨ ᠲᠠᠯᠠᠠᠴᠠ ᠤᠯᠠᠨ ᠬᠡᠯᠪᠡᠷᠢᠪᠠᠷ ᠣᠯᠠᠨ ᠠᠭᠣᠯᠭᠠᠪᠠᠷ ᠴᠢᠮᠡᠭᠡᠯᠡᠪᠡ᠃ ᠡᠨᠡᠨᠢ ᠮᠠᠨᠤ ᠤᠷᠣᠨᠤ ᠡᠯᠡ ᠱᠠᠲᠣᠨᠤ ᠪᠠᠢ᠌ᠭᠣᠯᠭᠠ ᠨᠢᠭᠡᠴᠢ᠂ ᠡᠯᠡ ᠦᠨᠳᠦᠰᠦᠲᠡᠨᠤ ᠠᠷᠠᠳ ᠲᠦᠮᠡᠨ ᠤ ᠣᠯᠣᠰ ᠲᠦᠷᠥ ᠵᠢᠨ ᠰᠣᠷᠣᠯᠴᠠᠯᠭᠠ ᠵᠢ ᠠᠬᠢᠭᠣᠯᠵᠣ᠂ ᠦᠵᠡᠯ ᠰᠠᠨᠠᠭ᠋ᠠᠨᠤ ᠲᠠᠨᠢᠯᠲᠠᠢ ᠳᠡᠭᠡᠭᠰᠢᠯᠡᠭᠦᠬᠦ ᠵᠢ ᠠᠬᠢᠭᠣᠯᠣᠭᠰᠠᠨ ᠶᠤᠮ᠃ ᠡᠨᠡ ᠮᠡᠲᠦᠪᠠᠷ 《ᠨᠠᠢ᠌ᠬᠡᠮ》 ᠰᠡᠳᠭᠦᠯ ᠰᠢᠨᠡ ᠴᠠᠭ ᠦᠶᠡ ᠵᠢᠨ ᠨᠠᠮᠤᠨ ᠲᠦᠷᠥ ᠵᠢᠨ ᠪᠤᠳᠣᠯᠭᠠ ᠵᠢ ᠲᠣᠭᠣᠰᠢᠯᠠᠭᠤᠯᠤᠨ ᠤᠬᠠᠭᠤᠯᠬᠤ ᠦᠢ᠍ᠯᠡᠳᠦᠯ ᠵᠶ᠋ᠠᠨ ᠬᠦᠢ᠍ᠴᠡᠳ ᠪᠳᠠᠷᠠᠭᠣᠯᠵᠣ ᠴᠢᠳᠠᠪᠠ᠃
ᠬᠤᠶᠠᠷ᠂ 《ᠨᠠᠢ᠌ᠬᠡᠮ》 ᠰᠡᠳᠭᠦᠯ ᠰᠢᠨᠡ ᠤᠬᠠᠪᠤᠷᠢ᠂ ᠰᠢᠨᠡ ᠴᠣᠭ ᠰᠦᠯᠳᠡ᠂ ᠰᠢᠨᠡ ᠬᠠᠨᠳᠣᠯᠭᠠᠲᠠᠢ ᠪᠠᠷ ᠴᠠᠭ ᠦᠶᠡ ᠵᠢᠨ ᠰᠢᠨᠡ ᠳᠡᠪᠵᠢᠶᠡ ᠤᠷᠣᠭᠣ ᠳᠠᠪᠰᠢᠨ ᠤᠷᠣᠪᠠ᠃ 《ᠨᠠᠢ᠌ᠬᠡᠮ》 ᠰᠡᠳᠭᠦᠯ ᠣᠯᠣᠰᠤᠨ 《ᠭᠤᠷᠪᠠᠨ ᠰᠢᠨᠡ ᠬᠦᠭᠵᠢᠯᠲᠡ》 ᠵᠢᠨ ᠵᠣᠷᠢᠭᠠ ᠰᠠᠨᠠᠭᠠᠲᠠᠢ ᠰᠠᠢ᠌ᠲᠤᠷ ᠤᠶᠠᠯᠳᠣᠵᠣ᠂ ᠦᠩᠭᠡᠷᠡᠭᠰᠡᠨ ᠤᠳᠣ ᠢᠷᠡᠭᠡᠳᠦᠢ ᠵᠢᠨ ᠬᠦᠭᠵᠢᠯᠲᠡ ᠵᠢᠨ ᠵᠠᠮ ᠳᠤᠪᠠᠨ ᠬᠠᠭᠤᠴᠢᠨ ᠪᠠᠷᠢᠮᠲᠠᠯᠠᠯᠠᠴᠠ ᠰᠢᠨᠡ ᠤᠬᠠᠪᠤᠷᠢ᠂ ᠬᠠᠭᠤᠴᠢᠨ ᠬᠡᠪᠰᠢᠯᠠᠴᠠ ᠰᠢᠨᠡ ᠴᠣᠭ ᠰᠦᠯᠳᠡ ᠂ ᠬᠠᠭᠤᠴᠢᠨ ᠵᠢᠷᠤᠮᠯᠠᠯᠠᠴᠠ ᠰᠢᠨᠡ ᠬᠠᠨᠳᠤᠯᠭᠠᠲᠠᠢᠪᠠᠷ ᠰᠢᠨᠡ ᠬᠦᠭᠵᠢᠯᠲᠡ ᠵᠢᠨ ᠱᠠᠲᠣᠨᠳᠤ ᠳᠠᠪᠰᠢᠨ ᠤᠷᠣᠪᠠ᠃ ᠰᠡᠳᠭᠦᠯᠤᠨ ᠭᠡᠯᠪᠡᠷᠢ ᠵᠢᠨ ᠲᠠᠯᠠᠪᠠᠷ ᠰᠢᠨᠡ ᠬᠦᠮᠦᠨ᠂ ᠰᠢᠨᠡ ᠲᠠᠪᠴᠠᠩᠢ ᠰᠢᠨᠡᠳᠭᠡᠨ ᠦᠭᠡᠷᠡᠴᠢᠯᠠᠵᠦ᠂ ᠰᠢᠨᠡ ᠤᠬᠠᠪᠤᠷᠢ ᠪᠠᠷ ᠠᠵᠢᠯᠯᠠᠪᠠ᠃ ᠥᠭᠡᠷᠡᠪᠠᠷ ᠬᠡᠯᠡᠪᠡᠯ᠂ ᠰᠢᠨᠡ ᠴᠠᠭ ᠦᠶᠡ ᠵᠢᠨ ᠠᠷᠠᠳᠤᠨ ᠶᠠᠪᠤᠳᠠᠯ ᠺᠠᠳ᠋ᠷ ᠢ ᠲᠠᠨᠢᠯᠴᠠᠭᠤᠯᠬᠤᠪᠠᠷ ᠳᠠᠮᠵᠢᠭᠣᠯᠣᠨ᠂ 《ᠶᠠᠳᠠᠭᠤᠠᠴᠠ ᠠᠩᠭᠢᠵᠢᠷᠠᠭᠣᠯᠬᠣ ᠪᠤᠭᠣᠮᠲᠠ ᠰᠢᠪᠲᠤᠯᠤᠯᠲᠠ 》 ᠵᠢ ᠲᠡᠷᠢᠭᠦᠨ ᠪᠠᠢ᠌ᠷᠢᠨᠳᠤ ᠲᠠᠯᠪᠢᠵᠣ᠂ ᠦᠢ᠍ᠯᠡᠰ ᠪᠦᠲᠦᠭᠡᠬᠦ᠂ ᠨᠠᠢ᠌ᠬᠡᠮ ᠨᠠᠢ᠌ᠳ᠋ᠨ ᠵᠢᠨ ᠠᠩᠬᠠᠷᠣᠯᠳᠤ ᠤᠷᠣᠭᠰᠠᠨ ᠭᠣᠣᠯ ᠰᠡᠳᠦᠪᠲᠦ ᠠᠰᠠᠭᠣᠳᠠᠯᠢ ᠣᠯᠠᠨ ᠲᠠᠯᠠᠠᠴᠠ ᠦᠷᠭᠡᠨ ᠲᠡᠯᠭᠡᠷᠡᠩᠭᠦᠢ ᠬᠠᠷᠠᠭᠣᠯᠬᠤ ᠲᠠᠪᠴᠠᠩᠢ ᠬᠠᠩᠭ᠋ᠠᠵᠦ ᠥᠭᠪᠡ᠃ ᠠᠭᠣᠯᠭᠠ ᠵᠢᠨ ᠲᠠᠯᠠᠪᠠᠷ᠂ ᠬᠦᠷᠢᠶᠡ ᠬᠡᠪᠴᠢᠶᠡ ᠵᠢᠨᠢ ᠦᠷᠭᠡᠨ ᠴᠢᠯᠦᠭᠡᠲᠡᠢ ᠪᠠᠷ ᠡᠷᠬᠢᠯᠡᠵᠤ ᠣᠯᠣᠰ ᠣᠷᠣᠨ᠂ ᠬᠤᠲᠠ ᠬᠦᠳᠡᠭᠡ᠂ ᠰᠣᠮᠣ ᠭᠠᠴᠠᠭᠠ᠂ ᠮᠠᠯᠴᠢᠨ ᠲᠠᠷᠢᠶᠠᠴᠢᠨᠤ ᠠᠮᠢᠳᠣᠷᠠᠯᠳᠤ ᠬᠣᠯᠪᠤᠭᠳᠠᠭᠰᠠᠨ ᠤᠯᠠᠨ ᠠᠮᠵᠢᠯᠲᠠ ᠪᠦᠲᠦᠭᠡᠯᠢ ᠲᠥᠪᠯᠡᠷᠡᠭᠦᠯᠦᠨ ᠨᠠᠢ᠌ᠳᠡᠯᠡᠵᠦ᠂ ᠬᠠᠣᠯᠢ ᠳᠦᠷᠢᠮ᠂ ᠣᠨᠣᠯ ᠦᠢ᠍ᠯᠡᠳᠦᠯᠭᠡ᠂ ᠲᠤᠷᠰᠢᠯᠭᠠ ᠰᠣᠷᠭ᠋ᠠᠮᠵᠢ᠂ ᠰᠠᠨᠠᠯ ᠵᠦᠪᠯᠡᠮᠵᠢ ᠵᠢ ᠣᠩᠰᠢᠭᠴᠢ ᠣᠯᠠᠨᠳᠤ ᠳᠠᠮᠵᠢᠭᠣᠯᠵᠣ ᠴᠢᠳᠠᠪᠠ᠃ ᠵᠢᠱ᠌ᠢᠶᠡᠯᠡᠪᠡᠯ᠄ 《ᠲᠦᠷᠥ ᠵᠢᠨ ᠪᠤᠳᠣᠯᠭᠠ ᠵᠢᠨ ᠲᠠᠢ᠌ᠯᠤᠮᠵᠢ》᠂ 《ᠠᠷᠠᠳᠤᠨ ᠶᠠᠪᠤᠳᠠᠯᠤᠨ ᠮᠡᠳᠡᠭᠡ ᠵᠠᠩᠭᠢ》᠂ 《ᠠᠯᠲᠠᠨ ᠬᠤᠷᠭᠣ》᠂ 《 ᠬᠡᠦᠬᠡᠳᠤᠨ ᠬᠦᠮᠦᠵᠢᠯ》᠂ 《ᠦᠭᠦᠯᠡᠯᠤᠨ ᠲᠠᠪᠴᠠᠩ》᠂ 《ᠵᠤᠭᠤᠭᠤᠨ ᠦᠷᠭᠦᠭᠡ》᠂ 《ᠮᠠᠨᠳᠤᠯᠳᠤ ᠬᠦᠳᠡᠭᠡ》᠂ 《ᠭᠠᠵᠠᠷ ᠤᠰᠤᠨᠤ ᠨᠡᠷᠡ》 ᠵᠡᠷᠭᠡ ᠠᠷᠠᠳᠤᠨ ᠠᠮᠢᠳᠣᠷᠠᠯ ᠢ ᠬᠠᠮᠤᠷᠤᠭᠰᠠᠨ ᠪᠣᠯᠣᠩᠤᠳ ᠢ ᠠᠭᠣᠯᠭᠠ ᠵᠢ ᠴᠢᠯᠦᠭᠡᠲᠡᠢ ᠡᠷᠬᠢᠯᠡᠵᠦ᠂ ᠰᠡᠳᠭᠦᠯᠳᠤ ᠪᠠᠨ ᠰᠢᠨᠡ ᠬᠦᠴᠦᠨ᠂ ᠰᠢᠨᠡ ᠬᠠᠷᠠᠯᠲᠠ᠂ ᠰᠢᠨᠡ ᠠᠮᠢ ᠨᠠᠰᠤ ᠵᠢ ᠣᠯᠭᠤᠪᠠ᠃
ᠭᠤᠷᠪᠠ᠂ 《ᠨᠠᠢ᠌ᠬᠡᠮ》 ᠰᠡᠳᠭᠦᠯ ᠪᠣᠯ ᠠᠷᠠᠳ ᠲᠦᠮᠡᠨᠳᠤᠪᠠᠨ ᠦᠢ᠍ᠯᠡᠴᠢᠯᠡᠭᠰᠡᠨ ᠰᠣᠶᠣᠯᠤᠨ ᠲᠠᠪᠴᠠᠩ ᠮᠦᠨ᠃ 《ᠨᠠᠢ᠌ᠬᠡᠮ》 ᠰᠡᠳᠭᠦᠯ ᠮᠠᠨᠢ ᠠᠷᠠᠳ ᠲᠦᠮᠡᠨ ᠤ ᠠᠮᠢᠳᠣᠷᠠᠯ ᠢ ᠳᠣᠰᠬᠠᠵᠣ᠂ ᠠᠷᠠᠳᠤᠨ ᠠᠮᠢᠳᠣᠷᠠᠯᠢ ᠬᠡᠷᠬᠢᠨ ᠳᠡᠭᠡᠭᠰᠢᠯᠡᠭᠦᠯᠬᠦ ᠲᠤᠬᠠᠢ ᠰᠢᠨᠡ ᠰᠡᠳᠬᠢᠭᠦᠢ᠂ ᠰᠢᠨᠡ ᠠᠷᠭᠠ ᠵᠠᠮ᠂ ᠰᠢᠨᠡ ᠲᠤᠷᠰᠢᠯᠭᠠ ᠵᠢ ᠪᠦᠳᠦᠭᠡᠯᠴᠢᠪᠠᠷ ᠴᠠᠭ ᠲᠤᠬᠠᠢ ᠳᠤᠨᠢ ᠣᠬᠠᠭᠣᠯᠭᠠ ᠬᠢᠵᠣ᠂ ᠵᠢᠭ᠋ᠠᠨ ᠵᠢᠯᠣᠭᠣᠳᠬᠤᠪᠠᠷ ᠳᠠᠮᠵᠢᠭᠣᠯᠵᠣ᠂ ᠨᠠᠮ ᠪᠠ ᠠᠷᠠᠳ ᠲᠦᠮᠡᠨᠤ ᠳᠣᠲᠤᠨᠣ ᠬᠠᠷᠢᠴᠠᠭᠠ ᠵᠢ ᠰᠦ ᠴᠠᠢ ᠰᠢᠭ ᠢᠳᠡᠭᠡᠰᠢᠭᠦᠯᠦᠨ ᠬᠦᠮᠦᠨ ᠠᠷᠠᠳᠤᠨ ᠰᠡᠳᠭᠢᠯ ᠳᠤ ᠬᠦᠷᠴᠡᠢ᠃ ᠵᠢᠱ᠌ᠢᠶᠡᠯᠡᠪᠡᠯ᠄ ᠪᠦᠷᠢᠨᠪᠠᠶᠠᠷ᠂ ᠬᠠᠩᠳᠠᠭᠤᠳ ᠣᠰᠤᠨᠪᠤᠳᠣᠭᠤᠨ ᠪᠢᠴᠢᠭᠰᠡᠨ 《ᠮᠠᠯᠴᠢᠨ ᠠᠢ᠌ᠯᠤᠨ ᠵᠠᠮ》 ᠭᠡᠳᠡᠭ ᠪᠠᠷᠢᠮᠲᠠᠲᠤ ᠷᠣᠮᠠᠨ᠂ ᠯᠢᠦ ᠬᠣᠩ ᠵᠠᠩ ᠤᠨ 《 ᠰᠡᠴᠡᠨᠤ ᠲᠡᠮᠡᠭᠡ ᠲᠡᠵᠢᠭᠡᠭᠰᠡᠨ ᠤᠷᠣᠯᠭᠠᠨᠢ ᠵᠠᠭᠣᠨ ᠲᠥᠮᠡᠨ ᠲᠥᠭᠦᠷᠢᠭᠲᠤ ᠬᠦᠷᠪᠡ》᠂ ᠬᠠ᠊ · ᠪᠤᠶᠠᠨᠳᠡᠯᠭᠡᠷᠤᠨ 《ᠨᠠᠰᠣᠲᠠᠢ᠌ᠴᠣᠳᠲᠤᠪᠠᠨ ᠡᠷᠭᠦᠭᠰᠡᠨ ᠨᠠᠨᠳᠢᠨ ᠬᠦᠳᠡᠯᠮᠦᠷᠢ》᠂ ᠰᠠᠴᠡᠨᠤ ᠤᠷᠴᠢᠭᠣᠯᠣᠭᠰᠠᠨ 《ᠠᠵᠢᠯ ᠣᠯᠭᠣᠵᠣ ᠶᠠᠳᠠᠭᠤ ᠵᠢ ᠲᠡᠳᠭᠦᠭᠰᠡᠨ ᠰᠠᠢ᠌ᠨ ᠱᠦᠵᠢ》 ᠵᠡᠷᠭᠡ ᠪᠦᠲᠦᠭᠡᠯ ᠦᠨᠡᠨ ᠬᠦᠮᠦᠨ ᠤ ᠦᠨᠡᠨ ᠤᠴᠢᠷᠢ ᠪᠢᠴᠢᠵᠦ᠂ ᠨᠡᠢ᠌ᠲᠡ ᠣᠯᠠᠨ ᠢ ᠰᠡᠩᠬᠡᠷᠡᠭᠦᠯᠵᠣ ᠮᠠᠰᠢ ᠣᠯᠠᠨ ᠬᠦᠳᠡᠯᠮᠦᠷᠢᠴᠢᠨ ᠠᠷᠠᠳ ᠲᠦᠮᠡᠨᠤ ᠢᠳᠡᠪᠬᠢᠵᠢᠯ᠂ ᠵᠣᠷᠢᠭ ᠬᠦᠴᠦ ᠵᠢ ᠬᠦᠪᠴᠢᠯᠡᠭᠰᠡᠨᠪᠠᠷ ᠪᠠᠷᠠᠬᠣ ᠦᠬᠡᠢ ᠨᠠᠮᠤᠨ ᠳᠦᠷᠦ ᠵᠢᠨ ᠪᠤᠳᠣᠯᠭᠠ ᠵᠢᠨ ᠵᠥᠪ ᠣᠨᠣᠪᠴᠢᠲᠠᠢ᠂ ᠨᠠᠮᠤᠨ ᠺᠠᠳ᠋ᠷᠤᠨ ᠦᠨᠡᠨᠴᠢ ᠰᠢᠳᠣᠷᠭᠣᠪᠠᠷ ᠴᠢᠷᠮᠠᠢ᠌ᠨ ᠵᠢᠳᠬᠦᠵᠦ ᠪᠠᠢ᠌ᠭᠠ ᠦᠢ᠍ᠯᠡᠰ ᠵᠢᠳᠬᠦᠯ ᠢ ᠳᠣᠰᠬᠠᠭᠰᠠᠨ ᠶᠤᠮ᠃
ᠲᠥᠷᠪᠡ᠂ 《ᠨᠠᠢ᠌ᠬᠡᠮ》 ᠰᠡᠳᠭᠦᠯ ᠪᠣᠯ ᠬᠦᠮᠦᠯᠢᠭ ᠦᠵᠡᠯᠤᠨ ᠲᠠᠷᠬᠠᠨ ᠪᠡᠯᠴᠢᠭᠡᠷ ᠶᠤᠮ᠃ ᠰᠡᠳᠭᠦᠯ ᠨᠢ ᠳᠠᠩ ᠭᠠᠭᠴᠠ ᠣᠨᠣᠯ ᠰᠢᠭᠦᠮᠵᠢ᠂ ᠬᠠᠤᠯᠢ ᠴᠠᠭ᠋ᠠᠵᠠ᠂ ᠵᠢᠷᠣᠭ ᠰᠡᠭᠦᠳᠡᠷ ᠤᠨ ᠴᠣᠯᠭᠣᠢ ᠮᠠᠲᠸᠷᠢᠶᠠᠯ ᠵᠶ᠋ᠡᠷ ᠶᠤᠰᠣ ᠣᠴᠢᠷᠢ ᠮ᠊ ᠲᠠᠢ᠌ᠯᠪᠤᠷᠢᠯᠠᠭᠰᠠᠨ ᠪᠢᠰᠢ᠂ ᠬᠠᠷᠢᠨ ᠦᠯᠢᠭᠡᠷ ᠲᠡᠣᠬᠡ ᠂ ᠭᠠᠵᠠᠷ ᠵᠦᠢ᠂ ᠰᠣᠶᠣᠯ ᠢᠷᠭᠡᠨᠰᠢᠯ᠂ ᠵᠠᠩ ᠵᠠᠩᠰᠢᠯ᠂ ᠰᠣᠷᠭ᠋ᠠᠨ ᠬᠦᠮᠦᠵᠢᠯ᠂ ᠣᠷᠠᠨ ᠵᠤᠬᠢᠶᠠᠯ ᠵᠡᠷᠭᠡ ᠣᠯᠠᠨ ᠬᠠᠷᠠᠭ᠋ᠠᠰᠤ ᠬᠦᠷᠢᠶᠠ ᠴᠠᠷᠠᠭᠠ ᠵᠢᠨ ᠢᠳᠡᠪᠬᠢ ᠴᠢᠨᠠᠷᠢ ᠠᠰᠢᠭᠯᠠᠵᠣ 《ᠤᠨᠣᠯᠠᠴᠠ ᠦᠢ᠍ᠯᠡᠳᠦᠯᠭᠡ᠂ ᠦᠢ᠍ᠯᠡᠳᠦᠯᠭᠡᠠᠴᠠ ᠣᠨᠣᠯ》 ᠥᠭᠡᠳᠡ ᠦᠨᠳᠦᠷ ᠲᠦᠪᠰᠢᠨᠲᠠᠢ᠂ ᠡᠰᠢᠯᠡᠯ ᠡᠭᠦᠰᠦᠯᠲᠠᠢ᠂ ᠨᠣᠲᠠᠯᠠᠯᠲᠠ ᠪᠠᠷᠢᠮᠲᠠᠲᠠᠢ ᠪᠠᠷ ᠬᠦᠮᠦᠯᠢᠭ ᠦᠵᠡᠯᠤᠨ ᠬᠦᠮᠦᠵᠢᠯ ᠢ ᠤᠯᠭᠣᠵᠣ᠂ ᠠᠷᠠᠳ ᠲᠥᠮᠡᠨᠤ ᠡᠬᠡ ᠣᠷᠣᠨᠴᠢ ᠦᠵᠡᠯ ᠢ ᠳᠡᠭᠡᠭᠰᠢᠯᠡᠭᠦᠯᠵᠦ᠂ ᠨᠠᠢ᠌ᠭᠡᠮ ᠵᠢᠷᠦᠮᠲᠦ ᠪᠦᠳᠦᠭᠡᠨ ᠪᠠᠢ᠌ᠭᠣᠯᠣᠯᠲᠠ ᠵᠢᠨ ᠢᠳᠡᠪᠬᠢ ᠬᠦᠴᠦᠨᠢ ᠲᠠᠢ᠌ᠴᠢᠯᠠᠵᠣ᠂ ᠰᠢᠯᠢᠳᠡᠭ ᠠᠵᠣ ᠠᠬᠤᠢ᠌ᠯᠠᠯᠲᠠᠨ᠂ ᠰᠢᠯᠢᠳᠡᠭ ᠬᠦᠳᠡᠯᠮᠦᠷᠢᠴᠢᠨ᠂ ᠰᠢᠯᠢᠳᠡᠭ ᠬᠦᠮᠦᠰ᠂ ᠰᠢᠨᠡ ᠴᠠᠭ ᠦᠶᠡ ᠵᠢᠨ ᠵᠢᠱ᠌ᠢᠶᠡᠴᠢ᠂ ᠳᠠᠭᠣᠷᠢᠶᠠᠯ ᠵᠡᠷᠭᠡᠪᠠᠷ ᠲᠣᠭ ᠲᠡᠮᠳᠡᠭ ᠪᠣᠯᠭ᠋ᠠᠬᠤ ᠲᠤᠭᠲᠠᠴᠠ ᠵᠢ ᠪᠤᠢ ᠪᠤᠯᠭ᠋ᠠᠵᠣ ᠴᠢᠳᠠᠪᠠ ᠃
ᠲᠠᠪᠤ᠂ 《ᠨᠠᠢ᠌ᠬᠡᠮ》 ᠰᠡᠳᠭᠦᠯ ᠪᠣᠯ ᠦᠩᠭᠡ ᠵᠢᠨ ᠴᠡᠴᠡᠭ ᠮᠢᠷᠠᠯᠵᠠᠭᠰᠠᠨ ᠰᠠᠷᠠᠭᠣᠯ ᠲᠠᠯᠠ ᠶᠤᠮ᠃ 《ᠨᠠᠢ᠌ᠬᠡᠮ》 ᠰᠡᠳᠭᠦᠯ ᠤᠨ ᠬᠠᠭᠤᠳᠠᠰᠤᠨᠳᠤ ᠴᠠᠭ ᠦᠶᠡ ᠵᠢᠨ ᠵᠣᠷᠢᠭ ᠰᠠᠨᠠᠭᠠ ᠵᠢ ᠲᠣᠰᠬᠠᠭᠰᠠᠨ ᠰᠢᠨᠡ ᠬᠦᠮᠦᠨ᠂ ᠰᠢᠨᠡ ᠦᠢ᠍ᠯᠡ ᠶᠠᠪᠤᠳᠠᠯ᠂ ᠰᠢᠨᠡ ᠬᠡᠪ ᠳᠠᠭᠤᠷᠢᠶᠠᠯ ᠬᠤᠷᠠ ᠵᠢᠨ ᠳᠠᠷᠠᠭ᠋ᠠᠬᠢ ᠬᠣᠯᠣᠰᠣᠨ ᠰᠣᠶᠤᠭᠠ ᠮᠡᠲᠦ ᠠᠷᠠᠳ ᠲᠦᠮᠡᠨᠤ ᠣᠶᠣᠨᠤ ᠲᠡᠵᠢᠭᠡᠯ ᠪᠣᠯᠵᠤ ᠠᠮᠢᠯᠠᠵᠠᠢ᠃ 《ᠨᠠᠢ᠌ᠬᠡᠮ》 ᠰᠡᠳᠭᠦᠯ ᠪᠣᠯ ᠪᠤᠰᠣᠳ ᠰᠡᠳᠭᠦᠯᠤᠨ ᠤᠷᠣᠯᠠᠵᠣ ᠴᠢᠳᠠᠰᠢ ᠦᠬᠡᠢ ᠶᠡᠷᠣᠩᠬᠡᠢ᠌ᠯᠡᠭᠰᠡᠨ ᠴᠢᠨᠠᠷᠲᠠᠢ ᠠᠷᠠᠳᠤᠨ ᠠᠮᠢᠳᠣᠷᠠᠯ ᠠᠴᠠ ᠬᠠᠮᠣᠭᠤᠨ ᠤᠢ᠌ᠷᠬᠠᠨ᠂ ᠬᠠᠮᠣᠭᠠᠴᠠ ᠪᠤᠳᠠᠳᠠᠢ᠂ ᠠᠮᠢᠳᠣᠷᠠᠯᠳᠤ ᠬᠡᠷᠬᠢᠨ ᠬᠠᠨᠳᠣᠬᠣ ᠲᠤᠬᠠᠢ ᠬᠠᠮᠣᠭ ᠠᠴᠠ ᠬᠠᠩᠭ᠋ᠠᠮᠵᠢᠲᠠᠢ ᠵᠥᠪ ᠵᠢᠯᠤᠭᠤᠳᠣᠯᠭᠠ᠂ ᠭᠠᠷᠮᠠᠭ᠋ᠠᠢ ᠵᠦᠪᠯᠡᠮᠵᠢ ᠦᠭᠴᠦ ᠴᠢᠳᠠᠳᠠᠭ ᠡᠷᠳᠡᠨᠢᠰᠤᠨ ᠰᠠᠩ ᠬᠦᠮᠦᠷᠭᠡ ᠶᠤᠮ᠃ ᠭᠤᠴᠢᠨ ᠵᠢᠯᠤᠨ ᠲᠤᠷᠰᠢ ᠣᠩᠰᠢᠭᠴᠢ ᠲᠦᠮᠡᠨ ᠮᠠᠨᠢ 《ᠨᠠᠢ᠌ᠬᠡᠮ》 ᠰᠡᠳᠭᠦᠯᠤᠨ ᠲᠤᠷᠭ᠋ᠠᠨ ᠬᠠᠷᠠᠭ᠋ᠠᠨᠳᠤ ᠪᠠᠭᠲᠠᠵᠣ ᠭᠥᠷᠥᠰᠥ ᠰᠢᠷᠦᠢᠠᠴᠠᠨᠢ ᠰᠢᠮᠡ ᠲᠡᠵᠢᠭᠡᠯ ᠬᠦᠷᠲᠡᠭᠰᠡᠭᠡᠷ ᠢᠶᠡᠭᠰᠡᠨ ᠶᠤᠮ᠃
《ᠨᠠᠢ᠌ᠬᠡᠮ》 ᠰᠡᠳᠭᠦᠯ ᠪᠣᠯ ᠪᠢᠳᠠ ᠪᠦᠬᠦᠨᠤ ᠰᠠᠯᠵᠤ ᠪᠣᠯᠣᠰᠢ ᠦᠬᠡᠢ ᠳᠠᠢ᠌ᠴᠢᠨ ᠬᠠᠨᠢ ᠶᠤᠮ !
ᠠᠬᠤᠢ ᠨᠠᠢ᠌ᠬᠡᠮ ᠂ ᠠᠷᠠᠳᠤᠨ ᠶᠠᠪᠤᠳᠠᠯ᠂ ᠠᠮᠢᠳᠣᠷᠠᠯ ᠰᠤᠷᠤᠯᠴᠠᠯᠭᠠᠳᠤ ᠵᠥᠪ ᠬᠠᠨᠳᠣᠶᠠ ᠭᠡᠪᠡᠯ 《ᠨᠠᠢ᠌ᠬᠡᠮ》 ᠰᠡᠳᠭᠦᠯ ᠵᠶ᠋ᠡᠷ ᠵᠶ᠋ᠡᠨ ᠲᠣᠯᠢ ᠪᠣᠯᠭ᠋ᠠᠭ᠋ᠠᠷᠠᠢ!
ᠵᠤᠬᠢᠶᠠᠭᠴᠢ ᠵᠢᠨ ᠬᠠᠶᠢᠭ᠄ ᠦᠪᠦᠷ ᠮᠣᠩᠭᠣᠯᠤᠨ ᠪᠠᠭᠰᠢ ᠵᠢᠨ ᠶᠡᠬᠡ ᠰᠣᠷᠭ᠋ᠠᠭᠣᠯᠢ ᠵᠢᠨ ᠬᠠᠷᠢᠶᠠᠲᠦ ᠬᠤᠶᠠᠳᠣᠭ᠋ᠠᠷ ᠰᠣᠷᠭ᠋ᠠᠭᠣᠯᠢ