ᠵᠸᠡᠭ ᠾᠸ ᠪᠠ ᠲᠠᠯᠠᠢ ᠵᠢᠨ ᠲᠣᠷᠭ᠋ᠠᠨ᠎ᠤ ᠵᠠᠮ (ᠬᠤᠶᠠᠷ)
ᠳ᠋ᠠᠨᠽᠠᠨ ᠵᠣᠬᠢᠶᠠᠪᠠ
ᠪᠣᠯᠪᠠᠰᠣᠨ᠎ᠤ ᠠᠶᠠᠯᠠᠯ
ᠵᠸᠡᠭ ᠾᠸ ᠪᠣᠯ ᠲᠡᠯᠡᠬᠡᠢ ᠵᠢᠨ ᠲᠠᠯᠠᠢ ᠵᠢᠨ ᠠᠶᠠᠯᠠᠯ᠎ᠤᠨ ᠲᠡᠣᠬᠡᠨ᠎ᠳᠠᠬᠢ ᠲᠣᠮᠣ ᠬᠦᠰᠢᠶ᠎ᠡ᠂ ᠲᠡᠯᠡᠬᠡᠢ᠎ᠪᠠᠷ ᠵᠶ᠋ᠡᠨ ᠮᠡᠳᠡᠷᠡᠬᠦ ᠲᠠᠯᠠᠢ ᠵᠢᠨ ᠠᠪᠣᠷᠭᠣ ᠬᠦᠮᠦᠨ᠂ ᠬᠦᠮᠦᠨ ᠲᠦᠷᠣᠯᠬᠢᠳᠡᠨᠤ ᠨᠦᠬᠦᠷᠯᠡᠯ᠎ᠳᠤ ᠨᠠᠰᠣ᠂ ᠪᠡᠶ᠎ᠡ᠎ᠪᠠᠨ ᠵᠣᠷᠢᠭᠣᠯᠣᠬᠰᠠᠨ ᠠᠭᠣᠣ ᠬᠦᠮᠦᠨ ᠪᠦᠯᠦᠬᠡ᠃ ᠡᠸᠦ᠋ᠷᠣᠫᠠ ᠵᠢᠨ ᠭᠣᠷᠪᠠᠨ ᠲᠠᠯᠠᠢ ᠵᠢᠨ ᠠᠶᠠᠯᠠᠯᠴᠢᠨ᠎ᠲᠠᠢ ᠬᠠᠷᠢᠴᠠᠭᠣᠯᠬᠣ ᠦᠭᠡᠢ ᠪᠣᠯ ᠮᠡᠳᠡᠬᠦ ᠦᠭᠡᠢ᠂ ᠬᠠᠷᠢᠴᠠᠭᠣᠯᠪᠠᠯ ᠨᠢᠳᠣ ᠪᠦᠯᠳᠣ ᠰᠣᠴᠢᠬᠣ ᠠᠵᠣᠭᠣ᠃ ᠴᠠᠭ᠎ᠤᠨ ᠬᠣᠪᠢ᠎ᠳᠤ ᠵᠸᠡᠭ ᠾᠸ 1405 ᠣᠨ᠎ᠳᠤ ᠡᠠᠡᠭᠬᠠ ᠣᠳᠠᠭ᠎ᠠ ᠠᠲᠯᠠᠨᠲ ᠲᠠᠯᠠᠢ᠎ᠪᠠᠷ ᠠᠹᠸᠷᠢᠺᠠᠳᠤ ᠬᠦᠷᠦᠭᠰᠡᠨ᠎ᠨᠢ ᠢᠲ᠋ᠠᠯᠢ ᠵᠢᠨ ᠺᠣᠯᠣᠮᠪᠦ ᠠᠲᠯᠠᠨᠲ ᠲᠠᠯᠠᠢ ᠵᠢ ᠬᠦᠨᠳᠡᠯᠡᠨ ᠲᠣᠭᠣᠯᠵᠣ᠂ ᠠᠮᠸᠷᠢᠺᠠ ᠲᠢᠪ᠎ᠢ ᠢᠯᠡᠷᠡᠬᠦᠯᠦᠭᠰᠡᠨ᠎ᠠᠴᠠ 87 ᠵᠢᠯ ᠡᠷᠳᠡ᠂ ᠫᠣᠷᠲ᠋ᠣᠭ᠋ᠠᠯᠤᠨ ᠳ᠋᠊ · ᠭᠠᠮᠨ ᠰᠠᠢ᠌ᠨ ᠢᠳᠡᠬᠡᠯᠳᠣ ᠬᠣᠰᠢᠭᠣ ᠵᠢ ᠣᠷᠢᠶᠠᠵᠣ ᠡᠨᠡᠳᠭᠡᠭ᠎ᠲᠤ ᠬᠦᠷᠦᠭᠰᠡᠨ᠎ᠠᠴᠠ 92 ᠵᠢᠯ ᠡᠷᠳᠡ᠂ ᠫᠣᠷᠲ᠋ᠣᠭ᠋ᠠᠯᠤᠨ ᠮᠠᠵᠸᠯᠸᠨ ᠪᠦᠮᠪᠦᠷᠴᠡᠭ᠎ᠢ ᠲᠣᠭᠣᠷᠢᠵᠣ ᠠᠶᠠᠯᠠᠬᠰᠠᠨ᠎ᠠᠴᠠ 116 ᠵᠢᠯ ᠡᠷᠳᠡ ᠠᠪᠠᠢ᠃ ᠬᠡᠪᠴᠢᠶ᠎ᠡ ᠵᠢᠨ ᠬᠣᠪᠢ᠎ᠳᠤ ᠵᠸᠡᠭ ᠾᠸ ᠣᠳᠠᠭ᠎ᠠ ᠪᠣᠯᠭ᠋ᠠᠨ ᠠᠲᠯᠠᠨᠲ ᠲᠠᠯᠠᠢ᠎ᠪᠠᠷ ᠠᠶᠠᠯᠠᠬᠣ᠎ᠳᠤ 260 ᠭᠠᠷᠣᠢ ᠣᠡᠭᠭᠣᠴᠨ᠂ 27000 ᠰᠢᠬᠠᠮ ᠬᠦᠮᠦᠨ᠎ᠲᠠᠢ᠂ ᠺᠣᠯᠣᠮᠪᠦ ᠠᠡᠭᠬ᠎ᠠ ᠠᠶᠠᠯᠠᠬᠣ᠎ᠳᠤ 3 ᠣᠡᠭᠭᠣᠴᠨ᠂ 90 ᠬᠦᠮᠦᠨ᠎ᠲᠠᠢ᠂ ᠳ᠋᠊ · ᠭᠠᠮᠨ ᠠᠡᠭᠬ᠎ᠠ ᠠᠶᠠᠯᠠᠬᠣ᠎ᠳᠤ 4 ᠣᠡᠭᠭᠣᠴᠨ᠂ 170 ᠬᠦᠮᠦᠨ᠎ᠲᠠᠢ᠂ ᠮᠠᠵᠸᠯᠸᠨ ᠲᠡᠯᠡᠬᠡᠢ ᠵᠢᠨ ᠪᠦᠮᠪᠦᠷᠴᠡᠭ᠎ᠢ ᠲᠣᠭᠣᠷᠢᠵᠣ ᠠᠶᠠᠯᠠᠬᠣ᠎ᠳᠤ 5 ᠡᠣᠡᠭᠭᠣᠴᠨ᠂ 265 ᠬᠦᠮᠦᠨ᠎ᠲᠠᠢ ᠪᠦᠯᠣᠬᠡ᠃ ᠵᠠᠮᠨᠠᠬᠰᠠᠨ ᠵᠠᠮ᠎ᠤᠨ ᠬᠣᠪᠢ᠎ᠳᠤ ᠵᠸᠡᠭ ᠾᠸ ᠵᠡᠬᠦᠨ ᠡᠮᠦᠨᠡᠳᠣ ᠠᠽᠢᠶ᠎ᠠ᠂ ᠪᠠᠷᠠᠭᠣᠨ ᠠᠽᠢᠶ᠎ᠠ᠎ᠪᠠᠷ ᠵᠡᠬᠦᠨ ᠠᠹᠸᠷᠢᠺᠠᠳᠤ ᠬᠦᠷᠴᠡᠢ᠂ ᠺᠣᠯᠣᠮᠪᠣ ᠠᠲᠯᠠᠨᠲ ᠲᠠᠯᠠᠢ ᠵᠢ ᠲᠣᠭᠣᠯᠣᠨ ᠲᠣᠮᠳᠠᠳᠣ ᠠᠮᠸᠷᠢᠺᠠ ᠲᠢᠪ᠎ᠲᠤ ᠯᠨ ᠬᠦᠷᠪᠡ᠂ ᠳ᠋᠊ · ᠭᠠᠮᠨ ᠠᠹᠸᠷᠢᠺᠠᠪᠠᠷ ᠡᠨᠡᠳᠭᠡᠭ᠎ᠲᠤ ᠬᠦᠷᠴᠡᠢ᠂ ᠮᠠᠵᠸᠯᠸᠨ ᠨᠢᠬᠡ ᠯᠨ ᠣᠳᠠᠭ᠎ᠠ ᠲᠠᠯᠡᠬᠡᠢ ᠵᠢᠨ ᠪᠦᠮᠪᠦᠷᠴᠡᠭ᠎ᠢ ᠲᠣᠭᠣᠷᠢᠵᠣ ᠠᠶᠠᠯᠠᠭ᠋ᠠᠳ ᠹᠢᠯᠢᠫᠢᠨ ᠣᠯᠣᠰ᠎ᠲᠤ ᠬᠦᠷᠴᠣ᠂ ᠲᠣᠬᠠᠢ ᠵᠢᠨ ᠨᠣᠳᠣᠭ᠎ᠤᠨ ᠪᠣᠯᠢᠶᠠᠯᠳᠣᠭ᠋ᠠᠨᠳᠤ ᠣᠷᠣᠯᠴᠠᠬᠰᠠᠨᠤ ᠡᠷᠬᠡ᠎ᠪᠠᠷ ᠠᠷᠠᠯ᠎ᠤᠨ ᠰᠠᠭᠣᠭ᠋ᠠᠯᠢ᠎ᠳᠤ ᠠᠯᠠᠬᠳᠠᠯᠣᠭᠠ᠃ ᠵᠸᠡᠭ ᠾᠸ 28 ᠵᠢᠯ᠎ᠳᠤ 7 ᠣᠳᠠᠭ᠎ᠠ᠂ 10 ᠲᠦᠮᠡᠨ ᠺᠢᠯᠣᠮᠸᠲᠷ ᠪᠠᠢ᠌ᠵᠣ᠂ ᠲᠡᠯᠡᠬᠡᠢ ᠵᠢᠨ ᠪᠦᠮᠪᠦᠷᠴᠡᠭ᠎ᠢ ᠭᠣᠷᠪᠠ ᠣᠷᠢᠶᠠᠬᠰᠠᠨᠠᠴᠠ ᠪᠠᠰᠨ ᠢᠯᠡᠬᠦᠣ᠃ ᠵᠸᠡᠭ ᠾᠸ ᠵᠢᠨ ᠲᠠᠯᠠᠢ ᠵᠢᠨ ᠠᠶᠠᠯᠠᠯ ᠡᠮᠦᠨᠡᠳᠣ ᠲᠠᠯᠠᠢ ᠵᠢᠨ ᠠᠷᠠᠯ ᠣᠯᠳᠣᠷᠢᠭ᠎ᠤᠨ ᠭᠣᠣᠯ ᠣᠯᠣᠰ ᠲᠡᠳᠦᠢ ᠦᠭᠡᠢ᠂ ᠠᠹᠸᠷᠢᠺᠠ ᠲᠢᠪ᠎ᠤᠨ ᠵᠡᠬᠦᠨ ᠡᠷᠬᠢ ᠬᠦᠷᠴᠣ᠂ 30 ᠢᠯᠡᠬᠦᠣ ᠣᠯᠣᠰ ᠵᠶ᠋ᠡᠷ ᠶᠠᠪᠣᠪᠠᠢ᠃ ᠵᠸᠡᠭ ᠾᠸ ᠵᠢᠨ ᠴᠠᠭ ᠦᠶ᠎ᠡ᠎ᠳᠤ ᠺᠣᠫᠸᠷᠨᠢᠺᠤᠨ 《ᠨᠠᠷᠨ᠎ᠪᠠᠷ ᠲᠦᠪ ᠪᠣᠯᠭ᠋ᠠᠬᠣ ᠰᠣᠷᠭ᠋ᠠᠯ》 ᠠᠯᠠᠭ᠎ᠠ᠂ ᠲᠡᠯᠡᠬᠡᠢ ᠵᠢᠨ ᠪᠦᠮᠪᠦᠷᠴᠡᠭ᠎ᠤᠨ ᠵᠠᠬ᠍ᠪᠣᠷ ᠴᠦ᠍ ᠠᠯᠠᠭ᠎ᠠ᠂ ᠣᠷᠳᠣᠷᠢᠭ ᠦᠷᠬᠡᠷᠢᠭᠢ ᠬᠡᠮᠵᠢᠬᠦ ᠠᠷᠭ᠎ᠠ ᠵᠢ ᠨᠡᠡᠭ ᠬᠡᠯᠡᠬᠦ ᠶᠠᠭᠣᠨ? ᠵᠸᠡᠭ ᠾᠸ ᠵᠢᠨ ᠣᠡᠭᠭᠣᠴᠠᠳᠣ ᠠᠡᠭᠭᠢ ᠭᠠᠵᠠᠷ ᠵᠦᠢ ᠵᠢᠨ ᠲᠠᠯᠠᠢ ᠵᠢᠨ ᠠᠶᠠᠯᠠᠯ᠂ ᠣᠳᠣᠨ ᠣᠷᠣᠨ᠎ᠤ ᠲᠠᠯᠠᠢ ᠵᠢᠨ ᠠᠶᠠᠯᠠᠯ᠂ ᠵᠦᠭᠯᠡᠬᠦᠷ᠂ ᠠᠶᠠᠯᠠᠯ᠎ᠤᠨ ᠵᠠᠮ ᠵᠶ᠋ᠡᠨ ᠬᠡᠮᠵᠢᠬᠦ ᠵᠡᠷᠬᠡ ᠮᠡᠷᠬᠡᠵᠢᠯ᠎ᠢ ᠣᠶᠠᠯᠳᠣᠭᠣᠯᠣᠨ ᠬᠦᠮᠦᠨ ᠲᠦᠷᠣᠯᠬᠢᠳᠡᠨᠤ ᠲᠠᠯᠠᠢ ᠵᠢᠨ ᠠᠶᠠᠯᠠᠯ᠎ᠤᠨ ᠮᠡᠷᠬᠡᠵᠢᠯ᠎ᠢ ᠰᠢᠨ᠎ᠡ ᠣᠷᠬᠢᠯ᠎ᠳᠤ ᠬᠦᠷᠭᠡᠭᠰᠡᠨ ᠲᠡᠳᠣᠢ ᠦᠭᠡᠢ ᠲᠡᠯᠡᠬᠡᠢ ᠲᠡᠬᠡᠷᠡᠬᠢ ᠬᠠᠮᠣᠭ ᠡᠷᠳᠡᠨ᠎ᠤ ᠲᠠᠯᠠᠢ ᠵᠢᠨ ᠠᠶᠠᠯᠠᠯ᠎ᠤᠨ ᠵᠢᠷᠣᠭ ᠪᠣᠯᠬᠣ 《ᠵᠸᠡᠭ ᠾᠸ ᠵᠢᠨ ᠲᠠᠯᠠᠢ ᠵᠢᠨ ᠠᠶᠠᠯᠠᠯ᠎ᠤᠨ ᠵᠢᠷᠣᠭ》᠎ᠢ ᠵᠢᠷᠣᠪᠠᠢ᠃ ᠡᠨᠡ ᠪᠣᠯ ᠮᠠᠨ᠎ᠤ ᠣᠯᠣᠰ᠎ᠤᠨ ᠬᠠᠮᠣᠭ ᠡᠷᠳᠡᠨ᠎ᠤ ᠲᠠᠯᠠᠢ ᠵᠢᠨ ᠵᠢᠷᠣᠭ᠂ ᠲᠡᠯᠡᠬᠡᠢ ᠵᠢᠨ ᠬᠡᠪᠴᠢᠶ᠎ᠡ᠎ᠠᠴᠠ ᠶᠠᠷᠢᠬᠣ᠎ᠳᠤ ᠴᠦ᠍ ᠲᠡᠯᠡᠬᠡᠢ ᠵᠢᠨ ᠠᠡᠭᠬᠠᠳᠠᠬ᠍ᠴᠢ ᠲᠠᠯᠠᠢ ᠵᠢᠨ ᠵᠢᠷᠣᠭ᠎ᠤᠨ ᠴᠣᠬᠯᠠᠷᠠᠯ ᠬᠡᠭᠳᠡᠬᠦ ᠬᠣᠯᠯᠠᠨᠳ᠋ ᠣᠯᠣᠰ᠎ᠤᠨ ᠸᠡᠭᠨ᠋ᠸᠷᠤᠨ 《ᠲᠠᠯᠠᠢ ᠵᠢᠨ ᠠᠶᠠᠯᠠᠯ᠎ᠤᠨ ᠬᠡᠬᠡᠨ ᠲᠣᠯᠢ》᠎ᠠᠴᠠ ᠬᠡᠴᠢᠨᠡᠨ ᠵᠢᠯ ᠡᠷᠳᠡ ᠪᠠᠢ᠌ᠵᠣ᠂ ᠲᠡᠯᠡᠬᠡᠢ ᠵᠢᠨ ᠭᠠᠵᠠᠷ᠎ᠤᠨ ᠵᠢᠷᠣᠭ᠎ᠤᠨ ᠬᠦᠭᠵᠢᠯᠳᠡ᠎ᠳᠤ ᠬᠡᠷᠡᠯ ᠰᠠᠴᠣᠷᠠᠡᠭᠭᠣᠢ ᠪᠠᠢ᠌ᠷᠢ ᠵᠢ ᠡᠵᠡᠯᠡᠬᠦ ᠪᠦᠯᠦᠬᠡ᠃
ᠡᠮᠦᠨ᠎ᠡ ᠲᠣᠷᠠᠳᠣᠬᠰᠠᠨ ᠡᠸᠦ᠋ᠷᠣᠫᠠ ᠵᠢᠨ ᠭᠣᠷᠪᠠᠨ ᠲᠠᠯᠠᠢ ᠵᠢᠨ ᠠᠶᠠᠯᠠᠯᠴᠢᠨᠤ ᠠᠵᠢᠯᠯᠠᠭ᠎ᠠ ᠵᠢ ᠬᠠᠮᠳᠣ᠎ᠳᠤᠨᠢ 《ᠭᠠᠵᠠᠷ ᠵᠦᠢ ᠵᠢᠨ ᠲᠣᠮᠣ ᠢᠯᠡᠷᠡᠬᠦᠯᠣᠯ》 ᠭᠡᠵᠤ ᠬᠡᠯᠡᠳᠡᠭ᠃ ᠭᠠᠵᠠᠷ ᠵᠦᠢ ᠵᠢᠨ ᠢᠯᠡᠷᠡᠬᠦᠯᠦᠯᠳᠡ᠎ᠪᠠᠷ ᠲᠠᠮᠵᠢᠨ ᠪᠠᠷᠠᠭᠣᠨ ᠡᠸᠦ᠋ᠷᠣᠫᠠ ᠵᠢᠨ ᠣᠯᠣᠰ᠎ᠤᠳ ᠭᠠᠳᠠᠭ᠋ᠠᠳᠣ᠎ᠠᠴᠠ ᠶᠡᠬᠡ ᠬᠡᠮᠵᠢᠶᠡᠨ᠎ᠤ ᠡᠳ᠋ ᠪᠠᠶᠠᠯᠢᠭ ᠪᠠ ᠬᠠᠷ᠎ᠠ ᠠᠰᠢᠭ ᠣᠯᠪᠠ᠃ ᠢᠰᠫᠠᠨᠢ ᠵᠢᠨ ᠺᠣᠯᠣᠨᠢᠴᠢᠯᠠᠬ᠍ᠴᠢᠳ ᠯᠠᠲ᠋ᠢᠨ ᠠᠮᠸᠷᠢᠺᠠ ᠲᠢᠪ᠎ᠢ 3 ᠵᠠᠭᠣᠨ ᠡᠵᠡᠷᠬᠡᠵᠣ᠂ ᠣᠣᠭ᠋ᠠᠯ ᠢᠷᠬᠡᠳ᠎ᠢ ᠬᠠᠷᠬᠢᠰ ᠬᠡᠷᠴᠡᠬᠡᠢ᠂ ᠬᠠᠷ᠎ᠠ ᠬᠣᠣᠷᠠᠳᠠᠢᠪᠠᠷ ᠬᠦᠨᠦᠬᠡᠬᠦ ᠪᠠ ᠪᠣᠭᠣᠯᠴᠢᠯᠠᠵᠣ᠂ 2500 ᠲᠦᠮᠡᠨ ᠢᠨᠳᠢᠶᠠᠨᠴᠣᠳᠢ ᠬᠣᠷᠣᠭ᠋ᠠᠵᠣ᠂ 250 ᠲᠦᠮᠡᠨ ᠺᠢᠯᠦᠭᠷᠠᠮ ᠰᠢᠵᠢᠷ ᠠᠯᠳᠠ ᠪᠠ ᠳ᠋ᠦᠡᠭᠰᠢᠭᠣᠷ ᠲᠣᠨ ᠮᠦᠡᠭᠭᠦ ᠲᠣᠨᠣᠪᠠᠢ᠃ ᠫᠣᠷᠲ᠋ᠦ᠋ᠭ᠋ᠠᠯᠤᠨ ᠺᠣᠯᠣᠨᠢᠴᠢᠠᠯᠬ᠍ᠴᠢᠳ ᠪᠷᠠᠽᠢᠯ᠎ᠠᠴᠠ 6 ᠳ᠋ᠦᠡᠭᠰᠢᠭᠣᠷ ᠳ᠋ᠣᠯᠯᠠᠷ᠎ᠤᠨ ᠰᠢᠵᠢᠷ ᠠᠯᠳᠠ ᠪᠠ 3 ᠳ᠋ᠦᠡᠭᠰᠢᠭᠣᠷ ᠳ᠋ᠣᠯᠯᠠᠷ᠎ᠤᠨ ᠠᠯᠠᠮᠠᠰ ᠠᠪᠠᠴᠢᠵᠠᠢ᠃ 15 ᠳ᠋ᠣᠭ᠋ᠠᠷ ᠵᠠᠭᠣᠨ᠎ᠤ ᠲᠣᠮᠳᠠᠴᠢ᠎ᠳᠤ ᠫᠣᠷᠲ᠋ᠦ᠋ᠭ᠋ᠠᠯᠴᠣᠳ ᠠᠹᠸᠷᠢᠺᠠ ᠲᠢᠪ᠎ᠤᠨ ᠪᠠᠷᠠᠭᠣᠨ ᠲᠠᠯᠠᠢ ᠵᠢᠨ ᠡᠷᠬᠢ᠎ᠠᠴᠠ ᠪᠣᠭᠣᠯᠴᠣᠳᠢ ᠪᠣᠯᠢᠶᠠᠬᠣ ᠪᠠ ᠬᠣᠳᠠᠯᠳᠣᠨ ᠠᠪᠴᠣ ᠣᠯᠣᠰ᠎ᠲᠠᠭᠠᠨ ᠠᠪᠠᠴᠢᠵᠣ ᠠᠷᠠᠯᠵᠢᠶᠠᠯᠠᠨ᠂ ᠴᠦᠬᠡᠡᠭᠭᠢᠨᠢ ᠪᠠᠶᠠᠨ ᠠᠢ᠌ᠯ᠎ᠳᠤ ᠵᠠᠷᠣᠴᠠᠯᠠᠬᠳᠠᠨ᠂ ᠣᠯᠠᠡᠭᠭᠢᠨᠢ ᠠᠲᠯᠠᠨᠲ ᠲᠠᠯᠠᠢ ᠵᠢᠨ ᠡᠵᠡᠯᠡᠭᠳᠡᠭᠰᠡᠨ ᠠᠷᠠᠯ ᠬᠣᠢ᠌ᠭ ᠵᠶ᠋ᠡᠷ ᠠᠭᠣᠷᠬᠠᠢ ᠨᠡᠬᠡᠬᠡᠬᠦ᠂ ᠲᠠᠷᠢᠵᠣ ᠠᠷᠠᠴᠢᠯᠠᠬᠣ ᠵᠡᠷᠬᠡ ᠬᠠᠷ᠎ᠠ ᠠᠵᠢᠯ᠎ᠳᠤ ᠪᠠᠷᠢᠬᠳᠠᠪᠠ᠃ ᠠᠹᠸᠷᠢᠺᠠ᠂ ᠯᠠᠲ᠋ᠢᠨ ᠠᠮᠸᠷᠢᠺᠠ ᠲᠢᠪ᠎ᠲᠤ ᠪᠠᠷᠠᠭᠣᠨ ᠡᠸᠦ᠋ᠷᠣᠫᠠᠴᠣᠳ ᠰᠣᠬᠣᠷ ᠵᠣᠭᠣᠰᠣᠨ᠎ᠤ ᠦᠨ᠎ᠡ ᠦᠭᠡᠢ ᠰᠢᠯ ᠪᠦᠮᠪᠦᠬᠡ᠂ ᠲᠣᠯᠢ᠂ ᠬᠦᠨᠵᠢᠬᠦᠷ᠂ ᠲᠣᠪᠴᠢ ᠵᠡᠷᠬᠡ᠎ᠪᠠᠷ ᠲᠡᠨᠳᠡᠬᠢ ᠦᠨ᠎ᠡ ᠪᠡᠨ᠎ᠡ᠎ᠲᠠᠢ ᠬᠢᠷᠢᠰ᠎ᠤᠨ ᠡᠪᠡᠷ᠂ ᠵᠠᠭ᠋ᠠᠨ᠎ᠤ ᠰᠣᠶᠣᠭ᠎ᠠ᠂ ᠰᠢᠵᠢᠷ ᠠᠯᠳᠠ᠂ ᠮᠦᠡᠭᠭᠦ᠂ ᠪᠣᠭᠣᠯᠴᠣᠳᠢ ᠰᠣᠯᠢᠳᠠᠭ᠂ ᠢᠡᠭᠭᠢᠵᠣ ᠠᠳᠠᠯᠢ ᠪᠣᠰᠣ ᠦᠨ᠎ᠡ᠎ᠲᠠᠢ ᠪᠣᠳᠠᠰ᠎ᠤᠨ ᠰᠣᠯᠢᠯᠴᠠᠭ᠎ᠠ ᠲᠣᠮᠳᠠ᠎ᠠᠴᠠ ᠬᠠᠷ᠎ᠠ ᠠᠰᠢᠭ ᠣᠯᠬᠣ᠎ᠨᠢ ᠣᠳᠣ ᠵᠢᠨ ᠦᠬᠡ᠎ᠪᠠᠷ ᠬᠡᠯᠡᠪᠡᠯ ᠬᠦᠮᠦᠨ ᠴᠢᠨᠠᠷ ᠵᠶ᠋ᠡᠨ ᠠᠯᠳᠠᠬᠰᠠᠨ ᠬᠣᠳᠠᠯᠳᠣᠭ᠋ᠠᠨ᠎ᠤ ᠮᠡᠬᠡᠯᠡᠯ ᠪᠠᠢ᠌ᠯᠣᠭᠠ᠃
ᠲᠡᠯᠡᠬᠡᠢ ᠲᠡᠬᠡᠷ᠎ᠡ ᠲᠠᠯᠠᠢ ᠵᠢᠨ ᠠᠶᠠᠯᠠᠯ᠎ᠢ ᠶᠡᠷᠣᠨᠢ ᠪᠠᠷᠳᠠᠭ᠎ᠠ ᠰᠢᠨᠵᠢᠯᠡᠬᠦ᠂ ᠡᠷᠬᠡᠰᠢᠶᠡᠬᠦ᠂ ᠪᠣᠯᠢᠶᠠᠨ ᠲᠡᠬᠡᠷᠡᠮᠳᠡᠬᠦ᠎ᠲᠠᠢ ᠬᠣᠯᠪᠣᠵᠣ ᠶᠠᠷᠢᠳᠠᠭ᠂ ᠬᠡᠳᠡᠯ᠎ᠡ ᠵᠸᠡᠭ ᠾᠸ ᠵᠢᠨ ᠲᠠᠯᠠᠢ ᠵᠢᠨ ᠠᠶᠠᠯᠠᠯ᠎ᠨᠢ ᠪᠠᠯᠠᠮᠠᠳ ᠡᠷᠭᠡᠰᠢᠶᠡᠯ᠂ ᠪᠣᠯᠢᠶᠠᠨ ᠲᠡᠬᠡᠷᠡᠮᠳᠡᠯᠬᠡ ᠪᠢᠰᠢ ᠮᠦᠷᠳᠡᠬᠡᠨ ᠴᠢᠰᠣᠳᠣ ᠲᠠᠮᠣᠯᠠᠯ ᠪᠠ ᠠᠯᠠᠯᠭ᠎ᠠ ᠬᠢᠳᠣᠯᠭ᠎ᠠ ᠴᠦ᠍ ᠠᠯᠠᠭ᠎ᠠ ᠶᠤᠮ᠃ ᠪᠣᠰᠣᠳ᠎ᠤᠨ ᠡᠳ᠋ ᠬᠦᠷᠣᠡᠭᠭᠡ ᠵᠢ ᠶᠡᠷᠣ᠎ᠠᠴᠠ ᠲᠡᠬᠡᠷᠡᠮᠳᠡᠬᠡ ᠦᠭᠡᠢ᠂ ᠪᠣᠰᠣᠳ ᠣᠯᠣᠰ᠎ᠤᠨ ᠨᠣᠳᠣᠭ ᠲᠡᠪᠢᠰᠬᠡᠷᠢ ᠰᠦᠬᠦᠮ ᠲᠡᠳᠣᠢ ᠡᠵᠡᠯᠡᠬᠡ ᠦᠭᠡᠢ᠂ ᠬᠡᠮ ᠦᠭᠡᠢ ᠢᠷᠬᠡᠳ᠎ᠢ ᠦᠰᠣᠨ ᠲᠡᠳᠣᠢ ᠬᠦᠨᠦᠬᠡᠬᠡ ᠦᠭᠡᠢ ᠶᠤᠮ᠃ 15 ᠳ᠋ᠣᠭ᠋ᠠᠷ ᠵᠠᠭᠣᠨ᠎ᠤ ᠲᠣᠮᠳᠠᠳᠣ ᠣᠯᠣᠰ ᠨᠣᠳᠣᠭ ᠲᠡᠪᠢᠰᠬᠡᠷ ᠦᠷᠬᠡᠨ ᠠᠭᠣᠳᠠᠮ᠂ ᠬᠦᠮᠦᠨ ᠪᠦᠯᠢ ᠣᠯᠠᠨ᠂ ᠣᠯᠣᠰ ᠬᠦᠴᠦᠷᠭᠡᠭ᠂ ᠠᠽᠢᠶ᠎ᠠ ᠲᠢᠪ᠎ᠢ ᠪᠠᠢ᠌ᠴᠢᠬ᠎ᠠ᠂ ᠪᠦᠬᠦ ᠲᠡᠯᠡᠬᠡᠢ᠎ᠳᠤ ᠴᠦ᠍ ᠭᠠᠷᠤᠨ ᠲᠠᠪᠣᠨ ᠬᠣᠷᠣᠭᠣᠨ᠎ᠳᠤ ᠪᠠᠬᠳᠠᠬᠣ ᠣᠯᠣᠰ ᠪᠠᠢ᠌ᠯ᠎ᠠ᠃ ᠭᠠᠳᠠᠭ᠋ᠠᠳᠣ᠎ᠠᠴᠠ ᠰᠢᠨ᠎ᠡ ᠭᠠᠵᠠᠷ ᠰᠢᠷᠣᠢ ᠣᠯᠬᠣ᠂ ᠬᠢᠯᠢ ᠬᠢᠵᠠᠭ᠋ᠠᠷ ᠵᠶ᠋ᠡᠨ ᠦᠷᠬᠡᠳᠬᠡᠬᠦ ᠱᠠᠭ᠋ᠠᠷᠳᠠᠯᠭ᠎ᠠ ᠠᠯᠠᠭ᠎ᠠ᠂ ᠨᠡᠡᠭ ᠴᠦ᠍ ᠠᠯᠣᠰ ᠬᠣᠯᠨ ᠲᠠᠯᠠᠢ ᠲᠠᠮᠵᠢᠨ ᠰᠢᠵᠢᠷ ᠠᠯᠳᠠ᠂ ᠴᠠᠭ᠋ᠠᠨ ᠮᠦᠡᠭᠭᠦ ᠡᠷᠢᠬᠦ ᠱᠠᠭ᠋ᠠᠷᠳᠠᠯᠭ᠎ᠠ ᠦᠭᠡᠢ᠃ ᠮᠢᠡᠭ ᠣᠯᠣᠰ ᠵᠸᠡᠭ ᠾᠸ ᠵᠢ ᠠᠲᠯᠠᠨᠲ ᠲᠠᠯᠠᠢ᠎ᠳᠤ ᠲᠣᠮᠢᠯᠠᠬᠰᠠᠨᠤ ᠣᠭ ᠵᠣᠷᠢᠯᠭ᠎ᠠ ᠪᠣᠯ ᠲᠡᠯᠡᠬᠡᠢ ᠵᠢᠨ ᠡᠯ᠎ᠡ ᠣᠯᠣᠰᠯᠤᠭᠠ ᠡᠡᠭᠭᠡ ᠲᠠᠢ᠌ᠪᠣᠡᠭ᠂ ᠨᠦᠬᠦᠷᠰᠡᠭ ᠵᠶ᠋ᠡᠷ ᠨᠦᠬᠦᠷᠯᠡᠯ ᠵᠶ᠋ᠡᠨ ᠪᠠᠳᠣᠳᠬᠠᠵᠣ᠂ ᠨᠡᠭᠡᠬᠡᠭᠳᠡᠬᠡ ᠦᠭᠡᠢ ᠭᠠᠳᠠᠭ᠋ᠠᠳᠣ ᠠᠷᠠᠯᠵᠢᠶ᠎ᠠ ᠵᠢ ᠨᠡᠪᠳᠡᠷᠡᠬᠦᠯᠵᠣ᠂ ᠰᠣᠶᠣᠯ ᠵᠶ᠋ᠡᠨ ᠰᠣᠯᠢᠯᠴᠠᠬᠣ᠂ ᠲᠡᠭᠷᠢ ᠵᠢ ᠰᠢᠨᠵᠢᠵᠣ ᠭᠠᠵᠠᠷ᠎ᠢ ᠬᠡᠮᠵᠢᠨ ᠲᠠᠯᠠᠢ ᠵᠢᠨ ᠵᠢᠷᠣᠭ ᠵᠢᠷᠣᠬᠣ᠂ ᠣᠡᠭᠭᠣᠴᠨ ᠦᠢ᠍ᠯᠡᠳᠣᠨ ᠲᠠᠯᠠᠢ᠎ᠪᠠᠷ ᠠᠶᠠᠯᠠᠵᠣ ᠰᠢᠨᠵᠢᠯᠡᠬᠦ ᠮᠡᠷᠬᠡᠵᠢᠯ᠎ᠢ ᠣᠯᠠᠮᠵᠢᠯᠠᠬᠣ ᠵᠢᠨ ᠲᠠᠭ᠋ᠠᠣ ᠬᠠᠷᠢᠯᠴᠠᠨ ᠰᠣᠷᠣᠯᠴᠠᠬᠣ ᠶᠠᠪᠣᠳᠠᠯ ᠪᠣᠯᠣᠨ᠎ᠠ᠃
ᠮᠢᠡᠭ ᠣᠯᠣᠰ᠎ᠤᠨ ᠡᠬᠢᠨ᠎ᠤ ᠦᠶ᠎ᠡ᠎ᠳᠤ ᠭᠣᠷᠪᠠᠨ ᠬᠠᠭ᠋ᠠᠨ ᠰᠣᠯᠢᠬᠳᠠᠬᠠᠰᠠᠨ ᠶᠤᠮ᠂ ᠵᠣ᠌ ᠶᠣᠸᠠᠨ ᠵᠠᠡᠭ᠎ᠤᠨ ᠲᠣᠬᠳᠠᠭ᠋ᠠᠬᠰᠠᠨ ᠡᠡᠭᠭᠡ ᠲᠠᠢ᠌ᠪᠣᠡᠭ ᠭᠠᠳᠠᠭ᠋ᠠᠳᠣ ᠬᠠᠷᠢᠯᠴᠠᠭ᠋ᠠᠨ᠎ᠤ ᠪᠣᠳᠣᠯᠭ᠎ᠠ᠎ᠨᠢ ᠦᠨᠢᠳᠡ ᠪᠠᠶᠠᠰᠬᠣᠯᠠᠡᠭᠳᠣ ᠪᠠ ᠡᠷᠳᠡᠮ᠎ᠢ ᠲᠡᠯᠬᠡᠷᠡᠬᠦᠯᠬᠦᠢ ᠬᠠᠭ᠋ᠠᠨ᠎ᠤ ᠦᠶ᠎ᠡ᠎ᠳᠤ ᠣᠯᠠᠮᠵᠢᠯᠠᠬᠳᠠᠨ ᠬᠦᠭᠵᠢᠪᠡ᠃ ᠶᠡᠬᠡ ᠰᠦᠷᠳᠣ ᠵᠢᠨ ᠬᠣᠶᠠᠳᠣᠭ᠋ᠠᠷ ᠣᠨ (1369) ᠣᠨ᠎ᠳᠤ ᠵᠣ᠌ ᠶᠣᠸᠠᠨ ᠵᠠᠡᠭ 《 ᠬᠠᠭ᠋ᠠᠨ ᠣᠷᠢᠳᠠᠰᠤᠨ ᠰᠣᠷᠭ᠋ᠠᠯ》᠎ᠳᠠᠭᠠᠨ ᠡᠯ᠎ᠡ ᠣᠯᠣᠰ᠎ᠤᠨ ᠠᠷᠠᠳ ᠲᠦᠮᠡᠨ᠎ᠲᠠᠢ ᠡᠡᠭᠭᠡ ᠲᠠᠢ᠌ᠪᠣᠡᠭ ᠣᠷᠣᠰᠢᠬᠣ ᠪᠣᠳᠣᠯᠭ᠎ᠠ ᠵᠢ ᠭᠠᠳᠠᠭ᠋ᠠᠳᠣ ᠬᠠᠷᠢᠯᠴᠠᠭ᠋ᠠᠨ᠎ᠤ ᠰᠠᠭᠣᠷᠢ ᠲᠦᠷᠣ ᠵᠢᠨ ᠪᠣᠳᠣᠯᠭ᠎ᠠ ᠪᠣᠯᠭ᠋ᠠᠨ 《ᠮᠡᠬᠦᠰ ᠪᠢᠪᠠᠷ ᠬᠣᠢ᠌ᠴᠢ ᠦᠶ᠎ᠡ ᠵᠢᠨ ᠬᠦᠪᠡᠬᠦᠨ ᠠᠴᠢᠨᠠᠷ ᠲᠣᠮᠳᠠᠳᠣ ᠣᠯᠣᠰ᠎ᠤᠨ ᠪᠠᠶᠠᠨ ᠬᠦᠴᠦᠷᠭᠡᠭᠲᠤᠷ ᠡᠷᠳᠣᠨ᠂ ᠲᠦᠷ ᠵᠠᠭᠣᠷ᠎ᠠ ᠵᠢᠨ ᠴᠡᠷᠢᠭ ᠲᠠᠢ᠌ᠨ᠎ᠤ ᠭᠠᠪᠢᠶ᠎ᠠ ᠠᠯᠳᠠᠷᠲᠤᠷ ᠰᠢᠨᠣᠬᠠᠢ᠌ᠷᠠᠵᠣ᠂ ᠲᠠᠢ᠌ᠰᠣᠨ ᠠᠯᠠᠭ᠎ᠠ ᠠᠳᠠᠯ᠎ᠠ ᠴᠡᠷᠢᠭ ᠬᠦᠳᠡᠯᠬᠡᠨ᠂ ᠣᠯᠣᠰ ᠢᠷᠬᠡ᠎ᠨᠢ ᠵᠣᠪᠠᠯᠠᠡᠭ ᠬᠦᠨᠦᠬᠡᠯᠳᠤᠷ ᠲᠣᠯᠭ᠋ᠠᠷᠠᠭᠣᠯᠬᠣ ᠪᠣᠯᠣᠭᠣᠵᠠᠢ ᠬᠡᠮᠡᠨ ᠡᠬᠡᠨᠡᠭᠳᠡ ᠡᠮᠢᠶᠡᠵᠣ ᠪᠠᠢ᠌ᠯᠣᠭᠠ᠃ ᠡᠢ᠌ᠨ ᠮᠡᠳᠣ ᠬᠡᠷᠡᠭ ᠦᠢ᠍ᠯᠨ ᠵᠢ ᠬᠡᠷᠬᠢᠪᠡᠴᠣ ᠦᠯᠣ ᠵᠦᠪᠰᠢᠶᠡᠮᠣᠢ ᠬᠡᠮᠡᠬᠦ᠎ᠨᠢ ᠪᠠᠳᠣ ᠴᠡᠬᠡᠵᠢᠯᠡᠭᠳᠣᠨ》 ᠬᠡᠮᠡᠪᠡᠢ᠃ ᠡᠬᠦᠨ᠎ᠤ ᠬᠠᠮᠳᠣ ᠲᠣᠮᠳᠠᠳᠣ ᠣᠯᠣᠰ ᠪᠠ ᠬᠠᠵᠠᠭᠣ ᠬᠠᠪᠢ ᠵᠢᠨ 15 ᠣᠯᠣᠰ᠎ᠢ ᠨᠦᠬᠦᠷᠰᠡᠭ ᠬᠦᠷᠰᠢ ᠪᠣᠯᠭ᠋ᠠᠵᠣ᠂ ᠦᠯᠣ ᠲᠠᠢ᠌ᠯᠠᠬᠣ ᠣᠯᠣᠰ ᠬᠡᠮᠡᠯᠣᠬᠡ᠃ ᠵᠣ᠌ ᠳ᠋ᠢ 《ᠵᠢᠡᠭ ᠨᠠᠨ᠎ᠤ ᠪᠠᠢ᠌ᠯᠳᠣᠭ᠋ᠠᠨ》 ᠵᠶ᠋ᠡᠷ ᠲᠠᠮᠵᠢᠨ ᠣᠳᠬ᠎ᠠ ᠬᠦᠭᠵᠢᠡᠭᠭᠦᠢ ᠵᠢᠨ ᠲᠦᠷᠪᠡᠳᠣᠬᠡᠷ ᠣᠨ (1402)᠎ᠳᠤ ᠬᠠᠭ᠋ᠠᠨ ᠰᠠᠭᠣᠷᠢᠨ᠎ᠳᠤ ᠰᠠᠭᠣᠵᠣ᠂ ᠲᠠᠷᠠᠭ᠎ᠠ ᠵᠢᠯ᠎ᠨᠢ ᠣᠨ᠎ᠤ ᠴᠣᠯᠨ᠎ᠪᠠᠨ ᠦᠨᠢᠳᠡ ᠪᠠᠶᠠᠰᠬᠣᠯᠠᠡᠭᠳᠣ ᠬᠡᠮᠡᠵᠣ᠂ 《ᠲᠦᠷᠪᠡᠨ ᠵᠦᠭ᠎ᠤᠨ ᠬᠠᠷᠢᠴᠣᠳ ᠡᠶᠡᠳᠡᠪᠡᠰᠣ᠂ ᠲᠣᠮᠳᠠᠳᠣ ᠣᠯᠣᠰ ᠠᠮᠣᠭᠣᠯᠠᠡᠭ ᠪᠣᠯᠣᠮᠣᠢ》᠂ 《ᠡᠢ᠌ᠨ ᠬᠦ᠌ ᠲᠣᠳᠣᠭ᠋ᠠᠳᠣᠳᠤᠷ ᠲᠣᠳᠣᠷᠠᠳᠣ ᠣᠷᠣᠨ ᠵᠶ᠋ᠡᠨ ᠲᠣᠬᠳᠠᠭ᠋ᠠᠵᠣ ᠠᠮᠣᠷᠵᠢᠭᠣᠯᠣᠨ᠂ ᠭᠠᠳᠠᠭ᠋ᠠᠳᠣᠳᠤᠷ ᠲᠦᠷᠪᠡᠨ ᠵᠦᠭ᠎ᠤᠨ ᠬᠠᠷᠢᠴᠣᠳᠢ ᠢᠯᠪᠢᠨ ᠲᠣᠬᠣᠨᠢᠭᠣᠯᠵᠣ᠂ ᠢᠵᠢᠯᠢᠰᠢᠨ ᠣᠷᠣᠰᠢᠵᠣ ᠲᠡᠭᠰᠢ᠎ᠪᠠᠷ ᠬᠠᠨᠳᠣᠨ᠂ ᠬᠣᠳᠠᠯᠨ ᠪᠦᠬᠦᠳᠡᠬᠡᠷ ᠴᠡᠴᠡᠭᠯᠡᠨ ᠬᠦᠭᠵᠢᠰᠣᠬᠡᠢ》 ᠬᠡᠮᠡᠬᠦᠢ ᠭᠠᠳᠠᠭ᠋ᠠᠳᠣ᠎ᠲᠠᠢ ᠶᠠᠪᠣᠯᠴᠠᠬᠣ ᠨᠦᠬᠦᠷᠰᠡᠭ ᠪᠣᠳᠣᠯᠭ᠎ᠠ ᠲᠣᠷᠠᠳᠪᠠᠢ᠃ ᠵᠸᠡᠭ ᠾᠸ ᠠᠲᠯᠠᠨᠲ ᠲᠠᠯᠠᠢ᠎ᠪᠠᠷ ᠠᠶᠠᠯᠠᠬᠰᠠᠨ᠎ᠨᠢ 《ᠡᠵᠡᠨ ᠬᠦᠮᠦᠨ᠎ᠪᠠᠷ ᠲᠡᠭᠷᠢ ᠵᠢᠨ ᠲᠣᠣᠷᠠᠬᠢ᠎ᠨᠢ ᠡᠵᠡᠮᠳᠡᠬᠦᠢ ᠠᠨᠣ ᠡᠨᠡᠷᠢᠯ ᠢᠪᠡᠬᠡᠬᠦ ᠦᠷᠣᠰᠢᠶᠡᠯ ᠦᠭᠯᠢᠬᠡᠬᠦᠢᠳᠤᠷ ᠠᠮᠣᠢ》᠂ 《ᠦᠨᠣᠴᠢᠨ ᠭᠠᠬ᠍ᠴᠨ ᠵᠢ ᠲᠠᠷᠣᠯᠠᠬᠣ ᠵᠢ ᠴᠡᠬᠡᠷᠯᠡᠨ᠂ ᠦᠬᠡᠢ᠌ᠬᠦᠣ ᠪᠠᠭᠣᠷᠠᠢ ᠵᠢ ᠲᠣᠷᠣᠮᠵᠢᠯᠠᠬᠣ ᠵᠢ ᠲᠡᠪᠴᠢᠵᠣ᠂ ᠲᠠᠢ᠌ᠪᠣᠡᠭ ᠴᠠᠭ᠎ᠤᠨ ᠪᠣᠶ᠎ᠠ᠎ᠨᠢ ᠬᠠᠮᠳᠣᠳᠠ ᠡᠳ᠋ᠯᠡᠰᠣᠬᠡᠢ》 ᠬᠡᠮᠡᠬᠦ ᠲᠡᠭᠷᠢ ᠵᠢᠨ ᠵᠠᠷᠯᠢᠭ᠎ᠢ ᠵᠢᠷᠣᠮᠯᠠᠪᠠ᠂ ᠡᠨᠡ ᠲᠡᠭᠷᠢ ᠵᠢᠨ ᠵᠠᠷᠯᠢᠭ᠎ᠤᠨ ᠰᠡᠷᠡᠮᠵᠢ ᠵᠢᠨ ᠵᠠᠭ᠋ᠠᠭ ᠲᠠᠯᠠᠢ ᠵᠢᠨ ᠠᠶᠠᠯᠠᠯ᠎ᠤᠨ ᠪᠦᠬᠦ ᠶᠠᠪᠣᠴᠨ᠎ᠳᠤ ᠲᠣᠣᠱᠯᠠᠬᠳᠠᠬᠰᠠᠨ ᠪᠣᠯᠬᠣ᠎ᠠᠴᠠ ᠣᠡᠭᠭᠣᠴᠠᠳᠣ ᠠᠡᠭᠭᠢ ᠬᠦᠷᠦᠭᠰᠡᠨ ᠭᠠᠵᠠᠷ ᠪᠣᠯᠭ᠋ᠠᠨ᠎ᠳᠤ ᠲᠣᠬᠠᠢ ᠵᠢᠨ ᠨᠣᠳᠣᠭᠤᠨᠬᠢᠨᠤ ᠴᠢᠡᠭ ᠰᠡᠳᠬᠢᠯ᠎ᠤᠨ ᠬᠠᠮᠣᠭ ᠡᠷᠬᠢᠮ ᠬᠦᠨᠳᠣᠳᠬᠡᠯᠢ ᠣᠯᠪᠠᠢ᠃
1409 ᠣᠨ᠎ᠤ 12 ᠰᠠᠷ᠎ᠠ᠎ᠳᠤ ᠵᠸᠡᠭ ᠾᠸ ᠠᠲᠯᠠᠨᠲ ᠲᠠᠯᠠᠢ᠎ᠪᠠᠷ ᠲᠣᠯᠣᠭ᠋ᠠᠨᠳᠠ ᠠᠶᠠᠯᠠᠬᠣ᠎ᠳᠤ ᠵᠠᠪᠠᠯ ᠬᠦᠷᠬᠦ ᠶᠣᠰᠣᠳᠠᠢ ᠸᠸᠶᠸᠲᠨᠠᠮᠤᠨ ᠬᠦᠢ ᠷᠸᠨ ᠭᠠᠷᠠᠮ᠎ᠤᠨ᠎ᠬᠢᠨ ᠵᠸᠡᠭ ᠾᠸ ᠵᠢᠨ ᠣᠡᠭᠭᠣᠴᠠᠳᠣ ᠠᠡᠭᠭᠢ ᠲᠠᠬᠢᠨ ᠬᠦᠷᠴᠣ ᠢᠷᠡᠭᠰᠡᠨ᠎ᠳᠤ ᠠᠬᠠᠯᠠᠬ᠍ᠴᠢ᠎ᠨᠢ ᠭᠣᠷᠪᠠᠨ ᠰᠠᠭᠣᠳᠠᠯᠳᠣ ᠠᠯᠳᠠᠨ ᠴᠡᠴᠡᠭ᠎ᠤᠨ ᠲᠢᠳᠢᠮ ᠵᠡᠬᠦᠵᠣ᠂ ᠣᠯᠠᠭ᠋ᠠᠨ ᠨᠣᠭᠣᠭ᠋ᠠᠨ ᠲᠣᠷᠭ᠎ᠠ ᠲᠣᠷᠳᠣᠡᠭ ᠲᠣᠬᠣᠬᠰᠠᠨ ᠵᠠᠭ᠋ᠠᠨ ᠣᠨᠣᠵᠣ᠂ ᠠᠷᠣ ᠦᠪᠣᠷᠠᠴᠠᠪᠠᠨ ᠬᠦᠷᠢᠶᠡᠯᠡᠬᠦᠯᠵᠣ ᠲᠡᠬᠦᠷᠬᠡ ᠵᠢᠨ ᠭᠠᠳᠠᠨ᠎ᠠ᠎ᠠᠴᠠ ᠲᠣᠰᠴᠣ ᠠᠪᠣᠬᠰᠠᠨ ᠪᠦᠬᠡᠳ ᠫᠠᠨ ᠭᠠᠵᠠᠷ᠎ᠤᠨ 500 ᠰᠢᠬᠠᠮ ᠴᠡᠷᠢᠭ ᠬᠣᠷᠴᠨ ᠬᠢᠳᠣᠭ᠎ᠠ᠂ ᠭᠠᠯ ᠫᠣᠣ ᠡᠷᠬᠦᠯᠴᠡᠨ᠂ ᠨᠣᠳᠣᠭ᠎ᠤᠨ ᠪᠦᠵᠢᠭ ᠪᠦᠵᠢᠭᠯᠡᠨ᠂ ᠮᠣᠳᠣᠨ ᠬᠡᠡᠭᠭᠡᠷᠬᠡ ᠲᠡᠯᠡᠳᠴᠣ᠂ ᠨᠠᠷᠬᠢᠯ᠎ᠤᠨ ᠪᠢᠰᠬᠢᠬᠦᠷ ᠦᠯᠢᠶᠡᠨ᠂ ᠪᠠᠶᠠᠷ᠎ᠤᠨ ᠲᠠᠯᠠᠢ ᠴᠠᠯᠬᠢᠯᠠᠪᠠᠢ᠃ ᠵᠸᠡᠭ ᠾᠸ ᠵᠢ ᠦᠵᠡᠬᠡᠳ ᠠᠬᠠᠯᠠᠬ᠍ᠴᠢ᠎ᠨᠢ ᠵᠠᠭ᠋ᠠᠨᠠᠴᠠᠪᠠᠨ ᠪᠠᠭᠣᠵᠣ ᠡᠪᠦᠳᠦᠭ ᠨᠣᠭᠣᠯᠣᠨ ᠠᠮᠣᠷ ᠠᠰᠠᠭᠣᠵᠣ᠂ ᠬᠦᠰᠡᠷ ᠡᠯᠢᠬᠡᠳᠡᠨ ᠲᠡᠭᠷᠢ ᠵᠢᠨ ᠢᠪᠡᠬᠡᠯᠳᠤᠷ ᠲᠠᠯᠠᠷᠬᠠᠪᠠᠢ᠃
1412 ᠣᠨ᠂ ᠦᠨᠢᠳᠡ ᠪᠠᠶᠠᠰᠬᠣᠯᠠᠡᠭᠳᠣ ᠵᠢᠨ ᠠᠷᠪᠠᠳᠣᠭ᠋ᠠᠷ ᠣᠨ᠎ᠳᠤ ᠵᠸᠡᠭ ᠾᠸ ᠵᠢᠨ ᠣᠡᠭᠭᠣᠴᠠᠳᠣ ᠠᠡᠭᠭᠢ ᠡᠨᠡᠳᠭᠡᠭ ᠲᠠᠯᠠᠢ ᠵᠢᠨ ᠪᠠᠷᠠᠭᠣᠨ ᠡᠷᠬᠢ ᠵᠢᠨ ᠪᠠᠶᠠᠨ ᠲᠠᠡᠭᠰᠣᠭ ᠨᠦᠬᠦᠷᠰᠡᠭ ᠣᠯᠣᠰ ᠭ᠋ᠸᠯᠨᠳᠤ ᠬᠦᠷᠪᠡᠯ ᠣᠯᠣᠰ᠎ᠤᠨ ᠸᠠᠡᠭ᠎ᠨᠢ ᠡᠳ᠋ ᠡᠷᠳᠡᠨᠢᠰ᠎ᠤᠨ ᠣᠡᠭᠭᠣᠴᠨ ᠣᠳᠠᠬᠣ ᠦᠭᠡᠢ ᠢᠷᠡᠬᠦ ᠵᠢ ᠰᠣᠨᠣᠰᠣᠭ᠋ᠠᠳ ᠣᠪᠣᠭ᠎ᠤᠨ ᠲᠦᠷᠣᠬᠦᠣ᠎ᠪᠠᠨ ᠲᠣᠮᠢᠯᠠᠵᠣ᠂ ᠬᠡᠬᠡᠨᠴᠢᠷ ᠵᠠᠰᠠᠵᠣ ᠴᠢᠮᠡᠵᠠᠭ᠋ᠠᠨ᠂ ᠮᠣᠷᠢᠳᠣ ᠡᠡᠭᠨᠡᠭᠡ᠎ᠪᠠᠷ ᠲᠠᠯᠠᠢ ᠵᠢᠨ ᠭᠠᠷᠠᠮ᠎ᠳᠤ ᠢᠷᠡᠵᠣ ᠲᠣᠮᠳᠠᠳᠣ ᠣᠯᠣᠰ᠎ᠤᠨ ᠡᠷᠬᠢᠮ ᠵᠣᠴᠢᠳ᠎ᠢ ᠣᠬᠳᠣᠬᠰᠠᠨ ᠠᠵᠣᠭᠣ᠃ ᠨᠡᠢ᠌ᠰᠯᠡᠯ ᠬᠣᠳᠠᠨᠤ ᠸᠠᠡᠭ᠎ᠤᠨ ᠣᠷᠳᠣᠨ᠎ᠳᠤ ᠬᠦᠷᠪᠡᠯ᠂ ᠣᠯᠣᠰ᠎ᠤᠨ ᠸᠠᠡᠭ᠎ᠪᠠᠷ ᠬᠢᠴᠢᠶᠡᠡᠭᠭᠦᠢ᠌ᠯᠡᠨ ᠬᠦᠨᠳᠣᠯᠡᠵᠣ ᠮᠦᠷᠬᠦᠨ᠂ ᠵᠠᠷᠯᠢᠭ᠎ᠤᠨ ᠪᠢᠴᠢᠭ᠎ᠢ ᠲᠣᠰᠣᠭ᠋ᠠᠳ᠂ ᠭᠠᠵᠠᠷ ᠲᠡᠪᠡᠷᠢᠨ ᠰᠦᠬᠦᠳᠴᠣ᠂ ᠭᠠᠯ ᠮᠠᠡᠭᠨᠠᠢᠪᠠᠨ ᠭᠠᠵᠠᠷ ᠨᠠᠭ᠋ᠠᠨ᠂ ᠲᠠᠬᠢᠨᠳᠠ ᠮᠦᠷᠬᠦᠵᠣ ᠬᠠᠭ᠋ᠠᠨᠳᠤᠷ ᠲᠠᠯᠠᠷᠬᠠᠵᠣ ᠪᠠᠢ᠌ᠯᠣᠭᠠ᠃ ᠵᠸᠡᠭ ᠾᠸ ᠬᠠᠭ᠋ᠠᠨ᠎ᠤ ᠬᠡᠰᠢᠭ᠎ᠢ ᠤᠡᠭᠰᠢᠵᠣ ᠲᠠᠭᠣᠰᠣᠬᠰᠠᠨᠤ ᠲᠠᠷᠠᠭ᠎ᠠ᠂ ᠲᠣᠬᠠᠢ ᠵᠢᠨ ᠨᠣᠳᠣᠭ᠎ᠤᠨ ᠵᠠᠡᠭᠰᠢᠯ ᠵᠶ᠋ᠡᠷ ᠣᠷᠳᠣᠨ᠎ᠤ ᠭᠠᠵᠠᠷ᠎ᠠ ᠬᠡᠪᠢᠰ ᠲᠡᠪᠢᠰᠴᠣ᠂ ᠮᠠᠨ᠎ᠤ ᠲᠡᠭᠷᠢ ᠵᠢᠨ ᠡᠯᠴᠢ ᠵᠢ ᠬᠦᠨᠳᠣᠯᠡᠨ ᠬᠦᠯᠢᠶᠡᠨ ᠠᠪᠴᠣ᠂ ᠮᠠᠨ᠎ᠤ ᠵᠠᠡᠭᠵᠣᠨ ᠴᠡᠷᠢᠭ᠎ᠢ ᠬᠣᠷᠢᠮᠯᠠᠨ ᠵᠣᠴᠢᠯᠠᠵᠣ᠂ ᠶᠣᠰᠣᠯᠠᠯ ᠠᠨᠣ ᠲᠣᠡᠭ ᠬᠦᠨᠳᠣ ᠪᠠᠢ᠌ᠯᠣᠭᠠ᠃
ᠵᠸᠡᠭ ᠾᠸ ᠵᠢᠨ ᠲᠠᠯᠠᠢ ᠵᠢᠨ ᠠᠶᠠᠯᠠᠯ᠎ᠤᠨ ᠣᠷᠢᠶᠠᠯᠠᠭ᠎ᠠ ᠲᠣᠣᠷ᠎ᠠ ᠲᠣᠮᠳᠠᠳᠣ ᠣᠯᠣᠰ᠎ᠤᠨ ᠭᠠᠳᠠᠭ᠋ᠠᠳᠣ᠎ᠳᠠᠬᠢ ᠨᠡᠷ᠎ᠡ ᠬᠦᠨᠳᠣ ᠲᠠᠰᠣᠷᠠᠯ ᠦᠭᠡᠢ ᠮᠠᠨᠳᠣᠨ᠂ ᠲᠡᠯᠡᠬᠡᠢ ᠳ᠋ᠠᠬᠢᠨ᠎ᠳᠤ 《ᠲᠣᠮᠳᠠᠳᠣ ᠣᠯᠣᠰ᠎ᠤᠨ ᠬᠠᠯᠠᠭᠣᠷᠠᠯ》᠎ᠤᠨ ᠲᠠᠪᠠᠯᠭ᠋ᠠᠨ ᠪᠣᠰᠴᠣ᠂ ᠣᠡᠭᠭᠣᠴᠠᠳᠣ ᠠᠡᠭᠭᠢ ᠬᠦᠷᠦᠭᠰᠡᠨ ᠣᠯᠣᠰ ᠪᠠ ᠭᠠᠵᠠᠷ ᠣᠷᠣᠨ ᠪᠣᠯᠭ᠋ᠠᠨ ᠪᠠᠷᠣᠭ ᠯᠨ ᠪᠦᠷ ᠡᠯᠴᠢ ᠲᠣᠮᠢᠯᠠᠵᠣ ᠲᠣᠮᠳᠠᠳᠣ ᠣᠯᠣᠰ᠎ᠲᠤ ᠠᠯᠪᠠ ᠪᠠᠷᠢᠵᠠᠢ᠃ ᠪᠦᠷᠢᠨ ᠪᠣᠰᠣ ᠪᠦᠷᠢᠳᠬᠡᠯ᠎ᠢ ᠦᠨᠳᠣᠰᠣᠯᠡᠪᠡᠯ ᠦᠨᠢᠳᠡ ᠪᠠᠶᠠᠰᠬᠣᠯᠠᠡᠭᠳᠣ᠂ ᠡᠷᠳᠡᠮ᠎ᠢ ᠲᠡᠯᠬᠡᠷᠡᠬᠦᠯᠬᠦᠢ ᠣᠨ᠎ᠤ ᠦᠶ᠎ᠡ᠎ᠳᠤ ᠠᠽᠢᠶ᠎ᠠ᠂ ᠠᠹᠸᠷᠢᠺᠠ ᠵᠢᠨ 60 ᠢᠯᠡᠬᠦᠣ ᠣᠯᠣᠰ ᠲᠣᠮᠳᠠᠳᠣ ᠣᠯᠣᠰ᠎ᠲᠤ ᠠᠯᠪᠠ ᠪᠠᠷᠢᠬᠰᠠᠨ ᠪᠣᠶᠣ ᠠᠢ᠌ᠯᠴᠢᠯᠠᠵᠠᠢ᠂ ᠡᠬᠦᠨ᠎ᠳᠤ 20 ᠰᠢᠬᠠᠮ ᠣᠯᠣᠰ᠎ᠤᠨ ᠸᠠᠡᠭ ᠪᠠᠬᠳᠠᠵᠣ ᠪᠣᠢ᠂ 1411 ᠣᠨ᠎ᠳᠤ ᠮᠠᠯᠠᠺᠠ ᠣᠯᠣᠰ ᠸᠠᠡᠭ ᠪᠠᠢ᠌ᠮᠢᠰᠣᠷᠨ 540 ᠭᠠᠷᠣᠢ ᠬᠦᠮᠦᠨ᠎ᠲᠠᠢ ᠮᠣᠨᠳᠠᠭ ᠪᠦᠯᠬᠦᠮ ᠲᠠᠭ᠋ᠠᠭᠣᠯᠵᠣ ᠲᠣᠮᠳᠠᠳᠣ ᠣᠯᠣᠰ᠎ᠲᠤ ᠠᠢ᠌ᠯᠴᠢᠯᠠᠷᠠ ᠢᠷᠡᠪᠡ᠃ 1417 ᠣᠨ᠎ᠳᠤ ᠰᠦᠯᠦᠯᠰ ᠣᠯᠣᠰ ᠳ᠋ᠦᠡᠭ ᠸᠠᠡᠭ᠂ ᠱ᠌ᠢ ᠸᠠᠡᠭ᠂ ᠲᠦᠡᠭ ᠸᠠᠡᠭ 340 ᠢᠯᠡᠬᠦᠣ ᠬᠦᠮᠦᠨ᠎ᠲᠠᠢ ᠲᠣᠮᠣ ᠪᠦᠯᠬᠦᠮ ᠲᠠᠭ᠋ᠠᠭᠣᠯᠵᠣ ᠲᠠᠯᠠᠢ ᠵᠢᠨ ᠵᠠᠮ ᠵᠶ᠋ᠡᠷ ᠠᠢ᠌ᠯᠴᠢᠯᠠᠵᠣ ᠢᠷᠡᠪᠡ᠃1423 ᠣᠨ᠎ᠳᠤ ᠵᠸᠡᠭ ᠾᠸ ᠰᠡᠬᠦᠯᠴᠢ ᠵᠢᠨ ᠣᠳᠠᠭ᠎ᠠ ᠠᠲᠯᠠᠨᠲ ᠲᠠᠯᠠᠢ᠎ᠳᠤ ᠠᠶᠠᠯᠠᠭ᠋ᠠᠳ ᠪᠤᠴᠠᠵᠣ ᠢᠷᠡᠬᠦ ᠦᠶ᠎ᠡ᠎ᠳᠤ ᠵᠡᠬᠦᠨ ᠡᠮᠦᠨᠡᠳᠣ ᠠᠽᠢᠶ᠎ᠠ᠂ ᠡᠮᠦᠨᠡᠳᠣ ᠠᠽᠢᠶ᠎ᠠ᠂ ᠵᠡᠬᠦᠨ ᠠᠹᠸᠷᠢᠺᠠ ᠵᠢᠨ ᠡᠷᠬᠢ ᠲᠠᠭ᠋ᠠᠣ᠎ᠳᠠᠬᠢ 16 ᠣᠯᠣᠰ 1200 ᠢᠯᠡᠬᠦᠣ ᠬᠦᠮᠦᠨ᠎ᠲᠠᠢ ᠡᠯᠴᠢ ᠲᠣᠮᠢᠯᠠᠵᠣ᠂ ᠲᠣᠮᠳᠠᠳᠣ ᠣᠯᠣᠰ᠎ᠲᠤ ᠠᠯᠪᠠ ᠪᠠᠷᠢᠨ᠂ 《ᠲᠦᠷᠪᠡᠨ ᠲᠠᠯ᠎ᠠ ᠵᠢᠨ ᠣᠯᠠᠨ ᠣᠯᠣᠰ᠂ ᠶᠢᠰᠣᠨ ᠬᠠᠷᠢ ᠨᠠᠢ᠍ᠮᠠᠨ ᠨᠠᠡᠭᠭᠢᠶᠠᠳ》 ᠬᠠᠭ᠋ᠠᠨ᠎ᠳᠤ ᠢᠷᠡᠵᠣ ᠪᠠᠷᠠᠭ᠋ᠠᠯᠬᠠᠨ᠂ ᠡᠡᠭᠭᠡ ᠲᠠᠢ᠌ᠪᠣᠡᠭ ᠭᠠᠳᠠᠭ᠋ᠠᠳᠣ ᠬᠠᠷᠢᠯᠴᠠᠭ᠋ᠠᠨ᠎ᠤ ᠬᠠᠯᠠᠭᠣᠨ ᠦᠷᠨᠢᠯᠳᠡ ᠵᠢ ᠣᠷᠬᠢᠯ᠎ᠳᠤᠨᠢ ᠬᠦᠷᠬᠡᠪᠡᠢ᠃ ᠡᠨᠡ ᠪᠠᠢ᠌ᠳᠠᠯ᠎ᠨᠢ ᠲᠣᠬᠠᠢ ᠵᠢᠨ ᠦᠶ᠎ᠡ ᠵᠢᠨ ᠲᠡᠯᠡᠬᠡᠢ ᠳ᠋ᠠᠬᠢᠨ᠎ᠳᠤ ᠬᠣᠶᠠᠷ ᠦᠭᠡᠢ ᠪᠦᠬᠡᠳ ᠲᠡᠯᠡᠬᠡᠢ ᠵᠢᠨ ᠡᠷᠳᠡᠨ᠎ᠤ ᠲᠡᠣᠬᠡᠨ᠎ᠳᠤ ᠴᠦ᠍ ᠬᠣᠪᠣᠷ ᠲᠣᠬᠢᠶᠠᠯᠳᠣᠬᠣ ᠠᠵᠢ᠃
ᠵᠸᠡᠭ ᠾᠧ ᠲᠣᠯᠣᠭ᠎ᠠ ᠣᠳᠠᠭ᠎ᠠ ᠠᠲᠯᠠᠨᠲ ᠵᠢᠨ ᠲᠠᠯᠠᠢ᠎ᠪᠠᠷ ᠠᠶᠠᠯᠠᠵᠣ᠂ ᠠᠽᠢᠶ᠎ᠠ᠂ ᠠᠹᠸᠷᠢᠺᠠ ᠵᠢᠨ 30 ᠢᠯᠡᠬᠦᠣ ᠣᠯᠣᠰ᠎ᠲᠤ ᠬᠦᠷᠦᠭᠰᠡᠨ ᠭᠣᠣᠯ ᠠᠶᠠᠯᠠᠯ᠎ᠤᠨ ᠱᠣᠭᠣᠮ᠎ᠨᠢ 40 ᠢᠯᠡᠬᠦᠣ ᠪᠣᠢ ᠶᠤᠮ᠂ ᠡᠳᠡᠬᠡᠷ ᠠᠶᠠᠯᠠᠯ᠎ᠤᠨ ᠱᠣᠭᠣᠮ᠎ᠨᠢ ᠬᠦᠨᠳᠡᠯᠡᠨ ᠭᠣᠯᠳᠣ ᠰᠦᠯᠵᠢᠯᠳᠦᠭᠰᠡᠨ ᠵᠠᠮ ᠬᠠᠷᠢᠯᠴᠠᠭ᠋ᠠᠨ᠎ᠤ ᠭᠠᠷᠠᠮ᠂ ᠭᠠᠳᠠᠭ᠋ᠠᠳᠣ ᠠᠷᠠᠯᠵᠢᠶᠠᠨ᠎ᠤ ᠲᠦᠪ᠎ᠢ ᠪᠦᠷᠢᠯᠳᠣᠬᠦᠯᠵᠡᠢ᠃ ᠵᠸᠡᠭ ᠾᠸ ᠵᠢᠨ ᠣᠡᠭᠭᠣᠴᠠᠳᠣ ᠠᠡᠭᠭᠢ ᠲᠣᠬᠠᠢ ᠵᠢᠨ ᠦᠶ᠎ᠡ ᠵᠢᠨ ᠰᠢᠨᠵᠢᠯᠡᠬᠦ ᠣᠬᠠᠭ᠋ᠠᠨ᠎ᠤ ᠠᠭᠣᠯᠬᠣᠨ ᠬᠠᠮᠣᠭ ᠦᠨᠳᠣᠷ᠂ ᠬᠠᠮᠣᠭ ᠲᠠᠪᠰᠢᠬᠰᠠᠨ ᠲᠠᠷᠢᠶᠠᠯᠠᠡᠭ᠎ᠤᠨ ᠪᠦᠳᠦᠭᠡᠭᠳᠡᠬᠦᠨ ᠪᠠ ᠭᠠᠷ ᠦᠢ᠍ᠯᠡᠳᠬᠡᠯ᠎ᠤᠨ ᠪᠦᠳᠦᠭᠡᠭᠳᠡᠬᠦᠨ᠎ᠢ ᠠᠪᠴᠣ ᠶᠠᠪᠣᠬᠰᠠᠨ ᠶᠤᠮ᠃ ᠭᠠᠳᠠᠭ᠋ᠠᠳᠣ ᠠᠷᠠᠯᠵᠢᠶᠠᠨ᠎ᠤ ᠬᠡᠯᠪᠡᠷᠢ᠎ᠨᠢ ᠪᠣᠳᠠᠰ᠎ᠢ ᠪᠣᠳᠠᠰ ᠵᠶ᠋ᠡᠷ ᠰᠣᠯᠢᠬᠣ ᠪᠣᠳᠠᠰ᠎ᠤᠨ ᠰᠣᠯᠢᠯᠴᠠᠭ᠎ᠠ᠂ ᠬᠡᠨ ᠠᠯᠢᠨ᠎ᠳᠠᠭᠠᠨ ᠪᠡᠯᠡᠭᠯᠡᠬᠦ ᠠᠯᠪᠠᠨ᠎ᠤ ᠲᠠᠯ᠎ᠠ ᠵᠢᠨ ᠠᠷᠠᠯᠵᠢᠶ᠎ᠠ᠎ᠠᠴᠠ ᠭᠠᠳᠠᠨ᠎ᠠ ᠣᠯᠣᠰ ᠬᠣᠭᠣᠷᠣᠨᠳᠣ ᠵᠢᠨ ᠠᠯᠪᠠ ᠪᠠᠷᠢᠴᠠ ᠵᠢᠨ ᠠᠷᠠᠯᠵᠢᠶ᠎ᠠ ᠪᠠᠬᠳᠠᠬᠣ ᠪᠦᠯᠦᠬᠡ᠃ ᠵᠸᠡᠭ ᠾᠸ ᠠᠯᠣᠰ ᠲᠠᠯᠠᠢ᠎ᠪᠠᠷ ᠠᠶᠠᠯᠠᠬᠣ᠎ᠳᠠᠭᠠᠨ ᠨᠣᠶᠠᠷᠬᠠᠬ᠍ᠴᠢ ᠠᠡᠭᠬᠢ ᠵᠢᠨ ᠬᠡᠷᠡᠭᠯᠡᠳᠡᠭ ᠬᠡᠬᠡᠨᠴᠢᠷ ᠡᠳ᠋ ᠵᠢ ᠯᠨ ᠠᠪᠴᠢᠷᠠᠭ᠎ᠠ ᠦᠭᠡᠢ᠂ ᠪᠠᠰᠨ ᠣᠯᠠᠨ ᠨᠡᠢ᠌ᠳᠡ ᠵᠢᠨ ᠡᠳᠣᠷ ᠲᠣᠳᠣᠮ᠎ᠤᠨ ᠬᠡᠷᠡᠭᠯᠡᠬᠡᠨ᠎ᠤ ᠪᠠᠷᠠᠭ᠎ᠠ ᠲᠠᠸᠠᠷ᠎ᠢ ᠣᠷᠣᠭᠣᠯᠵᠣ ᠢᠷᠡᠬᠦ ᠵᠢᠨ ᠬᠠᠮᠳᠣ ᠲᠠᠯᠠᠢ ᠲᠡᠬᠡᠷᠡᠬᠢ ᠡᠯ᠎ᠡ ᠣᠯᠣᠰ᠎ᠲᠤ ᠲᠣᠮᠳᠠᠳᠣ ᠣᠯᠣᠰ᠎ᠤᠨ ᠪᠠᠷᠠᠭ᠎ᠠ ᠵᠢ ᠶᠡᠬᠡ᠎ᠪᠠᠷ ᠬᠠᠡᠭᠭ᠋ᠠᠬᠰᠠᠨ ᠶᠤᠮ᠃ ᠮᠢᠡᠭ ᠣᠯᠣᠰ᠎ᠤᠨ ᠦᠶ᠎ᠡ᠎ᠳᠤ ᠲᠣᠮᠳᠠᠳᠣ ᠣᠯᠣᠰ᠎ᠨᠢ ᠵᠡᠬᠦᠨ ᠡᠮᠦᠨᠡᠳᠣ ᠠᠽᠢᠶ᠎ᠠ ᠵᠢᠨ ᠬᠠᠮᠣᠭ ᠲᠣᠮᠣ ᠠᠷᠠᠯᠵᠢᠶᠠᠨ᠎ᠤ ᠬᠠᠨᠢ ᠪᠣᠯᠵᠣ᠂ ᠭᠠᠳᠠᠭ᠋ᠠᠳᠣ ᠠᠷᠠᠯᠵᠢᠶᠠᠨ᠎ᠤ ᠨᠣᠷᠮ᠎ᠠ᠎ᠨᠢ ᠵᠢᠯ᠎ᠳᠤ 100 ᠲᠦᠮᠡᠨ ᠯᠠᠡᠭ ᠮᠦᠡᠭᠭᠦ ᠬᠦᠷᠴᠣ ᠪᠠᠢ᠌ᠯ᠎ᠠ᠂ ᠡᠨᠡ ᠲᠣᠭ᠎ᠠ ᠪᠣᠯ ᠵᠡᠬᠦᠨ ᠡᠮᠦᠨᠡᠳᠣ ᠠᠽᠢᠶ᠎ᠠ ᠵᠢᠨ ᠭᠠᠳᠠᠭ᠋ᠠᠳᠣ ᠠᠷᠠᠯᠵᠢᠶᠠᠨ᠎ᠤ ᠶᠡᠷᠣᠡᠭᠭᠡᠢ ᠲᠣᠭ᠎ᠠ᠎ᠲᠠᠢ ᠲᠡᠡᠭᠴᠡᠬᠦ ᠶᠤᠮ᠃
ᠵᠸᠡᠭ ᠾᠸ ᠠᠲᠯᠠᠨᠲ ᠲᠠᠯᠠᠢ᠎ᠪᠠᠷ ᠲᠣᠯᠣᠭ᠋ᠠᠨᠳᠠ ᠠᠶᠠᠯᠠᠬᠣ᠎ᠳᠠᠭᠠᠨ ᠲᠣᠮᠳᠠᠳᠣ ᠣᠯᠣᠰ ᠪᠠ ᠲᠡᠯᠡᠬᠡᠢ ᠵᠢᠨ 30 ᠢᠯᠡᠬᠦᠣ ᠣᠯᠣᠰ᠎ᠲᠠᠢ ᠪᠣᠯᠪᠠᠰᠣ᠎ᠨᠢ ᠣᠯᠠᠮᠵᠢᠯᠠᠬᠣ ᠪᠠ ᠰᠣᠶᠣᠯ᠎ᠤᠨ ᠰᠣᠯᠢᠯᠴᠠᠭ᠋ᠠᠨ᠎ᠤ ᠬᠦᠬᠦᠷᠬᠡ ᠵᠢ ᠪᠠᠢ᠌ᠭᠣᠯᠵᠣ᠂ ᠲᠣᠮᠳᠠᠳᠣ ᠣᠯᠣᠰ᠎ᠤᠨ ᠦᠷᠬᠡᠨ ᠲᠡᠯᠬᠡᠷ ᠬᠦᠨ ᠬᠦᠨᠵᠡᠬᠡᠢ ᠰᠣᠶᠣᠯ᠎ᠢ ᠵᠡᠬᠦᠨ ᠡᠮᠦᠨᠡᠳᠣ ᠠᠽᠢᠶ᠎ᠠ᠂ ᠡᠮᠦᠨᠡᠳᠣ ᠠᠽᠢᠶ᠎ᠠ᠂ ᠴᠢᠨᠠᠬᠰᠢᠯᠠᠭ᠋ᠠᠳ ᠠᠹᠸᠷᠢᠺᠡ ᠲᠢᠪ᠎ᠤᠨ ᠲᠡᠳᠡᠭᠡᠷ ᠠᠯᠣᠰ ᠭᠠᠵᠠᠷ ᠵᠶ᠋ᠡᠷ ᠣᠯᠠᠮᠵᠢᠯᠠᠪᠠ᠃ ᠱᠠᠭ᠋ᠠᠵᠠᠡᠭ ᠬᠡᠷᠡᠭᠰᠡᠯ ᠪᠣᠯ ᠲᠣᠮᠳᠠᠳᠣ ᠵᠢᠨ ᠰᠣᠶᠣᠯ᠎ᠤᠨ ᠦᠡᠭᠭᠡ ᠬᠢᠯᠪᠠᠭ᠎ᠠ ᠵᠢ ᠶᠡᠷᠣᠡᠭᠭᠡᠢ᠌ᠯᠡᠨ ᠢᠯᠡᠷᠡᠬᠦᠯᠦᠭᠰᠡᠨ ᠪᠣᠳᠠᠰ᠎ᠤᠨ ᠠᠴᠢᠶᠠᠯᠠᠪᠣᠷᠢ ᠪᠣᠯᠬᠣ ᠶᠤᠮ᠂ ᠱᠠᠭ᠋ᠠᠵᠠᠡᠭ ᠬᠡᠷᠡᠭᠰᠡᠯ ᠵᠡᠬᠦᠨ ᠡᠮᠦᠨᠡᠳᠣ ᠠᠽᠢᠶ᠎ᠠ᠂ ᠵᠡᠬᠦᠨ ᠠᠽᠢᠶ᠎ᠠ᠎ᠳᠤ ᠬᠦᠷᠦᠭᠰᠡᠨ᠎ᠨᠢ ᠰᠣᠶᠣᠯ᠎ᠤᠨ ᠢᠯᠡᠷᠡᠬᠦᠯᠬᠦ ᠬᠡᠯᠪᠡᠷᠢ ᠪᠠ ᠣᠷᠠᠯᠢᠭ᠎ᠤᠨ ᠰᠡᠳᠬᠢᠮᠵᠢ ᠵᠢ ᠣᠯᠠᠮᠵᠢᠯᠠᠬᠰᠠᠨ ᠬᠡᠷᠡᠭ ᠪᠦᠯᠦᠬᠡ᠃ ᠬᠦᠬᠡ ᠱᠠᠭ᠋ᠠᠵᠠᠡᠭ ᠠᠶᠠᠭ᠎ᠠ ᠫᠢᠯᠨ ᠠᠷᠠᠳ᠎ᠤᠨ ᠲᠣᠮᠳᠠ ᠬᠠᠷᠢᠯᠴᠠᠨ ᠬᠦᠷᠬᠡᠬᠦ ᠪᠡᠯᠡᠭ ᠪᠣᠯᠵᠣ᠂ ᠨᠦᠬᠦᠷᠯᠡᠯ᠎ᠢ ᠢᠯᠡᠳᠬᠡᠳᠡᠭ᠃ ᠬᠦᠬᠡ ᠱᠠᠭ᠋ᠠᠵᠡᠡᠭ ᠯᠣᠡᠭᠬᠣ ᠬᠣᠨᠳᠠᠭ᠎ᠠ᠎ᠨᠢ ᠪᠠᠶᠠᠨ ᠠᠢ᠌ᠯ᠎ᠤᠨ ᠣᠷᠠᠯᠢᠭ᠎ᠤᠨ ᠲᠠᠪᠢᠯᠭ᠎ᠠ ᠪᠣᠯᠵᠣ ᠪᠠᠶᠠᠨ ᠡᠷᠬᠢᠮ᠎ᠤᠨ ᠪᠡᠯᠬᠡᠳᠡᠯ ᠪᠣᠯᠪᠠᠢ᠃ ᠬᠦᠬᠡ ᠱᠠᠭ᠋ᠠᠵᠠᠡᠭ ᠲᠣᠮᠣ ᠪᠣᠳᠣᠡᠭ᠂ ᠲᠣᠮᠣ ᠫᠢᠯᠨ᠎ᠨᠢ ᠸᠠᠡᠭ ᠨᠣᠶᠠᠳ᠎ᠤᠨ ᠬᠡᠬᠡᠨᠴᠢᠷ ᠣᠷᠳᠣ ᠬᠠᠷᠰᠢ ᠵᠢᠨ ᠵᠠᠰᠠᠯ ᠪᠣᠯᠵᠣ᠂ ᠨᠡᠷ᠎ᠡ ᠬᠦᠨᠳᠣ ᠪᠠ ᠰᠦᠷ ᠬᠡᠷᠡᠯ᠎ᠤᠨ ᠪᠡᠯᠬᠡᠳᠡᠯ ᠪᠣᠯᠣᠯᠣᠭᠠ᠃ ᠱᠠᠭ᠋ᠠᠵᠠᠡᠭ ᠬᠡᠷᠡᠭᠰᠡᠯ᠎ᠤᠨ ᠣᠷᠠᠯᠢᠭ᠎ᠤᠨ ᠬᠡᠪ ᠨᠠᠮᠪᠠ᠎ᠨᠢ ᠲᠣᠮᠳᠠᠳᠣ ᠣᠯᠣᠰ᠎ᠤᠨ ᠱᠠᠭ᠋ᠠᠵᠠᠡᠭ ᠬᠡᠷᠡᠭᠰᠡᠯ᠎ᠢ ᠪᠣᠷᠬᠠᠨ ᠱᠠᠰᠢᠨ᠎ᠤ ᠣᠯᠣᠰᠤᠳᠤᠨ ᠰᠦᠮ᠎ᠡ ᠬᠡᠢ᠌ᠳ ᠵᠶ᠋ᠡᠨ ᠲᠠᠬᠢᠬᠣ᠂ ᠬᠠᠭ᠋ᠠᠨ᠎ᠤᠨ ᠲᠦᠷᠣᠯ ᠰᠠᠳᠣᠨ ᠣᠯᠣᠰ᠎ᠤᠨ ᠣᠬᠰᠠᠭ᠎ᠠ ᠲᠦᠷᠣᠯ᠎ᠤᠨ ᠲᠠᠭ᠋ᠠᠭᠣᠯᠵᠣ ᠣᠷᠣᠰᠢᠭᠣᠯᠬᠣ ᠪᠣᠳᠠᠰ᠂ ᠬᠠᠷ᠎ᠠ ᠪᠣᠷᠣᠴᠣᠣᠯᠤᠨ ᠡᠳᠣᠷ ᠲᠣᠳᠣᠮ ᠵᠠᠷᠣᠬᠣ ᠠᠮᠢᠨᠳᠠᠢ ᠪᠣᠯᠵᠠᠢ᠃ ᠲᠣᠷᠭ᠎ᠠ ᠪᠣᠯ ᠲᠣᠮᠳᠠᠳᠣ ᠣᠯᠣᠰ᠎ᠤᠨ ᠪᠣᠯᠪᠠᠰᠣᠨ᠎ᠤ ᠪᠡᠯᠬᠡ ᠲᠡᠮᠳᠡᠭ ᠶᠤᠮ᠂ ᠬᠣᠷᠴᠨ ᠰᠠᠢ᠌ᠬᠠᠨ ᠦᠡᠭᠭᠡ ᠪᠣᠳᠣᠭ᠂ ᠡᠷᠢᠶᠠᠨ ᠮᠠᠷᠢᠶᠠᠨ ᠵᠢᠷᠣᠭ ᠲᠦᠷᠰᠣ᠎ᠨᠢ ᠵᠡᠬᠦᠨ ᠡᠮᠦᠨᠡᠳᠣ ᠠᠽᠢᠶ᠎ᠠ᠂ ᠡᠮᠦᠨᠡᠳᠣ ᠠᠽᠢᠶ᠎ᠠ ᠵᠢᠨ ᠲᠣᠯᠠᠭ᠋ᠠᠨ ᠠᠭᠣᠷ ᠠᠮᠢᠰᠬᠣᠯ᠎ᠳᠤ ᠶᠠᠭ ᠦᠭᠡᠢ ᠵᠣᠬᠢᠷᠠᠨ᠎ᠠ᠃ ᠵᠸᠡᠭ ᠾᠸ ᠵᠢᠨ ᠣᠡᠭᠭᠣᠴᠠᠳᠣ ᠠᠡᠭᠭᠢ᠎ᠨᠢ ᠪᠠᠰᠨ ᠡᠨᠡᠷᠢᠨ ᠲᠦᠬᠡᠬᠡᠬᠦ᠂ ᠡᠷᠬᠢᠮᠯᠡᠨ ᠪᠡᠯᠡᠭᠯᠡᠬᠦ ᠠᠷᠠᠯᠵᠢᠶ᠎ᠠ ᠵᠡᠷᠬᠡ ᠬᠡᠯᠪᠡᠷᠢ᠎ᠪᠠᠷ ᠲᠣᠮᠳᠠᠳᠣ ᠣᠯᠣᠰ᠎ᠤᠨ ᠶᠡᠬᠡ ᠬᠡᠮᠵᠢᠶᠡᠨ᠎ᠤ ᠭᠠᠣᠯᠢᠨ ᠵᠣᠭᠣᠰ᠎ᠢ ᠵᠡᠬᠦᠨ ᠡᠮᠦᠨᠡᠳᠣ ᠠᠽᠢᠶ᠎ᠠ ᠵᠢᠨ ᠡᠯ᠎ᠡ ᠣᠯᠣᠰ᠎ᠲᠤ ᠭᠠᠷᠭ᠋ᠠᠵᠣ᠂ ᠡᠳᠡᠬᠡᠷ ᠭᠠᠵᠠᠷ ᠣᠷᠣᠨ᠎ᠤ ᠲᠠᠷᠢᠶᠠᠯᠠᠡᠭ᠂ ᠭᠠᠷ ᠦᠢ᠍ᠯᠡᠳᠬᠡᠯ ᠪᠠ ᠬᠣᠳᠠᠯᠳᠣᠭ᠋ᠠᠨ᠎ᠤ ᠬᠦᠭᠵᠢᠯᠳᠡ ᠵᠢ ᠠᠬᠢᠭᠣᠯᠪᠠ᠃ ᠲᠣᠮᠳᠠᠳᠣ ᠣᠯᠣᠰ᠎ᠤᠨ ᠭᠠᠷᠭ᠋ᠠᠬᠰᠠᠨ ᠮᠦᠡᠭᠭᠦᠨ ᠬᠦᠢ᠍ᠯᠬᠡᠬᠡᠨ᠎ᠤ ᠲᠦᠷᠢᠮ᠎ᠨᠢ ᠵᠡᠬᠦᠨ ᠡᠮᠦᠨᠡᠳᠣ ᠠᠽᠢᠶ᠎ᠠ᠎ᠳᠤ ᠬᠡᠳᠣᠨ ᠵᠠᠭᠣᠨ ᠲᠠᠮᠵᠢᠨ ᠬᠡᠷᠡᠭᠯᠡᠭᠳᠡᠭᠰᠡᠭᠡᠷ ᠢᠷᠡᠯᠦᠬᠡ᠃
ᠲᠣᠮᠳᠠᠳᠣ ᠣᠯᠣᠰ᠎ᠤᠨ ᠨᠡᠬᠡᠭᠡᠭᠰᠡᠨ ᠲᠠᠯᠠᠢ ᠵᠢᠨ ᠲᠣᠷᠭ᠋ᠠᠨ᠎ᠤ ᠵᠠᠮ ᠬᠠᠭᠣᠷᠠᠢ ᠵᠢᠨ ᠲᠣᠷᠭ᠋ᠠᠨ᠎ᠤ ᠵᠠᠮ᠎ᠠᠴᠠ 81 ᠵᠢᠯ ᠡᠷᠳᠡ᠂ ᠠᠯᠢ ᠡᠷᠳᠡ 2200 ᠵᠢᠯ᠎ᠤᠨ ᠡᠮᠦᠨ᠎ᠡ ᠲᠠᠯᠠᠢ ᠲᠠᠡᠭᠭᠢᠰ ᠪᠣᠯ ᠲᠡᠯᠡᠬᠡᠢ ᠳ᠋ᠠᠬᠢᠨ᠎ᠲᠠᠢ ᠬᠠᠷᠢᠯᠴᠠᠬᠣ ᠬᠠᠮᠣᠭ ᠲᠦᠬᠦᠮ ᠵᠠᠮ ᠬᠡᠳᠡᠭ᠎ᠢ ᠲᠡᠭᠡᠳᠦᠰ ᠮᠢᠨᠢ ᠮᠡᠳᠡᠴᠢᠬᠡᠭᠰᠡᠨ ᠶᠤᠮ᠃ ᠵᠸᠡᠭ ᠾᠸ ᠠᠲᠯᠠᠨᠲ ᠲᠠᠯᠠᠢ᠎ᠪᠠᠷ ᠲᠣᠯᠣᠭ᠋ᠠᠨᠳᠠ ᠠᠶᠠᠯᠠᠬᠰᠠᠨ ᠠᠭᠣᠣ ᠦᠢ᠍ᠯᠡᠰ ᠪᠠ ᠰᠦᠷ ᠦᠵᠡᠬᠦᠯᠦᠭᠰᠡᠨ ᠶᠠᠪᠣᠳᠠᠯ᠎ᠨᠢ ᠲᠣᠮᠳᠠᠳᠣ ᠣᠯᠣᠰ᠎ᠢ ᠲᠠᠯᠠᠢ ᠲᠠᠡᠭᠬᠢᠰ᠎ᠤᠨ ᠲᠣᠮᠣ ᠣᠯᠣᠰ ᠪᠣᠯᠭ᠋ᠠᠨ᠂ ᠶᠠᠫᠣᠨ᠎ᠠᠴᠠ ᠠᠹᠸᠷᠢᠺᠠ ᠲᠢᠪ᠎ᠤᠨ ᠵᠡᠬᠦᠨ ᠡᠷᠬᠢ ᠬᠦᠷᠬᠦ ᠲᠠᠯᠠᠢ ᠵᠢᠨ ᠡᠷᠬᠡ ᠵᠢ ᠣᠯᠵᠣ᠂ ᠲᠣᠮᠳᠠᠳᠣ ᠣᠯᠣᠰ᠎ᠤᠨ ᠲᠠᠯᠠᠢ ᠵᠢᠨ ᠠᠶᠠᠯᠠᠯ᠎ᠤᠨ ᠦᠢ᠍ᠯᠡᠰ᠎ᠢ ᠣᠷᠬᠢᠯ᠎ᠳᠤᠨᠢ ᠬᠦᠷᠬᠡᠪᠡᠢ᠃ ᠵᠸᠡᠭ ᠾᠸ ᠲᠡᠷᠨ ᠦᠶ᠎ᠡ᠎ᠳᠤ ᠲᠠᠯᠠᠢ ᠲᠠᠡᠭᠭᠢᠰ ᠪᠣᠯ ᠮᠣᠨᠳᠠᠭ ᠲᠣᠮᠣ ᠪᠠᠢ᠌ᠭ᠋ᠠᠯᠢᠯᠢᠭ ᠡᠷᠳᠡᠨᠢᠰ᠎ᠤᠨ ᠬᠦᠮᠦᠷᠬᠡ᠂ ᠬᠦᠮᠦᠨ ᠲᠦᠷᠣᠯᠬᠢᠳᠡᠨᠤ ᠪᠣᠯᠪᠠᠰᠣᠨ᠎ᠤ ᠦᠯᠦᠬᠡᠢ᠂ ᠲᠠᠯᠠᠢ ᠲᠠᠡᠭᠭᠢᠰᠢ ᠡᠵᠡᠮᠰᠢᠴᠢᠬᠡᠪᠡᠯ ᠠᠷᠠᠳ ᠵᠶ᠋ᠡᠨ ᠠᠮᠣᠭᠣᠯᠵᠣ᠂ ᠣᠯᠣᠰ ᠵᠶ᠋ᠡᠨ ᠲᠣᠬᠳᠠᠪᠣᠷᠢᠵᠢᠭᠣᠯᠵᠣ᠂ ᠬᠠᠨᠳᠣᠬᠰᠠᠨ ᠵᠦᠭ᠎ᠲᠤ ᠲᠠᠢ᠌ᠰᠣᠨ ᠦᠭᠡᠢ ᠲᠠᠯᠠᠢ ᠵᠢᠨ ᠴᠡᠷᠢᠭ᠎ᠤᠨ ᠣᠡᠭᠭᠣᠴᠠᠳᠣ ᠴᠡᠷᠢᠭ ᠪᠣᠯ ᠲᠠᠯᠠᠢ ᠲᠠᠡᠭᠭᠢᠰᠢ ᠡᠵᠡᠮᠰᠢᠬᠦ ᠰᠠᠭᠣᠷᠢ ᠬᠡᠳᠡᠭ᠎ᠢ ᠮᠡᠳᠡᠵᠣ ᠪᠠᠢ᠌ᠪᠠ᠃ ᠵᠸᠡᠭ ᠾᠸ ᠵᠢᠨ ᠲᠠᠯᠠᠢ ᠵᠢᠨ ᠡᠷᠬᠡ ᠵᠢᠨ ᠦᠵᠡᠯᠳᠡ ᠲᠣᠬᠠᠢ ᠵᠢᠨ ᠦᠶ᠎ᠡ ᠵᠢᠨ ᠨᠣᠶᠠᠷᠬᠠᠬ᠍ᠴᠢᠳᠲᠤ ᠬᠦᠯᠢᠶᠡᠨ ᠵᠦᠪᠰᠢᠶᠡᠷᠡᠭᠳᠡᠭᠰᠡᠨ ᠰᠠᠨ ᠪᠣᠯ ᠲᠡᠯᠡᠬᠡᠢ ᠵᠢᠨ ᠪᠣᠯᠪᠠᠰᠣᠨ᠎ᠤ ᠲᠡᠣᠬᠡ ᠦᠬᠡᠷ᠎ᠡ᠎ᠪᠠᠷ ᠪᠢᠴᠢᠭᠳᠡᠬᠦ ᠪᠦᠯᠦᠬᠡ᠃ ᠬᠠᠷᠠᠮᠰᠠᠯᠳᠠᠢ᠎ᠨᠢ ᠲᠣᠬᠠᠢ ᠵᠢᠨ ᠦᠶ᠎ᠡ ᠵᠢᠨ ᠨᠣᠶᠠᠷᠬᠠᠬ᠍ᠴᠢ ᠠᠡᠭᠭᠢ ᠮᠢᠡᠭᠭ᠋ᠠᠨ ᠵᠢᠯ ᠣᠯᠠᠮᠵᠢᠯᠠᠬᠰᠠᠨ ᠲᠠᠷᠢᠶᠠᠯᠠᠡᠭ ᠵᠶ᠋ᠡᠷ ᠣᠯᠣᠰ ᠵᠶ᠋ᠡᠨ ᠪᠠᠢ᠌ᠭᠣᠯᠬᠣ᠂ ᠲᠠᠷᠢᠶᠠᠯᠠᠡᠭ ᠨᠡᠬᠡᠮᠡᠯ ᠵᠶ᠋ᠡᠷ ᠠᠮᠢᠵᠢᠷᠠᠭ᠋ᠠᠨᠤ ᠦᠨᠳᠣᠰᠣ ᠪᠣᠯᠭ᠋ᠠᠬᠣ᠂ ᠦᠪᠡᠷ ᠵᠶ᠋ᠡᠨ ᠦᠪᠡᠷ᠎ᠢ᠎ᠪᠠᠨ ᠬᠠᠡᠭᠭ᠋ᠠᠬᠣ᠂ ᠡᠬᠡ ᠭᠠᠵᠠᠷ ᠵᠶ᠋ᠡᠨ ᠪᠢᠳᠡᠬᠦᠮᠵᠢᠯᠡᠬᠦ ᠡᠬᠡ ᠬᠠᠭᠣᠷᠠᠢ ᠵᠢᠨ ᠦᠵᠡᠯᠳᠡ ᠵᠢ ᠮᠦᠷᠳᠡᠭᠰᠡᠨ ᠵᠶ᠋ᠡᠷ ᠣᠯᠳᠠᠰᠢ ᠦᠭᠡᠢ ᠵᠠᠪᠰᠢᠶᠠᠨ᠎ᠢ ᠠᠯᠳᠠᠵᠣ ᠣᠷᠬᠢᠯᠣᠭᠠ᠃ ᠲᠣᠮᠳᠠᠳᠣ ᠣᠯᠣᠰ ᠰᠠᠶᠢᠬᠠᠨ ᠲᠠᠯᠠᠢ ᠲᠠᠡᠭᠭᠢᠰᠲᠤ ᠬᠢᠰᠬᠢᠭᠰᠡᠨ ᠬᠦᠯ ᠵᠶ᠋ᠡᠨ ᠡᠬᠡ ᠬᠠᠭᠣᠷᠠᠢ᠎ᠳᠠᠭᠠᠨ ᠲᠠᠳᠠᠨ ᠠᠪᠠᠴᠢᠵᠣ ᠲᠠᠯᠠᠢ᠎ᠠᠴᠠ ᠨᠢᠭᠣᠷ ᠪᠣᠷᠣᠭᠣᠯᠠᠵᠣ᠂ ᠬᠠᠭ᠋ᠠᠯᠭ᠎ᠠ᠎ᠪᠠᠨ ᠲᠦᠭᠵᠢᠨ ᠬᠠᠪᠳᠠᠰᠣ ᠲᠠᠪᠠᠬᠣ ᠦᠭᠡᠢ᠂ ᠲᠠᠯᠠᠢ ᠵᠢ ᠪᠢᠳᠡᠬᠦᠮᠵᠢᠯᠡᠬᠦ ᠲᠦᠷᠢᠮ ᠬᠡᠷᠡᠭᠵᠢᠬᠦᠯᠵᠣ᠂ ᠵᠸᠡᠭ ᠾᠸ ᠵᠢᠨ ᠠᠲᠯᠠᠨᠲ ᠲᠠᠯᠠᠢ᠎ᠪᠠᠷ ᠲᠣᠯᠣᠭ᠋ᠠᠨᠳᠠ ᠠᠶᠠᠯᠠᠬᠰᠠᠨ ᠨᠠᠨᠳᠢᠨ ᠮᠠᠲᠸᠷᠢᠶᠠᠯ᠎ᠢ ᠬᠦᠷᠳᠡᠯ᠎ᠡ ᠬᠠᠶᠠᠬᠳᠠᠮᠠᠯ ᠴᠠᠭ᠋ᠠᠰᠣ ᠪᠣᠯᠭ᠋ᠠᠵᠣ᠂ ᠭᠠᠯᠳᠠᠵᠣ ᠣᠷᠬᠢᠭᠰᠠᠨ ᠠᠵᠣᠭᠣ᠃