ᠰᠤᠷᠭ᠋ᠠᠭᠤᠯᠢ ᠡᠬᠢᠯᠡᠭᠡᠳ ᠳᠦᠩᠭᠡᠵᠦ ᠨᠢᠭᠡ ᠰᠠᠷ᠎ᠠ ᠪᠣᠯᠬᠣ᠎ᠳᠤ ᠠᠩᠬ᠎ᠠ ᠳᠣᠮᠳᠠᠳᠤ᠎ᠳᠤ ᠳᠠᠪᠰᠢᠬᠤ ᠰᠢᠯᠭ᠋ᠠᠯᠲᠠ ᠵᠢᠨ ᠣᠷᠣᠰᠢᠯ ᠳᠠᠭᠤᠤ᠎ᠨᠢ ᠦᠨᠳᠦᠷ ᠲᠦᠷᠢᠯᠭᠡ᠎ᠲᠠᠢ ᠬᠠᠩᠬᠢᠨᠠᠨ ᠳᠠᠭᠣᠷᠢᠰᠣᠯᠠ᠃ ᠰᠣᠷᠭ᠋ᠠᠭᠣᠯᠢ ᠵᠢᠨ ᠵᠠᠬᠢᠷᠤᠯ ᠲᠢᠶᠠᠨ ᠠᠨ ᠮᠸᠨ ᠲᠠᠯᠠᠪᠠᠢ ᠳᠡᠭᠡᠷᠡᠬᠢ《ᠰᠢᠶᠠᠩᠭ᠋ᠠᠩ᠎ᠤᠨ ᠡᠬᠡ ᠣᠯᠣᠰ᠎ᠲᠤ᠎ᠪᠠᠨ ᠪᠤᠴᠠᠬᠣᠳᠤ ᠦᠯᠡᠳᠡᠵᠦ ᠪᠠᠢ᠌ᠭ᠎ᠠ ᠴᠠᠭ》᠎ᠢ ᠳᠠᠭᠣᠷᠢᠶᠠᠵᠤ᠂ ᠵᠢᠭ᠋ᠠᠨ ᠰᠤᠷᠭ᠋ᠠᠬᠤ ᠠᠰᠠᠷ᠎ᠤᠨ ᠨᠢᠭᠡᠳᠦᠭᠡᠷ ᠳᠠᠪᠬᠣᠷᠯᠢᠭᠤᠨ ᠠᠰᠠᠷ᠎ᠤᠨ ᠱᠠᠲᠤ ᠵᠢᠨ ᠠᠮᠠᠨ᠎ᠳᠤ ᠨᠢᠭᠡᠨ ᠬᠦᠳᠡᠯᠦᠩᠭᠦᠢ ᠭᠠᠯᠢᠨᠳᠠᠷᠤᠨ ᠫᠠᠢ᠌ᠰᠠ ᠵᠣᠬᠢᠶᠠᠨ ᠂ ᠳᠡᠭᠡᠷ᠎ᠡ᠎ᠨᠢ ᠬᠡᠳᠦᠨ ᠲᠣᠮᠣ ᠦᠰᠦᠭ ᠪᠢᠴᠢᠭᠰᠡᠨ᠎ᠨᠢ᠄ 《ᠪᠠᠭ᠎ᠠ ᠰᠣᠷᠭ᠋ᠠᠭᠣᠯᠢ᠎ᠠᠴᠠ ᠠᠩᠬ᠎ᠠ ᠳᠣᠮᠳᠠᠳᠣ᠎ᠳᠤ ᠳᠠᠪᠰᠢᠬᠤ ᠰᠢᠯᠭ᠋ᠠᠯᠲᠠ ᠪᠠᠰᠠ ᠡᠳᠦᠷ ᠪᠣᠢ᠃》
ᠬᠡᠯᠨ ᠪᠢᠴᠢᠭ᠎ᠤᠨ ᠪᠠᠭᠰᠢ ᠵᠢᠭ᠋ᠠᠬᠤ ᠲᠠᠢ᠌ᠰᠠᠨ᠎ᠳᠤ ᠭᠠᠷᠣᠮᠠᠭᠴᠠ ᠬᠡᠯᠡᠳᠡᠭ ᠲᠦᠷᠦᠭᠦᠨᠤ ᠦᠭᠡ᠎ᠨᠢ ᠳᠠᠷᠤᠢ᠄ 《ᠪᠠᠰᠠ 3 ᠰᠠᠷ᠎ᠠ ᠵᠢᠨ ᠭᠠᠳᠠᠨ᠎ᠠ ᠠᠷᠪᠠᠨ ᠡᠳᠦᠷ ᠪᠣᠢ᠃》
ᠲᠣᠭ᠋ᠠᠨ᠎ᠤ ᠤᠬᠠᠭ᠋ᠠᠨ᠎ᠤ ᠪᠠᠭᠰᠢ ᠲᠠᠢ᠌ᠰᠠᠨ᠎ᠳᠤ ᠭᠠᠷᠣᠭ᠋ᠠᠳ ᠠᠮᠠ ᠨᠡᠬᠡᠬᠡᠮᠡᠭᠴᠡ ᠬᠡᠯᠡᠬᠦ᠎ᠨᠢ ᠄ 《ᠪᠠᠰᠠ 94 ᠡᠳᠦᠷ᠎ᠤᠨ ᠭᠠᠳᠠᠨ᠎ᠠ 16 ᠴᠠᠭ 35 ᠮᠢᠨᠦ᠋ᠲ ᠪᠣᠢ᠃》
ᠠᠡᠭᠭᠯᠢ ᠬᠡᠯᠡᠨ᠎ᠤ ᠪᠠᠭᠰᠢ ᠠᠩᠭᠢ ᠵᠢᠨ ᠭᠡᠷ᠎ᠲᠤ ᠣᠷᠣᠵᠣ ᠢᠷᠡᠮᠡᠭᠴᠡ ᠠᠩᠭ᠍ᠯᠢ ᠬᠡᠯᠨ ᠪᠠᠷ ᠠᠰᠠᠭᠣᠬᠣ᠎ᠨᠢ᠄ 《6 ᠰᠠᠷ᠎ᠠ ᠵᠢᠨ 28᠎ᠤ ᠡᠳᠦᠷ ᠶᠠᠮᠠᠷ ᠡᠳᠦᠷ ᠪᠣᠢ?》
ᠨᠢᠭᠡ ᠤᠳᠠᠭ᠎ᠠ ᠱᠠᠩ ᠬᠠᠢ ᠦᠨᠡᠬᠡᠷ ᠲᠡᠰᠪᠦᠷᠢᠯᠡᠬᠦᠶ᠎ᠡ ᠪᠡᠷᠬᠡ ᠪᠣᠯᠵᠤ ᠳᠣᠣᠷ᠎ᠠ᠎ᠠᠴᠠ᠎ᠨᠢ ᠠᠩᠭ᠍ᠯᠢ ᠬᠡᠯᠡᠨ᠎ᠤ
ᠪᠠᠭᠰᠢ ᠵᠢᠨ ᠦᠭᠡ ᠵᠢ ᠵᠠᠯᠭ᠋ᠠᠨ ᠨᠠᠮ ᠳᠠᠭᠤᠨ ᠵᠶ᠋ᠠᠷ᠄《 ᠰᠢᠭᠦᠨ ᠲᠠᠰᠣᠯᠬᠤ ᠡᠳᠦᠷ》 ᠭᠡᠵᠦ ᠳᠦᠳᠦᠨᠡᠪᠡ᠃
ᠬᠡᠨ ᠮᠡᠳᠡᠵᠡᠮ᠂ ᠠᠩᠭ᠍ᠯᠢ ᠬᠡᠯᠡᠨ᠎ᠤ ᠪᠠᠭᠰᠢ ᠨᠠᠰᠤ ᠵᠠᠯᠠᠭᠤ ᠪᠠᠢ᠌ᠵᠤ ᠰᠣᠨᠣᠰᠬᠤ ᠴᠢᠳᠠᠪᠤᠷᠢ᠎ᠨᠢ ᠮᠠᠰᠢ ᠰᠠᠢ᠌ᠨ ᠲᠤᠯᠠ ᠮᠠᠰᠢ ᠵᠦᠪ ᠣᠨᠣᠪᠴᠢᠳᠠᠢ᠎ᠪᠠᠷ ᠲᠡᠭᠦᠨ᠎ᠤ ᠡᠨᠡ ᠳᠤᠷ᠎ᠠ ᠦᠭᠡᠢ᠌ᠴᠡᠯᠤᠨ ᠰᠢᠨᠵᠢᠲᠡᠢ ᠲᠦᠳᠦᠨᠡᠯᠢᠨᠢ ᠣᠯᠵᠣ ᠰᠣᠨᠣᠰᠪᠠ ᠃ᠲᠡᠭᠦᠨ᠎ᠤ ᠦᠨᠳᠦᠷ ᠦᠰᠦᠭᠡᠢ᠌ᠲᠦ ᠱᠠᠬᠠᠢ᠎ᠨᠢ《ᠲᠠᠭ ᠲᠠᠭ》 ᠲᠣᠪᠰᠢᠯᠠᠭᠰᠠᠭ᠋ᠠᠷ ᠢᠷᠡᠵᠦ᠂ ᠨᠢᠭᠤᠷ ᠴᠢᠷᠠᠢ᠎ᠳᠤ᠎ᠪᠠᠨ ᠶᠠᠮᠠᠷ ᠴᠦ᠍ ᠢᠯᠡᠷᠡᠯ ᠦᠬᠡᠢ᠎ᠪᠠᠷ ᠱᠠᠩ ᠬᠠᠢ ᠤᠨ ᠡᠮᠦᠨ᠎ᠡ ᠵᠣᠭᠰᠤᠨ ᠲᠡᠭᠦᠨ᠎ᠠᠴᠠ᠄《ᠴᠢ ᠰᠠᠶᠢ ᠶᠠᠭᠤ ᠶᠠᠷᠢᠪᠠ ?》ᠭᠡᠵᠦ ᠠᠰᠠᠭᠣᠬᠤ ᠶᠤᠮ᠃
ᠱᠠᠡᠭ ᠬᠠᠢ ᠠᠩᠭᠢ᠎ᠳᠤ᠎ᠪᠠᠨ ᠶᠡᠷᠦ᠎ᠠᠴᠠ ᠵᠣᠷᠢᠭ ᠰᠥᠰᠥ ᠪᠠᠭ᠋ᠠᠲᠠᠢ᠎ᠪᠠᠷ ᠵᠶ᠋ᠠᠨ ᠠᠯᠳᠠᠷᠰᠢᠭᠰᠠᠨ ᠲᠤᠯᠠ ᠤᠷᠤᠭᠤᠯ ᠠᠮᠠ᠎ᠨᠢ ᠴᠣᠩᠬᠢᠢ᠍ᠨ ᠴᠠᠢ᠌ᠵᠤ ᠪᠣᠰᠴᠣ ᠵᠣᠭᠰᠣᠭ᠋ᠠᠳ ᠲᠣᠷᠴᠣ ᠲᠡᠭᠡᠭᠯᠡᠭᠰᠡᠭᠡᠷ᠄《 ᠦᠬᠡᠢ ᠁ ᠶᠠᠭᠤ ᠴᠤ᠌ ᠶᠠᠷᠢᠭ᠎ᠠ ᠦᠬᠡᠢ ᠁》 ᠭᠡᠪᠡ᠃
ᠠᠩᠭ᠍ᠯᠢ ᠬᠡᠯᠡᠨ᠎ᠤ ᠪᠠᠭᠰᠢ ᠬᠠᠷᠠᠴᠠ᠎ᠪᠠᠨ ᠵᠢᠨ ᠯᠢᠩ᠎ᠤᠨ ᠳᠡᠭᠡᠷ᠎ᠡ ᠰᠢᠯᠵᠢᠭᠦᠯᠵᠦ᠄《ᠴᠢ ᠲᠡᠭᠦᠨ᠎ᠢ ᠣᠷᠣᠯᠠᠨ ᠬᠠᠷᠢᠭᠤᠯ! ᠲᠡᠷᠡ ᠰᠠᠶᠢ ᠶᠠᠭᠤ ᠶᠠᠷᠢᠪᠠ?》 ᠭᠡᠵᠦ ᠠᠰᠠᠭᠤᠯ᠎ᠠ᠃
ᠵᠢᠨ ᠯᠢᠩ ᠠᠭ᠋ᠠᠵᠢᠮᠬᠠᠨ ᠵᠶ᠋ᠠᠷ ᠪᠣᠰᠴᠣ ᠵᠣᠭᠰᠤᠯ᠎ᠠ᠃ ᠲᠡᠷᠡ ᠡᠨᠡ ᠬᠦ᠌ ᠠᠭᠱ᠌ᠠᠨᠳᠤ ᠦᠨᠡᠬᠡᠷ ᠠᠷᠭ᠎ᠠ ᠪᠠᠷᠠᠭᠳᠠᠯ᠎ᠠ᠄ ᠬᠡᠯᠡᠬᠦ ᠦᠬᠡᠢ ᠪᠣᠯ ᠬᠤᠳᠠᠯ ᠬᠡᠯᠡᠭᠰᠡᠨ᠎ᠳᠤ᠎ᠪᠠᠨ ᠲᠣᠭ᠋ᠠᠴᠠᠭᠳᠠᠨ᠎ᠠ ᠂ ᠲᠡᠭᠡᠬᠦ ᠮᠦᠷᠲᠡᠭᠡᠨ ᠪᠠᠭᠰᠢ ᠪᠦᠷ ᠣᠯᠣᠭ᠋ᠠᠳ ᠰᠣᠨᠣᠰᠴᠢᠬᠠᠯᠠ ᠃ ᠬᠡᠯᠡᠶ᠎ᠡ ᠭᠡᠬᠦ᠎ᠳᠤ ᠨᠠᠢ᠌ᠵᠠ᠎ᠪᠠᠨ ᠬᠤᠳᠠᠯᠳᠤᠭᠰᠠᠨ ᠰᠢᠭ᠋ ᠰᠠᠨᠠᠭᠳᠠᠨ᠎ᠠ ᠃ ᠲᠡᠭᠡᠪᠡᠯ ᠬᠠᠮᠲᠤ ᠰᠣᠷᠣᠭᠴᠢᠳ᠎ᠲᠤ᠎ᠪᠠᠨ ᠤᠷᠪᠠᠭᠴᠢ᠎ᠪᠠᠷ ᠬᠠᠷᠠᠭᠳᠠᠬᠤ ᠶᠤᠮ ᠂ ᠲᠡᠷᠡ ᠨᠢᠭᠡ ᠬᠠᠨᠢᠶᠠᠭᠰᠠᠨ ᠵᠶ᠋ᠠᠨ ᠵᠣᠷᠢᠭᠤᠳᠠ ᠬᠦᠮᠦᠰᠭᠡ᠎ᠪᠠᠨ ᠠᠲᠤᠷᠢᠭᠤᠯᠤᠨ᠄ 《 ᠰᠠᠶᠢ ᠁ ᠰᠠᠶᠢ ᠁ ᠨᠢᠭᠡ ᠬᠤᠷᠤᠬᠠᠢ ᠮᠢᠨᠦ ᠴᠢᠬᠢᠨ᠎ᠳᠤ ᠨᠢᠰᠴᠣ ᠣᠷᠣᠯ᠎ᠠ》 ᠭᠡᠪᠡ᠃
ᠠᠩᠭ᠍ᠯᠢ ᠬᠡᠯᠡᠨ᠎ᠤ ᠪᠠᠭᠰᠢ ᠠᠭᠣᠷᠯᠠᠭ᠋ᠠᠳ ᠴᠢᠷᠠᠢ᠎ᠨᠢ ᠴᠠᠢ᠌ᠵᠤ᠄《ᠰᠠᠢ᠌ᠨ᠂ ᠲᠠᠨᠣᠰ ᠪᠦᠷ ᠬᠠᠷᠢᠯᠴᠠᠨ
ᠥᠮᠥᠭᠯᠡᠬᠦ ᠵᠢ ᠰᠣᠷᠣᠴᠢᠬᠠᠯᠠ᠃ ᠪᠢ ᠲᠠᠨᠣᠰ᠎ᠤᠨ ᠠᠩᠭᠢ ᠵᠢᠨ ᠡᠷᠬᠢᠯᠡᠭᠴᠢ ᠵᠢ ᠣᠴᠢᠵᠤ ᠡᠷᠢᠶ᠎ᠡ!》 ᠭᠡᠪᠡ᠃
ᠲᠡᠷᠡ ᠬᠢᠴᠢᠶᠡᠯ ᠵᠶ᠋ᠡᠨ ᠣᠷᠣᠬᠣ᠎ᠪᠠᠨ ᠴᠤ᠌ ᠪᠣᠯᠢᠵᠤ᠂ ᠪᠡᠶ᠎ᠡ ᠡᠷᠭᠢᠮᠡᠭᠴᠡ ᠭᠠᠷᠴᠣ ᠶᠠᠪᠤᠪᠠ᠃ ᠢᠦᠢ ᠲᠠᠷᠭᠤᠨ ᠰᠠᠭᠣᠳᠠᠯᠠᠴᠠᠪᠠᠨ ᠰᠠᠯᠵᠤ ᠬᠣᠶᠠᠷ ᠠᠯᠬᠤᠮ ᠨᠡᠬᠡᠨ ᠳᠠᠭ᠋ᠠᠭ᠋ᠠᠳ᠂ ᠠᠩᠭᠢ ᠵᠢᠨ ᠭᠡᠷ᠎ᠤᠨ ᠡᠭᠦᠳᠡ᠎ᠪᠠᠷ ᠠᠵᠢᠨ ᠬᠠᠷᠠᠭᠰᠠᠨ ᠵᠶ᠋ᠠᠨ ᠨᠢᠳᠦ ᠬᠦᠮᠦᠰᠭᠡ᠎ᠨᠢ ᠪᠦᠷ ᠣᠷᠣᠨ ᠲᠣᠷᠣᠨ ᠦᠬᠡᠢ ᠪᠣᠯᠵᠤ ᠱᠠᠩ ᠬᠠᠢ᠎ᠳᠤ᠄《ᠦᠨᠡᠬᠡᠷ ᠠᠯᠪᠠᠨ ᠭᠡᠷ ᠥᠭᠡᠳᠡ ᠶᠠᠪᠤᠯ᠎ᠠ》 ᠭᠡᠵᠦ ᠬᠡᠯᠡᠵᠦ ᠦᠭᠭᠦᠯ᠎ᠡ᠃
ᠱᠠᠩ ᠬᠠᠢ ᠰᠠᠶᠢᠬᠠᠨ ᠰᠠᠭᠤᠭ᠋ᠠᠳ ᠡᠭᠦᠨ᠎ᠢ ᠰᠣᠨᠣᠰᠣᠮᠠᠭᠴᠠ ᠪᠣᠰᠣᠨ ᠵᠣᠭᠰᠣᠵᠣ᠂ ᠬᠣᠶᠠᠷ ᠭᠠᠷ ᠵᠶ᠋ᠠᠷ ᠵᠶ᠋ᠠᠨ ᠠᠯᠠ᠎ᠪᠠᠨ ᠦᠬᠦᠨ ᠪᠦᠲᠡᠭᠡᠵᠦ ᠠᠷᠭ᠎ᠠ ᠪᠠᠷᠠᠭᠳᠠᠭᠰᠠᠨ ᠴᠢᠷᠠᠢ᠌ᠯᠠᠨ᠄《 ᠪᠢ ᠵᠣᠷᠯᠣᠩ᠎ᠳᠤ ᠣᠴᠢᠨ᠎ᠠ᠂ ᠪᠢ ᠳᠡᠰᠪᠦᠷᠢᠯᠡᠵᠦ ᠳᠡᠢ᠌ᠯᠬᠦ ᠦᠬᠡᠢ ᠪᠣᠯᠪᠠ》ᠭᠡᠳ ᠰᠡᠩᠳᠡ ᠮᠡᠩᠲᠡ ᠡᠭᠦᠳᠡ᠎ᠪᠠᠷ ᠱᠣᠩᠬᠣᠯᠠᠨ ᠭᠠᠷᠤᠯ᠎ᠠ᠃
ᠪᠦᠬᠦ ᠠᠩᠭᠢ᠎ᠪᠠᠷ ᠵᠶ᠋ᠠᠨ ᠬᠦᠷᠴᠢᠬᠢᠨᠡᠲᠡᠯᠡ ᠢᠨᠢᠶᠡᠯᠳᠦᠪᠡ᠃ ᠵᠢᠨ ᠯᠢᠩ ᠳᠣᠷᠣᠮᠰᠢᠶᠠᠭᠰᠠᠨ ᠶᠠᠩᠵᠤᠳᠠᠢ
ᠤᠷᠤᠭᠤᠯ ᠵᠶ᠋ᠠᠨ ᠢᠷᠪᠠᠢ᠌ᠯᠭ᠋ᠠᠨ᠄《ᠦᠨᠡᠬᠡᠷ ᠨᠢᠭᠤᠷ ᠪᠠᠷᠠᠵᠤ ᠪᠠᠢ᠌ᠨ᠎ᠠ ᠠᠶᠣᠭ᠋ᠠᠳ ᠪᠦᠷ ᠰᠢᠭᠡᠰᠦ ᠠᠯᠳᠠᠴᠢᠬᠠᠯ᠎ᠠ ᠭᠡᠪᠡ
ᠡᠴᠤᠰ᠎ᠤᠨ ᠳ᠋ᠦᠩ᠎ᠳᠤᠨᠢ ᠰᠢᠩ ᠪᠠᠭᠰᠢ ᠤᠲᠠᠰᠤ᠎ᠪᠠᠷ ᠱᠠᠩ ᠬᠠᠢ ᠵᠢᠨ ᠡᠵᠢ ᠵᠢ᠎ᠨᠢ ᠳᠠᠭᠤᠳᠠᠵᠤ᠂ ᠪᠠᠭᠰᠢ ᠬᠢᠭᠡᠳ ᠭᠡᠷ᠎ᠤᠨ ᠠᠬᠠᠮᠠᠳ ᠬᠠᠮᠲᠤᠷᠠᠨ ᠱᠠᠩ ᠬᠠᠢ ᠵᠢ ᠣᠯᠠᠢ᠌ᠵᠤ ᠴᠠᠢ᠌ᠲᠠᠯᠠ ᠰᠢᠭᠦᠮᠵᠢᠯᠡᠨ ᠲᠡᠭᠦᠨ᠎ᠢ ᠰᠢᠬᠠᠮᠳᠠᠭᠣᠯᠣᠨ ᠳᠠᠷᠤᠢ ᠣᠷᠴᠢᠭᠣᠯᠵᠣ ᠠᠩᠭ᠍ᠯᠢ ᠬᠡᠯᠡᠨ᠎ᠤ ᠪᠠᠭᠰᠢ᠎ᠳᠤ ᠪᠣᠷᠣᠭᠤ ᠮᠡᠳᠡᠭᠦᠯᠦᠭᠡᠳ ᠡᠨᠡ ᠬᠦ᠌ ᠪᠠᠭ᠎ᠠ ᠦᠢ᠍ᠮᠡᠭᠡᠨ ᠰᠠᠶᠢ ᠳᠠᠷᠣᠭᠳᠠᠵᠠᠢ᠃
ᠬᠤᠵᠢᠮ᠎ᠨᠢ ᠪᠠᠭᠰᠢ ᠲᠠᠢ᠌ᠰᠠᠨ᠎ᠳᠤ ᠭᠠᠷᠴᠣ ᠪᠠᠰᠠ᠄《※※※ ᠡᠳᠦᠷ ᠪᠣᠢ》ᠭᠡᠵᠦ ᠶᠠᠷᠢᠬᠤ ᠦᠶᠡᠰ ᠪᠦᠬᠦ ᠠᠩᠭᠢ ᠵᠢᠨ ᠬᠠᠮᠲᠤ ᠰᠣᠷᠣᠭᠴᠢᠳ ᠵᠡᠷᠭᠡ᠎ᠪᠠᠷ ᠳᠡᠷᠢ ᠲᠡᠭᠰᠢ ᠰᠠᠭᠣᠵᠠᠭ᠋ᠠᠵᠤ ᠂ᠬᠣᠶᠠᠷ ᠭᠠᠷ ᠵᠶ᠋ᠠᠨ ᠨᠢᠷᠣᠭᠣᠨᠳᠤᠪᠠᠨ ᠡᠭᠦᠷᠴᠦ ᠴᠢᠷᠠᠢ᠎ᠪᠠᠨ ᠲᠥᠪ ᠴᠢᠩᠭ᠎ᠠ ᠪᠣᠯᠭ᠋ᠠᠨ ᠠᠰ ᠰᠢᠷᠲᠡᠭᠡᠳ ᠰᠢᠭᠦᠨ ᠲᠠᠰᠣᠯᠬᠤ ᠵᠢ ᠬᠦᠯᠢᠶᠡᠵᠦ ᠪᠠᠢ᠌ᠭ᠎ᠠ ᠳᠦᠷᠢ ᠦᠵᠡᠭᠦᠯᠬᠦ ᠪᠣᠯᠵᠠᠢ᠃ ᠪᠦᠬᠦᠢ᠌ᠯᠡ ᠪᠠᠭᠰᠢ ᠨᠠᠷ ᠡᠨᠡ᠎ᠨᠢ ᠲᠡᠳᠡᠨ᠎ᠤ ᠳᠠᠯᠳᠠᠭᠤᠷ ᠰᠠᠢ᠌ᠲᠤᠷ ᠵᠦᠪᠳᠡᠯᠴᠡᠭᠰᠡᠨ ᠨᠢᠭᠤᠴᠠ ᠳᠣᠬᠢᠶ᠎ᠠ ᠪᠣᠯᠬᠤ ᠵᠢ ᠮᠡᠳᠡᠭᠡ ᠦᠬᠡᠢ᠂ ᠬᠠᠷᠢᠨ ᠳᠡᠷᠢ ᠲᠡᠭᠰᠢ ᠰᠠᠭᠣᠵᠠᠭ᠋ᠠᠵᠤ ᠪᠠᠢ᠌ᠭ᠎ᠠ᠎ᠨᠢ ᠣᠯᠠᠨ ᠵᠶ᠋ᠠᠷ ᠵᠶ᠋ᠠᠨ ᠰᠢᠯᠭ᠋ᠠᠯᠲᠠ ᠵᠢ ᠬᠦᠨᠳᠦᠳᠭᠡᠵᠦ ᠪᠠᠢ᠌ᠨ᠎ᠠ ᠭᠡᠵᠦ ᠪᠣᠳᠣᠳᠠᠭ᠃
ᠭᠤᠷᠪᠠᠨ ᠡᠳᠦᠷ᠎ᠲᠤ ᠨᠢᠭᠡ ᠪᠠᠭ᠎ᠠ ᠰᠢᠯᠭ᠋ᠠᠯᠲᠠ ᠲᠠᠪᠤᠨ ᠡᠳᠦᠷ᠎ᠲᠤ ᠨᠢᠭᠡ ᠶᠡᠬᠡ ᠰᠢᠯᠭ᠋ᠠᠯᠲᠠ ᠪᠠᠢ᠌ᠵᠤ ᠡᠳᠦᠷ ᠪᠣᠯᠭ᠋ᠠᠨ ᠪᠠᠰᠠ ᠨᠡᠯᠢᠶᠡᠳ ᠰᠢᠯᠭ᠋ᠠᠯᠲᠠ ᠵᠢᠨ ᠬᠠᠭᠤᠳᠠᠰᠤ ᠵᠢ ᠣᠯᠠᠨ᠎ᠳᠤ ᠲᠠᠷᠬᠠᠭ᠋ᠠᠨ ᠥᠭᠴᠦ ᠭᠡᠷ᠎ᠲᠤ᠎ᠨᠢ ᠠᠪᠠᠴᠢᠭᠣᠯᠵᠣ ᠭᠦᠢ᠍ᠴᠡᠳᠭᠡᠯᠭᠡᠳᠡᠭ᠃ ᠰᠤᠷᠭ᠋ᠠᠭᠤᠯᠢ ᠵᠢᠨ ᠳᠠᠷᠤᠮᠠᠯᠯᠠᠬᠤ ᠲᠠᠰᠣᠭ᠎ᠤᠨ ᠪᠠᠭᠰᠢ ᠪᠦᠷ ᠶᠠᠭ᠋ᠠᠷᠠᠵᠤ ᠮᠣᠩᠭ᠋ᠠᠨᠢᠭ᠋ᠠᠳ ᠪᠣᠷᠪᠢ ᠪᠤᠬᠢᠰᠬᠢᠯ ᠦᠬᠡᠢ ᠪᠣᠯᠵᠤ᠂ ᠴᠢᠪᠠᠭ᠎ᠠ ᠰᠢᠭ᠋ ᠣᠯᠠᠢ᠌ᠭᠰᠠᠨ ᠨᠢᠳᠦ᠎ᠪᠠᠨ ᠨᠤᠬᠤᠯᠠᠭᠰᠠᠭ᠋ᠠᠷ ᠵᠠᠬᠢᠷᠤᠯ ᠢ ᠡᠷᠢᠵᠦ ᠣᠴᠢᠭ᠋ᠠᠳ ᠠᠵᠢᠯ ᠵᠶ᠋ᠠᠨ ᠵᠣᠭᠰᠣᠬᠣ ᠭᠡᠪᠡ᠃ ᠵᠠᠬᠢᠷᠤᠯ ᠬᠠᠷᠢᠨ ᠣᠨᠳᠣᠣ ᠨᠢᠭᠡᠨ ᠠᠷᠭ᠎ᠠ ᠪᠣᠳᠣᠵᠣ ᠣᠯᠣᠨ ᠡᠯ᠎ᠡ ᠠᠩᠭᠢ ᠵᠢᠨ ᠡᠷᠬᠢᠯᠡᠭᠴᠢ ᠵᠢ ᠱᠠᠭ᠋ᠠᠷᠳᠠᠵᠤ ᠂ᠰᠣᠷᠣᠭᠴᠢ ᠵᠢᠨ ᠭᠡᠷ᠎ᠤᠨ ᠠᠬᠠᠮᠠᠳ᠎ᠢ ᠳᠠᠢ᠌ᠴᠢᠯᠠᠨ ᠬᠠᠪᠰᠣᠷᠣᠭᠣᠯᠬᠤᠪᠠᠷ ᠪᠣᠯᠵᠤ᠂ ᠪᠠᠢ᠌ᠭᠤᠯᠭ᠎ᠠ᠎ᠳᠤᠨᠢ ᠳᠠᠷᠤᠮᠠᠯᠯᠠᠨ ᠪᠠᠭᠤᠯᠭ᠋ᠠᠬᠤ ᠮᠠᠰᠢᠨ᠎ᠲᠠᠢ ᠪᠤᠯᠠᠭ᠋ᠠᠨ ᠴᠢᠳᠠᠯ᠎ᠤᠨ ᠵᠶ᠋ᠠᠨ ᠬᠢᠷᠢ᠎ᠪᠠᠷ ᠠᠩᠭᠢ ᠵᠢᠨ᠎ᠬᠢᠨ᠎ᠢ ᠬᠠᠪᠰᠣᠷᠴᠣ᠂ ᠰᠢᠯᠭ᠋ᠠᠯᠲᠠ ᠵᠢᠨ ᠬᠠᠭᠤᠳᠠᠰᠤ ᠳᠠᠷᠤᠮᠠᠯᠯᠠᠨ ᠪᠠᠭᠤᠯᠭ᠋ᠠᠵᠤ ᠨᠢᠭᠡ ᠰᠠᠷ᠎ᠠ ᠨᠢᠭᠡ ᠤᠳᠠᠭ᠎ᠠ ᠴᠤ᠌ ᠭᠡᠰᠡᠨ ᠪᠣᠯᠣᠨ᠎ᠠ᠂ ᠨᠢᠭᠡ ᠭᠠᠷᠠᠭ᠎ᠲᠤ ᠨᠢᠭᠡ ᠤᠳᠠᠭ᠎ᠠ ᠪᠣᠯ ᠨᠡᠩ ᠰᠠᠢ᠌ᠨ ᠭᠡᠵᠡᠢ ᠃ ᠠᠩᠭᠢ ᠪᠤᠯᠠᠭ᠋ᠠᠨ50 ᠭᠠᠷᠤᠢ ᠰᠣᠷᠣᠭᠴᠢ᠎ᠲᠠᠢ ᠪᠠᠢ᠌ᠵᠤ 100 ᠭᠠᠷᠤᠢ ᠭᠡᠷ᠎ᠤᠨ ᠠᠬᠠᠮᠠᠳ᠎ᠲᠠᠢ ᠲᠤᠯᠠ ᠳᠠᠷᠠᠭ᠋ᠠᠯᠠᠨ ᠡᠭᠡᠯᠵᠢᠯᠡᠪᠡᠯ ᠪᠠᠷᠲᠠᠭ᠎ᠠ᠎ᠪᠠᠷ ᠭᠦᠢ᠍ᠴᠡᠨᠡ᠃
ᠰᠢᠩ ᠪᠠᠭᠰᠢ ᠠᠩᠭᠢ᠎ᠳᠤ᠎ᠪᠠᠨ ᠬᠠᠪᠰᠣᠷᠣᠨ ᠰᠢᠯᠭ᠋ᠠᠯᠲᠠ ᠵᠢᠨ ᠬᠠᠭᠣᠳᠠᠰᠣ ᠵᠢ ᠳᠠᠷᠣᠮᠠᠯᠯᠠᠨ ᠪᠠᠭᠤᠯᠭ᠋ᠠᠵᠤ ᠳᠡᠢ᠌ᠯᠬᠦ ᠭᠡᠷ᠎ᠤᠨ ᠠᠬᠠᠮᠠᠳ᠎ᠢ ᠪᠦᠷᠢᠳᠭᠡᠬᠦ ᠦᠶᠡᠰ ᠵᠢᠨ ᠯᠢᠩ ᠪᠠᠰᠠ ᠬᠣᠵᠢᠮᠳᠠᠯ ᠦᠬᠡᠢ ᠭᠠᠷ ᠵᠶ᠋ᠠᠨ ᠡᠷᠭᠦᠯ᠎ᠡ᠃ ᠲᠡᠭᠡᠭᠡᠳ ᠭᠡᠷ᠎ᠲᠤ᠎ᠪᠠᠨ ᠬᠠᠷᠢᠨ ᠠᠪᠤ ᠡᠵᠢ᠎ᠳᠤ᠎ᠪᠠᠨ ᠬᠡᠯᠡᠭᠰᠡᠨ ᠴᠢᠨᠢ ᠂ ᠬᠣᠢ ᠽᠢ ᠤᠷᠢᠳ ᠵᠶ᠋ᠠᠷ᠄《 ᠡᠨᠡ ᠤᠴᠢᠷ᠎ᠲᠤ ᠨᠠᠮ᠎ᠠ ᠵᠢ ᠪᠢᠲᠡᠭᠡᠢ ᠡᠷᠢ! ᠮᠠᠨ᠎ᠤ ᠪᠠᠢ᠌ᠭᠣᠯᠭ᠎ᠠ ᠵᠢᠵᠢᠭᠬᠡᠨ᠂ ᠳᠠᠷᠤᠮᠠᠯᠯᠠᠨ ᠪᠠᠭᠤᠯᠭ᠋ᠠᠬᠤ ᠮᠠᠰᠢᠨ ᠦᠬᠡᠢ》ᠭᠡᠵᠦ ᠣᠪᠤᠷ ᠵᠶ᠋ᠠᠨ ᠢᠯᠡᠳᠭᠡᠨ ᠬᠡᠯᠡᠪᠡ᠃
ᠵᠢᠨ ᠢ ᠮᠢᠩ᠄《ᠮᠠᠨ᠎ᠤ ᠰᠠᠯᠪᠤᠷᠢ᠎ᠳᠤ ᠬᠠᠷᠢᠨ ᠪᠠᠢ᠌ᠨ᠎ᠠ᠂ ᠭᠡᠲᠡᠯ᠎ᠡ ᠮᠠᠲᠸᠷᠢᠶᠠᠯ ᠳᠠᠷᠣᠮᠠᠯᠯᠠᠨ ᠪᠠᠭᠤᠯᠭ᠋ᠠᠬᠤ᠎ᠳᠤ ᠵᠣᠭᠣᠰ ᠥᠭᠬᠦ ᠬᠡᠷᠡᠭᠳᠡᠢ᠃ ᠲᠣᠰ ᠰᠠᠯᠪᠤᠷᠢ ᠵᠢᠨ ᠪᠠᠭᠰᠢ ᠰᠣᠷᠣᠭᠴᠢ᠎ᠳᠤ ᠬᠠᠨᠳᠣᠭᠣᠯᠣᠭᠰᠠᠨ ᠬᠢᠮᠳᠠᠷᠠᠯ᠎ᠤᠨ ᠮᠦᠩᠭᠦ᠎ᠨᠢ ᠨᠢᠭᠡ ᠬᠠᠭᠣᠳᠠᠰᠤ ᠭᠤᠷᠪᠠᠨ ᠮᠤᠤ!》 ᠭᠡᠪᠡ᠃
ᠵᠢᠨ ᠯᠢᠩ ᠰᠠᠨᠳᠣᠷᠣᠨ ᠦᠭᠡ ᠵᠢ᠎ᠨᠢ ᠡᠯᠭᠦᠨ ᠠᠪᠴᠣ᠄《 ᠭᠤᠷᠪᠠᠨ ᠮᠤᠤ ᠬᠡᠳᠦᠢ ᠬᠢᠮᠳᠠ ᠪᠣᠢ !ᠭᠠᠳᠠᠨ᠎ᠠ ᠳᠠᠷᠣᠮᠠᠯᠯᠠᠨ ᠪᠠᠭᠤᠯᠭ᠋ᠠᠬᠤ᠎ᠳᠤ ᠲᠠᠪᠤᠨ ᠮᠤᠤ ᠰᠢᠦ!》 ᠭᠡᠪᠡ᠃
ᠵᠢᠨ ᠮᠢᠩ᠂ ᠬᠣᠢ ᠽᠢ ᠵᠢᠨ ᠵᠦᠭ ᠭᠠᠷ ᠵᠶ᠋ᠠᠨ ᠠᠯᠳᠠᠯᠠᠨ ᠪᠠᠢ᠌ᠵᠤ᠄《 ᠡᠨᠡ ᠴᠢᠨᠢ ᠶᠠᠮᠠᠷ ᠤᠴᠢᠷ ᠪᠢᠯᠡ? ᠪᠦᠬᠦ ᠠᠩᠭᠢ ᠵᠢᠨ ᠰᠣᠷᠣᠭᠴᠢᠳ᠎ᠤᠨ ᠰᠢᠯᠭ᠋ᠠᠯᠲᠠ ᠵᠢᠨ ᠬᠠᠭᠣᠳᠠᠰᠤ ᠵᠢ ᠮᠢᠨᠦ ᠭᠠᠭᠴᠠ ᠬᠦᠮᠦᠨ ᠵᠶ᠋ᠡᠷ ᠳᠠᠷᠣᠮᠠᠯᠯᠠᠨ ᠪᠠᠭᠣᠯᠭ᠋ᠠᠬᠤ ᠠᠵᠢᠯ᠎ᠢ ᠳᠠᠭ᠋ᠠᠭ᠋ᠠᠯᠭ᠋ᠠᠬᠤ ᠶᠤᠮ ᠭᠡᠨ᠎ᠡ! ᠶᠣᠰᠣᠳᠠᠢ ᠡᠪ ᠳᠦᠢ ᠦᠬᠡᠢ ᠶᠠᠪᠣᠳᠠᠯ!》 ᠭᠡᠨ᠎ᠡ᠃
《ᠲᠡᠭᠡᠪᠡᠯ ᠲᠠᠨᠣᠰ ᠮᠢᠨᠦ ᠰᠠᠢ᠌ᠨ ᠰᠣᠷᠭ᠋ᠠᠭᠣᠯᠢ᠎ᠳᠤ ᠵᠢ ᠪᠣᠳᠣᠬᠣ ᠦᠬᠡᠢ ᠦᠦ ᠭᠡᠵᠦ ᠦᠦ?》ᠭᠡᠮᠡᠨ ᠵᠢᠨ ᠯᠢᠩ ᠳᠠᠷᠣᠢ᠌ᠬᠠᠨ ᠲᠤᠯᠭ᠋ᠠᠨ ᠠᠰᠠᠭᠤᠨ᠎ᠠ᠃
ᠵᠢᠨ ᠢ ᠮᠢᠩ ᠶᠠᠷᠢᠬᠤ ᠦᠭᠡ ᠦᠬᠡᠢ ᠪᠣᠯᠣᠭ᠋ᠠᠳ ᠂ ᠲᠦᠷ ᠪᠣᠳᠣᠯᠬᠢᠯᠭᠰᠠᠨ ᠵᠶ᠋ᠠᠨ᠄《 ᠪᠦᠬᠦ ᠠᠩᠭᠢ᠎ᠪᠠᠷ ᠵᠶ᠋ᠠᠨ50 ᠭᠠᠷᠣᠢ ᠰᠣᠷᠣᠭᠴᠢ᠎ᠲᠠᠢ ᠂ ᠨᠢᠭᠡ ᠤᠳᠠᠭ᠎ᠠ ᠰᠢᠯᠭ᠋ᠠᠯᠲᠠ ᠵᠢᠨ ᠬᠠᠭᠤᠳᠠᠰᠤ ᠳᠠᠷᠣᠮᠠᠯᠯᠠᠪᠠᠯ ᠮᠢᠨᠦ ᠨᠢᠭᠡ ᠡᠳᠦᠷ᠎ᠤᠨ ᠴᠠᠯᠢᠩ᠎ᠤᠨ ᠣᠷᠣᠯᠭ᠎ᠠ ᠵᠢ ᠵᠠᠷᠣᠭ᠋ᠠᠳ ᠳᠠᠭᠣᠰᠬᠠᠴᠢᠬᠠᠨᠠ》ᠭᠡᠵᠦ ᠲᠦᠳᠦᠨᠡᠭᠰᠡᠨ ᠵᠶ᠋ᠡᠨ ᠲᠣᠯᠣᠭ᠋ᠠᠢ ᠰᠠᠵᠢᠵᠤ᠂ ᠰᠣᠷᠭ᠋ᠠᠭᠣᠯᠢ ᠵᠢᠨ ᠠᠷᠭ᠎ᠠ ᠠᠪᠴᠠᠯ᠎ᠢ ᠱᠠᠯ ᠲᠣᠭᠣᠬᠣ ᠦᠬᠡᠢ ᠪᠠᠢ᠌ᠭ᠎ᠠ᠎ᠪᠠᠨ ᠢᠯᠡᠷᠬᠡᠢ᠌ᠯᠡᠪᠡ᠃
ᠭᠤᠷᠪᠠᠨ ᠰᠠᠷ᠎ᠠ ᠵᠢᠨ ᠠᠳᠠᠭ ᠵᠶ᠋ᠠᠷ ᠰᠣᠷᠭ᠋ᠠᠭᠣᠯᠢ᠎ᠠᠴᠠ ᠵᠢᠷᠭᠣᠳᠣᠭ᠋ᠠᠷ ᠣᠨ᠎ᠤ ᠲᠡᠭᠦᠰᠬᠦ ᠰᠣᠷᠣᠭᠴᠢᠳ᠎ᠲᠤ ᠨᠢᠭᠡᠨ ᠤᠳᠠᠭ᠋ᠠᠨ᠎ᠤ ᠰᠣᠷᠭ᠋ᠠᠭᠣᠯᠢ ᠳᠠᠪᠰᠢᠬᠤ ᠰᠣᠷᠢᠭ᠋ᠠᠨ᠎ᠤ ᠰᠢᠯᠭ᠋ᠠᠯᠲᠠ ᠶᠠᠪᠣᠭᠣᠯᠪᠠ ᠃ ᠰᠢᠯᠭ᠋ᠠᠭᠰᠠᠨ᠎ᠨᠢ ᠲᠣᠭ᠎ᠠ ᠪᠣᠳᠣᠯᠭ᠎ᠠ ᠪᠠᠢ᠌ᠯ᠎ᠠ ᠃ ᠵᠢᠩᠬᠢᠨᠢ ᠰᠢᠯᠭ᠋ᠠᠯᠲᠠ ᠵᠢᠨ ᠳᠦᠷᠢᠮ ᠳᠣᠭᠳᠠᠭ᠋ᠠᠯ ᠶᠣᠰᠣᠭ᠋ᠠᠷ ᠨᠢᠭᠡ ᠰᠢᠷᠡᠭᠡᠨ᠎ᠳᠤ ᠨᠢᠭᠡ ᠰᠣᠷᠣᠭᠴᠢ ᠰᠠᠭᠤᠨ᠂ ᠬᠢᠴᠢᠶᠡᠯ᠎ᠤᠨ ᠭᠡᠷ᠎ᠤᠨ ᠡᠮᠦᠨ᠎ᠡ ᠬᠣᠢ᠌ᠨ᠎ᠠ ᠪᠦᠷ ᠰᠢᠯᠭ᠋ᠠᠯᠲᠠ ᠪᠠᠢ᠌ᠴᠠᠭ᠋ᠠᠭᠴᠢ ᠪᠠᠭᠰᠢ ᠰᠠᠭᠣᠯᠴᠠᠵᠤ᠂ ᠴᠣᠩᠬᠤᠨ ᠭᠠᠳᠠᠨ᠎ᠠ ᠨᠡᠭᠦᠳᠡᠯ ᠮᠠᠶᠢᠭ᠎ᠤᠨ ᠰᠢᠯᠭ᠋ᠠᠯᠲᠠ ᠪᠠᠢ᠌ᠴᠠᠭ᠋ᠠᠭᠴᠢ ᠪᠠᠭᠰᠢ ᠨᠠᠭ᠋ᠠᠰᠢ ᠴᠠᠭ᠋ᠠᠰᠢ ᠲᠣᠭᠣᠷᠢᠨ ᠪᠠᠢ᠌ᠴᠠᠭ᠋ᠠᠵᠤ᠂ ᠵᠣᠷᠯᠣᠩ᠎ᠳᠤ ᠣᠴᠢᠬᠣ᠎ᠳᠤ ᠴᠤ᠌ ᠲᠣᠰᠬᠠᠢ ᠬᠦᠮᠦᠨ ᠲᠣᠮᠢᠯᠠᠨ ᠪᠠᠷ᠎ᠠ ᠪᠣᠯᠭ᠋ᠠᠨ᠎ᠠ᠃ ᠰᠢᠯᠭ᠋ᠠᠯᠲᠠ ᠵᠢᠨ ᠬᠠᠭᠤᠳᠠᠰᠤᠨ᠎ᠳᠤ ᠰᠣᠷᠣᠯᠭ᠎ᠠ ᠵᠢᠨ ᠨᠤᠮᠸᠷ ᠵᠶ᠋ᠠᠨ ᠪᠢᠴᠢᠨ ᠰᠢᠯᠭ᠋ᠠᠵᠤ ᠳᠠᠭᠣᠰᠣᠭ᠋ᠠᠳ ᠰᠢᠯᠭ᠋ᠠᠯᠲᠠ ᠵᠢᠨ ᠬᠠᠭᠣᠳᠠᠰᠤ ᠵᠢ ᠬᠣᠷᠢᠶᠠᠬᠤ ᠦᠶ᠎ᠡ᠎ᠳᠤ ᠲᠣᠬᠠᠢ ᠵᠢᠨ ᠲᠠᠯᠠᠪᠠᠢ᠎ᠳᠤ ᠨᠢᠭᠲᠠ ᠪᠢᠲᠡᠭᠦᠮᠵᠢᠯᠡᠵᠦ ᠂ ᠬᠠᠮᠣᠭ᠎ᠤᠨ ᠰᠡᠭᠦᠯ᠎ᠳᠤ ᠰᠣᠷᠭ᠋ᠠᠭᠣᠯᠢ ᠵᠢᠨ ᠰᠣᠷᠭ᠋ᠠᠨ ᠬᠦᠮᠦᠵᠢᠯ᠎ᠤᠨ ᠶᠠᠪᠣᠳᠠᠯ᠎ᠤᠨ ᠭᠠᠵᠠᠷ᠎ᠠᠴᠠ ᠲᠣᠰᠬᠠᠢ᠌ᠯᠠᠨ ᠪᠠᠭᠰᠢ ᠨᠠᠷ᠎ᠢ ᠵᠣᠬᠢᠶᠠᠨ ᠪᠠᠢ᠌ᠭᠣᠯᠵᠣ ᠲᠦᠪᠡᠯᠡᠷᠡᠭᠦᠯᠦᠨ ᠰᠢᠯᠭ᠋ᠠᠯᠲᠠ ᠬᠢᠨᠠᠭᠣᠯᠵᠣ ᠂ᠡᠯ᠎ᠡ ᠠᠩᠭᠢ ᠵᠢᠨ ᠬᠢᠴᠢᠶᠡᠯ᠎ᠤᠨ ᠪᠠᠭᠰᠢ ᠨᠠᠷ᠎ᠤᠨ ᠭᠦᠷᠢᠮ ᠦᠢ᠍ᠯᠡᠳᠬᠦ᠎ᠠᠴᠠ ᠬᠢᠴᠢᠶᠡᠨ ᠰᠡᠷᠭᠡᠢ᠌ᠯᠡᠬᠦ ᠠᠵᠢ᠃
ᠰᠢᠯᠭ᠋ᠠᠯᠲᠠ᠎ᠠᠴᠠ ᠡᠮᠦᠨᠡᠬᠢ ᠨᠢᠭᠡ ᠡᠳᠦᠷ᠂ ᠲᠣᠭ᠋ᠠᠨ᠎ᠤ ᠤᠬᠠᠭ᠋ᠠᠨ᠎ᠤ ᠵᠠᠩ ᠪᠠᠭᠰᠢ ᠬᠢᠴᠢᠶᠡᠯ᠎ᠤᠨ ᠲᠠᠢ᠌ᠰᠠᠨ ᠳᠡᠭᠡᠷ᠎ᠡ ᠵᠣᠭᠰᠣᠵᠣ ᠣᠯᠠᠨ᠎ᠢ ᠲᠥᠪ ᠴᠢᠩᠭ᠎ᠠ᠎ᠪᠠᠷ ᠰᠢᠷᠲᠡᠭᠡᠳ᠄《ᠣᠯᠠᠨ ᠵᠶ᠋ᠠᠷ ᠵᠶ᠋ᠠᠨ ᠰᠣᠨᠣᠰᠴᠣ ᠪᠠᠢ᠌ᠭᠲᠤᠨ! ᠠᠮᠵᠢᠯᠲᠠ ᠣᠯᠬᠣ᠎ᠠᠴᠠ ᠪᠢᠰᠢ ᠢᠯᠠᠭᠳᠠᠵᠤ ᠪᠣᠯᠬᠣ ᠦᠬᠡᠢ ᠃ᠰᠣᠷᠢᠭ᠋ᠠᠨ᠎ᠤ ᠰᠢᠯᠭ᠋ᠠᠯᠲᠠ ᠦᠨᠳᠦᠰᠦᠨ᠎ᠳᠤ ᠪᠠᠨ ᠵᠢᠩᠬᠢᠨᠢ ᠰᠢᠯᠭ᠋ᠠᠯᠲᠠ ᠵᠢᠨ ᠬᠦᠴᠢᠷ᠎ᠤᠨ ᠬᠡᠮᠵᠢᠶ᠎ᠡ ᠵᠢ ᠢᠯᠡᠷᠡᠭᠦᠯᠵᠦ ᠳᠡᠢ᠌ᠯᠬᠦ ᠶᠤᠮ ᠃ ᠡᠢ᠌ᠮᠦ᠎ᠠᠴᠠ ᠲᠠᠨᠤᠰ ᠮᠠᠷᠭ᠋ᠠᠰᠢ ᠶᠠᠮᠠᠷ ᠬᠤᠪᠢ ᠰᠢᠯᠭ᠋ᠠᠪᠠᠯ ᠂ ᠰᠣᠷᠭ᠋ᠠᠭᠤᠯᠢ ᠳᠠᠪᠰᠢᠬᠤ ᠰᠢᠯᠭ᠋ᠠᠯᠲᠠ ᠵᠢᠨ ᠦᠶ᠎ᠡ᠎ᠳᠤ ᠪᠠᠷᠣᠭ ᠯᠡ ᠲᠡᠢ᠌ᠮᠦᠷᠬᠦᠦ ᠬᠤᠪᠢ ᠣᠯᠣᠨ᠎ᠠ ᠃ ᠪᠢ ᠡᠨᠡ ᠬᠡᠳᠦᠨ ᠵᠢᠯ ᠲᠡᠭᠦᠰᠬᠦ ᠠᠩᠭᠢ᠎ᠳᠤ ᠬᠢᠴᠢᠶᠡᠯ ᠵᠢᠭ᠋ᠠᠭᠰᠠᠨ ᠲᠤᠯᠠ ᠳᠣᠳᠣᠷ᠎ᠠ᠎ᠪᠠᠨ ᠲᠣᠭ᠎ᠠ᠎ᠲᠠᠢ ᠃ ᠬᠡᠦ ᠮᠸᠢ᠂ ᠯᠢᠦ ᠶᠠ ᠷᠦ᠋ ᠂ᠨᠢ ᡁᠢ ᠸᠸᠢ !》ᠭᠡᠵᠦ ᠰᠣᠷᠭ᠋ᠠᠮᠵᠢᠯᠠᠨ ᠶᠠᠷᠢᠪᠠ᠃
ᠨᠡᠷ᠎ᠡ᠎ᠪᠠᠨ ᠳᠠᠭᠣᠳᠠᠭᠣᠯᠣᠭᠰᠠᠨ ᠭᠤᠷᠪᠠᠨ ᠬᠦᠮᠦᠨ ᠶᠠᠮᠠᠷ ᠶᠠᠪᠣᠳᠠᠯ ᠪᠣᠯᠣᠭᠰᠠᠨ᠎ᠢ ᠮᠡᠳᠡᠯ ᠦᠬᠡᠢ ᠰᠠᠨᠳᠣᠷᠣᠨ ᠪᠣᠰᠴᠣ ᠵᠣᠭᠰᠣᠭ᠋ᠠᠳ᠂ ᠨᠢᠭᠣᠷ ᠴᠢᠷᠠᠢ᠎ᠪᠠᠨ ᠰᠢᠷᠲᠡᠯᠴᠡᠨᠡ᠃
ᠵᠠᠩ ᠪᠠᠭᠰᠢ᠄《ᠲᠠᠨ᠎ᠤ ᠭᠤᠷᠪᠠ 98 ᠬᠤᠪᠢ ᠵᠢ ᠪᠠᠲᠣᠯᠠᠵᠤ 100 ᠬᠤᠪᠢ ᠣᠯᠬᠤ᠎ᠪᠠᠷ ᠲᠡᠮᠡᠴᠡᠬᠦ ᠬᠡᠷᠡᠭᠲᠡᠢ᠃ ᠮᠠᠨ᠎ᠤ ᠠᠩᠭᠢ ᠵᠢᠨ ᠭᠠᠳᠠᠭ᠋ᠠᠳᠤ ᠬᠡᠯᠡᠨ᠎ᠤ ᠰᠣᠷᠭ᠋ᠠᠭᠣᠯᠢ ᠥᠭᠡᠳᠡ ᠳᠣᠪᠲᠣᠯᠣᠨ ᠳᠠᠭ᠋ᠠᠷᠢᠬᠤ ᠬᠦᠰᠡᠯ ᠡᠷᠡᠮᠡᠯᠵᠡᠯ ᠪᠦᠷ ᠲᠠᠨᠣᠰ᠎ᠤᠨ ᠪᠡᠶ᠎ᠡ ᠳᠡᠭᠡᠷ᠎ᠡ ᠪᠠᠢ᠌ᠨ᠎ᠠ》 ᠭᠡᠪᠡ᠃
ᠭᠤᠷᠪᠠᠭᠤᠯᠨ᠎ᠪᠠᠨ ᠣᠳᠣ ᠰᠠᠶᠢ ᠲᠠᠢ᠌ᠳᠬᠣᠷᠠᠨ ᠲᠠᠢ᠌ᠪᠣᠰᠢᠷᠠᠵᠤ᠂ ᠣᠷᠣ ᠣᠷᠣᠨ᠎ᠳᠤ᠎ᠪᠠᠨ ᠰᠠᠭᠤᠵᠤ ᠴᠢᠷᠠᠢ ᠳᠡᠭᠡᠷ᠎ᠡ᠎ᠨᠢ ᠣᠮᠣᠭ ᠪᠠᠬᠠᠲᠣᠯ ᠢᠯᠡᠷᠡᠨ᠎ᠡ ᠃ᠨᠢ ᡁᠢ ᠸᠸᠢ ᠵᠡᠭᠦᠨᠰᠢ ᠪᠠᠷᠠᠭᠣᠨᠰᠢ ᠬᠠᠷᠠᠯᠬᠢᠯᠠᠨ ᠪᠠᠶᠠᠷᠯᠠᠨ ᠣᠮᠣᠭᠰᠢᠭᠰᠠᠨ ᠶᠠᠩᠵᠤ ᠭᠠᠷᠭ᠋ᠠᠨ᠎ᠠ᠃
ᠵᠢᠨ ᠯᠢᠩ ᠬᠠᠷᠢᠨ ᠪᠢᠰᠢᠷᠡᠭᠰᠡᠨ ᠶᠠᠩᠵᠤ ᠦᠭᠡᠢ ᠳᠣᠳᠣᠷ᠎ᠠ᠎ᠪᠠᠨ᠄ ᠬᠡᠷᠪᠡ ᠲᠡᠳᠡ ᠳᠡᠢ᠌ᠯᠬᠦ ᠦᠬᠡᠢ ᠪᠣᠯ
ᠶᠠᠭ᠋ᠠᠬᠢᠨ᠎ᠠ ? ᠬᠡᠷᠪᠡ ᠪᠢ ᠠᠪᠢᠶᠠᠰ ᠪᠢᠯᠢᠭ ᠵᠶ᠋ᠡᠨ ᠶᠡᠷᠦ ᠪᠣᠰᠤ᠎ᠪᠠᠷ ᠪᠠᠳᠠᠷᠠᠭᠣᠯᠪᠠᠯ ᠶᠠᠭ᠋ᠠᠬᠢᠨ᠎ᠠ? ᠪᠠᠭᠰᠢ ᠪᠣᠯᠣᠭᠰᠠᠳ ᠬᠡᠷᠬᠢᠨ ᠬᠦᠮᠦᠨ᠎ᠢ ᠳᠣᠣᠷ᠎ᠠ ᠦᠵᠡᠨ᠎ᠡ ?ᠡᠨᠡ ᠴᠢᠨᠢ ᠬᠦᠮᠦᠨ᠎ᠢ ᠦᠵᠡᠨ ᠶᠠᠳᠠᠵᠤ ᠪᠠᠢ᠌ᠭ᠎ᠠ᠎ᠨᠢ ᠢᠯᠡᠬᠡᠨ ᠪᠠᠢ᠌ᠭ᠎ᠠ ᠪᠢᠰᠢ ᠦᠦ? ᠭᠡᠵᠦ ᠪᠣᠳᠣᠯ᠎ᠠ᠃
ᠶᠠᠭ ᠡᠢ᠌ᠨ ᠬᠦ᠌ ᠳᠡᠮᠡᠢ ᠯᠡ ᠪᠣᠳᠣᠯᠬᠢᠯᠠᠵᠤ ᠪᠠᠢ᠌ᠲᠠᠯ᠎ᠠ᠂ ᠭᠡᠨᠡᠳᠲᠡ ᠱᠠᠩ ᠬᠠᠢ ᠲᠡᠭᠦᠨ᠎ᠤ ᠮᠦᠷᠦ ᠵᠢ ᠴᠢᠴᠢᠬᠦ
ᠶᠤᠮ ᠃ᠣᠣᠯ᠎ᠨᠢ ᠵᠠᠩ ᠪᠠᠭᠰᠢ ᠲᠡᠭᠦᠨ᠎ᠤ ᠨᠡᠷ᠎ᠡ ᠵᠢ ᠳᠠᠭᠣᠳᠠᠭᠰᠠᠨ ᠪᠠᠢ᠌ᠵᠠᠢ᠃
ᠵᠠᠡᠭ ᠪᠠᠭᠰᠢ ᠶᠡᠬᠡ ᠠᠭᠣᠷᠲᠠᠢᠪᠠᠷ ᠲᠡᠭᠦᠨ᠎ᠢ ᠰᠢᠷᠲᠡᠨ᠄《 ᠪᠣᠳᠣᠯ ᠰᠡᠳᠭᠢᠯ ᠵᠶ᠋ᠡᠨ ᠥᠭᠡᠷ᠎ᠡ ᠲᠡᠢ᠌ᠰᠢ ᠵᠠᠯᠠᠭ᠋ᠠᠳ ᠯᠡ᠂ ᠡᠨᠡ ᠦᠶ᠎ᠡ ᠪᠣᠯᠵᠤ ᠪᠠᠢ᠌ᠲᠠᠯ᠎ᠠ ᠴᠢ ᠪᠠᠰᠠ ᠰᠡᠳᠭᠢᠯ ᠲᠠᠯᠪᠢᠬᠤ ᠦᠬᠡᠢ ᠪᠠᠢ᠌ᠭᠰᠠᠭ᠋ᠠᠷ ᠦᠦ ? ᠴᠢ ᠴᠣᠣᠮ ᠬᠡᠳᠦᠢ ᠬᠤᠪᠢ ᠣᠯᠬᠤ ᠰᠠᠨᠠᠭ᠎ᠠ᠎ᠲᠠᠢ ᠶᠤᠮ?》 ᠭᠡᠪᠡ᠃
ᠵᠢᠨ ᠯᠢᠩ ᠠᠮᠠᠨ᠎ᠤ ᠠᠭᠤᠯᠠ ᠵᠢᠨ ᠠᠮᠠ᠎ᠪᠠᠷ᠄《100》 ᠭᠡᠪᠡ᠃
ᠲᠡᠷᠡ ᠳᠣᠣᠷ᠎ᠠ᠎ᠨᠢ ᠫᠦᠰ ᠭᠡᠳᠡᠯ᠎ᠡ ᠢᠨᠢᠶᠡᠯᠳᠦᠬᠦ ᠴᠢᠮᠡᠭᠡ ᠳᠣᠭᠣᠯᠳᠠᠪᠠ᠃
ᠵᠢᠨ ᠯᠢᠩ᠎ᠤᠨ ᠴᠢᠷᠠᠢ᠎ᠨᠢ ᠣᠯᠠᠢ᠌ᠵᠤ ᠠᠭᠣᠷᠲᠠᠢᠪᠠᠷ᠄《 ᠶᠠᠭᠤᠨ᠎ᠳᠤᠨᠢ ᠢᠨᠢᠶᠡᠴᠢᠭᠡᠭᠰᠡᠨ ᠶᠤᠮ?》 ᠭᠡᠵᠦ ᠵᠠᠩᠳᠣᠷᠪᠠ᠃
ᠵᠠᠡᠭ ᠪᠠᠭᠰᠢ ᠵᠢᠨ ᠴᠢᠷᠠᠢ ᠳᠡᠭᠡᠷ᠎ᠡ ᠬᠠᠷᠢᠨ ᠮᠦᠰᠢᠶᠡᠳᠦ ᠳᠣᠳᠣᠷᠠᠵᠣ ᠭᠠᠷ ᠵᠶ᠋ᠠᠨ ᠠᠯᠠᠭ᠋ᠠᠳᠠᠨ᠄ 《ᠡᠷᠴᠢ ᠵᠣᠷᠢᠭ ᠰᠠᠢ᠌ᠨ ᠪᠠᠢ᠌ᠨ᠎ᠠ᠂ ᠬᠡᠳᠡᠯ᠎ᠡ ᠠᠯᠠᠡᠭ ᠰᠠᠯᠠᠡᠭ ᠪᠠᠢ᠌ᠬᠤ ᠵᠢ ᠪᠠᠳᠤᠯᠠᠬᠤ ᠬᠡᠷᠡᠭᠳᠡᠢ》 ᠬᠡᠪᠡ᠃