ᠡᠪᠦᠯ᠎ᠤᠨ ᠠᠮᠠᠷᠠᠯᠲᠠ ᠳᠠᠭᠣᠰᠣᠭ᠋ᠠᠳ᠂ ᠰᠣᠷᠭ᠋ᠠᠭᠣᠯᠢ᠎ᠳᠤ᠎ᠪᠠᠨ ᠣᠴᠢᠵᠤ ᠨᠡᠷ᠎ᠡ ᠮᠡᠳᠡᠭᠦᠯᠦᠭᠰᠡᠨ ᠠᠩᠬᠠᠳᠠᠭᠴᠢ ᠡᠳᠦᠷ ᠵᠶ᠋ᠡᠨ ᠵᠢᠨ ᠯᠢᠩ ᠳᠠᠷᠣᠢ ᠲᠣᠮᠣ ᠵᠢᠭ᠋ᠠᠰᠤᠨ᠎ᠤ ᠤᠴᠢᠷ᠎ᠢ ᠰᠠᠢ᠌ᠨ ᠨᠠᠢ᠌ᠵᠠ ᠶᠠᠩ ᠰᠢᠶᠤᠤ ᠯᠢᠳᠤ ᠶᠠᠷᠢᠵᠤ ᠰᠣᠨᠣᠰᠬᠠᠭᠰᠠᠨ ᠶᠤᠮ᠃
ᠶᠠᠡᠭ ᠰᠢᠶᠤᠤ ᠯᠢ ᠨᠠᠷᠢᠬᠠᠨ ᠤᠷᠲᠤ ᠨᠢᠳᠦ᠎ᠪᠠᠨ ᠴᠠᠪᠴᠢᠯᠬᠢᠯᠠᠨ ᠪᠠᠢ᠌ᠵᠤ᠂ ᠭᠡᠨᠡᠳᠲᠡ ᠲᠡᠭᠦᠨ᠎ᠠᠴᠠ᠄ 《 ᠠᠪᠤ ᠴᠢᠨᠢ ᠪᠠᠭᠰᠢ ᠪᠢᠰᠢ ᠦᠦ?》 ᠭᠡᠵᠦ ᠠᠰᠠᠭᠣᠪᠠ᠃ ᠵᠢᠨ ᠯᠢᠩ ᠶᠠᠮᠠᠷ ᠰᠠᠨᠠᠭ᠎ᠠ᠎ᠲᠠᠢ ᠵᠢ᠎ᠨᠢ ᠮᠡᠳᠡᠬᠦ ᠦᠬᠡᠢ᠂ ᠲᠡᠭᠡᠨᠡᠭᠡᠯᠵᠡᠩᠭᠦᠢᠪᠠᠷ᠄ ᠮᠦᠨ ᠡ》 ᠭᠡᠯᠡ᠃
ᠶᠠᠩ ᠰᠢᠶᠤᠤ ᠯᠢ ᠳᠠᠷᠤᠢ ᠭᠠᠳᠠᠷᠯᠠᠨ᠄《ᠴᠢᠨᠦ ᠡᠨᠡ ᠴᠢᠨᠢ ᠣᠩᠬᠢᠷᠠᠵᠤ ᠪᠠᠢ᠌ᠨ᠎ᠠ》 ᠭᠡᠪᠡ᠃
ᠵᠢᠨ ᠯᠢᠩ ᠰᠣᠨᠣᠰᠣᠭ᠋ᠠᠳ ᠣᠴᠠᠭ᠋ᠠᠷᠯᠠᠨ᠂ ᠰᠠᠢ᠌ᠨ ᠨᠠᠢ᠌ᠵᠠᠳᠤᠪᠠᠨ ᠶᠡᠬᠡ ᠳᠠᠭᠤᠨ ᠵᠶ᠋ᠠᠷ᠄《ᠴᠢ ᠰᠠᠶᠢ
ᠣᠩᠬᠢᠷᠠᠵᠤ ᠪᠠᠢ᠌ᠨ᠎ᠠ》 ᠭᠡᠵᠠᠢ᠃
ᠶᠠᠩ ᠰᠢᠶᠤᠤ ᠯᠢ᠄《ᠬᠡᠷᠪᠡ ᠪᠠᠭᠰᠢᠯᠠᠵᠤ ᠪᠠᠢ᠌ᠪᠠᠯ᠂ ᠠᠪᠤ᠎ᠳᠤ ᠴᠢᠨᠢ ᠲᠡᠢ᠌ᠮᠦ ᠶᠡᠬᠡ ᠵᠢᠭ᠋ᠠᠰᠤ ᠬᠦᠷᠭᠡᠬᠦ ᠪᠣᠯᠤᠯᠴᠠᠭ᠎ᠠ ᠦᠬᠡᠢ᠃ ᠮᠢᠨᠦ ᠭᠡᠷ᠎ᠤᠨ ᠡᠰᠡᠷᠬᠦ ᠲᠠᠯ᠎ᠠ᠎ᠳᠤ ᠨᠢᠭᠡ ᠶᠡᠬᠡ ᠳᠣᠪᠴᠢᠶᠠᠨ ᠳᠠᠷᠣᠭ᠎ᠠ ᠰᠠᠭᠤᠵᠤ ᠪᠠᠢ᠌ᠨ᠎ᠠ᠂ ᠲᠡᠳᠡᠨ᠎ᠤ᠎ᠬᠢᠨ ᠴᠠᠭ᠋ᠠᠨ ᠰᠠᠷ᠎ᠠ᠎ᠳᠤ᠎ᠪᠠᠨ ᠣᠯᠠᠨ ᠵᠢᠭ᠋ᠠᠰᠤ ᠬᠤᠷᠢᠶᠠᠵᠤ ᠣᠯᠣᠭ᠋ᠠᠳ᠂ ᠪᠦᠷᠢ ᠨᠠᠷᠠᠪᠴᠢᠨᠳᠤᠪᠠᠨ ᠬᠠᠲᠠᠭ᠋ᠠᠭᠰᠠᠨ ᠶᠤᠮ᠂ ᠬᠠᠮᠣᠭ᠎ᠤᠨ ᠲᠣᠮᠣ᠎ᠨᠢ ᠡᠢ᠌ᠮᠦ ᠳᠠᠢ᠌ᠳᠡᠢ》 ᠭᠡᠵᠦ ᠭᠠᠷ ᠵᠶ᠋ᠠᠷ ᠵᠶ᠋ᠠᠨ ᠲᠦᠷᠰᠦᠯᠡᠨ ᠦᠵᠡᠭᠦᠯᠵᠡᠢ᠃
ᠵᠢᠨ ᠯᠢᠩ ᠬᠢᠯᠢᠩᠯᠡᠭᠡᠳ ᠬᠠᠮᠠᠷ ᠰᠢᠨᠳᠠᠢ᠌ᠯᠭ᠋ᠠᠨ᠂ ᠳᠣᠳᠣᠷ᠎ᠠ ᠪᠠᠨ᠂ ᠶᠠᠩ ᠰᠢᠶᠤᠤ ᠯᠢ ᠳᠡᠩᠳᠡᠭᠦᠦ ᠡᠭᠡᠯ ᠪᠣᠯᠬᠢ ᠪᠠᠢ᠌ᠨ᠎ᠠ᠂ ᠨᠢᠳᠦᠨ᠎ᠳᠤᠨᠢ ᠵᠦᠪᠬᠡᠨ ᠨᠣᠶᠠᠳ ᠯᠡ ᠪᠠᠭᠲᠠᠨ᠂ ᠡᠷᠳᠡᠮ ᠮᠡᠳᠡᠯᠭᠡ ᠮᠦᠨ ᠬᠦ᠌ ᠡᠳ᠋ ᠬᠦᠷᠦᠩᠭᠡ ᠪᠦᠲᠦᠭᠡᠵᠦ ᠳᠡᠢ᠌ᠯᠬᠦ ᠵᠢ ᠮᠡᠳᠡᠬᠦ ᠦᠬᠡᠢ ᠶᠤᠮ ᠪᠠᠢ᠌ᠨ᠎ᠠ ᠭᠡᠵᠦ ᠪᠣᠳᠣᠯ᠎ᠠ᠃ ᠡᠨᠡ ᠰᠣᠷᠣᠯᠭ᠎ᠠ ᠵᠢᠨ ᠬᠣᠭᠣᠴᠠᠭ᠋ᠠᠨ᠎ᠳᠤ᠎ᠪᠠᠨ ᠶᠠᠩ ᠰᠢᠶᠤᠤ ᠯᠢ᠎ᠲᠠᠢ ᠴᠢᠨᠠᠭᠰᠢᠳᠠ ᠰᠠᠢ᠌ᠨ ᠨᠠᠢ᠌ᠵᠠ ᠪᠣᠯᠣᠯᠴᠠᠬᠤ ᠡᠰᠡᠬᠦ ᠲᠣᠬᠠᠢ ᠪᠠᠨ ᠲᠡᠷᠡ ᠪᠣᠳᠣᠯᠬᠢᠯᠠᠯᠠ᠃
ᠵᠢᠨ ᠯᠢᠩ ᠡᠨᠡ ᠤᠴᠢᠷ ᠵᠶ᠋ᠠᠨ ᠪᠠᠰᠠ ᠪᠣᠰᠣᠳ ᠬᠡᠳᠦᠨ ᠬᠠᠮᠲᠤ ᠰᠣᠷᠣᠭᠴᠢ᠎ᠳᠤ᠎ᠪᠠᠨ ᠬᠡᠯᠡᠭᠰᠡᠨ ᠪᠠᠢ᠌ᠵᠠᠢ᠃ ᠶᠠᠷᠢᠶᠠᠨ ᠦᠬᠡᠢ ᠢᠲᠡᠭᠡᠭᠰᠡᠨ ᠬᠦᠮᠦᠨ ᠦᠬᠡᠢ᠂ ᠪᠦᠷ ᠵᠢᠨ ᠯᠢᠩ᠎ᠢ ᠣᠩᠬᠢᠷᠠᠵᠤ ᠪᠠᠢ᠌ᠨ᠎ᠠ ᠭᠡᠨ᠎ᠡ᠃ ᠨᠡᠩ ᠢᠯᠠᠩᠭᠣᠶᠠ ᠱᠠᠩ ᠬᠠᠢ᠄ ᠴᠢ ᠵᠢᠭ᠋ᠠᠰᠤᠨ᠎ᠤ᠎ᠪᠠᠨ ᠤᠷᠲᠤ ᠵᠢ᠎ᠨᠢ ᠬᠣᠶᠠᠷ ᠵᠶ᠋ᠠᠷ ᠦᠷᠡᠵᠢᠭᠦᠯᠦᠭᠰᠡᠨ ᠦᠬᠡᠢ ᠪᠢᠵᠡ?》 ᠭᠡᠵᠦ ᠬᠡᠯᠡᠪᠡ᠃
ᠵᠢᠨ ᠯᠢᠩ ᠠᠭᠣᠷᠯᠠᠭ᠋ᠠᠳ ᠪᠦᠷ ᠮᠠᠨᠠᠷᠠᠴᠢᠬᠠᠬᠤ ᠰᠢᠬᠠᠪᠠ ᠃ ᠲᠡᠷᠡ ᠰᠢᠨ᠎ᠡ ᠲᠠᠷᠬᠠᠭ᠋ᠠᠭᠰᠠᠨ ᠬᠢᠴᠢᠶᠡᠯ᠎ᠤᠨ ᠨᠣᠮ ᠪᠢᠴᠢᠭ ᠵᠶ᠋ᠡᠨ ᠳᠦᠭᠦᠷᠲᠡᠯ᠎ᠡ ᠰᠠᠪᠠᠯᠠᠭᠰᠠᠨ ᠪᠣᠭᠴᠣ᠎ᠪᠠᠨ ᠨᠢᠷᠣᠭᠣ ᠪᠦᠬᠦᠢ᠌ᠨ ᠡᠭᠦᠷᠦᠭᠰᠡᠭᠡᠷ ᠭᠡᠷ ᠤᠷᠤᠭᠤ᠎ᠪᠠᠨ ᠬᠡᠯᠳᠦᠷᠢᠬᠦᠳᠤᠪᠠᠨ ᠰᠢᠳᠦ᠎ᠪᠠᠨ ᠳᠠᠴᠢᠬᠢᠨᠠᠲᠠᠯᠠ ᠬᠠᠪᠢᠷᠤᠨ ᠪᠠᠢ᠌ᠵᠤ ᠂ ᠬᠠᠮᠲᠤ ᠰᠣᠷᠣᠭᠴᠢᠳ ᠵᠶ᠋ᠠᠨ 《ᠳᠡᠩᠳᠡᠭᠦᠦ ᠠᠰᠢᠭ᠎ᠲᠤ ᠰᠢᠨᠤᠬᠠᠢ》᠂ ᠪᠠᠭᠰᠢᠯᠠᠵᠤ ᠪᠠᠢ᠌ᠭ᠎ᠠ ᠠᠪᠤ ᠵᠢ᠎ᠨᠢ ᠨᠢᠳᠦᠨ᠎ᠳᠤ᠎ᠪᠠᠨ ᠬᠠᠪᠴᠢᠬᠤ ᠦᠬᠡᠢ ᠭᠡᠵᠦ ᠬᠣᠷᠣᠰᠴᠣ ᠶᠠᠪᠣᠯ᠎ᠠ᠃
ᠡᠵᠢ᠎ᠨᠢ ᠵᠢᠨ ᠯᠢᠩ᠎ᠤᠨ ᠨᠡᠷ᠎ᠡ ᠮᠡᠳᠡᠭᠦᠯᠦᠭᠰᠡᠨ ᠡᠨᠡ ᠡᠳᠦᠷ ᠵᠣᠷᠰᠢᠯ ᠶᠣᠰᠣᠭ᠋ᠠᠷ ᠬᠠᠭ᠋ᠠᠰ ᠡᠳᠦᠷ᠎ᠤᠨ ᠴᠢᠯᠦᠭᠡ ᠠᠪᠴᠣ᠂ ᠭᠡᠷ᠎ᠲᠤ᠎ᠪᠠᠨ ᠦᠯᠡᠳᠡᠭᠡᠳ ᠬᠠᠭᠣᠴᠢᠨ ᠭᠠᠯᠢᠨᠳᠠᠷ ᠵᠶ᠋ᠠᠨ ᠬᠡᠰᠡᠭ ᠬᠡᠰᠡᠭ ᠵᠶ᠋ᠡᠷ ᠬᠠᠢ᠌ᠴᠢᠯᠠᠭ᠋ᠠᠳ᠂ ᠵᠢᠨ ᠯᠢᠩ ᠰᠢᠨ᠎ᠡ ᠨᠣᠮ ᠪᠢᠴᠢᠭ ᠠᠪᠴᠢᠷᠠᠭᠰᠠᠨ᠎ᠤ ᠳᠠᠷᠠᠭ᠎ᠠ ᠭᠠᠳᠠᠷᠯᠠᠬᠤ᠎ᠪᠠᠨ ᠬᠦᠯᠢᠶᠡᠨ ᠰᠠᠭᠣᠯ᠎ᠠ᠃ ᠨᠣᠮ ᠨᠡᠯᠢᠶᠡᠳ ᠤᠯᠠᠨ᠂ ᠳᠡᠪᠲᠡᠷ ᠪᠠᠰᠠ ᠣᠯᠠᠨ ᠲᠤᠯᠠ ᠡᠨᠡ᠎ᠨᠢ ᠯᠣᠳᠤ ᠶᠡᠬᠡ ᠢᠨᠵᠸᠨ᠋ᠸᠷᠢᠩ ᠪᠠᠢ᠌ᠵᠤ᠂ ᠬᠣᠢ ᠽᠢ ᠪᠦᠷ ᠶᠠᠳᠠᠷᠠᠭ᠋ᠠᠳ ᠨᠢᠳᠦ᠎ᠨᠢ ᠡᠷᠢᠶᠡᠯᠵᠡᠨ ᠲᠣᠯᠣᠭ᠋ᠠᠢ᠎ᠨᠢ ᠡᠷᠭᠢᠵᠦ ᠂ ᠳᠠᠯᠤ ᠮᠦᠷᠦ᠎ᠨᠢ ᠬᠦᠨᠳᠦᠷᠡᠭᠡᠳ ᠢᠷᠡᠳᠡᠭ᠃
ᠵᠢᠨ ᠯᠢᠩ ᠭᠡᠷ᠎ᠲᠤ᠎ᠪᠠᠨ ᠬᠠᠷᠢᠵᠤ ᠢᠷᠡᠮᠡᠭᠴᠡ᠂ ᠬᠣᠢ ᠽᠢ ᠲᠡᠭᠦᠨ᠎ᠢ ᠬᠠᠪᠰᠣᠷᠣᠨ᠂ ᠨᠦᠰᠡᠷ ᠬᠦᠨᠳᠦ ᠪᠣᠭᠴᠣ ᠵᠢ᠎ᠨᠢ ᠮᠦᠷᠦᠨᠠᠴᠠᠨᠢ ᠪᠠᠭᠣᠯᠭ᠋ᠠᠬᠣ ᠵᠢᠨ ᠳᠠᠭ᠋ᠠᠤ᠄《ᠪᠠᠷᠠᠯ᠎ᠠ ᠂ ᠡᠢ᠌ᠮᠦ ᠣᠯᠠᠨ ᠪᠢᠴᠢᠭ ᠲᠠᠷᠬᠠᠭ᠋ᠠᠨ᠎ᠠ ᠭᠡᠵᠦ ᠡ!》 ᠭᠡᠮᠡᠨ ᠶᠠᠷᠢᠯ᠎ᠠ᠃
ᠵᠢᠨ ᠯᠢᠩ ᠄《ᠡᠨᠡ᠎ᠨᠢ ᠠᠷᠪᠢᠨ ᠭᠡᠵᠦ ᠦᠦ? ᠪᠠᠰᠠ ᠬᠠᠭ᠋ᠠᠰ᠎ᠢ᠎ᠨᠢ ᠲᠠᠷᠬᠠᠭ᠋ᠠᠳᠣᠢ ᠰᠢᠦ ᠳ᠋ᠠ!》 ᠭᠡᠨ᠎ᠡ᠃
ᠬᠤᠢ ᠽᠢ ᠲᠣᠭ᠋ᠠᠯᠠᠵᠤ ᠡᠬᠢᠯᠡᠯ᠎ᠡ᠃ ᠡᠭᠦᠨ᠎ᠳᠤ ᠰᠤᠷᠬᠤ ᠪᠢᠴᠢᠭ 12 ᠳᠡᠪᠲᠡᠷ᠂ ᠯᠠᠪᠯᠠᠯᠲᠠ ᠵᠢᠨ ᠨᠣᠮ 3 ᠳᠡᠪᠲᠡᠷ᠂ ᠬᠢᠴᠢᠶᠡᠯ᠎ᠤᠨ ᠭᠠᠳᠠᠨᠠᠬᠢ ᠪᠣᠯᠪᠠᠰᠣᠷᠠᠯ᠎ᠤᠨ ᠳᠡᠪᠲᠡᠷ 3 ᠳᠡᠪᠲᠡᠷ᠂ ᠬᠠᠪᠰᠣᠷᠣᠮᠵᠢ ᠵᠢᠨ ᠪᠣᠯᠪᠠᠰᠣᠷᠠᠯ᠎ᠤᠨ ᠰᠡᠳᠦᠪ᠎ᠤᠨ ᠳᠠᠪᠲᠡᠷ 2 ᠳᠡᠪᠲᠡᠷ᠂ ᠴᠤᠭᠤᠷ᠎ᠤᠨ ᠨᠣᠲ 1 ᠳᠡᠪᠲᠡᠷ᠂ ᠤᠷᠠᠨ ᠵᠢᠷᠤᠭ᠎ᠤᠨ ᠴᠣᠮᠣᠭ 1 ᠳᠡᠪᠲᠡᠷ ᠂ ᠲᠣᠮᠣ ᠦᠰᠦᠭ᠎ᠤᠨ ᠪᠣᠯᠪᠠᠰᠣᠷᠠᠯ᠎ᠤᠨ ᠳᠡᠪᠲᠡᠷ 1 ᠳᠡᠪᠲᠡᠷ᠂ ᠪᠣᠯᠣᠳ ᠪᠢᠷ᠎ᠤᠨ ᠲᠢᠭ ᠪᠢᠴᠢᠭᠡᠰᠦ 1 ᠳᠡᠪᠲᠡᠷ᠂ ᠨᠡᠪᠲᠡ ᠬᠠᠷᠠᠭᠳᠠᠬᠤ ᠳᠠᠭᠣᠷᠢᠶᠠᠮᠠᠯ ᠪᠢᠴᠢᠯᠭᠡ ᠵᠢᠨ ᠴᠠᠭ᠋ᠠᠰᠤ ᠬᠡᠳᠦᠨ ᠬᠡᠰᠡᠭ᠂ ᠬᠡᠯᠡ ᠪᠢᠴᠢᠭ᠎ᠤᠨ ᠨᠣᠮ 5 ᠂ ᠲᠣᠭ᠋ᠠᠨ᠎ᠤ ᠨᠣᠮ 5 ᠂ᠠᠩᠭᠡᠯᠢ ᠬᠡᠯᠡᠨ᠎ᠤ ᠨᠣᠮ 2 ᠪᠠᠢ᠌ᠯ᠎ᠠ᠃ ᠬᠣᠢ ᠽᠢ ᠨᠢᠭᠡ ᠦᠳᠡ ᠵᠢᠨ ᠬᠣᠢ᠌ᠨ᠎ᠠ᠂ ᠨᠢᠭᠡ ᠣᠷᠣᠢ ᠮᠣᠩᠭ᠋ᠠᠨᠢᠭᠰᠠᠨ ᠴᠦ᠍ ᠪᠦᠬᠦᠢ᠌ᠯᠡ ᠳᠡᠪᠲᠡᠷ᠎ᠢ ᠭᠠᠳᠠᠷᠯᠠᠵᠤ ᠳᠠᠭᠣᠰᠣᠭᠠ ᠦᠬᠡᠢ᠃ ᠬᠡᠷᠪᠡ ᠮᠠᠷᠭ᠋ᠠᠰᠢ ᠪᠠᠰᠠ ᠡᠢ᠌ᠮᠦ ᠣᠯᠠᠨ ᠨᠣᠮ ᠳᠡᠪᠲᠡᠷ ᠲᠠᠷᠬᠠᠭ᠋ᠠᠪᠠᠯ᠂ ᠭᠡᠷ᠎ᠲᠤ᠎ᠬᠢ ᠭᠠᠯᠢᠨᠳᠠᠷᠤᠨ ᠴᠠᠭ᠋ᠠᠰᠤ ᠴᠦ᠍ ᠬᠦᠷᠬᠦ᠎ᠪᠠᠷ ᠦᠬᠡᠢ᠂ ᠪᠠᠰᠠ ᠯᠡ ᠪᠠᠢ᠌ᠭᠣᠯᠭ᠎ᠠ᠎ᠳᠤ᠎ᠪᠠᠨ ᠣᠴᠢᠵᠤ ᠬᠠᠮᠲᠤ ᠠᠵᠢᠯᠯᠠᠭᠰᠠᠳᠠᠴᠠᠪᠠᠨ ᠨᠢᠭᠡ ᠪᠦᠯᠦᠭ ᠴᠣᠭᠯᠠᠭᠣᠯᠵᠣ ᠠᠪᠴᠢᠷᠠᠬᠤ ᠯᠡ ᠬᠡᠷᠡᠭ ᠭᠡᠵᠦ ᠪᠣᠳᠣᠵᠣ ᠠᠮᠵᠢᠯ᠎ᠠ᠃
ᠵᠢᠨ ᠯᠢᠩ ᠡᠵᠢ ᠵᠢᠨ ᠵᠶ᠋ᠡᠨ ᠬᠠᠵᠠᠭᠤ᠎ᠳᠤ ᠰᠠᠭᠣᠭ᠋ᠠᠳ ᠨᠣᠮ ᠳᠡᠪᠲᠡᠷ ᠭᠠᠳᠠᠷᠯᠠᠬᠤ ᠵᠢ᠎ᠨᠢ ᠰᠣᠨᠢᠷᠬᠠᠨ ᠬᠠᠷᠠᠵᠤ ᠲᠡᠭᠦᠨ᠎ᠳᠤ ᠬᠠᠢ᠌ᠴᠢ ᠂ ᠨᠠᠭ᠋ᠠᠯᠲᠠ ᠵᠡᠷᠭᠡ ᠵᠢ᠎ᠨᠢ ᠭᠠᠷᠳᠠᠭᠣᠯᠣᠨᠠ ᠃ ᠬᠣᠢ ᠽᠢ ᠲᠡᠭᠦᠨ᠎ᠳᠤ᠄《ᠪᠢᠳᠡᠭᠡᠢ ᠵᠦᠭᠡᠷ ᠰᠠᠭᠤ ᠂ ᠡᠵᠢ᠎ᠳᠤ᠎ᠪᠠᠨ ᠬᠠᠮᠵᠢᠭ᠋ᠠᠳ ᠠᠯᠢ᠂ ᠬᠦᠯᠳᠡᠭᠡᠭᠦᠷ᠎ᠠᠴᠠ ᠵᠢᠭ᠋ᠠᠰᠤ ᠠᠪᠴᠣ ᠭᠠᠷᠭ᠋ᠠᠨ ᠭᠡᠰᠭᠡ》 ᠭᠡᠯᠡ᠃
ᠵᠢᠭ᠋ᠠᠰᠤ ᠵᠢ ᠳᠣᠷᠠᠳᠣᠭᠰᠠᠨ ᠦᠬᠡᠢ ᠪᠣᠯ ᠶᠠᠭ᠋ᠠᠬᠢᠬᠤ ᠪᠣᠢ᠃ ᠵᠢᠭ᠋ᠠᠰᠤ ᠵᠢ ᠳᠣᠷᠠᠳᠬᠣᠯᠠᠷ ᠂ ᠵᠢᠨ ᠯᠢᠩ᠎ᠤᠨ ᠠᠭᠤᠷ᠎ᠨᠢ ᠪᠣᠴᠠᠯᠴᠢᠬᠠᠯᠠ᠃ ᠲᠡᠷᠡ ᠡᠵᠢ ᠪᠠᠨ ᠵᠢᠮᠡᠯᠡᠨ᠄《ᠴᠢ ᠵᠢᠭ᠋ᠠᠰᠤᠨ᠎ᠤ ᠬᠡᠳᠡᠰᠦ ᠵᠢ ᠠᠷᠢᠯᠭ᠋ᠠᠬᠤᠠᠴᠠᠪᠠᠨ ᠡᠮᠦᠨ᠎ᠡ ᠶᠠᠭᠤᠨ᠎ᠳᠤ ᠲᠣᠮᠣ ᠵᠢᠭ᠋ᠠᠰᠤ ᠵᠢ ᠨᠢᠭᠡ ᠰᠡᠭᠦᠳᠡᠷᠯᠡᠵᠦ ᠠᠪᠣᠭᠰᠠᠨ ᠦᠬᠡᠢ ᠪᠣᠢ ?》ᠭᠡᠪᠡ᠃
ᠬᠣᠢ ᠽᠢ ᠄《ᠣᠣ》 ᠭᠡᠰᠡᠨ ᠵᠶ᠋ᠡᠨ 《ᠦᠨᠡᠬᠡᠷ ᠳ᠋ᠡ! ᠪᠢ ᠶᠠᠭ᠋ᠠᠬᠢᠭ᠋ᠠᠳ ᠡᠨᠡ ᠤᠴᠢᠷ ᠵᠢ
ᠮᠠᠷᠳᠠᠴᠢᠬᠠᠪᠠ? ᠬᠡᠷᠪᠡ ᠵᠢᠭ᠋ᠠᠰᠤ᠎ᠪᠠᠨ ᠰᠡᠭᠦᠳᠡᠷᠯᠡᠭᠡᠳ ᠳᠣᠷᠠᠰᠬᠠᠯ ᠦᠯᠡᠳᠡᠭᠡᠭᠰᠡᠨ ᠪᠣᠯ ᠶᠠᠭᠣᠳᠠᠢ ᠰᠠᠢ᠌ᠬᠠᠨ ᠪᠢᠯᠡ!》 ᠭᠡᠨ᠎ᠡ᠃
ᠵᠢᠨ ᠯᠢᠩ᠄《ᠬᠠᠮᠲᠤ ᠰᠣᠷᠣᠭᠴᠢᠳ᠎ᠤᠨ ᠳᠣᠳᠣᠷ᠎ᠠ ᠮᠢᠨᠦ ᠠᠪᠤ᠎ᠳᠤ ᠲᠡᠢ᠌ᠮᠦ ᠲᠣᠮᠣ ᠵᠢᠭ᠋ᠠᠰᠤ ᠪᠠᠢ᠌ᠬᠤ ᠵᠢ ᠢᠲᠡᠭᠡᠬᠦ ᠬᠦᠮᠦᠨ ᠦᠬᠡᠢ》 ᠭᠡᠵᠦ ᠭᠣᠮᠣᠷᠬᠠᠨᠠ᠃
ᠬᠤᠢ ᠽᠢ ᠦᠬᠢᠨ᠎ᠤ᠎ᠪᠠᠨ ᠦᠭᠡ ᠵᠢ᠎ᠨᠢ ᠵᠠᠯᠠᠷᠠᠭᠣᠯᠵᠣ᠄ 《 ᠠᠪᠤ ᠵᠢᠨ ᠴᠢᠨᠢ ᠵᠢᠭ᠋ᠠᠰᠣ ᠪᠢᠰᠢ ᠰᠢᠦ᠂ ᠬᠠᠷᠢᠨ ᠦᠷᠦᠭᠡᠯ᠎ᠤᠨ ᠠᠪᠤ᠎ᠳᠤ ᠴᠢᠨᠢ ᠬᠦᠷᠭᠡᠭᠰᠡᠨ ᠵᠢᠭ᠋ᠠᠰᠤ ᠶᠤᠮ》 ᠭᠡᠪᠡ᠃
ᠵᠢᠨ ᠯᠢᠩ ᠶᠡᠬᠡ ᠳᠠᠭᠣᠨ ᠵᠶ᠋ᠠᠷ᠄《ᠡᠨᠡ ᠶᠠᠮᠠᠷ ᠬᠠᠮᠢᠶᠠᠲᠠᠢ ᠪᠣᠢ? ᠠᠪᠤ᠎ᠳᠤ ᠬᠦᠷᠭᠡᠭᠰᠡᠨ ᠶᠤᠮ ᠴᠢᠨᠢ ᠳᠠᠷᠤᠢ ᠠᠪᠤ ᠵᠢᠨ ᠮᠢᠨᠢ ᠶᠠᠭᠤᠮ᠎ᠠ!》 ᠭᠡᠵᠦ ᠬᠡᠯᠡᠪᠡ᠃
ᠬᠤᠢ ᠽᠢ᠂ ᠵᠢᠨ ᠯᠢᠩ᠎ᠢ ᠭᠠᠢ᠌ᠬᠠᠰᠢᠷᠠᠨ ᠬᠠᠷᠠᠨ᠎ᠠ᠂ ᠲᠡᠷᠡ ᠦᠨᠦᠳᠦᠷ ᠴᠣᠬᠣᠮ ᠶᠠᠭ᠋ᠠᠬᠢᠭᠰᠠᠨᠢ ᠮᠡᠳᠡᠬᠦ ᠦᠬᠡᠢ᠂ ᠵᠢᠭ᠋ᠠᠰᠤᠨ᠎ᠤ ᠶᠠᠪᠣᠳᠠᠯ ᠳᠡᠭᠡᠷ᠎ᠡ ᠡᠢ᠌ᠮᠦᠷᠬᠦᠦ ᠡᠷᠡᠰ ᠲᠠᠰᠤ ᠬᠠᠨᠳᠤᠨ᠎ᠠ ᠭᠡᠳᠡᠭ ᠴᠢᠨᠢ᠃ ᠡᠨᠡ ᠬᠡᠦᠭᠡᠳ ᠦᠨᠡᠬᠡᠷ ᠲᠣᠮᠣ ᠪᠣᠯᠬᠣ ᠲᠣᠳᠣᠮ ᠪᠣᠳᠣᠯ᠎ᠨᠢ ᠠᠬᠠᠳᠠᠵᠤ ᠪᠠᠢ᠌ᠬᠣ ᠠᠵᠢ᠃
ᠰᠣᠷᠭ᠋ᠠᠭᠣᠯᠢ ᠡᠬᠢᠯᠡᠭᠰᠡᠨ᠎ᠤ ᠳᠠᠷᠠᠭ᠋ᠠᠬᠢ ᠠᠩᠬᠠᠳᠠᠬᠢ ᠵᠣᠬᠢᠶᠠᠨ ᠪᠢᠴᠢᠯᠭᠡ ᠵᠢᠨ ᠬᠢᠴᠢᠶᠡᠯ ᠳᠡᠭᠡᠷ᠎ᠡ᠂ ᠰᠢᠩ ᠪᠠᠭᠰᠢ ᠡᠢ᠌ᠮᠦ ᠨᠢᠭᠡᠨ ᠭᠠᠷᠴᠠᠭ᠄《ᠮᠢᠨᠦ※※》 ᠦᠭᠭᠦᠭᠰᠡᠨ ᠪᠠᠢ᠌ᠯ᠎ᠠ᠃ ᠰᠢᠩ ᠪᠠᠭᠰᠢ ᠠᠴᠠ᠄《ᠡᠨᠡ ᠪᠣᠯ〈ᠬᠠᠭ᠋ᠠᠰ ᠴᠢᠯᠦᠭᠡᠲᠦ ᠭᠠᠷᠴᠠᠭ〉᠎ᠲᠠᠢ ᠵᠣᠬᠢᠶᠠᠯ ᠪᠣᠯᠣᠨ᠎ᠠ᠂ ᠵᠣᠬᠢᠬᠤ ᠬᠦᠷᠢᠶ᠎ᠡ ᠬᠡᠪᠴᠢᠶᠡᠨ ᠳᠣᠲᠣᠷ᠎ᠠ ᠵᠣᠬᠢᠶᠠᠯ᠎ᠤᠨ ᠠᠭᠣᠯᠭ᠎ᠠ᠎ᠪᠠᠨ ᠴᠢᠯᠦᠭᠡᠲᠡᠢ ᠰᠣᠩᠭᠣᠵᠣ ᠪᠣᠯᠣᠨ᠎ᠠ》 ᠭᠡᠪᠡ᠃
ᠵᠢᠨ ᠯᠢᠩ ᠪᠡᠭᠲᠡᠷᠡᠭᠰᠡᠭᠡᠷ᠂ ᠳᠠᠷᠣᠢ᠌ᠬᠠᠨ ᠪᠢᠷ ᠠᠳᠬᠣᠨ᠄ ᠮᠢᠨᠦ ᠠᠪᠤ ᠭᠡᠰᠡᠨ ᠬᠣᠶᠠᠷ ᠦᠰᠦᠭ᠎ᠢ ᠪᠢᠴᠢᠯ᠎ᠡ᠃ ᠲᠡᠷᠡ ᠲᠣᠯᠣᠭ᠋ᠠᠢ ᠪᠦᠬᠦᠢ᠌ᠨ ᠬᠤᠷᠳᠤᠨ ᠭᠡᠭᠴᠢ ᠪᠢᠴᠢᠨ᠎ᠡ᠂ ᠱᠠᠩ ᠬᠠᠢ ᠲᠡᠭᠦᠨ᠎ᠤ ᠶᠠᠭᠤ ᠪᠢᠴᠢᠵᠦ ᠪᠠᠢ᠌ᠭ᠎ᠠ ᠵᠢ᠎ᠨᠢ ᠦᠵᠡᠬᠦ ᠭᠡᠭᠦᠯᠡᠷ᠂ ᠲᠡᠷᠡ ᠳᠠᠷᠣᠢ᠌ᠬᠠᠨ ᠭᠠᠷ ᠵᠶ᠋ᠠᠷ ᠵᠶ᠋ᠠᠨ ᠪᠦᠲᠡᠭᠡᠨ᠂ ᠤᠭᠲᠤ ᠨᠠᠢ᠌ᠷ ᠬᠠᠶᠠᠯ ᠦᠬᠡᠢ᠎ᠪᠠᠷ᠄《ᠶᠠᠪᠤ ᠶᠠᠪᠤ! ᠴᠢᠳᠠᠯ᠎ᠲᠠᠢ ᠪᠣᠯ ᠴᠢ ᠦᠪᠡᠷ ᠵᠶ᠋ᠡᠨ ᠪᠣᠳᠣ ᠳ᠋ᠠ᠂ ᠮᠢᠨᠦ ᠶᠠᠭᠤ ᠪᠢᠴᠢᠵᠦ ᠪᠠᠢ᠌ᠭ᠎ᠠ ᠵᠢ ᠨᠠᠳᠠ᠎ᠠᠴᠠ ᠪᠣᠦ ᠠᠰᠠᠭᠤ!》 ᠭᠡᠵᠦ ᠠᠭᠰᠣᠮᠨᠠᠪᠠ ᠃
ᠬᠢᠴᠢᠶᠡᠯ ᠪᠠᠭᠣᠬᠤ ᠬᠣᠩᠬᠣ ᠳᠤᠤᠭ᠋ᠠᠷᠬᠤ ᠦᠶ᠎ᠡ᠎ᠳᠤ ᠵᠢᠨ ᠯᠢᠩ ᠪᠠᠰᠠ ᠪᠢᠴᠢᠵᠦ ᠪᠠᠷᠠᠭ᠎ᠠ ᠦᠬᠡᠢ᠂ ᠪᠠᠭᠰᠢ᠎ᠨᠢ ᠪᠢᠴᠢᠵᠦ ᠪᠠᠷᠠᠭ᠎ᠠ ᠦᠬᠡᠢ ᠰᠣᠷᠣᠭᠴᠢ ᠵᠢᠨ ᠭᠡᠷ᠎ᠲᠤ᠎ᠪᠠᠨ ᠠᠪᠠᠴᠢᠵᠦ ᠵᠠᠯᠭ᠋ᠠᠭ᠋ᠠᠳ ᠪᠢᠴᠢᠬᠦ ᠵᠢ ᠵᠦᠪᠰᠢᠶᠡᠷᠡᠭᠰᠡᠨ ᠪᠠᠢ᠌ᠯ᠎ᠠ᠂ ᠡᠢ᠌ᠨ ᠬᠦ᠌ ᠬᠣᠢ ᠽᠢ ᠳᠤ ᠵᠢᠨ ᠯᠢᠩ᠎ᠤᠨ ᠪᠢᠴᠢᠭᠰᠡᠨ ᠡᠨᠡ ᠵᠣᠬᠢᠶᠠᠯ᠎ᠢ ᠣᠯᠵᠣ ᠦᠵᠡᠬᠦ ᠵᠠᠪᠰᠢᠶᠠᠨ ᠬᠠᠷᠭᠣᠪᠠ᠄