ᠭᠠᠵᠠᠷ᠎ᠤᠨ ᠨᠡᠷ᠎ᠡ ᠵᠢᠨ ᠨᠤᠳᠠᠯᠠᠯᠳᠠ᠄ ᠲᠡᠮᠡᠭᠡᠯᠢ
ᠯᠢ ᠬᠤᠸᠠ ᠵᠤᠬᠢᠶᠠᠪᠠ
ᠠᠯᠢ ᠨᠢᠭᠡᠨ ᠭᠠᠵᠠᠷ ᠤᠷᠤᠨ᠎ᠤ ᠠᠭᠤᠯᠠ ᠨᠢᠷᠤᠭᠤ᠂ ᠭᠤᠤᠯ ᠮᠦᠷᠡᠨ᠂ ᠨᠠᠭᠤᠷ ᠲᠠᠩᠭᠢᠰ᠂ ᠲᠠᠯ᠎ᠠ ᠬᠦᠨᠳᠡᠢ᠂ ᠬᠤᠳᠠ ᠭᠤᠳᠤᠮᠵᠢ᠂ ᠭᠠᠴᠠᠭ᠎ᠠ ᠲᠤᠰᠬᠤᠨ᠎ᠳᠤ ᠬᠦᠷᠳᠡᠯ᠎ᠡ ᠪᠦᠷ ᠲᠤᠰᠬᠠᠢ ᠤᠨᠤᠭ᠋ᠠᠭᠰᠠᠨ ᠨᠡᠷ᠎ᠡ ᠪᠠᠢ᠌ᠳᠠᠭ᠃ ᠲᠡᠷᠡ ᠤᠨᠤᠭ᠋ᠠᠭᠰᠠᠨ ᠭᠠᠵᠠᠷ᠎ᠤᠨ ᠨᠡᠷ᠎ᠡ᠎ᠨᠢ ᠲᠤᠬᠠᠢ ᠵᠢᠨ ᠭᠠᠵᠠᠷ ᠤᠷᠤᠨ᠎ᠤ᠎ᠪᠠᠨ ᠲᠡᠤᠭᠡ ᠰᠤᠶᠤᠯ ᠂ ᠳᠤᠮᠤᠭ ᠦᠯᠢᠭᠡᠷ᠂ ᠵᠠᠩ ᠲᠠᠳᠬᠠᠯ᠂ ᠨᠤᠳᠤᠭ᠎ᠤᠨ ᠬᠡᠯᠡᠯᠭᠡ᠂ ᠭᠠᠵᠠᠷ ᠵᠦᠢ ᠵᠢᠨ ᠪᠠᠢ᠌ᠷᠢᠰᠢᠯ ᠭᠡᠬᠦ ᠮᠡᠳᠤ ᠵᠢᠨ ᠶᠠᠮᠠᠷ ᠨᠢᠭᠡᠨ ᠲᠠᠯ᠎ᠠ ᠵᠢᠨ ᠢᠯᠡᠷᠭᠡᠢ ᠤᠨᠴᠠᠯᠢᠭ᠎ᠢ ᠬᠠᠳᠠᠭ᠋ᠠᠯᠠᠭᠰᠠᠨ ᠶᠤᠮ᠃ ᠡᠢ᠌ᠨ ᠬᠦ᠌ ᠭᠠᠵᠠᠷ᠎ᠤᠨ ᠨᠡᠷ᠎ᠡ ᠵᠢ ᠰᠤᠳᠤᠯᠵᠤ᠂ ᠲᠡᠭᠦᠨ᠎ᠳᠤ ᠠᠬᠤᠭᠤᠯᠤᠭᠳᠠᠵᠤ ᠪᠠᠢ᠌ᠭ᠎ᠠ ᠰᠤᠶᠤᠯ᠎ᠤᠨ ᠠᠭᠤᠯᠬᠤᠨ ᠪᠤᠶᠤ ᠭᠠᠵᠠᠷ᠎ᠤᠨ ᠨᠡᠷ᠎ᠡ ᠵᠢᠨ ᠮᠤᠩᠭᠤᠯ ᠬᠢᠳᠡᠳ ᠪᠢᠴᠢᠯᠭᠡ ᠵᠢ ᠵᠦᠪ ᠵᠶ᠋ᠠᠷ ᠪᠢᠴᠢᠬᠦ ᠵᠢ ᠡᠷᠢᠯᠬᠢᠯᠡᠬᠦ᠎ᠨᠢ ᠬᠤᠵᠢᠮ᠎ᠤᠨ ᠰᠤᠳᠤᠯᠭ᠋ᠠᠳᠠᠨ᠎ᠳᠤ ᠤᠯᠳᠠᠰᠢ ᠦᠭᠡᠢ ᠮᠠᠲᠸᠷᠢᠶᠠᠯ ᠪᠤᠯᠬᠤ᠎ᠪᠠᠷ ᠪᠠᠷᠠᠬᠤ ᠦᠭᠡᠢ᠂ ᠭᠠᠵᠠᠷ᠎ᠤᠨ ᠨᠡᠷ᠎ᠡ ᠵᠢᠨ ᠭᠤᠢ᠌ᠳᠠ ᠰᠠᠢ᠌ᠬᠠᠨ ᠤᠨᠴᠠᠯᠢᠭ᠎ᠢ ᠲᠡᠷᠡ ᠶᠠᠩᠵᠤ᠎ᠪᠠᠷ᠎ᠨᠢ ᠮᠠᠰᠢ ᠪᠠᠳᠤᠳᠠᠢ ᠦᠨᠢ ᠤᠳᠠᠭ᠋ᠠᠨ ᠤᠯᠠᠮᠵᠢᠯᠠᠬᠤ᠎ᠳᠤ ᠲᠤᠩ ᠴᠢᠬᠤᠯᠠ ᠠᠴᠢ ᠬᠤᠯᠪᠤᠭᠳᠠᠯ᠎ᠲᠠᠢ᠃
ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠤᠷᠳᠤᠰ ᠬᠤᠳᠠ ᠵᠢᠨ ᠬᠠᠩᠭᠢᠨ ᠬᠤᠰᠢᠭᠤᠨ᠎ᠳᠤ 《ᠲᠡᠮᠡᠭᠡᠯᠢ》 ᠭᠡᠬᠦ ᠭᠠᠵᠠᠷ᠎ᠤᠨ ᠨᠡᠷ᠎ᠡ ᠪᠠᠢ᠌ᠳᠠᠭ᠃ ᠶᠠᠭ᠋ᠠᠬᠢᠭ᠋ᠠᠳ ᠲᠡᠮᠡᠭᠡᠯᠢ ᠭᠡᠬᠦ ᠨᠡᠷ᠎ᠡ᠎ᠲᠠᠢ ᠪᠤᠯᠤᠭᠰᠠᠨ ᠲᠤᠬᠠᠢ ᠰᠢᠨᠵᠢᠯᠡᠵᠤ ᠦᠵᠡᠶ᠎ᠡ᠃
《ᠲᠡᠮᠡᠭᠡᠯᠢ》 ᠭᠡᠬᠦ ᠭᠠᠵᠠᠷ ᠪᠤᠯ ᠬᠠᠩᠭᠢᠨ ᠬᠤᠰᠢᠭᠤᠨ᠎ᠤ ᠰᠢᠨ᠎ᠡ ᠪᠠᠯᠭ᠋ᠠᠰᠤ᠎ᠳᠤ᠎ᠬᠢ ᠴᠠᠬᠠᠷᠡᠤᠰᠤ ᠲᠤᠰᠬᠤᠨ᠎ᠤ ᠬᠠᠷᠢᠶᠠᠨ᠎ᠳᠤ ᠪᠠᠢ᠌ᠭ᠎ᠠ ᠰᠠᠭᠤᠭ᠋ᠠᠯᠢ ᠠᠷᠠᠳ᠎ᠤᠨ ᠲᠤᠭᠤᠢ᠌ᠯᠠᠩ᠎ᠤᠨ ᠨᠡᠷ᠎ᠡ ᠪᠤᠯᠤᠨ᠎ᠡ᠃ ᠤᠤᠯ᠎ᠤᠨ ᠲᠦᠴᠢᠨ ᠭᠠᠵᠠᠷ᠎ᠤᠨ ᠰᠢᠯᠢ ᠰᠢᠶᠠᠩ᠎ᠤᠨ ᠪᠠᠷᠠᠭᠤᠨ ᠭᠡᠰᠡᠭ ᠵᠶ᠋ᠠᠷ ᠪᠠᠢ᠌ᠵᠤ᠂ ᠭᠠᠵᠠᠷ᠎ᠤᠨ ᠪᠠᠢ᠌ᠷᠢᠰᠢᠯ (ᠺᠤᠤᠷᠳᠢᠨᠠᠲ)᠎ᠨᠢ ᠵᠡᠭᠦᠨ ᠤᠷᠳᠤᠷᠢᠭ᠎ᠤᠨ108 ᠭ᠋ᠷᠠᠳᠦ᠋ᠰ 43 ᠮᠢᠨᠦ᠋ᠲ 4 ᠰᠸᠺᠦ᠋ᠨ᠋ᠳ᠋᠂ ᠤᠮᠠᠷᠠᠳᠤ ᠦᠷᠭᠡᠷᠢᠭ᠎ᠤᠨ 39 ᠭ᠋ᠷᠠᠳᠦ᠋ᠰ 36 ᠮᠢᠨᠦ᠋ᠲ 34 ᠰᠸᠺᠦ᠋ᠨ᠋ᠳ᠋ ᠪᠤᠯᠤᠨ᠎ᠡ᠃ 1958 ᠤᠨ᠎ᠳᠤ ᠲᠡᠮᠡᠭᠡᠯᠢ ᠶᠡᠬᠡ ᠪᠠᠷᠢᠭ᠋ᠠᠳᠠ ᠪᠤᠯᠵᠤ ᠪᠠᠢ᠌ᠭᠤᠯᠤᠭᠳᠠᠨ᠂ 1983 ᠤᠨ᠎ᠳᠤ ᠵᠠᠰᠠᠭ ᠵᠠᠬᠢᠷᠭ᠋ᠠᠨ᠎ᠤ ᠲᠤᠰᠬᠤᠨ ᠪᠤᠯᠵᠤ᠂ ᠲᠡᠮᠡᠭᠡᠯᠢ ᠨᠢᠭᠡᠳᠤᠭᠡᠷ ᠬᠤᠷᠰᠢᠶ᠎ᠠ᠎ᠠᠴᠠ ᠶᠢᠰᠦᠳᠤᠭᠡᠷ ᠬᠤᠷᠰᠢᠶ᠎ᠠ ᠬᠦᠷᠳᠡᠯ᠎ᠡ ᠶᠢᠰᠤᠨ ᠬᠤᠷᠰᠢᠶ᠎ᠠ ᠬᠤᠪᠢᠶᠠᠭᠳᠠᠨ ᠰᠠᠭᠤᠷᠢᠰᠢᠵᠤ᠂ ᠲᠦᠴᠢᠨ ᠭᠠᠵᠠᠷ᠎ᠤᠨ ᠰᠢᠯᠢ ᠰᠢᠶᠠᠩ᠎ᠤᠨ ᠬᠠᠷᠢᠶᠠᠨ᠎ᠳᠤ ᠬᠠᠷᠢᠶᠠᠯᠠᠭᠳᠠᠵᠤ ᠪᠠᠢ᠌ᠵᠠᠢ᠃ 2006 ᠤᠨ᠎ᠠᠴᠠ ᠨᠠᠭ᠋ᠠᠰᠢ ᠤᠳᠤ ᠬᠦᠷᠳᠡᠯ᠎ᠡ ᠴᠠᠬᠠᠷᠡᠤᠰᠤ ᠲᠤᠰᠬᠤᠨ᠎ᠤ ᠬᠠᠷᠢᠶᠠᠨ᠎ᠳᠤ ᠬᠠᠷᠢᠶᠠᠯᠠᠭᠳᠠᠵᠤ᠂ ᠴᠠᠬᠠᠷᠡᠤᠰᠤ ᠲᠤᠰᠬᠤᠨ᠎ᠤ ᠠᠷᠠᠳ᠎ᠤᠨ ᠵᠦᠪᠯᠡᠯ᠎ᠳᠤ ᠬᠠᠮᠢᠶᠠᠷᠤᠭᠳᠠᠵᠤ ᠪᠤᠢ᠃
《ᠲᠡᠮᠡᠭᠡᠯᠢ》 ᠪᠤᠯ ᠮᠤᠩᠭᠤᠯ ᠭᠠᠵᠠᠷ᠎ᠤᠨ ᠨᠡᠷ᠎ᠡ ᠮᠦᠨ᠃ 《ᠲᠡᠮᠡᠭᠡᠯᠢ》 ᠵᠢᠨ ᠦᠭᠡ ᠵᠢᠨ ᠢᠵᠠᠭᠤᠷ᠎ᠨᠢ 《ᠲᠡᠮᠡᠭᠡ》᠂ ᠲᠠᠷᠤᠢ ᠲᠡᠮᠡᠭᠡ ᠵᠢ ᠵᠢᠭ᠋ᠠᠭᠰᠠᠨ ᠨᠡᠷ᠎ᠡ ᠦᠭᠡ᠂ ᠳᠤᠤᠷ᠎ᠠ᠎ᠨᠢ 《ᠯᠢ》 ᠲᠠᠭ᠋ᠠᠪᠤᠷᠢ ᠵᠠᠯᠭ᠋ᠠᠵᠤ᠂ 《ᠲᠡᠮᠡᠭᠡᠯᠢ》 ᠪᠤᠯᠭ᠋ᠠᠵᠠᠢ᠃ ᠲᠤᠰ ᠭᠠᠵᠠᠷ᠎ᠤᠨ ᠨᠡᠷ᠎ᠡ ᠵᠢᠨ ᠮᠤᠩᠭᠤᠯ ᠪᠢᠴᠢᠯᠭᠡ᠎ᠨᠢ 《ᠲᠡᠮᠡᠭᠡᠯᠢ》᠂ 《ᠲᠡᠮᠡᠭᠡᠯᠠᠢ》 ᠭᠡᠬᠦ ᠬᠤᠶᠠᠷ ᠵᠦᠢ᠍ᠯ ᠪᠠᠢ᠌ᠵᠤ᠂ ᠬᠢᠳᠡᠳ ᠪᠢᠴᠢᠯᠭᠡ᠎ᠨᠢ ᠴᠤ᠌ 《特莫里》᠂ 《特莫利》 ᠭᠡᠬᠦ ᠬᠤᠶᠠᠷ ᠵᠦᠢ᠍ᠯ ᠵᠶ᠋ᠠᠷ ᠪᠢᠴᠢᠵᠤ ᠪᠤᠢ᠃ ᠨᠢᠭᠡ ᠯᠡ ᠭᠠᠵᠠᠷ᠎ᠤᠨ ᠨᠡᠷ᠎ᠡ᠎ᠨᠢ ᠬᠤᠶᠠᠷ ᠵᠦᠢ᠍ᠯ᠎ᠤᠨ ᠪᠢᠴᠢᠯᠭᠡ ᠪᠤᠶᠤ ᠬᠤᠶᠠᠷ᠎ᠠᠴᠠ ᠲᠡᠭᠡᠭᠰᠢ ᠪᠢᠴᠢᠯᠭᠡ᠎ᠲᠠᠢ ᠪᠠᠢ᠌ᠵᠤ ᠪᠤᠯᠬᠤ ᠦᠭᠡᠢ᠃ ᠲᠡᠷᠡ᠎ᠨᠢ ᠲᠤᠬᠠᠢ ᠵᠢᠨ ᠦᠭᠡ ᠵᠢᠨ ᠠᠪᠢᠶᠠᠨ᠎ᠤ ᠬᠤᠪᠢᠷᠠᠯ᠎ᠠᠴᠠ ᠪᠤᠯᠵᠤ᠂ ᠤᠯᠠᠨ ᠪᠢᠴᠢᠯᠭᠡ᠎ᠲᠠᠢ ᠪᠤᠯᠵᠠᠢ᠃ ᠡᠨᠡ᠎ᠨᠢ 《ᠮᠤᠩᠭᠤᠯ ᠭᠠᠵᠠᠷ᠎ᠤᠨ ᠨᠡᠷ᠎ᠡ ᠵᠢ ᠠᠪᠢᠶᠠᠴᠢᠯᠠᠬᠤ ᠲᠦᠷᠢᠮ》᠎ᠲᠠᠢ ᠨᠡᠢ᠌ᠴᠡᠬᠦ ᠦᠭᠡᠢ ᠶᠤᠮ᠃ ᠡᠢ᠌ᠮᠤ᠎ᠠᠴᠠ ᠡᠭᠦᠨ᠎ᠤ ᠲᠤᠬᠠᠢ ᠨᠤᠳᠠᠯᠠᠯᠳᠠ ᠬᠢᠬᠦ ᠬᠡᠷᠡᠭᠳᠡᠢ᠃ ᠦᠨᠳᠤᠰᠤᠯᠠᠯ᠎ᠨᠢ ᠲᠤᠤᠷᠠᠬᠢ ᠮᠡᠳᠤ ᠬᠡᠳᠤᠨ ᠲᠠᠯ᠎ᠠ᠎ᠪᠠᠷ ᠢᠯᠠᠷᠡᠵᠡᠢ᠃
《ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠭᠠᠵᠠᠷ᠎ᠤᠨ ᠵᠢᠷᠤᠭ᠎ᠤᠨ ᠡᠮᠬᠢᠳᠭᠡᠯ》 [1]᠎ᠳᠤ ᠲᠤᠰ ᠭᠠᠵᠠᠷ᠎ᠤᠨ ᠨᠡᠷ᠎ᠡ ᠵᠢ 《ᠲᠡᠮᠡᠭᠡᠯᠢ》 ᠭᠡᠵᠤ ᠲᠡᠮᠳᠡᠭᠯᠡᠵᠤ ᠪᠤᠢ᠃
《ᠮᠠᠢ᠌ᠳᠠᠷᠢ ᠵᠤᠤ ᠪᠠᠯᠭ᠋ᠠᠰᠤ ᠭᠠᠵᠠᠷ᠎ᠤᠨ ᠵᠢᠷᠤᠭ》 (ᠡᠯᠸᠺᠲᠷᠤᠨ᠎ᠪᠠᠷ) [2]᠎ᠲᠤ 《特莫里村》 ᠭᠡᠵᠤ ᠲᠡᠮᠳᠡᠭᠯᠡᠵᠤ ᠪᠠᠢ᠌ᠨ᠎ᠠ᠃
《ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠭᠠᠵᠠᠷ᠎ᠤᠨ ᠨᠡᠷ᠎ᠡ ᠵᠢᠨ ᠤᠢ᠌ᠯᠠᠯᠭ᠎ᠠ · ᠶᠡᠬᠡ ᠵᠤᠤ ᠠᠢ᠌ᠮᠠᠭ᠎ᠤᠨ ᠬᠤᠪᠢᠶᠠᠷᠢ ᠪᠤᠳᠢ》 [3]᠎ᠳᠤ᠄ 《特莫利᠂ ᠮᠤᠩᠭᠤᠯ ᠨᠡᠷ᠎ᠡ᠂ 〈特莫〉 ᠤᠳᠬ᠎ᠠ᠎ᠨᠢ ᠲᠡᠮᠡᠭᠡ᠂ ᠲᠤᠰ ᠨᠤᠳᠤᠭ᠎ᠤᠨ ᠤᠢ᠌ᠷ᠎ᠠ ᠬᠤᠪᠢ᠎ᠪᠠᠷ ᠨᠢᠭᠡᠨ ᠲᠡᠮᠡᠭᠡ ᠵᠢᠨ ᠬᠡᠯᠪᠡᠷᠢ᠎ᠲᠠᠢ ᠠᠭᠤᠯᠠᠨ ᠰᠢᠯᠢ ᠪᠠᠢ᠌ᠬᠤ᠎ᠠᠴᠠ ᠲᠡᠭᠡᠵᠤ ᠨᠡᠷᠡᠯᠡᠵᠡᠢ》 ᠭᠡᠵᠤ ᠪᠢᠴᠢᠵᠤ ᠪᠤᠢ᠃ ᠡᠭᠦᠨ᠎ᠠᠴᠠ ᠲᠤᠬᠠᠢ ᠵᠢᠨ ᠭᠠᠵᠠᠷ᠎ᠲᠤ ᠨᠢᠭᠡᠨ ᠲᠡᠮᠡᠭᠡ ᠬᠡᠯᠪᠡᠷᠢ᠎ᠲᠠᠢ ᠠᠭᠤᠯᠠᠨ ᠰᠢᠯᠢ ᠪᠠᠢ᠌ᠬᠤ᠎ᠠᠴᠠ ᠭᠠᠵᠠᠷ᠎ᠤᠨ ᠬᠡᠯᠪᠡᠷᠢ ᠪᠠᠢ᠌ᠴᠡ ᠵᠢ ᠦᠨᠳᠤᠰᠤᠯᠠᠨ ᠨᠡᠷᠡᠯᠡᠭᠰᠡᠨ ᠨᠡᠷ᠎ᠡ ᠭᠡᠳᠡᠭ᠎ᠢ ᠮᠡᠳᠡᠵᠤ ᠪᠤᠯᠤᠨ᠎ᠡ᠃
《ᠶᠡᠬᠡ ᠵᠤᠤ ᠠᠢ᠌ᠮᠠᠭ᠎ᠤᠨ ᠭᠠᠵᠠᠷ᠎ᠤᠨ ᠨᠡᠷ᠎ᠡ ᠵᠢᠨ ᠲᠡᠭᠦᠪᠤᠷᠢ》 [4]᠎ᠳᠤ ᠲᠤᠰ ᠭᠠᠵᠠᠷ᠎ᠤᠨ ᠨᠡᠷ᠎ᠡ ᠵᠢ ᠮᠤᠩᠭᠤᠯ ᠵᠶ᠋ᠠᠷ 《ᠲᠡᠮᠡᠭᠡᠯᠢ ᠭᠠᠴᠠᠭ᠎ᠠ》 ᠭᠡᠵᠤ᠂ ᠬᠢᠳᠡᠳ ᠵᠶ᠋ᠠᠷ 《特莫里村》 ᠭᠡᠵᠤ ᠲᠡᠮᠳᠡᠭᠯᠡᠵᠡᠢ᠃
《ᠬᠢᠳᠡᠳ ᠮᠤᠩᠭᠤᠯ ᠬᠠᠪᠰᠤᠷᠭ᠋ᠠᠭᠰᠠᠨ ᠦᠪᠤᠷ ᠮᠤᠩᠭᠤᠯ᠎ᠤᠨ ᠭᠠᠵᠠᠷ᠎ᠤᠨ ᠨᠡᠷ᠎ᠡ ᠵᠢᠨ ᠲᠤᠯᠢ》 [5]᠎ᠳᠤ ᠲᠤᠰ ᠭᠠᠵᠠᠷ᠎ᠤᠨ ᠨᠡᠷ᠎ᠡ ᠵᠢ ᠮᠤᠩᠭᠤᠯ ᠵᠶ᠋ᠠᠷ 《ᠲᠡᠮᠡᠭᠡᠯᠢ》 ᠭᠡᠵᠤ᠂ ᠬᠢᠳᠡᠳ ᠵᠶ᠋ᠠᠷ 《特莫里》 ᠭᠡᠵᠤ ᠲᠡᠮᠳᠡᠭᠯᠡᠵᠤ ᠪᠤᠢ᠃
《ᠮᠤᠩᠭᠤᠯ ᠭᠠᠵᠠᠷ᠎ᠤᠨ ᠨᠡᠷ᠎ᠡ ᠵᠢᠨ ᠬᠢᠳᠡᠳ ᠠᠪᠢᠶᠠᠯᠠᠭ᠎ᠠ》 [6]᠎ᠳᠤ ᠲᠤᠰ ᠭᠠᠵᠠᠷ᠎ᠤᠨ ᠨᠡᠷ᠎ᠡ ᠵᠢ ᠮᠤᠩᠭᠤᠯ ᠵᠶ᠋ᠠᠷ 《ᠲᠡᠮᠡᠭᠡᠯᠢ (ᠲᠡᠮᠡᠭᠡ)》 ᠭᠡᠵᠤ᠂ ᠬᠢᠳᠡᠳ ᠵᠶ᠋ᠠᠷ 《特莫里 (蒙)》 ᠭᠡᠵᠤ ᠪᠢᠴᠢᠨ᠂ ᠲᠠᠢ᠌ᠯᠪᠤᠷᠢ᠎ᠨᠢ 《ᠲᠡᠮᠡᠭᠡ》᠂ ᠬᠢᠳᠡᠳ ᠠᠪᠢᠶᠠᠨ᠎ᠤ ᠭᠠᠯᠢᠭ ᠵᠶ᠋ᠠᠷ 《Temeeli》 ᠭᠡᠵᠤ ᠲᠡᠮᠳᠡᠭᠯᠡᠵᠡᠢ᠃
《ᠬᠠᠩᠭᠢᠨ ᠬᠤᠰᠢᠭᠤᠨ᠎ᠤ ᠨᠤᠳᠤᠭ ᠤᠰᠤᠨ᠎ᠤ ᠭᠠᠵᠠᠷ᠎ᠤᠨ ᠨᠡᠷ᠎ᠡ ᠵᠢᠨ ᠢᠷᠡᠯᠳᠡ ᠪᠠ ᠳᠤᠮᠤᠭ》 [7] ᠭᠡᠬᠦ ᠨᠤᠮ᠎ᠳᠤ 《ᠲᠡᠮᠡᠭᠡᠯᠠᠢ ᠲᠤᠰᠬᠤᠨ》 ᠭᠡᠵᠤ᠂ ᠲᠡᠭᠦᠨ᠎ᠤ ᠨᠡᠷ᠎ᠡ ᠵᠢᠨ ᠢᠷᠡᠯᠳᠡ ᠵᠢᠨ ᠲᠤᠬᠠᠢ ᠬᠤᠶᠠᠷ ᠵᠦᠢ᠍ᠯ᠎ᠤᠨ ᠬᠡᠯᠡᠯᠭᠡ ᠵᠢ ᠲᠡᠮᠳᠡᠭᠯᠡᠵᠡᠢ᠃ ᠨᠢᠭᠡ ᠵᠦᠢ᠍ᠯ᠎ᠤᠨ ᠬᠡᠯᠡᠯᠭᠡ᠎ᠨᠢ ᠲᠤᠰ ᠲᠤᠰᠬᠤᠨ᠎ᠳᠤ ᠨᠢᠭᠡᠨ ᠦᠨᠳᠤᠷ ᠰᠢᠭ ᠭᠦᠳᠦᠯᠤᠨ ᠬᠡᠯᠪᠡᠷᠢ ᠶᠠᠩᠵᠤ᠂ ᠲᠦᠷᠰᠤ ᠪᠠᠢ᠌ᠳᠠᠯ᠎ᠨᠢ ᠡᠭᠡᠭᠡ ᠯᠡ ᠲᠡᠮᠡᠭᠡ ᠰᠢᠭ ᠪᠠᠢ᠌ᠳᠠᠭ ᠪᠤᠯᠬᠤᠷ ᠲᠡᠮᠡᠭᠡᠯᠠᠢ ᠭᠡᠵᠤ ᠨᠡᠷ᠎ᠡ ᠦᠭᠭᠦᠭᠰᠡᠨ ᠭᠡᠳᠡᠭ᠃ ᠪᠠᠰᠠ ᠨᠢᠭᠡ ᠵᠦᠢ᠍ᠯ᠎ᠤᠨ ᠬᠡᠯᠡᠯᠭᠡ᠎ᠨᠢ ᠪᠤᠯ ᠤᠵᠠᠭᠤᠷ᠎ᠲᠤ ᠡᠨᠡ ᠰᠢᠯᠢ ᠭᠡᠭᠴᠢ ᠲᠡᠮᠡᠭᠡᠨ ᠰᠦᠷᠦᠭ ᠲᠦᠭᠦᠷᠡᠩ ᠪᠡᠯᠴᠢᠳᠡᠭ ᠭᠡᠨ᠎ᠡ᠃ ᠢᠩᠭᠢᠭᠡᠳ ᠲᠡᠮᠡᠭᠡᠨ ᠪᠡᠯᠴᠢᠭᠡᠷ᠎ᠤᠨ ᠰᠢᠯᠢ ᠵᠢ ᠲᠡᠮᠡᠭᠡᠯᠠᠢ ᠭᠡᠵᠤ ᠨᠡᠷᠡᠯᠡᠨ ᠲᠠᠭᠤᠳᠠᠭᠰᠠᠨ ᠭᠡᠳᠡᠭ᠃
ᠲᠡᠭᠡᠷᠡᠬᠢ ᠬᠡᠳᠤᠨ ᠭᠠᠵᠠᠷ᠎ᠤᠨ ᠵᠢᠷᠤᠭ᠂ ᠨᠤᠳᠤᠭ᠎ᠤᠨ ᠤᠢ᠌ᠯᠠᠯᠭ᠎ᠠ ᠪᠤᠯᠤᠨ ᠨᠤᠳᠤᠭ᠎ᠤᠨ ᠭᠠᠵᠠᠷ ᠤᠰᠤᠨ᠎ᠤ ᠨᠡᠷ᠎ᠡ ᠵᠢᠨ ᠢᠷᠡᠯᠳᠡ ᠵᠢᠨ ᠳᠤᠮᠤᠭᠲᠤ ᠲᠡᠮᠳᠡᠭᠯᠡᠭᠰᠡᠨᠢ ᠦᠨᠳᠤᠰᠤᠯᠠᠪᠠᠯ᠂ ᠲᠤᠰ ᠭᠠᠵᠠᠷ᠎ᠤᠨ ᠨᠡᠷ᠎ᠡ ᠵᠢᠨ ᠮᠤᠩᠭᠤᠯ ᠬᠢᠳᠡᠳ ᠪᠢᠴᠢᠯᠭᠡ᠎ᠨᠢ ᠪᠦᠷ ᠬᠤᠶᠠᠷ ᠵᠦᠢ᠍ᠯ ᠪᠠᠢ᠌ᠵᠤ᠂ ᠨᠡᠷ᠎ᠡ ᠵᠢᠨ ᠢᠷᠡᠯᠳᠡ᠎ᠨᠢ ᠴᠤ᠌ ᠬᠤᠶᠠᠷ ᠵᠦᠢ᠍ᠯ᠎ᠤᠨ ᠬᠡᠯᠡᠯᠭᠡ᠎ᠲᠠᠢ ᠪᠠᠢ᠌ᠳᠠᠭ᠃ ᠶᠠᠭᠤ ᠪᠤᠯᠤᠭᠰᠠᠨ ᠴᠤ᠌ ᠲᠤᠰ ᠭᠠᠵᠠᠷ᠎ᠤᠨ ᠨᠡᠷ᠎ᠡ᠎ᠨᠢ ᠲᠡᠮᠡᠭᠡ᠎ᠲᠠᠢ ᠰᠢᠭᠤᠳ ᠬᠤᠯᠪᠤᠭ᠎ᠠ᠎ᠲᠠᠢ ᠪᠠᠢ᠌ᠵᠤ᠂ ᠮᠤᠩᠭᠤᠯ ᠭᠠᠵᠠᠷ᠎ᠤᠨ ᠨᠡᠷ᠎ᠡ ᠪᠤᠯᠬᠤ᠎ᠨᠢ ᠭᠠᠷᠴᠠᠭ᠎ᠠ ᠦᠭᠡᠢ᠂ ᠭᠡᠪᠡᠴᠤ 《ᠲᠡᠮᠡᠭᠡᠯᠢ》 ᠪᠠ 《ᠲᠡᠮᠡᠭᠡᠯᠡᠢ》 ᠭᠡᠵᠤ ᠬᠤᠶᠠᠷ ᠶᠠᠩᠵᠤ᠎ᠪᠠᠷ ᠪᠢᠴᠢᠳᠡᠭ᠎ᠤᠨ ᠴᠤᠬᠤᠮ ᠠᠯᠢ᠎ᠨᠢ ᠵᠦᠪ ᠪᠤᠢ ᠭᠡᠬᠦ ᠠᠰᠠᠭᠤᠯᠳᠠ ᠲᠤᠷᠠᠳᠤᠭᠳᠠᠨᠠ᠃
ᠮᠤᠩᠭᠤᠯ ᠬᠡᠯᠡ ᠪᠤᠯ ᠵᠠᠯᠭ᠋ᠠᠮᠠᠯ ᠬᠡᠯᠡ ᠮᠦᠨ᠃ ᠦᠭᠡ ᠵᠢᠨ ᠢᠵᠠᠭᠤᠷ ᠦᠨᠳᠤᠰᠤᠨ᠎ᠳᠤ ᠲᠠᠭ᠋ᠠᠪᠤᠷᠢ ᠵᠠᠯᠭ᠋ᠠᠬᠤ ᠠᠷᠭ᠎ᠠ᠎ᠪᠠᠷ ᠡᠭᠦᠰᠦᠮᠡᠯ ᠦᠭᠡ ᠪᠦᠳᠦᠭᠡᠳᠡᠭ᠃ ᠦᠭᠡ ᠵᠢᠨ ᠦᠨᠳᠤᠰᠤᠨ᠎ᠳᠤ ᠲᠠᠭ᠋ᠠᠪᠤᠷᠢ ᠵᠠᠯᠭ᠋ᠠᠵᠤ ᠦᠭᠡ ᠪᠦᠳᠦᠭᠡᠬᠦ᠎ᠨᠢ ᠦᠭᠡᠰ᠎ᠤᠨ ᠰᠠᠩ᠎ᠢ ᠪᠠᠶᠠᠯᠢᠭᠵᠢᠭᠤᠯᠳᠠᠭ᠃ ᠲᠤᠰ ᠭᠠᠵᠠᠷ᠎ᠤᠨ ᠨᠡᠷ᠎ᠡ ᠵᠢ 《ᠲᠡᠮᠡᠭᠡᠯᠢ》 ᠭᠡᠵᠤ ᠪᠢᠴᠢᠪᠡᠯ᠂ ᠢᠵᠠᠭᠤᠷ᠎ᠨᠢ 《ᠲᠡᠮᠡᠭᠡ》᠂ ᠨᠡᠷ᠎ᠡ ᠦᠭᠡ᠂ ᠲᠤᠤᠷ᠎ᠠ᠎ᠨᠢ ᠰᠢᠭᠤᠳ 《ᠯᠢ》 ᠲᠠᠭ᠋ᠠᠪᠤᠷᠢ ᠵᠠᠯᠭ᠋ᠠᠵᠤ᠂ 《ᠲᠡᠮᠡᠭᠡᠯᠢ》 ᠪᠤᠯᠵᠠᠢ᠃ ᠮᠤᠩᠭᠤᠯ ᠬᠡᠯᠡᠨ᠎ᠤ ᠵᠦᠢ ᠵᠢᠨ ᠦᠭᠡ ᠪᠦᠳᠦᠭᠡᠬᠦ ᠶᠤᠰᠤᠨ᠎ᠳᠤ᠂ ᠨᠡᠷ᠎ᠡ ᠦᠭᠡ ᠵᠢᠨ ᠳᠤᠤᠷ᠎ᠠ 《ᠯᠢ》 ᠲᠠᠭ᠋ᠠᠪᠤᠷᠢ ᠵᠢ ᠰᠢᠭᠤᠳ ᠵᠠᠯᠭ᠋ᠠᠵᠤ᠂ ᠲᠦᠷᠦᠯ ᠰᠠᠳᠤᠨ᠎ᠤ ᠬᠠᠷᠢᠴᠠᠭ᠋ᠠᠨ᠎ᠤ ᠤᠳᠬ᠎ᠠ ᠪᠦᠬᠦᠢ ᠨᠡᠷ᠎ᠡ ᠦᠭᠡ ᠡᠭᠦᠰᠭᠡᠨ᠎ᠡ᠃ ᠵᠢᠱ᠌ᠢᠶᠡᠯᠡᠪᠡᠯ᠂ ᠦᠶᠡᠯᠢ᠂ ᠬᠠᠶᠠᠯᠢ ᠭᠡᠬᠦ ᠮᠡᠳᠤ᠃ ᠬᠠᠷᠢᠨ ᠲᠤᠰ ᠦᠭᠡᠨ᠎ᠳᠤ᠂ 《ᠲᠡᠮᠡᠭᠡ》 ᠭᠡᠬᠦ ᠨᠡᠷ᠎ᠡ ᠦᠭᠡ ᠵᠢᠨ ᠳᠤᠤᠷ᠎ᠠ 《ᠯᠢ》 ᠲᠠᠭ᠋ᠠᠪᠤᠷᠢ ᠵᠠᠯᠭ᠋ᠠᠵᠤ᠂ 《ᠲᠡᠮᠡᠭᠡᠯᠢ》 ᠭᠡᠬᠦ ᠨᠡᠷ᠎ᠡ ᠦᠭᠡ ᠡᠭᠦᠰᠭᠡᠵᠡᠢ ᠭᠡᠵᠤ ᠦᠵᠡᠬᠦ᠎ᠨᠢ ᠵᠤᠬᠢᠰ ᠦᠭᠡᠢ ᠰᠢᠭ᠃ ᠬᠠᠷᠢᠨ ᠨᠡᠷ᠎ᠡ ᠦᠭᠡ᠎ᠠᠴᠠ ᠦᠢ᠍ᠯᠡ ᠦᠭᠡ ᠡᠭᠦᠰᠴᠤ ᠪᠠᠢ᠌ᠨ᠎ᠠ᠃ ᠡᠢ᠌ᠨ ᠬᠦ᠌ 《ᠲᠡᠮᠡᠭᠡᠯᠢ》 ᠭᠡᠵᠤ ᠪᠢᠴᠢᠬᠦ᠎ᠨᠢ ᠵᠤᠬᠢᠰ ᠦᠭᠡᠢ ᠪᠠᠢ᠌ᠬ᠎ᠠ᠃ 《ᠲᠡᠮᠡᠭᠡᠯᠠᠢ》 ᠭᠡᠵᠤ ᠪᠢᠴᠢᠪᠡᠯ᠂ ᠲᠡᠭᠦᠨ᠎ᠤ ᠢᠵᠠᠭᠤᠷ᠎ᠨᠢ 《ᠲᠡᠮᠡᠭᠡ》᠂ ᠳᠤᠤᠷ᠎ᠠ᠎ᠨᠢ ᠤᠷᠢᠳᠠᠪᠠᠷ 《ᠯᠠ》 ᠲᠠᠭ᠋ᠠᠪᠤᠷᠢ ᠵᠠᠯᠭ᠋ᠠᠵᠤ᠂ 《ᠲᠡᠮᠡᠭᠡᠯᠡ》 ᠭᠡᠬᠦ ᠦᠢ᠍ᠯᠡ ᠦᠭᠡ ᠪᠤᠯᠭ᠋ᠠᠨ᠎ᠠ᠃ ᠭᠠᠷᠤᠳᠢ ᠵᠢᠨ ᠡᠷᠬᠢᠯᠡᠨ ᠨᠠᠢ᠌ᠷᠠᠭᠤᠯᠤᠭᠰᠠᠨ᠄ 《ᠤᠷᠴᠢᠨ ᠴᠠᠭ᠎ᠤᠨ ᠮᠤᠩᠭᠤᠯ ᠬᠡᠯᠡ》 [8] ᠂ ᠱ᠊ · ᠯᠤᠪᠰᠠᠩᠸᠠᠩᠳᠠᠨᠤ ᠪᠢᠴᠢᠭᠰᠡᠨ 《ᠤᠷᠴᠢᠨ ᠴᠠᠭ᠎ᠤᠨ ᠮᠤᠩᠭᠤᠯ ᠬᠡᠯᠡ》 [9]᠎ᠳᠤ᠄ 《ᠨᠡᠷ᠎ᠡ ᠦᠭᠡ ᠦᠨᠳᠤᠰᠤᠨ᠎ᠠᠴᠠ ᠦᠢ᠍ᠯᠡ ᠦᠭᠡ ᠡᠭᠦᠰᠭᠡᠭᠦ ᠲᠠᠭ᠋ᠠᠪᠤᠷᠢᠨᠤᠭᠤᠳ》 ᠭᠡᠬᠦ ᠭᠡᠰᠡᠭ᠎ᠲᠤ 《— ᠯᠠ ~ ᠨᠠ (—l~ — n)᠄ ᠨᠡᠷ᠎ᠡ ᠦᠭᠡ ᠦᠨᠳᠤᠰᠤᠨ᠎ᠳᠤ ᠵᠠᠯᠭ᠋ᠠᠵᠤ ᠲᠤᠬᠠᠢ ᠵᠢᠨ ᠬᠡᠷᠡᠭ ᠶᠠᠭᠤᠮ᠎ᠠ ᠵᠢ ᠦᠢ᠍ᠯᠡᠳᠬᠦ᠂ ᠬᠡᠷᠡᠭ ᠶᠠᠭᠤᠮ᠎ᠠ ᠪᠤᠢ ᠪᠤᠯᠬᠤ ᠦᠢ᠍ᠯᠡ ᠬᠦᠳᠡᠯᠭᠡᠭᠡᠨ᠎ᠢ ᠵᠢᠭ᠋ᠠᠭᠰᠠᠨ ᠦᠢ᠍ᠯᠡ ᠦᠭᠡ ᠡᠭᠦᠰᠭᠡᠨ᠎ᠡ》 ᠭᠡᠬᠦ ᠬᠡᠯᠡᠨ ᠵᠦᠢ ᠵᠢᠨ ᠶᠤᠰᠤ ᠪᠠᠢ᠌ᠳᠠᠭ᠃ ᠲᠠᠷᠤᠢ 《ᠲᠡᠮᠡᠭᠡ》 ᠭᠡᠬᠦ ᠨᠡᠷ᠎ᠡ ᠦᠭᠡ ᠵᠢᠨ ᠳᠤᠤᠷ᠎ᠠ 《ᠯᠠ》 ᠲᠠᠭ᠋ᠠᠪᠤᠷᠢ ᠵᠠᠯᠭ᠋ᠠᠬᠤ᠎ᠨᠢ ᠲᠤᠬᠠᠢ ᠵᠢᠨ ᠬᠡᠷᠡᠭ ᠶᠠᠭᠤᠮ᠎ᠠ ᠵᠢ ᠦᠢ᠍ᠯᠡᠳᠬᠦ᠂ ᠦᠢ᠍ᠯᠡ ᠬᠦᠳᠡᠯᠭᠡᠭᠡᠨ᠎ᠢ ᠵᠢᠭ᠋ᠠᠭᠰᠠᠨ ᠦᠢ᠍ᠯᠡ ᠦᠭᠡ ᠡᠭᠦᠰᠴᠠᠢ ᠭᠡᠬᠦ᠎ᠨᠢ ᠮᠤᠩᠭᠤᠯ ᠬᠡᠯᠡᠨ ᠵᠦᠢ ᠵᠢᠨ ᠨᠡᠷ᠎ᠡ ᠦᠭᠡ᠎ᠠᠴᠠ ᠦᠢ᠍ᠯᠡ ᠦᠭᠡ ᠪᠦᠳᠦᠭᠡᠬᠦ ᠶᠤᠰᠤᠲᠠᠢ ᠨᠡᠢ᠌ᠴᠡᠵᠤ ᠪᠠᠢ᠌ᠨ᠎ᠠ᠃ ᠳᠤᠤᠷ᠎ᠠ᠎ᠨᠢ ᠵᠠᠯᠭ᠋ᠠᠭ᠋ᠠᠳ 《ᠢ》 ᠲᠠᠭ᠋ᠠᠪᠤᠷᠢ ᠵᠢ ᠵᠠᠯᠭ᠋ᠠᠪᠠᠯ᠂ 《ᠲᠡᠮᠡᠭᠡᠯᠠᠢ》 ᠪᠤᠯᠤᠨ᠎ᠡ᠃ ᠲᠠᠷᠤᠢ 《ᠲᠡᠮᠡᠭᠡ + ᠯᠠ +ᠢ》 ᠭᠡᠵᠤ ᠬᠤᠶᠠᠳᠠᠬᠢ ᠲᠠᠭ᠋ᠠᠪᠤᠷᠢ ᠵᠢ ᠵᠠᠯᠭ᠋ᠠᠵᠤ᠂ ᠲᠤᠬᠠᠢ ᠵᠢᠨ ᠦᠢ᠍ᠯᠡ ᠵᠢ ᠦᠷᠭᠦᠯᠵᠢᠯᠡᠨ ᠦᠢ᠍ᠯᠡᠳᠳᠡᠭ ᠭᠡᠬᠦ ᠰᠠᠨᠠᠭ᠎ᠠ ᠵᠢ ᠢᠯᠡᠳᠭᠡᠨ᠎ᠡ᠃ ᠭᠠᠷᠤᠳᠢ ᠵᠢᠨ ᠡᠷᠬᠢᠯᠡᠨ ᠨᠠᠢ᠌ᠷᠠᠭᠤᠯᠤᠭᠰᠠᠨ᠄ 《ᠤᠷᠴᠢᠨ ᠴᠠᠭ᠎ᠤᠨ ᠮᠤᠩᠭᠤᠯ ᠬᠡᠯᠡ》 [10]᠎ᠳᠤ᠄ 《ᠦᠢ᠍ᠯᠡ ᠦᠨᠳᠤᠰᠤᠨ᠎ᠳᠤ 〈ᠢ〉 ᠲᠠᠭ᠋ᠠᠪᠤᠷᠢ ᠵᠢ ᠵᠠᠯᠭ᠋ᠠᠵᠤ᠂ ᠲᠤᠬᠠᠢ ᠵᠢᠨ ᠦᠢ᠍ᠯᠡ ᠵᠢ ᠭᠦᠢ᠍ᠴᠡᠳᠭᠡᠬᠦ ᠪᠤᠶᠤ ᠲᠡᠷᠡ ᠦᠢ᠍ᠯᠡ ᠵᠢ ᠪᠠᠢ᠌ᠩᠭᠤ ᠤᠯᠠᠨᠳᠠ ᠦᠢ᠍ᠯᠡᠳᠬᠦ᠂ ᠲᠦᠢ᠍ᠯᠪᠤᠷᠢᠳᠠᠢ ᠪᠤᠯᠭ᠋ᠠᠬᠤ ᠤᠳᠬ᠎ᠠ ᠪᠦᠬᠦᠢ ᠦᠭᠡ ᠡᠭᠦᠰᠭᠡᠨ᠎ᠡ》 ᠭᠡᠬᠦ ᠦᠢ᠍ᠯᠡ ᠦᠭᠡ᠎ᠠᠴᠠ ᠦᠢ᠍ᠯᠡ ᠦᠭᠡ ᠡᠭᠦᠰᠭᠡᠬᠦ ᠬᠡᠯᠡᠨ ᠵᠦᠢ ᠵᠢᠨ ᠶᠤᠰᠤ ᠪᠠᠢ᠌ᠳᠠᠭ᠃ ᠲᠠᠷᠤᠢ 《ᠲᠡᠮᠡᠭᠡᠯᠡ》 ᠭᠡᠬᠦ ᠦᠢ᠍ᠯᠡ ᠦᠭᠡ ᠵᠢᠨ ᠲᠠᠷᠠᠭ᠎ᠠ ᠵᠠᠯᠭ᠋ᠠᠭ᠋ᠠᠳ 《ᠢ》 ᠲᠠᠭ᠋ᠠᠪᠤᠷᠢ ᠵᠢ ᠵᠠᠯᠭ᠋ᠠᠭᠰᠠᠨᠤ ᠰᠡᠭᠦᠯᠡᠷ 《ᠲᠡᠮᠡᠭᠡᠯᠠᠢ》 ᠭᠡᠬᠦ ᠦᠢ᠍ᠯᠡ ᠦᠭᠡ ᠡᠭᠦᠰᠴᠤ᠂ ᠲᠤᠬᠠᠢ ᠵᠢᠨ ᠲᠡᠮᠡᠭᠡ ᠬᠠᠷᠢᠭᠤᠯᠬᠤ ᠦᠢ᠍ᠯᠡ᠎ᠨᠢ ᠦᠷᠭᠦᠯᠵᠢᠯᠠᠨ ᠶᠠᠪᠤᠭᠳᠠᠳᠠᠭ ᠭᠡᠬᠦ ᠤᠳᠬ᠎ᠠ᠎ᠲᠠᠢ ᠪᠤᠶᠤ ᠲᠡᠮᠡᠭᠡᠨ᠎ᠤ ᠦᠷᠭᠦᠯᠵᠢ ᠤᠳᠤᠷᠯᠠᠳᠠᠭ ᠭᠠᠵᠠᠷ᠂ ᠪᠡᠯᠴᠢᠳᠡᠭ ᠭᠠᠵᠠᠷ ᠭᠡᠬᠦ ᠤᠳᠬ᠎ᠠ᠎ᠲᠠᠢ ᠪᠤᠯᠤᠨ᠎ᠡ᠃ ᠲᠠᠷᠤᠢ ᠲᠤᠰ ᠭᠠᠵᠠᠷ᠎ᠤᠨ ᠨᠡᠷ᠎ᠡ ᠪᠤᠯ ᠨᠡᠷ᠎ᠡ ᠦᠭᠡ᠎ᠠᠴᠠ ᠦᠢ᠍ᠯᠡ ᠦᠭᠡ᠂ ᠲᠠᠬᠢᠨ ᠦᠢ᠍ᠯᠡ ᠦᠭᠡ᠎ᠠᠴᠠ ᠦᠢ᠍ᠯᠡ ᠦᠭᠡ ᠪᠦᠳᠦᠭᠰᠡᠨ ᠦᠢ᠍ᠯᠡ ᠦᠭᠡ᠎ᠪᠠᠷ ᠨᠡᠷᠡᠯᠡᠭᠰᠡᠨ ᠭᠠᠵᠠᠷ᠎ᠤᠨ ᠨᠡᠷ᠎ᠡ ᠮᠦᠨ᠃ ᠡᠭᠦᠨ᠎ᠠᠴᠠ ᠮᠡᠳᠡᠬᠦ᠎ᠨᠢ᠂ ᠲᠤᠰ ᠭᠠᠵᠠᠷ᠎ᠤᠨ ᠨᠡᠷ᠎ᠡ ᠵᠢ 《ᠲᠡᠮᠡᠭᠡᠯᠠᠢ》 ᠭᠡᠵᠤ ᠪᠢᠴᠢᠬᠦ᠎ᠨᠢ ᠵᠦᠪ ᠪᠤᠯᠤᠨ᠎ᠡ᠃
ᠤᠷᠳᠤᠰ ᠨᠤᠳᠤᠭ᠎ᠲᠤ᠂ ᠡᠢ᠌ᠮᠤᠷᠬᠦᠦ ᠭᠠᠵᠠᠷ᠎ᠤᠨ ᠨᠡᠷ᠎ᠡ ᠪᠠᠰᠠ ᠪᠤᠢ᠃ ᠵᠢᠱ᠌ᠢᠶᠡᠯᠡᠪᠡᠯ᠂ ᠡᠩᠬᠡᠯᠠᠢ᠂ ᠲᠠᠮᠠᠭ᠋ᠠᠯᠠᠢ᠂ ᠢᠮᠠᠭ᠋ᠠᠯᠠᠢ ᠭᠡᠬᠦ ᠮᠡᠳᠤ᠃ ᠡᠩᠭᠡᠯᠠᠢ ᠪᠤᠯ 《ᠡᠩᠭᠡ》 ᠭᠡᠬᠦ ᠦᠭᠡ ᠵᠢᠨ ᠢᠵᠠᠭᠤᠷ᠎ᠲᠤ ᠤᠷᠢᠳ ᠵᠶ᠋ᠠᠷ 《ᠯᠠ》 ᠵᠢ ᠵᠠᠯᠭ᠋ᠠᠵᠤ᠂ ᠡᠩᠬᠡ ᠠᠮᠤᠷ ᠭᠡᠰᠡᠨ ᠤᠳᠬ᠎ᠠ᠎ᠲᠠᠢ ᠦᠢ᠍ᠯᠡ ᠦᠭᠡ ᠪᠦᠳᠦᠭᠡᠵᠡᠢ᠃ ᠲᠠᠬᠢᠨ 《ᠢ》 ᠲᠠᠭ᠋ᠠᠪᠤᠷᠢ ᠵᠢ ᠵᠠᠯᠭ᠋ᠠᠵᠤ᠂ ᠲᠤᠬᠠᠢ ᠵᠢᠨ ᠡᠩᠬᠡ ᠠᠮᠤᠷ ᠪᠤᠯᠤᠭᠰᠠᠨ ᠪᠠᠢ᠌ᠳᠠᠯ᠎ᠨᠢ ᠦᠷᠭᠦᠯᠵᠢᠯᠡᠨ ᠤᠤᠯ ᠭᠡᠪ ᠵᠶ᠋ᠠᠷ ᠵᠶ᠋ᠠᠨ ᠡᠩᠬᠡ ᠠᠮᠤᠭᠤᠯᠠᠩ ᠪᠠᠢ᠌ᠭ᠋ᠠᠰᠠᠢ ᠭᠡᠰᠡᠨ ᠤᠳᠬ᠎ᠠ᠎ᠲᠠᠢ ᠪᠡᠯᠭᠡᠰᠢᠶᠡᠭᠰᠡᠨ ᠦᠭᠡ ᠪᠤᠯᠵᠠᠢ᠃ ᠲᠠᠮᠠᠭ᠋ᠠᠯᠠᠢ ᠪᠤᠯ 《ᠲᠠᠮᠠᠭ᠎ᠠ》 ᠭᠡᠬᠦ ᠦᠭᠡ ᠵᠢᠨ ᠢᠵᠠᠭᠤᠷ᠎ᠲᠤ 《ᠯᠠ +ᠢ》 ᠲᠠᠭ᠋ᠠᠪᠤᠷᠢ ᠵᠢ ᠵᠠᠯᠭ᠋ᠠᠵᠤ᠂ ᠲᠠᠮᠠᠭ᠋ᠠᠯᠠᠢ ᠪᠤᠯᠭ᠋ᠠᠵᠠᠢ᠃ ᠲᠡᠷᠡ᠎ᠨᠢ ᠲᠤᠬᠠᠢ ᠵᠢᠨ ᠲᠠᠮᠠᠭ᠋ᠠᠯᠠᠬᠤ ᠦᠢ᠍ᠯᠡ ᠠᠵᠢᠯᠯᠠᠭ᠎ᠠ᠎ᠨᠢ ᠦᠷᠭᠦᠯᠵᠢᠯᠠᠨ ᠶᠠᠪᠤᠭᠳᠠᠵᠤ ᠪᠠᠢ᠌ᠭ᠎ᠠ ᠵᠢ ᠢᠯᠡᠳᠭᠡᠨ᠎ᠡ᠃ ᠢᠮᠠᠭ᠋ᠠᠯᠠᠢ ᠪᠤᠯ 《ᠢᠮᠠᠭ᠎ᠠ》 ᠭᠡᠬᠦ ᠦᠭᠡ ᠵᠢᠨ ᠢᠵᠠᠭᠤᠷ᠎ᠲᠤ 《ᠯᠠ +ᠢ》 ᠲᠠᠭ᠋ᠠᠪᠤᠷᠢ ᠵᠢ ᠵᠠᠯᠭ᠋ᠠᠵᠤ᠂ ᠤᠷᠢᠳᠠᠪᠠᠷ ᠢᠮᠠᠭ᠋ᠠᠯᠠ ᠪᠤᠯᠤᠨ᠎ᠡ᠃ ᠲᠡᠷᠡ᠎ᠨᠢ ᠢᠮᠠᠭ᠎ᠠ᠎ᠪᠠᠨ ᠬᠠᠷᠢᠭᠤᠯᠠ ᠭᠡᠰᠡᠨ ᠤᠳᠬ᠎ᠠ᠎ᠲᠠᠢ ᠦᠢ᠍ᠯᠡ ᠦᠭᠡ ᠡᠭᠦᠰᠦᠨ᠎ᠡ᠃ ᠲᠠᠬᠢᠨ 《ᠢ》 ᠲᠠᠭ᠋ᠠᠪᠤᠷᠢ ᠵᠢ ᠵᠠᠯᠭ᠋ᠠᠵᠤ᠂ ᠲᠤᠬᠠᠢ ᠵᠢᠨ ᠢᠮᠠᠭ᠎ᠠ ᠬᠠᠷᠢᠭᠤᠯᠬᠤ ᠦᠢ᠍ᠯᠡ᠎ᠪᠠᠨ ᠦᠷᠭᠦᠯᠵᠢᠯᠡᠨ ᠦᠢ᠍ᠯᠡᠳᠳᠡᠭ ᠭᠡᠰᠡᠨ ᠤᠳᠬ᠎ᠠ᠎ᠲᠠᠢ᠂ ᠪᠠᠰᠠ ᠦᠷᠭᠦᠯᠵᠢᠯᠡᠨ ᠢᠮᠠᠭ᠎ᠠ ᠬᠠᠷᠢᠭᠤᠯᠳᠠᠭ ᠭᠠᠵᠠᠷ ᠭᠡᠰᠡᠨ ᠤᠳᠬ᠎ᠠ ᠵᠢ ᠵᠢᠭ᠋ᠠᠳᠠᠭ ᠭᠠᠵᠠᠷ᠎ᠤᠨ ᠨᠡᠷ᠎ᠡ ᠪᠤᠯᠤᠭᠰᠠᠨ ᠪᠠᠢ᠌ᠨ᠎ᠠ᠃
ᠲᠡᠭᠡᠷᠡᠬᠢ ᠨᠤᠳᠠᠯᠠᠯᠳᠠ ᠵᠢ ᠦᠨᠳᠤᠰᠤᠯᠠᠪᠠᠯ᠂ ᠲᠤᠰ ᠭᠠᠵᠠᠷ᠎ᠤᠨ ᠨᠡᠷ᠎ᠡ ᠪᠤᠯ ᠲᠡᠮᠡᠭᠡ ᠵᠢᠨ ᠦᠷᠭᠦᠯᠵᠢ ᠪᠡᠯᠴᠢᠳᠡᠭ᠂ ᠤᠳᠤᠷᠯᠠᠳᠠᠭ ᠤᠨᠴᠠᠯᠢᠭ ᠵᠶ᠋ᠠᠷ᠎ᠨᠢ ᠨᠡᠷᠡᠯᠡᠭᠰᠡᠨ ᠦᠢ᠍ᠯᠡ ᠦᠭᠡ ᠵᠢᠨ ᠭᠠᠵᠠᠷ᠎ᠤᠨ ᠨᠡᠷ᠎ᠡ ᠪᠤᠯᠤᠨ᠎ᠡ᠃ ᠮᠤᠩᠭᠤᠯ ᠵᠶ᠋ᠠᠷ 《ᠲᠡᠮᠡᠭᠡᠯᠠᠢ》 ᠭᠡᠵᠤ ᠪᠢᠴᠢᠵᠤ᠂ ᠬᠢᠳᠡᠳ ᠪᠢᠴᠢᠯᠭᠡ ᠵᠢ᠎ᠨᠢ 《ᠮᠤᠩᠭᠤᠯ ᠭᠠᠵᠠᠷ᠎ᠤᠨ ᠨᠡᠷ᠎ᠡ ᠵᠢ ᠠᠪᠢᠶᠠᠴᠢᠯᠠᠬᠤ ᠲᠦᠷᠢᠮ》 [11]᠎ᠢ ᠵᠢᠷᠤᠮᠯᠠᠨ᠂ 《ᠲᠡᠮᠡᠭᠡᠯᠠᠢ》 (Temeelei ) ᠵᠢᠨ 《Temee》 ᠵᠢ 《特默》 ᠦᠰᠦᠭ ᠵᠶ᠋ᠠᠷ ᠲᠡᠮᠳᠡᠭᠯᠡᠨ᠂ 《lei》 ᠵᠢ 《来》 ᠦᠰᠦᠭ ᠵᠶ᠋ᠠᠷ ᠲᠡᠮᠳᠡᠭᠯᠡᠵᠤ ᠪᠤᠢ᠃ ᠡᠢ᠌ᠮᠤ᠎ᠠᠴᠠ ᠬᠢᠳᠡᠳ ᠨᠡᠷ᠎ᠡ ᠵᠢᠨ ᠪᠢᠴᠢᠯᠭᠡ ᠵᠢ 《特默来》 ᠭᠡᠵᠤ ᠨᠢᠭᠡᠳᠭᠡᠬᠦ ᠵᠢ ᠰᠠᠨᠠᠭᠤᠯᠤᠶ᠎ᠠ!
ᠵᠡᠭᠦᠯᠳᠡ
[1] ᠦ᠋ ᠴᠢ ᠸᠸᠨ ᠭᠤᠤᠯᠯᠠᠨ ᠨᠠᠢ᠌ᠷᠠᠭᠤᠯᠤᠭᠰᠠᠨ · ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠯᠤᠰ᠎ᠤᠨ ᠭᠠᠵᠠᠷ ᠰᠢᠷᠤᠢ ᠡᠬᠢ ᠪᠠᠶᠠᠯᠢᠭ᠎ᠤᠨ ᠲᠢᠩᠭᠢᠮ᠂ ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠬᠡᠮᠵᠢᠨ ᠵᠢᠷᠤᠭᠯᠠᠬᠤ ᠠᠵᠢᠯ ᠦᠢ᠍ᠯᠡᠰ᠎ᠤᠨ ᠲᠤᠪᠴᠢᠶ᠎ᠡ ᠬᠠᠮᠳᠤᠷᠠᠨ ᠨᠠᠢ᠌ᠷᠠᠭᠤᠯᠤᠨ ᠵᠤᠬᠢᠶᠠᠵᠤ · ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠭᠠᠵᠠᠷ᠎ᠤᠨ ᠵᠢᠷᠤᠭ ᠵᠤᠬᠢᠶᠠᠨ ᠬᠡᠪᠯᠡᠬᠦ ᠬᠦᠷᠢᠶᠡᠯᠡᠩ ᠦᠢ᠍ᠯᠡᠳᠤᠨ ᠵᠤᠬᠢᠶᠠᠪᠠ · ᠦᠪᠤᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠭᠠᠵᠠᠷ᠎ᠤᠨ ᠵᠢᠷᠤᠭ᠎ᠤᠨ ᠡᠮᠬᠢᠳᠭᠡᠯ (ᠮᠤᠩᠭᠤᠯ᠂ ᠲᠤᠳᠤᠭ᠋ᠠᠳᠤ ᠳᠤ᠎ᠪᠠᠨ ᠬᠡᠷᠡᠭᠯᠡᠬᠦ ᠵᠢᠷᠤᠭ) · ᠳᠤᠮᠳᠠᠳᠤ ᠤᠯᠤᠰ᠎ᠤᠨ ᠭᠠᠵᠠᠷ᠎ᠤᠨ ᠵᠢᠷᠤᠭ᠎ᠤᠨ ᠬᠡᠪᠯᠡᠯ᠎ᠤᠨ ᠬᠤᠷᠢᠶ᠎ᠠ ᠂ 2007 ᠤᠨ᠃
[2]美岱召镇地图,网址为: https://map.bmcx.com/meidaizhaozhen__map/
[3] 内蒙古自治区地名委员会编:《内蒙古自治区地名志•伊克昭盟分册》,内蒙古人民出版社,1986年,第430页。
[4] ᠦᠪᠤᠷ ᠮᠤᠩᠭᠤᠯ᠎ᠤᠨ ᠶᠡᠬᠡ ᠵᠤᠤ ᠠᠢ᠌ᠮᠠᠭ᠎ᠤᠨ ᠭᠠᠵᠠᠷ᠎ᠤᠨ ᠨᠡᠷ᠎ᠡ ᠵᠢᠨ ᠵᠦᠪᠯᠡᠯ ᠨᠠᠢ᠌ᠷᠠᠭᠤᠯᠤᠭᠰᠠᠨ᠂ 《ᠶᠡᠬᠡ ᠵᠤᠤ ᠠᠢ᠌ᠮᠠᠭ᠎ᠤᠨ ᠭᠠᠵᠠᠷ᠎ᠤᠨ ᠨᠡᠷ᠎ᠡ ᠵᠢᠨ ᠲᠡᠭᠦᠪᠤᠷᠢ》᠂ ᠦᠪᠤᠷ ᠮᠤᠩᠭᠤᠯ᠎ᠤᠨ ᠶᠡᠬᠡ ᠵᠤᠤ ᠠᠢ᠌ᠮᠠᠭ᠎ᠤᠨ ᠭᠠᠵᠠᠷ᠎ᠤᠨ ᠨᠡᠷ᠎ᠡ ᠵᠢᠨ ᠵᠦᠪᠯᠡᠯ᠂ 1986 ᠤᠨ ᠂ 162 ᠨᠢᠭᠤᠷ᠃
[5] 《汉蒙对照内蒙古地名词典》编委会:《汉蒙对照内蒙古地名词典》,内蒙古人民出版社,2000年,第426页。
[6] 达林太主编:乌兰察布市民族事务委员会、乌兰察布市档案馆、乌兰察布市民政局编辑整理:《蒙古语地名的汉语译音》,内蒙古出版集团 内蒙古人民出版社,2015 年,第677 页。
[7] ᠲᠤᠳᠤ᠂ ᠪᠠᠶᠠᠭᠤᠳ · ᠡᠷᠳᠡᠨᠢ ᠵᠢᠨ ᠡᠮᠬᠢᠳᠭᠡᠨ ᠨᠠᠢ᠌ᠷᠠᠭᠤᠯᠤᠭᠰᠠᠨ᠄ 《ᠬᠠᠩᠭᠢᠨ ᠬᠤᠰᠢᠭᠤᠨ᠎ᠤ ᠨᠤᠳᠤᠭ ᠤᠰᠤᠨ᠎ᠤ ᠭᠠᠵᠠᠷ᠎ᠤᠨ ᠨᠡᠷ᠎ᠡ ᠵᠢᠨ ᠢᠷᠡᠯᠳᠡ ᠪᠠ ᠳᠤᠮᠤᠭ》᠂ ᠦᠪᠤᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 2009 ᠤᠨ᠂ 376 ᠳ᠋ᠤᠭ᠋ᠠᠷ ᠨᠢᠭᠤᠷ᠃
[8] [10] ᠭᠠᠷᠤᠳᠢ ᠵᠢᠨ ᠡᠷᠬᠢᠯᠡᠨ ᠨᠠᠢ᠌ᠷᠠᠭᠤᠯᠤᠭᠰᠠᠨ᠄ 《ᠤᠷᠴᠢᠨ ᠴᠠᠭ᠎ᠤᠨ ᠮᠤᠩᠭᠤᠯ ᠬᠡᠯᠡ》᠂ ᠦᠪᠤᠷ ᠮᠤᠩᠭᠤᠯ᠎ᠤᠨ ᠰᠤᠷᠭ᠋ᠠᠨ ᠬᠦᠮᠦᠵᠢᠯ᠎ᠤᠨ ᠬᠡᠪᠯᠡᠯ᠎ᠤᠨ ᠬᠤᠷᠢᠶ᠎ᠠ᠂ 2001 ᠤᠨ᠂ 480᠂ 484 ᠳ᠋ᠤᠭ᠋ᠠᠷ ᠨᠢᠭᠤᠷ᠃
[9] [ᠮᠤᠩᠭᠤᠯ] ᠱ᠊ · ᠯᠤᠪᠰᠠᠩᠸᠠᠩᠳᠠᠨᠤ ᠪᠢᠴᠢᠭᠰᠡᠨ᠄ 《ᠤᠷᠴᠢᠨ ᠴᠠᠭ᠎ᠤᠨ ᠮᠤᠩᠭᠤᠯ ᠬᠡᠯᠡ》᠂ ᠦᠪᠤᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠠ᠂ 1982 ᠤᠨ᠂ 265 ᠳ᠋ᠤᠭ᠋ᠠᠷ ᠨᠢᠭᠤᠷ᠃
[11] 国家测绘局,总参谋部测绘局制定:《蒙古语地名译音规则》,测绘出版社,1986年,第3、35页。
ᠵᠤᠬᠢᠶᠠᠭᠴᠢ ᠵᠢᠨ ᠬᠠᠶᠢᠭ᠄ ᠦᠪᠤᠷ ᠮᠤᠩᠭᠤᠯ᠎ᠤᠨ ᠪᠠᠭᠰᠢ ᠵᠢᠨ ᠶᠡᠬᠡ ᠰᠤᠷᠭ᠋ᠠᠭᠤᠯᠢ ᠵᠢᠨ
ᠮᠤᠩᠭᠤᠯ ᠰᠤᠳᠤᠯᠤᠯ᠎ᠤᠨ ᠲᠡᠭᠡᠳᠤ ᠰᠤᠷᠭ᠋ᠠᠭᠤᠯᠢ