ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠰᠡᠳᠭᠢᠯ ᠎ᠳᠤ ᠬᠣᠨᠣᠭᠰᠢᠭᠰᠠᠨ ᠦᠯᠢᠭᠡᠷ᠄ ᠰᠢᠯᠢ ᠵᠢᠨ ᠭᠣᠣᠯ ᠠᠢ᠌ᠮᠠᠭ᠎ᠤᠨ ᠠᠬᠠᠮᠠᠳ ᠲᠣᠮᠣᠭ᠋ᠠᠲᠠᠨ᠎ᠤ《ᠭᠣᠷᠪᠠᠨ ᠮᠢᠩᠭ᠋ᠠᠨ ᠥᠨᠥᠴᠢᠨ ᠬᠡᠦᠬᠡᠳ᠎ᠢ ᠦᠷᠡᠴᠢᠯᠡᠨ ᠲᠡᠵᠢᠭᠡᠭᠰᠡᠨ》 ᠲᠣᠬᠠᠢ ᠨᠠᠷᠢᠯᠢᠭ ᠳᠣᠷᠠᠳᠬᠠᠯ
ᠨᠡᠶᠢᠲᠡᠯᠡᠭᠰᠡᠨ ᠴᠠᠭ᠄ 2021-07-09

ᠰᠡᠳᠭᠢᠯ ᠎ᠳᠤ ᠬᠣᠨᠣᠭᠰᠢᠭᠰᠠᠨ ᠦᠯᠢᠭᠡᠷ᠄ ᠰᠢᠯᠢ ᠵᠢᠨ ᠭᠣᠣᠯ ᠠᠢ᠌ᠮᠠᠭ᠎ᠤᠨ ᠠᠬᠠᠮᠠᠳ ᠲᠣᠮᠣᠭ᠋ᠠᠲᠠᠨ᠎ᠤ《ᠭᠣᠷᠪᠠᠨ  ᠮᠢᠩᠭ᠋ᠠᠨ ᠥᠨᠥᠴᠢᠨ ᠬᠡᠦᠬᠡᠳ᠎ᠢ ᠦᠷᠡᠴᠢᠯᠡᠨ ᠲᠡᠵᠢᠭᠡᠭᠰᠡᠨ》 ᠲᠣᠬᠠᠢ  ᠨᠠᠷᠢᠯᠢᠭ ᠳᠣᠷᠠᠳᠬᠠᠯ
                        
                     ᠴᠢᠨ ᠶᠦᠨ ᠰᠤᠷᠪᠤᠯᠵᠢᠯᠠᠪᠠ
     1960 ᠣᠨ᠎ᠤ  ᠤᠷᠢᠳ ᠬᠣᠵᠢᠳ᠂  ᠰᠢᠨ᠎ᠡ ᠳᠣᠮᠳᠠᠳᠣ ᠣᠯᠣᠰ᠎ᠲᠤ ᠬᠦᠨᠳᠦ ᠬᠡᠴᠡᠭᠦᠦ ᠪᠠᠢ᠌ᠭ᠋ᠠᠯᠢ ᠵᠢᠨ ᠭᠠᠮᠰᠢᠭ ᠲᠣᠬᠢᠶᠠᠯᠳᠣᠨ᠂ ᠱᠠᠩᠬᠠᠢ᠂ ᠠᠨᠾᠦ᠋ᠢ᠂ ᠵᠢᠶᠠᠩᠰᠤ ᠵᠡᠷᠭᠡ ᠭᠠᠵᠠᠷ᠎ᠤᠨ ᠥᠨᠥᠴᠢᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ᠎ᠳᠤ  ᠥᠨᠥᠴᠢᠨ ᠬᠡᠦᠭᠡᠳ ᠵᠶ᠋ᠡᠷ ᠳᠦᠭᠦᠷᠴᠦ᠂ ᠥᠯᠥᠰᠭᠦᠯᠡᠩ ᠭᠠᠴᠢᠭ ᠴᠠᠭ ᠢᠮᠠᠭᠲᠠ  ᠠᠮᠢ ᠨᠠᠰᠤ ᠵᠢ᠎ᠨᠢ ᠰᠦᠷᠲᠡᠭᠦᠯᠵᠦ ᠪᠠᠢ᠌ᠯ᠎ᠠ᠃ ᠵᠸᠦ ᠡᠸᠨ ᠯᠠᠢ᠂ ᠺᠠᠩ ᠺᠸ ᠴᠢᠩ ᠂ ᠣᠯᠠᠭ᠋ᠠᠨᠬᠦᠦ ᠵᠡᠷᠭᠡ ᠨᠠᠮ ᠲᠥᠷᠥ ᠵᠢᠨ ᠣᠳᠣᠷᠢᠳᠣᠯᠭ᠎ᠠ ᠨᠠᠷ᠎ᠤᠨ ᠬᠠᠯᠠᠮᠵᠢᠯᠠᠯ ᠵᠶ᠋ᠠᠷ᠂ ᠭᠣᠷᠪᠠᠨ ᠮᠢᠩᠭ᠋ᠠᠨ ᠡᠮᠦᠨᠡᠲᠦ ᠣᠷᠣᠨ᠎ᠤ ᠥᠨᠥᠴᠢᠨ ᠬᠡᠦᠭᠡᠳ ᠥᠪᠥᠷ ᠮᠣᠩᠭᠣᠯ᠎ᠤᠨ ᠲᠠᠯ᠎ᠠ ᠨᠣᠲᠣᠭ᠎ᠲᠤ ᠬᠦᠷᠭᠡᠭᠳᠡᠨ ᠢᠷᠡᠵᠦ᠂ ᠮᠠᠯᠴᠢᠳ᠎ᠲᠤ ᠦᠷᠡᠴᠢᠯᠡᠭᠳᠡᠨ ᠲᠡᠵᠢᠭᠡᠭᠳᠡᠵᠦ᠂ ᠮᠠᠯᠴᠢᠳ ᠳᠡᠳᠡᠨ᠎ᠢ ᠎ᠪᠠᠨ《ᠣᠯᠣᠰ᠎ᠤᠨ ᠬᠡᠦᠭᠡᠳ》 ᠭᠡᠵᠦ ᠲᠣᠳᠣᠨᠣᠴᠢᠯᠠᠨ ᠳᠠᠭᠣᠳᠠᠭᠰᠠᠨ ᠪᠢᠯᠡ᠃
      ᠲᠡᠷᠡ ᠥᠶ᠎ᠡ᠎ᠳᠤ ᠰᠢᠯᠢ ᠵᠢᠨ ᠭᠣᠣᠯ ᠠᠢ᠌ᠮᠠᠭ᠎ᠤᠨ ᠠᠪᠠᠭ᠎ᠠ ᠬᠣᠰᠢᠭᠣᠨ᠎ᠤ ᠡᠮᠨᠡᠯᠭᠡ ᠵᠢᠨ ᠬᠣᠷᠢᠶᠠᠨ᠎ᠤ ᠳᠠᠷᠣᠭ᠎ᠠ ᠪᠠᠢ᠌ᠭᠰᠠᠨ ᠵᠢᠶᠠᠩ ᠶᠦᠩ ᠯᠦ᠍ ᠪᠣᠯ《ᠭᠣᠷᠪᠠᠨ ᠮᠢᠩᠭ᠋ᠠᠨ ᠥᠨᠥᠴᠢᠨ ᠬᠡᠦᠭᠡᠳ᠎ᠢ ᠦᠷᠡᠴᠢᠯᠡᠨ ᠲᠡᠵᠢᠭᠡᠭᠰᠡᠨ》 ᠰᠠᠢ᠌ᠬᠠᠨ ᠦᠯᠢᠭᠡᠷ᠎ᠢ ᠪᠡᠶ᠎ᠡ᠎ᠪᠠᠷ ᠵᠶ᠋ᠠᠨ ᠲᠣᠭᠣᠯᠵᠣ ᠦᠩᠭᠡᠷᠡᠭᠦᠯᠦᠭᠰᠡᠨ ᠬᠦᠮᠦᠨ ᠶᠣᠮᠰᠠᠨ᠃1958 ᠣᠨ᠎ᠳᠤ ᠲᠡᠷᠡ᠎ᠪᠠᠷ ᠠᠨᠾᠦ᠋ᠢ ᠮᠤᠵᠢ ᠵᠢᠨ ᠥᠨᠥᠴᠢᠨ ᠬᠡᠦᠭᠡᠳ᠎ᠢ ᠦᠪᠦᠷ ᠮᠣᠩᠭᠣᠯ᠎ᠳᠤ ᠢᠷᠡᠭᠰᠡᠨ᠎ᠤ ᠳᠠᠷᠠᠭ᠋ᠠᠬᠢ ᠠᠪᠣᠷᠠᠨ ᠲᠡᠩᠬᠡᠷᠡᠭᠦᠯᠬᠦ ᠠᠵᠢᠯ᠎ᠳᠤ ᠪᠠᠶᠡᠴᠢᠯᠡᠨ ᠣᠷᠣᠯᠴᠠᠪᠠ᠃1960   ᠣᠨ᠎ᠳᠤ ᠲᠡᠷᠡ  ᠲᠣᠰᠴᠣ ᠵᠦᠭᠡᠭᠡᠪᠦᠷᠢᠯᠡᠬᠦ ᠪᠠᠭ᠎ᠠ ᠳᠣᠭᠣᠢ᠌ᠯᠠᠩ ᠵᠶ᠋ᠠᠨ ᠳᠠᠭ᠋ᠠᠭᠣᠯᠣᠨ ᠱᠠᠩᠬᠠᠢ ᠎ᠳᠤ ᠬᠦᠷᠴᠦ ᠳᠠᠬᠢᠨ 300 ᠥᠨᠥᠴᠢᠨ ᠬᠡᠦᠭᠡᠳ᠎ᠢ ᠲᠣᠰᠣᠨ ᠠᠪᠴᠢᠷᠠᠭᠰᠠᠨ ᠶᠤᠮ᠃ ᠴᠠᠭ ᠮᠦᠴᠡ ᠣᠷᠣᠰᠤᠨ ᠦᠩᠭᠡᠷᠡᠭᠡᠳ᠂ ᠵᠢᠶᠠᠩ ᠶᠦᠩ ᠯᠦ᠍ ᠭᠣᠸᠠᠢ  ᠣᠳᠤ ᠨᠢᠭᠡᠨᠲᠡ ᠶᠡᠷᠡ ᠰᠢᠬᠠᠭᠰᠠᠨ ᠨᠠᠰᠤᠳᠠᠨ ᠪᠣᠯᠴᠢᠬᠠᠯ᠎ᠠ ᠃ ᠵᠢᠶᠠᠩ ᠨᠠᠰᠤᠲᠠᠨ ᠦᠩᠭᠡᠷᠡᠵᠦ ᠣᠳᠣᠭᠰᠠᠨ ᠡᠳᠦᠷ ᠬᠣᠨᠣᠭ᠎ᠤᠳ ᠵᠶ᠋ᠠᠨ ᠳᠣᠷᠠᠳᠬᠠᠨ ᠪᠠᠢ᠌ᠵᠣ᠂ ᠲᠡᠷᠡ ᠬᠦ᠌ ᠰᠠᠢ᠌ᠬᠠᠨ ᠭᠦᠨ ᠭᠦᠨᠵᠡᠭᠡᠢ ᠲᠡᠦᠬᠡᠨ ᠠᠴᠢ ᠬᠣᠯᠪᠣᠭᠳᠠᠯ᠎ᠲᠠᠢ ᠰᠡᠳᠭᠢᠯ᠎ᠳᠤ ᠬᠣᠨᠤᠭᠰᠢᠮ᠎ᠠ ᠦᠯᠢᠭᠡᠷ ᠵᠶ᠋ᠡᠨ ᠮᠠᠨᠣᠰ᠎ᠲᠤ ᠶᠠᠷᠢᠵᠣ ᠦᠭᠭᠦᠯ᠎ᠡ᠃
        ᠨᠢᠭᠡᠨ ᠴᠢᠬᠣᠯᠠ ᠶᠡᠬᠡ ᠬᠣᠷᠠᠯ
      ᠬᠡᠳᠦᠢ᠌ᠪᠡᠷ ᠵᠢᠷᠠᠨ ᠵᠢᠯ ᠦᠩᠭᠡᠷᠡᠯ᠎ᠡ ᠴᠦ᠍ ᠭᠡᠰᠡᠨ᠂ ᠵᠢᠶᠠᠩ ᠶᠦᠩ ᠯᠦ᠍ ᠨᠠᠰᠣᠲᠠᠨ1960  ᠣᠨ᠎ᠤ ᠴᠠᠭ᠋ᠠᠨ ᠰᠠᠷ᠎ᠠ ᠵᠢᠨ ᠡᠮᠦᠨ᠎ᠡ ᠬᠣᠢ᠌ᠨᠠᠬᠢ《ᠡᠮᠦᠨᠡᠲᠦ ᠣᠷᠣᠨ᠎ᠤ ᠥᠨᠥᠴᠢᠨ ᠬᠡᠦᠭᠡᠳ᠎ᠢ ᠦᠷᠡᠴᠢᠯᠡᠨ  ᠲᠡᠵᠢᠭᠡᠬᠦ》᠎ᠲᠠᠢ ᠬᠣᠯᠪᠣᠭᠳᠠᠭᠰᠠᠨ ᠨᠢᠭᠡᠨ ᠣᠳᠠᠭ᠋ᠠᠨ᠎ᠤ ᠬᠣᠷᠠᠯ ᠵᠶ᠋ᠠᠨ ᠳᠣᠷᠠᠳᠬᠣᠯᠠᠷ ᠮᠦᠨ ᠭᠦᠨ ᠰᠠᠭᠣᠭᠳᠠᠯ᠎ᠲᠠᠢ  ᠪᠠᠢ᠌ᠭᠰᠠᠭ᠋ᠠᠷ ᠠᠵᠢ᠃
      ᠲᠡᠭᠦᠨ᠎ᠤ ᠳᠣᠷᠠᠳᠬᠠᠨ ᠶᠠᠷᠢᠬᠣ᠎ᠪᠠᠷ᠄《1959 ᠣᠨ᠎ᠤ ᠰᠡᠭᠦᠯᠴᠢ᠎ᠪᠠᠷ ᠦᠪᠡᠷᠲᠡᠭᠡᠨ ᠵᠠᠰᠠᠬᠣ ᠣᠷᠣᠨ᠎ᠠᠴᠠ ᠵᠣᠬᠢᠶᠠᠨ ᠪᠠᠢ᠌ᠭᠣᠯᠵᠣ ᠬᠣᠷᠠᠯᠳᠣᠭᠣᠯᠣᠭᠰᠠᠨ ᠡᠷᠡᠭᠦᠯ ᠬᠠᠮᠠᠭ᠋ᠠᠯᠠᠯ᠎ᠤᠨ ᠰᠢᠰᠲᠸᠮ᠎ᠤᠨ ᠳᠦᠷᠪᠡᠳᠦᠭᠡᠷ ᠳᠡᠰ᠎ᠤᠨ ᠺᠠᠳ᠋ᠷ᠎ᠤᠨ ᠬᠣᠷᠠᠯ᠎ᠤᠨ ᠬᠠᠮᠣᠭ᠎ᠤᠨ ᠴᠢᠬᠣᠯᠠ ᠨᠢᠭᠡᠨ ᠵᠦᠪᠯᠡᠬᠦ ᠵᠦᠢ᠍ᠯ᠎ᠨᠢ ᠳᠠᠷᠣᠢ〈ᠡᠮᠦᠨᠡᠲᠦ ᠣᠷᠣᠨ᠎ᠠᠴᠠ ᠨᠢᠭᠡ ᠪᠦᠯᠦᠭ ᠬᠡᠦᠭᠡᠳ᠎ᠢ ᠲᠣᠰᠣᠨ ᠠᠪᠴᠢᠷᠠᠬᠣ〉 ᠶᠠᠪᠣᠳᠠᠯ᠂ ᠡᠨᠡ᠎ᠨᠢ ᠠᠯᠢ ᠰᠠᠯᠠᠭ᠎ᠠ ᠮᠦᠴᠢᠷ᠎ᠠᠴᠠ ᠣᠳᠣᠷᠢᠳᠣᠨ ᠳᠠᠭ᠋ᠠᠭᠣᠯᠵᠣ᠂ ᠬᠡᠦᠭᠡᠳ᠎ᠢ ᠲᠣᠰᠴᠣ ᠠᠪᠴᠢᠷᠠᠭᠰᠠᠨ᠎ᠤ ᠳᠠᠷᠠᠭ᠎ᠠ ᠬᠡᠷᠬᠢᠨ ᠦᠷᠡᠴᠢᠯᠡᠨ ᠲᠡᠵᠢᠭᠡᠬᠦ ᠵᠡᠷᠭᠡ ᠠᠰᠠᠭᠣᠳᠠᠯ᠎ᠤᠳ᠎ᠲᠠᠢ ᠬᠣᠯᠪᠣᠭᠳᠠᠨ᠎ᠠ᠃ ᠴᠠᠭ᠋ᠠᠨ ᠰᠠᠷ᠎ᠠ ᠵᠢᠨ ᠳᠠᠷᠠᠭ᠎ᠠ ᠳᠠᠬᠢᠨ ᠪᠦᠭᠦᠳᠡᠭᠡᠷ ᠬᠣᠷᠠᠯᠳᠣᠭᠰᠠᠨ᠎ᠤ᠎ᠪᠠᠨ ᠬᠣᠢ᠌ᠨ᠎ᠠ〈ᠨᠢᠭᠡ ᠬᠡᠦᠭᠡᠳ ᠎ᠢ ᠲᠣᠰᠴᠣ ᠠᠪᠴᠢᠷᠠᠪᠠᠯ᠂ ᠨᠢᠭᠡ ᠬᠡᠦᠭᠡᠳ᠎ᠢ ᠡᠳᠡᠭᠡᠭᠡᠵᠦ᠂ ᠨᠢᠭᠡ ᠬᠡᠦᠭᠡᠳ᠎ᠢ ᠭᠦᠢ᠍ᠴᠡᠳ ᠲᠡᠩᠭᠡᠷᠡᠭᠦᠯᠬᠦ〉᠎ᠪᠠᠷ ᠠᠨᠳᠠᠭ᠋ᠠᠢ᠌ᠯᠠᠭᠰᠠᠨ ᠶᠤᠮ᠃》
      ᠡᠭᠦᠨ᠎ᠤ ᠳᠠᠷᠣᠢ᠌ᠬᠠᠨ᠂ ᠰᠢᠯᠢ ᠵᠢᠨ ᠭᠣᠣᠯ ᠠᠢ᠌ᠮᠠᠭ᠎ᠤᠨ᠎ᠬᠢᠨ ᠡᠮᠦᠨᠡᠲᠦ ᠣᠷᠣᠨ᠎ᠤ ᠥᠨᠥᠴᠢᠨ ᠬᠡᠦᠭᠡᠳ᠎ᠢ ᠲᠣᠰᠴᠣ ᠠᠪᠴᠢᠷᠠᠬᠣ ᠪᠡᠯᠡᠳᠭᠡᠯ ᠠᠵᠢᠯ ᠵᠶ᠋ᠠᠨ ᠬᠢᠵᠦ ᠡᠬᠢᠯᠡᠪᠡ᠃ ᠡᠭᠦᠨ᠎ᠳᠤ᠂ ᠲᠣᠰᠬᠠᠢ ᠵᠦᠪᠯᠡᠯ ᠪᠠᠢ᠌ᠭᠣᠯᠬᠣ᠂ ᠲᠠᠪᠤᠨ ᠬᠡᠦᠭᠡᠳ ᠠᠰᠠᠷᠠᠬᠣ ᠬᠦᠷᠢᠶᠡᠯᠡᠩ᠎ᠢ ᠪᠦᠲᠦᠭᠡᠨ ᠪᠠᠢ᠌ᠭᠣᠯᠬᠣ᠂ ᠬᠡᠦᠭᠡᠳ ᠠᠰᠠᠷᠠᠭᠴᠢ ᠡᠯᠰᠡᠨ ᠬᠦᠮᠦᠵᠢᠭᠦᠯᠬᠦ᠂ ᠬᠡᠦᠭᠡᠳ᠎ᠤᠨ ᠬᠣᠪᠴᠠᠰᠣ ᠬᠤᠨᠠᠷ ᠪᠠ ᠡᠳ᠋ ᠬᠡᠷᠡᠭᠰᠡᠯ᠎ᠢ  ᠠᠮᠵᠢᠨ ᠲᠣᠬᠢᠷᠠᠭᠣᠯᠬᠣ ᠵᠡᠷᠭᠡ ᠠᠵᠢᠯ ᠪᠣᠢ᠃
         ᠡᠮᠦᠨᠡᠲᠦ ᠣᠷᠣᠨ᠎ᠤ ᠥᠨᠥᠴᠢᠨ ᠬᠡᠦᠭᠡᠳ ᠣᠮᠠᠷᠠᠰᠢ ᠮᠣᠷᠳᠠᠬᠣ ᠭᠠᠯᠲᠤ ᠲᠡᠷᠭᠡᠨ᠎ᠳᠤ ᠭᠠᠷᠣᠯ᠎ᠠ
      1960 ᠣᠨ᠎ᠤ 9  ᠰᠠᠷ᠎ᠠ᠎ᠳᠤ᠂ ᠵᠢᠶᠠᠩ ᠶᠦᠩ ᠯᠦ᠍ ᠮᠡᠳᠡᠭᠳᠡᠯ᠎ᠢ ᠲᠣᠰᠴᠣ᠂  ᠲᠣᠰ ᠮᠡᠳᠡᠭᠳᠡᠯ᠎ᠳᠤ᠂ ᠲᠡᠭᠦᠨ ᠎ᠢ ᠰᠢᠯᠢ ᠵᠢᠨ ᠭᠣᠣᠯ ᠠᠢ᠌ᠮᠠᠭ᠎ᠤᠨ ᠡᠮᠦᠨᠡᠲᠦ ᠣᠷᠣᠨ᠎ᠤ ᠥᠨᠥᠴᠢᠨ ᠬᠡᠦᠭᠡᠳ᠎ᠢ ᠲᠣᠰᠴᠣ  ᠵᠦᠭᠡᠭᠡᠪᠦᠷᠢᠯᠡᠬᠦ ᠪᠠᠭ᠎ᠠ ᠳᠣᠭᠣᠢ᠌ᠯᠠᠩ᠎ᠤᠨ  ᠳᠠᠭ᠋ᠠᠭᠣᠯᠣᠭᠴᠢ  ᠎ᠪᠠᠷ ᠱᠠᠩᠬᠠᠢ᠎ᠳᠤ ᠬᠦᠷᠴᠦ ᠦᠨᠦᠴᠢᠨ ᠬᠡᠦᠭᠡᠳ ᠎ᠤᠳ᠎ᠢ  ᠲᠣᠰᠣᠭᠣᠯᠬᠣ᠎ᠪᠠᠷ ᠱᠠᠭ᠋ᠠᠷᠳᠠᠭᠰᠠᠨ ᠠᠵᠢ᠃《  ᠮᠠᠨᠣᠰ  ᠨᠡᠢ᠌ᠲᠡ16 ᠬᠦᠮᠦᠨ ᠣᠴᠢᠵᠠᠢ᠂ ᠡᠮᠴᠢ ᠰᠣᠪᠢᠯᠠᠭᠴᠢ ᠬᠢᠭᠡᠳ ᠠᠰᠠᠷᠠᠭᠴᠢ ᠪᠦᠷ ᠪᠣᠢ》 ᠭᠡᠵᠦ ᠲᠡᠷᠡ᠎ᠪᠠᠷ ᠶᠠᠷᠢᠵᠤ ᠭᠠᠷᠣᠨ᠎ᠠ᠃
     《ᠱᠠᠩᠬᠠᠢ᠎ᠳᠤ ᠬᠦᠷᠦᠭᠡᠳ ᠬᠡᠦᠭᠡᠳ᠎ᠤᠳ᠎ᠢ ᠦᠵᠡᠭᠰᠡᠨ ᠴᠢᠨᠢ ᠪᠦᠷ ᠭᠡᠳᠡᠰᠦ᠎ᠨᠢ ᠬᠠᠮᠰᠢᠢ᠍ᠨ᠂ ᠶᠠᠰᠣᠨ ᠭᠣᠵᠣᠩ ᠪᠣᠯᠴᠢᠬᠠᠵᠣ᠂  ᠲᠠᠮᠢᠷ ᠲᠡᠩᠭᠡᠭᠡ᠎ᠪᠠᠷ  ᠠᠨᠠᠢ ᠪᠠᠢ᠌ᠵᠣ᠂ ᠪᠢ ᠲᠣᠬᠠᠢ ᠵᠢᠨ ᠦᠶᠡᠰ ᠮᠠᠰᠢ ᠶᠡᠬᠡ ᠰᠠᠨᠠᠭ᠎ᠠ ᠪᠣᠯᠵᠤ ᠪᠠᠢ᠌ᠭᠰᠠᠨ ᠶᠤᠮ》 ᠭᠡᠵᠦ ᠵᠢᠶᠠᠩ ᠶᠦᠩ ᠯᠦ᠍ ᠨᠠᠰᠣᠲᠠᠨ ᠡᠷᠭᠢᠴᠡᠭᠦᠯᠦᠨ᠎ᠡ᠃ ᠭᠡᠪᠡᠴᠦ ᠳᠡᠳᠡᠨ᠎ᠤ ᠲᠣᠰᠴᠣ ᠵᠦᠭᠡᠭᠡᠪᠦᠷᠢᠯᠡᠬᠦ ᠪᠠᠭ᠎ᠠ ᠳᠣᠭᠣᠢ᠌ᠯᠠᠩ᠎ᠤᠨ᠎ᠬᠢᠨ ᠳᠠᠷᠣᠢ᠌ᠬᠠᠨ ᠠᠵᠢᠯ ᠵᠶ᠋ᠠᠨ ᠦᠷᠨᠢᠭᠦᠯᠵᠦ᠂ ᠠᠰᠠᠷᠠᠭᠴᠢ ᠠᠨᠢᠶ᠎ᠠ᠎ᠠᠴᠠ ᠲᠣᠷᠰᠢᠨ ᠰᠣᠷᠣᠯᠴᠠᠬᠣ ᠵᠢᠨ ᠵᠡᠷᠭᠡ᠎ᠪᠠᠷ ᠨᠢᠭᠡ ᠪᠦᠯᠦᠭ ᠡᠮ  ᠲᠠᠩ  ᠪᠣᠯᠣᠨ ᠬᠦᠴᠢᠯᠳᠦᠢ᠍ᠷᠦᠭᠴᠢ ᠵᠢᠨ ᠯᠣᠩᠬᠣ ᠵᠡᠷᠭᠡ ᠵᠠᠪᠠᠯ ᠪᠡᠯᠡᠳᠭᠡᠬᠦ ᠡᠮ ᠡᠮᠨᠡᠯᠭᠡ ᠵᠢᠨ ᠪᠠᠭ᠋ᠠᠵᠢ ᠬᠡᠷᠡᠭᠰᠡᠯ᠎ᠤᠳ᠎ᠢ ᠬᠣᠳᠠᠯᠳᠣᠨ ᠠᠪᠴᠣ᠂ ᠵᠣᠬᠢᠬᠣ ᠪᠡᠯᠡᠳᠭᠡᠯ ᠵᠶ᠋ᠡᠨ ᠰᠠᠢ᠌ᠲᠣᠷ ᠠᠮᠵᠢᠨ ᠬᠢᠵᠡᠭᠡᠯ᠎ᠡ᠃
       《ᠡᠳᠡᠭᠡᠷ ᠬᠡᠦᠭᠡᠳ᠎ᠤᠨ ᠳᠣᠳᠣᠷ᠎ᠠ᠂ ᠬᠠᠮᠣᠭ᠎ᠤᠨ ᠶᠡᠬᠡ᠎ᠨᠢ ᠳᠣᠯᠣᠭ᠎ᠠ ᠨᠠᠢ᠍ᠮᠠᠨ ᠨᠠᠰᠣᠲᠠᠢ᠂ ᠬᠠᠮᠣᠭ᠎ᠤᠨ ᠪᠠᠭ᠎ᠠ᠎ᠨᠢ ᠰᠠᠶᠢ ᠬᠡᠳᠦᠬᠡᠨ ᠰᠠᠷ᠎ᠠ  ᠪᠤᠯᠵᠤ ᠪᠠᠢ᠌ᠪᠠ ᠃ ᠲᠡᠮᠦᠷ ᠵᠠᠮ᠎ᠤᠨ ᠰᠠᠯᠠᠭ᠎ᠠ ᠮᠦᠴᠢᠷ᠎ᠠᠴᠠ ᠲᠣᠰᠬᠠᠢ᠌ᠯᠠᠨ ᠭᠠᠯᠲᠤ ᠲᠡᠷᠭᠡᠨ᠎ᠤ ᠬᠠᠮᠣᠭ᠎ᠤᠨ ᠰᠡᠭᠦᠯ᠎ᠤᠨ ᠬᠣᠶᠠᠷ ᠸᠠᠭᠣᠨ᠎ᠢ ᠮᠠᠨᠣᠰ᠎ᠲᠤ ᠲᠣᠬᠢᠷᠠᠭᠣᠯᠣᠨ ᠥᠭᠴᠦ᠂ ᠠᠶᠠᠨ᠎ᠤ  ᠳᠣᠮᠳᠠ ᠲᠡᠮᠦᠷ ᠵᠠᠮ᠎ᠤᠨ ᠦᠢ᠍ᠯᠡᠴᠢᠯᠡᠭᠴᠢ᠎ᠠᠴᠠ ᠤᠰᠤ᠂ ᠰᠢᠩᠬᠡᠨ ᠪᠣᠳᠠᠭ᠎ᠠ ᠬᠦᠷᠭᠡᠨ᠂ ᠨᠢᠭᠡ ᠵᠠᠮ ᠰᠠᠢ᠌ᠬᠠᠨ ᠬᠠᠷᠠᠭ᠋ᠠᠯᠵᠠᠭᠰᠠᠨ ᠶᠤᠮ᠃ ᠭᠠᠯᠲᠤ ᠲᠡᠷᠭᠡᠨ᠎ᠳᠤ ᠰᠠᠭᠣᠳᠠᠯ ᠲᠣᠭ᠋ᠠᠲᠠᠢ ᠲᠤᠯᠠ ᠪᠢᠳᠡ ᠭᠡᠦᠭᠡᠳ ᠎ᠤᠳ᠎ᠢ ᠰᠠᠭᠣᠳᠠᠯ ᠳᠡᠭᠡᠷ᠎ᠡ ᠲᠠᠯᠪᠢᠵᠦ᠂  ᠮᠠᠨᠣᠰ᠎ᠤᠨ ᠠᠵᠢᠯᠳᠠᠨ ᠨᠠᠷ ᠪᠦᠷ ᠸᠠᠭᠣᠨ᠎ᠤ ᠱᠠᠯᠠᠨ ᠳᠡᠭᠡᠷ᠎ᠡ ᠬᠡᠪᠲᠡᠳᠡᠭ ᠶᠤᠮ》 ᠭᠡᠮᠡᠨ ᠵᠢᠶᠠᠩ ᠶᠦᠩ ᠯᠦ᠍ ᠨᠠᠰᠤᠳᠠᠨ ᠬᠠᠭᠣᠴᠢᠯᠠᠨ᠎ᠠ᠃
        ᠲᠠᠯ᠎ᠠ ᠨᠤᠲᠤᠭ ᠎ᠲᠤ᠎ᠪᠠᠨ ᠡᠩᠬᠡ ᠲᠣᠩᠬ᠎ᠠ ᠦᠰᠴᠦ ᠲᠣᠷᠨᠢᠭᠰᠠᠨ᠎ᠨᠢ
      ᠡᠮᠦᠨ᠎ᠡ᠎ᠨᠢ 1958  ᠣᠨ᠎ᠳᠤ ᠠᠨᠾᠦ᠋ᠢ  ᠮᠤᠵᠢ ᠵᠢᠨ ᠥᠨᠥᠴᠢᠨ ᠬᠡᠦᠭᠡᠳ ᠦᠪᠦᠷ ᠮᠣᠩᠭᠣᠯ᠎ᠳᠤ ᠢᠷᠡᠭᠡᠳ ᠴᠠᠭ ᠠᠭᠤᠷ  ᠵᠣᠬᠢᠴᠠᠬᠣ ᠦᠬᠡᠢ᠎ᠠᠴᠠ ᠪᠤᠯᠵᠤ᠂ ᠭᠡᠨᠡᠳᠲᠡ᠎ᠪᠠᠷ  ᠡᠪᠡᠳᠴᠢᠯᠡᠵᠡᠭᠡᠭᠰᠡᠨ ᠲᠣᠷᠰᠢᠯᠭ᠎ᠠ ᠰᠣᠷᠭ᠋ᠠᠮᠵᠢ᠎ᠲᠠᠢ ᠪᠤᠯᠬᠤᠷ᠂ ᠡᠨᠡ ᠣᠳᠠᠭ᠎ᠠ  ᠬᠡᠦᠭᠡᠳ ᠎ᠤᠳ ᠦᠪᠦᠷ ᠮᠣᠩᠭᠣᠯ᠎ᠳᠤ ᠢᠷᠡᠭᠰᠡᠨ᠎ᠤ ᠳᠠᠷᠠᠭ᠎ᠠ ᠳᠡᠳᠡᠨ᠎ᠢ ᠬᠠᠮᠣᠭ᠎ᠤᠨ ᠲᠦᠷᠦᠭᠦᠨ᠎ᠳᠤ ᠡᠮᠨᠡᠯᠭᠡ᠎ᠳᠤ ᠠᠪᠠᠴᠢᠨ ᠪᠡᠶ᠎ᠡ ᠵᠢ᠎ᠨᠢ ᠪᠠᠢ᠌ᠴᠠᠭ᠋ᠠᠨ ᠡᠮᠨᠡᠨ ᠵᠠᠰᠠᠭᠰᠠᠨ᠎ᠤ ᠰᠡᠭᠦᠯᠡᠷ ᠰᠠᠶᠢ ᠠᠰᠠᠷᠠᠮᠵᠢ ᠵᠢᠨ ᠬᠦᠷᠢᠶᠡᠯᠡᠩ᠎ᠳᠤ ᠠᠪᠠᠴᠢᠨ  ᠲᠡᠩᠭᠡᠷᠡᠭᠦᠯᠦᠭᠰᠡᠨ᠎ᠤ ᠳᠠᠷᠠᠭ᠎ᠠ ᠰᠠᠶᠢ ᠮᠠᠯᠴᠢᠳ᠎ᠲᠤ ᠦᠭᠴᠦ ᠲᠡᠵᠢᠭᠡᠯᠭᠡᠭᠰᠡᠨ ᠠᠵᠢ᠃
        ᠡᠳᠡᠭᠡᠷ《ᠣᠯᠣᠰ᠎ᠤᠨ  ᠬᠡᠦᠭᠡᠳ》 ᠠᠰᠠᠷᠠᠮᠵᠢ ᠵᠢᠨ ᠬᠦᠷᠢᠶᠡᠯᠡᠩ᠎ᠳᠤ ᠪᠠᠢ᠌ᠭᠰᠠᠨ ᠨᠢᠭᠡ ᠵᠢᠯ᠎ᠳᠤ᠎ᠪᠠᠨ  ᠨᠡᠢ᠌ᠭᠡᠮ᠎ᠤᠨ ᠡᠯ᠎ᠡ ᠡᠲᠡᠭᠡᠳ᠎ᠤᠨ᠎ᠬᠢᠨ᠎ᠤ ᠬᠠᠢ᠌ᠷ᠎ᠠ ᠬᠠᠯᠠᠮᠵᠢ ᠵᠢ ᠶᠡᠬᠡᠬᠡᠨ ᠬᠦᠷᠳᠡᠭᠰᠡᠨ ᠶᠤᠮ᠃ ᠵᠢᠶᠠᠩ ᠶᠦᠩ ᠯᠦ᠍ ᠨᠠᠰᠣᠲᠠᠨ᠎ᠳᠤ  ᠬᠠᠮᠣᠭ᠎ᠤᠨ ᠭᠦᠨ ᠰᠠᠭᠣᠭᠳᠠᠭᠰᠠᠨ᠎ᠨᠢ ᠨᠢᠭᠡᠨ ᠮᠠᠯᠴᠢᠨ᠎ᠤ《  ᠬᠦᠯᠳᠡᠭᠦᠦ ᠰᠦ ᠭᠦᠷᠭᠡᠨ ᠭᠠᠴᠢᠭ᠎ᠠᠴᠠ ᠠᠪᠣᠷᠠᠭᠰᠠᠨ》 ᠶᠠᠪᠣᠳᠠᠯ ᠪᠣᠯᠣᠨ᠎ᠠ᠃1960 ᠣᠨ᠎ᠤ ᠡᠪᠦᠯ ᠠᠰᠠᠷᠠᠮᠵᠢ ᠵᠢᠨ ᠬᠦᠷᠢᠶᠡᠯᠡᠩ᠎ᠳᠤ ᠰᠦᠨ ᠲᠠᠯᠬ᠎ᠠ ᠳᠣᠲᠠᠭᠳᠠᠭᠰᠠᠨ ᠪᠠᠢ᠌ᠵᠠᠢ᠃《ᠶᠠᠭ ᠪᠢᠳᠡᠨ᠎ᠢ ᠭᠠᠷ ᠮᠣᠬᠣᠷᠳᠠᠵᠣ ᠮᠠᠯᠴᠢᠨ ᠎ᠢ ᠡᠷᠢᠵᠦ ᠬᠠᠪᠰᠣᠷᠣᠭᠣᠯᠬᠣ᠎ᠪᠠᠷ ᠪᠠᠵᠠᠭ᠋ᠠᠵᠤ ᠪᠠᠢ᠌ᠭ᠎ᠠ᠎ᠳᠤ ᠨᠢᠭᠡᠨ ᠨᠤᠲᠤᠭ᠎ᠤᠨ ᠮᠠᠯᠴᠢᠨ ᠬᠠᠰᠠᠭ ᠲᠡᠷᠭᠡ᠎ᠪᠠᠨ ᠭᠡᠯᠢᠭᠡᠳ ᠢᠷᠡᠯ᠎ᠡ᠃ ᠲᠡᠷᠭᠡᠨ ᠳᠡᠭᠡᠷ᠎ᠡ᠎ᠨᠢ ᠢᠰᠡᠭᠡᠢ᠎ᠪᠠᠷ ᠪᠣᠭᠣᠭᠰᠠᠨ  ᠬᠦᠯᠳᠡᠭᠦᠦ ᠰᠦ ᠠᠴᠢᠵᠤ᠂ ᠵᠠᠷᠢᠮ᠎ᠨᠢ ᠠᠶᠠᠭ᠋ᠠᠨ ᠬᠢᠷᠢ᠂ ᠵᠠᠷᠢᠮ᠎ᠨᠢ ᠶᠣᠰᠣᠲᠠᠢ ᠲᠣᠭᠣᠭ᠋ᠠᠨ᠎ᠤ ᠬᠢᠷᠢ ᠲᠣᠮᠣ᠃ ᠦᠵᠡᠬᠦ᠎ᠳᠤ᠂ ᠣᠯᠠᠨ  ᠭᠡᠷ ᠬᠤᠲᠠᠯᠠᠭ᠋ᠠᠷ᠎ᠤᠨ᠎ᠬᠢᠨ ᠴᠣᠭᠯᠠᠭᠣᠯᠵᠣ ᠬᠠᠨᠳᠢᠪᠯᠠᠭᠰᠠᠨ᠎ᠨᠢ ᠢᠯᠡᠬᠡᠨ》 ᠭᠡᠵᠦ ᠵᠢᠶᠠᠩ ᠨᠠᠰᠣᠲᠠᠨ ᠰᠡᠳᠭᠢᠯ ᠳᠣᠭᠳᠣᠯᠣᠩᠭᠣᠢ ᠶᠠᠷᠢᠬᠣ ᠶᠤᠮ᠃
      ᠡᠭᠦᠨ᠎ᠳᠤ᠂ ᠵᠢᠶᠠᠩ ᠶᠦᠩ ᠯᠦ᠍ ᠠᠯᠠᠰᠬᠢᠨ ᠪᠠᠶᠠᠷᠯᠠᠵᠤ᠂  ᠬᠦᠯᠳᠡᠭᠦᠦ ᠰᠦ ᠵᠢ᠎ᠨᠢ ᠲᠡᠷᠭᠡᠨ᠎ᠠᠴᠠ᠎ᠨᠢ ᠪᠠᠭᠣᠯᠭ᠋ᠠᠵᠤ ᠠᠪᠣᠭ᠋ᠠᠳ᠂ ᠮᠠᠯᠴᠢᠨ᠎ᠳᠤ ᠲᠣᠭ᠋ᠠᠴᠠᠭ᠎ᠠ ᠬᠢᠬᠦ ᠭᠡᠬᠦᠯᠡᠷ᠂ ᠴᠠᠭ᠋ᠠᠳᠣᠬᠢ᠎ᠨᠢ ᠬᠠᠷᠢᠨ ᠠᠭᠣᠷᠯᠠᠵᠣ᠄《  ᠡᠳᠡ ᠨᠠᠷ ᠴᠢᠨᠢ〈ᠤᠯᠤᠰ᠎ᠤᠨ ᠬᠡᠦᠭᠡᠳ〉ᠪᠢᠰᠢ ᠦᠦ᠂  ᠡᠨᠡ ᠬᠦᠯᠳᠡᠭᠦᠦ ᠰᠦ ᠵᠢ ᠪᠣᠯ ᠣᠯᠠᠨ ᠵᠶ᠋ᠠᠷ ᠵᠶ᠋ᠠᠨ ᠨᠠᠳᠠ᠎ᠳᠤ ᠨᠠᠢ᠌ᠳᠠᠨ〈ᠤᠯᠤᠰ᠎ᠤᠨ ᠬᠡᠦᠭᠡᠳ〉᠎ᠲᠤ ᠬᠦᠷᠭᠡᠯᠭᠡᠭᠰᠡᠨ ᠶᠤᠮ᠂ ᠶᠠᠮᠠᠷ ᠬᠣᠳᠠᠯᠳᠣᠬᠣ᠎ᠪᠠᠷ ᠢᠷᠡᠭᠰᠡᠨ ᠪᠢᠰᠢ ᠰᠢᠦ!》 ᠭᠡᠯ᠎ᠡ᠃
      ᠨᠢᠭᠡ ᠵᠢᠯ᠎ᠤᠨ ᠳᠠᠷᠠᠭ᠎ᠠ᠃ ᠬᠡᠦᠭᠡᠳ᠎ᠤᠳ᠎ᠤᠨ ᠪᠡᠶ᠎ᠡ ᠬᠡᠪ᠎ᠲᠤ᠎ᠪᠠᠨ ᠣᠷᠣᠭ᠋ᠠᠳ᠂ ᠮᠠᠯᠴᠢᠳ᠎ᠲᠤ ᠦᠷᠡᠴᠢᠯᠡᠭᠳᠡᠨ ᠲᠡᠵᠢᠭᠡᠭᠳᠡᠵᠦ ᠡᠬᠢᠯᠡᠯ᠎ᠡ᠃《ᠦᠷᠡᠴᠢᠯᠡᠵᠦ ᠲᠡᠵᠢᠭᠡᠬᠦ᠎ᠳᠤ᠎ᠨᠢ ᠮᠦᠨ ᠮᠠᠰᠢ ᠴᠢᠩᠭ᠎ᠠ ᠨᠦᠬᠦᠴᠡᠯ ᠪᠣᠢ᠂ ᠶᠠᠭᠣᠨ᠎ᠤ ᠡᠮᠦᠨ᠎ᠡ ᠬᠡᠦᠭᠡᠳ ᠦᠬᠡᠢ ᠮᠠᠯᠴᠢᠳ ᠰᠠᠶᠢ ᠡᠷᠡᠮᠡᠯᠵᠡᠯᠡᠵᠦ ᠪᠣᠯᠣᠨ᠎ᠠ᠃ ᠳᠠᠷᠠᠭ᠎ᠠ᠎ᠳᠤ᠎ᠨᠢ᠂ ᠦᠷᠡᠴᠢᠯᠡᠨ ᠲᠡᠵᠢᠭᠡᠬᠦ ᠨᠦᠬᠦᠴᠡᠯ ᠰᠠᠢ᠌ᠲᠠᠢ ᠪᠠᠢ᠌ᠬᠣ ᠭᠡᠷᠡᠭᠳᠡᠢ᠂ ᠦᠷᠡᠴᠢᠯᠡᠨ ᠲᠡᠵᠢᠭᠡᠭᠰᠡᠨ᠎ᠤ ᠳᠠᠷᠠᠭ᠎ᠠ ᠬᠠᠮᠢᠶ᠎ᠠ ᠪᠦᠬᠦᠢ ᠰᠠᠯᠠᠭ᠎ᠠ ᠮᠦᠴᠢᠷ᠎ᠠᠴᠠ ᠬᠡᠦᠭᠡᠳ᠎ᠤᠳ᠎ᠤᠨ ᠠᠮᠢᠳᠣᠷᠠᠯ ᠠᠬᠣᠢ ᠵᠢ᠎ᠨᠢ ᠮᠦᠷᠳᠡᠨ ᠰᠣᠷᠠᠭᠯᠠᠳᠠᠭ》 ᠭᠡᠵᠦ ᠵᠢᠶᠠᠩ ᠨᠠᠰᠣᠲᠠᠨ ᠬᠠᠭᠣᠴᠢ ᠳᠡᠯᠭᠡᠨ᠎ᠡ᠃
      ᠮᠣᠩᠭᠣᠯ᠂  ᠬᠢᠲᠠᠳ ᠦᠨᠳᠦᠰᠦᠳᠡᠨ᠎ᠤ ᠬᠠᠢ᠌ᠷ᠎ᠠ ᠰᠡᠳᠭᠢᠯᠭᠡ ᠭᠦᠨ᠎ᠠᠴᠠ ᠭᠦᠨ
      ᠶᠡᠬᠡ ᠬᠠᠢ᠌ᠷ᠎ᠠ ᠵᠢᠨ ᠲᠤᠤᠯᠢ ᠬᠠᠢ᠌ᠯᠠᠨ ᠬᠠᠢ᠌ᠯᠠᠭᠳᠠᠨ᠎ᠠ
         《ᠣᠳᠣ  ᠳᠣᠷᠠᠳᠬᠠᠪᠠᠯ᠂ ᠮᠠᠨᠣᠰ᠎ᠤᠨ ᠡᠮᠦᠨᠡᠲᠦ ᠣᠷᠣᠨ᠎ᠤ ᠦᠨᠦᠴᠢᠨ ᠬᠡᠦᠭᠡᠳ᠎ᠢ ᠦᠷᠡᠴᠢᠯᠡᠨ ᠲᠡᠵᠢᠭᠡᠭᠰᠡᠨ ᠎ᠨᠢ ᠠᠮᠵᠢᠯᠲᠠ ᠪᠦᠲᠦᠮᠵᠢ᠎ᠲᠠᠢ᠎ᠳᠤ᠎ᠪᠠᠨ  ᠲᠣᠭ᠋ᠠᠴᠠᠭᠳᠠᠨ᠎ᠠ᠂ ᠡᠳᠡᠭᠡᠷ ᠬᠡᠦᠭᠡᠳ ᠡᠷᠡᠭᠦᠯ ᠡᠩᠭᠡ  ᠲᠣᠩᠬ᠎ᠠ  ᠦᠭᠡᠯᠡᠢ ᠪᠣᠯᠣᠭᠰᠠᠨ ᠎ᠤ ᠬᠣᠢ᠌ᠨ᠎ᠠ᠂ ᠴᠡᠷᠢᠭ᠎ᠲᠤ ᠮᠣᠷᠳᠠᠭᠰᠠᠨ᠎ᠤ ᠪᠠᠢ᠌ᠨ᠎ᠠ᠂ ᠡᠮᠴᠢ ᠰᠣᠪᠢᠯᠠᠭᠴᠢ ᠪᠣᠯᠣᠭᠰᠠᠨ᠎ᠤ  ᠪᠠᠢ᠌ᠨ᠎ᠠ᠂ ᠢᠨᠵᠸᠨ᠋ᠸᠷ  ᠪᠣᠯᠣᠭᠰᠠᠨ᠎ᠤ ᠪᠠᠢ᠌ᠨ᠎ᠠ᠂ ᠵᠠᠷᠢᠮ᠎ᠨᠢ ᠮᠠᠯᠴᠢᠨ  ᠪᠣᠯᠵᠤ ᠲᠠᠯ᠎ᠠ ᠨᠣᠲᠣᠭ᠎ᠲᠤ᠎ᠪᠠᠨ ᠠᠮᠢᠳᠣᠷᠠᠭᠰᠠᠨ ᠴᠦ᠍ ᠪᠠᠢ᠌ᠨ᠎ᠠ》 ᠭᠡᠴᠢᠬᠡᠭᠡᠳ ᠵᠢᠶᠠᠩ ᠶᠦᠩ ᠯᠦ᠍ ᠨᠠᠰᠣᠲᠠᠨ ᠪᠣᠰᠣᠳ᠎ᠲᠠᠢ ᠠᠳᠠᠯᠢᠬᠠᠨ ᠵᠶ᠋ᠠᠷ ᠦᠨᠦᠴᠢᠨ ᠬᠡᠦᠭᠡᠳ᠎ᠤᠳ᠎ᠤᠨ ᠠᠵᠢᠯ ᠠᠮᠢᠳᠣᠷᠠᠯ᠎ᠢ ᠬᠠᠯᠠᠮᠵᠢᠯᠠᠭᠰᠠᠭ᠋ᠠᠷ ᠪᠦᠭᠡᠳ ᠲᠡᠳᠡ ᠨᠠᠷ᠎ᠤᠨ ᠵᠶ᠋ᠠᠨ ᠡᠮᠦᠨ᠎ᠡ᠎ᠠᠴᠠ  ᠪᠠᠶᠠᠷᠯᠠᠨ ᠣᠮᠣᠭᠰᠢᠭᠰᠠᠭ᠋ᠠᠷ ᠢᠷᠡᠵᠠᠢ᠃
        ᠦᠪᠦᠷ  ᠮᠣᠩᠭᠣᠯ᠎ᠳᠤ᠎ᠪᠠᠨ ᠬᠠᠮᠣᠭ᠎ᠤᠨ ᠡᠷᠲᠡ ᠡᠮᠦᠨᠡᠲᠦ ᠣᠷᠣᠨ᠎ᠤ ᠦᠨᠦᠴᠢᠨ ᠬᠡᠦᠭᠡᠳ᠎ᠢ ᠬᠦᠯᠢᠶᠡᠨ ᠠᠪᠣᠭᠰᠠᠨ ᠭᠠᠵᠠᠷ ᠣᠷᠣᠨ ᠪᠣᠯᠣᠭᠰᠠᠨ᠎ᠤ ᠬᠤᠪᠢ᠎ᠳᠤ᠂ ᠰᠢᠯᠢ ᠵᠢᠨ ᠭᠣᠣᠯ ᠠᠢ᠌ᠮᠠᠭ ᠤᠷᠢᠳ  ᠬᠣᠷᠢᠳ ᠭᠣᠷᠪᠠᠨ ᠮᠢᠩᠭ᠋ᠠᠨ ᠦᠨᠦᠴᠢᠨ ᠬᠡᠦᠭᠡᠳ᠎ᠤᠨ ᠨᠠᠢ᠍ᠮᠠᠨ ᠵᠠᠭᠣ  ᠢᠯᠡᠭᠦᠦ ᠵᠢ᠎ᠨᠢ ᠬᠦᠯᠢᠶᠡᠨ ᠠᠪᠴᠣ ᠦᠷᠡᠴᠢᠯᠡᠨ ᠲᠡᠵᠢᠭᠡᠭᠰᠡᠨ ᠶᠤᠮ᠃ ᠤᠯᠤᠰ ᠭᠡᠷ ᠣᠨᠴᠠᠭ᠋ᠠᠢ ᠬᠦᠴᠢᠷᠳᠡᠯ᠎ᠳᠤ ᠲᠣᠯᠭ᠋ᠠᠷᠠᠭᠰᠠᠨ  ᠦᠶ᠎ᠡ᠎ᠳᠤ᠂ ᠲᠠᠯ᠎ᠠ ᠨᠤᠲᠤᠭ ᠬᠠᠨᠠᠭ᠋ᠠᠷ ᠶᠡᠬᠡ ᠥᠷᠥᠴᠡ᠎ᠪᠠᠨ ᠳᠡᠯᠭᠡᠨ ᠡᠳᠡᠭᠡᠷ ᠡᠮᠦᠨ᠎ᠡ ᠣᠷᠣᠨ᠎ᠤ ᠦᠨᠦᠴᠢᠨ ᠬᠡᠦᠭᠡᠳ᠎ᠲᠤ  ᠥᠶᠥᠭ ᠳᠣᠯᠠᠭ᠋ᠠᠨ ᠭᠡᠷ ᠣᠯᠭᠣᠪᠠ᠂ ᠡᠨᠡ ᠪᠣᠯ ᠨᠢᠭᠡᠨ  ᠠᠮᠢ ᠨᠠᠰᠤᠨ᠎ᠤ  ᠢᠷᠠᠭᠣ ᠳᠠᠭᠣᠯᠠᠯ ᠮᠦᠷᠲᠡᠭᠡᠨ ᠦᠨᠳᠦᠰᠦᠳᠡᠨ᠎ᠤ ᠪᠦᠯᠬᠦᠮᠳᠡᠯ᠎ᠤᠨ   ᠰᠣᠨᠣᠷ ᠮᠢᠯᠢᠶᠠᠭᠰᠠᠨ ᠰᠠᠢ᠌ᠬᠠᠨ ᠦᠯᠢᠭᠡᠷ  ᠪᠣᠯᠣᠨ᠎ᠠ᠃
        ᠬᠡᠳᠦᠢ᠌ᠪᠡᠷ ᠲᠣᠬᠠᠢ ᠵᠢᠨ ᠵᠢᠯ᠎ᠤᠨ ᠦᠨᠦᠴᠢᠨ ᠬᠡᠦᠭᠡᠳ᠎ᠤᠳ  ᠣᠳᠤ  ᠨᠠᠰᠤ ᠪᠦᠷ ᠵᠢᠷᠠ ᠵᠢ ᠵᠣᠭᠣᠭᠯᠠᠵᠤ᠂ ᠡᠳᠡᠭᠡᠷ ᠬᠡᠦᠭᠡᠳ᠎ᠢ ᠬᠠᠪᠰᠣᠷᠣᠨ ᠳᠡᠳᠭᠦᠵᠦ ᠲᠡᠵᠢᠭᠡᠨ ᠦᠷᠡᠴᠢᠯᠡᠭᠰᠡᠨ《ᠳᠣᠲᠣᠨᠣ ᠬᠦᠮᠦᠰ》᠎ᠨᠢ ᠨᠠᠰᠤ ᠠᠬᠢᠵᠤ ᠵᠠᠭ᠋ᠠᠯ ᠪᠣᠭᠣᠷᠣᠯ ᠪᠣᠯᠣᠭᠰᠠᠨ ᠴᠦ᠍᠂ ᠡᠨᠡ ᠬᠦ᠌ ᠴᠢᠰᠣᠨ ᠲᠦᠷᠦᠯ᠂ ᠭᠠᠵᠠᠷ ᠣᠷᠣᠨ᠂ ᠴᠠᠭ  ᠬᠣᠭᠣᠴᠠᠭ᠎ᠠ ᠵᠢ ᠬᠡᠳᠦᠢ᠌ᠳᠦᠨ ᠳᠠᠪᠠᠭᠰᠠᠨ ᠠᠭᠣᠣ ᠶᠡᠬᠡ ᠬᠠᠢ᠌ᠷ᠎ᠠ ᠰᠡᠳᠭᠢᠯᠭᠡ᠎ᠨᠢ  ᠥᠨᠢ ᠮᠦᠩᠭᠡ ᠮᠢᠯᠠᠷᠠᠨ ᠪᠠᠯᠠᠷᠠᠰᠢ ᠦᠬᠡᠢ ᠂ ᠡᠨᠡ ᠬᠦ᠌《ᠮᠣᠩᠭᠣᠯ᠂ ᠬᠢᠲᠠᠳ ᠦᠨᠳᠦᠰᠦᠳᠡᠨ ᠨᠢᠭᠡ ᠭᠡᠷ᠎ᠤᠨ ᠎ᠬᠢᠨ  ᠮᠡᠲᠦ ᠣᠢ᠌ᠷ᠎ᠠ  ᠲᠣᠳᠣᠨᠣ》 ᠪᠠᠢ᠌ᠬᠣ ᠢᠷᠠᠭᠣ ᠲᠠᠩᠰᠤᠭ  ᠲᠣᠣᠯᠢᠰ᠎ᠨᠢ  ᠦᠨᠢᠳᠡ ᠬᠠᠢ᠌ᠯᠠᠭᠳᠠᠭᠰᠠᠭ᠋ᠠᠷ ᠪᠠᠢ᠌ᠬᠣ ᠪᠣᠯᠣᠨ᠎ᠠ᠃
       

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠪᠦᠬᠦ ᠤᠯᠤᠰ᠎ᠤᠨ ᠶᠠᠳᠠᠭᠤ᠎ᠠᠴᠠ ᠠᠩᠬᠢᠵᠢᠷᠠᠭᠤᠯᠬᠤ ᠪᠣᠭᠣᠮᠳᠠ ᠰᠢᠪᠳᠤᠯᠬᠤ ᠠᠵᠢᠯ᠎ᠤᠨ ᠲᠡᠷᠢᠭᠦᠨ᠎ᠤ ᠬᠣᠪᠢ ᠬᠦᠮᠦᠨ— ᠪᠠᠶᠠᠷ
ᠢᠳᠡᠭᠡᠯ ᠬᠦᠨᠳᠦ᠂ ᠡᠭᠦᠷᠭᠡ ᠬᠠᠷᠢᠭᠤᠴᠠᠯᠭ᠎ᠠ᠂ ᠵᠢᠳᠬᠦᠯ ᠲᠡᠮᠡᠦᠯᠡᠯ
ᠰᠢᠨ᠎ᠡ ᠠᠢ᠌ᠯ ᠭᠠᠴᠠᠭ᠋ᠠᠨ᠎ᠤ ᠨᠡᠷᠡᠲᠦ ᠪᠦᠬᠡᠴᠢᠳ ᠪᠠ ᠪᠦᠬᠡ ᠵᠢᠨ ᠰᠣᠶᠣᠯ᠎ᠤᠨ ᠤᠯᠠᠮᠵᠢᠯᠠᠯ
ᠨᠠᠰᠤᠨᠳᠠᠯᠠᠢ᠄ ᠠᠷᠠᠳ᠎ᠤᠨ ᠶᠠᠪᠤᠳᠠᠯ᠎ᠢ ᠤᠬᠠᠭᠤᠯᠬᠤ ᠪᠤᠯ 《ᠨᠡᠢ᠌ᠬᠡᠮ》 ᠰᠡᠳᠬᠦᠯ᠎ᠤᠨ ᠲᠠᠷᠬᠠᠨ ᠡᠬᠦᠷᠬᠡ
ᠴᠤᠯᠮᠤᠨ᠄ 《ᠲᠦᠷᠦᠭᠦᠦ ᠭᠠᠯᠠᠭᠤ》᠎ᠪᠠᠷ ᠳᠤᠳᠤᠷᠠᠨ 《ᠪᠦᠯᠬᠦᠮᠳᠡᠯ᠎ᠤᠨ ᠴᠡᠴᠡᠭ》᠎ᠢ ᠳᠡᠯᠭᠡᠷᠡᠭᠦᠯᠦᠨ᠎ᠡ
 
            