— ᠵᠢᠷᠦᠬᠡ ᠭᠠᠴᠠᠭ᠎ᠠ ᠵᠢᠨ ᠨᠠᠮ᠎ᠤᠨ ᠡᠬᠦᠷ᠎ᠤᠨ ᠱᠦᠵᠢ ᠰᠡᠴᠡᠨᠪᠠᠲᠤ ᠵᠢᠨ ᠲᠤᠬᠠᠢ ᠲᠠᠳᠠᠯᠠᠭ᠎ᠠ
ᠤᠷᠠᠨᠲ᠋ᠠᠨᠠ ᠵᠤᠬᠢᠶᠠᠪᠠ
ᠠᠷᠦ ᠬᠤᠷᠴᠢᠨ ᠬᠤᠰᠢᠭᠤᠨ᠎ᠤ ᠬᠠᠨᠰᠦ᠋ᠮ᠎ᠡ ᠰᠤᠮᠤ ᠵᠢᠨ ᠵᠢᠷᠦᠬᠡ ᠭᠠᠴᠠᠭ᠎ᠠ ᠵᠢᠨ ᠨᠠᠮ᠎ᠤᠨ ᠡᠭᠦᠷ᠎ᠤᠨ ᠱᠦᠵᠢ ᠰᠡᠴᠡᠨᠪᠠᠲᠤ ᠵᠢᠨ ᠭᠠᠴᠠᠭ᠎ᠠ ᠲᠤᠰᠬᠤᠨ᠎ᠤ ᠰᠢᠯᠢᠳᠡᠭ ᠨᠠᠮ᠎ᠤᠨ ᠡᠭᠦᠷ᠎ᠤᠨ ᠱᠦᠵᠢ ᠭᠠᠴᠠᠭ᠋ᠠᠨ ᠵᠦᠪᠯᠡᠯ᠎ᠤᠨ ᠡᠷᠬᠢᠯᠡᠭᠴᠢ ᠵᠢᠨ ᠬᠤᠪᠢ᠎ᠪᠠᠷ ᠰᠤᠮᠤ ᠰᠢᠶᠠᠩ ᠪᠠᠯᠭ᠋ᠠᠰᠤ ᠵᠢᠨ ᠠᠵᠢᠯ ᠦᠢ᠍ᠯᠡᠰ᠎ᠤᠨ ᠤᠷᠤᠨ ᠲᠤᠭ᠎ᠠ᠎ᠲᠠᠢ ᠠᠵᠢᠯᠲᠠᠨ ᠵᠶ᠋ᠠᠷ ᠡᠯᠰᠡᠭᠳᠡᠭᠰᠡᠨ ᠰᠠᠢ᠌ᠬᠠᠨ ᠰᠤᠷᠠᠭ ᠵᠶ᠋ᠠᠷ ᠰᠤᠷᠪᠤᠯᠵᠢᠯᠠᠬ᠍ᠴᠢ ᠵᠠᠪᠳᠤᠨ ᠬᠦᠷᠴᠦ ᠰᠤᠷᠪᠤᠯᠵᠢᠯᠠᠭ᠎ᠠ ᠠᠪᠤᠭᠰᠠᠨ ᠶᠤᠮ᠃
ᠠᠬᠠᠮᠠᠳ᠎ᠤᠨ ᠠᠮᠠᠨ᠎ᠠᠴᠠ ᠢᠷᠦᠭᠡᠯ ᠲᠤᠭᠲᠠᠨ᠎ᠠ
1972 ᠤᠨ᠎ᠳᠤ ᠠᠷᠦ ᠬᠤᠷᠴᠢᠨ ᠬᠤᠰᠢᠭᠤᠨ᠎ᠤ ᠬᠠᠨᠰᠦ᠋ᠮ᠎ᠠ ᠰᠤᠮᠤ ᠵᠢᠨ ᠵᠢᠷᠤᠬᠡ ᠭᠠᠴᠠᠭ᠎ᠠ ᠵᠢᠨ ᠮᠠᠯᠴᠢᠨ ᠰᠠᠢ᠌ᠨᠪᠤᠶᠡᠨ᠂ ᠤᠲᠤᠨᠵᠢᠷᠤᠭᠤᠨ ᠤᠤᠭ᠋ᠠᠨ ᠬᠦᠪᠡᠬᠦᠨ ᠪᠤᠯᠤᠨ ᠵᠠᠶᠠᠭ᠋ᠠᠭᠰᠠᠨ ᠰᠡᠴᠡᠨᠪᠠᠲᠤ᠂ 1987 ᠤᠨ᠎ᠳᠤ 15 ᠨᠠᠰᠤᠲᠠᠢ᠎ᠳᠠᠭᠠᠨ ᠬᠠᠨᠰᠦ᠋ᠮ᠎ᠡ ᠲᠤᠮᠳᠠᠳᠦ ᠰᠤᠷᠭ᠋ᠠᠭᠤᠯᠢ᠎ᠠᠴᠠ ᠠᠡᠭᠬ᠎ᠠ ᠲᠤᠮᠳᠠᠳᠦ ᠵᠢᠨ ᠰᠤᠷᠤᠯᠭ᠎ᠠ ᠲᠡᠭᠦᠰᠴᠦ᠂ ᠠᠷᠦ ᠬᠡᠷ᠎ᠤᠨ ᠠᠳᠠᠯ ᠠᠮᠢᠲᠤᠷᠡᠯ᠎ᠤᠨ ᠪᠠᠢ᠌ᠳᠡᠯᠠᠴᠠᠪᠠᠨ ᠰᠢᠯᠲᠠᠭ᠋ᠠᠯᠠᠭᠳᠠᠨ᠂ ᠰᠤᠷᠭ᠋ᠠᠭᠤᠯᠢ ᠰᠤᠶᠤᠯ᠎ᠤᠨ ᠮᠦᠷ ᠬᠦᠭᠡᠭᠡᠬᠦ ᠬᠦᠰᠡᠯ ᠵᠶ᠋ᠠᠨ ᠦᠷᠬᠦᠯᠵᠢᠯᠡᠬᠦᠯᠵᠦ ᠲᠡᠢ᠌ᠯᠦᠭᠰᠡᠨ ᠦᠬᠡᠢ ᠠᠵᠠᠢ᠃ ᠶᠠᠭᠤ ᠪᠦᠬᠦᠨ ᠶᠠᠭᠤᠨ᠎ᠤ᠎ᠪᠠᠨ ᠵᠢᠮ᠎ᠡ ᠪᠠᠢ᠌ᠳᠠᠭ᠎ᠤᠨ ᠶᠤᠰᠤᠭ᠋ᠠᠷ ᠰᠡᠴᠡᠨᠪᠠᠲᠤ ᠵᠠᠯᠠᠭᠤ ᠨᠤᠲᠤᠭ ᠠᠮᠢ᠎ᠲᠠᠢ ᠮᠠᠯᠴᠢᠨ ᠵᠠᠶᠠᠭ᠎ᠠ ᠲᠦᠰᠢᠭᠰᠡᠨ᠎ᠨᠢ ᠡᠨᠡ ᠠᠵᠠᠢ᠃
ᠬᠦᠳᠡᠭᠡ᠎ᠳᠡᠭᠡᠨ ᠪᠤᠴᠠᠭᠰᠠᠨ ᠰᠡᠴᠡᠪᠠᠲᠤ᠂ ᠠᠵᠢᠯ ᠬᠦᠳᠡᠯᠮᠦᠷᠢ᠎ᠳᠤ ᠡᠷᠡᠮᠬᠡᠢ᠌ᠯᠡᠨ ᠤᠷᠤᠯᠴᠠᠵᠤ᠂ 《ᠮᠢᠩᠭ᠋ᠠᠨ ᠮᠡᠷᠭᠡᠵᠢᠯ᠎ᠲᠠᠢ》 ᠮᠠᠯᠴᠢᠨ᠎ᠢ 《ᠪᠢᠷ ᠪᠠᠷᠢᠪᠠᠯ ᠪᠢᠴᠢᠭᠲᠡᠨ᠂ ᠪᠢᠯᠠᠭᠤ ᠰᠢᠳᠡᠪᠡᠯ ᠠᠩᠴᠢᠨ᠂ ᠵᠠᠩᠭᠢᠶ᠎ᠠ ᠵᠡᠭᠦᠪᠡᠯ ᠪᠦᠬᠡᠴᠢᠨ᠂ ᠤᠷᠭ᠎ᠠ ᠲᠤᠬᠤᠢ᠌ᠯᠠᠪᠠᠯ ᠡᠮᠨᠢᠭᠴᠢᠨ》 ᠬᠡᠵᠦ ᠲᠦᠷᠰᠦᠯᠡᠳᠡᠭ ᠰᠢᠭ ᠪᠡᠶ᠎ᠡ ᠭᠠᠯᠪᠢᠷ ᠪᠢᠷ᠎ᠠ ᠴᠢᠳᠠᠯ᠎ᠲᠠᠢ᠂ ᠪᠤᠳᠤᠯᠭ᠎ᠠ ᠤᠬᠠᠭ᠋ᠠᠨ᠎ᠲᠠᠢ ᠠᠵᠢᠯᠰᠠᠭ ᠵᠠᠯᠠᠭᠤ ᠪᠤᠯᠬᠤ᠎ᠪᠠᠨ ᠠᠢ᠌ᠯ ᠠᠢ᠌ᠮᠠᠭ᠂ ᠬᠠᠪᠢ ᠲᠦᠰᠦᠷᠲᠡᠭᠡᠨ ᠭᠠᠢ᠌ᠬᠠᠭᠤᠯᠤᠭ᠋ᠠᠳ ᠦᠭᠬᠦ᠎ᠨᠢ ᠲᠡᠷᠡ᠃
ᠠᠢ᠌ᠯ ᠤᠰᠤᠨ᠎ᠤ ᠬᠢᠨᠢ ᠠᠬᠠᠰ ᠵᠠᠬᠠᠰ᠎ᠠᠴᠠ ᠠᠬᠢᠭᠤᠯᠤᠭ᠋ᠠᠳ᠂ ᠠᠬᠠᠮᠠᠳ ᠭᠠᠴᠠᠭ᠎ᠠ ᠵᠦᠪᠯᠡᠯ᠎ᠤᠨ ᠲᠠᠷᠤᠭ᠎ᠠ ᠤᠳᠤᠷᠢᠳᠤᠯᠭ᠎ᠠ ᠨᠠᠷ ᠪᠦᠷ ᠯᠡ ᠡᠷᠡᠬᠡᠢ ᠭᠠᠷᠭ᠋ᠠᠨ ᠮᠠᠭᠲᠠᠳᠠᠭᠢ ᠲᠤᠷᠠᠰᠬᠤᠢᠳᠤᠷ 《ᠠᠬᠠᠮᠠᠳ᠎ᠤᠨ ᠠᠮᠠᠨ᠎ᠠᠴᠠ ᠢᠷᠦᠭᠡᠯ ᠲᠤᠭᠳᠠᠳᠠᠭ》 ᠭᠡᠵᠦ ᠪᠤᠳᠤᠭᠳᠠᠬᠤ᠎ᠨᠢ᠃ ᠪᠤᠳᠤᠭᠳᠠᠬᠤ ᠵᠢᠨ ᠨᠠᠭ᠋ᠠᠭᠤᠷ ᠪᠠᠰᠠ 《ᠢᠷᠦᠭᠡᠯ᠎ᠤᠨ ᠬᠠᠷᠢᠭᠤ ᠬᠠᠢ᠌ᠷ᠎ᠠ ᠬᠠᠷᠢᠭᠤᠴᠠᠯᠭ᠎ᠠ ᠲᠦᠷᠦᠭᠳᠡᠨ᠎ᠡ》 ᠬᠡᠵᠦ ᠤᠴᠢᠷᠯᠠᠭᠳᠠᠨᠠᠮ᠃
22ᠲᠠᠢᠠᠴᠠᠪᠠᠨ ᠲᠤᠮᠳᠡᠳᠦ ᠤᠯᠤᠰ᠎ᠤᠨ ᠡᠪ ᠬᠠᠮᠳᠦ ᠨᠠᠮ᠎ᠳᠤ ᠡᠷᠡᠮᠡᠯᠵᠡᠯᠡᠨ᠂ 27ᠲᠠᠢ᠎ᠳᠠᠭᠠᠨ ᠢᠷᠠᠭᠤ ᠠᠯᠳᠠᠷᠲᠠᠢ᠎ᠪᠠᠷ ᠨᠠᠮ᠎ᠳᠤ ᠡᠯᠰᠡᠭᠳᠡᠭᠰᠡᠨ ᠭᠠᠯ ᠵᠠᠯᠠᠭᠤ ᠨᠠᠰᠤᠨ᠎ᠤ ᠰᠡᠴᠡᠨᠪᠠᠲᠤ᠂ 《ᠶᠠᠭᠤ ᠨᠢᠬᠡ ᠵᠢ ᠬᠢᠵᠦ᠂ ᠶᠠᠭᠤ ᠨᠢᠭᠡ ᠵᠢ ᠪᠦᠲᠦᠬᠡᠨ᠂ ᠮᠠᠯᠴᠢᠨ ᠲᠦᠮᠡᠨ᠎ᠳᠡᠭᠡᠨ ᠦᠢ᠍ᠯᠡᠴᠢᠯᠡᠨ᠂ ᠮᠠᠯᠵᠢᠬᠤ ᠤᠷᠤᠨ᠎ᠤ᠎ᠪᠠᠨ ᠬᠦᠭᠵᠢᠯ ᠴᠡᠴᠡᠭᠯᠡᠯ᠎ᠳᠤ ᠦᠪᠡᠷ᠎ᠤᠨ ᠭᠡᠬᠦ ᠵᠢᠳᠬᠦᠯ ᠵᠶ᠋ᠠᠨ ᠡᠷᠬᠦᠬᠦ ᠶᠤᠮᠰᠠᠨ》 ᠭᠡᠬᠦ ᠡᠵᠡᠨ ᠬᠦᠮᠦᠨ᠎ᠤ ᠤᠬᠠᠮᠰᠠᠷ ᠵᠤᠷᠢᠭ ᠤᠷᠭᠢᠯᠤᠩᠬᠠᠨ ᠪᠠᠢ᠌ᠯ᠎ᠠ᠃ ᠡᠢ᠌ᠨᠬᠦ ᠰᠡᠴᠡᠨᠪᠠᠲᠤ ᠬᠤᠷᠢᠬᠠᠨ ᠨᠠᠰᠤᠨ᠎ᠠᠴᠠ᠎ᠪᠠᠨ 1992 ᠤᠨ᠎ᠳᠤ ᠭᠠᠴᠠᠭ᠎ᠠ ᠨᠠᠮ᠎ᠤᠨ ᠡᠬᠦᠷ᠎ᠤᠨ ᠠᠵᠢᠯ᠎ᠳᠤ ᠤᠶᠠᠯᠳᠤᠵᠤ᠂ 1994 ᠤᠨ᠎ᠤ ᠭᠠᠴᠠᠭ᠋ᠠᠨ ᠵᠦᠪᠯᠡᠯ᠎ᠤᠨ ᠬᠤᠶᠠᠳᠤᠭ᠋ᠠᠷ ᠬᠤᠭᠤᠴᠠᠭ᠎ᠠ ᠵᠢᠨ ᠰᠤᠡᠭᠭᠤᠭᠤᠯᠢ᠎ᠪᠠᠷ ᠲᠠᠮᠵᠢᠨ ᠭᠠᠴᠠᠭ᠋ᠠᠨ ᠵᠦᠪᠯᠡᠯ᠎ᠤᠨ ᠪᠦᠷᠢᠯᠳᠦᠭᠦᠨ ᠪᠤᠯᠵᠤ᠂ ᠪᠠᠶᠠᠨᠴᠠᠭ᠋ᠠᠨ ᠲᠤᠭᠤᠢ᠌ᠯᠡᠡᠭᠤᠨ ᠲ᠋ᠤᠭᠤᠢ᠌ᠯᠡᠡᠭᠤᠨ ᠲᠠᠷᠤᠭ᠎ᠠ᠂ ᠭᠤᠷᠪᠨ᠌ᠠᠬᠤᠰᠢᠭᠤ ᠭᠠᠴᠠᠭ᠎ᠠ ᠵᠢᠨ ᠡᠪᠯᠡᠯ᠎ᠤᠨ ᠡᠬᠦᠷ᠎ᠤᠨ ᠱᠦᠵᠢ ᠵᠢᠨ ᠠᠵᠢᠯ᠎ᠢ ᠬᠠᠷᠢᠭᠤᠴᠠᠨ᠂ 1998 ᠤᠨ᠎ᠤ 10 ᠰᠡᠷ᠎ᠠ᠎ᠠᠴᠠ 2003 ᠤᠨ᠎ᠤ 6 ᠰᠡᠷ᠎ᠠ ᠪᠤᠯᠳᠠᠯ᠎ᠠ ᠭᠤᠷᠪᠨ᠌ᠠᠬᠤᠰᠢᠭᠤ ᠭᠠᠴᠠᠭ᠎ᠠ ᠵᠢᠨ ᠭᠠᠴᠠᠭ᠎ᠠ ᠲᠠᠷᠤᠭ᠎ᠠ᠎ᠪᠠᠷ ᠠᠵᠢᠯᠯᠠᠵᠤ᠂ 2003 ᠤᠨ᠎ᠤ 6 ᠰᠡᠷ᠎ᠠ᠎ᠠᠴᠠ 2010 ᠤᠨ 6 ᠰᠡᠷ᠎ᠠ ᠪᠤᠯᠳᠠᠯ᠎ᠠ ᠵᠢᠷᠤᠬᠡ ᠭᠠᠴᠠᠭ᠎ᠠ ᠵᠢᠨ ᠨᠠᠮ᠎ᠤᠨ ᠡᠬᠦᠷ᠎ᠤᠨ ᠲᠡᠳ᠋ ᠱᠦᠵᠢ᠂ ᠨᠢᠡᠡᠳᠡᠯᠡᠨ ᠪᠤᠲᠤᠨᠨᠴᠢ ᠵᠢᠨ ᠠᠵᠢᠯ᠎ᠢ ᠬᠠᠪᠰᠤᠷᠭ᠋ᠠᠨ ᠡᠭᠦᠷᠭᠡᠯᠡᠵᠦ ᠪᠠᠢ᠌ᠵᠠᠢ᠃ ᠵᠠᠯᠠᠭᠤ ᠨᠠᠮ᠎ᠤᠨ ᠬᠡᠰᠢᠬᠦᠨ ᠺᠠᠳ᠋ᠷ᠎ᠢ ᠲᠠᠪᠲᠠᠨ ᠪᠤᠯᠪᠠᠰᠤᠷᠠᠭᠤᠯᠬᠤ ᠵᠤᠷᠢᠯᠭ᠎ᠠ᠎ᠪᠠᠷ 2007 ᠤᠨ᠎ᠠᠴᠠ ᠲᠡᠭᠦᠨ᠎ᠢ ᠦᠪᠤᠷ ᠮᠤᠡᠭᠭᠤᠯ᠎ᠤᠨ ᠨᠠᠮ᠎ᠤᠨ ᠰᠤᠷᠭ᠋ᠠᠭᠤᠯᠢ᠎ᠳᠤ ᠬᠤᠶᠠᠷ ᠵᠢᠯ ᠰᠤᠷᠤᠯᠴᠠᠭᠤᠯᠤᠭᠰᠠᠨ ᠪᠠᠢ᠌ᠨ᠎ᠠ᠃ 2010 ᠤᠨ᠎ᠤ 6 ᠰᠡᠷ᠎ᠠ᠎ᠠᠴᠠ ᠵᠢᠷᠣᠬᠡ ᠭᠠᠴᠠᠭ᠎ᠠ ᠵᠢᠨ ᠨᠠᠮ᠎ᠤᠨ ᠡᠬᠦᠷ᠎ᠤᠨ ᠱᠦᠵᠢ᠎ᠪᠠᠷ ᠰᠤᠩᠭᠤᠭᠳᠠᠭᠰᠠᠨ ᠰᠡᠴᠡᠨᠪᠠᠲᠤ ᠵᠢᠨ ᠨᠠᠮ ᠠᠷᠠᠳ ᠲᠦᠮᠡᠨ᠎ᠤ᠎ᠪᠠᠨ ᠢᠳᠡᠭᠡᠯ ᠬᠦᠨᠳᠦ ᠵᠢ ᠡᠷᠭᠦᠵᠦ᠂ ᠢᠳᠡᠭᠡᠯ᠎ᠤᠨ ᠬᠠᠷᠢᠭᠤ ᠲᠠᠯᠠᠷᠬᠠᠯ᠂ ᠲᠠᠯᠠᠷᠬᠠᠯ᠎ᠤᠨ ᠬᠠᠷᠢᠭᠤ ᠡᠬᠦᠷᠭᠡᠯᠡᠯ᠂ ᠡᠬᠦᠷᠭᠡᠯᠡᠯ᠎ᠤᠨ ᠬᠠᠷᠢᠭᠤ ᠵᠢᠳᠬᠦᠯ᠎ᠲᠠᠢ ᠶᠠᠪᠤᠭ᠎ᠠ ᠵᠢ ᠦᠷᠬᠦᠯᠵᠢᠯᠡᠨ ᠦᠭᠦᠯᠡᠰᠦ᠃
ᠵᠢᠷᠦᠬᠡ ᠬᠡᠯᠪᠡᠷᠢᠳᠡᠢ ᠮᠠᠩᠬ᠎ᠠ ᠵᠢᠨ ᠵᠶ᠋ᠠᠨ ᠨᠡᠷ᠎ᠡ᠎ᠪᠠᠷ ᠵᠢᠷᠦᠬᠡ ᠵᠢᠨ ᠠᠢ᠌ᠯ ᠪᠤᠯᠤᠬᠰᠠᠨ ᠡᠨᠡ ᠨᠤᠲᠤᠭ᠎ᠤᠨ ᠵᠶ᠋ᠠᠨ ᠦᠷᠦᠴᠡᠨ᠎ᠳᠤ ᠡᠯᠢᠭᠡ᠎ᠪᠠᠷ ᠵᠶ᠋ᠠᠨ ᠤᠨᠠᠬᠰᠠᠨ ᠦᠷ᠎ᠡ᠎ᠨᠢ ᠶᠤᠮ ᠪᠤᠯᠬᠤᠷ ᠡᠨᠡ ᠨᠤᠲᠤᠭ᠎ᠤᠨ ᠬᠦᠮᠦᠨ ᠠᠷᠠᠳ᠎ᠨᠢ ᠵᠢᠷᠦᠬᠡᠨ ᠲᠠᠯᠠᠳᠤᠨᠢ ᠪᠠᠢ᠌ᠳᠠᠭ ᠶᠤᠮ ᠡ ᠬᠡᠵᠦ ᠵᠢᠷᠦᠬᠡ ᠭᠠᠴᠠᠭ᠎ᠠ ᠵᠢᠨ ᠨᠠᠮ᠎ᠤᠨ ᠡᠬᠦᠷ᠎ᠤᠨ ᠱᠦᠵᠢ ᠰᠡᠴᠡᠨᠪᠠᠲᠤ ᠵᠢᠳᠬᠦᠵᠦ ᠢᠷᠡᠭᠰᠡᠨ ᠤᠯᠠ ᠮᠦᠷ ᠵᠶ᠋ᠠᠷ ᠵᠶ᠋ᠠᠨ ᠭᠡᠷᠡᠴᠢᠯᠡᠨ᠎ᠡ᠃
ᠬᠠᠨᠰᠦ᠋ᠮ᠎ᠠ ᠰᠤᠮᠤ ᠵᠢᠨ ᠵᠢᠷᠤᠬᠡ ᠭᠠᠴᠠᠭ᠎ᠠ ᠪᠤᠯ ᠴᠤᠯ ᠮᠠᠯᠵᠢᠬᠤ ᠭᠠᠴᠠᠭ᠎ᠠ ᠪᠠᠢ᠌ᠵᠤ᠂ ᠭᠤᠷᠪᠡᠨ ᠪᠠᠢ᠌ᠭ᠋ᠠᠯᠢ ᠠᠢ᠌ᠯ ᠵᠶ᠋ᠠᠷ ᠪᠦᠷᠢᠯᠳᠦᠭᠰᠡᠨ 340 ᠡᠷᠣᠬᠡ᠂ 987 ᠬᠦᠮᠤᠨ ᠠᠮᠠ᠎ᠲᠠᠢ᠂ ᠮᠤᠡᠭᠭᠤᠯ ᠦᠨᠲᠤᠰᠤᠳᠡᠨ ᠵᠶ᠋ᠠᠷ ᠭᠤᠤᠯᠯᠠᠭᠰᠠᠨ ᠬᠢᠳᠡᠤᠨ᠂ ᠮᠠᠨᠵᠦ ᠦᠨᠲᠤᠰᠤᠳᠡᠨ ᠬᠤᠯᠢᠯᠲᠤᠨ ᠰᠠᠭᠤᠷᠰᠢᠨᠨᠰᠡᠨ ᠦᠨᠳᠦᠰᠦᠲᠡᠨ᠎ᠤ 《ᠶᠡᠬᠡ ᠭᠡᠷ ᠪᠦᠯᠢ》 ᠪᠠᠢ᠌ᠭ᠎ᠠ ᠶᠤᠮ᠃ ᠡᠨᠡ 《ᠶᠡᠬᠡ ᠭᠡᠷ ᠪᠦᠯᠢ》 ᠵᠢᠨ ᠠᠵᠢᠯ ᠠᠯᠪᠠ ᠲᠡᠭᠦᠨ᠎ᠤ ᠮᠦᠷᠦᠨ ᠲᠡᠭᠡᠷ᠎ᠡ ᠬᠦᠨᠳᠦᠬᠡᠨ ᠲᠤᠰᠤᠭᠰᠠᠨ ᠭᠡᠳᠡᠭ᠎ᠢ ᠰᠡᠴᠡᠨᠪᠠᠲᠤ᠎ᠪᠠᠷ ᠲᠤᠳᠤᠷᠬᠠᠢ ᠤᠢ᠌ᠯᠠᠭ᠋ᠠᠬᠤ ᠪᠦᠭᠡᠳ ᠪᠤᠳᠠᠲᠤ ᠠᠵᠢᠯᠯᠠᠭ᠎ᠠ᠎ᠪᠠᠷ ᠵᠶ᠋ᠠᠨ ᠪᠦᠷᠢᠨ ᠪᠡᠶᠡᠯᠡᠬᠦᠯᠬᠦ᠎ᠪᠠᠷ ᠪᠤᠳᠤᠯᠭ᠎ᠠ ᠰᠢᠭᠤᠳᠤᠭᠰᠠᠨ ᠪᠠᠢ᠌ᠯ᠎ᠠ᠃
ᠲᠡᠬᠡᠬᠦ᠎ᠳᠤ ᠪᠠᠰᠠ ᠲᠠᠪᠲᠠᠯᠲᠠ ᠪᠤᠯᠪᠠᠰᠤᠷᠠᠯ᠂ ᠲᠠᠳᠤᠯᠭ᠎ᠠ ᠲᠤᠷᠰᠢᠯᠭ᠎ᠠ ᠵᠢᠨ ᠶᠠᠪᠤᠴᠠ ᠲᠤᠳᠠᠭᠳᠠᠵᠤ ᠪᠤᠯᠬᠤ ᠦᠬᠡᠢ ᠶᠤᠮ ᠪᠠᠢ᠌ᠨ᠎ᠠ᠃ 《ᠭᠠᠴᠠᠭ᠋ᠠᠨ᠎ᠤ ᠵᠤᠬᠢᠶᠠᠨ ᠪᠠᠢ᠌ᠭᠤᠯᠤᠯᠲᠠ ᠵᠢᠨ ᠠᠵᠢᠯ᠎ᠢ ᠠᠡᠭᠬ᠎ᠠ ᠭᠠᠷᠳᠡᠨ ᠠᠪᠬᠤ᠎ᠳᠤ ᠬᠠᠮᠢᠭ᠎ᠠ᠎ᠠᠴᠠ᠎ᠨᠢ ᠭᠠᠷ ᠤᠷᠤᠵᠦ᠂ ᠶᠠᠭ᠋ᠠᠬᠢᠵᠦ ᠬᠢᠬᠦ᠎ᠪᠠᠨ ᠤᠯᠬᠤ ᠦᠬᠡᠢ ᠭᠠᠷ ᠨᠤᠬᠤᠯᠠᠬᠤ ᠦᠶ᠎ᠡ ᠴᠤ᠌ ᠲᠤᠬᠢᠶᠠᠯᠳᠤᠵᠤ ᠪᠠᠢ᠌ᠨᠨᠰᠡᠨ᠂ ᠠᠵᠠ᠎ᠪᠠᠷ ᠠᠬᠠᠮᠡᠤᠨ ᠨᠢᠬᠡ ᠦᠶ᠎ᠠ ᠵᠢᠨ ᠭᠠᠴᠠᠭ᠋ᠠᠨ᠎ᠤ ᠠᠬᠠᠮᠠᠳ ᠤᠳᠤᠷᠢᠳᠤᠯᠭ᠎ᠠ ᠰᠡᠡᠭᠬᠡ᠂ ᠭᠠᠷᠤᠳᠢ ᠨᠡᠷ᠎ᠤᠨ ᠨᠠᠷᠢᠨ ᠨᠢᠮᠪᠠᠢ ᠵᠢᠭ᠋ᠠᠨ ᠵᠢᠯᠤᠭᠤᠲᠤᠯᠭ᠎ᠠ ᠬᠢᠭᠡᠳ ᠬᠠᠪᠰᠤᠷᠤᠯᠭ᠎ᠠ ᠲᠡᠮᠵᠢᠯᠭᠡ᠎ᠪᠠᠷ ᠤᠬᠠᠭ᠋ᠠᠨ ᠬᠦᠯ᠎ᠢ᠎ᠨᠢ ᠠᠶᠠᠨᠳᠠᠭ᠋ᠠᠨ ᠤᠯᠵᠤ᠂ ᠭᠠᠴᠠᠭ᠎ᠠ ᠵᠢᠨ ᠡᠯ᠎ᠡ ᠲᠦᠷᠦᠯ᠎ᠤᠨ ᠠᠵᠢᠯ ᠪᠠ ᠮᠠᠯᠴᠢᠳ᠎ᠤᠨ ᠦᠢ᠍ᠯᠡᠳᠪᠦᠷᠢᠯᠡᠯ ᠠᠮᠢᠳᠤᠷᠠᠯ᠎ᠤᠨ ᠪᠠᠢ᠌ᠳᠠᠯ᠎ᠢ ᠪᠦᠬᠦ ᠲᠠᠯ᠎ᠠ᠎ᠪᠠᠷ ᠤᠢ᠌ᠯᠠᠭ᠋ᠠᠬᠤ ᠪᠤᠯᠤᠭᠰᠠᠨ》 ᠬᠡᠬᠦ ᠰᠡᠴᠡᠨᠪᠠᠲᠤ ᠵᠢᠨ 《ᠭᠠᠷ᠎ᠢ᠎ᠨᠢ ᠭᠠᠨᠵᠤᠭ᠋ᠠᠨᠳᠤ᠂ ᠬᠦᠯ᠎ᠢ᠎ᠨᠢ ᠲᠦᠷᠦᠭᠡᠨ᠎ᠳᠤ ᠬᠦᠷᠭᠡᠭᠰᠡᠨ》 ᠠᠴᠢᠳᠠᠳ ᠵᠶ᠋ᠠᠨ ᠲᠤᠷᠠᠰᠤᠨ ᠶᠠᠷᠢᠬᠤ᠎ᠨᠢ ᠰᠤᠨᠤᠰᠪᠤᠷᠢᠲᠠᠢ᠃
ᠲᠦᠪ ᠭᠤᠤᠯᠴᠢ ᠠᠷᠢᠭᠤᠨ ᠴᠢᠭᠡᠴᠢ᠂ ᠢᠯᠡᠵᠢᠭᠦᠯᠦᠯᠲᠡ ᠵᠢ ᠲᠦᠮᠡᠨ ᠤᠯᠠᠨ ᠵᠶ᠋ᠠᠷ ᠵᠶ᠋ᠠᠨ ᠬᠦᠷᠢᠶᠡᠯᠡᠨ᠎ᠡ
2010 ᠤᠨ᠎ᠳᠤ ᠭᠠᠴᠠᠭ᠎ᠠ ᠵᠢᠨ ᠨᠠᠮ᠎ᠤᠨ ᠡᠭᠦᠷ᠎ᠤᠨ ᠱᠦᠵᠢ ᠪᠤᠯᠤᠬᠰᠠᠨ᠎ᠤ ᠬᠤᠪᠢ᠎ᠳᠤ ᠰᠡᠴᠡᠡᠪᠡᠳᠦ᠂ ᠦᠨᠳᠦᠰᠦᠨ ᠱᠠᠲᠤᠨ᠎ᠤ ᠨᠠᠮ᠎ᠤᠨ ᠵᠤᠬᠢᠶᠠᠨ ᠪᠠᠢ᠌ᠭᠤᠯᠤᠯᠲᠠ ᠵᠢᠨ ᠲᠠᠢ᠌ᠴᠢᠨ ᠦᠢ᠍ᠯᠡᠳᠦᠯ᠎ᠢ ᠦᠨᠡᠨᠬᠦ ᠪᠠᠳᠠᠷᠠᠭᠤᠯᠤᠨ᠂ ᠦᠨᠳᠦᠰᠦᠨ ᠱᠠᠲᠤᠨ᠎ᠤ ᠨᠠᠮ᠎ᠤᠨ ᠬᠡᠰᠢᠭᠦᠳ᠎ᠤᠨ ᠦᠵᠡᠯ ᠤᠬᠠᠮᠰᠠᠷ᠎ᠢ ᠤᠯᠠᠮ ᠨᠢᠬᠡ ᠠᠯᠬᠤᠮ ᠲᠡᠭᠡᠭᠰᠢᠯᠡᠬᠦᠯᠬᠦ᠂ ᠦᠨᠳᠦᠰᠦᠨ ᠱᠠᠲᠤᠨ᠎ᠤ ᠨᠠᠮ᠎ᠤᠨ ᠬᠡᠰᠢᠬᠦᠨ᠎ᠤ ᠡᠩᠨᠡᠭᠡ ᠵᠢᠨ ᠪᠦᠳᠦᠭᠡᠨ ᠪᠠᠢ᠌ᠭᠤᠯᠤᠯᠲᠠ ᠵᠢ ᠴᠢᠩᠭ᠋ᠠᠳᠬᠠᠬᠤ᠎ᠪᠠᠷ ᠨᠠᠮ᠎ᠤᠨ ᠬᠡᠰᠢᠭᠦᠳ᠎ᠤᠨ ᠬᠤᠰᠢᠭᠤᠴᠢ ᠵᠢᠱ᠌ᠢᠶᠡᠴᠢ ᠦᠢ᠍ᠯᠡᠳᠦᠯ᠎ᠢ ᠨᠡᠩ ᠰᠠᠢ᠌ᠨ ᠪᠠᠳᠠᠷᠠᠭᠤᠯᠬᠤ ᠵᠢᠨ ᠲᠦᠯᠦᠭᠡ ᠦᠨᠳᠦᠷ ᠪᠦᠳᠦᠮᠵᠢ᠎ᠲᠠᠢ ᠠᠵᠢᠯ᠎ᠤᠨ ᠠᠷᠭ᠎ᠠ ᠠᠪᠴᠠᠯ ᠠᠪᠤᠭᠰᠠᠨ ᠪᠠᠢ᠌ᠨ᠎ᠠ᠃ ᠬᠤᠷᠢᠭ᠋ᠠᠳ ᠲᠦᠮᠡᠨ ᠲᠦᠬᠦᠷᠢᠭ᠎ᠤᠨ ᠪᠠᠯᠨ ᠤᠷᠤᠭᠤᠯᠤᠨ᠂ 80 ᠲᠡᠭᠰᠢ ᠲᠦᠷᠪᠡᠯᠵᠢᠨ ᠮᠧᠲᠷ ᠪᠦᠬᠦᠢ ᠨᠠᠮ᠎ᠤᠨ ᠭᠡᠰᠢᠭᠦᠨ᠎ᠤ ᠠᠵᠢᠯᠯᠠᠭ᠋ᠠᠨ᠎ᠤ ᠬᠡᠷ ᠪᠠ 200 ᠲᠡᠭᠰᠢ ᠲᠦᠷᠪᠡᠯᠵᠢᠨ ᠮᠧᠲᠷ ᠪᠦᠬᠦᠢ ᠨᠠᠮ᠎ᠤᠨ ᠪᠠᠢ᠌ᠭᠤᠯᠤᠯᠳᠡ ᠵᠢᠨ ᠦᠵᠡᠬᠦᠯᠤᠯᠬᠡ ᠵᠢᠨ ᠤᠷᠲᠤᠨ ᠲᠤᠰ ᠪᠦᠷᠢ ᠨᠢᠭᠡ ᠰᠠᠭᠤᠷᠢ ᠪᠠᠢ᠌ᠭᠤᠯᠵᠤ᠂ ᠦᠨᠳᠦᠷ ᠪᠠᠷᠢᠮᠵᠢᠶᠠᠲᠤ ᠤᠯᠠᠨ ᠴᠢᠳᠠᠮᠵᠢᠳᠤ ᠠᠵᠢᠯᠯᠠᠭ᠋ᠠᠨ᠎ᠤ ᠭᠡᠷ᠎ᠢ ᠲᠦᠬᠦᠷᠵᠢᠬᠦᠯᠦᠭᠰᠡᠨ ᠵᠶ᠋ᠠᠷ ᠪᠦᠬᠦ ᠰᠤᠮᠤ᠎ᠳᠠᠭᠠᠨ ᠬᠠᠮᠤᠭ ᠠᠩᠬ᠎ᠠ ᠨᠠᠮ᠎ᠤᠨ ᠬᠡᠰᠢᠭᠦᠨ᠎ᠤ ᠪᠤᠯᠪᠠᠰᠤᠷᠠᠯ᠎ᠤᠨ ᠰᠠᠭᠤᠷᠢᠨ᠎ᠢ ᠠᠮᠵᠢᠯᠲᠠ᠎ᠲᠠᠢ ᠨᠡᠭᠡᠭᠡᠭᠰᠡᠨ ᠭᠠᠴᠠᠭ᠎ᠠ ᠪᠤᠯᠪᠠ᠃
ᠨᠠᠮ᠎ᠤᠨ ᠠᠵᠢᠯ᠎ᠢ ᠰᠠᠢ᠌ᠨ ᠬᠢᠬᠦ ᠵᠢᠨ ᠰᠠᠭᠤᠷᠢᠨ᠎ᠢ ᠨᠠᠮ᠎ᠤᠨ ᠬᠡᠰᠢᠬᠦᠨ᠎ᠤ ᠤᠯᠤᠰ ᠲᠦᠷᠦ ᠦᠵᠡᠯ ᠰᠠᠨᠠᠭ᠋ᠠᠨ᠎ᠤ ᠰᠤᠷᠤᠯᠴᠠᠯᠭ᠎ᠠ ᠵᠢ ᠰᠠᠢ᠌ᠳᠤᠷ ᠠᠳᠬᠤᠭᠰᠠᠨ᠎ᠳᠤ ᠪᠤᠢ᠃ ᠨᠠᠮ᠎ᠤᠨ ᠡᠭᠦᠷ᠎ᠤᠨ ᠱᠦᠵᠢ ᠰᠡᠴᠡᠡᠪᠡᠳᠦ᠂ ᠨᠠᠮ᠎ᠤᠨ ᠬᠡᠰᠢᠬᠦᠨ᠎ᠤ ᠬᠠᠮᠤᠭ ᠦᠨᠳᠦᠰᠦᠨ ᠤᠯᠤᠰ ᠲᠦᠷᠦ ᠵᠢᠨ ᠠᠮᠢᠳᠤᠷᠠᠯ᠎ᠤᠨ 《ᠭᠤᠷᠪᠠᠨ ᠬᠤᠷᠠᠯ ᠨᠢᠭᠡ ᠬᠢᠴᠢᠶᠡᠯ》 ᠵᠶ᠋ᠠᠨ ᠢᠮᠠᠬᠲᠠ ᠪᠠᠷᠢᠮᠲᠠᠯᠠᠨ᠂ 《5321》 ᠠᠵᠢᠯ ᠶᠠᠪᠤᠳᠠᠯ ᠰᠢᠢ᠍ᠳᠪᠦᠷᠢᠯᠡᠬᠦ ᠵᠤᠬᠢᠴᠠᠮᠵᠢ ᠵᠢ ᠪᠦᠬᠦ ᠲᠠᠯ᠎ᠠ᠎ᠪᠠᠷ ᠬᠡᠷᠡᠭᠵᠢᠬᠦᠯᠵᠦ᠂ ᠨᠠᠮ᠎ᠤᠨ ᠬᠡᠰᠢᠬᠦᠨ ᠺᠠᠳ᠋ᠷ᠎ᠤᠨ ᠬᠠᠷᠠᠯᠲᠠ ᠠᠮᠠᠯᠠᠯᠲᠠ᠂ ᠡᠳ᠋᠎ᠤᠨ ᠶᠠᠪᠤᠳᠠᠯ ᠭᠠᠴᠠᠭ᠎ᠠ ᠵᠢᠨ ᠶᠠᠪᠤᠳᠠᠯ ᠢᠯᠡ ᠪᠠᠢ᠌ᠬᠤ᠂ ᠴᠢᠬᠤᠯᠠ ᠶᠡᠬᠡ ᠤᠴᠢᠷ ᠶᠠᠪᠤᠳᠠᠯ᠎ᠢ ᠠᠷᠠᠳᠴᠢᠯᠠᠯ ᠵᠶ᠋ᠠᠷ ᠰᠢᠢ᠍ᠳᠪᠦᠷᠢᠯᠡᠬᠦ᠎ᠪᠠᠷ ᠭᠤᠤᠯ ᠪᠤᠯᠭ᠋ᠠᠬᠰᠠᠨ ᠠᠷᠠᠳᠴᠢᠯᠠᠯᠲᠤ ᠬᠠᠮᠢᠶᠠᠷᠤᠯᠲᠠ ᠵᠢᠨ ᠰᠢᠰᠲᠸᠮ᠎ᠢ ᠪᠦᠷᠢᠨ ᠲᠡᠭᠦᠯᠳᠡᠷᠵᠢᠭᠦᠯᠪᠡ᠃
ᠲᠡᠷᠡ᠎ᠪᠠᠷ 《ᠨᠠᠮ ᠠᠷᠠᠳ ᠲᠦᠮᠡᠨ᠎ᠠᠴᠠ ᠦᠭᠬᠦᠭᠰᠡᠨ ᠡᠷᠬᠡ ᠵᠢ ᠨᠠᠮ ᠠᠷᠠᠳ ᠲᠦᠮᠡᠨ᠎ᠳᠡᠭᠡᠨ ᠰᠠᠢ᠌ᠨ ᠦᠢ᠍ᠯᠡ ᠪᠤᠳᠠᠳᠤ ᠶᠠᠪᠤᠳᠠᠯ ᠬᠢᠬᠦ᠎ᠳᠤ ᠬᠡᠷᠡᠭᠯᠡᠬᠦ᠂ ᠨᠠᠮ ᠠᠷᠠᠳ ᠲᠦᠮᠡᠨ᠎ᠤ ᠠᠵᠢᠯ ᠦᠢ᠍ᠯᠡᠰ᠎ᠲᠤ ᠦᠢ᠍ᠯᠡᠴᠢᠯᠡᠭᠦᠯᠦᠭᠰᠡᠨ ᠪᠠᠢ᠌ᠬᠤ ᠬᠡᠷᠡᠭᠲᠡᠢ》 ᠬᠡᠵᠦ ᠦᠪᠡᠷᠲᠡᠭᠡᠨ ᠴᠠᠭ ᠢᠮᠠᠬᠲᠠ ᠰᠠᠨᠠᠭᠤᠯᠤᠨ ᠲᠠᠷᠤᠤ ᠬᠢᠴᠢᠶᠡᠩᠬᠦᠢ᠂ ᠨᠠᠷᠢᠨ ᠬᠢᠨᠠᠮᠠᠭ᠋ᠠᠢ ᠠᠵᠢᠯ᠎ᠤᠨ ᠰᠤᠷᠲᠠᠯ᠎ᠢ ᠪᠠᠷᠢᠮᠳᠠᠯᠠᠵᠤ᠂ 《ᠬᠤᠶᠠᠷ ᠪᠠᠭ》᠎ᠤᠨ ᠬᠡᠰᠢᠭᠦᠳ ᠵᠶ᠋ᠠᠨ ᠲᠠᠢ᠌ᠴᠢᠯᠠᠨ᠂ ᠦᠪᠡᠷ᠎ᠤᠨ ᠪᠡᠶ᠎ᠡ᠎ᠪᠠᠷ ᠵᠶ᠋ᠠᠨ ᠬᠡᠪ ᠲᠠᠭᠤᠷᠢᠶᠠᠯ ᠪᠤᠯᠵᠤ᠂ ᠲᠦᠪ ᠭᠤᠤᠯᠴᠢ ᠠᠷᠢᠭᠤᠨ ᠴᠢᠭᠡᠴᠢ᠂ ᠵᠠᠰᠠᠭ᠎ᠤᠨ ᠶᠠᠪᠤᠳᠠᠯ ᠢᠯᠡ᠂ ᠲᠠᠩᠰᠠ ᠬᠠᠷ᠎ᠠ ᠨᠠᠷᠢᠯᠢᠭ ᠲᠤᠳᠤᠷᠬᠠᠢ ᠡᠰᠡᠬᠦ᠎ᠳᠤ ᠭᠠᠴᠠᠭ᠎ᠠ ᠵᠢᠨ ᠪᠦᠬᠦ ᠠᠷᠠᠳ᠎ᠤᠨ ᠰᠠᠨᠠᠯ ᠱᠠᠭ᠋ᠠᠷᠳᠠᠯᠭ᠎ᠠ᠂ ᠬᠢᠨᠠᠯᠲᠠ ᠬᠠᠮᠢᠶᠠᠷᠤᠯᠳᠠ ᠵᠢ ᠬᠦᠯᠢᠴᠡᠩᠬᠦᠢ᠎ᠪᠠᠷ ᠬᠦᠯᠢᠶᠡᠬᠦ ᠵᠢ ᠵᠦᠢ ᠶᠤᠰᠤᠨ᠎ᠤ ᠵᠢᠷᠤᠮᠵᠢᠯ ᠪᠤᠯᠭ᠋ᠠᠭᠰᠠᠨ ᠵᠶ᠋ᠠᠷ ᠦᠷᠭᠡᠨ ᠤᠯᠠᠨ ᠲᠦᠮᠡᠨ᠎ᠤ ᠬᠦᠷᠢᠶᠡᠯᠡᠯ᠎ᠢ ᠤᠯᠪᠠ᠃
ᠨᠠᠮ᠎ᠤᠨ ᠡᠭᠦᠷ᠎ᠤᠨ ᠲᠤᠰᠢᠶᠠᠯ᠎ᠢ ᠡᠭᠦᠷᠭᠡᠯᠡᠭᠰᠡᠨ ᠰᠡᠴᠡᠨᠪᠠᠲᠤ᠂ ᠨᠠᠮ᠎ᠤᠨ ᠡᠭᠦᠷ ᠭᠠᠴᠠᠭ᠋ᠠᠨ ᠵᠦᠪᠯᠡᠯ᠎ᠤᠨ ᠬᠤᠶᠠᠷ ᠪᠠᠭ᠎ᠤᠨ ᠬᠡᠰᠢᠭᠦᠳ ᠵᠶ᠋ᠠᠨ ᠲᠠᠢ᠌ᠴᠢᠯᠠᠨ ᠲᠠᠭ᠋ᠠᠭᠤᠯᠵᠤ᠂ ᠠᠵᠢᠯ᠎ᠤᠨ ᠰᠤᠷᠳᠠᠯ ᠵᠶ᠋ᠠᠨ ᠬᠤᠪᠢᠷᠠᠭᠤᠯᠵᠤ᠂ ᠤᠷᠤᠯᠭ᠎ᠠ᠎ᠪᠠᠨ ᠨᠡᠮᠡᠭᠳᠡᠬᠦᠯᠦᠨ᠂ ᠵᠠᠷᠤᠯᠭ᠎ᠠ᠎ᠪᠠᠨ ᠪᠠᠭ᠋ᠠᠰᠬᠠᠬᠤ᠂ ᠦᠷᠭᠡᠨ ᠤᠯᠠᠨ ᠮᠠᠯᠴᠢᠨ ᠲᠦᠮᠡᠨ᠎ᠳᠤ ᠰᠠᠢ᠌ᠨ ᠦᠢ᠍ᠯᠡ ᠪᠤᠳᠠᠳᠤ ᠤᠴᠢᠷ ᠪᠦᠲᠦᠭᠡᠬᠦ ᠵᠢ ᠲᠡᠷᠢᠬᠦᠨ ᠪᠠᠢ᠌ᠷᠢ᠎ᠳᠤ ᠲᠠᠯᠪᠢᠵᠤ᠂ ᠭᠠᠴᠠᠭ᠎ᠠ ᠵᠢᠨ ᠲᠠᠩᠰᠠ ᠬᠠᠷ᠎ᠠ ᠵᠢ ᠬᠢᠨᠠᠨ ᠬᠠᠷᠭᠤᠭᠤᠯᠤᠭ᠋ᠠᠳ᠂ ᠠᠷᠪᠠᠭ᠋ᠠᠳ ᠵᠢᠯ 《ᠲᠤᠯᠤᠭ᠋ᠠᠢ ᠡᠪᠡᠳᠬᠡᠵᠦ》 ᠪᠠᠢ᠌ᠬᠰᠠᠨ ᠬᠠᠭᠤᠴᠢᠨ ᠦᠷᠢ ᠦᠭᠴᠡᠭᠡ ᠵᠢ ᠭᠤᠷᠪᠡᠨ ᠵᠢᠯ᠎ᠤᠨ ᠴᠠᠭ ᠵᠠᠷᠤᠴᠠᠭᠤᠯᠤᠨ ᠴᠡᠪᠡᠷᠯᠡᠨ ᠰᠢᠢ᠍ᠳᠪᠦᠷᠢᠯᠡᠭᠰᠡᠨ ᠵᠶ᠋ᠠᠷ ᠨᠠᠮ᠎ᠤᠨ ᠵᠤᠬᠢᠶᠠᠨ ᠪᠠᠢ᠌ᠭᠤᠯᠤᠯᠲᠠ ᠵᠢᠨ ᠨᠢᠬᠲᠠᠷᠠᠯ᠎ᠤᠨ ᠬᠦᠴᠦᠨ ᠨᠡᠩᠲᠡ ᠴᠢᠩᠭ᠋ᠠᠷᠴᠤ᠂ ᠤᠯᠠᠨ ᠲᠦᠮᠡᠨ᠎ᠤ ᠰᠡᠳᠬᠢᠯ᠎ᠳᠠᠬᠢ ᠨᠠᠮ᠎ᠤᠨ ᠬᠡᠰᠢᠬᠦᠨ᠎ᠤ ᠪᠠᠢ᠌ᠷᠢ ᠰᠠᠭᠤᠷᠢ ᠢᠯᠡᠳᠲᠡ ᠲᠡᠭᠡᠭᠰᠢᠯᠡᠭᠰᠡᠨ ᠪᠠᠢ᠌ᠨ᠎ᠠ᠃
ᠰᠡᠴᠡᠨᠪᠠᠲᠤ᠂ ᠬᠤᠪᠢ ᠪᠡᠶ᠎ᠡ ᠵᠢᠨ ᠰᠤᠷᠤᠯᠴᠠᠯᠭ᠎ᠠ᠎ᠪᠠᠨ ᠴᠢᠩᠭ᠋ᠠᠳᠬᠠᠵᠤ᠂ ᠨᠠᠮ᠎ᠤᠨ ᠰᠠᠬᠢᠯᠭ᠎ᠠ ᠤᠯᠤᠰ᠎ᠤᠨ ᠬᠠᠤᠯᠢ ᠵᠢ ᠡᠷᠡᠰ ᠵᠢᠷᠤᠮᠯᠠᠨ᠂ ᠨᠠᠮ᠎ᠤᠨ ᠬᠡᠰᠢᠬᠦᠨ᠎ᠤ ᠲᠡᠭᠡᠳᠦ ᠬᠡᠮᠵᠢᠶᠡᠨ᠎ᠤ ᠪᠠᠷᠢᠮᠵᠢᠶ᠎ᠠ᠎ᠪᠠᠷ ᠪᠡᠶ᠎ᠡ᠎ᠪᠠᠨ ᠴᠢᠩᠭ᠎ᠠ ᠱᠠᠭ᠋ᠠᠷᠳᠠᠨ᠂ ᠤᠯᠠᠨ ᠲᠦᠮᠡᠨ᠎ᠤ ᠶᠠᠪᠤᠳᠠᠯ᠎ᠳᠤ ᠰᠡᠳᠬᠢᠯ ᠵᠦᠳᠡᠭᠡᠵᠤ᠂ ᠲᠡᠳᠡᠨ᠎ᠤ ᠦᠢ᠍ᠯᠡᠳᠪᠦᠷᠢᠯᠡᠯ ᠠᠮᠢᠳᠤᠷᠠᠯ᠎ᠤᠨ ᠪᠠᠢ᠌ᠳᠠᠯ᠎ᠢ ᠭᠠᠷᠤᠨ ᠠᠷᠪᠠᠨ ᠬᠤᠷᠤᠭᠤ᠎ᠪᠠᠨ ᠰᠢᠭ᠋ ᠮᠡᠳᠡᠨ᠂ ᠬᠦᠴᠢᠷᠳᠡᠯ᠎ᠢ᠎ᠨᠢ ᠰᠢᠢ᠍ᠳᠪᠦᠷᠢᠯᠡᠵᠦ ᠢᠷᠡᠭᠰᠡᠨ ᠵᠶ᠋ᠠᠷ ᠵᠶ᠋ᠠᠨ ᠡᠨᠳᠡᠬᠢ ᠵᠢᠨ ᠮᠠᠯᠴᠢᠳ 《ᠬᠠᠰᠢᠯᠠ ᠮᠠᠨ᠎ᠤ ᠰᠡ᠊ ᠱᠦᠵᠢ》 ᠬᠡᠮᠡᠨ ᠰᠡᠤᠡᠬᠢᠯ᠎ᠤᠨ ᠤᠭ᠎ᠠᠴᠠ᠎ᠪᠠᠨ ᠠᠮᠠ ᠦᠷᠢᠰᠦᠨ ᠶᠠᠷᠢᠬᠤ᠎ᠨᠢ ᠵᠦᠩᠳᠡᠭᠡᠨ᠃
ᠭᠠᠴᠠᠭ᠎ᠠ ᠲᠤᠰᠬᠤᠨ᠎ᠤ ᠬᠠᠮᠳᠤ ᠵᠢᠨ ᠪᠡᠯᠡ ᠮᠦᠩᠬᠦ ᠵᠢᠨ ᠬᠠᠮᠢᠶᠠᠷᠤᠯᠲᠠ ᠵᠢᠨ ᠲᠦᠷᠢᠮ ᠲᠤᠭᠳᠠᠭ᠋ᠠᠯ᠎ᠤᠨ ᠱᠠᠭ᠋ᠠᠷᠳᠠᠯᠭ᠎ᠠ ᠶᠤᠰᠤᠭ᠋ᠠᠷ ᠭᠠᠴᠠᠭ᠋ᠠᠨ᠎ᠤ ᠤᠯᠠᠨ ᠵᠢᠯ᠎ᠤᠨ ᠲᠠᠩᠰᠠ ᠬᠠᠷ᠎ᠠ ᠵᠢ ᠬᠢᠨᠠᠨ ᠪᠠᠢ᠌ᠴᠠᠭ᠋ᠠᠵᠤ᠂ ᠬᠢᠨᠠᠨ ᠪᠠᠢ᠌ᠴᠠᠭ᠋ᠠᠭᠰᠠᠨ ᠪᠠᠢ᠌ᠳᠠᠯ᠎ᠤᠨ ᠳ᠋ᠦᠩ ᠵᠶ᠋ᠠᠷ ᠲᠤᠬᠠᠢ ᠵᠢᠨ ᠬᠠᠮᠲᠤ ᠪᠠ ᠬᠤᠪᠢ ᠬᠦᠮᠦᠨ ᠵᠶ᠋ᠠᠷ ᠬᠠᠷᠢᠭᠤᠴᠠᠯᠭ᠎ᠠ ᠡᠭᠦᠷᠭᠡᠯᠡᠬᠦᠯᠬᠦ᠎ᠪᠠᠷ ᠲᠠᠩᠰᠠ ᠬᠠᠷ᠎ᠠ ᠵᠢᠨ ᠠᠵᠢᠯ᠎ᠢ ᠰᠢᠯᠤᠭᠤᠳᠬᠠᠪᠠ᠃
ᠭᠠᠴᠠᠭ᠎ᠠ ᠵᠢᠨ ᠡᠷᠦᠬᠡ ᠵᠢᠨ ᠲᠦᠯᠦᠭᠡᠯᠡᠭᠴᠢ ᠵᠢᠨ ᠬᠤᠷᠠᠯ ᠪᠤᠶᠤ ᠭᠠᠴᠠᠭ᠎ᠠ ᠵᠢᠨ ᠪᠦᠬᠦ ᠤᠯᠠᠨ ᠲᠦᠮᠡᠨ᠎ᠤ ᠬᠤᠷᠠᠯ ᠵᠶ᠋ᠠᠷ ᠲᠠᠮᠵᠢᠭᠤᠯᠤᠭ᠋ᠠᠳ᠂ ᠭᠠᠴᠠᠭ᠋ᠠᠨ᠎ᠤ ᠠᠯᠢ ᠨᠢᠭᠡ ᠤᠳᠤᠷᠢᠳᠤᠯᠭ᠎ᠠ ᠭᠡᠳ ᠠᠵᠢᠯ ᠡᠭᠦᠷᠭᠡᠯᠡᠵᠦ ᠪᠦᠬᠦᠢ ᠭᠤᠷᠪᠠᠨ ᠵᠢᠯ᠎ᠤᠨ ᠬᠤᠭᠤᠴᠠᠭ᠋ᠠᠨ᠎ᠳᠠᠭᠠᠨ ᠬᠠᠮᠲᠤ ᠵᠢᠨ ᠶᠠᠭᠤᠮ᠎ᠠ ᠵᠢ ᠡᠷᠬᠡᠪᠰᠢ ᠤᠯᠠᠨ ᠲᠦᠮᠡᠨ᠎ᠳᠤ ᠢᠯᠡ ᠪᠠᠢ᠌ᠯᠭ᠋ᠠᠵᠤ᠂ ᠬᠠᠮᠳᠤ ᠵᠢᠨ ᠭᠠᠵᠠᠷ ᠲᠠᠷᠢᠶ᠎ᠠ ᠵᠢ ᠲᠠᠭ᠋ᠠᠭ᠋ᠠᠴᠢᠯᠠᠭᠤᠯᠬᠤ᠎ᠳᠠᠭᠠᠨ ᠢᠯᠡ᠎ᠪᠠᠷ ᠲᠠᠭ᠋ᠠᠭ᠋ᠠᠴᠢᠯᠠᠭᠤᠯᠵᠤ᠂ ᠤᠷᠤᠯᠭ᠎ᠠ ᠵᠢ᠎ᠨᠢ ᠬᠠᠮᠳᠤ ᠵᠢᠨ ᠲᠠᠩᠰᠠᠨ᠎ᠳᠤ ᠤᠷᠤᠭᠤᠯᠬᠤ ᠠᠵᠢᠯ᠎ᠤᠨ ᠲᠦᠷᠢᠮ ᠲᠤᠭᠳᠠᠭ᠋ᠠᠯ᠎ᠢ ᠵᠢᠷᠤᠮᠵᠢᠭᠤᠯᠤᠭᠰᠠᠨ ᠪᠠᠢ᠌ᠨ᠎ᠠ᠃
ᠭᠠᠴᠠᠭ᠎ᠠ ᠲᠤᠰᠬᠤᠨ᠎ᠤ ᠶᠠᠪᠤᠳᠡᠯ᠎ᠤᠨ ᠢᠯᠨ ᠲᠡᠪᠴᠠᠡᠭ᠂ ᠸᠢᠴᠠᠲ ᠬᠤᠯᠪᠤᠭ᠎ᠠ᠂ ᠢᠯᠡᠵᠢᠭᠦᠯᠦᠯᠲᠡ ᠵᠢᠨ ᠰᠠᠮᠪᠠᠷ᠎ᠠ ᠲᠡᠭᠡᠷ᠎ᠡ ᠭᠠᠴᠠᠭ᠎ᠠ ᠨᠠᠮ᠎ᠤᠨ ᠡᠭᠦᠷ᠎ᠤᠨ ᠶᠠᠪᠤᠳᠠᠯ᠂ ᠭᠠᠴᠠᠭ᠋ᠠᠠ ᠵᠦᠪᠯᠡᠯ᠎ᠤᠨ ᠶᠠᠪᠤᠳᠠᠯ᠂ ᠡᠳ᠋᠎ᠤᠨ ᠵᠠᠰᠠᠭ᠎ᠤᠨ ᠤᠷᠤᠯᠭ᠎ᠠ ᠵᠠᠷᠤᠯᠭ᠎ᠠ ᠵᠡᠷᠭᠡ ᠵᠢ ᠴᠠᠭ ᠲᠤᠬᠠᠢᠳᠤᠨᠢ ᠨᠠᠢ᠌ᠳᠡᠯᠡᠨ ᠢᠯᠡ ᠪᠤᠯᠭ᠋ᠠᠵᠦ᠂ ᠤᠯᠠᠨ ᠲᠦᠮᠡᠨ᠎ᠤ ᠲᠤᠰᠬᠠᠬᠰᠠᠨ ᠠᠰᠠᠭᠤᠳᠡᠯ᠎ᠢ ᠲᠡᠪᠴᠢᠶᠡᠷᠢ᠎ᠲᠠᠢ ᠰᠤᠨᠤᠰᠤᠨ᠂ ᠨᠠᠷᠢᠯᠢᠭ ᠲᠠᠢ᠌ᠯᠪᠤᠷᠢᠯᠡᠨ ᠬᠠᠷᠢᠭᠤᠯᠲᠠ ᠦᠭᠬᠦ ᠵᠢ ᠪᠠᠷᠢᠮᠳᠠᠯᠠᠭᠰᠠᠨ ᠪᠠᠢ᠌ᠨ᠎ᠠ᠃
ᠬᠦᠷᠰᠢ ᠵᠡᠷᠭᠡᠯᠡᠳᠡᠭᠡ ᠵᠢᠨ ᠠᠷᠠᠳ᠎ᠤᠨ ᠬᠤᠭᠤᠷᠤᠨᠳᠤᠬᠢ ᠵᠢᠭᠤᠷᠠᠭ᠋ᠠᠨ᠎ᠢ ᠴᠠᠭ ᠲᠤᠬᠠᠢᠳᠤᠨᠢ ᠢᠯᠡᠷᠡᠬᠦᠯᠦᠨ᠂ ᠬᠠᠳᠤᠯᠠᠩ ᠪᠡᠯᠴᠢᠭᠡᠷ᠎ᠤᠨ ᠵᠠᠭ᠋ᠠᠭ ᠱᠤᠭᠤᠮ᠎ᠢ ᠲᠠᠷᠤᠢ᠎ᠳᠤ᠎ᠨᠢ ᠢᠯᠭ᠋ᠠᠨ ᠰᠠᠯᠭ᠋ᠠᠵᠤ ᠲᠤᠳᠤᠷᠬᠠᠢ ᠪᠤᠯᠭ᠋ᠠᠨ᠂ ᠵᠦᠷᠢᠴᠡᠯ ᠮᠠᠷᠭᠤᠭ᠋ᠠᠨ᠎ᠢ ᠡᠪᠰᠡᠭᠦᠯᠵᠦ ᠢᠷᠡᠭᠰᠡᠨ ᠪᠠᠢ᠌ᠨ᠎ᠠ᠃ ᠲᠤᠰ ᠭᠠᠴᠠᠭ᠋ᠠᠨ᠎ᠤ ᠮᠠᠯᠴᠢᠨ ᠪᠠᠶᠠᠨᠳᠥ᠋ᠭᠦᠷᠡᠩ᠄ 《ᠮᠢᠨᠦ ᠬᠦᠷᠰᠢ ᠠᠢ᠌ᠯᠲᠠᠢᠪᠠᠨ ᠨᠤᠲᠤᠭ ᠪᠠᠯᠴᠢᠬᠡᠷ᠎ᠤᠨ ᠲᠠᠯ᠎ᠠ᠎ᠪᠠᠷ ᠵᠦᠷᠢᠴᠡᠯ᠎ᠲᠠᠢ ᠪᠠᠢ᠌ᠬᠤ ᠵᠢ ᠮᠠᠨ᠎ᠤ ᠰᠡ᠊ ᠱᠦᠵᠢ ᠮᠡᠳᠡᠮᠡᠭᠴᠡ᠂ ᠡᠨᠡ ᠠᠰᠠᠭᠤᠳᠡᠯ᠎ᠢ ᠲᠠᠷᠤᠢ᠌ᠬᠠᠨ ᠰᠠᠨᠠᠭ᠋ᠠᠨ᠎ᠳᠠᠭᠠᠨ ᠠᠪᠴᠤ᠂ ᠰᠤᠮᠤ ᠪᠤᠯᠤᠨ ᠬᠤᠰᠢᠭᠤᠨ᠎ᠤ ᠨᠤᠲᠤᠭ ᠪᠠᠯᠴᠢᠬᠡᠷ᠎ᠤᠨ ᠬᠠᠮᠢᠶᠠᠷᠤᠯᠳᠡ ᠵᠢᠨ ᠦᠷᠳᠡᠬᠡ᠎ᠲᠠᠢ ᠬᠠᠷᠢᠯᠴᠡᠵᠦ᠂ ᠲᠤᠬᠠᠢ ᠵᠢᠨ ᠦᠶ᠎ᠠ ᠵᠢᠨ ᠨᠤᠲᠤᠭ ᠪᠠᠯᠴᠢᠬᠡᠷ᠎ᠤᠨ ᠵᠠᠭ᠋ᠠᠭ ᠬᠡᠴᠡ ᠵᠢᠨ ᠲᠠᠡᠭᠰᠡ ᠪᠠᠷᠢᠮᠲᠠ ᠵᠢ ᠡᠷᠢᠨ ᠤᠯᠵᠤ᠂ ᠨᠤᠲᠤᠭ ᠪᠠᠯᠴᠢᠬᠡᠷ᠎ᠤᠨ ᠵᠠᠭ᠋ᠠᠭ ᠱᠤᠭᠤᠮ᠎ᠢ ᠲᠤᠲᠤᠷᠬᠠᠢ ᠪᠣᠯᠭ᠋ᠠᠨ ᠵᠢᠭᠤᠷᠠᠭ᠋ᠠᠨ᠎ᠢ ᠰᠢᠢ᠍ᠳᠪᠦᠷᠢᠯᠡᠨ ᠦᠭᠬᠦᠭᠰᠡᠨ ᠶᠤᠮ》 ᠭᠡᠵᠦ ᠰᠤᠷᠪᠤᠯᠵᠢᠯᠠᠬ᠍ᠴᠢ᠎ᠳᠤ ᠶᠠᠷᠢᠯ᠎ᠠ᠃
ᠬᠢᠭᠰᠡᠨ ᠦᠢ᠍ᠯᠡ᠎ᠪᠠᠷ ᠵᠶ᠋ᠠᠨ ᠪᠠᠬᠠᠷᠬᠠᠭᠳᠠᠨᠠ
ᠬᠦᠳᠡᠭᠡ ᠨᠤᠲᠤᠭ ᠵᠶ᠋ᠠᠨ ᠬᠦᠭᠵᠢᠭᠦᠯᠦᠨ᠂ ᠬᠦᠮᠦᠨ ᠠᠷᠠᠳ ᠵᠶ᠋ᠠᠨ ᠪᠠᠶᠠᠵᠢᠨ ᠴᠢᠨᠡᠭᠡᠯᠢᠭᠵᠢᠬᠦᠯᠬᠦ ᠪᠤᠯ ᠱᠦᠵᠢ ᠰᠡᠴᠡᠨᠪᠠᠲᠤ ᠵᠢᠨ ᠤᠭ ᠵᠤᠷᠢᠯᠲᠠ ᠮᠦᠷᠲᠡᠭᠡᠨ ᠡᠭᠦᠷᠭᠡ ᠲᠠᠭ᠋ᠠᠭ᠋ᠠᠯᠲᠠ ᠮᠦᠨᠴᠦ ᠬᠠᠷᠢᠭᠤᠴᠠᠯᠭ᠎ᠠ ᠭᠦᠢ᠍ᠴᠡᠳᠭᠡᠯᠲᠡ ᠪᠠᠢ᠌ᠭ᠎ᠠ᠃
《ᠠᠵᠢᠯ ᠰᠠᠢ᠌ᠲᠤ ᠵᠢᠨ ᠠᠮᠢᠳᠤᠷᠠᠯ ᠪᠠᠶᠠᠨ᠂ ᠤᠳᠤᠷᠢᠳᠤᠯᠭ᠎ᠠ ᠰᠠᠢ᠌ᠲᠤ ᠵᠢᠨ ᠨᠢᠷᠤᠭᠤ ᠭᠡᠳᠡᠭᠡᠷ》 ᠭᠡᠵᠦ ᠵᠢᠷᠦᠬᠡ ᠭᠠᠴᠠᠭ᠎ᠠ᠎ᠨᠢ ᠤᠯᠠᠨ ᠵᠢᠯ᠎ᠤᠨ ᠴᠢᠷᠮᠠᠢ᠌ᠯᠭ᠎ᠠ᠎ᠪᠠᠷ 70% ᠵᠢᠨ ᠪᠤᠷᠳᠤᠭ᠋ᠠᠨ ᠰᠠᠭᠤᠷᠢᠨ ᠭᠠᠵᠠᠷ᠎ᠲᠤ ᠤᠰᠤᠯᠠᠯᠲᠠ ᠵᠢᠨ ᠲᠦᠬᠦᠭᠡᠷᠦᠮᠵᠢ ᠲᠦᠬᠦᠷᠵᠢᠭᠦᠯᠦᠭᠰᠡᠨ ᠵᠶ᠋ᠠᠷ ᠪᠦᠬᠦ ᠰᠤᠮᠤ᠎ᠳᠠᠭᠠᠨ ᠤᠰᠤᠯᠠᠯᠲᠠ ᠵᠢᠨ ᠨᠦᠬᠦᠴᠡᠯ ᠬᠠᠮᠤᠭ ᠰᠠᠢ᠌ᠨ᠂ ᠲᠠᠷᠢᠬᠤ ᠮᠡᠷᠭᠡᠵᠢᠯ ᠬᠠᠮᠤᠭ ᠦᠨᠳᠦᠷ ᠭᠠᠴᠠᠭ᠎ᠠ ᠪᠤᠯᠤᠭᠰᠠᠨ ᠪᠠᠢ᠌ᠳᠠᠭ᠃ ᠤᠰᠤᠯᠠᠯᠲᠠ ᠵᠢᠨ ᠲᠠᠯᠠᠪᠠᠢ ᠤᠭ᠎ᠤᠨ 900 ᠮᠤ᠌ᠠᠴᠠᠪᠠᠨ 7000 ᠮᠤ᠌ ᠪᠤᠯᠤᠨ ᠨᠡᠮᠡᠭᠳᠡᠭᠰᠡᠨ ᠪᠠᠢ᠌ᠨ᠎ᠠ᠃
ᠤᠷᠤᠨ ᠨᠤᠲᠤᠭ᠎ᠤᠨ ᠲᠠᠪᠠᠭᠤᠯᠢᠭ᠎ᠲᠠᠭᠠᠨ ᠲᠦᠰᠢᠭᠯᠡᠵᠦ᠂ ᠤᠷᠤᠨ ᠨᠤᠲᠤᠭ᠎ᠲᠠᠭᠠᠨ ᠬᠠᠮᠤᠭ ᠲᠤᠬᠢᠷᠠᠬᠤ ᠦᠬᠡᠷ ᠲᠡᠵᠢᠬᠡᠬᠦ ᠠᠵᠤ ᠦᠢ᠍ᠯᠡᠰ᠎ᠢ ᠭᠤᠤᠯᠳᠠᠯᠭ᠎ᠠ᠎ᠲᠠᠢ ᠠᠵᠤ ᠦᠢ᠍ᠯᠡᠰ ᠪᠤᠯᠭ᠋ᠠᠨ ᠠᠳᠬᠤᠪᠠ᠃ 2012 ᠤᠨ᠎ᠳᠤ ᠭᠠᠴᠠᠭ᠎ᠠ ᠨᠠᠮ᠎ᠤᠨ ᠡᠬᠦᠷ᠎ᠤᠨ ᠱᠦᠵᠢ ᠪᠤᠯᠤᠨᠨᠰᠡᠨᠤ ᠭᠤᠷᠪᠠᠳᠤᠭ᠋ᠠᠷ ᠵᠢᠯ᠎ᠳᠡᠭᠡᠨ 《ᠴᠤᠡᠡᠳᠦ ᠬᠠᠨ》 ᠮᠢᠬᠠᠨ ᠦᠬᠡᠷ᠎ᠤᠨ ᠲᠡᠵᠢᠭᠡᠨ ᠠᠷᠠᠴᠢᠯᠠᠬᠤ ᠬᠤᠷᠰᠢᠶᠠᠵᠢᠯ᠎ᠢ ᠪᠠᠢ᠌ᠭᠤᠯᠤᠭᠰᠠᠨ ᠪᠠᠢ᠌ᠨ᠎ᠠ᠃ ᠲᠤᠰ ᠬᠤᠷᠰᠢᠶᠠᠵᠢᠯ ᠪᠤᠯ ᠡᠭᠡᠯᠵᠢᠯᠡᠨ ᠮᠠᠯᠵᠢᠬᠤ ᠪᠡᠯᠴᠢᠭᠡᠷ ᠰᠡᠯᠬᠦᠭᠡᠨ ᠮᠠᠯᠵᠢᠬᠤ᠎ᠪᠠᠷ ᠭᠤᠤᠯ ᠠᠷᠭ᠎ᠠ ᠮᠠᠶᠢᠭ ᠪᠤᠯᠭ᠋ᠠᠨ ᠠᠮᠢ ᠠᠬᠤᠢ ᠵᠢ ᠬᠠᠮᠠᠭ᠋ᠠᠯᠠᠬᠤ᠂ ᠪᠠᠢ᠌ᠭ᠋ᠠᠯᠢᠯᠢᠭ ᠪᠦᠲᠤᠬᠡᠭᠳᠡᠬᠦᠨᠢ ᠡᠭᠦᠳᠬᠦ᠂ ᠦᠨᠳᠦᠰᠦᠲᠡᠨ᠎ᠤ ᠤᠯᠠᠮᠵᠢᠯᠠᠯᠲᠤ ᠢᠳᠡᠭᠡᠨ᠎ᠤ ᠨᠡᠷᠡᠲᠦ ᠲᠡᠮᠳᠡᠭ᠎ᠢ ᠡᠭᠦᠳᠬᠦ ᠬᠦᠭᠵᠢᠭᠦᠯᠦᠯᠲᠡ ᠵᠢᠨ ᠰᠡᠳᠬᠢᠴᠡ᠎ᠪᠠᠷ ᠮᠢᠬᠠᠨ ᠦᠬᠡᠷ ᠲᠡᠵᠢᠬᠡᠬᠦ᠂ ᠤᠯᠠᠮᠵᠢᠯᠠᠯᠲᠤ ᠴᠠᠭ᠋ᠠᠨ ᠢᠳᠡᠭᠡᠨ ᠡᠳ᠋ᠰᠢᠭᠦᠯᠦᠨ ᠪᠤᠯᠪᠠᠰᠤᠷᠠᠭᠤᠯᠬᠤ ᠤᠨᠴᠠᠯᠢᠭᠲᠤ ᠠᠵᠤ ᠦᠢ᠍ᠯᠡᠰ ᠪᠤᠯᠤᠨ᠎ᠠ᠃ ᠬᠤᠷᠰᠢᠶᠠᠵᠢᠯ᠎ᠤᠨ ᠬᠡᠰᠢᠭᠦᠳ᠎ᠤᠨ ᠤᠷᠤᠯᠭ᠎ᠠ ᠵᠢ ᠨᠡᠮᠡᠭᠳᠡᠬᠦᠯᠬᠦ᠂ ᠭᠠᠳᠠᠨᠠᠬᠢ ᠵᠠᠬ᠎ᠠ ᠲᠡᠯᠭᠡᠭᠦᠷ᠎ᠢ ᠨᠡᠭᠡᠭᠡᠬᠦ ᠵᠢᠨ ᠲᠦᠯᠦᠭᠡ᠂ ᠱᠦᠵᠢ ᠰᠡᠴᠡᠨᠪᠠᠲᠤ ᠦᠪᠡᠷ ᠵᠶ᠋ᠠᠨ ᠲᠦᠷᠦᠭᠦᠯᠡᠨ 《ᠴᠤᠭᠲᠤ ᠬᠠᠨ ᠦᠨᠳᠦᠰᠦᠲᠡᠨ᠎ᠤ ᠢᠳᠡᠭᠡᠨ᠎ᠤ ᠬᠢᠵᠠᠭ᠋ᠠᠷᠲᠤ ᠬᠠᠷᠢᠭᠤᠴᠠᠯᠭ᠋ᠠᠲᠤ ᠺᠤᠮᠫᠠᠨᠢ ᠵᠢ ᠪᠠᠢ᠌ᠭᠤᠯᠵᠤ᠂ 《ᠴᠤᠨᠨᠳᠦ ᠬᠠᠨ》 ᠦᠨᠲᠤᠰᠤᠳᠡᠨᠤ ᠢᠳᠡᠭᠡᠨ᠎ᠤ ᠱᠤᠰᠢᠭ᠎ᠠ ᠲᠡᠮᠳᠡᠭ᠎ᠢ ᠲᠠᠩᠰᠠᠯᠠᠭᠤᠯᠤᠭᠰᠠᠨ ᠪᠠᠢ᠌ᠨ᠎ᠠ᠃ ᠤᠳᠤ ᠬᠤᠷᠰᠢᠶᠠᠵᠢᠯ᠎ᠨᠢ ᠬᠦᠭᠵᠢᠭᠡᠳ 30 ᠡᠷᠦᠬᠡ᠂ 123 ᠬᠦᠮᠤᠨ᠎ᠲᠠᠢ ᠪᠤᠯᠵᠦ᠂ ᠲᠡᠵᠢᠬᠡᠨ ᠠᠷᠠᠴᠢᠯᠠᠬᠤ ᠬᠠᠰᠢᠶ᠎ᠠ ᠰᠠᠷᠡᠪᠴᠢ ᠵᠢᠨ ᠲᠠᠯᠠᠪᠠᠢ 10500 ᠲᠡᠭᠰᠢ ᠲᠦᠷᠪᠡᠯᠵᠢᠨ ᠮᠧᠲᠷ᠂ ᠮᠠᠯᠵᠢᠯ᠎ᠤᠨ ᠡᠯ᠎ᠠ ᠵᠤᠢ᠌ᠯ᠎ᠤᠨ ᠮᠠᠰᠢᠨ ᠲᠦᠭᠦᠭᠡᠷᠦᠮᠵᠢ 30 ᠲᠦᠬᠦᠷ᠂ ᠦᠬᠡᠷ᠎ᠤᠨ ᠵᠤᠭᠰᠤᠭ᠎ᠠ ᠲᠤᠭ᠎ᠠ 2400 ᠬᠦᠷᠦᠭᠰᠡᠨ ᠪᠠᠢ᠌ᠨ᠎ᠠ᠃ ᠲᠤᠰ ᠬᠤᠷᠰᠢᠶᠠᠵᠢᠯ᠎ᠤᠨ ᠬᠡᠰᠢᠬᠦᠨ ᠴᠡᠡᠭᠬᠡᠯᠳᠦᠠᠴᠠ᠄ 《2012 ᠤᠨ᠎ᠠᠴᠠ ᠡᠮᠦᠨ᠎ᠡ ᠪᠤᠯ ᠮᠠᠯ᠎ᠤᠨ ᠡᠬᠦᠯᠳᠡᠷ ᠰᠠᠢ᠌ᠵᠢᠷᠠᠭᠤᠯᠤᠯᠲᠠ ᠲᠤᠤᠷ᠎ᠠ᠂ ᠮᠠᠯ ᠦᠨ᠎ᠡ ᠬᠦᠷᠬᠦ ᠦᠬᠡᠢ ᠪᠠᠢ᠌ᠵᠤ᠂ ᠬᠦᠮᠤᠨ ᠪᠦᠷᠢ ᠵᠢᠨ ᠵᠢᠯ᠎ᠤᠨ ᠲᠡᠭᠰᠢᠳᠭᠡᠯ ᠴᠡᠪᠡᠷ ᠤᠷᠤᠯᠭ᠎ᠠ ᠲᠠᠪᠤᠨ ᠮᠢᠩᠭ᠋ᠠᠨ ᠲᠦᠬᠦᠷᠢᠭ ᠤᠷᠴᠢᠮ ᠯᠡ ᠬᠦᠷᠴᠦ ᠪᠠᠢ᠌ᠬᠰᠠᠨ ᠪᠤᠯ ᠬᠤᠷᠰᠢᠶᠠᠵᠢᠯ ᠪᠠᠢ᠌ᠭᠤᠯᠤᠬᠰᠠᠨ᠎ᠠᠴᠠ ᠰᠡᠬᠦᠯᠡᠷ ᠮᠠᠯ᠎ᠤᠨ ᠦᠨ᠎ᠡ ᠬᠠᠩᠰᠢ ᠦᠰᠴᠦ᠂ ᠤᠷᠤᠯᠭ᠎ᠠ ᠨᠡᠮᠡᠭᠳᠡᠭᠡᠳ ᠬᠦᠮᠤᠨ ᠪᠦᠷᠢ ᠵᠢᠨ ᠵᠢᠯ᠎ᠤᠨ ᠲᠡᠭᠰᠢᠳᠭᠡᠯ ᠴᠡᠪᠡᠷ ᠤᠷᠤᠯᠭ᠎ᠠ 2 ᠲᠦᠮᠡᠨ ᠲᠦᠬᠦᠷᠢᠭ ᠬᠦᠷᠬᠦ ᠪᠤᠯᠤᠭᠰᠠᠨ ᠪᠠᠢ᠌ᠨ᠎ᠠ᠂ ᠡᠭᠦᠨ᠎ᠳᠤ ᠵᠦᠪᠬᠡᠨ ᠴᠠᠭ᠋ᠠᠨ ᠢᠳᠡᠬᠡᠨ᠎ᠤ ᠰᠠᠷ᠎ᠠ ᠵᠢᠨ ᠴᠡᠪᠡᠷ ᠤᠷᠤᠯᠭ᠎ᠠ 3000 ᠲᠦᠬᠦᠷᠢᠭ ᠭᠦᠷᠴᠦ ᠪᠤᠢ》 ᠭᠡᠵᠦ ᠠᠵᠤ ᠠᠬᠤᠢ ᠵᠢᠨ ᠬᠠᠷᠢᠴᠠᠭᠤᠯᠤᠭᠰᠠᠨ ᠲᠤᠭ᠋ᠠᠴᠠᠭ᠎ᠠ ᠬᠢᠵᠦ ᠭᠠᠷᠤᠯ᠎ᠠ᠃
ᠵᠢᠷᠦᠬᠡ ᠭᠠᠴᠠᠭ᠎ᠠ᠎ᠨᠢ 2017 ᠤᠨ᠎ᠠᠴᠠ 2020 ᠤᠨ ᠪᠤᠯᠳᠠᠯᠠᠬᠢ ᠭᠤᠷᠪᠠᠨ ᠵᠢᠯ᠎ᠤᠨ ᠬᠤᠭᠤᠴᠠᠭ᠋ᠠᠨ᠎ᠳᠤ ᠬᠦᠴᠢᠷᠳᠡᠢ ᠡᠷᠤᠬᠡ᠎ᠠᠴᠠ ᠮᠠᠯ ᠲᠡᠵᠢᠬᠡᠨ ᠠᠷᠠᠴᠢᠯᠠᠬᠤ ᠨᠦᠬᠦᠴᠡᠯ᠎ᠲᠠᠢ ᠠᠢ᠌ᠯᠢ ᠰᠤᠡᠭᠭᠤᠵᠦ᠂ ᠡᠷᠤᠬᠡ ᠪᠦᠷᠢ᠎ᠳᠤ 4 ᠦᠬᠡᠷ ᠳᠠᠭ᠋ᠠᠭ᠋ᠠᠴᠢᠯᠠᠭᠤᠯᠤᠨ᠂ ᠭᠤᠷᠪᠡᠨ ᠵᠢᠯ᠎ᠤᠨ ᠲᠠᠷᠠᠭ᠎ᠠ ᠡᠬᠡ ᠮᠡᠯᠢᠨᠢ ᠭᠠᠴᠠᠭ᠋ᠠᠨ᠎ᠳᠤ ᠪᠤᠴᠠᠭ᠋ᠠᠨ ᠠᠪᠬᠤ᠂ ᠲᠦᠯ ᠮᠡᠯᠢᠨᠢ ᠪᠦᠬᠦᠨ᠎ᠢ ᠲᠠᠭ᠋ᠠᠭ᠋ᠠᠴᠢᠯᠠᠬᠰᠠᠨ ᠡᠷᠦᠬᠡ᠎ᠳᠤ ᠦᠭᠬᠦ ᠮᠠᠶᠢᠭ ᠵᠶ᠋ᠠᠷ ᠠᠮᠢᠳᠤᠷᠠᠯ ᠬᠦᠴᠢᠷᠲᠡᠢ ᠡᠷᠦᠬᠡ ᠵᠢ ᠲᠠᠮᠵᠢᠨ᠂ ᠪᠠᠶᠠᠵᠢᠯ᠎ᠤᠨ ᠵᠠᠮ᠎ᠳᠤ ᠲᠠᠭ᠋ᠠᠭᠤᠯᠤᠨ ᠤᠷᠤᠭᠤᠯᠪᠠ᠃ 2018 ᠤᠨ᠎ᠠᠴᠠ ᠤᠯᠤᠰ᠎ᠤᠨ 《ᠨᠠᠷᠢᠯᠢᠭ ᠤᠨᠤᠪᠴᠢᠳᠠᠢ᠎ᠪᠠᠷ ᠶᠠᠳᠠᠭᠤ ᠵᠢ ᠲᠡᠳᠬᠦᠬᠦ᠂ ᠤᠨᠤᠴᠠᠲᠠᠢ᠎ᠪᠠᠷ ᠶᠠᠳᠠᠭᠤ᠎ᠠᠴᠠ ᠠᠩᠭᠢᠵᠢᠷᠠᠭᠤᠯᠬᠤ》 ᠠᠵᠢᠯ᠎ᠤᠨ ᠱᠠᠭ᠋ᠠᠷᠳᠠᠯᠭ᠎ᠠ ᠶᠤᠰᠤᠭ᠋ᠠᠷ 60.7 ᠲᠦᠮᠡᠨ ᠲᠦᠭᠦᠷᠢᠭ᠎ᠤᠨ ᠲᠦᠷᠤᠯ ᠵᠤᠢ᠌ᠯ᠎ᠤᠨ ᠮᠦᠩᠬᠦ ᠡᠷᠡᠮᠡᠯᠵᠡᠯᠡᠨ ᠤᠯᠵᠤ᠂ 24 ᠬᠦᠴᠢᠷᠳᠡᠢ ᠡᠷᠤᠬᠡ᠎ᠳᠤ ᠮᠢᠬᠠᠨ ᠦᠬᠡᠷ ᠲᠡᠵᠢᠭᠡᠯᠭᠡᠨ ᠠᠷᠠᠴᠢᠯᠠᠭᠤᠯᠬᠤ ᠵᠢᠨ ᠬᠠᠮᠳᠤ ᠨᠠᠢ᠌ᠳᠡ ᠵᠢᠨ ᠠᠰᠡᠷᠡᠮᠵᠢ ᠵᠢᠨ ᠴᠢᠨᠠᠷᠳᠡᠢ ᠠᠵᠢᠯ᠎ᠤᠨ ᠪᠠᠢ᠌ᠷᠢ ᠭᠠᠷᠭ᠋ᠠᠵᠦ᠂ ᠶᠠᠳᠠᠭᠤ ᠬᠦᠴᠢᠷᠳᠡᠢ ᠡᠷᠤᠬᠡ᠎ᠠᠴᠠ 6 ᠬᠦᠮᠤᠨ᠎ᠢ ᠰᠤᠩᠭᠤᠨ ᠤᠢ ᠰᠢᠭᠤᠢ ᠬᠠᠮᠠᠭ᠋ᠠᠯᠠᠬᠤ ᠪᠤᠶᠤ ᠵᠡᠬᠡᠯᠢ ᠴᠡᠪᠡᠷᠯᠡᠬᠦ ᠠᠵᠢᠯ ᠬᠢᠯᠭᠡᠬᠦ᠂ 8 ᠡᠷᠦᠬᠡ ᠵᠢ ᠤᠢ᠌ᠷᠠᠯᠴᠠᠭ᠋ᠠᠬᠢ ᠠᠵᠤ ᠠᠬᠤᠢ᠌ᠯᠠᠯ᠎ᠳᠤ ᠠᠵᠢᠯ ᠤᠯᠭᠤᠬᠤ ᠵᠡᠷᠭᠡ ᠠᠷᠭ᠎ᠠ ᠠᠪᠴᠠᠯ ᠵᠶ᠋ᠠᠷ ᠤᠷᠤᠯᠭ᠎ᠠ ᠵᠢ᠎ᠨᠢ ᠨᠡᠮᠡᠭᠳᠡᠭᠦᠯᠦᠭᠰᠡᠨ ᠪᠠᠢ᠌ᠨ᠎ᠠ᠃
ᠨᠤᠲᠤᠭ᠎ᠤᠨ ᠬᠠᠯᠠᠮᠵᠢ ᠵᠤᠷᠢᠬ᠍ᠵᠢᠭᠤᠯᠤᠯ ᠨᠤᠮ᠎ᠤᠨ ᠮᠦᠷ᠎ᠤᠨ ᠮᠢᠯᠢᠶᠠᠯᠭ᠎ᠠ
ᠵᠢᠷᠦᠬᠡ ᠭᠠᠴᠠᠭ᠎ᠠ ᠵᠢᠨ ᠬᠠᠮᠲᠤ ᠵᠢᠨ ᠠᠵᠤ ᠠᠬᠤᠢ ᠬᠦᠭᠵᠢᠭᠡᠳ ᠪᠠᠰᠠ ᠵᠤᠬᠢᠬᠤ ᠬᠡᠮᠵᠢᠶᠡᠨ᠎ᠳᠤ ᠬᠦᠷᠦᠭᠰᠡᠨ ᠪᠤᠯᠬᠤᠷ 2006 ᠤᠨ᠎ᠳᠤ ᠭᠠᠴᠠᠭ᠎ᠠ ᠵᠢᠨ ᠲᠡᠳ᠋ ᠱᠦᠵᠢ ᠪᠤᠯᠤᠭᠰᠠᠨ ᠰᠡᠴᠡᠨᠪᠠᠲᠤ ᠭᠠᠴᠠᠭ᠎ᠠ ᠵᠦᠪᠯᠡᠯ᠎ᠳᠡᠭᠡᠨ 《ᠭᠠᠴᠠᠭ᠎ᠠ ᠵᠢᠨ ᠵᠶ᠋ᠠᠨ ᠤᠶᠤᠳᠠᠳ᠎ᠲᠤ ᠶᠡᠬᠡ ᠰᠤᠷᠭ᠋ᠠᠭᠤᠯᠢ᠎ᠳᠤ ᠰᠢᠯᠭ᠋ᠠᠭᠤᠯᠤᠨ ᠤᠷᠤᠭᠰᠠᠨ ᠲᠤᠬᠠᠢ ᠵᠢᠨ ᠵᠢᠯ᠎ᠳᠤᠨᠢ ᠵᠤᠷᠢᠭᠵᠢᠭᠤᠯᠤᠯ᠎ᠤᠨ ᠮᠦᠩᠬᠦ 1000 ᠲᠦᠭᠦᠷᠢᠭ ᠱᠠᠩᠨᠠᠬᠤ ᠰᠠᠨᠠᠭ᠋ᠠᠴᠢᠯᠠᠭ᠎ᠠ ᠭᠠᠷᠭ᠋ᠠᠭᠰᠠᠨ᠎ᠳᠤ ᠭᠠᠴᠠᠭ᠎ᠠ ᠵᠢᠨ ᠤᠳᠤᠷᠢᠳᠤᠯᠭ᠎ᠠ ᠨᠠᠷ ᠲᠤᠩ ᠤᠷᠢᠶᠠᠯᠠᠩᠬᠠᠨ ᠵᠦᠪᠰᠢᠶᠡᠷᠡᠨ ᠲᠡᠮᠵᠢᠵᠦ᠂ ᠪᠠᠭ᠎ᠤᠨ ᠬᠤᠷᠠᠯ ᠵᠶ᠋ᠠᠷ ᠤᠯᠠᠨ ᠵᠶ᠋ᠠᠷ ᠵᠶ᠋ᠠᠨ ᠶᠠᠷᠢᠯᠴᠠᠭ᠋ᠠᠳ ᠲᠤᠬᠠᠢ ᠵᠢᠨ ᠵᠢᠯ᠎ᠠᠴᠠ᠎ᠨᠢ ᠬᠡᠷᠡᠭᠵᠢᠭᠦᠯᠵᠦ ᠡᠬᠢᠯᠡᠭᠰᠡᠨ ᠪᠠᠢ᠌ᠨ᠎ᠠ᠃ 2013 ᠤᠨ᠎ᠠᠴᠠ ᠡᠨᠡ ᠠᠷᠭ᠎ᠠ᠎ᠳᠤ ᠪᠠᠭ᠎ᠠ ᠬᠡᠮᠵᠢᠶᠡᠨ᠎ᠤ ᠦᠭᠡᠷᠡᠴᠢᠯᠡᠯᠲᠡ ᠬᠢᠵᠦ᠂ ᠤᠤᠯ᠎ᠤᠨ ᠬᠡᠷᠡᠭᠵᠢᠬᠦᠯᠵᠦ ᠪᠠᠢ᠌ᠬᠰᠠᠨ 1000 ᠲᠦᠭᠦᠷᠢᠭ᠎ᠤᠨ ᠵᠤᠷᠢᠭᠵᠢᠭᠤᠯᠤᠯ᠎ᠤᠨ ᠮᠦᠩᠬᠦ ᠵᠢ ᠨᠡᠢ᠌ᠭᠡᠮ᠎ᠤᠨ ᠰᠢᠨᠵᠢᠡᠯᠬᠦ ᠤᠬᠠᠭ᠋ᠠᠨ᠎ᠤ ᠠᠩᠬᠢ ᠵᠢᠨ 450 ᠬᠤᠪᠢ᠎ᠠᠴᠠ ᠲᠡᠭᠡᠭᠰᠢ᠂ ᠪᠠᠢ᠌ᠭ᠋ᠠᠯᠢ ᠵᠢᠨ ᠰᠢᠨᠵᠢᠯᠡᠬᠦ ᠤᠬᠠᠭ᠋ᠠᠨ᠎ᠤ ᠠᠩᠬᠢ ᠵᠢᠨ 420 ᠬᠤᠪᠢ᠎ᠠᠴᠠ ᠲᠡᠭᠡᠭᠰᠢ ᠰᠢᠯᠢᠳᠡᠭ ᠬᠢᠷᠢ ᠪᠦᠲᠦᠮᠵᠢ ᠤᠯᠤᠭᠰᠠᠨ ᠤᠶᠤᠲᠠᠳ᠎ᠲᠤ ᠤᠯᠭᠤᠬᠤ ᠪᠤᠯᠭ᠋ᠠᠨ ᠬᠤᠪᠢᠷᠠᠭᠤᠯᠵᠤ᠂ ᠨᠤᠲᠤᠭ᠎ᠤᠨ ᠬᠠᠯᠠᠮᠵᠢ ᠵᠤᠷᠢᠬ᠍ᠵᠢᠭᠤᠯᠤᠯ ᠨᠤᠮ᠎ᠤᠨ ᠮᠦᠷ᠎ᠤᠨ ᠮᠢᠯᠢᠶᠠᠯᠭ᠎ᠠ ᠪᠤᠯᠭ᠋ᠠᠵᠤ ᠦᠨᠦ ᠪᠤᠯᠲᠠᠯ᠎ᠠ ᠬᠡᠷᠡᠭᠵᠢᠭᠦᠯᠦᠭᠰᠡᠭᠡᠷ ᠪᠤᠢ᠃
ᠴᠠᠰᠤᠨ ᠲᠡᠭᠡᠷ᠎ᠡ ᠮᠦᠷ᠎ᠲᠠᠢ᠂ ᠴᠠᠭ᠋ᠠᠰᠤᠨ ᠲ᠋ᠡᠭᠡᠷ᠎ᠡ ᠨᠡᠷ᠎ᠡ᠎ᠲᠠᠢ
ᠨᠠᠮ ᠠᠷᠠᠳ ᠲᠦᠮᠡᠨ᠎ᠤ ᠦᠢ᠍ᠯᠡᠰ᠎ᠲᠤ ᠦᠨᠡᠨᠴᠢ᠎ᠪᠠᠷ ᠵᠢᠳᠭᠦᠭᠰᠡᠨ ᠠᠯᠳᠠᠷ ᠭᠠᠪᠢᠶ᠎ᠠ ᠵᠢ ᠠᠷᠠᠳ ᠲᠦᠮᠡᠨ᠎ᠨᠢ ᠦᠨᠡᠯᠡᠨ ᠤᠯᠭᠤᠬᠰᠠᠨ ᠪᠤᠯᠬᠤᠷ ᠠᠯᠬᠤᠮ ᠪᠦᠷᠢ᠎ᠨᠢ ᠬᠢᠯᠪᠠᠭ᠎ᠠ ᠰᠠᠴᠤᠷᠠᠨ᠎ᠠ᠃
ᠵᠢᠷᠦᠬᠡ ᠭᠠᠴᠠᠭ᠎ᠠ ᠵᠢᠨ ᠨᠠᠮ᠎ᠤᠨ ᠡᠬᠦᠷ ᠭᠠᠴᠠᠭ᠋ᠠᠨ ᠵᠦᠪᠯᠡᠯ᠎ᠤᠨ ᠭᠡᠷ᠎ᠲᠤ ᠤᠷᠤᠬᠤ᠎ᠳᠤ 《ᠲᠡᠷᠢᠬᠦᠨ᠎ᠤ ᠨᠠᠮ᠎ᠤᠨ ᠡᠬᠦᠷ》᠂ 《ᠶᠡᠷᠦᠩᠬᠡᠢ᠌ᠯᠡᠭᠰᠡᠨ ᠠᠵᠢᠯ᠎ᠤᠨ ᠨᠢᠭᠡᠳᠦᠭᠡᠷ ᠲᠡᠰ》᠂ 《ᠡᠭᠦᠯᠳᠡᠷ ᠰᠠᠢ᠌ᠵᠢᠷᠠᠭᠤᠯᠤᠯᠲᠠ ᠵᠢᠨ ᠠᠵᠢᠯ᠎ᠤᠨ ᠲᠡᠷᠢᠬᠦᠨ᠎ᠤ ᠨᠢᠭᠡᠴᠡ》᠂ ᠤᠯᠠᠭ᠋ᠠᠨᠬᠠᠳᠠ ᠬᠤᠳᠠ ᠵᠢᠨ 《ᠠᠷᠠᠳᠴᠢᠯᠠᠯ ᠪᠠ ᠬᠠᠤᠯᠢ᠎ᠪᠠᠷ ᠵᠠᠰᠠᠬᠤ ᠵᠢᠱ᠌ᠢᠶ᠎ᠡ ᠦᠵᠡᠭᠦᠯᠬᠦ ᠭᠠᠴᠠᠭ᠎ᠠ》᠂ ᠤᠯᠠᠭ᠋ᠠᠨᠬᠠᠳᠠ ᠬᠤᠳᠠ ᠵᠢᠨ 《ᠦᠨᠳᠦᠰᠦᠨ ᠱᠠᠲᠤᠨ᠎ᠤ ᠲᠡᠷᠢᠭᠦᠨ᠎ᠤ ᠨᠠᠮ᠎ᠤᠨ ᠵᠤᠬᠢᠶᠠᠨ ᠪᠠᠢ᠌ᠭᠤᠯᠤᠯᠲᠠ》 ᠵᠡᠷᠭᠡ ᠨᠢᠳᠤ ᠬᠢᠯᠪᠠᠭᠤᠯᠤᠭᠰᠠᠨ ᠰᠢᠷ᠎ᠠ ᠲᠡᠪᠢᠰᠭᠡᠷᠳᠦ ᠤᠯᠠᠨ ᠦᠰᠦᠭᠲᠦ ᠦᠨᠡᠮᠯᠡᠬᠦ᠎ᠪᠠᠷ ᠬᠠᠨ᠎ᠠ᠎ᠪᠠᠨ ᠲᠦᠭᠦᠷᠭᠡᠭᠰᠡᠨ ᠬᠠᠷᠠᠭᠳᠠᠨ᠎ᠠ᠃
ᠬᠠᠨᠰᠦ᠋ᠮ᠎ᠡ ᠰᠤᠮᠤ ᠵᠢᠨ ᠠᠷᠪᠠᠨ ᠲᠠᠪᠤᠳᠤᠭ᠋ᠠᠷ ᠬᠤᠭᠤᠴᠠᠭ᠎ᠠ᠎ᠠᠴᠠ ᠡᠬᠢᠯᠡᠭᠡᠳ ᠬᠤᠭᠤᠴᠠᠭ᠎ᠠ ᠪᠤᠯᠭ᠋ᠠᠨ᠎ᠤ ᠠᠷᠠᠳ᠎ᠤᠨ ᠲᠦᠯᠦᠭᠡᠯᠡᠭᠴᠢ᠂ ᠠᠷᠦ ᠬᠤᠷᠴᠢᠨ ᠬᠤᠰᠢᠭᠤᠨ᠎ᠤ ᠠᠷᠪᠠᠨ ᠵᠢᠷᠭᠤᠳᠤᠭ᠋ᠠᠷ ᠬᠤᠭᠤᠴᠠᠭ᠎ᠠ ᠵᠢᠨ ᠠᠷᠠᠳ᠎ᠤᠨ ᠲᠦᠯᠦᠭᠡᠯᠡᠭᠴᠢ᠂ ᠤᠯᠠᠭ᠋ᠠᠨᠬᠠᠳᠠ ᠬᠤᠲᠠ ᠵᠢᠨ ᠲᠤᠯᠤᠳᠤᠭ᠋ᠠᠷ ᠬᠤᠭᠤᠴᠠᠭ᠎ᠠ ᠵᠢᠨ ᠠᠷᠠᠳ᠎ᠤᠨ ᠲᠦᠯᠦᠭᠡᠯᠡᠭᠴᠢ ᠰᠡᠴᠡᠨᠪᠠᠲᠤ ᠬᠤᠰᠢᠭᠤ ᠰᠤᠮᠤ ᠵᠢᠨ ᠵᠶ᠋ᠠᠨ 《ᠰᠢᠯᠢᠳᠡᠭ ᠨᠠᠮ᠎ᠤᠨ ᠬᠡᠰᠢᠬᠦᠨ》᠂ 《ᠨᠠᠮ᠎ᠤᠨ ᠰᠢᠯᠢᠳᠡᠭ ᠠᠵᠢᠯᠲᠠᠨ》 ᠵᠶ᠋ᠠᠷ ᠤᠯᠠᠨᠲᠠ ᠦᠨᠡᠯᠡᠭᠳᠡᠭᠰᠡᠭᠡᠷ ᠢᠷᠡᠭᠰᠡᠨ ᠪᠦᠭᠡᠳ 2018 ᠤᠨ᠎ᠤ 7 ᠰᠡᠷ᠎ᠠ᠎ᠳᠤ 《ᠶᠠᠳᠠᠭᠤ᠎ᠠᠴᠠ ᠠᠡᠭᠬᠢᠵᠢᠷᠠᠭᠤᠯᠤᠨ ᠪᠤᠭᠤᠮᠳᠡ ᠳᠠᠪᠠᠬᠤ》 ᠵᠢᠷᠭᠤᠭ᠎ᠠ ᠵᠢ ᠦᠨᠡᠯᠡᠨ ᠰᠢᠯᠭ᠋ᠠᠷᠠᠭᠤᠯᠬᠤ ᠠᠵᠢᠯᠯᠠᠭ᠋ᠠᠨ᠎ᠳᠤ 《ᠭᠠᠴᠠᠭ᠋ᠠᠨ᠎ᠤ ᠬᠠᠮᠤᠭ᠎ᠤᠨ ᠭᠤᠶᠦ ᠺᠠᠳ᠋ᠷ》 ᠵᠢᠡᠷ ᠦᠨᠡᠯᠡᠭᠳᠡᠵᠡᠢ᠃
ᠰᠡᠴᠡᠨᠪᠠᠲᠤ᠎ᠪᠠᠷ 2017 ᠤᠨ᠎ᠤ 6 ᠰᠡᠷ᠎ᠠ᠎ᠳᠤ ᠠᠷᠦ ᠬᠤᠷᠴᠢᠨ ᠬᠤᠰᠢᠭᠤᠨ᠎ᠤ 《ᠦᠡᠲᠤᠰᠤᠳᠡᠨᠤ ᠪᠦᠯᠬᠦᠮᠳᠡᠯ ᠲᠡᠪᠰᠢᠯᠳᠡ ᠵᠢᠨ ᠵᠢᠱ᠌ᠢᠶᠡᠴᠢ ᠬᠤᠪᠢ ᠬᠦᠮᠤᠨ》 ᠵᠶ᠋ᠠᠷ ᠰᠤᠩᠭᠤᠭᠳᠠᠵᠤ᠂ 2017 ᠤᠨ᠎ᠤ 9 ᠰᠡᠷ᠎ᠠ᠎ᠳᠤ ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ 《ᠦᠡᠲᠤᠰᠤᠳᠡᠨᠤ ᠪᠦᠯᠬᠦᠮᠳᠡᠯ ᠲᠡᠪᠰᠢᠯᠳᠡ ᠵᠢᠨ ᠵᠢᠱ᠌ᠢᠶᠡᠴᠢ ᠬᠤᠪᠢ ᠬᠦᠮᠤᠨ》᠎ᠤ ᠢᠷᠠᠭᠤ ᠠᠯᠳᠠᠷ᠎ᠢ ᠲᠤᠰᠤᠭᠰᠠᠨ ᠪᠦᠭᠡᠳ ᠦᠪᠡᠷᠳᠡᠬᠡᠨ ᠵᠠᠰᠠᠬᠤ ᠤᠷᠤᠨ ᠪᠠᠢ᠌ᠭᠤᠯᠤᠨᠨᠳᠡᠡᠡᠰᠡᠨ 70 ᠵᠢᠯ᠎ᠤᠨ ᠤᠢ ᠵᠢ ᠪᠡᠯᠬᠡᠯᠡᠬᠦ ᠶᠡᠬᠡ ᠬᠤᠷᠡᠯ᠎ᠳᠤ ᠦᠡᠲᠤᠰᠤᠨ ᠱᠠᠲᠤᠨ᠎ᠤ ᠠᠷᠠᠳ᠎ᠤᠨ ᠲᠦᠯᠦᠭᠡᠯᠡᠭᠴᠢ ᠵᠢᠨ ᠬᠤᠪᠢ᠎ᠪᠠᠷ ᠲᠠᠢ᠌ᠰᠠᠨ᠎ᠳᠤ ᠭᠠᠷᠴᠤ ᠢᠯᠡᠳᠭᠡᠯ ᠬᠢᠭᠰᠡᠨ ᠪᠠᠢ᠌ᠨ᠎ᠠ᠃ 2018 ᠤᠨ᠎ᠳᠤ ᠦᠡᠲᠤᠰᠤᠳᠡᠨᠤ ᠪᠦᠯᠬᠦᠮᠳᠡᠯ ᠲᠡᠪᠰᠢᠯᠳᠡ ᠵᠢᠨ ᠰᠢᠯᠢᠳᠡᠭ ᠲᠦᠯᠦᠬᠡᠯᠡᠭᠴᠢ ᠵᠢᠨ ᠬᠤᠪᠢ᠎ᠪᠠᠷ ᠪᠦᠬᠦ ᠤᠯᠤᠰ᠎ᠤᠨ ᠴᠦᠬᠡᠨ ᠲᠤᠭ᠋ᠠᠳᠦ ᠦᠡᠲᠤᠰᠤᠳᠡᠨᠤ ᠲᠤᠭᠤᠷᠢᠨ ᠦᠵᠡᠬᠦ ᠪᠦᠯᠬᠦᠮ᠎ᠤᠨ ᠬᠠᠮᠲᠤ ᠲᠡᠷᠢᠬᠦᠨ᠎ᠤ ᠲᠡᠪᠰᠢᠡᠭᠭᠤᠢ ᠭᠠᠵᠠᠷ ᠤᠷᠤᠨ ᠵᠢᠡᠷ ᠲᠤᠭᠤᠷᠢᠨ ᠦᠵᠡᠵᠦ ᠠᠮᠵᠢᠯᠲᠠ᠎ᠲᠠᠢ ᠲᠤᠷᠰᠢᠯᠭ᠎ᠠ᠂ ᠠᠵᠢᠯ᠎ᠤᠨ ᠠᠷᠭ᠎ᠠ ᠮᠠᠶᠢᠭ᠎ᠢ ᠰᠤᠷᠤᠯᠴᠠᠭᠰᠠᠨ ᠪᠦᠭᠡᠳ ᠲ᠋ᠦᠪᠤᠨ ᠤᠲᠤᠷᠢᠲᠤᠯᠭ᠎ᠠ ᠸᠠᠡᠭ ᠶᠠᠡᠭ᠎ᠲᠠᠢ ᠠᠭᠤᠯᠵᠠᠵᠤ ᠦᠩᠭᠡᠷᠡᠭᠰᠡᠨ ᠪᠠᠢ᠌ᠨ᠎ᠠ᠃ 2019 ᠤᠨ᠎ᠳᠤ ᠪᠦᠬᠦ ᠤᠯᠤᠰ᠎ᠤᠨ 《ᠦᠡᠲᠤᠰᠤᠳᠡᠨᠤ ᠪᠦᠯᠬᠦᠮᠳᠡᠯ ᠲᠡᠪᠰᠢᠯᠳᠡ ᠵᠢᠨ ᠵᠢᠱ᠌ᠢᠶᠡᠴᠢ ᠬᠤᠪᠢ ᠬᠦᠮᠤᠨ》 ᠵᠶ᠋ᠠᠷ ᠦᠨᠡᠯᠡᠭᠳᠡᠭᠰᠡᠨ ᠪᠠᠢ᠌ᠨ᠎ᠠ᠃ 2020 ᠤᠨ᠎ᠳᠤ ᠪᠦᠬᠦ ᠬᠤᠳᠡ ᠵᠢᠨ 《ᠦᠨᠲᠤᠰᠤᠨ ᠱᠠᠲᠤᠨ᠎ᠤ ᠴᠢᠭᠡᠴᠢ ᠰᠤᠷᠳᠡᠯ᠎ᠤᠨ ᠲᠠᠭᠤᠷᠢᠶᠡᠯ ᠵᠢᠱ᠌ᠢᠶᠡᠴᠢ ᠺᠠᠳ᠋ᠷ》᠎ᠤᠨ ᠢᠷᠠᠭᠤ ᠠᠯᠳᠡᠷ᠎ᠢ ᠬᠦᠷᠳᠡᠪᠡ᠃
ᠬᠦᠰᠡᠯ᠎ᠤᠨ ᠰᠠᠢ᠌ᠬᠠᠨ᠎ᠨᠢ ᠢᠷᠡᠭᠡᠳᠦᠢ᠎ᠳᠡᠭᠡᠨ ᠪᠠᠢ᠌ᠳᠠᠭ
ᠵᠢᠷᠦᠬᠡ ᠵᠢᠨ ᠲᠠᠯ᠎ᠠ ᠵᠢᠨ ᠰᠡᠴᠡᠨᠪᠠᠲᠤ ᠡᠷᠳᠡᠨᠢᠴᠡᠴᠡᠭᠤᠨᠬᠢᠨ ᠬᠡᠵᠦ ᠦᠳᠡᠯᠦᠭᠡ ᠪᠤᠭᠤᠷᠤᠯ ᠠᠪᠤ ᠡᠵᠢ᠎ᠲᠠᠢ᠂ ᠤᠯᠤᠰ᠎ᠤᠨ ᠵᠢᠤᠳᠤᠤ ᠪᠦᠬᠡ ᠵᠢᠨ ᠠᠪᠤᠷᠭᠤ ᠬᠦᠦ᠂ ᠤᠶᠤᠲᠠᠨ ᠦᠬᠢᠨ᠎ᠲᠠᠢ ᠠᠮᠠ ᠪᠦᠯᠢ ᠵᠢᠷᠭᠤᠭ᠋ᠠᠭᠤᠯᠠ ᠦᠨᠢᠷ ᠦᠳᠭᠡᠨ ᠠᠢ᠌ᠯ᠃
1989 ᠤᠨ᠎ᠠᠴᠠ 18 ᠨᠠᠰᠤᠲᠠᠢᠠᠴᠠᠪᠠᠨ ᠪᠠᠷᠢᠯᠳᠤᠵᠤ ᠡᠬᠢᠯᠡᠭᠡᠳ 1992 ᠤᠨ᠎ᠤ ᠬᠠᠨ ᠰᠦᠮ᠎ᠡ ᠵᠢᠨ ᠢᠷᠦᠭᠡᠯ᠎ᠤᠨ ᠬᠤᠷᠠᠯ᠎ᠤᠨ ᠨᠠᠢ᠌ᠷ᠎ᠤᠨ ᠲᠡᠳ᠋᠂ 1996 ᠤᠨ᠎ᠤ ᠬᠠᠨᠰᠦ᠋ᠮ᠎ᠡ ᠰᠤᠮᠤ ᠵᠢᠨ ᠨᠠᠢ᠌ᠷ᠎ᠤᠨ ᠲᠡᠷᠢᠬᠦᠨ ᠰᠡᠴᠡᠨᠪᠠᠲᠤ ᠵᠢᠨ ᠢᠳᠡ ᠪᠠᠷᠢᠯᠳᠤᠵᠤ ᠪᠠᠢ᠌ᠬᠰᠠᠨ ᠦᠶ᠎ᠡ᠎ᠳᠤ ᠬᠤᠰᠢᠭᠤᠨ ᠨᠠᠢ᠌ᠷ ᠬᠢᠭᠰᠡᠨ ᠲᠠᠭ᠋ᠠᠷᠠᠭᠰᠠᠨ ᠦᠬᠡᠢ᠃ ᠲᠡᠷᠡ᠎ᠪᠠᠷ 2003 ᠤᠨ᠎ᠳᠤ 32ᠲᠠᠢ᠎ᠳᠠᠭᠠᠨ ᠠᠷᠦ ᠬᠤᠷᠴᠢᠨ ᠬᠤᠰᠢᠭᠤᠨ ᠨᠠᠢ᠌ᠷ᠎ᠲᠤ ᠠᠩᠬ᠎ᠠ ᠤᠷᠤᠭ᠋ᠠᠳ ᠲᠤᠤᠷ᠎ᠠ ᠨᠠᠢ᠍ᠮᠠ ᠵᠢᠨ 13᠎ᠳᠤ ᠰᠠᠭᠤᠵᠤ᠂ ᠪᠠᠭ᠋ᠠᠷᠢᠨ᠂ ᠬᠡᠰᠢᠭᠳᠡᠨᠤ ᠨᠠᠢ᠌ᠷ᠎ᠲᠤ ᠲᠡᠭᠡᠷ᠎ᠡ ᠨᠠᠢ᠍ᠮᠠ᠎ᠳᠤ ᠲᠡᠪᠢᠵᠦ᠂ ᠦᠪᠡᠷᠲᠡᠭᠡᠨ ᠵᠠᠰᠠᠬᠤ ᠤᠷᠤᠨ᠎ᠤ 50 ᠵᠢᠯ᠎ᠤᠨ ᠤᠢ᠂ 60 ᠵᠢᠯ᠎ᠤᠨ ᠤᠢ ᠵᠢᠨ ᠨᠠᠢ᠌ᠷ᠎ᠲᠤ ᠵᠤᠳᠤᠭᠯᠠᠵᠤ᠂ ᠬᠤᠰᠢᠭᠤ ᠨᠤᠲᠤᠭ᠎ᠤᠨ ᠵᠶ᠋ᠠᠨ ᠨᠡᠷ᠎ᠡ ᠵᠢ ᠡᠷᠭᠦᠵᠦ ᠶᠠᠪᠤᠭᠰᠠᠨ ᠮᠠᠯᠴᠢᠨ ᠪᠦᠬᠡᠴᠢᠨᠤ ᠰᠠᠢ᠌ᠬᠠᠨ ᠠᠯᠳᠠᠷᠲᠠᠢ ᠬᠡᠬᠦ᠎ᠳᠤ ᠲᠡᠭᠦᠨ᠎ᠤ ᠬᠦᠦ ᠨᠠᠴᠢᠨ᠎ᠨᠢ 2011 ᠤᠨ᠎ᠳᠤ ᠦᠪᠡᠷᠲᠡᠭᠡᠨ ᠵᠠᠰᠠᠬᠤ ᠤᠷᠤᠨ᠎ᠤ ᠵᠠᠯᠠᠭᠤᠴᠤᠳ ᠪᠠᠭ᠋ᠠᠴᠤᠳ᠎ᠤᠨ ᠵᠢᠤᠳᠤᠤ ᠪᠦᠬᠡ ᠵᠢᠨ73 ᠺᠢᠯᠤ᠋ ᠵᠢᠨ ᠲᠡᠰ᠎ᠤᠨ ᠠᠪᠤᠷᠭᠤ ᠰᠢᠯᠭ᠋ᠠᠷᠠᠭᠤᠯᠬᠤ ᠤᠷᠤᠯᠳᠤᠭ᠋ᠠᠨ᠎ᠤ ᠲᠡᠷᠢᠭᠦᠨ᠂ 2016 ᠤᠨ᠎ᠤ ᠠᠽᠢ ᠵᠢᠨ ᠵᠠᠯᠠᠭᠤᠴᠤᠳ ᠪᠠᠭ᠋ᠠᠴᠤᠳ᠎ᠤᠨ ᠵᠢᠤᠳᠤᠤ ᠪᠦᠬᠡ ᠵᠢᠨ 81 ᠺᠢᠯᠤ᠋ ᠵᠢᠨ ᠲᠡᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠤ ᠲᠡᠷᠢᠬᠦᠨ᠂ 2018 ᠤᠨ᠎ᠳᠤ ᠪᠦᠬᠦ ᠤᠯᠤᠰ᠎ᠤᠨ ᠵᠢᠤᠳᠤᠤ ᠪᠦᠬᠡ ᠵᠢᠨ 73 ᠺᠢᠯᠤ᠋ ᠵᠢᠨ ᠲᠡᠰ᠎ᠤᠨ ᠠᠪᠤᠷᠭᠤ ᠰᠢᠯᠭ᠋ᠠᠷᠠᠭᠤᠯᠬᠤ ᠤᠷᠤᠯᠳᠤᠭ᠋ᠠᠨ᠎ᠤ ᠲᠡᠷᠢᠭᠦᠨ᠂ ᠤᠯᠤᠰ᠎ᠤᠨ ᠵᠢᠤᠳᠤᠤ ᠪᠦᠬᠡ ᠵᠢᠨ ᠠᠪᠤᠷᠭᠤ ᠪᠠᠢ᠌ᠭ᠎ᠠ ᠵᠢ ᠲᠤᠭᠤᠯᠭ᠋ᠠᠬᠤᠳᠤ ᠶᠠᠭᠤᠲᠠᠢ ᠪᠠᠶᠠᠰᠬᠤᠯᠠᠩ᠂ ᠶᠠᠭᠤᠲᠠᠢ ᠬᠡᠢ᠌ᠮᠦᠷᠢᠯᠢᠭ᠃