ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠪᠦᠬᠦ ᠤᠯᠤᠰ᠎ᠤᠨ ᠶᠠᠳᠠᠭᠤ᠎ᠠᠴᠠ ᠠᠩᠬᠢᠵᠢᠷᠠᠭᠤᠯᠬᠤ ᠪᠣᠭᠣᠮᠳᠠ ᠰᠢᠪᠳᠤᠯᠬᠤ ᠠᠵᠢᠯ᠎ᠤᠨ ᠲᠡᠷᠢᠭᠦᠨ᠎ᠤ ᠬᠣᠪᠢ ᠬᠦᠮᠦᠨ— ᠪᠠᠶᠠᠷ
ᠨᠡᠶᠢᠲᠡᠯᠡᠭᠰᠡᠨ ᠴᠠᠭ᠄ 2021-05-20


                            ᠽᠠᠨᠳᠠᠨ  ᠰᠤᠷᠪᠤᠯᠵᠢᠯᠠᠪᠠ   
       ᠪᠠᠶᠠᠷ ᠪᠣᠯ ᠲᠦᠮᠡᠳ ᠵᠡᠭᠦᠨ ᠬᠣᠰᠢᠭᠤᠨ᠎ᠤ ᠱᠠᠩᠳᠠᠢ ᠪᠠᠯᠭ᠋ᠠᠰᠤ ᠵᠢᠨ ᠪᠧᠢ ᠨᠤᠦ ᠲᠣᠰᠬᠣᠨ᠎ᠤ ᠨᠢᠭᠡᠳᠦᠭᠡᠷ ᠱᠦᠵᠢ᠂ ᠲᠣᠰᠬᠣᠨ᠎ᠳᠤ ᠰᠠᠭᠤᠭ᠎ᠠ ᠠᠵᠢᠯ᠎ᠤᠨ ᠠᠩᠬᠢ ᠵᠢᠨ ᠳᠠᠷᠤᠭ᠎ᠠ᠂ ᠲᠦᠮᠡᠳ ᠵᠡᠭᠦᠨ ᠬᠣᠰᠢᠭᠤᠨ᠎ᠤ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠲᠥᠪ᠎ᠤᠨ ᠡᠷᠬᠢᠯᠡᠭᠴᠢ ᠪᠣᠯᠣᠨ᠎ᠠ᠃
       2014 ᠣᠨ᠎ᠤ 9 ᠳ᠋ᠣᠭᠡᠷ ᠰᠠᠷ᠎ᠠ᠎ᠠᠴᠠ ᠤᠳᠤ ᠪᠣᠯᠲᠠᠯ᠎ᠠ᠂ ᠪᠠᠶᠠᠷ ᠤᠷᠢᠳ ᠬᠣᠵᠢᠳ ᠲᠦᠮᠡᠳ ᠵᠡᠭᠦᠨ ᠬᠣᠰᠢᠭᠤᠨ᠎ᠤ ᠬᠣᠶᠠᠷ ᠲᠣᠰᠬᠣᠨ ᠎ᠤ ᠲᠣᠰᠬᠣᠨ᠎ᠳᠤ ᠰᠠᠭᠤᠭ᠎ᠠ ᠨᠢᠭᠡᠳᠦᠭᠡᠷ ᠱᠦᠵᠢ᠂ ᠶᠠᠳᠠᠭᠤ ᠵᠢ ᠲᠡᠳᠬᠦᠬᠦ ᠠᠵᠢᠯᠯᠠᠬᠤ ᠠᠩᠬᠢ ᠵᠢᠨ ᠳᠠᠷᠤᠭ᠎ᠠ ᠵᠢᠨ ᠲᠤᠰᠢᠶᠠᠯ᠎ᠢ ᠡᠭᠦᠷᠭᠡᠯᠡᠪᠡ᠃ ᠲᠣᠰᠬᠣᠨ᠎ᠳᠤ ᠬᠦᠷᠦᠭᠰᠡᠨ ᠠᠩᠬᠠᠨ᠎ᠤ ᠡᠳᠦᠷ᠎ᠠᠴᠠ᠎ᠪᠠᠨ ᠡᠬᠢᠯᠡᠨ ᠲᠡᠷᠡ ᠲ᠋ᠠᠷᠢᠶᠠᠴᠢᠳ᠎ᠤᠨ ᠳᠤᠮᠳᠠ ᠭᠦᠨᠵᠡᠭᠡᠶ᠋ᠢᠷᠡᠨ ᠠᠷᠠᠳ᠎ᠤᠨ ᠪᠣᠳᠣᠯ ᠰᠠᠨᠠᠯ᠎ᠢ ᠰᠣᠨᠣᠰᠴᠤ᠂  ᠲᠤᠬᠠᠢ ᠵᠢᠨ ᠭᠠᠵᠠᠷ᠎ᠤᠨ ᠪᠣᠳᠠᠲᠤ ᠪᠠᠶ᠋ᠢᠳᠠᠯ᠎ᠢ ᠣᠢ᠌ᠯᠠᠭ᠋ᠠᠨ᠂ ᠠᠷᠭ᠎ᠠ ᠪᠦᠬᠦᠨ᠎ᠢ ᠰᠦᠪᠡᠭᠴᠢᠯᠡᠵᠦ ᠪᠠᠢ᠌ᠭ᠋ᠠᠳ ᠲᠣᠰᠬᠣᠨ᠎ᠤ ᠠᠷᠠᠳ᠎ᠤᠨ ᠬᠠᠮᠤᠭ ᠎ᠤᠨ ᠰᠠᠨᠠᠭ᠋ᠠᠰᠢᠷᠠᠵᠤ᠂ ᠬᠠᠮᠤᠭ ᠎ᠤᠨ ᠬ᠋ᠦᠰᠡᠵᠦ ᠪᠠᠶ᠋ᠢᠭᠰᠠᠨ ᠠᠰᠠᠭᠤᠳᠠᠯ᠎ᠢ ᠰᠢᠢ᠍ᠳᠪᠦᠷᠢᠯᠡᠵᠦ ᠦᠭᠪᠡ᠃ ᠲᠡᠷᠡ ᠪᠣᠳᠠᠲᠤ ᠠᠵᠢᠯᠯᠠᠭ᠎ᠠ᠎ᠪᠠᠷ ᠵᠶ᠋ᠠᠨ ᠶᠠᠳᠠᠭᠤ ᠬᠦᠴᠢᠷᠳᠡᠯᠲᠡᠢ ᠤᠯᠠᠨ ᠲᠦᠮᠡᠨ᠎ᠲᠠᠢ ᠰᠠᠯᠤᠰᠢ ᠦᠭᠡᠢ ᠬᠤᠪᠢ ᠪᠠᠷᠢᠯᠳᠤᠯᠭ᠎ᠠ᠎ᠲᠠᠢ ᠪᠤᠯᠵᠤ᠂ ᠨᠢᠭᠡᠨ ᠡᠪ ᠬᠠᠮᠲᠤ ᠨᠠᠮ᠎ᠤᠨ ᠭᠡᠰᠢᠭᠦᠨ᠎ᠤ ᠬᠦᠰᠡᠯ ᠢᠲᠡᠭᠡᠯ ᠪᠣᠯᠤᠨ ᠴᠥᠬᠥᠷᠡᠰᠢ ᠦᠭᠡᠢ ᠤᠬ ᠰᠠᠨᠠᠭ᠎ᠠ ᠵᠢ ᠤᠳᠠᠭ᠎ᠠ ᠳᠠᠷᠠᠭ᠋ᠠᠯᠠᠨ ᠭᠡᠷᠡᠴᠢᠯᠡᠵᠦ᠂  ᠶᠠᠳᠠᠭᠤ ᠵᠢ ᠲᠡᠳᠭᠦᠨ ᠬᠦᠴᠢᠷᠳᠠᠢ ᠵᠢ᠎ᠨᠢ ᠲᠤᠰᠠᠯᠠᠨ᠂ ᠨᠢᠭᠡ ᠰᠡᠳᠬᠢᠯ ᠵᠶ᠋ᠠᠷ ᠠᠷᠠᠳ᠎ᠤᠨ ᠲᠥᠯᠥᠭᠡ ᠵᠢᠳᠬᠦᠬᠦ ᠵᠣᠷᠢᠭ ᠰᠠᠨᠠᠭ᠎ᠠ ᠵᠢ ᠤᠯᠠᠮᠵᠢᠯᠠᠨ  ᠪᠠᠳᠠᠷᠠᠭᠤᠯᠵᠠᠢ᠃
      2014 ᠣᠨ᠎ᠤ 9 ᠳ᠋ᠣᠭᠡᠷ ᠰᠠᠷ᠎ᠠ᠎ᠳᠤ᠂ ᠪᠠᠶᠠᠷ ᠲᠣᠰᠬᠣᠨ᠎ᠤ ᠪᠠᠢ᠌ᠳᠠᠯ ᠎ᠢ ᠰᠣᠷᠪᠣᠯᠵᠢᠯᠠᠭ᠋ᠠᠳ ᠲᠣᠰᠬᠣᠨ ᠎ᠤ ᠵᠠᠮ ᠬᠠᠷᠢᠯᠴᠠᠭ᠎ᠠ ᠰᠠᠭ᠋ᠠᠳ ᠦᠭᠡᠢ ᠠᠳᠠᠯ᠎ᠠ ᠡᠨᠳᠡᠬᠢ ᠠᠷᠠᠳ᠎ᠤᠳ᠎ᠨᠢ ᠵᠦᠪᠬᠡᠨ ᠬᠤᠯᠠ ᠵᠠᠮ᠎ᠤᠨ ᠠᠶᠠᠨᠴᠢᠳ᠎ᠤᠨ  ᠮᠠᠰᠢᠨ᠎ᠢ ᠯᠡ ᠲᠦᠰᠢᠭᠯᠡᠵᠦ᠂  ᠶᠠᠪᠤᠵᠤ ᠰᠠᠭᠤᠬᠤ᠎ᠳᠤ ᠶᠡᠬᠡ ᠳᠦᠭᠥᠮ ᠦᠭᠡᠢ ᠪᠠᠢ᠌ᠬᠤ ᠵᠢ ᠣᠢ᠌ᠯᠠᠭ᠋ᠠᠵᠠᠢ᠃   ᠡᠢ᠌ᠨ ᠬᠦ᠌ ᠲᠡᠷᠡ ᠪᠢᠩ ᠵᠧᠦ ᠬᠠᠢ ᠲᠣᠰᠬᠣᠨ᠎ᠳᠤ 64 ᠳ᠋ᠣᠭᠡᠷ ᠵᠠᠮ᠎ᠤᠨ ᠨᠡᠶ᠋ᠢᠲᠡ ᠵᠢᠨ ᠮᠠᠰᠢᠨ ᠎ᠢ ᠣᠷᠣᠭᠤᠯᠤᠨ ᠠᠪᠴᠢᠷᠠᠵᠤ᠂ ᠵᠠᠮ ᠳᠠᠭ᠋ᠠᠤ ᠵᠢᠨ 《ᠬᠣᠶᠠᠷ ᠰᠢᠶᠠᠩ ᠵᠢᠷᠭᠤᠭ᠋ᠠᠨ ᠲᠣᠰᠬᠣᠨ》᠎ᠤ ᠲᠦᠮᠡ ᠭᠠᠷᠤᠢ ᠲᠣᠰᠬᠣᠨ᠎ᠤ ᠠᠷᠠᠳ᠎ᠤᠨ ᠶᠠᠪᠤᠵᠤ ᠰᠠᠭᠤᠬᠤ᠎ᠳᠤ ᠬᠦᠴᠢᠷ᠎ᠲᠠᠢ ᠪᠠᠶ᠋ᠢᠬᠤ ᠠᠰᠠᠭᠤᠳᠠᠯ᠎ᠢ ᠰᠢᠢ᠍ᠳᠪᠦᠷᠢᠯᠡᠵᠦ᠂ ᠲᠣᠰᠬᠣᠨ᠎ᠤ ᠠᠷᠠᠳ᠎ᠤᠨ ᠬᠠᠮᠤᠭ᠎ᠤᠨ ᠰᠡᠭᠦᠯᠴᠢ ᠵᠢᠨ ᠨᠢᠭᠡ ᠺᠢᠯᠤᠮᠸᠲᠷ᠎ᠢ ᠨᠡᠪᠲᠡᠷᠡᠭᠦᠯᠵᠡᠢ; ᠲᠡᠷᠡ ᠪᠠᠰᠠ ᠲ᠋ᠣᠮᠢᠯᠠᠭᠰᠠᠨ ᠪᠠᠢ᠌ᠭᠤᠯᠭ᠎ᠠ ᠨᠢᠭᠡᠴᠢ᠎ᠲᠠᠢ᠎ᠪᠠᠨ ᠬᠠᠷᠢᠴᠠᠵᠦ ᠪᠠᠢ᠌ᠭ᠋ᠠᠳ 60 ᠲᠦᠮᠡᠨ ᠲᠥᠭᠥᠷᠢᠭ ᠡᠷᠡᠮᠡᠯᠵᠡᠯᠡᠨ ᠣᠯᠵᠦ᠂ ᠲᠠᠷᠢᠶᠠᠯᠠᠩ᠎ᠤᠨ ᠤᠰᠤᠯᠠᠯᠲᠠ ᠵᠢᠨ ᠰᠠᠭᠤᠷᠢ ᠲᠥᠬᠥᠭᠡᠷᠦᠮᠵᠢ ᠵᠢ ᠰᠢᠨᠡᠳᠭᠡᠨ ᠵᠠᠰᠠᠭᠰᠠᠨ ᠮᠦᠷᠳᠡᠭᠡᠨ  ᠲᠣᠰ ᠲᠤᠰᠬᠤᠨ᠎ᠢ ᠬᠠᠪᠰᠤᠷᠤᠨ ᠲᠡᠳᠬᠦᠵᠦ ᠪᠣᠢ ᠪᠠᠢ᠌ᠭᠤᠯᠭ᠎ᠠ ᠨᠢᠭᠡᠴᠢ᠎ᠲᠠᠢ᠎ᠪᠠᠨ ᠬᠠᠷᠢᠴᠠᠵᠦ 185 ᠲᠦᠮᠡ ᠲᠦᠮᠡᠨ ᠲᠥᠭᠥᠷᠢᠭ᠎ᠤᠨ ᠬᠦᠷᠦᠩᠭᠡ ᠣᠷᠣᠭᠤᠯᠵᠤ᠂ ᠪᠦᠬᠦ ᠣᠷᠳᠣ᠎ᠨᠢ ᠪᠠᠷᠤᠭ 105 ᠺᠢᠯᠣᠮᠧᠲᠷ᠎ᠤᠨ ᠲᠦᠭᠡᠭᠡᠯ ᠤᠰᠤᠨ᠎ᠤ ᠬᠣᠭᠣᠯᠠᠶ ᠵᠢ  ᠵᠠᠰᠠᠵᠤ ᠦᠭᠭᠦᠭᠡᠳ6000 ᠢᠯᠡᠭᠦᠦ ᠬᠥᠮᠦᠨ ᠠᠮᠠ᠎ᠳᠤ ᠠᠰᠢᠭ ᠬᠦᠷᠳᠡᠭᠡᠵᠠᠢ᠃
       ᠪᠠᠶᠠᠷ ᠶᠠᠳᠠᠭᠤ ᠵᠢ ᠲᠡᠳᠬᠦᠬᠦ ᠨᠡᠶ᠋ᠢᠭᠡᠮ᠎ᠤᠨ ᠬᠦᠴᠦᠨ᠎ᠲᠠᠢ ᠢᠳᠡᠪᠬᠢᠲᠡᠶ᠎ᠪᠠᠷ ᠬᠠᠷᠢᠴᠠᠵᠦ ᠪᠠᠢ᠌ᠭ᠋ᠠᠳ ᠪᠸᠢ ᠨᠤᠦ ᠲᠣᠰᠬᠣᠨ᠎ᠤ ᠶᠠᠳᠠᠭᠤ᠎ᠠᠴᠠ ᠠᠩᠬᠢᠵᠢᠷᠠᠭᠤᠯᠤᠨ ᠪᠣᠭᠣᠮᠳᠠ ᠰᠢᠪᠳᠣᠯᠬᠣ ᠠᠵᠢᠯ᠎ᠳᠤ ᠣᠷᠣᠯᠴᠠᠭᠤᠯᠵᠠᠢ᠃ ᠡᠭᠦᠨ ᠎ᠳᠤ ᠬᠤᠸᠠᠰᠢᠶᠠ  ᠳᠠᠭ᠋ᠠᠳᠭ᠋ᠠᠯ᠎ᠤᠨ ᠺᠤᠮᠫᠠᠨᠢ᠎ᠨᠢ ᠪᠸᠢ ᠨᠤᠦ ᠲᠣᠰᠬᠣᠨ᠎ᠲᠠᠢ ᠭᠤᠷᠪᠠᠨ ᠵᠢᠯ᠎ᠤᠨ ᠬᠠᠪᠰᠤᠷᠤᠨ ᠲᠡᠳᠬᠦᠬᠦ ᠬᠡᠯᠡᠯᠴᠡᠭᠡᠷ ᠲᠣᠭᠲᠠᠵᠤ᠂ᠡᠮᠴᠢᠯᠡᠭᠡᠨ ᠎ᠤ ᠠᠪᠤᠷᠠᠨ ᠲᠤᠰᠠᠯᠠᠯᠲᠠ᠂ ᠨᠡᠶ᠋ᠢᠭᠡᠮ᠎ᠤᠨ ᠠᠪᠤᠷᠠᠨ ᠲᠤᠰᠠᠯᠠᠯᠲᠠ᠂ ᠰᠤᠷᠭ᠋ᠠᠨ ᠬᠥᠮᠦᠵᠢᠯ᠎ᠤᠨ ᠲᠡᠳᠬᠦᠨ ᠲᠡᠮᠵᠢᠯᠭᠡ ᠵᠡᠷᠭᠡ ᠲᠠᠯ᠎ᠠ᠎ᠪᠠᠷ ᠣᠨᠣᠴᠠᠲᠠᠶ᠎ᠪᠠᠷ ᠶᠠᠳᠠᠭᠤ ᠵᠢ ᠲᠡᠳᠬᠦᠬᠦ᠎ᠳᠤ ᠬᠦᠴᠦ ᠨᠡᠮᠡᠷᠢᠯᠡᠭᠰᠡᠨ ᠮᠦᠷᠳᠡᠭᠡᠨ ᠪᠸᠢ ᠨᠤᠦ ᠲᠣᠰᠬᠣᠨ᠎ᠳᠤ 15 ᠲᠦᠮᠡᠨ ᠲᠥᠭᠥᠷᠢᠭ᠎ᠤᠨ ᠡᠳ᠋ ᠪᠣᠳᠠᠰ  ᠬᠠᠨᠳᠢᠪᠯᠠᠵᠠᠢ; ᠨᠡᠶ᠋ᠢᠭᠡᠮ᠎ᠤᠨ ᠨᠡᠶ᠋ᠢᠲᠡ ᠵᠢᠨ ᠠᠰᠠᠷᠠᠮᠵᠢ ᠵᠢᠨ ᠵᠣᠬᠢᠶᠠᠨ ᠪᠠᠶ᠋ᠢᠭᠤᠯᠤᠯᠲᠠ᠎ᠲᠠᠢ ᠬᠠᠷᠢᠴᠠᠵᠦ 《ᠬᠠᠶ᠋ᠢᠷ᠎ᠠ ᠬᠠᠯᠠᠮᠵᠢ᠎ᠪᠠᠷ ᠶᠠᠳᠠᠭᠤ ᠵᠢ ᠲᠡᠳᠬᠦᠬᠦ ᠲᠡᠵᠢᠭᠡᠨ ᠦᠷᠡᠵᠢᠭᠦᠯᠬᠦ ᠲᠠᠯᠠᠪᠠᠶ》 ᠵᠢᠨ ᠪᠥᠲᠥᠭᠡᠨ ᠪᠠᠶ᠋ᠢᠭᠤᠯᠤᠯᠲᠠ ᠵᠢᠨ ᠲ᠋ᠦᠰᠦᠯ᠎ᠢ ᠬᠠᠮᠳᠣ᠎ᠪᠠᠷ ᠬᠡᠷᠡᠭᠵᠢᠭᠦᠯᠵᠦ᠂ ᠬᠥᠷᠢᠶ᠎ᠡ ᠬᠠᠰᠢᠶᠠᠨ᠎ᠤ ᠠᠵᠤ ᠠᠬᠤᠶ ᠵᠢ   ᠬᠦᠭᠵᠢᠭᠦᠯᠵᠠᠢ᠃ ᠡᠢ᠌ᠨ ᠬᠦ᠌ ᠲᠤᠰᠬᠤᠨ ᠎ᠤ ᠠᠷᠠᠳ᠎ᠨᠢ ᠬᠡᠷ᠎ᠠᠴᠠ᠎ᠪᠠᠨ  ᠭᠠᠷᠬᠤ ᠥᠬᠡᠶ᠂ ᠮᠦᠩᠬᠦ ᠵᠠᠷᠤᠴᠠᠭᠤᠯᠬᠤ ᠥᠬᠡᠶ᠎ᠪᠠᠷ ᠢᠯᠡᠭᠦᠤ ᠨᠢᠭᠡ ᠬᠤᠪᠢ ᠠᠵᠢᠯ᠎ᠲᠠᠢ ᠪᠣᠯᠣᠭᠰᠠᠨ᠎ᠠᠴᠠ ᠲᠣᠭᠲᠠᠪᠤᠷᠢᠲᠠᠶ ᠣᠷᠤᠯᠭ᠎ᠠ᠎ᠲᠠᠢ ᠪᠤᠯᠵᠤ᠂ ᠪᠸᠢ ᠨᠤᠤ ᠲᠣᠰᠬᠣᠨ᠎ᠤ 18 ᠶᠠᠳᠠᠭᠤ ᠬᠦᠴᠢᠷᠳᠡᠯᠲᠡᠶ ᠡᠷᠦᠬᠡ ᠣᠷᠣᠯᠴᠠᠭ᠋ᠠᠳ ᠡᠷᠦᠬᠡ ᠪᠦᠷᠢ ᠵᠢᠨ ᠲᠤᠬᠠᠶ ᠵᠢᠨ ᠵᠢᠯ᠎ᠤᠨ ᠲ᠋ᠡᠭᠰᠢᠳᠭᠡᠭᠰᠡᠨ ᠣᠷᠣᠯᠭ᠎ᠠ᠎ᠨᠢ 5600 ᠲᠥᠭᠥᠷᠢᠭ ᠨᠡᠮᠡᠭᠳᠡᠭᠰᠡᠨ ᠪᠠᠶ᠋ᠢᠨ᠎ᠠ; ᠲᠡᠷᠡ ᠪᠠᠰᠠ ᠳᠤᠮᠳᠠᠳᠤ ᠤᠯᠤᠰ᠎ᠤᠨ ᠨᠢᠭᠡᠳᠦᠮᠡᠯ ᠬᠣᠯᠪᠣᠭ᠎ᠠ ᠵᠢᠨ᠎ᠬᠢᠨ᠎ᠲᠠᠢ ᠬᠠᠷᠢᠴᠠᠵᠦ ᠪᠠᠢ᠌ᠭ᠋ᠠᠳ ᠲᠦᠮᠡᠳ ᠵᠡᠭᠦᠨ ᠬᠣᠰᠢᠭᠤᠨ᠎ᠤ ᠱᠠᠩᠳᠠᠶ  ᠪᠠᠯᠭ᠋ᠠᠰᠦ ᠵᠢᠨ 16 ᠲᠣᠰᠬᠣᠨ᠎ᠤ 411 ᠡᠷᠦᠬᠡ ᠵᠢᠨ 960 ᠬᠥᠮᠦᠨ ᠎ᠤ ᠣᠨᠣᠴᠠᠲᠠᠶ᠎ᠪᠠᠷ ᠶᠠᠳᠠᠭᠤ ᠵᠢ ᠲᠡᠳᠬᠦᠬᠦ ᠶᠠᠳᠠᠭᠤ ᠬᠦᠴᠢᠷᠳᠡᠯᠳᠠᠢ ᠡᠷᠦᠬᠡ᠎ᠳᠤ᠎ᠨᠢ ᠨᠡᠶ᠋ᠢᠲᠡ 12 ᠲᠦᠮᠡᠨ ᠲᠥᠭᠥᠷᠢᠭ ᠎ᠤᠨ 1000 ᠳ᠋ᠢᠶᠠᠩᠬᠤᠸᠠ ᠵᠢᠨ ᠺᠠᠷᠲ ᠎ᠢ ᠲᠥᠯᠥᠪᠦᠷᠢ ᠥᠬᠡᠶ᠎ᠪᠠᠷ ᠲᠠᠷᠬᠠᠭ᠋ᠠᠪᠠ᠃ 2018 ᠣᠨ᠎ᠤ ᠰᠡᠭᠦᠯᠴᠢ᠎ᠪᠠᠷ ᠪᠥᠬᠥ ᠲᠣᠰᠬᠣᠨ᠎ᠤ ᠳᠠᠩᠰᠠᠯᠠᠵᠤ ᠺᠠᠷᠲᠯᠠᠭᠰᠠᠨ 30 ᠶᠠᠳᠠᠭᠤ ᠬᠦᠴᠢᠷᠳᠡᠯᠲᠡᠶ ᠡᠷᠦᠬᠡ ᠪᠦᠬᠦᠨ ᠵᠶ᠋ᠠᠷ ᠵᠶ᠋ᠠᠨ ᠶᠠᠳᠠᠭᠤ᠎ᠠᠴᠠ ᠠᠩᠬᠢᠵᠢᠷᠠᠵᠠᠢ᠃
        2019 ᠣᠨ᠎ᠤ 《7 ·1》 ᠎ᠤ ᠬᠤᠭᠤᠴᠠᠭ᠋ᠠᠨ᠎ᠳᠤ ᠪᠠᠶᠠᠷ ᠬᠠᠶ᠋ᠢᠷ᠎ᠠ ᠬᠠᠯᠠᠮᠵᠢ ᠵᠢᠨ ᠨᠡᠶ᠋ᠢᠲᠡ ᠵᠢᠨ ᠠᠰᠠᠷᠠᠮᠵᠢ ᠵᠢᠨ ᠠᠵᠤ ᠠᠬᠤᠶ᠋ᠢᠯᠠᠯ᠎ᠤᠨ ᠬᠠᠢ᠌ᠷ᠎ᠠ᠎ᠪᠠᠷ ᠰᠤᠷᠤᠯᠭ᠎ᠠ ᠵᠢ ᠲᠡᠳᠭᠦᠭᠦ ᠲᠦᠷᠦᠯ ᠵᠦᠢ᠍ᠯ᠎ᠲᠠᠢ ᠬᠠᠷᠢᠴᠠᠵᠦ ᠪᠠᠢ᠌ᠭ᠋ᠠᠳ ᠱᠠᠩᠳᠠᠶ ᠪᠠᠯᠭ᠋ᠠᠰᠦ ᠵᠢᠨ ᠲᠦᠪ ᠰᠤᠷᠭ᠋ᠠᠭᠤᠯᠢ ᠵᠢᠨ 146  ᠰᠤᠷᠤᠭᠴᠢ᠎ᠳᠤ 3 ᠲᠦᠮᠡ ᠭᠠᠷᠤᠢ ᠲᠥᠭᠥᠷᠢᠭ᠎ᠤᠨ ᠬᠠᠪᠤᠷ ᠨᠠᠮᠤᠷ᠎ᠤᠨ ᠰᠤᠷᠭ᠋ᠠᠭᠤᠯᠢ ᠵᠢᠨ ᠬᠤᠪᠴᠠᠰᠤ ᠬᠠᠨᠳᠢᠪᠯᠠᠪᠠ ; 2019 ᠣᠨ᠎ᠤ 2 ᠳ᠋ᠣᠭ᠋ᠠᠷ ᠰᠠᠷ᠎ᠠ᠎ᠳᠤ ᠪᠠᠶᠠᠷ ᠥᠪᠡᠷ ᠵᠶ᠋ᠠᠨ 4 ᠲᠦᠮᠡᠨ ᠲᠥᠭᠥᠷᠢᠭ ᠴᠤᠭᠯᠠᠭᠤᠯᠵᠤ᠂ 9 ᠲᠦᠮᠡᠨ ᠲᠥᠭᠥᠷᠢᠭ᠎ᠤᠨ ᠶᠠᠳᠠᠭᠤ ᠵᠢ ᠲᠡᠳᠬᠦᠬᠦ ᠪᠠᠯᠠ ᠮᠥᠩᠭᠥ ᠡᠷᠡᠮᠡᠯᠵᠡᠯᠡᠨ ᠣᠯᠵᠦ᠂  ᠣᠨᠣᠴᠠᠲᠠᠶ᠎ᠪᠠᠷ ᠶᠠᠳᠠᠭᠤ ᠵᠢ ᠲᠡᠳᠭᠦᠭᠦ ᠶᠠᠳᠠᠭᠤ ᠬᠦᠴᠢᠷᠳᠡᠯᠲᠡᠶ 6 ᠡᠷᠦᠬᠡ ᠵᠢᠨ12  ᠬᠦᠮᠦᠨ ᠎ᠢ ᠵᠣᠬᠢᠶᠠᠨ ᠪᠠᠢ᠌ᠭᠤᠯᠤᠨ ᠪᠸᠢ ᠨᠤᠤ ᠲᠣᠰᠬᠣᠨ᠎ᠤ ᠶᠦᠨ ᠯᠢ ᠡᠭᠦᠯᠳᠡᠷ᠎ᠤᠨ ᠶᠠᠳᠠᠭᠤ ᠵᠢ  ᠲᠡᠳᠭᠦᠨ ᠬᠠᠷᠢᠯᠴᠠᠨ ᠬᠠᠪᠰᠤᠷᠤᠯᠴᠠᠬᠤ ᠲᠡᠵᠢᠭᠡᠨ ᠦᠷᠡᠵᠢᠭᠦᠯᠬᠦ ᠲᠠᠯᠠᠪᠠᠶ ᠵᠢ ᠪᠠᠢ᠌ᠭᠤᠯᠵᠦ᠂ ᠲᠤᠰᠬᠠᠶ ᠬᠣᠷᠰᠢᠶᠠᠵᠢᠯ᠎ᠤᠨ ᠠᠵᠦ ᠠᠬᠤᠢ ᠵᠢᠨ ᠳᠠᠪᠠᠭᠤᠯᠢᠭ ᠵᠶ᠋ᠠᠷ ᠶᠠᠳᠠᠭᠤ ᠬᠦᠴᠢᠷᠳᠡᠯᠲᠡᠶ ᠡᠷᠦᠬᠡ ᠵᠢᠨ ᠬᠥᠭᠵᠢᠯᠲᠡ ᠵᠢ ᠳᠠᠶ᠋ᠢᠴᠢᠯᠠᠵᠤ᠂ ᠬᠡᠷ ᠪᠦᠯᠢ ᠵᠢᠨ ᠵᠠᠬᠢᠶᠠᠯᠠᠭ᠎ᠠ ᠵᠢᠨ ᠬᠠᠮᠲᠤᠷᠠᠯᠴᠠᠭ᠎ᠠ᠂ ᠡᠯᠧᠺᠲᠷᠣᠨ ᠬᠤᠳᠠᠯᠳᠤᠭ᠎ᠠ ᠵᠡᠷᠭᠡ ᠪᠣᠷᠣᠯᠠᠭᠤᠯᠭ᠎ᠠ ᠵᠢᠨ ᠵᠠᠭᠪᠤᠷ᠎ᠢ ᠬᠡᠷᠡᠭᠵᠢᠭᠦᠯᠦᠭᠡᠳ 《ᠲᠠᠨ᠎ᠤ ᠬᠡᠷ᠎ᠲᠤ ᠲᠠᠬᠢᠶ᠎ᠠ᠎ᠲᠠᠢ᠂ ᠪᠤᠰᠤᠳ ᠠᠢ᠌ᠯ᠎ᠳᠤ ᠬᠣᠨᠢ᠎ᠲᠠᠢ》 ᠣᠯᠠᠨ  ᠡᠰᠢᠵᠢᠭᠦᠯᠦᠭᠰᠡᠨ ᠲᠡᠵᠢᠭᠡᠨ ᠦᠷᠡᠵᠢᠭᠦᠯᠬᠦ ᠵᠠᠭᠪᠤᠷ᠎ᠢ ᠪᠣᠶ ᠪᠣᠯᠭ᠋ᠠᠪᠠ᠃ ᠲᠡᠭᠡᠭᠰᠡᠨ ᠵᠶ᠋ᠠᠷ ᠪᠸᠢ ᠨᠤᠤ ᠲᠣᠰᠬᠣᠨ᠎ᠤ ᠬᠥᠳᠡᠯᠮᠦᠷᠢᠯᠡᠬᠦ ᠴᠢᠳᠠᠪᠤᠷᠢ ᠥᠬᠡᠶ ᠶᠠᠳᠠᠭᠤ ᠬᠦᠴᠢᠷᠳᠡᠯᠲᠡᠶ ᠡᠷᠦᠬᠡ᠎ᠨᠢ  ᠰᠣᠬᠣᠷ ᠮᠦᠩᠬᠦ ᠴᠦ᠍ ᠵᠠᠷᠤᠴᠠᠭᠤᠯᠬᠤ ᠥᠬᠡᠶ᠎ᠪᠠᠷ ᠵᠢᠯ ᠪᠦᠷᠢ ᠪᠠᠰᠠ ᠨᠢᠭᠡ ᠬᠤᠪᠢ ᠬᠣᠷᠰᠢᠶᠠᠵᠢᠯ᠎ᠤᠨ ᠠᠰᠢᠭ  ᠣᠯᠬᠣ ᠪᠣᠯᠵᠦ ᠲ᠋ᠠᠬᠢᠨ ᠶᠠᠳᠠᠭᠤᠷᠠᠬᠤ ᠦᠵᠡᠭᠳᠡᠯ᠎ᠢ ᠦᠨᠳᠦᠰᠦᠨ᠎ᠠᠴᠠ᠎ᠨᠢ ᠠᠷᠢᠯᠭ᠋ᠠᠪᠠ; ᠬᠣᠰᠢᠭᠤᠨ᠎ᠤ ᠶᠠᠳᠠᠭᠤ ᠵᠢ ᠲᠡᠳᠬᠦᠬᠦ ᠠᠯᠪᠠᠨ ᠬᠡᠷ᠎ᠠᠴᠠ 50 ᠲᠦᠮᠡᠨ ᠲᠥᠭᠥᠷᠢᠭ᠎ᠤᠨ ᠲᠣᠰᠬᠣᠨ᠎ᠤ ᠠᠵᠤ ᠦᠢ᠍ᠯᠡᠰ ᠵᠶ᠋ᠠᠷ ᠶᠠᠳᠠᠭᠤ ᠵᠢ ᠲᠡᠳᠬᠦᠬᠦ ᠪᠠᠯᠠ ᠮᠥᠩᠭᠥ ᠵᠢ ᠡᠷᠡᠮᠡᠯᠵᠡᠯᠡᠵᠦ ᠣᠯᠣᠭ᠋ᠠᠳ ᠲ᠋ᠣᠰᠬᠣᠨ᠎ᠤ ᠬᠠᠮᠲᠤ ᠵᠢᠨ ᠠᠵᠤ ᠦᠢ᠍ᠯᠡᠰ —  ᠰᠢᠮᠮᠸᠨ᠋ᠲ᠋ᠠᠯ ᠦᠬᠡᠷ᠎ᠢ ᠪᠣᠷᠳᠣᠬᠤ ᠲᠥᠷᠥᠯ ᠵᠤᠢ᠌ᠯ᠎ᠢ ᠬᠥᠭᠵᠢᠭᠦᠯᠬᠦ᠎ᠳᠤ ᠬᠡᠷᠡᠭᠯᠡᠵᠦ᠂ ᠲᠣᠰᠬᠣᠨ᠎ᠤ ᠬᠠᠮᠲᠤ ᠵᠢᠨ ᠠᠵᠤ ᠠᠬᠤᠶ ᠵᠢᠨ ᠠᠰᠢᠭ ᠲᠤᠰᠠ ᠵᠢ ᠬᠠᠮᠳᠣ᠎ᠪᠠᠷ ᠡᠳ᠋ᠯᠡᠵᠦ ᠬᠠᠮᠳᠣ᠎ᠪᠠᠷ ᠢᠯᠠᠬᠤ ᠣᠷᠳᠣ ᠬᠤᠭᠤᠴᠠᠭ᠋ᠠᠨ᠎ᠤ ᠪᠦᠲᠦᠮᠵᠢᠲᠡᠶ ᠲᠣᠭᠲᠠᠴᠠ ᠵᠢ ᠪᠡᠶᠡᠯᠡᠭᠦᠯᠵᠠᠢ; 2020 ᠣᠨ᠎ᠤ ᠡᠬᠢᠨ᠎ᠳᠤ ᠪᠸᠢ  ᠨᠤᠦ ᠲᠣᠰᠬᠣᠨ᠎ᠳᠤ ᠥᠪᠡᠷᠲᠡᠭᠡᠨ ᠵᠠᠰᠠᠬᠤ ᠣᠷᠣᠨ᠎ᠤ 90 ᠭᠠᠷᠤᠶ ᠲᠦᠮᠡᠨ ᠲᠥᠭᠥᠷᠢᠭ᠎ᠤᠨ ᠶᠠᠳᠠᠭᠤ ᠵᠢ ᠲᠡᠳᠬᠦᠬᠦ ᠪᠠᠯᠠ ᠮᠥᠩᠭᠥ ᠵᠢ  ᠣᠯᠣᠭ᠋ᠠᠳ ᠪᠸᠢ  ᠨᠤᠦ ᠲᠣᠰᠬᠣᠨ᠎ᠤ ᠦᠶᠡᠷ᠎ᠤᠨ ᠣᠰᠣ ᠵᠢ ᠵᠠᠯᠠᠬᠤ ᠪᠠ ᠬᠡᠷᠡᠯ ᠴᠡᠨᠡᠭ᠎ᠤᠨ ᠵᠢᠵᠢᠭ ᠬᠡᠯᠪᠡᠷᠢ ᠵᠢᠨ ᠨᠡᠶ᠋ᠢᠲᠡ ᠵᠢᠨ ᠠᠰᠠᠷᠠᠮᠵᠢ ᠵᠢᠨ  ᠲᠦᠰᠦᠯ᠎ᠢ ᠰᠢᠢ᠍ᠳᠪᠦᠷᠢᠯᠡᠵᠠᠢ᠃
     ᠪᠠᠶᠠᠷ ᠬᠦᠰᠡᠯ ᠵᠤᠷᠢᠯᠳᠠ᠎ᠪᠠᠨ ᠳᠤᠮᠳᠠᠳᠤ ᠵᠢᠨ ᠬᠦᠰᠡᠯ ᠎ᠢ ᠪᠡᠶᠡᠯᠡᠭᠦᠯᠬᠦ ᠴᠠᠭ ᠦᠶ᠎ᠡ ᠵᠢᠨ ᠤᠷᠤᠰᠬᠠᠯ᠎ᠳᠤ ᠠᠭᠤᠰᠬᠠᠵᠤ᠂ ᠨᠠᠮ ᠪᠣᠯᠤᠨ ᠤᠯᠠᠨ ᠲᠦᠮᠡᠨ᠎ᠤ ᠬᠦᠰᠡᠯ ᠡᠷᠡᠮᠡᠯᠵᠡᠯ᠎ᠢ ᠬᠥᠰᠡᠷᠳᠡᠭᠦᠯᠦᠭᠰᠡᠨ ᠦᠭᠡᠢ᠃ ᠲᠡᠷᠡ᠎ᠪᠠᠷ ᠶᠠᠳᠠᠭᠤ᠎ᠠᠴᠠ ᠠᠩᠭᠢᠵᠢᠷᠠᠭᠤᠯᠬᠤ ᠪᠣᠭᠣᠮᠳᠠ ᠰᠢᠪᠳᠣᠯᠬᠣ ᠠᠵᠢᠯ ᠎ᠤᠨ ᠳᠤᠮᠳᠠ 《ᠮᠣᠩᠭᠤᠯ ᠮᠣᠷᠢ》 ᠰᠢᠭ᠋ ᠲᠡᠰᠪᠦᠷᠢ ᠬᠠᠲᠠᠭᠤᠵᠢᠯᠲᠠᠢ᠎ᠪᠠᠷ ᠴᠤᠴᠠᠯᠲᠠ ᠦᠭᠡᠢ ᠤᠷᠤᠭᠰᠢᠯᠠᠵᠤ᠂ ᠦᠢ᠍ᠯᠡ ᠠᠵᠢᠯᠯᠠᠭ᠎ᠠ ᠪᠣᠯᠤᠨ ᠦᠷ᠎ᠡ ᠪᠦᠲᠦᠮᠵᠢ᠎ᠪᠠᠷ ᠵᠶ᠋ᠠᠨ ᠦᠨᠡᠨᠴᠢ ᠰᠢᠳᠤᠷᠭᠤ ᠪᠠ ᠡᠭᠦᠷᠭᠡ ᠬᠠᠷᠢᠭᠤᠴᠠᠯᠭ᠎ᠠ᠎ᠪᠠᠨ ᠦᠵᠡᠭᠦᠯᠵᠦ᠂ 《ᠦᠵᠡᠰᠬᠦᠯᠡᠩᠲᠦ ᠰᠠᠶ᠋ᠢᠬᠠᠨ ᠦᠪᠦᠷ ᠮᠤᠨᠭ᠌ᠭᠤᠯ᠎ᠢ ᠪᠦᠳᠦᠭᠡᠨ ᠪᠠᠶ᠋ᠢᠭᠤᠯᠵᠤ᠂ ᠠᠭᠤᠤ ᠶᠡᠬᠡ ᠳᠤᠮᠳᠠᠳᠤ ᠵᠢᠨ ᠬᠦᠰᠡᠯ ᠵᠶ᠋ᠠᠨ  ᠬᠠᠮᠳᠣ᠎ᠪᠠᠷ ᠪᠡᠶᠡᠯᠡᠭᠦᠯᠬᠦ》᠂ 《ᠬᠣᠣᠰ ᠵᠠᠭᠤᠨ ᠵᠢᠯ》᠎ᠤᠨ ᠲᠡᠮᠡᠴᠡᠬᠦ ᠬᠠᠷᠠᠯᠲᠠ ᠪᠣᠯᠣᠨ ᠲ᠋ᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢ ᠪᠡᠶᠡᠯᠡᠭᠦᠯᠬᠦ᠎ᠳᠤ ᠥᠪᠡᠷ᠎ᠤᠨ ᠬᠦᠴᠦᠨ ᠴᠢᠳᠠᠯ ᠵᠶ᠋ᠠᠨ ᠨᠡᠮᠡᠷᠢᠯᠡᠵᠠᠢ᠃

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠢᠳᠡᠭᠡᠯ ᠬᠦᠨᠳᠦ᠂ ᠡᠭᠦᠷᠭᠡ ᠬᠠᠷᠢᠭᠤᠴᠠᠯᠭ᠎ᠠ᠂ ᠵᠢᠳᠬᠦᠯ ᠲᠡᠮᠡᠦᠯᠡᠯ
ᠰᠢᠨ᠎ᠡ ᠠᠢ᠌ᠯ ᠭᠠᠴᠠᠭ᠋ᠠᠨ᠎ᠤ ᠨᠡᠷᠡᠲᠦ ᠪᠦᠬᠡᠴᠢᠳ ᠪᠠ ᠪᠦᠬᠡ ᠵᠢᠨ ᠰᠣᠶᠣᠯ᠎ᠤᠨ ᠤᠯᠠᠮᠵᠢᠯᠠᠯ
ᠨᠠᠰᠤᠨᠳᠠᠯᠠᠢ᠄ ᠠᠷᠠᠳ᠎ᠤᠨ ᠶᠠᠪᠤᠳᠠᠯ᠎ᠢ ᠤᠬᠠᠭᠤᠯᠬᠤ ᠪᠤᠯ 《ᠨᠡᠢ᠌ᠬᠡᠮ》 ᠰᠡᠳᠬᠦᠯ᠎ᠤᠨ ᠲᠠᠷᠬᠠᠨ ᠡᠬᠦᠷᠬᠡ
ᠴᠤᠯᠮᠤᠨ᠄ 《ᠲᠦᠷᠦᠭᠦᠦ ᠭᠠᠯᠠᠭᠤ》᠎ᠪᠠᠷ ᠳᠤᠳᠤᠷᠠᠨ 《ᠪᠦᠯᠬᠦᠮᠳᠡᠯ᠎ᠤᠨ ᠴᠡᠴᠡᠭ》᠎ᠢ ᠳᠡᠯᠭᠡᠷᠡᠭᠦᠯᠦᠨ᠎ᠡ
ᠠᠮᠤᠭᠤᠯᠠᠩ᠄ ᠶᠠᠳᠠᠭᠤ ᠬᠦᠴᠢᠷᠳᠡᠯᠲᠠᠢ ᠡᠷᠦᠬᠡ ᠪᠠᠢ᠌ᠭᠰᠠᠨ᠎ᠠᠴᠠ᠎ᠪᠠᠨ ᠭᠠᠴᠠᠭ᠋ᠠᠨ᠎ᠤ ᠵᠦᠪᠯᠡᠯ᠎ᠤᠨ ᠡᠷᠬᠢᠯᠡᠭᠴᠢ ᠪᠣᠯᠪᠠ
 
            