ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠠᠷᠠᠳ᠎ᠤᠨ ᠶᠠᠪᠤᠳᠠᠯ᠎ᠤᠨ ᠲᠢᠩᠬᠢᠮ᠎ᠤᠨ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠨᠠᠮ᠎ᠤᠨ ᠡᠭᠦᠷ᠎ᠤᠨ᠎ᠬᠢᠨ ᠦᠪᠦᠷ ᠮᠣᠩᠭᠣᠯ᠎ᠤᠨ ᠤᠳᠬ᠎ᠠ ᠵᠣᠬᠢᠶᠠᠯ᠎ᠤᠨ ᠣᠷᠳᠣᠨ᠎ᠳᠤ ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄ 2023-11-22

     ᠳᠣᠮᠳᠠᠳᠣ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ᠎ᠪᠠᠷ ᠭᠣᠣᠯ ᠰᠢᠵᠢᠮ ᠪᠣᠯᠭ᠋ᠠᠵᠤ᠂ ᠳᠣᠮᠳᠠᠳᠣ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠢᠳᠡᠪᠬᠢᠲᠠᠢ ᠪᠠᠳᠠᠷᠠᠭᠤᠯᠤᠨ᠂ ᠨᠡᠢ᠌ᠭᠡᠮ ᠵᠢᠷᠤᠮᠲᠤ ᠳᠠᠪᠰᠢᠩᠭᠤᠢ ᠰᠣᠶᠣᠯ᠎ᠢ   ᠤᠬᠠᠭᠤᠯᠵᠦ᠂ ᠰᠣᠶᠣᠯ᠎ᠤᠨ ᠰᠢᠨ᠎ᠡ ᠡᠭᠦᠷᠭᠡ ᠵᠢ ᠡᠭᠦᠷᠭᠡᠯᠡᠵᠦ᠂ ᠰᠣᠯᠢᠯᠴᠠᠭ᠎ᠠ ᠬᠠᠮᠲᠤᠷᠠᠯᠴᠠᠭ᠎ᠠ᠎ᠪᠠᠨ ᠴᠢᠩᠭ᠋ᠠᠳᠬᠠᠨ᠂ ᠲᠣᠬᠠᠢ ᠵᠢᠨ ᠲᠠᠯᠠᠪᠤᠷ᠎ᠲᠤ᠎ᠨᠢ ᠲᠣᠭᠣᠷᠢᠨ ᠦᠵᠡᠬᠦ ᠠᠷᠭ᠎ᠠ᠎ᠪᠠᠷ ᠳᠣᠮᠳᠠᠳᠣ ᠵᠢᠨ ᠦᠨᠳᠦᠰᠦᠲᠡᠨ᠎ᠤ ᠬᠠᠮᠲᠤ ᠵᠢᠨ ᠴᠤᠭᠴᠠ ᠵᠢᠨ ᠤᠬᠠᠮᠰᠠᠷ᠎ᠢ ᠪᠠᠲᠤᠳᠬᠠᠬᠤ ᠵᠢ ᠬᠦᠮᠦᠰ᠎ᠤᠨ ᠰᠡᠳᠬᠢᠯ᠎ᠳᠤ ᠭᠦᠨ ᠬᠠᠳᠠᠩᠰᠢᠭᠤᠯᠵᠦ᠂ 《ᠵᠢᠱ᠌ᠢᠶᠡᠴᠢ ᠥᠪᠡᠷᠲᠡᠭᠡᠨ ᠵᠠᠰᠠᠬᠤ ᠣᠷᠣᠨ》᠎ᠢ ᠪᠦᠬᠦ ᠲᠠᠯ᠎ᠠ᠎ᠪᠠᠷ ᠪᠦᠲᠦᠭᠡᠨ ᠪᠠᠢ᠌ᠭᠤᠯᠬᠤ᠎ᠳᠤ ᠬᠦᠴᠦᠨ ᠴᠢᠳᠠᠯ ᠵᠶ᠋ᠡᠨ  ᠬᠠᠨᠳᠢᠪᠯᠠᠬᠤ ᠵᠢᠨ ᠲᠥᠯᠥᠭᠡ ᠠᠷᠠᠳ᠎ᠤᠨ ᠶᠠᠪᠤᠳᠠᠯ᠎ᠤᠨ ᠲᠢᠩᠬᠢᠮ᠎ᠤᠨ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠨᠠᠮ᠎ᠤᠨ ᠡᠭᠦᠷ᠎ᠤᠨ᠎ᠬᠢᠨ  8 ᠳ᠋ᠤᠭ᠋ᠠᠷ ᠰᠠᠷ᠎ᠠ ᠵᠢᠨ 24᠎ᠤ  ᠦᠳᠡ ᠵᠢᠨ ᠬᠣᠢ᠌ᠨ᠎ᠠ 20 ᠨᠠᠮ᠎ᠤᠨ ᠭᠡᠰᠢᠭᠦᠨ ᠪᠣᠯᠣᠨ ᠨᠠᠮ᠎ᠳᠤ ᠣᠷᠣᠬᠣ ᠢᠳᠡᠪᠬᠢᠲᠡᠨ ᠵᠶ᠋ᠠᠨ ᠵᠣᠬᠢᠶᠠᠨ ᠪᠠᠢ᠌ᠭᠤᠯᠵᠤ᠂ ᠦᠪᠦᠷ ᠮᠣᠩᠭᠣᠯ᠎ᠤᠨ ᠤᠳᠬ᠎ᠠ ᠵᠣᠬᠢᠶᠠᠯ᠎ᠤᠨ ᠣᠷᠳᠣᠨ᠎ᠳᠤ 《ᠳᠣᠮᠳᠠᠳᠣ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠵᠤ   ᠰᠣᠶᠣᠯ᠎ᠤᠨ ᠰᠢᠨ᠎ᠡ ᠡᠭᠦᠷᠭᠡ ᠵᠢ ᠡᠭᠦᠷᠭᠡᠯᠡᠬᠦ》  ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠥᠷᠨᠢᠭᠦᠯᠪᠡ᠃
    ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠨᠠᠮ᠎ᠤᠨ ᠡᠭᠦᠷ᠎ᠤᠨ᠎ᠬᠢᠨ ᠦᠪᠦᠷ ᠮᠣᠩᠭᠣᠯ᠎ᠤᠨ ᠤᠳᠬ᠎ᠠ ᠵᠣᠬᠢᠶᠠᠯ᠎ᠤᠨ ᠣᠷᠳᠣᠨ᠎ᠤ ᠲᠠᠢ᠌ᠯᠪᠦᠷᠢᠯᠠᠭᠴᠢ ᠵᠢᠨ ᠳᠠᠭ᠋ᠠᠭᠤᠯᠭ᠎ᠠ᠎ᠪᠠᠷ   《ᠰᠢᠵᠢᠷ ᠠᠯᠲᠠᠨ  ᠣᠨ ᠵᠢᠯ—ᠦᠪᠦᠷ ᠮᠣᠩᠭᠣᠯ᠎ᠤᠨ ᠢᠳᠡᠷ ᠵᠠᠯᠠᠭᠤ ᠵᠣᠬᠢᠶᠠᠯᠴᠢᠳ᠎ᠤᠨ ᠬᠠᠮᠲᠤᠷᠠᠭᠰᠠᠨ ᠦᠵᠡᠭᠦᠯᠦᠯᠭᠡ》 《   ᠭᠠᠷ ᠵᠶ᠋ᠠᠨ ᠬᠣᠯᠪᠤᠨ ᠰᠡᠳᠬᠢᠯ ᠵᠶ᠋ᠠᠨ ᠨᠢᠭᠡᠳᠭᠡᠶ᠎ᠡ— ᠦᠪᠦᠷ ᠮᠣᠩᠭᠣᠯ᠎ᠤᠨ ᠦᠨᠳᠦᠰᠦᠲᠡᠨ᠎ᠤ ᠪᠦᠯᠬᠦᠮᠳᠡᠯ᠎ᠤᠨ ᠭᠣᠣᠯ ᠰᠡᠳᠦᠪᠲᠦ ᠵᠣᠬᠢᠶᠠᠯ ᠪᠦᠲᠦᠭᠡᠯ᠎ᠤᠨ ᠦᠵᠡᠭᠦᠯᠦᠯᠭᠡ》 《ᠮᠣᠩᠭᠣᠯ ᠮᠣᠷᠢᠨ᠎ᠤ ᠵᠣᠷᠢᠭ ᠰᠠᠨᠠᠭ᠎ᠠ ᠵᠢ ᠪᠠᠳᠠᠷᠠᠭᠤᠯᠤᠭᠰᠠᠨ ᠤᠷᠠᠨ ᠵᠣᠬᠢᠶᠠᠯ᠎ᠤᠨ ᠪᠦᠲᠦᠭᠡᠯ᠎ᠤᠨ ᠦᠵᠡᠭᠦᠯᠦᠯᠭᠡ》 《ᠠᠩᠬᠠᠨ᠎ᠤ ᠬᠦᠰᠡᠯ᠎ᠤᠨ ᠵᠶ᠋ᠡᠨ ᠲᠥᠯᠥᠭᠡ— ᠦᠪᠦᠷ ᠮᠣᠩᠭᠣᠯ᠎ᠤᠨ ᠬᠣᠪᠢᠰᠬᠠᠯᠲᠤ ᠤᠷᠠᠨ ᠵᠣᠬᠢᠶᠠᠯ᠎ᠤᠨ ᠰᠤᠩᠭᠤᠳᠠᠭ ᠵᠣᠬᠢᠶᠠᠯ᠎ᠤᠨ ᠦᠵᠡᠭᠦᠯᠦᠯᠭᠡ》 ᠵᠡᠷᠭᠡ ᠦᠵᠡᠭᠦᠯᠦᠯᠭᠡ ᠵᠢᠨ ᠲᠣᠭᠣᠷᠢᠭ᠎ᠤᠳ ᠵᠶ᠋ᠠᠷ ᠲᠤᠭᠤᠷᠢᠨ ᠦᠵᠡᠯ᠎ᠡ᠃  ᠨᠠᠮ᠎ᠤᠨ ᠭᠡᠰᠢᠭᠦᠳ ᠪᠣᠯᠣᠨ ᠨᠠᠮ᠎ᠳᠤ ᠣᠷᠣᠬᠣ ᠢᠳᠡᠪᠬᠢᠲᠡᠳ ᠨᠣᠮ ᠪᠢᠴᠢᠭ᠂ ᠵᠣᠬᠢᠶᠠᠭᠴᠢ ᠪᠣᠯᠣᠨ ᠵᠣᠬᠢᠶᠠᠯ ᠪᠦᠲᠦᠭᠡᠯ᠎ᠤᠨ᠎ᠬᠢ᠎ᠨᠢ ᠲᠠᠨᠢᠯᠴᠠᠭᠤᠯᠭ᠎ᠠ᠂ ᠰᠤᠩᠭᠤᠳᠠᠭ ᠪᠠᠳᠠᠭ᠂ ᠪᠡᠶᠡᠲᠦ ᠵᠢᠷᠤᠭ᠂ ᠪᠣᠳᠠᠳᠣ ᠪᠣᠳᠠᠰ᠎ᠤᠨ ᠳᠡᠯᠭᠡᠨ ᠦᠵᠡᠭᠦᠯᠦᠯᠭᠡ ᠵᠡᠷᠭᠡ ᠭᠣᠣᠯ ᠰᠡᠳᠦᠪ᠎ᠨᠢ ᠢᠯᠡ ᠲᠣᠳᠣ᠂ ᠠᠭᠤᠯᠭ᠎ᠠ᠎ᠨᠢ ᠪᠠᠶᠠᠯᠢᠭ᠂ ᠬᠡᠯᠪᠡᠷᠢ᠎ᠨᠢ ᠰᠢᠨ᠎ᠡ ᠰᠡᠪᠡᠭᠦᠨ ᠤᠷᠠᠨ ᠵᠣᠬᠢᠶᠠᠯ᠎ᠤᠨ ᠪᠦᠲᠦᠭᠡᠯ᠎ᠤᠨ ᠦᠵᠡᠭᠦᠯᠦᠯᠭᠡ ᠵᠢ ᠲᠣᠭᠣᠷᠢᠨ ᠦᠵᠡᠬᠦ᠎ᠪᠠᠷ ᠳᠠᠮᠵᠢᠨ ᠦᠪᠦᠷ ᠮᠣᠩᠭᠣᠯ᠎ᠤᠨ ᠤᠳᠬ᠎ᠠ ᠵᠣᠬᠢᠶᠠᠯ᠎ᠤᠨ ᠬᠥᠭᠵᠢᠯᠲᠡ ᠵᠢᠨ ᠶᠠᠪᠤᠴᠠ ᠵᠢ ᠣᠢ᠌ᠯᠠᠭ᠋ᠠᠨ᠂ ᠳᠣᠮᠳᠠᠳᠣ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠤᠨ ᠴᠢᠬᠤᠯᠠ ᠴᠢᠨᠠᠷ᠎ᠢ ᠭᠦᠨᠵᠡᠭᠡᠢ ᠲᠠᠨᠢᠵᠦ᠂ ᠠᠵᠢᠯ᠎ᠤᠨ ᠪᠠᠢ᠌ᠷᠢᠨ᠎ᠳᠤ᠎ᠪᠠᠨ ᠰᠠᠭᠤᠷᠢᠯᠠᠨ᠂ ᠰᠣᠶᠣᠯ᠎ᠤᠨ ᠰᠢᠨ᠎ᠡ ᠡᠭᠦᠷᠭᠡ ᠵᠢ ᠡᠭᠦᠷᠭᠡᠯᠡᠬᠦ ᠢᠲᠡᠭᠡᠯ ᠵᠣᠷᠢᠭ ᠵᠶ᠋ᠠᠨ ᠪᠠᠲᠤᠳᠬᠠᠵᠠᠢ᠃

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠠᠷᠠᠳ᠎ᠤᠨ ᠶᠠᠪᠤᠳᠠᠯ᠎ᠤᠨ ᠲᠢᠩᠬᠢᠮ᠎ᠤᠨ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠪᠦᠬᠦ ᠣᠷᠣᠨ᠎ᠤ 《ᠪᠦᠭᠦᠳᠡ ᠨᠠᠢ᠌ᠷᠠᠮᠳᠠᠬᠤ ᠳᠣᠮᠳᠠᠳᠣ ᠠᠷᠠᠳ ᠤᠯᠤᠰ᠎ᠤᠨ ᠰᠠᠭ᠋ᠠᠳ ᠦᠭᠡᠢ ᠣᠷᠴᠢᠨ ᠲᠣᠭᠣᠷᠢᠨ᠎ᠢ ᠪᠦᠳᠦᠭᠡᠨ ᠪᠠᠢ᠌ᠭᠤᠯᠬᠤ ᠬᠠᠤᠯᠢ》 ᠵᠢ ᠰᠤᠷᠤᠯᠴᠠᠨ ᠲᠤᠭᠤᠰᠢᠯᠠᠭᠤᠯᠬᠤ ᠪᠠ 《ᠦᠭᠬᠢᠶᠡᠮᠦᠷ ᠬᠠᠢ᠌ᠷ᠎ᠠ ᠵᠢᠨ ᠣᠮᠠᠷᠠᠲᠤ ᠬᠢᠯᠢ · ᠰᠠᠭ᠋ᠠᠳ ᠦᠭᠡᠢ ᠬᠠᠢ᠌ᠷ᠎ᠠ ᠬᠠᠯᠠᠮᠵᠢ 》 ᠨᠡᠢ᠌ᠲᠡ ᠵᠢᠨ ᠠᠰᠠᠷᠠᠮᠵᠢ ᠵᠢᠨ ᠠᠵᠢᠯᠯᠠᠭ᠎ᠠ ᠵᠢᠨ ᠡᠬᠢᠯᠡᠯᠲᠡ ᠵᠢᠨ ᠶᠣᠰᠣᠯᠠᠯ᠎ᠳᠤ ᠣᠷᠣᠯᠴᠠᠪᠠ
ᠳᠤᠮᠳᠠᠳᠤ ᠤᠯᠤᠰ᠎ᠤᠨ ᠮᠣᠩᠭᠣᠯ ᠰᠡᠳᠭᠦᠯ᠎ᠤᠨ᠎ᠬᠢᠨ᠎ᠤ 《ᠮᠣᠩᠭᠣᠯ ᠮᠣᠷᠢᠨ᠎ᠤ ᠵᠣᠷᠢᠭ ᠰᠠᠨᠠᠭ᠎ᠠ ᠵᠢ ᠪᠠᠳᠠᠷᠠᠭᠤᠯᠵᠤ ᠰᠢᠨ᠎ᠡ ᠴᠠᠭ ᠡᠷᠢᠨ᠎ᠳᠤ ᠰᠢᠨ᠎ᠡ ᠵᠢᠳᠭᠦᠯ ᠦᠵᠡᠭᠦᠯᠰᠦᠭᠡᠢ》 ᠬᠡᠮᠡᠬᠦ ᠭᠣᠤᠯ ᠰᠡᠳᠦᠪᠲᠦ ᠪᠣᠯᠪᠠᠰᠤᠷᠠᠯ ᠪᠠ 37 ᠳ᠋ᠤᠭ᠋ᠠᠷ ᠬᠤᠭᠤᠴᠠᠭ᠋ᠠᠨ᠎ᠤ ᠣᠨ᠎ᠤ ᠬᠤᠷᠠᠯ ᠬᠤᠷᠠᠯᠳᠤᠪᠠ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠠᠵᠢᠯᠯᠠᠬᠤ ᠳᠤᠭᠤᠢ᠌ᠯᠠᠩ᠎ᠤᠨ᠎ᠬᠢᠨ 《ᠡᠷᠡᠭᠦᠯᠵᠢᠯ᠎ᠳᠤ ᠲᠤᠰᠠᠯᠠᠬᠤ ᠢᠨᠵᠸᠨ᠋ᠸᠷᠢᠩ》᠎ᠤᠨ ᠬᠢᠮᠡᠯ ᠮᠥᠴᠢ ᠵᠥᠭᠰᠢᠷᠡᠭᠦᠯᠬᠦ ᠪᠠᠭ᠋ᠠᠵᠢ ᠲᠠᠭ᠋ᠠᠷᠠᠭᠤᠯᠬᠤ ᠦᠢ᠍ᠯᠡᠴᠢᠯᠡᠭᠡ ᠵᠢᠨ ᠠᠵᠢᠯᠯᠠᠭ᠎ᠠ ᠥᠷᠨᠢᠭᠦᠯᠪᠡ
ᠰᠠᠯᠬᠢᠨ ᠰᠢᠭᠤᠷᠭ᠋ᠠᠨ᠎ᠢ ᠰᠥᠷᠦᠨ ᠮᠢᠩᠭ᠋ᠠᠨ ᠭᠠᠵᠠᠷ ᠠᠶᠠᠯᠠᠵᠤ ᠵᠡᠮᠳᠡᠭᠴᠦᠳ᠎ᠢ ᠲᠤᠰᠠᠯᠠᠨ ᠰᠡᠳᠭᠢᠯ᠎ᠢ᠎ᠨᠢ ᠳᠤᠯᠠᠭ᠋ᠠᠯᠠᠪᠠ
ᠤᠷᠠᠨ ᠪᠦᠲᠦᠭᠡᠯ᠎ᠤᠨ ᠮᠢᠨᠢ ᠤᠨᠠᠭ᠋ᠠᠨ ᠪᠠᠭᠤᠴᠠ
 
            