ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠤᠷᠠᠨ ᠪᠦᠲᠦᠭᠡᠯ᠎ᠤᠨ ᠮᠢᠨᠢ ᠤᠨᠠᠭ᠋ᠠᠨ ᠪᠠᠭᠤᠴᠠ
ᠨᠡᠶᠢᠲᠡᠯᠡᠭᠰᠡᠨ ᠴᠠᠭ᠄ 2023-12-28

   1985 ᠤᠨ᠎ᠤ 12  ᠳ᠋ᠤᠭ᠋ᠠᠷ ᠰᠠᠷ᠎ᠠ ᠵᠢᠨ 25᠎ᠤ ᠡᠳᠤᠷ᠎ᠤᠨ 《ᠵᠢᠷᠢᠮ᠎ᠤᠨ ᠰᠤᠨᠢᠨ》᠎ᠤ ᠬᠡᠦᠬᠡᠳ ᠪᠠᠭ᠋ᠠᠴᠤᠳ᠎ᠲᠤ ᠵᠤᠷᠢᠭᠤᠯᠤᠭᠰᠠᠨ 《ᠨᠢᠯᠬ᠎ᠠ ᠴᠢᠬᠢ》 ᠪᠤᠯᠤᠩ᠎ᠳᠤ 《ᠰᠢᠯᠦᠭ ᠭᠤᠷᠪᠠᠨ ᠪᠠᠳᠠᠭ》 ᠬᠡᠬᠦ ᠰᠢᠯᠦᠭ ᠵᠶ᠋ᠠᠨ ᠨᠡᠢ᠌ᠲᠡᠯᠡᠭᠦᠯᠦᠭᠰᠡᠨ᠎ᠠᠴᠠ 2023 ᠤᠨ᠎ᠤ 8 ᠳ᠋ᠤᠭ᠋ᠠᠷ ᠰᠠᠷ᠎ᠠ ᠵᠢᠨ 26᠎ᠤ ᠡᠳᠤᠷ᠎ᠤᠨ 《  ᠲᠦᠩᠯᠢᠶᠤᠤ ᠡᠳᠤᠷ᠎ᠤᠨ ᠰᠤᠨᠢᠨ》 ᠎ᠤ 《ᠬᠤᠤᠯᠢᠨ ᠭᠤᠤᠯ》 ᠤᠷᠠᠨ ᠵᠤᠬᠢᠶᠠᠯ᠎ᠤᠨ ᠨᠢᠭᠤᠷ᠎ᠲᠤ 《ᠡᠢ᠌ᠮᠤ ᠤᠯᠠᠨ ᠴᠠᠭ᠎ᠲᠤ》 ᠭᠡᠬᠦ ᠰᠢᠯᠦᠭ ᠵᠶ᠋ᠠᠨ ᠨᠡᠢ᠌ᠲᠡᠯᠡᠭᠦᠯᠬᠦ ᠪᠣᠯᠲᠠᠯᠠᠬᠢ 38 ᠵᠢᠯ᠎ᠤᠨ ᠲᠤᠷᠰᠢ ᠪᠢ 《ᠲᠦᠩᠯᠢᠶᠤᠤ ᠡᠳᠤᠷ᠎ᠤᠨ ᠰᠤᠨᠢᠨ》᠎ᠳᠤ 483 ᠰᠢᠯᠦᠭ ᠨᠡᠢ᠌ᠷᠠᠭᠤᠯᠤᠯ ᠨᠡᠢ᠌ᠲᠡᠯᠡᠭᠦᠯᠵᠤ ᠪᠠᠢ᠌ᠨ᠎ᠠ᠃ ᠨᠢᠭᠡ ᠰᠤᠨᠢᠨ ᠨᠢᠭᠡ ᠰᠢᠯᠦᠭᠴᠢ ᠵᠢᠨ ᠪᠦᠲᠦᠭᠡᠯ᠎ᠢ ᠢᠩᠭᠢᠵᠤ ᠤᠯᠠᠨ ᠨᠡᠢ᠌ᠲᠡᠯᠡᠨ᠎ᠡ ᠭᠡᠳᠡᠭ ᠨᠢᠭᠡ ᠪᠤᠳᠤᠪᠠᠯ ᠬᠤᠪᠤᠷᠬᠠᠨ ᠶᠠᠪᠤᠲᠠᠯ᠂ ᠨᠢᠭᠡ ᠰᠢᠯᠦᠭᠴᠢ ᠨᠢᠭᠡ ᠰᠤᠨᠢᠨ᠎ᠳᠤ ᠡᠢ᠌ᠮᠤ ᠤᠯᠠᠨ ᠰᠢᠯᠦᠭ ᠦᠭᠭᠦᠨ᠎ᠠ ᠭᠡᠳᠡᠭ  ᠪᠠᠰᠠ ᠰᠤᠨᠢᠬᠠᠨ ᠤᠴᠢᠷ᠃ 《ᠲᠦᠩᠯᠢᠶᠤᠤ ᠡᠳᠤᠷ᠎ᠤᠨ ᠰᠤᠨᠢᠨ》᠎ᠲᠠᠢ ᠪᠢ ᠢᠩᠭᠢᠵᠤ ᠭᠤᠴᠢ ᠭᠠᠷᠤᠢ ᠵᠢᠯ᠎ᠤᠨ ᠢᠷᠦᠭᠡᠯ ᠲᠤᠭᠳᠠᠵᠤ᠂ 《ᠲᠦᠩᠯᠢᠶᠤᠤ ᠡᠳᠤᠷ᠎ᠤᠨ ᠰᠤᠨᠢᠨ》᠎ᠤ ᠬᠡᠳᠦᠨ ᠦᠶ᠎ᠡ ᠵᠢᠨ ᠤᠳᠤᠷᠢᠳᠤᠯᠭ᠎ᠠ ᠪᠤᠯᠤᠨ ᠨᠠᠢ᠌ᠷᠠᠭᠤᠯᠤᠭᠴᠢ  ᠪᠠᠭᠰᠢ ᠨᠠᠷ᠎ᠲᠠᠢ ᠲᠡᠭᠡᠵᠤ ᠭᠤᠢ᠌ᠪᠢᠰᠢ ᠦᠭᠡᠢ ᠢᠲᠡᠭᠡᠯ ᠵᠢᠷᠦᠮ᠎ᠤᠨ ᠪᠠᠷᠢᠯᠳᠤᠯᠭ᠎ᠠ᠎ᠲᠠᠢ ᠪᠤᠯᠤᠭᠰᠠᠨ ᠶᠤᠮ᠃

                               ᠬᠤᠶᠠᠷ
         
           ᠨᠠᠮ᠎ᠠ ᠵᠢ ᠦᠨᠳᠤᠷ ᠲᠤᠮᠳᠠᠳᠤ ᠵᠢᠨ ᠬᠤᠶᠠᠳᠤᠭ᠋ᠠᠷ ᠤᠨ᠎ᠤ ᠰᠤᠷᠤᠭᠴᠢ ᠪᠠᠢ᠌ᠬᠤ᠎ᠳᠤ ᠵᠠᠷᠤᠳ ᠬᠤᠰᠢᠭᠤᠨ᠎ᠤ ᠨᠤᠮ᠎ᠤᠨ ᠰᠠᠩ᠎ᠠᠴᠠ ᠰᠢᠯᠦᠭ ᠤᠩᠰᠢᠯᠭ᠎ᠠ ᠵᠢᠨ ᠤᠷᠤᠯᠳᠤᠭ᠋ᠠᠨ ᠡᠷᠬᠢᠯᠡᠵᠡᠢ᠃  ᠰᠢᠯᠦᠭ ᠵᠤᠬᠢᠶᠠᠯ ᠭᠡᠪᠡᠯ ᠰᠦᠨᠡᠰᠤ ᠵᠢ ᠲᠠᠭᠤᠲᠠᠵᠤ ᠪᠠᠢ᠌ᠭᠰᠠᠨ ᠴᠠᠭ᠂ ᠡᠢ᠌ᠮᠤ ᠰᠠᠢ᠌ᠬᠠᠨ ᠲᠤᠬᠢᠶᠠᠯ  ᠨᠠᠳᠠ᠎ᠳᠤ ᠬᠠᠨᠠᠰᠠ ᠤᠯᠳᠠᠨ᠎ᠠ! ᠪᠢ ᠪᠠᠭᠰᠢ᠎ᠪᠠᠨ ᠭᠤᠶᠤᠵᠤ ᠪᠠᠢ᠌ᠭ᠋ᠠᠳ ᠲᠡᠷᠡ ᠤᠷᠤᠯᠳᠤᠭ᠋ᠠᠨ  ᠎ᠳᠤ᠎ᠨᠢ ᠠᠵᠠ᠎ᠪᠠᠷ ᠤᠯᠵᠤ ᠤᠷᠤᠯᠴᠠᠭᠰᠠᠨ ᠶᠤᠮ᠃  ᠮᠠᠨ᠎ᠤ ᠬᠤᠰᠢᠭᠤᠨ᠎ᠤ ᠬᠡᠳᠦᠨ ᠦᠶ᠎ᠡ ᠵᠢᠨ ᠰᠢᠯᠦᠭᠴᠢ ᠵᠤᠬᠢᠶᠠᠯᠴᠢ ᠨᠢᠭᠡ ᠲᠢᠩᠬᠢᠮ᠎ᠳᠤ ᠴᠤᠭᠯᠠᠷᠠᠭᠰᠠᠨ  ᠨᠢᠵᠢᠭᠢᠷ ᠰᠠᠢ᠌ᠬᠠᠨ ᠨᠠᠢ᠌ᠷ ᠪᠠᠢ᠌ᠭᠰᠠᠨ ᠶᠤᠮ᠃ ᠬᠢᠨᠠᠭᠴᠢ ᠵᠢᠨ ᠲᠤᠳᠤᠷ᠎ᠠ᠂ ᠭᠡᠵᠢᠭᠡ᠎ᠪᠠᠨ ᠮᠦᠯᠢ᠌ᠲᠡᠯ᠎ᠡ ᠰᠠᠢ᠌ᠬᠠᠨ ᠰᠠᠮᠨᠠᠵᠤ᠂ ᠱᠠᠬᠠᠢ᠎ᠪᠠᠨ ᠭᠢᠯᠠᠯᠵᠠᠲᠠᠯ᠎ᠠ ᠰᠠᠢ᠌ᠬᠠᠨ ᠲᠤᠰᠤᠯᠠᠭᠰᠠᠨ ᠬᠦᠮᠦᠰᠬᠡ ᠠᠷᠢᠭᠤᠨ ᠨᠢᠳᠤ ᠲᠤᠩᠭ᠋ᠠᠯᠠᠭ᠂ ᠪᠠᠶ᠎ᠠ ᠭᠠᠳᠠᠷ ᠲᠡᠷᠢ ᠲᠡᠭᠰᠢ ᠨᠢᠭᠡᠨ ᠵᠠᠯᠠᠭᠤ ᠪᠠᠭᠰᠢᠲᠠᠨ ᠮᠢᠨᠤ ᠠᠩᠬᠠᠷᠤᠯ᠎ᠢ ᠰᠤᠷᠢᠨᠵᠢᠨ ᠮᠡᠳᠤ ᠲᠠᠲᠠᠯ᠎ᠠ᠃ ᠡᠨᠡ ᠬᠦᠮᠦᠨ ᠬᠡᠨ ᠪᠤᠯᠴᠢᠬᠠᠪᠠ ᠳ᠋ᠠ ᠬᠡᠵᠤ ᠪᠢ ᠶᠡᠬᠡ ᠭᠠᠢ᠌ᠬᠠᠵᠤ ᠪᠠᠢ᠌ᠲᠠᠯ᠎ᠠ ᠬᠦᠲᠦᠯᠦᠭᠴᠢ᠎ᠠᠴᠠ 《  ᠵᠢᠷᠢᠮ᠎ᠤᠨ ᠰᠤᠨᠢᠨ》᠎ᠤ  ᠰᠤᠷᠪᠤᠯᠵᠢᠯᠠᠭᠴᠢ ᠬᠦᠷᠡᠯᠵᠢᠷᠦᠬᠡ ᠭᠡᠵᠤ ᠲᠠᠨᠢᠯᠴᠠᠭᠤᠯᠬᠤ᠎ᠪᠠᠷ ᠲᠡᠷᠡ ᠬᠦᠮᠦᠨ ᠦᠨᠲᠡᠢ᠌ᠨ ᠪᠤᠰᠴᠤ ᠤᠯᠠᠨ᠎ᠲᠠᠢ ᠮᠡᠨᠳᠤᠴᠢᠯᠡᠵᠤ ᠪᠠᠢ᠌ᠭᠰᠠᠨ ᠶᠤᠮ᠃ ᠲᠤᠬᠠᠢ ᠵᠢᠨ ᠦᠶ᠎ᠡ᠎ᠳᠤ ᠪᠢ ᠲᠡᠭᠦᠨ᠎ᠢ ᠮᠠᠨ᠎ᠤ ᠵᠠᠷᠤᠳ᠎ᠤᠨ ᠬᠦᠮᠦᠨ ᠭᠡᠵᠤ ᠮᠡᠳᠡᠬᠦ ᠦᠭᠡᠢ᠃ ᠲᠡᠷᠡ ᠲᠠᠯᠠᠪᠠᠢ᠎ᠳᠤ ᠪᠢ ᠲᠡᠭᠦᠨ᠎ᠲᠠᠢ ᠬᠡᠳᠦᠢ ᠲᠠᠨᠢᠯᠴᠠᠶ᠎ᠠ ᠭᠡᠵᠤ ᠵᠤᠷᠢᠭᠯᠠᠭᠰᠠᠨ ᠪᠤᠯᠪᠠᠴᠤ ᠠᠶᠤᠮᠰᠢᠭ ᠦᠭᠡᠢ  ᠣᠢ᠌ᠷᠠᠳᠴᠤ ᠴᠢᠳᠠᠭᠰᠠᠨ ᠦᠭᠡᠢ᠃ ᠬᠤᠶᠠᠷ ᠵᠢᠯ᠎ᠤᠨ ᠲᠠᠷᠠᠭ᠎ᠠ ᠪᠢ ᠵᠤᠤ ᠤᠳᠠ ᠵᠢᠨ ᠪᠠᠭᠰᠢ ᠵᠢᠨ ᠲᠤᠰᠬᠠᠢ ᠮᠡᠷᠭᠡᠵᠢᠯ᠎ᠤᠨ ᠰᠤᠷᠭ᠋ᠠᠭᠤᠯᠢ᠎ᠳᠤ ᠰᠢᠯᠭ᠋ᠠᠵᠤ ᠤᠷᠤᠭ᠋ᠠᠳ ᠬᠦᠷᠡᠯᠵᠢᠷᠦᠬᠡ᠂ ᠮᠠᠨᠵᠢᠯᠠ ᠭᠡᠭᠴᠢ᠎ᠨᠢ ᠮᠠᠨ᠎ᠤ ᠵᠠᠷᠤᠳ᠎ᠤᠨ ᠭᠡᠷᠴᠢᠯᠠᠭᠤ ᠰᠤᠮᠤ ᠵᠢᠨ ᠬᠦᠮᠦᠨ᠂ ᠬᠤᠶᠠᠭᠤᠯᠠ᠎ᠪᠠᠨ ᠨᠢᠭᠡ ᠯᠡ ᠵᠢᠯ ᠲᠦᠪ᠎ᠤᠨ ᠦᠨᠳᠤᠰᠤᠲᠡᠨ᠎ᠤ ᠲᠡᠭᠡᠳᠤ ᠰᠤᠷᠭ᠋ᠠᠭᠤᠯᠢ᠎ᠳᠤ ᠰᠢᠯᠭ᠋ᠠᠵᠤ ᠤᠷᠤᠭ᠋ᠠᠳ ᠲᠡᠭᠦᠰᠦᠭᠰᠡᠨ᠎ᠤ ᠬᠤᠢ᠌ᠨ᠎ᠠ ᠨᠢᠭᠡ᠎ᠨᠢ ᠰᠤᠨᠢᠨ᠎ᠤ ᠬᠤᠷᠢᠶ᠎ᠠ᠂ ᠨᠢᠭᠡ᠎ᠨᠢ ᠷᠠᠳᠢᠤ᠋ ᠬᠤᠷᠢᠶ᠎ᠠ᠎ᠳᠤ ᠠᠵᠢᠯ᠎ᠤᠨ ᠭᠠᠷᠤᠭ᠎ᠠ ᠠᠪᠤᠭᠰᠠᠨ᠎ᠢ ᠤᠯᠵᠤ ᠮᠡᠳᠡᠭᠰᠡᠨ ᠶᠤᠮ᠃1986 ᠤᠨ᠎ᠤ ᠡᠪᠦᠯ᠎ᠤᠨ ᠠᠮᠠᠷᠠᠯᠲᠠ᠎ᠪᠠᠷ ᠭᠡᠷ ᠎ᠲᠤ᠎ᠪᠠᠨ ᠢᠷᠡᠬᠦ ᠎ᠳᠤ᠎ᠪᠠᠨ ᠪᠢ ᠲᠦᠩᠯᠢᠶᠤᠤ᠎ᠳᠤ ᠪᠠᠭᠤᠵᠤ 《ᠵᠢᠷᠢᠮ᠎ᠤᠨ ᠰᠤᠨᠢᠨ》᠎ᠤ ᠨᠠᠢ᠌ᠷᠠᠭᠤᠯᠤᠭᠴᠢ ᠪᠠᠢ᠌ᠭᠰᠠᠨ ᠬᠦᠷᠡᠯᠵᠢᠷᠦᠬᠡ ᠠᠬ᠎ᠠ ᠵᠢ ᠲᠤᠰᠬᠠᠢ᠌ᠯᠠᠨ ᠡᠷᠢᠵᠤ ᠤᠴᠢᠯ᠎ᠠ᠃ ᠲᠤᠬᠠᠢ ᠵᠢᠨ ᠦᠶ᠎ᠡ᠎ᠳᠤ 《ᠵᠢᠷᠢᠮ᠎ᠤᠨ ᠰᠤᠨᠢᠨ᠎ᠤ ᠬᠤᠷᠢᠶ᠎ᠠ》 ᠵᠢᠨ ᠡᠭᠦᠲᠡᠨ ᠬᠠᠷᠠᠭᠤᠯ᠎ᠤᠨ ᠴᠢᠩᠭ᠎ᠠ ᠭᠡᠳᠡᠭ᠎ᠨᠢ ᠬᠡᠷᠡᠭ᠂ ᠵᠢᠰᠤ ᠪᠤᠷᠤᠭᠤ ᠬᠦᠮᠦᠨ ᠤᠷᠤᠨ᠎ᠠ  ᠭᠡᠭᠴᠢ ᠰᠠᠨᠠᠭ᠎ᠠ᠎ᠪᠠᠨ ᠬᠤᠷᠢᠶᠠ ᠭᠡᠪᠡᠯ ᠨᠢᠭᠡ ᠯᠡ ᠦᠭᠡ᠃ ᠪᠢ   ᠡᠭᠦᠲᠡᠨ ᠬᠠᠷᠠᠭᠤᠯ᠎ᠳᠤ ᠬᠦᠷᠡᠯᠵᠢᠷᠦᠭᠡ ᠪᠠᠭᠰᠢ ᠵᠢ ᠡᠷᠢᠨ᠎ᠡ ᠭᠡᠪᠡᠯ ᠲᠡᠷᠡ ᠰᠠᠶᠢ ᠦᠢ᠍ᠰᠢᠶᠠᠬᠤ ᠬᠦᠮᠦᠨ ᠪᠢᠰᠢ᠂ ᠬᠤᠶᠠᠷ ᠬᠡᠯᠡᠭᠡᠳ ᠪᠠᠰᠠ ᠲᠤᠰᠠ ᠭᠠᠷᠤᠭᠰᠠᠨ ᠦᠭᠡᠢ ᠲᠤᠯᠠ ᠶᠠᠪᠤᠬᠤ ᠤᠤ ᠬᠦᠯᠢᠶᠡᠬᠦ ᠤᠤ ᠭᠡᠵᠤ ᠲᠦᠲᠡᠭᠡᠯᠵᠡᠵᠤ ᠪᠠᠢ᠌ᠲᠠᠯ᠎ᠠ 《ᠵᠠᠶᠠᠭ᠎ᠠ᠎ᠲᠠᠢ ᠬᠦᠮᠦᠨ ᠵᠠᠮ ᠲᠡᠭᠡᠷ᠎ᠡ》 ᠭᠡᠭᠴᠢ᠎ᠪᠠᠷ ᠬᠦᠷᠡᠯᠵᠢᠷᠦᠬᠡ ᠪᠠᠭᠰᠢ ᠶᠠᠭ ᠭᠠᠷᠴᠤ ᠢᠷᠡᠬᠦ ᠎ᠲᠠᠢ ᠲᠤᠬᠢᠶᠠᠯᠳᠤᠯ᠎ᠠ᠃ ᠲᠡᠭᠡᠭᠡᠳ ᠰᠠᠶᠢ ᠪᠢ  ᠡᠨᠡ ᠬᠦ᠌ ᠠᠷᠢᠭᠤᠨ ᠲᠠᠭᠰᠢᠨ ᠬᠦᠷᠢᠶᠡᠨ᠎ᠳᠤ ᠠᠩᠬ᠎ᠠ ᠤᠳᠠᠭ᠎ᠠ ᠠᠯᠬᠤᠵᠤ ᠤᠷᠤᠵᠤ ᠴᠢᠳᠠᠭᠰᠠᠨ ᠪᠢᠯᠡ᠃ ᠲᠡᠷᠡ ᠤᠳᠠᠭ᠎ᠠ ᠬᠦᠷᠡᠯᠵᠢᠷᠦᠬᠡ ᠠᠬ᠎ᠠ ᠮᠢᠨᠤ ᠵᠠᠷᠤᠳ᠎ᠤᠨ ᠰᠢᠯᠦᠭ ᠤᠩᠰᠢᠯᠭ᠎ᠠ ᠵᠢᠨ ᠤᠷᠤᠯᠳᠤᠭ᠋ᠠᠨ᠎ᠳᠤ ᠬᠤᠶᠠᠳᠤᠭ᠋ᠠᠷ ᠲᠡᠰ᠎ᠲᠤ ᠤᠷᠤᠭᠰᠠᠨ᠎ᠢ ᠴᠡᠭᠡᠵᠢᠯᠡᠵᠤ ᠪᠠᠢ᠌ᠭᠰᠠᠨ ᠮᠦᠷᠲᠡᠭᠡᠨ ᠮᠢᠨᠤ ᠢᠯᠡᠭᠡᠭᠰᠡᠨ ᠰᠢᠯᠦᠭ᠎ᠢ ᠬᠡᠳᠤ ᠵᠢ ᠨᠡᠢ᠌ᠲᠡᠯᠡᠴᠢᠬᠡᠭᠡᠳ ᠪᠠᠢ᠌ᠵᠠᠢ᠃ ᠬᠦᠷᠡᠯᠵᠢᠷᠦᠬᠡ ᠠᠬ᠎ᠠ  ᠨᠠᠳᠠ᠎ᠳᠤ 《ᠲᠠᠰᠤᠷᠠᠯᠳᠠ ᠦᠭᠡᠢ ᠪᠢᠴᠢᠭᠡᠳ ᠪᠠᠢ᠂ ᠰᠢᠯᠦᠭ ᠵᠤᠬᠢᠶᠠᠯ ᠵᠶ᠋ᠠᠨ ᠮᠠᠨ᠎ᠤ ᠰᠤᠨᠢᠨ᠎ᠳᠤ ᠢᠯᠡᠭᠦᠬᠡᠨ ᠦᠭᠭᠦᠭᠡᠷᠡᠢ》 ᠭᠡᠵᠤ ᠡᠩ᠎ᠤᠨ ᠬᠡᠳᠦᠬᠡᠨ ᠦᠬᠡ᠎ᠪᠠᠷ ᠵᠤᠷᠢᠭᠵᠢᠭᠤᠯᠵᠤ ᠪᠠᠢ᠌ᠭᠰᠠᠨ ᠶᠤᠮ᠃ ᠲᠡᠷᠡ ᠵᠤᠷᠢᠭᠵᠢᠭᠤᠯᠤᠯ᠎ᠤᠨ ᠠᠴᠢ᠎ᠪᠠᠷ ᠪᠢ ᠦᠨᠦᠳᠦᠷ᠎ᠲᠤ ᠲᠤᠯᠲᠠᠯ᠎ᠠ  ᠪᠢᠯᠢᠭ ᠮᠤᠬᠤᠭ᠎ᠠ ᠦᠭᠡᠢ ᠰᠢᠯᠦᠭ ᠵᠶ᠋ᠠᠨ ᠪᠢᠴᠢᠭᠰᠡᠭᠡᠷ᠂ ᠪᠢᠷ ᠵᠢᠪᠡᠷᠡᠭᠡ  ᠦᠭᠡᠢ ᠨᠠᠢ᠌ᠷᠠᠭ ᠵᠶ᠋ᠠᠨ ᠲᠠᠲᠠᠯᠠᠭᠰᠠᠭ᠋ᠠᠷ  ᠡ!
                          
                               ᠭᠤᠷᠪᠠ
       
            ᠮᠢᠨᠤ ᠰᠢᠯᠦᠭ ᠪᠦᠲᠦᠭᠡᠯ᠎ᠢ ᠨᠢᠭᠡ ᠪᠢᠴᠢᠬᠠᠨ ᠭᠤᠷᠤᠬ᠎ᠠ ᠭᠡᠵᠤ ᠪᠤᠳᠤᠪᠠᠯ 《ᠵᠢᠷᠢᠮ᠎ᠤᠨ ᠰᠤᠨᠢᠨ》 ᠪᠤᠯ ᠡᠨᠡ ᠭᠤᠷᠤᠬ᠎ᠠ ᠵᠢᠨ ᠡᠬᠢ ᠠᠪᠤᠭᠰᠠᠨ ᠭᠠᠵᠠᠷ ᠭᠡᠯᠲᠠᠢ᠃ ᠭᠤᠴᠢ ᠭᠠᠷᠤᠢ ᠵᠢᠯ ᠮᠡᠯᠮᠡᠯᠵᠡᠨ ᠲᠤᠨᠤᠯᠵᠠᠬᠤ ᠡᠨᠡ ᠪᠤᠯᠠᠭ᠎ᠤᠨ ᠡᠬᠢᠨ ᠲᠡᠭᠡᠷ᠎ᠡ ᠪᠢ ᠰ᠊ · ᠨᠠᠨᠳᠢᠨ᠂ ᠬᠦᠷᠡᠯᠵᠢᠷᠦᠬᠡ᠂ ᠲᠡᠮᠴᠢᠭ ᠵᠡᠷᠭᠡ  《ᠬᠤᠤᠯᠢᠨ ᠭᠤᠤᠯ》 ᠤᠷᠠᠨ ᠵᠤᠬᠢᠶᠠᠯ᠎ᠤᠨ ᠨᠢᠭᠤᠷ᠎ᠤᠨ ᠨᠠᠢ᠌ᠷᠠᠭᠤᠯᠤᠭᠴᠢ ᠠᠬ᠎ᠠ ᠨᠠᠷ᠎ᠤᠨ ᠬᠠᠷᠠᠮ ᠦᠭᠡᠢ ᠬᠠᠪᠰᠤᠷᠤᠯᠭ᠎ᠠ ᠵᠢ ᠬᠦᠷᠲᠡᠵᠤ ᠶᠠᠪᠤᠭᠰᠠᠨ ᠮᠦᠷᠲᠡᠭᠡᠨ ᠤᠳᠤ ᠴᠦ᠍ ᠭᠡᠰᠡᠨ ᠠᠯᠲᠠᠷᠳᠤ᠂ ᠭ᠊ · ᠬᠢᠩᠭ᠋ᠠᠨ ᠵᠡᠷᠭᠡ  ᠳᠡᠭᠦᠦ ᠨᠠᠷ᠎ᠤᠨ ᠬᠤᠢ᠌ᠰᠢ ᠦᠭᠡᠢ ᠲᠡᠮᠵᠢᠯᠭᠡ ᠵᠢ ᠬᠦᠷᠲᠡᠵᠤ ᠶᠠᠪᠤᠨ᠎ᠠ᠃  ᠵᠠᠷᠢᠮ ᠬᠦᠮᠦᠨ  ᠨᠠᠳᠠ᠎ᠳᠤ  ᠡᠷᠡᠭᠡ ᠦᠭᠡᠢ᠎ᠪᠠᠷ 《ᠲᠠ ᠴᠢᠨᠢ ᠨᠡᠷᠡᠳᠤ ᠰᠢᠯᠦᠭᠴᠢ ᠪᠤᠯᠴᠢᠬᠠᠭ᠋ᠠᠳ  ᠶᠠᠭᠤᠨ᠎ᠳᠤ ᠪᠠᠰᠠ ᠰᠤᠨᠢᠨ᠎ᠳᠤ ᠪᠠᠰᠠ ᠰᠢᠯᠦᠭ ᠵᠶ᠋ᠠᠨ ᠦᠭᠭᠦᠭᠡᠳ ᠪᠠᠢ᠌ᠬᠤ ᠪᠤᠢ》 ᠭᠡᠵᠤ ᠰᠠᠨᠠᠭᠤᠯᠬᠤ ᠬᠤᠷᠢᠭᠯᠠᠬᠤ ᠵᠢᠨ ᠤᠷᠤᠨ᠎ᠳᠤ ᠬᠡᠯᠡᠬᠦ᠎ᠳᠤ᠂ ᠪᠢ ᠨᠢᠭᠡ ᠶᠤᠰᠤᠨ᠎ᠳᠤ᠎ᠪᠠᠨ ᠪᠢ 《ᠵᠢᠷᠢᠮ᠎ᠤᠨ ᠰᠤᠨᠢᠨ》᠎ᠠᠴᠠ ᠰᠢᠯᠦᠭᠴᠢ ᠪᠤᠯᠤᠭᠰᠠᠨ ᠬᠦᠮᠦᠨ᠃ ᠤᠷᠠᠨ ᠵᠤᠬᠢᠶᠠᠯ ᠡᠬᠢᠯᠡᠨ ᠤᠷᠤᠯᠳᠤᠵᠤ ᠪᠠᠢ᠌ᠭᠰᠠᠨ ᠦᠶ᠎ᠡ᠎ᠳᠤ 《ᠵᠢᠷᠢᠮ᠎ᠤᠨ ᠰᠤᠨᠢᠨ》᠎ᠳᠤ᠎ᠪᠠᠨ ᠨᠢᠭᠡ ᠪᠦᠲᠦᠭᠡᠯ ᠤᠯᠤᠭ᠋ᠠᠳ ᠨᠠᠢ᠌ᠲᠡᠯᠡᠪᠡᠯ ᠬᠦᠯ ᠭᠠᠵᠠᠷ ᠬᠦᠷᠬᠦ ᠦᠭᠡᠢ ᠪᠠᠶᠠᠷᠯᠠᠵᠤ᠂ ᠲᠡᠷᠡ ᠡᠳᠦᠷ᠎ᠤᠨ ᠰᠡᠳᠬᠢᠯᠭᠡ ᠬᠠᠮᠤᠭ᠎ᠤᠨ ᠪᠠᠶᠠᠰᠤᠩᠭᠤᠢ ᠰᠠᠨᠠᠭᠲᠠᠵᠤ᠂ ᠲᠡᠷᠡ ᠡᠳᠦᠷ᠎ᠤᠨ ᠬᠡᠢ ᠮᠤᠷᠢ ᠬᠠᠮᠤᠭ ᠲᠡᠭᠳᠡᠭᠰᠡᠨ ᠰᠢᠭ ᠪᠤᠳᠤᠭᠳᠠᠳᠠᠭ᠎ᠢ ᠶᠠᠭᠤ ᠭᠡᠬᠦ ᠪᠤᠢ᠃ 《ᠬᠤᠤᠯᠢᠨ ᠭᠤᠤᠯ》 ᠭᠡᠬᠦ ᠤᠷᠠᠨ ᠵᠤᠬᠢᠶᠠᠯ᠎ᠤᠨ ᠨᠢᠭᠤᠷ ᠨᠠᠮ᠎ᠠ ᠵᠢ ᠬᠦᠮᠦᠵᠢᠭᠦᠯᠦᠭᠰᠡᠨ ᠦᠭᠡᠢ ᠪᠤᠯ ᠮᠢᠨᠤ ᠦᠨᠦᠳᠦᠷ᠎ᠤᠨ ᠦᠴᠦᠬᠡᠨ ᠠᠮᠵᠢᠯᠲᠠ ᠪᠠᠢ᠌ᠵᠤ ᠴᠢᠲᠠᠬᠤ ᠦᠭᠡᠢ ᠂ ᠬᠡᠵᠢᠶ᠎ᠡ ᠬᠠᠮᠢᠭ᠎ᠠ ᠴᠦ᠍ ᠭᠡᠰᠡᠨ ᠪᠢ 《ᠲᠦᠩᠯᠢᠶᠤᠤ ᠡᠳᠤᠷ᠎ᠤᠨ ᠰᠤᠨᠢᠨ》 ᠵᠶ᠋ᠠᠨ ᠮᠠᠷᠲᠠᠵᠤ ᠴᠢᠲᠠᠬᠤ ᠦᠭᠡᠢ᠂ ᠮᠠᠷᠲᠠᠵᠤ ᠴᠦ᠍ ᠪᠤᠯᠬᠤ ᠦᠭᠡᠢ ᠡ᠃ ᠦᠨᠡᠨ᠎ᠳᠤ᠎ᠪᠠᠨ ᠴᠦ᠍ ᠲᠡᠢ᠌ᠮᠤ᠃ ᠡᠴᠢᠨᠡᠬᠡᠨ ᠵᠢᠯ᠎ᠤᠨ ᠲᠤᠷᠰᠢ ᠡᠬᠡ ᠪᠢᠴᠢᠭ᠎ᠤᠨ ᠬᠠᠷᠠᠮᠵᠢ᠎ᠲᠠᠢ ᠴᠦ᠍ ᠪᠤᠯᠤᠭ᠂ ᠬᠠᠷᠠᠮᠵᠢ ᠦᠭᠡᠢ ᠴᠦ᠍ ᠪᠤᠯᠤᠭ᠂ ᠡᠳᠦᠢ ᠎ᠳᠤ ᠲᠤᠯᠳᠠᠯ᠎ᠠ ᠪᠢ 《ᠲᠦᠩᠯᠢᠶᠤᠤ ᠡᠳᠤᠷ᠎ᠤᠨ ᠰᠤᠨᠢᠨ》᠎ᠳᠤ᠎ᠪᠠᠨ ᠡᠬᠡ ᠪᠢᠴᠢᠭ ᠵᠶ᠋ᠠᠨ ᠦᠭᠭᠦᠭᠰᠡᠭᠡᠷ᠂  ᠮᠦᠨ ᠴᠤ᠌ 《ᠲᠦᠩᠯᠢᠶᠤᠤ ᠡᠳᠤᠷ᠎ᠤᠨ ᠰᠤᠨᠢᠨ》  ᠵᠶ᠋ᠠᠨ ᠵᠢᠯ ᠪᠤᠯᠭ᠋ᠠᠨ ᠵᠠᠬᠢᠶᠠᠯᠠᠨ ᠡᠳᠦᠷ ᠪᠤᠯᠭ᠋ᠠᠨ ᠤᠩᠰᠢᠭᠰᠠᠭ᠋ᠠᠷ᠃ ᠵᠠᠷᠢᠮ ᠎ᠳᠤ᠎ᠪᠠᠨ ᠰᠢᠦᠲᠠᠨ ᠬᠦᠷᠭᠡᠭᠴᠢ ᠵᠢᠨ  ᠬᠠᠯᠭᠤᠤ ᠶᠤᠮ ᠤᠤ ᠡᠰᠡᠬᠦᠯ᠎ᠡ ᠶᠠᠮᠠᠷ ᠨᠢᠭᠡ ᠰᠢᠯᠲᠠᠭ᠋ᠠᠨ ᠵᠶ᠋ᠠᠷ  ᠭᠠᠷᠠᠭ ᠲᠤᠵᠢ ᠬᠦᠰᠡᠵᠤ ᠬᠦᠯᠢᠶᠡᠵᠤ ᠪᠠᠢ᠌ᠭᠰᠠᠨ ᠭᠠᠷᠠᠭ᠎ᠤᠨ ᠵᠢᠷᠭᠤᠭ᠋ᠠᠨ᠎ᠤ ᠰᠤᠨᠢᠨ ᠭᠡᠭᠡᠭᠳᠡᠬᠦ ᠶᠠᠪᠤᠲᠠᠯ ᠭᠠᠷᠲᠠᠭ᠃ ᠲᠡᠭᠡᠪᠡᠯ ᠪᠢ ᠶᠠᠮᠠᠷ ᠨᠢᠭᠡ ᠦᠨᠡᠳᠤ ᠶᠠᠭᠤᠮ᠎ᠠ᠎ᠪᠠᠨ ᠭᠡᠭᠡᠴᠢᠭᠰᠡᠨ ᠶᠤᠮ ᠰᠢᠭ ᠰᠠᠭᠤᠲᠠᠯ ᠦᠭᠡᠢ ᠪᠤᠯᠵᠤ ᠬᠠᠵᠠᠭᠤ ᠬᠠᠪᠢ ᠵᠢᠨ ᠪᠠᠢ᠌ᠭᠤᠯᠭ᠎ᠠ᠎ᠪᠠᠷ ᠲᠤᠰ ᠰᠤᠨᠢᠨ ᠢᠷᠡᠭᠰᠡᠨ ᠡᠰᠡᠬᠦ ᠵᠢ᠎ᠨᠢ ᠡᠷᠢᠵᠤ ᠭᠠᠷᠲᠠᠭ᠃ ᠨᠠᠰᠤ ᠶᠠᠪᠤᠲᠠᠯ᠎ᠳᠤ᠎ᠪᠠᠨ ᠵᠤᠬᠢᠴᠠᠮ᠎ᠠ ᠦᠭᠡᠢ  ᠡᠨᠡ ᠬᠦ᠌ ᠬᠦᠲᠡᠯᠦᠯ ᠵᠶ᠋ᠠᠨ  ᠶᠡᠬᠡ ᠭᠠᠢ᠌ᠬᠠᠲᠠᠭ ᠪᠢᠯᠡ᠃  ᠲᠦᠷᠦᠭᠦᠬᠡᠨ ᠨᠠᠢ᠌ᠷᠠᠭᠤᠯᠤᠭᠴᠢ ᠲᠡᠭᠦᠦ ᠭ᠊ · ᠬᠢᠩᠭ᠋ᠠᠨ ᠮᠢᠨᠤ ᠤᠯᠵᠤ ᠤᠩᠰᠢᠭᠰᠠᠨ ᠦᠭᠡᠢ ᠭᠠᠷᠠᠭ᠎ᠤᠨ ᠵᠢᠷᠭᠤᠭ᠋ᠠᠨ᠎ᠤ ᠰᠤᠨᠢᠨ᠎ᠢ  ᠨᠠᠳᠠ᠎ᠳᠤ ᠭᠤᠪᠢᠭᠤᠯᠵᠤ ᠦᠭᠭᠦᠭᠡᠳ ᠮᠢᠨᠤ ᠰᠡᠳᠬᠢᠯ᠎ᠢ ᠲᠤᠭᠳᠤᠯᠤᠭᠤᠯᠵᠤ ᠪᠠᠢ᠌ᠭᠰᠠᠨ ᠳ᠋ᠠ᠃
                      
                           ᠲᠦᠷᠪᠡ
           
             《ᠲᠦᠩᠯᠢᠶᠤᠤ ᠡᠳᠤᠷ᠎ᠤᠨ ᠰᠤᠨᠢᠨ》᠎ᠤ ᠮᠤᠩᠭᠤᠯ ᠬᠡᠪᠯᠡᠯ ᠮᠢᠨᠢ ᠤᠳᠤ 67 ᠨᠠᠰᠤᠯᠠᠴᠢᠬᠠᠯ᠎ᠠ᠃ 67 ᠨᠠᠰᠤ ᠭᠡᠵᠤ ᠨᠢᠭᠡ ᠬᠦᠮᠦᠨ᠎ᠳᠤ ᠠᠪᠴᠤ ᠬᠡᠯᠡᠪᠡᠯ ᠨᠡᠯᠢᠶᠡᠳ ᠤᠷᠳᠤ ᠬᠤᠭᠤᠴᠠᠭ᠎ᠠ᠂ ᠭᠡᠳᠡᠯ᠎ᠡ ᠲᠡᠦᠬᠡ ᠵᠢᠨ ᠲᠤᠮᠤ ᠤᠷᠤᠰᠬᠠᠯ᠎ᠳᠤ ᠠᠪᠴᠤ ᠬᠡᠯᠡᠪᠡᠯ ᠬᠤᠷᠤᠭᠤ ᠢᠨᠴᠢᠳᠬᠦ ᠵᠢᠨ ᠬᠤᠷᠤᠮᠬᠠᠨ ᠵᠠᠭᠤᠷ᠎ᠠ ᠡ! ᠵᠢᠷᠠᠨ ᠵᠢᠯ᠎ᠢ ᠮᠠᠨ᠎ᠤ ᠮᠤᠩᠭᠤᠯᠴᠤᠳ ᠨᠢᠭᠡ ᠶᠡᠬᠡ ᠡᠷᠬᠢᠯᠲᠠ ᠭᠡᠵᠤ ᠮᠠᠰᠢ ᠪᠡᠯᠭᠡᠰᠢᠶᠡᠵᠤ ᠦᠵᠡᠳᠡᠭ ᠰᠠᠨ᠃ ᠤᠨ ᠵᠢᠯ᠎ᠤᠨ ᠤᠷᠤᠰᠬᠠᠯ᠎ᠳᠤ ᠪᠢ ᠪᠠᠰᠠ ᠵᠢᠷᠠ᠎ᠪᠠᠨ ᠰᠢᠬᠠᠵᠤ ᠲᠠᠷ ᠵᠶ᠋ᠠᠨ ᠬᠡᠮᠡᠯᠢᠭᠰᠡᠨ  ᠨᠠᠰᠤᠨ ᠎ᠳᠤ᠎ᠪᠠᠨ ᠤᠷᠤᠬᠤ᠎ᠳᠤ 《ᠲᠦᠩᠯᠢᠶᠤᠤ ᠡᠳᠤᠷ᠎ᠤᠨ ᠰᠤᠨᠢᠨ》᠎ᠤ ᠵᠢᠷᠠ ᠭᠠᠷᠤᠢ ᠵᠢᠯ ᠬᠠᠷᠢᠨ ᠴᠠᠭ ᠦᠶ᠎ᠡ ᠵᠢᠨ ᠤᠷᠤᠰᠬᠠᠯ᠎ᠢ ᠲᠠᠭ᠋ᠠᠵᠤ ᠂ ᠴᠠᠯ ᠵᠠᠯᠠᠭᠤ᠎ᠪᠠᠷ ᠵᠶ᠋ᠠᠨ ᠪᠢᠲᠡᠨ᠎ᠤ ᠬᠠᠷᠠᠭ᠋ᠠᠨ᠎ᠳᠤ ᠨᠤᠭᠤᠭ᠋ᠠᠷᠠᠭᠰᠠᠭ᠋ᠠᠷ ᠪᠠᠢ᠌ᠨᠠᠮ᠃
            《ᠦᠴᠦᠭᠡᠳᠦᠷ ᠰᠠᠶᠢ ᠦᠴᠠᠩ᠎ᠤᠨ ᠵᠢᠭ᠋ᠠᠰᠤ ᠵᠢ ᠠᠮᠳᠠᠯᠠᠲᠠᠯ᠎ᠠ᠂ ᠦᠨᠦᠳᠦᠷ ᠠᠬᠢᠨ ᠴᠠᠩᠱ᠌ᠠ ᠵᠢᠨ ᠤᠰᠤ ᠵᠢ ᠤᠤᠭᠤᠯᠤᠭ᠎ᠠ》  ᠭᠡᠵᠤ  ᠠᠭᠤᠤ ᠶᠡᠬᠡ ᠤᠳᠤᠷᠢᠳᠤᠭᠴᠢ  ᠮᠠᠦ ᠽᠸ ᠳ᠋ᠦᠡᠭ ᠨᠦᠬᠦᠷ᠎ᠤᠨ ᠰᠢᠯᠦᠭ᠎ᠲᠤ ᠦᠭᠦᠯᠡᠭᠰᠡᠨ ᠰᠢᠭ ᠵᠶ᠋ᠡᠷ ᠂ ᠡᠤ ᠵᠢᠨ ᠭᠠᠩ ᠠᠬ᠎ᠠ ᠵᠢᠨ᠎ᠳᠤ ᠪᠤᠷᠴᠠᠭ᠎ᠤᠨ ᠱᠦᠯᠦ ᠤᠤᠭᠤᠵᠤ ᠪᠠᠢ᠌ᠭᠰᠠᠨ ᠵᠠᠯᠠᠭᠤ ᠨᠠᠰᠤ ᠬᠠᠮᠢᠭ᠋ᠠᠰᠢ ᠤᠳᠤᠭᠰᠠᠨ᠎ᠢ ᠮᠡᠳᠡᠬᠦ ᠦᠭᠡᠢ ᠂  ᠦᠨᠡᠨᠴᠢ ᠭᠤᠸᠠᠢ᠎ᠲᠠᠢ ᠠᠷᠤ ᠬᠦᠨᠲᠡᠯᠡᠨ᠂ ᠬᠤᠤᠯᠢᠨ ᠭᠤᠤᠯ᠎ᠳᠤ ᠰᠤᠷᠪᠤᠯᠵᠢᠯᠠᠵᠤ ᠶᠠᠪᠤᠭᠰᠠᠨ ᠤᠨ ᠰᠠᠷ᠎ᠠ ᠬᠠᠮᠢᠭ᠎ᠠ ᠡᠴᠢᠭᠰᠡᠨ᠎ᠢ ᠮᠡᠳᠡᠬᠦ ᠦᠭᠡᠢ᠃ ᠨᠢᠭᠡ ᠮᠡᠳᠡᠬᠦ᠎ᠳᠤ ᠮᠢᠨᠤ ᠬᠠᠢ᠌ᠷ᠎ᠠ ᠬᠠᠢ᠌ᠷ᠎ᠠ ᠵᠢᠨ 《ᠲᠦᠩᠯᠢᠶᠤᠤ ᠡᠳᠤᠷ᠎ᠤᠨ ᠰᠤᠨᠢᠨ》  ᠮᠢᠨᠢ ᠬᠡᠪᠯᠡᠯ ᠡᠬᠢᠯᠡᠭᠰᠡᠨ 67 ᠵᠢᠯ᠎ᠤᠨ ᠤᠢ᠎ᠪᠠᠨ ᠤᠭᠳᠤᠵᠤ ᠪᠠᠢ᠌ᠨ᠎ᠠ᠃
          ᠠᠯᠬᠤᠵᠤ ᠶᠠᠪᠤᠭᠰᠠᠨ ᠮᠦᠷ᠎ᠠᠴᠠ ᠲᠤᠷᠠᠢ᠌ᠵᠤ ᠭᠠᠷᠤᠭᠰᠠᠨ ᠵᠠᠮ᠃
          ᠠᠲᠠᠯ ᠪᠤᠰᠬᠠᠭᠰᠠᠨ ᠲᠡᠦᠬᠡ᠎ᠠᠴᠠ ᠠᠮᠵᠢᠯᠲᠠ ᠰᠤᠯᠤᠩᠭ᠋ᠠᠷᠠᠭᠰᠠᠨ ᠦᠢ᠍ᠯᠡᠰ᠃
        《ᠲᠦᠩᠯᠢᠶᠤᠤ ᠡᠳᠤᠷ᠎ᠤᠨ ᠰᠤᠨᠢᠨ》᠎ᠤ ᠮᠤᠩᠭᠤᠯ ᠬᠡᠪᠯᠡᠯ᠎ᠢ ᠬᠠᠷᠢᠭᠤᠴᠠᠵᠤ ᠪᠠᠢ᠌ᠭᠰᠠᠨ  ᠴᠤᠭ ᠪᠠᠭᠰᠢᠲᠠᠨ (ᠮᠢᠨᠤ ᠶᠡᠬᠡ ᠨᠠᠭ᠋ᠠᠴᠤ)᠂ ᠨᠤᠮᠢᠨ ᠪᠠᠭᠰᠢᠲᠠᠨ᠂ ᠲᠡᠭᠰᠢ ᠪᠠᠭᠰᠢᠲᠠᠨ᠂ ᠤᠷᠳᠤᠨᠠᠰᠤᠳᠤ ᠪᠠᠭᠰᠢᠲᠠᠨ᠂ ᠲᠠᠯᠠᠢ ᠪᠠᠭᠰᠢᠲᠠᠨ ᠵᠢᠴᠢ ᠤᠳᠤ ᠵᠢᠨ ᠬᠠᠷᠢᠭᠤᠴᠠᠯᠭ᠋ᠠᠲᠠᠨ ᠡᠤ ᠵᠢᠨ ᠭᠠᠩ ᠠᠬ᠎ᠠ ᠵᠡᠷᠭᠡ ᠤᠳᠤᠷᠢᠳᠤᠯᠭ᠎ᠠ ᠨᠠᠷ   ᠰᠤᠨᠢᠨ᠎ᠤ᠎ᠪᠠᠨ ᠤᠨᠢ ᠵᠢ ᠡᠷᠭᠦᠵᠤ ᠲᠤᠭᠤᠷᠭ᠎ᠠ ᠵᠢ ᠲᠤᠯᠵᠤ  ᠶᠠᠪᠤᠭᠰᠠᠨ ᠡᠷᠡᠮᠡᠬᠡᠢ ᠵᠢᠳᠬᠦᠯ ᠎ᠢ ᠶᠠᠭ᠋ᠠᠬᠢᠬᠤ ᠵᠢᠨ ᠠᠷᠭ᠎ᠠ ᠦᠭᠡᠢ ᠪᠢᠰᠢᠷᠡᠨᠡᠮ ᠪᠢ᠃
         ᠤᠷᠠᠢ ᠵᠠᠯᠠᠭᠤ ᠨᠠᠰᠤ᠎ᠪᠠᠨ ᠰᠤᠨᠢᠨ᠎ᠤ ᠦᠢ᠍ᠯᠡᠰ᠎ᠲᠤ ᠵᠤᠷᠢᠭᠤᠯᠵᠤ᠂ ᠤᠨᠲᠠᠵᠤ ᠠᠮᠠᠷᠠᠬᠤ ᠴᠠᠭ ᠵᠶ᠋ᠠᠨ ᠰᠤᠷᠪᠤᠯᠵᠢᠯᠠᠵᠤ ᠨᠠᠢ᠌ᠷᠠᠭᠤᠯᠬᠤ᠎ᠳᠤ ᠵᠠᠷᠤᠴᠠᠭᠤᠯᠤᠭᠰᠠᠨ᠂  ᠠᠵᠢᠯ ᠦᠢ᠍ᠯᠡᠰ᠎ᠤᠨ ᠠᠷᠠᠯ᠎ᠤᠨ ᠱᠠᠷ ᠰᠢᠭ᠋᠂ ᠠᠯᠲᠠᠨ ᠵᠢᠷᠢᠮ᠎ᠤᠨ ᠵᠶ᠋ᠠᠨ ᠲᠠᠢ᠌ᠴᠢᠨ ᠬᠤᠰᠢᠭᠤᠴᠢ ᠰᠢᠭ᠋ ᠠᠬᠠᠮᠠᠳ ᠰᠤᠷᠪᠤᠯᠵᠢᠯᠠᠭᠴᠢ᠂ ᠭᠠᠪᠢᠶᠠᠳᠤ ᠨᠠᠢ᠌ᠷᠠᠭᠤᠯᠤᠭᠴᠢ᠂ ᠦᠰᠦᠭ ᠬᠠᠷᠭᠤᠭᠤᠯᠤᠭᠴᠢ᠂  ᠪᠠᠷᠯᠠᠭᠴᠢ ᠨᠠᠷ ᠎ᠤᠨ ᠰᠢᠨᠠ ᠵᠢ ᠲᠠᠭ᠋ᠠᠵᠤ ᠤᠷᠤᠰᠤᠭᠰᠠᠨ ᠬᠦᠯᠦᠰᠤ ᠪᠤᠯᠤᠨ ᠰᠢᠷᠡᠭᠡᠨ ᠢᠷᠮᠡᠭ ᠵᠶ᠋ᠠᠷ ᠡᠯᠡᠭᠲᠡᠵᠤ ᠶᠠᠪᠤᠭᠰᠠᠨ ᠵᠠᠯᠠᠭᠤ ᠨᠠᠰᠤ ᠵᠢ᠎ᠨᠢ  ᠪᠢ ᠰᠢᠳᠦᠨ ᠬᠦᠨᠳᠤᠳᠬᠡᠨᠡᠮ᠃
       ᠴᠠᠭ ᠦᠶ᠎ᠡ ᠵᠢᠨ ᠲᠠᠭᠤᠨ ᠬᠤᠭᠤᠯᠠᠢ ᠪᠤᠯᠵᠤ᠂ ᠴᠠᠳᠢᠭ ᠲᠡᠦᠬᠡ ᠵᠢᠨ ᠤᠯᠪᠠᠭ᠎ᠠ ᠮᠦᠷ᠎ᠢ ᠲᠡᠮᠳᠡᠭᠯᠡᠭᠰᠡᠨ 《ᠲᠦᠩᠯᠢᠶᠤᠤ ᠡᠳᠤᠷ᠎ᠤᠨ ᠰᠤᠨᠢᠨ》 ᠮᠢᠨᠢ  ᠡᠷᠢᠨ ᠴᠠᠭ᠎ᠤᠨ ᠬᠦᠭ ᠠᠶᠠᠯᠭᠤ ᠵᠢ  ᠴᠤᠤᠷᠢᠶᠠᠲᠤᠭᠤᠯᠤᠨ᠂  ᠬᠡᠯᠡᠨ᠎ᠤ ᠲᠠᠩᠰᠤᠭ ᠭᠠᠢ᠌ᠬᠠᠮᠰᠢᠭ᠎ᠢ ᠬᠠᠷᠠᠭᠤᠯᠤᠨ ᠲᠡᠦᠬᠡ᠎ᠠᠴᠠ ᠤᠳᠤ᠎ᠳᠤ ᠲᠤᠯᠳᠠᠯ᠎ᠠ᠂ ᠤᠳᠤ᠎ᠠᠴᠠ ᠢᠷᠡᠭᠡᠳᠦᠢ᠎ᠳᠤ ᠬᠦᠷᠲᠡᠯ᠎ᠡ ᠮᠢᠷᠠᠯᠵᠠᠨ ᠰᠤᠯᠤᠩᠭ᠋ᠠᠷᠠᠵᠤ ᠶᠠᠪᠤᠭ᠎ᠠ᠎ᠳᠤ  ᠪᠢ   ᠤᠮᠤᠭᠰᠢᠨᠠᠮ᠃

                              ᠲᠠᠪᠤ
      
           67 ᠵᠢᠯ᠎ᠤᠨ ᠲᠤᠷᠰᠢ 《ᠲᠦᠩᠯᠢᠶᠤᠤ ᠡᠳᠤᠷ᠎ᠤᠨ ᠰᠤᠨᠢᠨ》 ᠮᠢᠨᠢ ᠪᠠᠭ᠎ᠠ ᠪᠠᠢ᠌ᠭᠰᠠᠨ᠎ᠠᠴᠠ᠎ᠪᠠᠨ ᠶᠡᠬᠡ ᠪᠤᠯᠵᠤ᠂ ᠪᠠᠭᠤᠷᠠᠢ ᠪᠠᠢ᠌ᠭᠰᠠᠨ᠎ᠠᠴᠠ᠎ᠪᠠᠨ ᠬᠦᠴᠦᠷᠬᠡᠭ ᠪᠤᠯᠵᠤ᠂ ᠲᠦᠩᠯᠢᠶᠤᠤ ᠬᠤᠲᠠ ᠵᠢᠨ ᠨᠠᠮ᠎ᠤᠨ ᠬᠤᠷᠢᠶ᠎ᠠ᠂ ᠵᠠᠰᠠᠭ᠎ᠤᠨ ᠤᠷᠳᠤᠨ᠎ᠤ ᠰᠤᠨᠢᠨ ᠮᠡᠳᠡᠭᠡ  ᠶᠠᠷᠢᠶ᠎ᠠ ᠬᠡᠯᠡᠯᠴᠡᠭᠡᠨ᠎ᠤ ᠭᠤᠤᠯ ᠪᠤᠯᠬᠤ ᠵᠠᠭᠤᠴᠢᠯᠠᠭᠤᠷ ᠪᠤᠯᠵᠤ᠂ ᠤᠩᠰᠢᠭᠴᠢ ᠲᠦᠮᠡᠨ᠎ᠤ ᠤᠶᠤᠨ ᠲᠠᠷᠢᠬᠢᠨ᠎ᠳᠤ ᠤᠶᠤᠨ ᠮᠡᠳᠡᠯᠭᠡ ᠵᠢᠨ ᠰᠢᠮ᠎ᠠ ᠵᠢ ᠡᠳᠦᠷ ᠡᠳᠦᠷ  ᠴᠣ᠋ ᠰᠢᠨ᠎ᠠ᠎ᠪᠠᠷ ᠬᠠᠩᠭ᠋ᠠᠭᠰᠠᠭ᠋ᠠᠷ ᠪᠠᠢ᠌ᠨ᠎ᠠ᠃ 
                ᠠᠯᠠᠭ᠋ᠠᠨ ᠲᠡᠭᠡᠷ᠎ᠡ ᠮᠢᠨᠢ ᠠᠵᠠ ᠵᠢᠨ ᠴᠡᠩᠭᠡᠷ ᠲᠠᠭᠲᠠᠭ᠎ᠠ ᠰᠢᠭ᠋ ᠡᠳᠦᠷ ᠡᠳᠦᠷ ᠲᠡᠪᠬᠡᠷᠤᠨ ᠪᠠᠭᠤᠬᠤ  《ᠲᠦᠩᠯᠢᠶᠤᠤ ᠡᠳᠤᠷ᠎ᠤᠨ ᠰᠤᠨᠢᠨ》 ᠵᠶ᠋ᠠᠨ ᠪᠢ ᠬᠠᠢ᠌ᠷᠠᠯᠠᠬᠤ ᠦᠭᠡᠢ ᠪᠠᠢ᠌ᠬᠤ ᠵᠢᠨ ᠤᠴᠢᠷ ᠦᠭᠡᠢ᠃ ᠰᠢᠷᠡᠭᠡᠨ ᠲᠡᠭᠡᠷ᠎ᠡ ᠮᠢᠨᠢ ᠰᠢᠨ᠎ᠠ ᠬᠠᠪᠤᠷ᠎ᠤᠨ ᠴᠠᠰᠤ ᠰᠢᠭ᠋ ᠴᠠᠭ᠎ᠤᠨ ᠴᠠᠭ ᠎ᠲᠤ᠎ᠪᠠᠨ ᠨᠠᠮᠢᠷᠠᠨ ᠪᠠᠭᠤᠬᠤ  《ᠲᠦᠩᠯᠢᠶᠤᠤ ᠡᠳᠤᠷ᠎ᠤᠨ ᠰᠤᠨᠢᠨ》 ᠵᠶ᠋ᠠᠨ ᠪᠢ ᠲᠡᠭᠡᠵᠢᠯᠡᠬᠦ ᠦᠭᠡᠢ ᠪᠠᠢ᠌ᠬᠤ ᠵᠢᠨ ᠠᠷᠭ᠎ᠠ ᠦᠭᠡᠢ᠃
             ᠵᠢᠷᠠᠨ ᠵᠢᠯ᠂ ᠵᠠᠭᠤᠨ ᠵᠢᠯ᠂ ᠮᠢᠩᠭ᠋ᠠᠨ ᠵᠢᠯ ᠵᠶ᠋ᠠᠷ ᠮᠢᠨᠤ  《ᠲᠦᠩᠯᠢᠶᠤᠤ ᠡᠳᠤᠷ᠎ᠤᠨ ᠰᠤᠨᠢᠨ》   ᠤᠩᠰᠢᠭᠴᠢ ᠵᠢᠨ ᠵᠶ᠋ᠠᠨ ᠰᠡᠳᠬᠢᠯ᠎ᠳᠤ ᠤᠶᠤᠨ᠎ᠤ ᠵᠤᠯᠠ ᠪᠤᠯᠵᠤ ᠪᠠᠳᠮᠠᠯᠠᠨ ᠭᠡᠷᠡᠯᠳᠦᠬᠦ ᠵᠢ ᠪᠢ ᠢᠲᠡᠭᠡᠨ᠎ᠡ᠃
           ᠬᠤᠷᠴᠢᠨ ᠨᠤᠳᠤᠭ᠎ᠠᠴᠠ ᠬᠤᠷᠸ᠎ᠠ ᠲᠡᠯᠡᠬᠡᠢ᠎ᠳᠤ᠂ ᠬᠤᠨᠤᠭ᠎ᠤᠨ ᠭᠠᠵᠠᠷ᠎ᠠᠴᠠ ᠬᠤᠯᠠ ᠵᠢᠨ ᠲᠢᠪ ᠬᠦᠷᠲᠡᠯ᠎ᠡ  ᠮᠠᠨ᠎ᠤ 《ᠲᠦᠩᠯᠢᠶᠤᠤ ᠡᠳᠤᠷ᠎ᠤᠨ ᠰᠤᠨᠢᠨ》  ᠬᠦᠮᠦᠨ ᠵᠤᠨ᠎ᠤ ᠰᠡᠳᠬᠢᠯ᠎ᠳᠤ ᠪᠤᠳᠤᠯ᠎ᠤᠨ ᠴᠠᠮᠬᠠᠭ ᠪᠤᠯᠵᠤ ᠲᠤᠶᠠᠭ᠋ᠠᠷᠠᠨ ᠰᠠᠴᠤᠷᠠᠬᠤ ᠵᠢ ᠪᠢᠲᠡ ᠢᠲᠡᠭᠡᠨ᠎ᠡ!
              ᠮᠢᠨᠤ 《ᠲᠦᠩᠯᠢᠶᠤᠤ ᠡᠳᠤᠷ᠎ᠤᠨ ᠰᠤᠨᠢᠨ》 ——
              ᠮᠢᠨᠤ ᠠᠮᠢ ᠠᠮᠢᠳᠤᠷᠠᠯ᠂ ᠤᠷᠠᠨ ᠪᠦᠲᠦᠭᠡᠯ᠎ᠤᠨ ᠮᠢᠨᠢ ᠤᠨᠠᠭ᠋ᠠᠨ ᠪᠠᠭᠤᠴᠠ ᠡ!

                         《ᠶᠠᠭᠷᠠᠢ ᠬᠤᠳᠤᠭᠤᠷ》  ᠬᠡᠮᠡᠬᠦ ᠢᠷᠠᠭᠤ ᠨᠠᠢ᠌ᠷᠠᠭ᠎ᠤᠨ ᠦᠷᠦᠭᠡᠨ᠎ᠡ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠬᠥᠬᠡᠬᠣᠲᠠ ᠵᠢᠨ ᠬᠣᠶᠠᠷ ᠪᠤᠶᠤ ᠭᠤᠷᠪᠠᠨ ᠬᠡᠦᠬᠡᠳ ᠠᠪᠤᠭᠰᠠᠨ ᠭᠡᠷ ᠪᠦᠯᠢ᠎ᠳᠤ ᠨᠢᠬᠡ ᠯᠨ ᠤᠳᠠᠭ᠎ᠠ ᠦᠭᠭᠦ ᠬᠡᠦᠬᠡᠳ ᠦᠰᠬᠡᠬᠦ ᠨᠦᠬᠦᠪᠤᠷᠢ ᠵᠢᠨ ᠲᠥᠷᠥ ᠵᠢᠨ ᠪᠣᠳᠣᠯᠭ᠎ᠠ ᠵᠢᠨ ᠲᠤᠬᠠᠢ ᠲᠠᠢ᠌ᠯᠤᠮᠵᠢ
ᠪᠠᠷᠭᠤ ᠨᠣᠳᠣᠭ ᠎ᠲᠤ ᠣᠯᠠᠮᠵᠢᠯᠠᠭᠳᠠᠨ ᠶᠠᠷᠢᠭᠳᠠᠵᠤ ᠪᠠᠢ᠌ᠭ᠎ᠠ ᠦᠨᠳᠦᠰᠦᠳᠡᠨ᠎ᠤ ᠪᠦᠯᠬᠦᠮᠳᠡᠯ᠎ᠤᠨ ᠰᠣᠩᠭᠤᠳᠠᠭ ᠦᠯᠢᠭᠡᠷ
ᠱᠠᠩᠬᠠᠢ ᠰᠦᠵᠸᠦ᠎ᠠᠴᠠ ᠡᠬᠢᠯᠡᠭᠦᠯᠦᠭᠰᠡᠨ 《ᠲᠤᠷᠭ᠋ᠠᠨ᠎ᠤ ᠵᠠᠮ》᠎ᠤᠨ ᠰᠤᠶᠤᠯ᠎ᠤᠨ ᠮᠦᠷᠳᠡᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ 《ᠬᠥᠳᠡᠭᠡ ᠲᠣᠰᠬᠣᠨ᠎ᠢ ᠠᠯᠳᠠᠷᠰᠢᠭᠤᠯᠬᠤ ᠠᠵᠢᠯᠯᠠᠭ᠎ᠠ》᠎ᠪᠠᠷ ᠳᠠᠮᠵᠢᠭᠤᠯᠤᠨ ᠭᠠᠵᠠᠷ᠎ᠤᠨ ᠨᠡᠷᠡᠰ᠎ᠤᠨ ᠰᠣᠶᠣᠯ᠎ᠤᠨ ᠪᠠᠢ᠌ᠭᠤᠯᠤᠯᠲᠠ ᠵᠢ ᠠᠬᠢᠭᠤᠯᠪᠠ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠠᠵᠢᠯᠯᠠᠬᠤ ᠳᠤᠭᠤᠢ᠌ᠯᠠᠩ ᠎ᠤᠨ᠎ᠬᠢᠨ ᠲᠠᠢ᠌ᠹᠤᠰᠸ ᠬᠤᠰᠢᠭᠤᠨ᠎ᠤ ᠨᠠᠰᠤᠲᠠᠨ᠎ᠢ ᠠᠰᠠᠷᠠᠬᠤ ᠬᠦᠷᠢᠶᠡᠯᠡᠩ ᠎ᠤᠨ ᠣᠨᠴᠠ ᠬᠦᠴᠢᠷᠳᠡᠯᠲᠠᠢ ᠨᠠᠰᠤᠲᠠᠨ᠎ᠳᠤ ᠰᠤᠨᠤᠰᠤᠭᠤᠷ ᠲᠠᠭ᠋ᠠᠷᠠᠭᠤᠯᠵᠤ ᠥᠭᠪᠡ
 
            