ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠪᠠᠷᠭᠤ ᠨᠣᠳᠣᠭ ᠎ᠲᠤ ᠣᠯᠠᠮᠵᠢᠯᠠᠭᠳᠠᠨ ᠶᠠᠷᠢᠭᠳᠠᠵᠤ ᠪᠠᠢ᠌ᠭ᠎ᠠ ᠦᠨᠳᠦᠰᠦᠳᠡᠨ᠎ᠤ ᠪᠦᠯᠬᠦᠮᠳᠡᠯ᠎ᠤᠨ ᠰᠣᠩᠭᠤᠳᠠᠭ ᠦᠯᠢᠭᠡᠷ
ᠨᠡᠶᠢᠲᠡᠯᠡᠭᠰᠡᠨ ᠴᠠᠭ᠄ 2023-12-28

     ᠦᠨᠳᠦᠰᠦᠳᠡᠨ᠎ᠤ ᠪᠦᠯᠬᠦᠮᠳᠡᠯ ᠪᠤᠯ ᠮᠠᠨ᠎ᠤ ᠣᠯᠣᠰ᠎ᠤᠨ ᠡᠯ᠎ᠡ ᠦᠨᠳᠦᠰᠦᠳᠡᠨ᠎ᠤ ᠠᠷᠠᠳ ᠲᠦᠮᠡᠨ᠎ᠤ ᠠᠮᠢ ᠨᠠᠰᠣᠨ᠎ᠤ ᠱᠣᠭᠤᠮ ᠶᠤᠮ᠃ ᠦᠪᠦᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ ᠪᠠᠢ᠌ᠭᠤᠯᠤᠭᠳᠠᠭᠰᠠᠨ᠎ᠠᠴᠠ  ᠨᠠᠭ᠋ᠠᠰᠢᠬᠢ 70 ᠭᠠᠷᠦᠢ ᠵᠢᠯ᠎ᠤᠨ ᠲᠤᠷᠰᠢ᠂ ᠦᠨᠳᠦᠰᠦᠳᠡᠨ᠎ᠤ ᠪᠦᠯᠬᠦᠮᠳᠡᠯ᠎ᠤᠨ ᠰᠣᠷᠭᠤᠭ ᠴᠡᠴᠡᠭ ᠭᠠᠵᠠᠷ ᠰᠠᠢ ᠦᠭᠡᠢ ᠪᠠᠳᠮᠠᠯᠠᠨ ᠲᠡᠯᠭᠡᠷᠡᠵᠦ᠂ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠦᠯᠢᠭᠡᠷ ᠵᠢᠱ᠌ᠢᠶ᠎ᠡ ᠦᠨᠴᠦᠭ ᠪᠤᠯᠤᠩ ᠦᠭᠡᠢ ᠣᠯᠠᠮᠵᠢᠯᠠᠭᠳᠠᠨ ᠶᠠᠷᠢᠭᠳᠠᠭᠰᠠᠭ᠋ᠠᠷ ᠢᠷᠡᠭᠰᠡᠨ ᠶᠤᠮ᠃ ᠲᠡᠢ᠌ᠮᠦ᠎ᠠᠴᠠ ᠦᠪᠦᠷ ᠮᠣᠩᠭᠤᠯ᠎ᠤᠨ ᠦᠪᠡᠷᠳᠡᠭᠡᠨ ᠵᠠᠰᠠᠬᠤ ᠣᠷᠣᠨ᠎ᠤ ᠲᠡᠣᠬᠡ ᠪᠤᠯ ᠨᠠᠮ᠎ᠤᠨ ᠣᠳᠣᠷᠢᠳᠣᠯᠭ᠎ᠠ ᠲᠤᠤᠷ᠎ᠠ ᠡᠯ᠎ᠡ ᠦᠨᠳᠦᠰᠦᠳᠡᠨ᠎ᠤ ᠠᠷᠠᠳ ᠲᠦᠮᠡᠨ ᠨᠢᠭᠳᠠᠷᠠᠨ  ᠪᠦᠯᠬᠦᠮᠳᠡᠭᠰᠡᠨ ᠭᠡᠷᠡᠯ ᠰᠠᠴᠣᠷᠠᠩᠭᠤᠢ ᠲᠡᠣᠬᠡ ᠮᠦᠨ᠃ ᠦᠨᠳᠦᠰᠦᠳᠡᠨ᠎ᠨᠦᠭᠦᠳ ᠠᠷᠠᠳ ᠲᠦᠮᠡᠨ ᠭᠠᠷ ᠭᠠᠷ ᠵᠶ᠋ᠠᠨ  ᠬᠤᠯᠪᠤᠯᠴᠠᠵᠤ᠂ ᠡᠬᠡ ᠣᠯᠣᠰ᠎ᠲᠠᠢ᠎ᠪᠠᠨ ᠠᠮᠢᠰᠬᠤᠭ᠎ᠠ᠎ᠪᠠᠨ ᠨᠢᠭᠡᠳᠭᠡᠵᠦ᠂ ᠬᠤᠪᠢ ᠵᠠᠶᠠᠭ᠎ᠠ᠎ᠪᠠᠨ ᠬᠠᠮᠳᠣᠳᠬᠠᠭᠰᠠᠨ ᠪᠦᠯᠬᠦᠮᠳᠡᠯ ᠲᠠᠪᠰᠢᠯᠳᠠ ᠵᠢᠨ ᠲᠡᠣᠬᠡ ᠮᠦᠨ᠃ ᠨᠠᠮ᠎ᠤᠨ ᠦᠨᠳᠦᠰᠦᠳᠡᠨ᠎ᠤ ᠲᠦᠷᠦ ᠵᠢᠨ ᠪᠤᠳᠣᠯᠭ᠎ᠠ ᠵᠢ  ᠨᠠᠢ᠌ᠳᠠᠪᠦᠷᠢᠵᠢᠭᠤᠯᠤᠨ ᠬᠡᠷᠡᠭᠵᠢᠬᠦᠯᠵᠦ᠂  ᠪᠦᠳᠦᠭᠡᠯᠴᠢ᠎ᠪᠠᠷ  ᠲᠤᠭᠤᠰᠢᠯᠠᠭᠤᠯᠤᠭᠰᠠᠨ ᠵᠢᠱ᠌ᠢᠶᠡᠴᠢ ᠦᠪᠡᠷᠳᠡᠭᠡᠨ ᠵᠠᠰᠠᠬᠤ ᠣᠷᠣᠨ᠎ᠤ ᠲᠡᠣᠬᠡ ᠮᠦᠨ᠃
     ᠪᠦᠯᠬᠦᠮᠳᠡᠯ ᠪᠤᠯ ᠲᠠᠷᠦᠢ ᠬᠦᠴᠦᠨ ᠮᠦᠨ᠃ ᠦᠨᠳᠦᠰᠦᠳᠡᠨ᠎ᠤ ᠪᠦᠯᠬᠦᠮᠳᠡᠯ᠎ᠤᠨ ᠰᠣᠩᠭᠤᠳᠠᠭ ᠦᠯᠢᠭᠡᠷ᠎ᠨᠢ ᠬᠦᠮᠦᠰ᠎ᠢ ᠨᠦᠯᠦᠭᠡᠯᠡᠵᠦ᠂ ᠬᠦᠮᠦᠰ᠎ᠢ ᠵᠤᠷᠢᠭᠵᠢᠭᠤᠯᠵᠤ᠂ ᠬᠦᠮᠦᠰ᠎ᠢ ᠨᠢᠭᠳᠠᠷᠠᠭᠤᠯᠵᠤ᠂ ᠡᠯ᠎ᠡ ᠦᠨᠳᠦᠰᠦᠳᠡᠨ᠎ᠤ ᠠᠷᠠᠳ ᠲᠦᠮᠡᠨ ᠶᠠᠭ ᠠᠨᠠᠷ᠎ᠤᠨ ᠦᠷ᠎ᠡ ᠰᠢᠭ ᠨᠢᠭᠳᠠᠷᠠᠨ ᠪᠦᠯᠬᠦᠮᠳᠡᠬᠦ ᠵᠢ ᠠᠬᠢᠭᠤᠯᠵᠤ᠂ ᠡᠬᠡ ᠣᠯᠣᠰ᠎ᠤᠨ ᠬᠢᠯᠢ ᠬᠢᠵᠠᠭ᠋ᠠᠷ᠎ᠢ  ᠬᠠᠮᠲᠤ᠎ᠪᠠᠷ ᠰᠠᠬᠢᠨ ᠬᠠᠮᠠᠭ᠋ᠠᠯᠠᠵᠤ᠂ ᠰᠠᠢ᠌ᠨ ᠰᠠᠢ᠌ᠬᠠᠨ ᠠᠮᠢᠳᠣᠷᠠᠯ ᠵᠶ᠋ᠠᠨ ᠬᠠᠮᠲᠤ᠎ᠪᠠᠷ ᠴᠤᠭᠴᠠᠯᠠᠨ ᠪᠠᠢ᠌ᠭᠤᠯᠬᠤ᠎ᠳᠤ ᠣᠶᠣᠨ ᠰᠠᠨᠠᠭ᠋ᠠᠨ᠎ᠤ ᠰᠢᠮ᠎ᠡ ᠲᠡᠵᠢᠭᠡᠯ ᠪᠤᠯᠳᠠᠭ᠃ ᠨᠡᠩ ᠣᠨᠴᠠᠭ᠋ᠠᠢ᠌ᠯᠠᠨ ᠦᠨᠳᠦᠰᠦᠳᠡᠨ᠎ᠤ ᠪᠦᠯᠬᠦᠮᠳᠡᠯ᠎ᠤᠨ ᠰᠣᠩᠭᠤᠳᠠᠭ ᠦᠯᠢᠭᠡᠷ᠎ᠨᠢ  ᠵᠠᠯᠠᠭᠤᠴᠣᠳ ᠪᠠᠭ᠋ᠠᠴᠣᠳ᠎ᠤᠨ ᠵᠠᠩ ᠠᠷᠠᠨᠰᠢᠨ᠎ᠤ ᠰᠢᠯᠢᠳᠡᠭᠵᠢᠯ ᠪᠠ 〈〈  ᠲᠠᠪᠤᠨ ᠲᠠᠨᠢᠯᠲᠠ〉〉 ᠵᠢᠨ ᠪᠦᠷᠢᠯᠳᠦᠨ ᠲᠤᠭᠳᠠᠨᠢᠬᠤ᠎ᠳᠤ ᠲᠤᠩ ᠶᠡᠬᠡ ᠠᠴᠢ ᠬᠤᠯᠪᠤᠭᠳᠠᠯ᠎ᠲᠠᠢ ᠪᠠᠢ᠌ᠳᠠᠭ᠃ ᠪᠢᠳᠡ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠠᠵᠢᠯ᠎ᠢ ᠲᠦᠯᠬᠢᠨ ᠠᠬᠢᠭᠤᠯᠬᠤ᠎ᠳᠤ ᠦᠨᠳᠦᠰᠦᠳᠡᠨ᠎ᠤ ᠪᠦᠯᠬᠦᠮᠳᠡᠯ᠎ᠤᠨ ᠰᠣᠩᠭᠤᠳᠠᠭ ᠦᠯᠢᠭᠡᠷ᠎ᠢ  ᠡᠮᠬᠢᠳᠭᠡᠨ ᠴᠤᠭᠯᠠᠭᠤᠯᠵᠤ᠂ ᠠᠷᠠᠳ ᠣᠯᠠᠨ᠎ᠤ ᠲᠤᠮᠳᠠ᠎ᠠᠴᠠ  ᠠᠭᠤᠳᠠᠯᠤᠨ ᠢᠯᠡᠷᠡᠭᠦᠯᠵᠦ᠂ ᠣᠯᠠᠮᠵᠢᠯᠠᠨ ᠪᠠᠳᠠᠷᠠᠭᠤᠯᠬᠤ ᠬᠡᠷᠡᠭᠳᠡᠢ᠃

      ᠨᠢᠭᠡ᠂ ᠦᠨᠳᠦᠰᠦᠳᠡᠨ᠎ᠤ ᠪᠦᠯᠬᠦᠮᠳᠡᠯ᠎ᠤᠨ ᠰᠣᠩᠭᠤᠳᠠᠭ ᠦᠯᠢᠭᠡᠷ᠎ᠤᠨ ᠣᠮᠠᠷᠠᠳᠣ ᠬᠢᠯᠢ ᠵᠢᠨ ᠦᠵᠡᠮᠵᠢ ᠵᠢᠨ ᠣᠷᠣᠨ᠎ᠢ ᠪᠦᠳᠦᠭᠡᠨ ᠪᠠᠢ᠌ᠭᠤᠯᠬᠤ᠎ᠳᠤ ᠦᠵᠡᠬᠦᠯᠬᠦ ᠦᠢ᠍ᠯᠡᠳᠦᠯ   
       ᠦᠪᠦᠷ ᠮᠤᠩᠭᠤᠯ ᠣᠷᠣᠨ ᠪᠤᠯ ᠮᠠᠨ᠎ᠤ ᠣᠯᠣᠰ᠎ᠤᠨ ᠬᠠᠮᠣᠭ ᠎ᠤᠨ ᠡᠷᠳᠡ ᠪᠠᠢ᠌ᠭᠤᠯᠤᠭᠳᠠᠭᠰᠠᠨ ᠴᠦᠬᠡᠨ ᠲᠤᠭ᠋ᠠᠳᠣ ᠦᠨᠳᠦᠰᠦᠳᠡᠨ᠎ᠤ ᠦᠪᠡᠷᠳᠡᠭᠡᠨ ᠵᠠᠰᠠᠬᠤ ᠣᠷᠣᠨ ᠮᠦᠨ᠃ ᠦᠪᠦᠷ ᠮᠤᠩᠭᠤᠯ᠎ᠤᠨ 118 ᠲᠦᠮᠡᠨ  ᠺᠦᠸᠠᠳ᠋ ᠺᠢᠯᠤᠮᠸᠲᠷ ᠨᠤᠳᠣᠭ ᠲᠡᠪᠢᠰᠭᠡᠷ ᠎ᠲᠤ  55 ᠦᠨᠳᠦᠰᠦᠳᠡᠨ ᠨᠠᠮ᠎ᠤᠨ ᠵᠦᠪ ᠣᠨᠣᠪᠴᠢᠳᠠᠢ ᠣᠳᠣᠷᠢᠳᠣᠯᠭ᠎ᠠ ᠲᠤᠤᠷ᠎ᠠ ᠵᠤᠯ ᠵᠢᠷᠭ᠋ᠠᠯᠳᠣ ᠭᠡᠷ ᠣᠷᠣᠨ ᠵᠶ᠋ᠠᠨ ᠴᠣᠭᠴᠠᠯᠠᠨ ᠪᠠᠢ᠌ᠭᠤᠯᠵᠤ᠂ ᠡᠶ᠎ᠡ ᠨᠠᠢ᠌ᠷᠠᠮᠳᠠᠭᠤ᠎ᠪᠠᠷ ᠠᠵᠤ ᠲᠦᠷᠦᠨ ᠠᠮᠢᠳᠣᠷᠠᠵᠤ ᠪᠠᠢ᠌ᠳᠠᠭ᠃ ᠡᠨᠳᠡ 〈〈ᠠᠷᠠᠳ᠎ᠤᠨ ᠦᠯᠢᠭᠡᠷ ᠵᠢᠱ᠌ᠢᠶᠡᠴᠢ〉〉 ᠲᠠᠯ᠎ᠠ ᠨᠤᠳᠣᠭ᠎ᠤᠨ ᠲᠦᠭᠦᠢ᠌ᠮ᠎ᠡ ᠡᠵᠢ᠂ 〈〈ᠲᠤᠯᠤᠭ᠋ᠠᠨ ᠰᠠᠷ᠎ᠠ ᠵᠢᠨ ᠨᠢᠭᠡᠨ᠎ᠤ ᠭᠠᠪᠢᠶᠠᠨ ᠲᠡᠮᠳᠡᠭ〉〉 ᠬᠦᠷᠳᠡᠭᠴᠢ ᠲᠢᠩ· ᠪᠠᠭ᠋ᠠᠳᠣᠷ ᠵᠡᠷᠭᠡ  ᠦᠨᠳᠦᠰᠦᠳᠡᠨ᠎ᠤ ᠪᠦᠯᠬᠦᠮᠳᠡᠯ᠎ᠤᠨ ᠲᠡᠷᠢᠬᠦᠨ᠎ᠤ  ᠬᠦᠮᠦᠰ ᠴᠤᠯᠭᠤᠷᠠᠨ ᠭᠠᠷᠴᠣ᠂ 〈〈ᠬᠠᠮᠤᠭ᠎ᠤᠨ ᠰᠠᠢ᠌ᠨ ᠮᠠᠯᠵᠢᠯ᠎ᠤᠨ ᠲᠠᠯᠠᠪᠠᠢ᠎ᠪᠠᠨ ᠰᠠᠨᠰᠠᠷ᠎ᠤᠨ ᠦᠢ᠍ᠯᠡᠰ᠎ᠲᠤ  ᠡᠷᠭᠦᠬᠦ〉〉 〈〈  ᠬᠦᠴᠦᠨ ᠵᠶ᠋ᠡᠨ ᠬᠠᠮᠲᠤᠳᠬᠠᠨ  ᠪᠤᠭᠤᠲᠤ ᠵᠢᠨ  ᠪᠣᠯᠤᠳ  ᠲᠡᠮᠦᠷ᠎ᠤᠨ ᠦᠢ᠍ᠯᠡᠳᠪᠦᠷᠢ ᠵᠢ  ᠪᠦᠲᠦᠭᠡᠨ ᠪᠠᠢ᠌ᠭᠤᠯᠬᠤ〉〉 ᠵᠡᠷᠭᠡ ᠣᠯᠠᠨ  ᠲᠡᠣᠬᠡ ᠵᠢᠨ ᠰᠠᠢ᠌ᠨ ᠰᠠᠢ᠌ᠬᠠᠨ ᠰᠣᠩᠭᠤᠳᠠᠭ ᠦᠯᠢᠭᠡᠷ ᠎ᠤᠳ ᠲᠠᠶᠠᠭ᠋ᠠᠷ ᠣᠯᠠᠨ᠎ᠤ ᠲᠤᠮᠳᠠ ᠣᠯᠠᠮᠵᠢᠯᠠᠭᠳᠠᠨ  ᠢᠷᠡᠭᠰᠡᠨ ᠶᠤᠮ᠃
       ᠰᠢᠨ᠎ᠡ ᠴᠠᠭ ᠦᠶ᠎ᠡ᠎ᠳᠤ ᠠᠯᠬᠤᠨ ᠣᠷᠣᠭᠰᠠᠨ᠎ᠤ ᠲᠠᠷᠠᠭ᠎ᠠ᠂ 〈〈ᠵᠢᠱ᠌ᠢᠶᠡᠴᠢ ᠦᠪᠡᠷᠳᠡᠭᠡᠨ ᠵᠠᠰᠠᠬᠤ ᠤᠷᠤᠨ〉〉᠎ᠤ ᠡᠷᠬᠢᠮ ᠲᠡᠭᠡᠳᠦ ᠢᠷᠡᠭᠤ ᠠᠯᠳᠠᠷ ᠵᠶ᠋ᠠᠨ ᠦᠷᠬᠦᠯᠵᠢᠯᠡᠨ ᠰᠠᠢ᠌ᠳᠣᠷ ᠬᠠᠮᠠᠭ᠋ᠠᠯᠠᠵᠤ᠂ ᠰᠠᠬᠢᠨ ᠪᠠᠷᠠᠯᠠᠵᠤ ᠬᠠᠷᠢᠯᠴᠠᠨ  ᠬᠠᠪᠰᠣᠷᠣᠯᠴᠠᠨ᠂ ᠪᠦᠯᠬᠦᠮᠳᠡᠨ ᠲᠡᠮᠡᠴᠡᠵᠦ᠂ ᠡᠬᠡ ᠣᠯᠣᠰ᠎ᠤᠨ ᠣᠮᠠᠷᠠᠳᠣ ᠬᠢᠯᠢ ᠵᠢᠨ ᠦᠨᠳᠦᠰᠦᠳᠡᠨ᠎ᠤ ᠪᠦᠯᠬᠦᠮᠳᠡᠯ᠎ᠤᠨ ᠦᠵᠡᠮᠵᠢ ᠵᠢᠨ ᠣᠷᠣᠨ᠎ᠢ ᠨᠡᠩ ᠦᠵᠡᠰᠬᠦᠯᠡᠩᠳᠦ ᠰᠠᠢ᠌ᠬᠠᠨ ᠪᠤᠯᠭ᠋ᠠᠨ ᠪᠦᠳᠦᠭᠡᠨ ᠪᠠᠢ᠌ᠭᠤᠯᠬᠤ ᠡᠬᠦᠷᠭᠡ ᠬᠠᠷᠢᠭᠤᠴᠠᠯᠭ᠎ᠠ ᠪᠢᠳᠡ ᠪᠦᠬᠦᠨ᠎ᠤ ᠮᠦᠷᠦᠨ ᠲᠡᠭᠡᠷ᠎ᠡ ᠲᠠᠯᠪᠢᠭᠳᠠᠵᠤ ᠪᠤᠢ᠃
       ᠪᠢᠳᠡᠨ᠎ᠤ ᠤᠢ᠌ᠷ᠎ᠠ ᠬᠠᠪᠢ ᠪᠤᠶᠤ ᠲᠠᠨᠢᠯ ᠲᠠᠰᠣᠯ ᠬᠦᠮᠦᠰ᠎ᠤᠨ ᠲᠤᠮᠳᠠ ᠡᠯ᠎ᠡ ᠦᠨᠳᠦᠰᠦᠳᠡᠨ᠎ᠤ ᠵᠠᠯᠠᠭᠤᠴᠣᠳ ᠬᠤᠭᠤᠷᠤᠨᠳᠣ᠎ᠪᠠᠨ ᠣᠷᠣᠭᠯᠠᠵᠤ ᠬᠡᠷ ᠪᠦᠯᠢ ᠪᠠᠢ᠌ᠭᠤᠯᠤᠭᠰᠠᠨ ᠪᠤᠶᠤ ᠬᠠᠮᠳᠣ ᠠᠵᠢᠯᠯᠠᠵᠤ ᠠᠮᠢᠳᠣᠷᠠᠵᠤ ᠪᠠᠢ᠌ᠭ᠎ᠠ ᠦᠯᠢᠭᠡᠷ ᠵᠢᠱ᠌ᠢᠶ᠎ᠡ ᠣᠯᠠᠨ  ᠪᠠᠢ᠌ᠳᠠᠭ᠃ ᠡᠨᠡ᠎ᠨᠢ ᠮᠠᠨ᠎ᠤ ᠡᠯ᠎ᠡ ᠦᠨᠳᠦᠰᠦᠳᠡᠨ᠎ᠤ ᠠᠷᠠᠳ ᠲᠦᠮᠡᠨ ᠨᠢᠭᠡ ᠭᠡᠷ ᠪᠦᠯᠢ ᠰᠢᠭ ᠬᠠᠷᠢᠯᠴᠠᠨ ᠪᠦᠯᠬᠦᠮᠳᠡᠵᠦ᠂ ᠬᠠᠷᠢᠯᠴᠠᠨ ᠬᠠᠪᠰᠣᠷᠣᠯᠴᠠᠨ᠂ ᠬᠠᠷᠢᠯᠴᠠᠨ ᠲᠦᠰᠢᠯᠴᠡᠵᠦ᠂  ᠡᠶ᠎ᠡ ᠨᠠᠢ᠌ᠷᠰᠠᠭ ᠠᠵᠤ ᠲᠦᠷᠦᠨ ᠣᠷᠣᠰᠢᠨ ᠠᠮᠢᠳᠣᠷᠠᠵᠤ ᠵᠣᠯ ᠵᠢᠷᠭ᠋ᠠᠯᠳᠣ ᠠᠮᠢᠳᠣᠷᠠᠯ ᠵᠶ᠋ᠠᠨ ᠴᠣᠭᠴᠠᠯᠠᠨ ᠪᠠᠢ᠌ᠭᠤᠯᠵᠤ ᠪᠣᠢ ᠵᠢᠨ ᠦᠨᠡᠨ ᠪᠤᠳᠠᠳᠣ  ᠵᠢᠷᠣᠭᠯᠠᠯ ᠪᠤᠯᠬᠤ ᠶᠤᠮ᠃
       ᠪᠢᠳᠡ ᠡᠯ᠎ᠡ ᠭᠠᠵᠠᠷ ᠣᠷᠣᠨ᠎ᠤ ᠪᠤᠳᠠᠳᠣ ᠪᠠᠢ᠌ᠳᠠᠯ᠎ᠠᠴᠠ᠎ᠪᠠᠨ ᠡᠬᠦᠰᠴᠦ ᠂ ᠦᠨᠳᠦᠰᠦᠳᠡᠨ᠎ᠤ ᠪᠦᠯᠬᠦᠮᠳᠡᠯ᠎ᠤᠨ ᠣᠯᠣᠰ ᠣᠷᠣᠨ᠎ᠤ ᠲᠡᠷᠢᠬᠦᠨ᠎ᠤ ᠨᠡᠢ᠌ᠳᠡᠯᠢᠭ ᠵᠢᠱ᠌ᠢᠶ᠎ᠡ ᠵᠢ ᠣᠬᠠᠭᠤᠯᠤᠨ ᠰᠣᠷᠳᠠᠯᠴᠢᠯᠠᠬᠤ᠎ᠪᠠᠷ ᠪᠠᠷᠠᠬᠤ ᠦᠭᠡᠢ ᠲᠤᠰ ᠭᠠᠵᠠᠷ ᠣᠷᠣᠨ᠎ᠤ᠎ᠪᠠᠨ ᠠᠷᠠᠳ ᠣᠯᠠᠨ᠎ᠤ ᠲᠤᠮᠳᠠ ᠮᠡᠳᠡᠷᠡᠭᠳᠡᠭᠰᠡᠨ᠂ ᠣᠯᠠᠨ ᠲᠦᠮᠡᠨ᠎ᠤ ᠬᠦᠨᠳᠦᠳᠭᠡᠯ ᠪᠢᠰᠢᠷᠡᠯ᠎ᠢ ᠬᠦᠷᠳᠡᠭᠰᠡᠨ ᠪᠤᠶᠤ ᠵᠢᠱ᠌ᠢᠶᠡᠴᠢ  ᠦᠢ᠍ᠯᠡᠳᠦᠯ᠎ᠲᠠᠢ ᠰᠣᠩᠭᠤᠳᠠᠭ ᠦᠯᠢᠭᠡᠷ ᠵᠶ᠋ᠠᠷ ᠡᠯ᠎ᠡ ᠦᠨᠳᠦᠰᠦᠳᠡᠨ᠎ᠤ ᠠᠷᠠᠳ ᠲᠦᠮᠡᠨ᠎ᠤ ᠦᠵᠡᠯ ᠰᠠᠨᠠᠭ᠎ᠠ ᠪᠤᠶᠤ ᠦᠢ᠍ᠯᠡ ᠠᠵᠢᠯᠯᠠᠭ᠎ᠠ ᠵᠢ ᠲᠠᠭ᠋ᠠᠭᠤᠯᠤᠨ ᠵᠢᠯᠤᠭᠤᠳᠣᠭᠣᠯᠬᠣ ᠬᠡᠷᠡᠭᠳᠡᠢ᠃ ᠡᠬᠦᠨ᠎ᠤ ᠣᠯᠠᠮ᠎ᠠᠴᠠ ᠣᠮᠠᠷᠠᠳᠣ ᠬᠢᠯᠢ ᠵᠢᠨ ᠦᠵᠡᠮᠵᠢ ᠵᠢᠨ ᠣᠷᠣᠨ᠎ᠢ ᠪᠦᠳᠦᠭᠡᠨ ᠪᠠᠢ᠌ᠭᠤᠯᠬᠤ᠎ᠳᠤ ᠦᠨᠳᠦᠰᠦᠳᠡᠨ᠎ᠤ ᠪᠦᠯᠬᠦᠮᠳᠡᠯ᠎ᠤᠨ ᠰᠣᠩᠭᠤᠳᠠᠭ ᠦᠯᠢᠭᠡᠷ᠎ᠤᠨ ᠣᠶᠣᠨ ᠰᠠᠨᠠᠭ᠋ᠠᠨ᠎ᠤ ᠬᠦᠴᠦᠨ ᠵᠢᠳᠬᠦᠯ᠎ᠢ ᠬᠦᠢ᠍ᠴᠡᠳ ᠪᠠᠳᠠᠷᠠᠭᠤᠯᠬᠤ ᠬᠡᠷᠡᠭᠳᠡᠢ᠃
      ᠬᠤᠶᠠᠷ᠂ ᠪᠠᠷᠭᠤ ᠨᠣᠳᠣᠭ ᠵᠶ᠋ᠠᠷ ᠣᠯᠠᠮᠵᠢᠯᠠᠭᠳᠠᠨ  ᠪᠠᠢ᠌ᠭ᠎ᠠ ᠦᠨᠳᠦᠰᠦᠳᠡᠨ᠎ᠤ ᠪᠦᠯᠬᠦᠮᠳᠡᠯ᠎ᠤᠨ ᠰᠢᠨ᠎ᠡ ᠦᠯᠢᠭᠡᠷ
       ᠬᠠᠭᠤᠴᠢᠨ ᠪᠠᠷᠭᠤ ᠬᠤᠰᠢᠭᠤᠨ᠎ᠤ ᠨᠢᠭᠡᠳᠦᠮᠡᠯ ᠹᠷᠦᠨᠲ ᠎ᠤᠨ ᠬᠡᠯᠳᠡᠰ ᠪᠤᠯᠤᠨ ᠬᠤᠰᠢᠭᠤᠨ᠎ᠤ ᠦᠨᠳᠦᠰᠦᠳᠡᠨ᠎ᠤ ᠬᠡᠷᠡᠭ ᠡᠷᠬᠢᠯᠡᠬᠦ ᠵᠦᠪᠯᠡᠯ᠎ᠤᠨ᠎ᠬᠢᠨ ᠡᠬᠡ ᠣᠯᠣᠰ᠎ᠤᠨ ᠣᠮᠠᠷᠠᠳᠣ ᠬᠢᠯᠢ ᠵᠢᠨ ᠦᠨᠳᠦᠰᠦᠳᠡᠨ᠎ᠤ ᠪᠦᠯᠬᠦᠮᠳᠡᠯ᠎ᠤᠨ ᠦᠵᠡᠮᠵᠢ ᠵᠢᠨ ᠣᠷᠣᠨ ᠵᠶ᠋ᠠᠨ ᠨᠡᠩ ᠦᠵᠡᠰᠬᠦᠯᠡᠩᠳᠦ ᠰᠠᠢ᠌ᠬᠠᠨ ᠪᠤᠯᠭ᠋ᠠᠨ ᠪᠦᠳᠦᠭᠡᠨ ᠪᠠᠢ᠌ᠭᠤᠯᠬᠤ ᠵᠢᠨ ᠲᠦᠯᠦᠭᠡ ᠣᠯᠠᠮᠵᠢᠯᠠᠯᠳᠣ ᠰᠣᠶᠣᠯ᠎ᠤᠨ ᠲᠠᠷᠠᠬᠠᠨ ᠦᠪ᠎ᠢ ᠬᠠᠮᠠᠭ᠋ᠠᠯᠠᠬᠤ᠂ ᠠᠭᠤᠳᠠᠯᠬᠤ ᠪᠠ ᠦᠪᠯᠡᠨ ᠵᠠᠯᠭ᠋ᠠᠮᠵᠢᠯᠠᠵᠤ ᠬᠦᠭᠵᠢᠬᠦᠯᠬᠦ᠎ᠪᠠᠷ ᠦᠨᠳᠦᠰᠦᠨ ᠵᠤᠷᠢᠯᠳᠠ ᠎ᠪᠠᠨ ᠪᠤᠯᠭ᠋ᠠᠵᠤ ᠂ ᠲᠤᠰ ᠭᠠᠵᠠᠷ ᠣᠷᠣᠨ᠎ᠤ᠎ᠪᠠᠨ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠰᠣᠩᠭᠤᠳᠠᠭ ᠦᠯᠢᠭᠡᠷ᠎ᠢ ᠡᠮᠬᠢᠯᠡᠨ ᠴᠣᠭᠯᠠᠭᠤᠯᠬᠤ ᠪᠠ ᠬᠦᠭᠵᠢᠬᠦᠯᠦᠨ ᠲᠡᠯᠭᠡᠷᠡᠬᠦᠯᠬᠦ ᠠᠵᠢᠯ᠎ᠢ  ᠬᠦᠨᠳᠦᠳᠭᠡᠨ ᠠᠳᠬᠤᠵᠤ ᠢᠷᠡᠭᠰᠡᠨ ᠶᠤᠮ᠃ ᠬᠡᠳᠦᠨ ᠵᠢᠯ᠎ᠤᠨ ᠴᠣᠴᠠᠯᠳᠠ ᠦᠭᠡᠢ ᠴᠢᠷᠮᠠᠢ᠌ᠯᠭ᠎ᠠ᠎ᠪᠠᠷ ᠂ ᠲᠤᠰ ᠬᠤᠰᠢᠭᠤᠨ᠎ᠤ᠎ᠪᠠᠨ ᠠᠷᠠᠳ ᠣᠯᠠᠨ᠎ᠤ ᠲᠤᠮᠳᠠ ᠬᠦᠷᠢᠶᠡᠯᠡᠭᠳᠡᠵᠦ ᠲᠠᠭ᠋ᠠᠯᠠᠭᠳᠠᠭᠰᠠᠨ ᠣᠯᠠᠨ  ᠰᠢᠯᠢᠳᠡᠭ ᠦᠯᠢᠭᠡᠷ ᠰᠣᠩᠭᠤᠭᠳᠠᠨ ᠭᠠᠷᠣᠭᠰᠠᠨ ᠪᠠᠢ᠌ᠳᠠᠭ᠃ ᠵᠢᠱ᠌ᠢᠶᠡᠯᠡᠪᠡᠯ 〈〈ᠤᠯᠤᠰ᠎ᠤᠨ ᠬᠡᠣᠬᠡᠳ— ᠬᠤᠸᠠᠷ〉〉 〈〈ᠨᠣᠳᠣᠭ᠎ᠲᠤ᠎ᠪᠠᠨ ᠪᠤᠴᠠᠭᠰᠠᠨ ᠠᠯᠳᠠᠨ ᠮᠸᠳᠠᠯ〉〉  〈〈ᠬᠢᠯᠢ ᠵᠢᠨ ᠬᠠᠮᠠᠭ᠋ᠠᠯᠠᠭᠴᠢ ᠪᠠᠭ᠋ᠠᠳᠣᠷᠴᠣᠭᠳᠣ〉〉 ᠵᠡᠷᠭᠡ ᠦᠯᠢᠭᠡᠷ᠎ᠤᠳ᠎ᠨᠢ ᠣᠢ᠌ᠷ᠎ᠠ ᠬᠠᠪᠢ ᠵᠢᠨ ᠦᠨᠡᠨ ᠬᠦᠮᠦᠨ᠂ ᠦᠨᠡᠨ ᠶᠠᠪᠤᠳᠠᠯ᠎ᠢ ᠵᠢᠷᠤᠭᠯᠠᠨ ᠪᠦᠳᠦᠭᠡᠭᠰᠡᠨ ᠵᠶ᠋ᠠᠷ ᠵᠶ᠋ᠠᠨ ᠲᠠᠢ᠌ᠴᠢᠯᠠᠬᠤ ᠬᠦᠴᠦᠨ ᠵᠶ᠋ᠠᠷ ᠴᠢᠩᠭ᠎ᠠ᠂ ᠲᠠᠭᠤᠷᠢᠶᠠᠯ᠎ᠤᠨ ᠦᠢ᠍ᠯᠡᠳᠦᠯ ᠵᠶ᠋ᠠᠷ ᠲᠤᠪᠤᠢ᠌ᠮ᠎ᠠ ᠪᠤᠯᠵᠤ ᠴᠢᠳᠠᠭᠰᠠᠨ ᠪᠦᠭᠡᠳ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠠᠵᠢᠯ᠎ᠳᠤ ᠣᠶᠣᠨ ᠰᠠᠨᠠᠭ᠋ᠠᠨ᠎ᠤ  ᠬᠦᠴᠦᠨ ᠵᠢᠳᠬᠦᠯ ᠵᠶ᠋ᠠᠨ ᠨᠡᠮᠡᠷᠢᠯᠡᠵᠦ ᠪᠠᠢ᠌ᠳᠠᠭ᠃
        1. 〈〈ᠨᠣᠳᠣᠭ᠎ᠲᠤ᠎ᠪᠠᠨ ᠪᠤᠴᠠᠭᠰᠠᠨ ᠠᠯᠳᠠᠨ ᠮᠸᠳᠠᠯ〉〉᠄ ᠡᠨᠡ ᠪᠤᠯ ᠭᠤᠤᠯᠳᠠᠭᠤ ᠲᠡᠭᠡᠷ᠎ᠡ ᠵᠠᠭᠤᠨ᠎ᠤ ᠲᠠᠯᠠᠭ᠋ᠠᠳ ᠣᠨ᠎ᠤ ᠦᠶ᠎ᠡ᠎ᠳᠤ ᠲᠢᠶᠠᠨᠵᠢᠨ᠎ᠤ ᠰᠡᠭᠡᠭᠡᠳᠡᠨ  ᠼᠠᠢ ᠯᠸ ᠮᠢᠩ ᠬᠢᠭᠡᠳ ᠲᠤᠰ ᠬᠤᠰᠢᠭᠤᠨ᠎ᠤ ᠠᠯᠳᠠᠷᠳᠣ ᠪᠦᠬᠡᠴᠢᠨ ᠬᠦᠬᠦᠯᠡ ᠵᠢᠨ ᠬᠤᠷᠤᠭᠤᠨᠳᠣᠬᠢ ᠠᠬ᠎ᠠ ᠲᠡᠬᠦᠦ ᠦᠨᠳᠦᠰᠦᠳᠡᠨ᠎ᠤ ᠨᠦᠬᠦᠷᠯᠡᠯ᠎ᠢ ᠬᠠᠷᠠᠭᠤᠯᠤᠭᠰᠠᠨ ᠰᠣᠩᠭᠤᠳᠠᠭ ᠦᠯᠢᠭᠡᠷ ᠪᠤᠯᠤᠨ᠎ᠠ᠃ ᠬᠦᠬᠦᠯᠡ ᠪᠤᠯ ᠣᠯᠣᠰ᠎ᠤᠨ ᠠᠯᠳᠠᠨ ᠮᠸᠳᠠᠯ ᠬᠦᠷᠳᠡᠭᠰᠡᠨ ᠠᠯᠳᠠᠷᠳᠣ ᠪᠦᠬᠡᠴᠢᠨ᠂ ᠲᠤᠬᠠᠢ ᠵᠢᠨ ᠦᠶ᠎ᠡ᠎ᠳᠤ ᠰᠡᠭᠡᠭᠡᠳᠡᠨ ᠼᠠᠢ ᠯᠸ ᠮᠢᠩ᠎ᠠᠴᠠ ᠬᠤᠷᠢᠭ᠋ᠠᠳ ᠨᠠᠰᠣ ᠠᠬ᠎ᠠ᠂ ᠭᠡᠪᠡᠴᠦ ᠲᠡᠳᠡ ᠬᠤᠶᠠᠷ᠎ᠤᠨ ᠨᠠᠰᠣᠨ᠎ᠤ ᠵᠦᠷᠢᠶ᠎ᠡ᠎ᠨᠢ ᠲᠡᠳᠡᠨ᠎ᠤ ᠶᠠᠪᠤᠯᠴᠠᠭ᠎ᠠ ᠰᠣᠯᠢᠯᠴᠠᠭ᠎ᠠ᠎ᠳᠤ ᠬᠠᠷᠰᠢ ᠪᠤᠯᠣᠭᠰᠠᠨ ᠦᠭᠡᠢ ᠮᠦᠷᠳᠡᠭᠡᠨ ᠲᠠᠢ᠌ᠴᠢᠨ ᠨᠦᠬᠦᠷᠯᠡᠯ᠎ᠤᠨ ᠎ᠬᠢ᠎ᠨᠢ ᠦᠨᠳᠦᠰᠦ ᠪᠤᠯᠤᠭᠰᠠᠨ ᠶᠤᠮ᠃ ᠲᠡᠳᠡ ᠬᠠᠷᠢᠯᠴᠠᠨ ᠮᠤᠩᠭᠤᠯ ᠬᠢᠳᠡᠳ ᠦᠭᠡ ᠬᠡᠯᠡ ᠦᠰᠦᠭ ᠪᠢᠴᠢᠭ ᠰᠣᠷᠬᠣ᠂ ᠮᠠᠯᠵᠢᠯ᠎ᠤᠨ ᠮᠡᠷᠭᠡᠵᠢᠯ ᠰᠣᠷᠬᠣ ᠪᠠ ᠬᠡᠳᠦᠨ ᠣᠳᠠᠭ᠋ᠠᠨ᠎ᠤ ᠬᠠᠳᠠᠭᠤ ᠪᠡᠷᠬᠡ ᠣᠷᠴᠢᠨ᠎ᠳᠤ ᠬᠠᠮᠳᠣ᠎ᠳᠤ᠎ᠪᠠᠨ ᠬᠦᠴᠢᠷ ᠪᠡᠷᠬᠡ ᠵᠢ ᠢᠯᠠᠨ ᠲᠠᠪᠠᠬᠤ ᠶᠠᠪᠤᠴᠠ᠎ᠳᠤ ᠬᠦᠨ ᠵᠤᠵᠠᠭ᠋ᠠᠨ ᠨᠦᠬᠦᠷᠯᠡᠯ ᠪᠠᠢ᠌ᠭᠤᠯᠤᠭᠰᠠᠨ ᠶᠤᠮ᠃ ᠬᠤᠵᠢᠮ᠎ᠨᠢ ᠰᠡᠭᠡᠭᠡᠳᠡᠳ ᠨᠤᠳᠣᠭ᠎ᠲᠤ᠎ᠪᠠᠨ ᠪᠤᠴᠠᠬᠤ ᠪᠤᠯᠣᠭᠰᠠᠨ᠎ᠳᠤ ᠬᠦᠬᠦᠯᠡ ᠦᠪᠡᠷ᠎ᠤᠨ ᠠᠯᠳᠠᠨ ᠮᠸᠳᠠᠯ ᠵᠶ᠋ᠠᠨ ᠼᠠᠢ ᠯᠸ ᠮᠢᠩ᠎ᠳᠤ ᠲᠤᠷᠠᠰᠬᠠᠯ ᠪᠤᠯᠭ᠋ᠠᠵᠤ ᠭᠠᠷᠳᠠᠭᠤᠯᠪᠠ᠃ ᠰᠡᠬᠦᠯᠡᠷ᠎ᠨᠢ ᠬᠦᠬᠦᠯᠡ ᠨᠠᠰᠣ ᠪᠠᠷᠠᠭᠰᠠᠨ ᠠᠵᠠ ᠪᠤᠰᠣ ᠴᠢᠮᠡᠭᠡ ᠵᠢ ᠰᠣᠨᠣᠰᠣᠭᠰᠠᠨ᠎ᠤ ᠲᠠᠷᠠᠭ᠎ᠠ ᠲᠡᠷᠡ ᠠᠯᠣᠰ ᠬᠤᠯᠠ ᠲ᠋ᠢᠶᠠᠨᠵᠢᠨ᠎ᠠᠴᠠ ᠲᠠᠯ᠎ᠠ ᠨᠤᠳᠣᠭ᠎ᠲᠤ ᠪᠤᠴᠠᠨ ᠢᠷᠡᠵᠦ ᠲᠤᠷᠠᠰᠬᠠᠯ ᠪᠤᠯᠭ᠋ᠠᠵᠤ ᠦᠭᠭᠦᠭᠰᠡᠨ ᠠᠯᠳᠠᠨ ᠮᠸᠳᠠᠯ᠎ᠢ᠎ᠨᠢ ᠬᠦᠬᠦᠯᠡ ᠵᠢᠨ ᠤᠮᠪᠤᠯᠤ᠎ᠳᠤ᠎ᠨᠢ ᠭᠠᠷᠳᠠᠭᠤᠯᠤᠭᠰᠠᠨ᠎ᠳᠤ ᠤᠮᠪᠤᠯᠤ᠎ᠨᠢ ᠲᠡᠷᠡ ᠬᠦ᠌ ᠠᠯᠳᠠᠨ ᠮᠸᠳᠠᠯ᠎ᠢ ᠬᠤᠰᠢᠭᠤᠨ᠎ᠤ ᠮᠦᠽᠸᠢ᠎ᠳᠤ ᠬᠠᠳᠠᠭ᠋ᠠᠯᠠᠭᠤᠯᠤᠭᠰᠠᠨ ᠶᠤᠮ᠃ ᠲᠤᠰ ᠠᠯᠳᠠᠨ ᠮᠸᠳᠠᠯ ᠪᠤᠯ  ᠡᠭᠡᠯ ᠵᠢᠷ᠎ᠤᠨ ᠮᠸᠳᠠᠯ ᠪᠢᠰᠢ ᠲᠡᠷᠡ᠎ᠨᠢ ᠭᠠᠩ ᠭᠠᠴᠢᠭ ᠴᠠᠭ ᠦᠶ᠎ᠡ ᠎ᠳᠤ᠎ᠬᠢ ᠠᠬ᠎ᠠ ᠲᠡᠬᠦᠦ ᠦᠨᠳᠦᠰᠦᠳᠡᠨ᠎ᠤ ᠠᠷᠠᠳ ᠲᠦᠮᠡᠨ᠎ᠤ ᠠᠭᠤᠤ ᠶᠡᠬᠡ ᠨᠦᠬᠦᠷᠯᠡᠯ᠎ᠢ ᠲᠦᠯᠦᠭᠡᠯᠡᠵᠦ ᠪᠠᠢ᠌ᠭ᠎ᠠ ᠪᠦᠭᠡᠳ ᠰᠢᠨ᠎ᠡ ᠴᠠᠭ ᠦᠶ᠎ᠡ ᠵᠢᠨ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢ ᠬᠦᠭᠵᠢᠬᠦᠯᠦᠨ ᠪᠠᠳᠠᠷᠠᠭᠤᠯᠬᠤ᠎ᠳᠤ ᠦᠨ᠎ᠡ ᠦᠷᠳᠡᠭ ᠪᠦᠬᠦᠢ ᠲᠤᠷᠠᠰᠬᠠᠯᠳᠣ ᠡᠳ᠋ ᠪᠤᠯᠬᠤ ᠶᠤᠮ᠃
      2.〈〈ᠬᠢᠯᠢ ᠵᠢᠨ ᠬᠠᠮᠠᠭ᠋ᠠᠯᠠᠭᠴᠢ ᠪᠠᠭ᠋ᠠᠳᠣᠷᠴᠣᠭᠳᠣ〉〉᠄ 60 ᠵᠢᠯ᠎ᠤᠨ ᠡᠮᠦᠨ᠎ᠡ᠂ 〈〈ᠭᠤᠷᠪᠠᠨ ᠮᠢᠩᠭ᠋ᠠᠨ ᠦᠨᠦᠴᠢᠨ ᠬᠡᠣᠬᠡᠳ ᠦᠪᠦᠷ ᠮᠤᠩᠭᠤᠯ᠎ᠳᠤ  ᠦᠷᠡᠴᠢᠯᠡᠨ ᠲᠡᠵᠢᠭᠡᠭᠰᠡᠨ〉〉  ᠦᠯᠢᠭᠡᠷ᠎ᠲᠤ ᠭᠠᠵᠠᠷ ᠣᠷᠣᠨ᠂ ᠴᠢᠰᠣᠨ ᠲᠦᠷᠦᠯ ᠪᠠ ᠦᠨᠳᠦᠰᠦᠳᠡᠨ᠎ᠤ ᠲᠡᠣᠬᠡ᠎ᠠᠴᠠ ᠲᠠᠪᠠᠭᠰᠠᠨ ᠰᠠᠢ᠌ᠬᠠᠨ ᠲᠠᠭᠤᠷᠢᠰᠬᠠᠯ᠎ᠢ ᠪᠢᠴᠢᠭᠯᠡᠭᠰᠡᠨ ᠶᠤᠮ᠃ 60 ᠵᠢᠯ᠎ᠤᠨ ᠲᠠᠷᠠᠭ᠋ᠠᠬᠢ ᠦᠨᠦᠳᠦᠷ ᠡᠨᠡ ᠬᠦ᠌ ᠦᠯᠢᠭᠡᠷ᠎ᠢ ᠬᠢᠯᠢ ᠵᠢᠨ ᠬᠠᠮᠠᠭ᠋ᠠᠯᠠᠭᠴᠢ ᠪᠠᠭ᠋ᠠᠳᠣᠷᠴᠣᠭᠳᠣ ᠦᠷᠬᠦᠯᠵᠢᠯᠡᠨ ᠪᠢᠴᠢᠭᠯᠡᠵᠦ ᠶᠠᠪᠤᠨ᠎ᠠ᠃ ᠲᠡᠷᠡ ᠡᠴᠢᠭᠡ ᠡᠬᠡ ᠵᠢᠨ ᠵᠶ᠋ᠠᠨ ᠡᠨᠡᠷᠢᠯ ᠬᠠᠢ᠌ᠷ᠎ᠠ ᠪᠠ ᠲᠠᠯ᠎ᠠ ᠨᠤᠳᠣᠭ᠎ᠤᠨ ᠠᠭᠤᠤ ᠶᠡᠬᠡ ᠵᠢᠨ ᠬᠠᠢ᠌ᠷ᠎ᠠ ᠬᠠᠯᠠᠮᠵᠢ ᠵᠢᠨ ᠬᠠᠷᠢᠭᠤ ᠬᠢᠯᠢ ᠬᠢᠵᠠᠭ᠋ᠠᠷ ᠵᠶ᠋ᠠᠨ ᠰᠠᠬᠢᠨ ᠬᠠᠮᠠᠭ᠋ᠠᠯᠠᠬᠤ ᠬᠦᠨᠳᠦ ᠡᠬᠦᠷᠭᠡ ᠵᠢ ᠡᠬᠦᠷᠭᠡᠯᠡᠵᠦ ᠡᠬᠡ ᠣᠯᠣᠰ ᠪᠠ ᠡᠯᠢᠭᠡᠨ ᠬᠠᠢ᠌ᠷᠠᠳᠣ ᠨᠤᠳᠣᠭ ᠣᠰᠣᠨ᠎ᠳᠤ᠎ᠪᠠᠨ ᠦᠪᠡᠷᠮᠢᠴᠡ ᠬᠡᠯᠪᠡᠷᠢ᠎ᠪᠠᠷ ᠬᠦᠴᠦᠨ ᠵᠢᠳᠬᠦᠯ ᠵᠶ᠋ᠠᠨ ᠡᠷᠬᠦᠵᠦ ᠶᠠᠪᠤᠨ᠎ᠠ᠃
         ᠪᠠᠭ᠋ᠠᠳᠣᠷᠴᠣᠭᠳᠣ ᠵᠢᠨ ᠠᠪᠤ᠎ᠨᠢ ᠴᠢᠷᠮᠠᠢ᠌ᠯᠳᠣ ᠭᠡᠳᠡᠭ᠃ ᠱᠠᠩᠬᠠᠢ᠎ᠠᠴᠠ ᠢᠷᠡᠭᠰᠡᠨ 〈〈ᠣᠯᠣᠰ᠎ᠤᠨ ᠬᠡᠣᠬᠡᠳ〉〉᠎ᠤᠨ ᠨᠢᠭᠡ ᠪᠠᠢ᠌ᠭᠰᠠᠨ ᠪᠦᠭᠡᠳ ᠡᠨᠡ ᠬᠦ᠌ ᠲᠠᠯ᠎ᠠ ᠨᠤᠳᠣᠭ ᠲᠡᠬᠦᠨ᠎ᠢ ᠬᠦᠯᠢᠶᠡᠨ ᠠᠪᠴᠣ ᠦᠰᠭᠡᠨ ᠬᠦᠮᠦᠵᠢᠬᠦᠯᠦᠭᠰᠡᠨ ᠶᠤᠮ᠃ ᠪᠠᠭ᠋ᠠᠳᠣᠷᠴᠣᠭᠳᠣ ᠵᠢᠨ ᠨᠢᠳᠦᠨ᠎ᠳᠤ᠂ ᠠᠪᠤ ᠎ᠨᠢ ᠲᠡᠬᠦᠨ᠎ᠤ ᠲᠠᠭᠤᠷᠢᠶᠠᠯ ᠪᠣᠯᠬᠤ  ᠶᠤᠮ᠃16 ᠵᠢᠯ᠎ᠤᠨ ᠡᠮᠦᠨ᠎ᠡ᠂ ᠪᠠᠭ᠋ᠠᠳᠣᠷᠴᠣᠭᠳᠣ ᠡᠴᠢᠭᠡ ᠵᠢᠨ ᠵᠶ᠋ᠠᠨ ᠭᠠᠷ᠎ᠠᠴᠠ ᠬᠢᠯᠢ ᠬᠢᠵᠠᠭ᠋ᠠᠷ᠎ᠢ ᠴᠠᠭᠳᠠᠬᠤ 〈〈ᠪᠤᠤᠬᠢᠶ᠎ᠠ〉〉 ᠵᠢ ᠲᠤᠰᠴᠣ᠂ ᠢᠷᠡᠭᠤ ᠠᠯᠳᠠᠷᠳᠠᠢ᠎ᠪᠠᠷ  ᠬᠢᠯᠢ ᠵᠢᠨ ᠬᠠᠮᠠᠭ᠋ᠠᠯᠠᠭᠴᠢ  ᠪᠤᠯᠵᠤ᠂ ᠡᠴᠢᠭᠡ᠎ᠲᠠᠢ᠎ᠪᠠᠨ ᠠᠳᠠᠯᠢ᠎ᠪᠠᠷ ᠡᠨᠡ ᠬᠦ᠌ ᠲᠠᠯ᠎ᠠ ᠨᠤᠳᠣᠭ᠎ᠤᠨ ᠠᠴᠢ ᠵᠢ  ᠬᠠᠷᠢᠭᠤᠯᠠᠵᠤ ᠶᠠᠪᠤᠨ᠎ᠠ᠃ ᠲᠡᠷᠡ ᠡᠴᠢᠭᠡ ᠵᠢᠨ ᠵᠶ᠋ᠠᠨ ᠰᠣᠷᠭ᠋ᠠᠯ᠎ᠢ ᠪᠠᠳᠣ ᠴᠡᠭᠡᠵᠢᠯᠡᠵᠦ᠂ ᠨᠤᠳᠣᠭ ᠣᠰᠣ᠎ᠪᠠᠨ ᠰᠠᠬᠢᠨ ᠬᠠᠮᠠᠭ᠋ᠠᠯᠠᠬᠤ᠂ ᠡᠬᠡ ᠤᠯᠤᠰ᠎ᠤᠨ ᠵᠶ᠋ᠠᠨ ᠬᠢᠯᠢ ᠬᠢᠵᠠᠭ᠋ᠠᠷ᠎ᠢ ᠰᠠᠬᠢᠨ ᠬᠠᠮᠠᠭ᠋ᠠᠯᠠᠬᠤ᠂ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢ ᠰᠠᠬᠢᠨ ᠬᠠᠮᠠᠭ᠋ᠠᠯᠠᠬᠤ ᠵᠢ ᠰᠡᠳᠬᠢᠯ ᠵᠢᠷᠦᠬᠡᠨ᠎ᠳᠤ᠎ᠪᠠᠨ ᠬᠦᠨ ᠬᠠᠳᠠᠩᠰᠢᠭᠤᠯᠵᠤ᠂ ᠬᠢᠯᠢ᠎ᠪᠠᠨ ᠰᠠᠬᠢᠵᠤ ᠬᠠᠮᠠᠭ᠋ᠠᠯᠠᠬᠤ ᠦᠢ᠍ᠯᠡᠰ᠎ᠲᠤ ᠪᠤᠳᠠᠳᠣ ᠦᠢ᠍ᠯᠡ ᠠᠵᠢᠯᠠᠭ᠎ᠠ᠎ᠪᠠᠷ ᠦᠢ᠍ᠯᠡᠳᠦᠯᠭᠡᠵᠢᠬᠦᠯᠵᠦ ᠶᠠᠪᠤᠨ᠎ᠠ᠃
       ᠡᠳᠡᠭᠡᠷ ᠦᠨᠳᠦᠰᠦᠳᠡᠨ᠎ᠤ ᠪᠦᠯᠬᠦᠮᠳᠡᠯ᠎ᠤᠨ ᠰᠣᠩᠭᠤᠳᠠᠭ ᠦᠯᠢᠭᠡᠷ ᠎ᠨᠢ ᠡᠯ᠎ᠡ ᠦᠨᠳᠦᠰᠦᠳᠡᠨ᠎ᠤ ᠠᠷᠠᠳ ᠲᠦᠮᠡᠨ᠎ᠤ ᠲᠡᠣᠬᠡᠨ ᠬᠦᠭᠵᠢᠯᠳᠡ ᠵᠢᠨ ᠶᠠᠪᠤᠴᠠ ᠎ᠳᠤ᠎ᠬᠢ ᠶᠠᠪᠤᠯᠴᠠᠭ᠎ᠠ᠂ ᠰᠣᠯᠢᠯᠴᠠᠭ᠎ᠠ᠂ ᠠᠭᠤᠰᠣᠯᠴᠠᠯ ᠎ᠢ  ᠬᠦᠢ᠍ᠴᠡᠳ ᠬᠠᠷᠠᠭᠤᠯᠵᠤ ᠪᠠᠢ᠌ᠳᠠᠭ᠃5000 ᠵᠢᠯ᠎ᠤᠨ ᠲᠤᠮᠳᠠᠳᠣ ᠵᠢᠨ ᠪᠣᠯᠪᠠᠰᠣᠨ ᠲᠡᠣᠬᠡ ᠵᠢ ᠪᠦᠬᠦ ᠲᠤᠮᠳᠠᠳᠣ ᠵᠢᠨ ᠬᠦᠪᠡᠭᠦᠳ ᠦᠬᠢᠳ ᠦᠪᠡᠷ᠎ᠤᠨ ᠠᠮᠢ ᠨᠠᠰᠣ᠂ ᠡᠬᠦᠷᠭᠡ ᠬᠠᠷᠢᠭᠤᠴᠠᠯᠭ᠎ᠠ ᠪᠠ ᠬᠦᠴᠦ ᠬᠦᠯᠦᠰᠦ᠎ᠪᠠᠷ ᠵᠶ᠋ᠠᠨ ᠬᠠᠮᠳᠣ᠎ᠪᠠᠷ ᠪᠢᠴᠢᠭᠯᠡᠭᠰᠡᠨ ᠶᠤᠮ᠃
      ᠰᠢ ᠵᠢᠨ ᠫᠢᠩ ᠶᠡᠷᠦᠩᠬᠡᠢ ᠱᠦᠵᠢ᠎ᠠᠴᠠ ᠲᠤᠮᠳᠠᠳᠣ ᠵᠢᠨ ᠦᠨᠳᠦᠰᠦᠳᠡᠨ᠎ᠤ ᠬᠠᠮᠳᠣ ᠵᠢᠨ ᠴᠣᠭᠴᠠ ᠵᠢᠨ ᠣᠬᠠᠮᠰᠠᠷ᠎ᠢ ᠪᠠᠳᠣᠳᠬᠠᠬᠤ ᠲᠠᠯ᠎ᠠ᠎ᠪᠠᠷ ᠴᠢᠬᠤᠯᠠᠴᠢᠯᠠᠬᠤ᠎ᠳᠤ᠎ᠪᠠᠨ 〈〈ᠮᠠᠨ᠎ᠤ ᠣᠷᠣᠰᠢᠨ ᠠᠮᠢᠳᠣᠷᠠᠵᠤ ᠪᠠᠢ᠌ᠭ᠎ᠠ ᠨᠤᠳᠣᠭ ᠲᠡᠪᠢᠰᠭᠡᠷ᠎ᠢ ᠡᠯ᠎ᠡ ᠦᠨᠳᠦᠰᠦᠳᠡᠨ᠎ᠤ ᠠᠷᠠᠳ ᠲᠦᠮᠡᠨ ᠬᠠᠮᠳᠣ᠎ᠪᠠᠷ ᠨᠡᠭᠡᠭᠡᠭᠰᠡᠨ ᠶᠤᠮ; ᠮᠠᠨ᠎ᠤ ᠦᠨᠢ ᠣᠳᠠᠭ᠋ᠠᠨ ᠲᠡᠣᠬᠡ ᠵᠢ ᠡᠯ᠎ᠡ ᠦᠨᠳᠦᠰᠦᠳᠡᠨ᠎ᠤ ᠠᠷᠠᠳ ᠲᠦᠮᠡᠨ ᠬᠠᠮᠳᠣ᠎ᠪᠠᠷ ᠪᠢᠴᠢᠭᠯᠡᠭᠰᠡᠨ ᠶᠤᠮ; ᠮᠠᠨ᠎ᠤ ᠬᠡᠷᠡᠯ ᠰᠠᠴᠣᠷᠠᠩᠭᠤᠢ ᠰᠤᠶᠤᠯ᠎ᠢ ᠡᠯ᠎ᠡ ᠦᠨᠳᠦᠰᠦᠳᠡᠨ᠎ᠤ ᠠᠷᠠᠳ ᠲᠦᠮᠡᠨ ᠬᠠᠮᠳᠣ᠎ᠪᠠᠷ ᠡᠬᠦᠳᠦᠨ ᠪᠦᠳᠦᠭᠡᠭᠰᠡᠨ ᠶᠤᠮ; ᠮᠠᠨ᠎ᠤ ᠠᠭᠤᠤ ᠶᠡᠬᠡ ᠵᠤᠷᠢᠭ ᠰᠠᠨᠠᠭ᠎ᠠ ᠵᠢ ᠡᠯ᠎ᠡ ᠦᠨᠳᠦᠰᠦᠳᠡᠨ᠎ᠤ ᠠᠷᠠᠳ ᠲᠦᠮᠡᠨ ᠬᠠᠮᠳᠣ᠎ᠪᠠᠷ ᠪᠤᠢ᠌ᠵᠢᠭᠤᠯᠤᠭᠰᠠᠨ ᠶᠤᠮ〉〉 ᠭᠡᠵᠡᠢ᠃
      ᠪᠢᠳᠡ ᠨᠠᠮ᠎ᠤᠨ ᠬᠤᠷᠢᠳᠣᠭ᠋ᠠᠷ ᠶᠡᠬᠡ ᠬᠤᠷᠠᠯ᠎ᠤᠨ ᠵᠤᠷᠢᠭ ᠰᠠᠨᠠᠭ᠎ᠠ ᠵᠢ  ᠲᠤᠭᠤᠰᠢᠯᠠᠭᠤᠯᠤᠨ ᠨᠠᠢ᠌ᠳᠠᠪᠦᠷᠢᠵᠢᠭᠤᠯᠵᠤ᠂ ᠲᠤᠮᠳᠠᠳᠣ ᠣᠯᠣᠰ᠎ᠤᠨ ᠮᠠᠶᠢᠭ᠎ᠤᠨ ᠤᠳᠣᠬᠢᠴᠢᠯᠠᠯᠳᠠ᠎ᠪᠠᠷ ᠲᠤᠮᠳᠠᠳᠣ ᠵᠢᠨ ᠦᠨᠳᠦᠰᠦᠳᠡᠨ᠎ᠤ ᠠᠭᠤᠤ ᠶᠡᠬᠡ ᠰᠡᠷᠬᠦᠨ ᠮᠠᠨᠳᠣᠯᠳᠠ ᠵᠢ ᠪᠡᠶᠡᠯᠡᠬᠦᠯᠵᠦ᠂ ᠨᠡᠢ᠌ᠭᠡᠮ ᠵᠢᠷᠦᠮ᠎ᠤᠨ ᠣᠳᠣᠬᠢᠴᠢᠯᠠᠭᠰᠠᠨ ᠬᠦᠴᠦᠷᠬᠡᠭ ᠣᠯᠣᠰ᠎ᠢ ᠪᠦᠬᠦ ᠲᠠᠯ᠎ᠠ᠎ᠪᠠᠷ ᠪᠦᠳᠦᠭᠡᠨ ᠪᠠᠢ᠌ᠭᠤᠯᠬᠤ᠎ᠳᠤ ᠵᠠᠪᠠᠯ ᠦᠨᠳᠦᠰᠦᠳᠡᠨ᠎ᠤ ᠪᠦᠯᠬᠦᠮᠳᠡᠯ ᠲᠠᠪᠰᠢᠯᠳᠠ ᠵᠢᠨ ᠠᠵᠢᠯ᠎ᠤᠨ ᠴᠢᠬᠤᠯᠠ ᠴᠢᠨᠠᠷ᠎ᠢ ᠬᠦᠢ᠍ᠴᠡᠳ ᠣᠢ᠌ᠯᠠᠭ᠋ᠠᠵᠤ᠂ ᠲᠤᠮᠳᠠᠳᠣ ᠵᠢᠨ ᠦᠨᠳᠦᠰᠦᠳᠡᠨ᠎ᠤ ᠬᠠᠮᠳᠣ ᠵᠢᠨ ᠴᠤᠭᠴᠠ ᠵᠢᠨ ᠣᠬᠠᠮᠰᠠᠷ᠎ᠢ ᠲᠠᠰᠣᠷᠠᠯᠳᠠ ᠦᠭᠡᠢ ᠪᠠᠳᠣᠳᠬᠠᠨ ᠲᠤᠮᠳᠠᠳᠣ ᠵᠢᠨ ᠦᠨᠳᠦᠰᠦᠳᠡᠨ᠎ᠤ ᠬᠡᠷᠡᠯ ᠰᠠᠴᠣᠷᠠᠩᠭᠤᠢ ᠲᠡᠣᠬᠡ ᠵᠢ ᠦᠷᠬᠦᠯᠵᠢᠯᠡᠨ ᠨᠡᠩ ᠬᠦᠢ᠍ᠴᠡᠳ᠂ ᠨᠡᠩ ᠲᠡᠭᠦᠯᠳᠡᠷ᠂ ᠨᠡᠩ ᠠᠮᠵᠢᠯᠳᠠ᠎ᠲᠠᠢ ᠪᠢᠴᠢᠭᠯᠡᠬᠦ ᠬᠡᠷᠡᠭᠳᠡᠢ᠃
   ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠱᠠᠩᠬᠠᠢ ᠰᠦᠵᠸᠦ᠎ᠠᠴᠠ ᠡᠬᠢᠯᠡᠭᠦᠯᠦᠭᠰᠡᠨ 《ᠲᠤᠷᠭ᠋ᠠᠨ᠎ᠤ ᠵᠠᠮ》᠎ᠤᠨ ᠰᠤᠶᠤᠯ᠎ᠤᠨ ᠮᠦᠷᠳᠡᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ 《ᠬᠥᠳᠡᠭᠡ ᠲᠣᠰᠬᠣᠨ᠎ᠢ ᠠᠯᠳᠠᠷᠰᠢᠭᠤᠯᠬᠤ ᠠᠵᠢᠯᠯᠠᠭ᠎ᠠ》᠎ᠪᠠᠷ ᠳᠠᠮᠵᠢᠭᠤᠯᠤᠨ ᠭᠠᠵᠠᠷ᠎ᠤᠨ ᠨᠡᠷᠡᠰ᠎ᠤᠨ ᠰᠣᠶᠣᠯ᠎ᠤᠨ ᠪᠠᠢ᠌ᠭᠤᠯᠤᠯᠲᠠ ᠵᠢ ᠠᠬᠢᠭᠤᠯᠪᠠ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠠᠵᠢᠯᠯᠠᠬᠤ ᠳᠤᠭᠤᠢ᠌ᠯᠠᠩ ᠎ᠤᠨ᠎ᠬᠢᠨ ᠲᠠᠢ᠌ᠹᠤᠰᠸ ᠬᠤᠰᠢᠭᠤᠨ᠎ᠤ ᠨᠠᠰᠤᠲᠠᠨ᠎ᠢ ᠠᠰᠠᠷᠠᠬᠤ ᠬᠦᠷᠢᠶᠡᠯᠡᠩ ᠎ᠤᠨ ᠣᠨᠴᠠ ᠬᠦᠴᠢᠷᠳᠡᠯᠲᠠᠢ ᠨᠠᠰᠤᠲᠠᠨ᠎ᠳᠤ ᠰᠤᠨᠤᠰᠤᠭᠤᠷ ᠲᠠᠭ᠋ᠠᠷᠠᠭᠤᠯᠵᠤ ᠥᠭᠪᠡ
ᠮᠠᠨ᠎ᠤ ᠣᠷᠣᠨ ᠠᠵᠢᠯ ᠠᠯᠳᠠᠭᠰᠠᠳ᠎ᠤᠨ ᠳᠠᠭ᠋ᠠᠳᠬᠠᠯ ᠪᠠ ᠠᠵᠢᠯ᠎ᠠᠴᠠ ᠪᠣᠯᠤᠭᠰᠠᠨ ᠭᠡᠮᠲᠦᠯ᠎ᠤᠨ ᠳᠠᠭ᠋ᠠᠳᠬᠠᠯ᠎ᠤᠨ ᠰᠦᠢ᠍ᠳᠬᠡᠯ᠎ᠤᠨ ᠨᠣᠷᠮ᠎ᠠ ᠵᠢ ᠱᠠᠲᠤᠴᠢ ᠴᠢᠨᠠᠷᠲᠠᠢ᠎ᠪᠠᠷ ᠪᠠᠭᠤᠷᠠᠭᠤᠯᠬᠤ ᠲᠥᠷᠥ ᠵᠢᠨ ᠪᠣᠳᠣᠯᠭ᠎ᠠ ᠵᠢ ᠳᠠᠷᠠᠭ᠎ᠠ ᠵᠢᠯ᠎ᠤᠨ ᠡᠴᠦᠰ ᠪᠣᠯᠲᠠᠯ᠎ᠠ ᠤᠷᠳᠤᠳᠬᠠᠨ᠎ᠠ
ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠤᠯ᠎ᠤᠨ ᠦᠯᠢᠭᠡᠷ ᠎ᠤᠨ ᠰᠢᠨ᠎ᠡ ᠣᠷᠴᠢᠭᠤᠯᠭ᠎ᠠ᠄ ᠰᠢᠳᠢᠳᠦ ᠪᠠᠳᠮᠠᠨ ᠳ᠋ᠸᠡᠭ
 
            