ᠬᠥᠬᠡᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠤ᠎ᠬᠢᠨ 2023 ᠣᠨ᠎ᠤ 8 ᠰᠠᠷ᠎ᠠ ᠵᠢᠨ 24᠎ᠤ ᠡᠳᠦᠷ 《ᠬᠥᠬᠡᠬᠣᠲᠠ ᠵᠢᠨ ᠬᠥᠮᠥᠨ᠎ᠢ ᠲᠠᠳᠠᠨ ᠣᠷᠣᠭᠤᠯᠵᠤ᠂ ᠬᠦᠮᠦᠨ᠎ᠢ ᠦᠯᠡᠳᠡᠭᠡᠬᠦ 18 ᠠᠷᠭ᠎ᠠ ᠵᠢ ᠳᠠᠷᠤᠮᠠᠯᠯᠠᠨ ᠲᠠᠷᠬᠠᠭ᠋ᠠᠬᠤ ᠲᠤᠬᠠᠢ ᠮᠡᠳᠡᠭᠳᠡᠯ》 ( ᠳᠤᠷᠤᠭᠰᠢ 《ᠮᠡᠳᠡᠭᠳᠡᠯ》 ᠭᠡᠵᠦ ᠲᠤᠪᠴᠢᠯᠠᠶ᠎ᠠ)᠎ᠳᠤ 《ᠬᠥᠬᠡᠬᠣᠲᠠ ᠵᠢᠨ ᠡᠷᠦᠬᠡ ᠠᠮᠠ᠎ᠲᠠᠢ ᠬᠣᠶᠠᠷ ᠭᠤᠷᠪᠠᠨ ᠬᠡᠦᠬᠡᠳ ᠠᠪᠤᠭᠰᠠᠨ ᠭᠡᠷ ᠪᠦᠯᠢ᠎ᠳᠤ ᠨᠢᠬᠡ ᠯᠨ ᠤᠳᠠᠭ᠎ᠠ 5000 ᠲᠥᠭᠥᠷᠢᠭ᠎ᠤᠨ ᠬᠡᠦᠬᠡᠳ ᠦᠰᠬᠡᠬᠦ ᠨᠥᠬᠥᠪᠦᠷᠢ ᠣᠯᠭᠣᠨ᠎ᠠ》 ᠭᠡᠵᠤ ᠨᠡᠢ᠌ᠳᠡᠯᠡᠭᠰᠡᠨ ᠪᠠᠢ᠌ᠨ᠎ᠠ᠂ ᠬᠣᠯᠪᠣᠭᠳᠠᠯ ᠪᠦᠬᠦᠢ ᠲᠥᠷᠥ ᠵᠢᠨ ᠪᠣᠳᠣᠯᠭ᠎ᠠ ᠵᠢ ᠲᠠᠢ᠌ᠯᠪᠤᠷᠢᠯᠠᠶ᠎ᠠ᠄
ᠨᠢᠭᠡ᠂᠂ ᠨᠦᠬᠦᠪᠤᠷᠢ ᠵᠢ ᠤᠯᠬᠤ᠎ᠳᠤ ᠪᠦᠷᠢᠯᠳᠤᠬᠦᠯᠬᠦ ᠨᠦᠬᠦᠴᠡᠯ
1. ᠬᠣᠶᠠᠷ ᠪᠤᠶᠤ ᠭᠤᠷᠪᠠᠳᠤᠭ᠋ᠠᠷ ᠬᠡᠦᠬᠡᠳ ᠵᠶ᠋ᠡᠨ 《ᠮᠡᠳᠡᠭᠳᠡᠯ》᠎ᠢ ᠨᠡᠢ᠌ᠲᠡᠯᠡᠭᠳᠡᠭᠰᠡᠨ ᠡᠳᠦᠷ᠎ᠠᠴᠠ ᠰᠡᠭᠦᠯᠡᠷ (2023 ᠣᠨ᠎ᠤ 8 ᠳ᠋ᠤᠭ᠋ᠠᠷ ᠰᠠᠷ᠎ᠠ ᠵᠢᠨ 24᠎ᠤ ᠡᠳᠦᠷ᠎ᠠᠴᠠ ᠡᠬᠢᠯᠡᠨ᠎ᠡ᠂ 2023 ᠣᠨ᠎ᠤ 8 ᠳ᠋ᠤᠭ᠋ᠠᠷ ᠰᠠᠷ᠎ᠠ ᠵᠢᠨ 24᠎ᠤ ᠡᠳᠦᠷ ᠪᠠᠭᠲᠠᠨ᠎ᠠ) ᠬᠦᠡᠭᠭᠡᠵᠢᠭᠰᠡᠨ᠃
2. ᠣᠷᠣᠭ ᠰᠠᠯᠤᠭᠰᠠᠨ ᠪᠤᠶᠤ ᠪᠡᠯᠪᠡᠰᠤᠷᠡᠭᠰᠡᠳ ᠳᠠᠭᠢᠵᠤ ᠬᠤᠷᠢᠮᠯᠠᠭ᠋ᠠᠳ ᠣᠲᠣ ᠵᠢᠨ ᠬᠠᠨᠢ ᠨᠦᠬᠦᠷ᠎ᠲᠠᠢ᠎ᠪᠠᠨ 2 ᠪᠤᠶᠤ 3 ᠬᠡᠦᠬᠡᠳ ᠠᠪᠤᠭᠰᠠᠨ ᠪᠤᠯ ᠡᠨᠡ ᠡᠷ᠎ᠡ ᠡᠮ᠎ᠡ ᠬᠤᠶᠠᠷ᠎ᠠᠴᠠ ᠭᠠᠷᠤᠬᠰᠠᠨ ᠬᠡᠤᠬᠡᠳ᠎ᠢ ᠯᠨ ᠨᠦᠬᠦᠪᠤᠷᠢ ᠦᠭᠭᠦ ᠲᠤᠭ᠋ᠠᠨ᠎ᠳᠤ ᠤᠷᠤᠭᠤᠯᠤᠨ᠎ᠠ᠂ ᠳᠠᠭᠢᠵᠤ ᠬᠤᠷᠢᠮᠯᠠᠬᠰᠠᠨ ᠡᠷ᠎ᠡ ᠡᠮ᠎ᠡ ᠬᠤᠶᠠᠷ᠎ᠤᠨ ᠤᠭ᠎ᠤᠨ ᠬᠠᠨᠢ ᠨᠦᠬᠦᠷ᠎ᠲᠠᠢ᠎ᠪᠠᠨ ᠲᠥᠷᠥᠭᠰᠡᠨ ᠬᠡᠦᠬᠡᠳ᠎ᠢ ᠣᠲᠣ ᠵᠢᠨ ᠭᠡᠷ ᠪᠦᠯᠢ ᠵᠢᠨ ᠬᠡᠦᠬᠡᠳ᠎ᠲᠠᠢ ᠨᠡᠢ᠌ᠯᠡᠬᠦᠯᠵᠤ ᠪᠤᠳᠤᠬᠤ ᠦᠬᠡᠢ᠃
3. ᠤᠤᠭ᠋ᠠᠨ ᠨᠢ ᠵᠦᠢ᠍ᠷᠡᠢ ᠪᠤᠯ ᠬᠣᠶᠠᠷ ᠬᠡᠦᠬᠡᠳ᠎ᠲᠠᠢ ᠭᠡᠷ ᠪᠦᠯᠢ᠎ᠪᠠᠷ ᠪᠤᠳᠤᠵᠤ᠂ ᠤᠤᠭ᠋ᠠᠨ᠎ᠨᠢ 1 ᠪᠥᠭᠡᠳ ᠬᠤᠢ᠌ᠨ᠎ᠠ᠎ᠨᠢ ᠵᠦᠢ᠍ᠷᠡᠢ ᠬᠡᠤᠬᠡᠳ᠎ᠲᠠᠢ ᠪᠤᠯᠪᠠᠯ ᠬᠣᠶᠠᠷ ᠪᠤᠶᠤ ᠭᠤᠷᠪᠠᠨ ᠬᠡᠦᠬᠡᠳ᠎ᠲᠠᠢ ᠭᠡᠷ ᠪᠦᠯᠢ ᠵᠢᠨ ᠪᠠᠷᠢᠮᠵᠢᠶ᠎ᠠ᠎ᠪᠠᠷ ᠨᠦᠬᠦᠪᠤᠷᠢ ᠭᠤᠶᠤᠴᠢᠯᠠᠵᠤ ᠪᠤᠯᠤᠨ᠎ᠠ᠃ ᠤᠤᠭ᠋ᠠᠨ ᠪᠤᠯᠤᠨ ᠬᠤᠶᠠᠳᠤᠭ᠋ᠠᠷ ᠨᠢ ᠴᠦᠮ ᠵᠦᠢ᠍ᠷᠡᠢ ᠪᠤᠯ ᠭᠤᠷᠪᠠᠨ ᠬᠡᠤᠬᠡᠳ᠎ᠲᠠᠢ ᠬᠡᠷ ᠪᠦᠯᠢ ᠵᠢᠨ ᠪᠠᠷᠢᠮᠵᠢᠶ᠎ᠠ᠎ᠪᠠᠷ ᠨᠦᠬᠦᠪᠤᠷᠢ ᠭᠤᠶᠤᠴᠢᠯᠠᠨ᠎ᠠ᠃
4. ᠤᠤᠭ᠋ᠠᠨ ᠨᠢ ᠭᠤᠷᠪᠠᠯᠳᠠᠢ (三胞胎) ᠪᠤᠯ ᠬᠣᠶᠠᠷ ᠪᠤᠶᠤ ᠭᠤᠷᠪᠠᠨ ᠬᠡᠦᠬᠡᠳ᠎ᠲᠠᠢ ᠭᠡᠷ ᠪᠦᠯᠢ ᠵᠢᠨ ᠪᠠᠷᠢᠮᠵᠢᠶ᠎ᠠ᠎ᠪᠠᠷ ᠨᠦᠬᠦᠪᠤᠷᠢ ᠭᠤᠶᠤᠴᠢᠯᠠᠵᠤ ᠪᠤᠯᠤᠨ᠎ᠠ᠃ ᠤᠤᠭ᠋ᠠᠨ ᠨᠢ 1 ᠪᠥᠭᠡᠳ ᠬᠣᠶᠠᠳᠤᠭ᠋ᠠᠷ ᠬᠡᠦᠬᠡᠳ᠎ᠨᠢ ᠭᠤᠷᠪᠠᠯᠳᠠᠢ ᠪᠤᠯ ᠮᠥᠨ ᠬᠣᠶᠠᠷ ᠪᠤᠶᠤ ᠭᠤᠷᠪᠠᠨ ᠬᠡᠤᠬᠡᠳ᠎ᠲᠠᠢ ᠭᠡᠷ ᠪᠦᠯᠢ ᠵᠢᠨ ᠪᠠᠷᠢᠮᠵᠢᠶ᠎ᠠ᠎ᠪᠠᠷ ᠨᠦᠬᠦᠪᠤᠷᠢ ᠭᠤᠶᠤᠴᠢᠯᠠᠨ᠎ᠠ᠃
5. ᠤᠤᠭ᠋ᠠᠨ᠎ᠨᠢ ᠭᠡᠭᠡᠭᠳᠡᠭᠡᠳ ᠬᠣᠶᠠᠳᠤᠭ᠋ᠠᠷ ᠬᠡᠦᠬᠡᠳ᠎ᠲᠠᠢ ᠪᠣᠯᠪᠠᠯ ᠬᠣᠶᠠᠷ ᠬᠡᠦᠬᠡᠳ᠎ᠲᠠᠢ ᠭᠡᠷ ᠪᠦᠯᠢ ᠵᠢᠨ ᠪᠠᠷᠢᠮᠵᠢᠶ᠎ᠠ᠎ᠪᠠᠷ ᠨᠦᠬᠦᠪᠤᠷᠢ ᠭᠤᠶᠤᠴᠢᠯᠠᠨ᠂ ᠭᠤᠷᠪᠠᠳᠤᠭ᠋ᠠᠷ ᠬᠡᠦᠬᠡᠳ᠎ᠲᠠᠢ ᠪᠣᠯᠪᠠᠯ ᠭᠤᠷᠪᠠᠨ ᠬᠡᠦᠬᠡᠳ᠎ᠲᠠᠢ ᠭᠡᠷ ᠪᠦᠯᠢ ᠵᠢᠨ ᠪᠠᠷᠢᠮᠵᠢᠶ᠎ᠠ᠎ᠪᠠᠷ ᠨᠦᠬᠦᠪᠤᠷᠢ ᠭᠤᠶᠤᠴᠢᠯᠠᠨ᠎ᠠ᠃
6. ᠡᠷᠬᠦᠮᠡᠯ ᠬᠡᠦᠬᠡᠳ᠎ᠢ ᠡᠨᠡ ᠬᠦ᠌ ᠨᠦᠬᠦᠪᠤᠷᠢ ᠭᠤᠶᠤᠴᠢᠯᠠᠬᠤ ᠬᠡᠤᠬᠡᠳ᠎ᠤᠨ ᠲᠤᠭ᠋ᠠᠨ᠎ᠳᠤ ᠤᠷᠤᠭᠤᠯᠬᠤ ᠦᠬᠡᠢ᠃
7. ᠡᠷ᠎ᠡ ᠡᠮ᠎ᠡ ᠬᠣᠶᠠᠭᠤᠯᠠ᠎ᠪᠠᠨ ᠬᠦᠬᠡᠬᠤᠳᠠ ᠵᠢᠨ ᠡᠷᠦᠬᠡ ᠠᠮᠠ᠎ᠲᠠᠢ ᠪᠤᠶᠤ ᠶᠠᠳᠠᠵᠤ ᠨᠢᠭᠡ᠎ᠨᠢ ᠬᠦᠬᠡᠬᠤᠳᠠ ᠵᠢᠨ ᠡᠷᠦᠬᠡ ᠠᠮᠠ᠎ᠲᠠᠢ ᠮᠥᠷᠲᠡᠭᠡᠨ ᠬᠡᠦᠬᠡᠳ᠎ᠤᠨ ᠡᠷᠦᠬᠡ ᠠᠮᠠ ᠨᠢ ᠴᠦ᠍ ᠬᠥᠬᠡᠬᠣᠲᠠ ᠵᠢᠨ᠎ᠬᠢ ᠪᠠᠢ᠌ᠬᠤ ᠬᠡᠷᠡᠭᠳᠡᠢ᠃
8. ᠪᠡᠯᠪᠡᠰᠤᠷᠡᠭᠰᠡᠨ ᠪᠤᠶᠤ ᠤᠷᠤᠭ ᠰᠠᠯᠤᠬᠰᠠᠨ ᠪᠤᠯ ᠦᠷ᠎ᠡ ᠬᠡᠦᠬᠡᠳ ᠵᠶ᠋ᠡᠨ ᠠᠰᠠᠷᠠᠨ ᠲᠡᠵᠢᠭᠡᠬᠦ ᠬᠠᠷᠢᠭᠤᠴᠠᠯᠭ᠎ᠠ ᠵᠢ ᠡᠭᠦᠷᠭᠡᠯᠡᠵᠦ ᠪᠠᠢ᠌ᠭ᠎ᠠ ᠪᠥᠭᠡᠳ ᠦᠷ᠎ᠡ ᠬᠡᠦᠬᠡᠳ ᠵᠶ᠋ᠡᠨ ᠪᠣᠳᠠᠲᠠᠢ᠎ᠪᠠᠷ ᠬᠠᠷᠠᠭ᠋ᠠᠯᠵᠠᠵᠤ ᠪᠠᠢ᠌ᠭ᠎ᠠ ᠨᠢᠬᠡᠨ᠎ᠳᠤᠨᠢ ᠨᠦᠬᠦᠪᠤᠷᠢ ᠵᠢ ᠤᠯᠭᠤᠨ᠎ᠠ᠂ ᠤᠷᠤᠭ ᠰᠠᠯᠤᠬᠰᠠᠨ ᠴᠦ᠍ ᠦᠷ᠎ᠡ ᠬᠡᠤᠬᠡᠳ ᠵᠶ᠋ᠡᠨ ᠬᠤᠶᠠᠭᠤᠯᠨ᠎ᠪᠠᠨ ᠲᠤᠰ ᠲᠤᠰᠲᠤᠨᠢ ᠠᠰᠠᠷᠠᠨ ᠲᠡᠵᠢᠭᠡᠬᠦ ᠪᠥᠭᠡᠳ ᠬᠠᠷᠠᠭ᠋ᠠᠯᠵᠠᠵᠤ ᠪᠠᠢ᠌ᠪᠠᠯ ᠨᠢᠭᠡ ᠯᠡ ᠦᠭᠭᠦ ᠬᠡᠦᠬᠡᠳ ᠦᠰᠬᠡᠬᠦ ᠨᠥᠬᠥᠪᠦᠷᠢ ᠵᠢ 50%᠎ᠪᠠᠷ ᠬᠤᠪᠢᠶᠠᠵᠤ ᠦᠭᠬᠦᠨ᠎ᠡ᠃
ᠬᠣᠶᠠᠷ᠂ ᠨᠦᠬᠦᠪᠤᠷᠢ ᠵᠢ ᠬᠡᠷᠬᠢᠨ ᠭᠤᠶᠤᠴᠢᠯᠠᠬᠤ ᠪᠤᠢ
ᠡᠷᠦᠬᠡ ᠠᠮᠠ ᠵᠢᠨ ᠳᠡᠪᠲᠡᠷ᠂ ᠪᠡᠶ᠎ᠡ ᠵᠢᠨ ᠦᠨᠡᠮᠯᠡᠯ᠂ ᠡᠷ᠎ᠡ ᠡᠮ᠎ᠡ ᠬᠣᠶᠠᠭᠤᠯᠠ ᠵᠢᠨ ᠤᠷᠤᠭ᠎ᠤᠨ ᠪᠠᠳᠤᠯᠠᠪᠤᠷᠢ᠂ ᠬᠣᠶᠠᠷ ᠪᠤᠶᠤ ᠭᠤᠷᠪᠠᠨ ᠬᠡᠦᠬᠡᠳ᠎ᠲᠠᠢ ᠪᠤᠯᠤᠬᠰᠠᠨ ᠡᠮᠨᠡᠯᠬᠡ ᠵᠢᠨ᠎ᠬᠢᠨ᠎ᠤ ᠭᠡᠷᠡᠴᠢ ᠵᠡᠷᠭᠡ ᠬᠣᠯᠪᠣᠭᠳᠠᠯ ᠪᠦᠬᠦᠢ ᠮᠠᠲ᠋ᠧᠷᠢᠶᠠᠯ ᠵᠶ᠋ᠠᠨ ᠠᠪᠴᠤ᠂ ᠡᠷ᠎ᠡ ᠡᠮ᠎ᠡ ᠬᠤᠶᠠᠷ᠎ᠤᠨ ᠠᠯᠢ ᠨᠢᠬᠡᠨ᠎ᠤ᠎ᠪᠠᠨ ᠡᠷᠦᠬᠡ ᠠᠮᠠ ᠪᠠᠢ᠌ᠭ᠎ᠠ ᠭᠠᠵᠠᠷ (ᠡᠷᠦᠬᠡ ᠠᠮᠠ ᠵᠢᠨ ᠪᠠᠢ᠌ᠭ᠎ᠠ ᠭᠠᠵᠠᠷ᠎ᠨᠢ ᠬᠥᠬᠡᠬᠣᠲᠠ)᠎ᠤᠨ ᠨᠡᠢ᠌ᠭᠡᠮ ᠲᠣᠭᠣᠷᠢᠭ (ᠲᠣᠰᠬᠣᠨ᠂ ᠰᠠᠭᠤᠭ᠋ᠠᠯᠢ ᠠᠷᠠᠳ᠎ᠤᠨ ᠵᠦᠪᠯᠡᠯ)᠎ᠲᠤ ᠤᠴᠢᠭ᠋ᠠᠳ ᠭᠤᠶᠤᠴᠢᠯᠠᠬᠤ ᠬᠦᠰᠦᠨᠦᠭᠲᠦ ᠵᠢ ᠲᠠᠬᠯᠠᠨ᠎ᠠ᠂ ᠡᠷ᠎ᠡ ᠡᠮ᠎ᠡ ᠬᠤᠶᠠᠭᠤᠯᠨ᠎ᠪᠠᠨ ᠬᠦᠬᠡᠬᠤᠳᠠ ᠵᠢᠨ ᠡᠷᠦᠬᠡ ᠠᠮᠠ᠎ᠲᠠᠢ ᠪᠤᠯᠪᠠᠴᠤ ᠨᠢᠬᠡ ᠭᠠᠵᠠᠷ᠎ᠲᠤ ᠪᠠᠢ᠌ᠬᠤ ᠦᠬᠡᠢ ᠪᠤᠯ ᠨᠢᠬᠡᠨ᠎ᠤ᠎ᠪᠠᠨ ᠡᠷᠤᠬᠡ ᠠᠮᠨ ᠪᠠᠢ᠌ᠭ᠎ᠠ ᠭᠠᠵᠠᠷ᠎ᠠᠴᠠ ᠨᠢᠬᠡ ᠯᠨ ᠦᠭᠭᠦ ᠬᠡᠤᠬᠡᠳ ᠦᠰᠬᠡᠬᠦ ᠨᠦᠬᠦᠪᠤᠷᠢ ᠵᠢ ᠭᠤᠶᠤᠴᠢᠯᠠᠬᠰᠠᠨ ᠦᠬᠡᠢ ᠬᠡᠷᠡᠴᠢ ᠭᠠᠷᠭ᠋ᠠᠯᠭ᠋ᠠᠬᠤ ᠬᠡᠷᠡᠭᠳᠡᠢ᠃ ᠭᠤᠶᠤᠴᠢᠯᠠᠯ᠎ᠢ ᠵᠦᠪᠰᠢᠶᠡᠷᠡᠭᠰᠡᠨ᠎ᠤ ᠳᠠᠷᠠᠭ᠎ᠠ ᠰᠠᠭᠤᠭ᠎ᠠ ᠬᠣᠰᠢᠭᠤ ᠰᠢᠶᠠᠨ ᠲᠣᠭᠣᠷᠢᠭ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ᠎ᠤᠨ᠎ᠬᠢᠨ ᠨᠦᠬᠦᠪᠤᠷᠢ ᠵᠢ ᠳᠠᠷᠠᠭ᠎ᠠ ᠵᠢᠯ᠎ᠳᠤᠨᠢ ᠪᠠᠩᠬᠢ ᠵᠢᠨ ᠺᠠᠷᠲ᠎ᠲᠤ ᠤᠷᠤᠭᠤᠯᠤᠨ᠎ᠠ᠃
ᠭᠤᠷᠪᠠ᠂ ᠨᠦᠬᠦᠪᠤᠷᠢ ᠵᠢ ᠣᠯᠭᠣᠬᠤ ᠪᠠᠷᠢᠮᠵᠢᠶ᠎ᠠ
ᠨᠥᠬᠥᠴᠡᠯ᠎ᠳᠤ ᠨᠡᠢ᠌ᠴᠡᠬᠦ ᠭᠡᠷ ᠪᠦᠯᠢ ᠵᠢᠨ᠎ᠬᠢᠨ᠎ᠤ ᠬᠠᠤᠯᠢ ᠶᠣᠰᠣᠭ᠋ᠠᠷ ᠲᠥᠷᠥᠭᠰᠡᠨ ᠬᠤᠶᠠᠷ ᠪᠤᠶᠤ ᠭᠤᠷᠪᠠᠨ ᠬᠡᠦᠬᠡᠳ᠎ᠲᠤ ᠨᠢᠬᠡ ᠯᠨ ᠲᠡᠬᠡᠷ᠎ᠡ (ᠮᠥᠨ ᠨᠢᠬᠡ ᠯᠨ ᠤᠳᠠᠭ᠎ᠠ) 5000 ᠲᠥᠭᠥᠷᠢᠭ᠎ᠤᠨ ᠨᠥᠬᠥᠪᠦᠷᠢ ᠥᠭᠭᠦᠨ᠎ᠡ᠃ ᠲᠤᠬᠠᠢ ᠵᠢᠨ ᠵᠢᠯ᠎ᠳᠤ᠎ᠪᠠᠨ ᠭᠤᠶᠤᠴᠢᠯᠠᠵᠤ ᠠᠪᠤᠭ᠎ᠠ ᠦᠭᠡᠢ ᠪᠣᠯ ᠳᠠᠷᠠᠭ᠎ᠠ ᠵᠢᠯ᠎ᠨᠢ ᠭᠤᠶᠤᠴᠢᠯᠠᠨ ᠠᠪᠴᠤ ᠪᠣᠯᠣᠨ᠎ᠠ᠃
ᠯᠠᠪᠯᠠᠬᠤ ᠤᠳᠠᠰᠤ᠄
ᠰᠢᠨ᠎ᠡ ᠬᠣᠲᠠ ᠲᠣᠭᠣᠷᠢᠭ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ 0471-6218572
ᠬᠣᠲᠤᠩ ᠠᠷᠠᠳ᠎ᠤᠨ᠎ᠤᠨ ᠲᠣᠭᠣᠷᠢᠭ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ 0471-3820587
ᠢᠤᠢ᠍ᠢ᠍ᠴᠢᠤᠸᠠᠨ ᠲᠣᠭᠣᠷᠢᠭ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ 0471-6590820
ᠰᠠᠢ᠌ᠬᠠᠨ ᠲᠣᠭᠣᠷᠢᠭ᠎ᠤᠨ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ 0471-3121324
ᠲᠦᠮᠡᠳ ᠵᠡᠭᠦᠨ ᠬᠣᠰᠢᠭᠤᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ 0471-8119549
ᠲᠤᠬᠳᠠᠬᠤ ᠰᠢᠶᠠᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ 0471-8514904
ᠬᠤᠷᠢᠨᠬᠡᠷ ᠰᠢᠶᠠᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ 0471-7380885
ᠴᠢᠩ ᠱᠦᠢ ᠾᠸ ᠰᠢᠶᠠᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ 0471-7912043
ᠦᠴᠦᠸᠠᠨ ᠰᠢᠶᠠᠨ᠎ᠤ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠥᠪᠯᠡᠯ 0471-8820568