ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠰᠠᠯᠬᠢᠨ ᠰᠢᠭᠤᠷᠭ᠋ᠠᠨ᠎ᠢ ᠰᠥᠷᠦᠨ ᠮᠢᠩᠭ᠋ᠠᠨ ᠭᠠᠵᠠᠷ ᠠᠶᠠᠯᠠᠵᠤ ᠵᠡᠮᠳᠡᠭᠴᠦᠳ᠎ᠢ ᠲᠤᠰᠠᠯᠠᠨ ᠰᠡᠳᠭᠢᠯ᠎ᠢ᠎ᠨᠢ ᠳᠤᠯᠠᠭ᠋ᠠᠯᠠᠪᠠ
ᠨᠡᠶᠢᠲᠡᠯᠡᠭᠰᠡᠨ ᠴᠠᠭ᠄ 2023-12-28

     ᠶᠡᠬᠡ ᠴᠠᠰᠤ  ᠡᠪᠦᠯ᠎ᠤᠨ ᠬᠥᠰᠢᠭᠡ ᠵᠢ ᠰᠡᠬᠦᠯ᠎ᠡ᠃ ᠵᠡᠮᠳᠡᠭᠴᠦᠳ᠎ᠤᠨ ᠱᠠᠭ᠋ᠠᠷᠳᠠᠯᠭ᠎ᠠ ᠵᠢ ᠦᠨᠡᠨ ᠬᠦ᠌ ᠬᠠᠩᠭ᠋ᠠᠵᠤ᠂ 2023 ᠣᠨ᠎ᠤ 《ᠡᠷᠡᠭᠦᠯᠵᠢᠯ᠎ᠳᠤ ᠲᠤᠰᠠᠯᠠᠬᠤ ᠢᠨᠵᠸᠨ᠋ᠸᠷᠢᠩ》᠎ᠤᠨ ᠬᠢᠮᠡᠯ ᠮᠥᠴᠢ ᠵᠥᠭᠰᠢᠷᠡᠭᠦᠯᠬᠦ ᠪᠠᠭ᠋ᠠᠵᠢ ᠲᠠᠭ᠋ᠠᠷᠠᠭᠤᠯᠬᠤ ᠠᠵᠢᠯ ᠵᠶ᠋ᠠᠨ ᠡᠷᠲᠡᠬᠡᠨ ᠪᠡᠶᠡᠯᠡᠭᠦᠯᠬᠦ ᠵᠢᠨ ᠲᠥᠯᠥᠭᠡ᠂ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ 11 ᠳ᠋ᠣᠭᠡᠷ ᠰᠠᠷ᠎ᠠ ᠵᠢᠨ 10᠎ᠤ ᠡᠳᠦᠷ ᠬᠢᠩᠭ᠋ᠠᠨ ᠠᠢ᠌ᠮᠠᠭ᠎ᠲᠤ ᠠᠵᠢᠯᠯᠠᠬᠤ ᠳᠤᠭᠤᠢ᠌ᠯᠠᠩ ᠲᠣᠮᠢᠯᠠᠵᠤ ᠬᠦᠴᠢᠷᠳᠡᠯᠲᠠᠢ ᠵᠡᠮᠳᠡᠭᠴᠦᠳ᠎ᠲᠤ ᠬᠢᠮᠡᠯ ᠮᠥᠴᠢ ᠵᠥᠭᠰᠢᠷᠡᠭᠦᠯᠬᠦ ᠪᠠᠭ᠋ᠠᠵᠢ ᠬᠦᠷᠭᠡᠨ ᠥᠭᠴᠡᠢ᠃
   《ᠡᠷᠡᠭᠦᠯᠵᠢᠯ᠎ᠳᠤ ᠲᠤᠰᠠᠯᠠᠬᠤ ᠢᠨᠵᠸᠨ᠋ᠸᠷᠢᠩ》᠎ᠢ ᠬᠡᠷᠡᠭᠵᠢᠭᠦᠯᠬᠦ ᠶᠠᠪᠤᠴᠠ᠎ᠳᠤ᠂ ᠬᠢᠩᠭ᠋ᠠᠨ ᠠᠢ᠌ᠮᠠᠭ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ  ᠡᠭᠦᠨ᠎ᠢ ᠳᠡᠭᠡᠳᠦ ᠬᠡᠮᠵᠢᠶ᠎ᠡ᠎ᠪᠠᠷ ᠬᠥᠨᠳᠥᠳᠬᠡᠨ ᠦᠵᠡᠵᠦ᠂ ᠨᠡᠢ᠌ᠭᠡᠮ᠎ᠤᠨ ᠶᠠᠪᠤᠳᠠᠯ᠎ᠤᠨ  ᠰᠠᠯᠠᠭ᠎ᠠ ᠵᠢᠨ᠎ᠬᠢᠨ᠎ᠨᠢ ᠬᠢᠮᠡᠯ ᠮᠥᠴᠢ ᠲᠠᠭ᠋ᠠᠷᠠᠭᠤᠯᠬᠤ ᠡᠭᠦᠷᠭᠡ ᠵᠢ ᠪᠡᠶᠡᠯᠡᠭᠦᠯᠬᠦ᠎ᠳᠤ ᠢᠳᠡᠪᠬᠢᠲᠠᠢ ᠬᠠᠮᠵᠢᠯᠴᠠᠨ᠂ ᠵᠡᠮᠳᠡᠭᠴᠦᠳ᠎ᠤᠨ ᠶᠠᠪᠤᠵᠤ ᠰᠠᠭᠤᠬᠤ ᠠᠰᠠᠭᠤᠳᠠᠯ᠎ᠢ ᠭᠦᠢ᠍ᠴᠡᠳ ᠪᠣᠳᠣᠯᠬᠢᠯᠠᠵᠤ ᠬᠢᠮᠡᠯ ᠮᠥᠴᠢ ᠲᠠᠭ᠋ᠠᠷᠠᠭᠤᠯᠬᠤ ᠭᠠᠵᠠᠷ ᠪᠣᠯᠣᠨ ᠠᠮᠠᠷᠠᠬᠤ ᠭᠠᠵᠠᠷ᠎ᠢ ᠨᠢᠭᠡᠲᠦᠯᠲᠠᠢ ᠳᠣᠬᠢᠷᠠᠭᠤᠯᠵᠤ᠂  ᠵᠡᠮᠳᠡᠭᠴᠦᠳ᠎ᠲᠤ  ᠨᠢᠭᠡᠳ ᠨᠢᠭᠡ᠎ᠪᠠᠷ ᠤᠲᠠᠰᠤ᠎ᠪᠠᠷ ᠮᠡᠳᠡᠭᠳᠡᠵᠦ᠂ ᠠᠩᠬᠠᠷᠬᠤ ᠴᠢᠬᠤᠯᠠ᠎ᠲᠠᠢ ᠵᠦᠢ᠍ᠯᠡᠰ᠎ᠢ ᠰᠠᠢ᠌ᠲᠤᠷ ᠰᠠᠨᠠᠭᠤᠯᠤᠨ᠂ ᠭᠠᠭᠴᠠ ᠬᠦᠮᠦᠨ᠎ᠢ ᠴᠦ᠍ ᠭᠡᠭᠡᠭᠳᠡᠭᠦᠯᠦᠭᠰᠡᠨ ᠦᠭᠡᠢ᠃ ᠲᠡᠷᠡ ᠮᠥᠷᠲᠡᠭᠡᠨ ᠲᠡᠳᠡ ᠰᠦᠯᠵᠢᠶ᠎ᠡ᠂ ᠸᠢᠴᠠᠲ ᠵᠡᠷᠭᠡ ᠰᠢᠨ᠎ᠡ ᠵᠠᠭᠤᠴᠢᠯᠠᠭᠤᠷ ᠵᠶ᠋ᠠᠷ ᠡᠨᠡ ᠬᠦ᠌ ᠠᠵᠢᠯᠯᠠᠭ᠎ᠠ ᠵᠢ ᠬᠦᠴᠦᠯᠡᠨ ᠤᠬᠠᠭᠤᠯᠤᠭᠰᠠᠨ᠎ᠠᠴᠠ  ᠵᠡᠮᠳᠡᠭᠴᠦᠳ᠎ᠢ ᠳᠡᠮᠵᠢᠨ ᠵᠡᠮᠳᠡᠭᠴᠦᠳ᠎ᠢ ᠲᠤᠰᠠᠯᠠᠬᠤ ᠨᠡᠢ᠌ᠭᠡᠮ᠎ᠤᠨ ᠬᠥᠭ ᠠᠮᠢᠰᠬᠤᠯ᠎ᠢ ᠪᠣᠢ ᠪᠣᠯᠭ᠋ᠠᠵᠠᠢ᠃
   ᠼᠦᠢ ᠮᠢᠩ ᠪᠣᠯ ᠨᠢᠭᠡ ᠤᠳᠠᠭ᠋ᠠᠨ᠎ᠤ ᠡᠨᠳᠡᠯ᠎ᠠᠴᠠ  ᠵᠡᠮᠳᠡᠭᠷᠡᠭᠰᠡᠨ ᠶᠤᠮ᠃ ᠲᠡᠷᠡ ᠵᠡᠮᠳᠡᠭᠷᠡᠭᠰᠡᠨ᠎ᠠᠴᠠ ᠰᠡᠭᠦᠯᠡᠷ ᠭᠤᠲᠤᠷᠠᠨ ᠵᠣᠪᠠᠭᠰᠠᠭ᠋ᠠᠷ ᠪᠠᠢ᠌ᠵᠤ ᠦᠭᠡ ᠳᠠᠭᠤ᠎ᠨᠢ ᠴᠥᠬᠡᠷᠡᠵᠤ  ᠢᠲᠡᠭᠡᠯ ᠠᠯᠳᠠᠨ᠂ ᠤᠤᠯ᠎ᠨᠢ ᠪᠠᠶᠠᠰᠤᠩᠭᠤᠢ ᠵᠠᠩ᠎ᠲᠠᠢ ᠪᠠᠢ᠌ᠭᠰᠠᠨ ᠲᠡᠷᠡ᠎ᠪᠠᠷ ᠪᠣᠬᠢᠨᠢᠳᠤᠯ᠎ᠤᠨ ᠭᠦᠨ ᠬᠥᠪ᠎ᠲᠤ ᠤᠨᠠᠵᠠᠢ᠃ ᠬᠢᠮᠡᠯ ᠮᠥᠴᠢ ᠲᠠᠭ᠋ᠠᠷᠠᠭᠤᠯᠵᠤ ᠪᠣᠰᠴᠦ ᠵᠣᠭᠰᠣᠭᠰᠠᠨ᠎ᠤ ᠳᠠᠷᠠᠭ᠎ᠠ ᠼᠦᠢ ᠮᠢᠩ ᠰᠠᠶᠢ ᠰᠡᠳᠬᠢᠯ᠎ᠤᠨ ᠦᠭᠡ᠎ᠪᠠᠨ ᠶᠠᠷᠢᠵᠤ᠂ ᠠᠵᠢᠯᠲᠠᠳ᠎ᠲᠠᠢ ᠵᠣᠭᠣᠭ ᠳᠡᠯᠭᠡᠵᠤ ᠡᠬᠢᠯᠡᠭᠰᠡᠨ ᠶᠤᠮ᠃ 《ᠠᠷᠠᠳ᠎ᠤᠨ ᠶᠠᠪᠤᠳᠠᠯ᠎ᠤᠨ᠎ᠬᠢᠨ ᠨᠠᠳᠠ᠎ᠳᠤ ᠦᠨ᠎ᠡ ᠲᠥᠯᠥᠪᠦᠷᠢ ᠦᠭᠡᠢ᠎ᠪᠠᠷ ᠬᠢᠮᠡᠯ ᠮᠥᠴᠢ ᠲᠠᠭ᠋ᠠᠷᠠᠭᠤᠯᠵᠤ ᠥᠭᠭᠦᠯ᠎ᠡ᠂ ᠰᠢᠨ᠎ᠡ ᠬᠢᠮᠡᠯ ᠮᠥᠴᠢ᠎ᠨᠢ ᠮᠠᠰᠢ ᠬᠥᠩᠭᠡᠨ ᠮᠥᠷᠲᠡᠭᠡᠨ ᠬᠥᠯ᠎ᠳᠤ ᠲᠠᠭ᠋ᠠᠲᠠᠢ᠂ ᠪᠢ ᠳᠠᠬᠢᠨ ᠪᠣᠰᠴᠦ ᠵᠣᠭᠰᠣᠭ᠋ᠠᠳ ᠠᠯᠬᠤᠵᠤ ᠳᠡᠢ᠌ᠯᠤᠭ᠌ᠰᠡᠨ᠂ ᠠᠮᠢᠳᠤᠷᠠᠯ᠎ᠳᠤ᠎ᠪᠠᠨ ᠴᠦ᠍ ᠢᠲᠡᠭᠡᠯ ᠲᠡᠭᠦᠯᠳᠡᠷ ᠪᠣᠯᠣᠯ᠎ᠠ᠂ ᠥᠪᠡᠷ᠎ᠢ᠎ᠪᠠᠨ ᠪᠢ ᠦᠨᠡᠨ ᠬᠦ᠌  ᠡᠷᠡᠭᠦᠯ ᠬᠦᠮᠦᠨ ᠰᠢᠭ ᠶᠠᠪᠤᠵᠤ ᠰᠠᠭᠤᠵᠤ ᠳᠡᠢ᠌ᠯᠦᠨ᠎ᠡ ᠭᠡᠳᠡᠭ᠎ᠲᠤ ᠢᠲᠡᠭᠡᠵᠦ ᠪᠠᠢ᠌ᠨ᠎ᠠ! 》 ᠭᠡᠵᠦ   ᠲᠡᠷᠡ ᠰᠡᠳᠬᠢᠯ ᠳᠣᠭᠳᠣᠯᠣᠨ ᠶᠠᠷᠢᠵᠤ ᠪᠠᠢ᠌ᠯ᠎ᠠ᠃
    ᠲᠣᠰ ᠤᠳᠠᠭ᠋ᠠᠨ᠎ᠤ ᠠᠵᠢᠯᠯᠠᠭ᠎ᠠ᠎ᠨᠢ 5 ᠬᠣᠨᠣᠭ ᠥᠷᠭᠦᠯᠵᠢᠯᠡᠵᠦ᠂ ᠵᠠᠯᠠᠢ᠌ᠳ ᠬᠤᠰᠢᠭᠤ᠂ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ᠂ ᠬᠤᠷᠴᠢᠨ ᠪᠠᠷᠠᠭᠤᠨ ᠭᠠᠷᠤᠨ ᠳᠣᠮᠳᠠᠳᠣ ᠬᠤᠰᠢᠭᠤ᠂ ᠤᠯᠠᠭ᠋ᠠᠨᠬᠣᠲᠠ᠂ ᠷᠠᠰᠢᠶᠠᠨ ᠬᠣᠲᠠ ᠵᠡᠷᠭᠡ 5 ᠬᠤᠰᠢᠭᠤ ᠬᠣᠲᠠ ᠲᠤᠭᠤᠷᠢᠭ᠎ᠲᠤ ᠬᠦᠷᠴᠦ᠂ 4400 ᠭᠠᠷᠤᠢ ᠺᠢᠯᠤᠮᠸᠲᠷ  ᠠᠶᠠᠯᠠᠨ᠂ 25 ᠮᠥᠴᠢ ᠵᠡᠮᠳᠡᠭᠴᠦᠳ᠎ᠲᠤ 27 ᠬᠢᠮᠡᠯ ᠮᠥᠴᠢ ᠵᠥᠭᠰᠢᠷᠡᠭᠦᠯᠬᠦ ᠪᠠᠭ᠋ᠠᠵᠢ ᠲᠠᠭ᠋ᠠᠷᠠᠭᠤᠯᠵᠤ ᠥᠭᠴᠡᠢ᠃
    ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠨᠢ ᠢᠮᠠᠭᠲᠠ ᠵᠡᠮᠳᠡᠭᠴᠦᠳ᠎ᠤᠨ ᠱᠠᠭ᠋ᠠᠷᠳᠠᠯᠭ᠎ᠠ ᠵᠢ ᠬᠠᠩᠭ᠋ᠠᠬᠤ᠎ᠪᠠᠷ ᠵᠣᠷᠢᠯᠲᠠ᠎ᠪᠠᠨ  ᠪᠣᠯᠭ᠋ᠠᠨ᠂ 《ᠡᠷᠡᠭᠦᠯᠵᠢᠯ᠎ᠳᠤ ᠲᠤᠰᠠᠯᠠᠬᠤ ᠢᠨᠵᠸᠨ᠋ᠸᠷᠢᠩ》 ᠎ᠢ ᠬᠡᠷᠡᠭᠵᠢᠭᠦᠯᠬᠦ᠎ᠪᠠᠷ ᠳᠠᠮᠵᠢᠨ᠂ ᠦᠨᠳᠦᠰᠦᠨ ᠵᠦᠢ᠍ᠯ᠎ᠢ ᠪᠠᠲᠤᠯᠠᠬᠤ᠂  ᠠᠪᠤᠷᠠᠬᠤ  ᠴᠢᠬᠤᠯᠠᠲᠠᠢ ᠵᠢ᠎ᠨᠢ ᠴᠢᠳᠠᠬᠤ ᠵᠢᠨ ᠳᠣᠲᠤᠷ᠎ᠠ ᠠᠪᠤᠷᠠᠬᠤ ᠵᠠᠷᠴᠢᠮ᠎ᠢ ᠪᠠᠷᠢᠮᠲᠠᠯᠠᠨ᠂ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠬᠡᠷᠡᠭᠴᠡᠭᠡ ᠪᠦᠬᠦᠢ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠋ᠠᠲᠤ ᠡᠷᠦᠬᠡ᠂ ᠣᠨᠴᠠ ᠬᠦᠴᠢᠷᠳᠡᠯᠲᠠᠢ  ᠳᠣᠣᠷ᠎ᠠ ᠣᠷᠣᠯᠭ᠋ᠠᠲᠣ ᠡᠷᠦᠬᠡ ᠵᠢᠨ ᠵᠡᠮᠳᠡᠭᠴᠦᠳ᠎ᠲᠤ ᠬᠢᠮᠡᠯ ᠮᠥᠴᠢ ᠵᠥᠭᠰᠢᠷᠡᠭᠦᠯᠬᠦ ᠪᠠᠭ᠋ᠠᠵᠢ ᠲᠠᠭ᠋ᠠᠷᠠᠭᠤᠯᠬᠤ ᠦᠢ᠍ᠯᠡᠴᠢᠡᠯᠡᠭᠡ ᠬᠠᠩᠭ᠋ᠠᠵᠤ᠂ ᠵᠡᠮᠳᠡᠭᠴᠦᠳ᠎ᠢ ᠬᠠᠪᠰᠤᠷᠤᠨ ᠠᠮᠢᠳᠤᠷᠠᠯ᠎ᠤᠨ ᠴᠢᠨᠠᠷ ᠴᠢᠨᠰᠠᠭ᠎ᠠ ᠪᠣᠯᠣᠨ ᠠᠵᠢᠯ ᠣᠯᠬᠣ ᠴᠢᠳᠠᠪᠦᠷᠢ ᠵᠢ᠎ᠨᠢ ᠳᠡᠭᠡᠭᠰᠢᠯᠡᠭᠦᠯᠦᠨ᠂ ᠵᠤᠯ ᠵᠢᠷᠭ᠋ᠠᠯᠲᠤ ᠲᠥᠷᠥᠭᠳᠡᠯ ᠪᠣᠯᠣᠨ ᠬᠦᠷᠲᠡᠮᠵᠢ ᠵᠢᠨ ᠲᠥᠷᠥᠭᠳᠡᠯ᠎ᠢ᠎ᠨᠢ   ᠣᠯᠭᠤᠭᠰᠠᠭ᠋ᠠᠷ ᠪᠠᠢ᠌ᠭ᠎ᠠ ᠪᠢᠯᠡ᠃
  ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ᠎ᠤᠨ ᠬᠤᠷᠢᠶ᠎ᠠ
          
ᠬᠠᠮᠢᠶ᠎ᠡ ᠪᠦᠬᠦᠢ ᠰᠣᠨᠢᠨ
ᠤᠷᠠᠨ ᠪᠦᠲᠦᠭᠡᠯ᠎ᠤᠨ ᠮᠢᠨᠢ ᠤᠨᠠᠭ᠋ᠠᠨ ᠪᠠᠭᠤᠴᠠ
ᠬᠥᠬᠡᠬᠣᠲᠠ ᠵᠢᠨ ᠬᠣᠶᠠᠷ ᠪᠤᠶᠤ ᠭᠤᠷᠪᠠᠨ ᠬᠡᠦᠬᠡᠳ ᠠᠪᠤᠭᠰᠠᠨ ᠭᠡᠷ ᠪᠦᠯᠢ᠎ᠳᠤ ᠨᠢᠬᠡ ᠯᠨ ᠤᠳᠠᠭ᠎ᠠ ᠦᠭᠭᠦ ᠬᠡᠦᠬᠡᠳ ᠦᠰᠬᠡᠬᠦ ᠨᠦᠬᠦᠪᠤᠷᠢ ᠵᠢᠨ ᠲᠥᠷᠥ ᠵᠢᠨ ᠪᠣᠳᠣᠯᠭ᠎ᠠ ᠵᠢᠨ ᠲᠤᠬᠠᠢ ᠲᠠᠢ᠌ᠯᠤᠮᠵᠢ
ᠪᠠᠷᠭᠤ ᠨᠣᠳᠣᠭ ᠎ᠲᠤ ᠣᠯᠠᠮᠵᠢᠯᠠᠭᠳᠠᠨ ᠶᠠᠷᠢᠭᠳᠠᠵᠤ ᠪᠠᠢ᠌ᠭ᠎ᠠ ᠦᠨᠳᠦᠰᠦᠳᠡᠨ᠎ᠤ ᠪᠦᠯᠬᠦᠮᠳᠡᠯ᠎ᠤᠨ ᠰᠣᠩᠭᠤᠳᠠᠭ ᠦᠯᠢᠭᠡᠷ
ᠱᠠᠩᠬᠠᠢ ᠰᠦᠵᠸᠦ᠎ᠠᠴᠠ ᠡᠬᠢᠯᠡᠭᠦᠯᠦᠭᠰᠡᠨ 《ᠲᠤᠷᠭ᠋ᠠᠨ᠎ᠤ ᠵᠠᠮ》᠎ᠤᠨ ᠰᠤᠶᠤᠯ᠎ᠤᠨ ᠮᠦᠷᠳᠡᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ 《ᠬᠥᠳᠡᠭᠡ ᠲᠣᠰᠬᠣᠨ᠎ᠢ ᠠᠯᠳᠠᠷᠰᠢᠭᠤᠯᠬᠤ ᠠᠵᠢᠯᠯᠠᠭ᠎ᠠ》᠎ᠪᠠᠷ ᠳᠠᠮᠵᠢᠭᠤᠯᠤᠨ ᠭᠠᠵᠠᠷ᠎ᠤᠨ ᠨᠡᠷᠡᠰ᠎ᠤᠨ ᠰᠣᠶᠣᠯ᠎ᠤᠨ ᠪᠠᠢ᠌ᠭᠤᠯᠤᠯᠲᠠ ᠵᠢ ᠠᠬᠢᠭᠤᠯᠪᠠ
 
            