ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠨᠤᠲᠤᠭ ᠨᠤᠲᠤᠭ᠎ᠤᠨ 《ᠨᠤᠭᠤᠨᠵᠠᠶᠠᠭ᠎ᠠ》
ᠨᠡᠶᠢᠲᠡᠯᠡᠭᠰᠡᠨ ᠴᠠᠭ᠄ 2023-08-21


                                                 ᠴᠢᠦ ᠶᠦᠨ ᠵᠣᠭᠢᠶᠠᠪᠠ

       《ᠯᠤᠤᠬ᠎ᠠ᠎ᠤᠨ ᠭᠣᠣᠯ᠎ᠤᠨ ᠬᠦᠪᠡᠭᠡᠨ᠎ᠳᠤ
      ᠨᠣᠭᠲᠤ᠎ᠪᠠᠨ ᠴᠢᠷᠦᠭᠰᠡᠨ ᠮᠣᠷᠢ ᠡ
      ᠨᠣᠮᠤᠬᠠᠨ ᠵᠠᠩ᠎ᠲᠠᠢ ᠨᠤᠭᠤᠨᠵᠠᠶᠠᠭ᠎ᠠ
      ᠨᠤᠲᠤᠭ᠎ᠠᠴᠠ᠎ᠪᠠᠨ ᠬᠣᠯᠠ ᠵᠠᠶᠠᠭ᠋ᠠᠵᠠᠢ ᠁ 》
     ᠮᠢᠷᠠᠯᠵᠠᠨ ᠤᠷᠤᠰᠬᠤ ᠯᠤᠤᠬ᠎ᠠ ᠵᠢᠨ ᠭᠣᠣᠯ᠎ᠤᠨ ᠬᠦᠪᠡᠭᠡᠨ᠎ᠳᠤ ᠲᠢᠶᠠᠨᠵᠢᠨ ᠬᠣᠲᠠ ᠵᠢᠨ ᠦᠬᠢᠨ ᠵᠠᠩ ᠶᠢᠨ ᠬᠤᠸᠠ 《ᠨᠤᠭᠤᠨᠵᠠᠶᠠᠭ᠎ᠠ》 ᠭᠡᠬᠦ ᠬᠤᠷᠴᠢᠨ ᠠᠷᠠᠳ᠎ᠤᠨ ᠳᠠᠭᠤᠤ ᠵᠢ ᠬᠠᠩᠭᠢᠨᠠᠭᠤᠯᠵᠤ ᠠᠯᠬᠤᠯᠠᠨ᠎ᠠ᠃ ᠭᠣᠣᠯ᠎ᠤᠨ ᠤᠰᠤ ᠲᠤᠩᠭ᠋ᠠᠯᠠᠭ᠎ᠠᠴᠠ ᠲᠤᠩᠭ᠋ᠠᠯᠠᠭ᠃ ᠵᠢᠭ᠋ᠠᠰᠤ ᠵᠢᠷᠠᠭ᠋ᠠᠬᠠᠢ ᠱᠤᠮᠪᠠᠨ ᠲᠣᠭᠯᠠᠭ᠋ᠠᠳ ᠶᠣᠰᠤᠲᠠᠢ ᠭᠤᠶᠤ᠃ ᠲᠡᠷᠡ ᠲᠥᠷᠬᠦᠮ᠎ᠤᠨ ᠨᠤᠲᠤᠭ ᠵᠶ᠋ᠠᠨ ᠰᠠᠨᠠᠭᠰᠠᠭ᠋ᠠᠷ ᠤᠰᠤᠨ᠎ᠤ ᠪᠠᠷ᠎ᠠ ᠬᠠᠢ᠌ᠵᠤ ᠡᠨᠳᠡ ᠢᠷᠡᠳᠡᠭ ᠪᠠᠢ᠌ᠵᠠᠢ᠃ ᠲᠡᠷᠡ 1968 ᠣᠨ᠎ᠳᠤ ᠰᠡᠬᠡᠭᠡᠲᠡᠨ ᠵᠠᠯᠠᠭᠤᠴᠤᠳ ᠬᠦᠳᠡᠭᠡ ᠪᠠᠭᠤᠬᠤ ᠦᠶ᠎ᠡ᠎ᠳᠤ ᠡᠨᠡ ᠨᠤᠲᠤᠭ᠎ᠲᠤ ᠢᠷᠡᠭᠡᠳ ᠲᠠᠪᠢᠨ ᠬᠡᠳᠦᠨ ᠵᠢᠯ᠎ᠤᠨ ᠨᠢᠭᠤᠷ ᠦᠵᠡᠴᠢᠭᠡᠯ᠎ᠡ ᠁ ᠠᠩᠬ᠎ᠠ ᠢᠷᠡᠬᠦ ᠦᠶ᠎ᠡ᠎ᠳᠤ ᠮᠣᠩᠭᠤᠯ ᠦᠭᠡ ᠵᠢ ᠨᠢᠭᠡ ᠴᠦ᠍ ᠲᠦᠬᠦᠭᠡᠷᠡᠬᠦ ᠦᠭᠡᠢ᠂ ᠪᠣᠰᠣᠳ ᠬᠦᠮᠦᠰ ᠮᠣᠩᠭᠤᠯ ᠵᠶ᠋ᠠᠷ ᠵᠣᠭᠣᠭᠳᠠᠪᠠᠯ ᠶᠣᠰᠤᠲᠠᠢ ᠲᠣᠯᠣᠭ᠋ᠠᠢ᠎ᠨᠢ ᠳᠦᠢ᠍ᠷᠡᠳᠡᠭ ᠪᠠᠢ᠌ᠭᠰᠠᠨ ᠶᠤᠮ᠃ ᠭᠡᠪᠡᠴᠦ ᠲᠡᠷᠡ ᠶᠢᠰᠦ ᠶᠢᠰᠦ ᠨᠠᠶᠠᠨ ᠨᠢᠭᠡᠨ ᠳᠠᠪᠠᠭ᠎ᠠ ᠵᠢ ᠲᠤᠭᠤᠯᠵᠤ᠂ ᠣᠳᠤ ᠮᠣᠩᠭᠤᠯ ᠦᠭᠡ ᠵᠢ ᠨᠡᠯᠢᠶᠡᠳ ᠪᠠᠷᠢᠮᠵᠢᠶᠠᠯᠢᠭ ᠮᠥᠷᠲᠡᠭᠡᠨ ᠤᠷᠤᠰᠤᠮ᠎ᠠ ᠬᠡᠯᠡᠵᠦ ᠴᠢᠳᠠᠬᠤ ᠪᠣᠯᠤᠭᠰᠠᠨ᠎ᠨᠢ ᠬᠦᠷᠰᠢ ᠰᠠᠭ᠋ᠠᠬᠠᠯᠲᠠ᠂ ᠠᠢ᠌ᠯ᠎ᠤᠨ ᠬᠦᠮᠦᠰ᠎ᠤᠨ᠎ᠬᠢ᠎ᠨᠢ ᠬᠠᠯᠠᠭᠤᠨ ᠶᠠᠷᠢᠶ᠎ᠠ ᠬᠠᠭᠤᠴᠢ ᠵᠣᠭᠣᠭ᠎ᠤᠨ ᠰᠡᠳᠦᠪ ᠪᠣᠯᠳᠠᠭ ᠪᠠᠢ᠌ᠯ᠎ᠠ ᠁
    ᠵᠠᠩ ᠶᠢᠨ ᠬᠤᠸᠠ ᠮᠣᠩᠭᠤᠯ ᠭᠠᠵᠠᠷ ᠬᠡᠳᠦᠨ ᠵᠢᠯ ᠰᠠᠭᠤᠭ᠋ᠠᠳ ᠠᠰᠪᠤᠷ ᠴᠠᠭ᠋ᠠᠪᠤᠷ᠂ ᠠᠵᠢᠯᠴᠢ ᠬᠦᠳᠡᠯᠮᠦᠷᠢᠴᠢ ᠮᠣᠩᠭᠤᠯᠴᠤᠳ᠎ᠢ ᠦᠨᠡᠨ ᠭᠣᠣᠯ᠎ᠠᠴᠠ᠎ᠪᠠᠨ ᠲᠣᠭᠤᠵᠤ ᠪᠠᠬᠠᠷᠬᠠᠵᠦ᠂ ᠬᠡᠳᠦᠨ ᠵᠢᠯ᠎ᠤᠨ ᠳᠠᠷᠠᠭ᠎ᠠ ᠰᠡᠬᠡᠭᠡᠲᠡᠨ ᠵᠠᠯᠠᠭᠤᠴᠤᠳ ᠨᠤᠲᠤᠭ ᠪᠤᠴᠠᠬᠤ᠎ᠳᠤ ᠵᠠᠩ ᠶᠢᠨ ᠬᠤᠸᠠ ᠶᠠᠪᠤᠭᠰᠠᠨ ᠦᠭᠡᠢ᠂ ᠤᠴᠢᠷ᠎ᠨᠢ ᠲᠡᠷᠡ ᠮᠣᠩᠭᠤᠯ ᠨᠤᠲᠤᠭ᠎ᠠᠴᠠ ᠬᠠᠢ᠌ᠷ᠎ᠠ᠎ᠪᠠᠨ ᠣᠯᠵᠤ ᠠᠢ᠌ᠯ ᠭᠡᠷ ᠪᠤᠰᠬᠠᠭ᠋ᠠᠳ᠂ ᠪᠠᠰᠠ ᠪᠦᠯᠬᠦᠮᠳᠡᠯ ᠭᠡᠬᠦ ᠴᠣᠪᠤᠭᠤ ᠬᠦᠭᠡᠷᠦᠬᠦᠨ ᠬᠦᠦ᠎ᠲᠠᠢ ᠪᠣᠯᠤᠭᠰᠠᠨ ᠪᠠᠢ᠌ᠪᠠ᠃
   ᠮᠣᠩᠭᠤᠯ ᠠᠪᠤ ᠬᠢᠲᠠᠳ ᠡᠵᠢ ᠵᠢᠨ ᠵᠢᠡᠨ ᠨᠥᠯᠥᠭᠡ᠎ᠪᠠᠷ ᠪᠥᠯᠬᠥᠮᠳᠡᠯ ᠬᠠᠷᠠᠬᠠᠨ ᠪᠠᠭ᠎ᠠ᠎ᠠᠴᠠ᠎ᠪᠠᠨ ᠬᠢᠲᠠᠳ ᠮᠣᠩᠭᠣᠯ ᠬᠣᠶᠠᠷ ᠬᠡᠯᠡ᠎ᠪᠠᠷ ᠤᠷᠤᠰᠤᠮ᠎ᠠ  ᠬᠡᠯᠡᠳᠡᠭ ᠮᠦᠷᠲᠡᠭᠡᠨ ᠪᠢᠴᠢᠬᠦ ᠲᠠᠯ᠎ᠠ᠎ᠪᠠᠷ ᠴᠦ᠍ ᠦᠶ᠎ᠡ ᠵᠢᠨ ᠨᠥᠬᠥᠳ᠎ᠠᠴᠠ᠎ᠪᠠᠨ ᠬᠡᠳᠦᠢ᠌ᠳᠦᠭᠰᠡᠨ ᠪᠠᠢ᠌ᠳᠠᠭ᠃ ᠡᠨᠡ ᠳᠠᠪᠠᠭᠤᠯᠢᠭ ᠵᠶ᠋ᠠᠨ ᠠᠰᠢᠭᠯᠠᠨ ᠲᠡᠷᠡ ᠠᠮᠵᠢᠯᠲᠠ᠎ᠲᠠᠢ᠎ᠪᠠᠷ ᠶᠡᠬᠡ ᠰᠤᠷᠭ᠋ᠠᠭᠤᠯᠢ᠎ᠪᠠᠨ ᠲ᠋ᠡᠭᠦᠰᠭᠡᠵᠦ ᠦᠢ᠍ᠯᠡᠳᠪᠦᠷᠢ ᠡᠷᠬᠢᠯᠡᠵᠦ ᠡᠬᠢᠯᠡᠵᠠᠢ᠃ ᠪᠥᠯᠬᠥᠮᠳᠡᠯ ᠭᠣᠣᠯᠳᠠᠭᠤ ᠦᠬᠡᠷ ᠲᠡᠵᠢᠭᠡᠵᠦ ᠦᠬᠡᠷ᠎ᠤᠨ ᠮᠢᠬ᠎ᠠ  ᠪᠣᠯᠣᠨ ᠴᠠᠭ᠋ᠠᠨ ᠢᠳᠡᠭᠡ ᠪᠣᠷᠤᠯᠠᠭᠤᠯᠬᠤ ᠠᠷᠠᠯᠵᠢᠶ᠎ᠠ ᠡᠷᠬᠢᠯᠡᠨ᠎ᠡ᠃ ᠰᠠᠶᠢ ᠡᠬᠢᠯᠡᠩᠭᠦᠲᠡ ᠲᠡᠷᠡ ᠬᠣᠰᠢᠭᠤᠨ ᠎ᠳᠤ᠎ᠪᠠᠨ  ᠪᠣᠷᠤᠯᠠᠭᠤᠯᠵᠤ  ᠪᠠᠢ᠌ᠭᠰᠠᠨ ᠵᠶ᠋ᠠᠨ ᠡᠴᠦᠰ᠎ᠲᠤ᠎ᠪᠠᠨ ᠦᠢ᠍ᠯᠡᠳᠪᠦᠷᠢ᠎ᠨᠢ ᠡᠳᠥᠷ ᠢᠷᠡᠬᠦᠶ᠎ᠡ ᠥᠷᠭᠡᠵᠢᠵᠦ᠂ ᠪᠦᠷ ᠴᠦ᠍ ᠭᠠᠳᠠᠷ ᠮᠣᠵᠢ᠎ᠳᠤ ᠪᠣᠷᠤᠯᠠᠭᠤᠯᠬᠤ᠎ᠪᠠᠷ ᠭᠣᠣᠯᠯᠠᠬᠤ ᠪᠣᠯᠪᠠ᠃
  《ᠠᠲᠠᠷ ᠲᠠᠯ᠎ᠠ᠎ᠪᠠᠷ ᠠᠳᠤᠭᠤ ᠬᠠᠷᠢᠭᠤᠯᠬᠤ᠎ᠳᠤ᠎ᠪᠠᠨ ᠠᠩᠬᠠᠨ᠎ᠤ ᠳᠤᠷᠠᠯᠠᠯ᠎ᠲᠠᠢ᠎ᠪᠠᠨ ᠤᠴᠠᠷᠠᠭᠰᠠᠨ ᠶᠤᠮ ᠭᠡᠳᠡᠭ ᠵᠶ᠋ᠡᠷ ᠪᠥᠯᠬᠥᠮᠳᠡᠯ  ᠦᠢ᠍ᠯᠡᠳᠪᠦᠷᠢ ᠡᠷᠬᠢᠯᠡᠵᠦ ᠶᠠᠪᠤᠴᠠ᠎ᠳᠤ᠎ᠪᠠᠨ ᠬᠠᠢ᠌ᠷ᠎ᠠ ᠳᠤᠷᠠᠯᠠᠯ᠎ᠲᠠᠢ᠎ᠪᠠᠨ ᠤᠴᠠᠷᠠᠪᠠ᠃ ᠲᠡᠷᠡ ᠥᠬᠢᠨ᠎ᠢ  ᠹᠠᠲ᠋ᠦᠨᠠ ᠭᠡᠳᠡᠭ᠃ ᠬᠣᠯᠠ᠎ᠠᠴᠠ ᠬᠠᠷᠠᠬᠤ᠎ᠳᠤ ᠲᠣᠯᠣᠭ᠋ᠠᠢ ᠳᠡᠭᠡᠷᠡᠬᠢ ᠵᠠᠰᠠᠯ᠎ᠤᠨ ᠡᠳ᠋᠎ᠨᠢ ᠲᠠᠨ᠎ᠠ ᠰᠤᠪᠤᠳ ᠰᠢᠭ᠋᠂ ᠪᠡᠶ᠎ᠡ ᠪᠠᠢ᠌ᠳᠠᠯ᠎ᠤᠨ ᠲᠥᠪᠯᠡᠭᠦᠨ᠎ᠢ ᠨᠡᠩ ᠶᠠᠭᠤ ᠬᠡᠯᠡᠬᠦ ᠠᠵᠢ᠃ ᠣᠢ᠌ᠷ᠎ᠠ᠎ᠠᠴᠠ ᠠᠵᠢᠪᠠᠯ ᠤᠳᠠᠨ ᠨᠠᠪᠴᠢᠨ ᠬᠥᠮᠦᠰᠭᠡᠨ ᠳᠣᠣᠷ᠎ᠠ᠎ᠨᠢ ᠮᠤᠢ᠌ᠯ ᠬᠠᠷ᠎ᠠ ᠨᠢᠳᠦ ᠲᠣᠷᠮᠤᠯᠵᠠᠨ᠂ ᠪᠣᠨᠲᠤᠭᠤᠷ ᠤᠯᠠᠭ᠋ᠠᠨ ᠴᠢᠷᠠᠢ᠎ᠨᠢ ᠲᠡᠭᠦᠨ᠎ᠤ ᠴᠣᠭ ᠵᠢᠪᠬᠤᠭ᠎ᠠ ᠵᠢ ᠨᠡᠮᠡᠵᠦ ᠦᠨᠡᠬᠡᠷ ᠲᠡᠭᠷᠢ ᠵᠢᠨ ᠳᠠᠭᠢᠨᠢ ᠰᠢᠭ᠋ ᠭᠣᠶᠤ ᠴᠡᠪᠡᠷᠬᠡᠨ ᠲᠦᠷᠦᠭᠰᠡᠨ ᠬᠡᠥᠬᠡᠨ  ᠪᠢᠯᠡ᠃ ᠪᠥᠯᠬᠦᠮᠳᠡᠯ ᠲᠡᠭᠦᠨ᠎ᠲᠠᠢ  ᠶᠠᠪᠤᠯᠴᠠᠭ᠋ᠠᠳ ᠬᠠᠭ᠋ᠠᠰ ᠵᠢᠯ ᠪᠣᠯᠤᠭᠰᠠᠨ᠎ᠤ ᠳᠠᠷᠠᠭ᠎ᠠ ᠪᠡᠶ᠎ᠡ ᠭᠠᠷᠤᠯ᠎ᠢ᠎ᠨᠢ ᠮᠡᠳᠡᠭᠰᠡᠨ ᠪᠠᠢ᠌ᠨ᠎ᠠ᠃ ᠡᠨᠡ ᠥᠬᠢᠨ ᠬᠣᠲᠤᠩ ᠦᠨᠳᠦᠰᠦᠲᠡᠨ ᠪᠠᠢ᠌ᠵᠦ᠂ ᠡᠪᠦᠭᠡ ᠵᠢᠨ᠎ᠬᠢ᠎ᠨᠢ ᠦᠶ᠎ᠡ᠎ᠳᠤ ᠨᠢᠩᠰᠢᠶᠠ᠎ᠠᠴᠠ ᠨᠠᠢ᠍ᠮᠠᠨ ᠬᠣᠰᠢᠭᠤᠨ ᠎ᠳᠤ ᠨᠡᠭᠦᠵᠦ ᠢᠷᠡᠭᠡᠳ ᠳᠠᠬᠢᠵᠦ ᠬᠠᠷᠢᠭᠰᠠᠨ ᠦᠭᠡᠢ ᠭᠡᠨ᠎ᠡ ᠃ ᠠᠪᠤ᠎ᠨᠢ ᠴᠦ᠍ ᠡᠨᠳᠡ᠎ᠠᠴᠠ ᠬᠢᠲᠠᠳ ᠪᠦᠰᠡᠭᠦᠢ ᠡᠷᠢᠵᠦ ᠭᠡᠷ ᠪᠦᠯᠢ ᠪᠣᠯᠤᠨ ᠰᠠᠭᠤᠵᠠᠢ ᠃
     ᠹᠠᠲ᠋ᠦᠨᠠ ᠨᠢᠭᠡ ᠴᠦ᠍ ᠮᠣᠩᠭᠣᠯ ᠦᠭᠡ ᠬᠡᠯᠡᠵᠦ ᠴᠢᠳᠠᠬᠤ ᠦᠭᠡᠢ ᠲᠤᠯᠠ ᠪᠥᠯᠬᠥᠮᠳᠡᠯ᠎ᠲᠠᠢ ᠶᠠᠪᠤᠯᠴᠠᠵᠦ ᠪᠠᠢ᠌ᠬᠤ ᠦᠶ᠎ᠡ᠎ᠳᠤ ᠪᠥᠯᠬᠥᠮᠳᠡᠯ᠎ᠤᠨ ᠭᠡᠷ᠎ᠲᠤ ᠢᠷᠡᠪᠡᠯ ᠲᠡᠳᠡᠭᠡᠷ ᠣᠯᠠᠨ ᠠᠢ᠌ᠯ᠎ᠤᠨ ᠬᠥᠮᠥᠰ᠎ᠤᠨ ᠬᠠᠯᠠᠭᠤᠨ ᠮᠡᠨᠳᠦᠴᠢᠯᠡᠯ᠎ᠢ ᠵᠥᠪᠬᠡᠨ ᠢᠨᠢᠶᠡᠮᠰᠦᠭᠯᠡᠨ ᠥᠭᠭᠭᠡᠷᠡᠭᠡᠳᠡᠭ ᠭᠡᠨ᠎ᠡ᠃ ᠨᠢᠭᠡᠨ ᠤᠳᠠᠭ᠎ᠠ ᠪᠠᠢ᠌ᠵᠦ ᠪᠢᠯᠡ᠂ ᠠᠢ᠌ᠯ᠎ᠤᠨ᠎ᠬᠢ᠎ᠨᠢ ᠨᠢᠭᠡ ᠨᠠᠰᠦᠲᠠᠨ ᠲᠡᠭᠦᠨ᠎ᠠᠴᠠ《ᠬᠡᠥᠬᠡ ᠡ᠂ ᠭᠡᠷ ᠴᠢᠨᠢ ᠬᠠᠮᠢᠭ᠋ᠠᠬᠢ ᠪᠣᠢ》 ᠭᠡᠰᠡᠨ ᠎ᠳᠤ ᠲᠡᠷᠡ ᠵᠥᠪᠬᠡᠨ ᠡᠪᠦᠭᠡᠨ᠎ᠤ ᠵᠦᠭ ᠢᠴᠢᠮᠡᠲᠡᠭᠡᠢ ᠮᠠᠶᠢᠭ ᠵᠶ᠋ᠠᠷ ᠢᠨᠢᠶᠡᠮᠰᠦᠭᠯᠡᠭᠡᠳ ᠭᠠᠷᠪᠠ᠃ ᠢᠡᠭᠭᠢᠬᠦ᠎ᠳᠤ ᠲᠡᠷᠡ ᠡᠪᠦᠭᠡᠨ  ᠹᠠᠲ᠋ᠦᠨᠠ ᠵᠢ ᠦᠭᠡ ᠬᠡᠯᠡᠵᠦ ᠴᠢᠳᠠᠬᠤ ᠦᠭᠡᠢ ᠤᠤ ᠭᠡᠵᠦ ᠪᠤᠰᠤᠳ᠎ᠠᠴᠠ ᠰᠤᠷᠠᠭᠯᠠᠵᠤ ᠭᠡᠨ᠎ᠡ᠃ ᠡᠨᠡ ᠴᠢᠮᠡᠭᠡ ᠤᠳᠠᠯ ᠦᠭᠡᠢ  ᠹᠠᠲ᠋ᠦᠨᠠ ᠵᠢᠨ ᠴᠢᠬᠢᠨ᠎ᠳᠤ ᠬᠦᠷᠦᠭᠰᠡᠨ᠎ᠳᠤ ᠲᠡᠷᠡ ᠶᠡᠬᠡ ᠯᠡ   ᠢᠴᠢᠵᠦ ᠂ ᠲᠡᠷᠡ ᠮᠣᠩᠭᠣᠯ ᠦᠭᠡ ᠬᠡᠯᠡᠵᠦ ᠰᠤᠷᠬᠤ᠎ᠪᠠᠷ ᠵᠣᠷᠢᠭ ᠰᠢᠭᠤᠳᠤᠭ᠋ᠠᠳ᠂ ᠬᠠᠳᠠᠮ᠎ᠤᠨ ᠭᠠᠵᠠᠷ᠎ᠤᠨ ᠮᠣᠩᠭᠣᠯᠴᠤᠳ ᠳᠠᠭᠤᠳᠠᠬᠤ᠎ᠳᠤ ᠳᠦᠭᠦᠮ᠎ᠢ ᠪᠣᠳᠣᠵᠤ 《  ᠹᠠᠲ᠋ᠦᠨᠠ》 ᠭᠡᠳᠡᠭ ᠬᠣᠲᠣᠩ ᠨᠡᠷ᠎ᠡ᠎ᠪᠠᠨ ᠰᠣᠳᠣᠨ᠎ᠠ ᠭᠡᠬᠦ ᠮᠣᠩᠭᠣᠯ ᠨᠡᠷ᠎ᠡ᠎ᠪᠠᠷ ᠬᠠᠯᠠᠪᠠ᠃
    ᠰᠣᠳᠤᠨ᠎ᠠ 《ᠠ᠂ ᠡ᠂ ᠢ》᠎ᠠᠴᠠ ᠡᠬᠢᠯᠡᠨ ᠰᠤᠷᠴᠦ ᠂ ᠳᠠᠩᠳᠠ ᠪᠥᠯᠬᠥᠮᠳᠡᠯ᠎ᠠᠴᠠ ᠡᠭᠦᠨ᠎ᠢ ᠮᠣᠩᠭᠣᠯ ᠵᠶ᠋ᠠᠷ ᠶᠠᠭ᠋ᠠᠬᠢᠵᠦ ᠬᠡᠯᠡᠬᠦ ᠪᠣᠢ᠂ ᠮᠢᠨᠦ ᠬᠡᠯᠡᠵᠦ ᠪᠠᠢ᠌ᠬᠤ ᠵᠥᠪ ᠤᠤ ᠭᠡᠬᠦ ᠵᠡᠷᠭᠡ᠎ᠪᠠᠷ ᠠᠰᠠᠭᠤᠳᠠᠭ᠃ ᠵᠠᠷᠢᠮ ᠦᠶ᠎ᠡ᠎ᠳᠤ ᠤᠤᠡᠬ᠎ᠠ ᠵᠢ᠎ᠨᠢ ᠲᠦᠬᠦᠭᠡᠷᠡᠬᠦ ᠦᠭᠡᠢ ᠪᠣᠶᠤ ᠬᠡᠯᠡᠬᠦ᠎ᠳᠤ ᠬᠦᠴᠢᠷᠳᠡᠯᠲᠠᠢ ᠦᠭᠡᠰ ᠲᠣᠬᠢᠶᠠᠯᠳᠤᠪᠠᠯ ᠲᠡᠭᠦᠨ᠎ᠤ ᠪᠣᠨᠲᠤᠭᠤᠷ ᠴᠢᠷᠠᠢ᠎ᠨᠢ ᠠᠯᠮᠤᠷᠠᠳ᠎ᠠᠴᠠ ᠢᠯᠡᠭᠦᠦ ᠤᠯᠠᠭ᠋ᠠᠨ ᠪᠣᠯᠵᠦ᠂ ᠨᠢᠳᠦ᠎ᠪᠠᠨ ᠠᠶᠠᠷᠬᠠᠨ ᠬᠡᠳᠦ ᠴᠠᠪᠴᠢᠨ᠂ ᠠᠮᠠ᠎ᠪᠠᠨ ᠵᠢᠭ᠋ᠠᠬᠠᠨ ᠠᠡᠭᠭ᠋ᠠᠢ᠌ᠯᠭ᠋ᠠᠵᠦ ᠬᠡᠯᠡᠬᠦ᠎ᠪᠠᠷ ᠲᠣᠷᠰᠢᠬᠤ ᠪᠣᠯᠪᠠᠴᠦ ᠡᠴᠦᠰ᠎ᠲᠤ᠎ᠪᠠᠨ ᠠᠮᠠᠨ᠎ᠠᠴᠠ᠎ᠨᠢ ᠵᠥᠪᠬᠡᠨ 《ᠶᠠᠭᠤ》 ᠭᠡᠬᠦ ᠠᠶᠠᠷᠬᠠᠨ ᠳᠠᠭᠤ ᠰᠣᠨᠤᠰᠲᠠᠵᠦ᠂ ᠲᠤᠩ ᠬᠥᠭᠡᠷᠦᠬᠦᠢ᠌ᠯᠡᠲᠠᠢ ᠪᠠᠢ᠌ᠳᠠᠭ᠃ ᠡᠨᠡ ᠦᠶ᠎ᠡ᠎ᠳᠤ ᠪᠥᠯᠬᠥᠮᠳᠡᠯ ᠢᠨᠢᠶᠡᠮᠰᠦᠭᠯᠡᠨ ᠲᠡᠭᠦᠨ᠎ᠳᠤ ᠨᠢᠭᠡ ᠨᠢᠭᠡ ᠠᠪᠢᠶ᠎ᠠ᠎ᠪᠠᠷ ᠵᠢᠭ᠋ᠠᠵᠦ ᠥᠭᠳᠡᠭ᠃《ᠴᠢᠷᠮᠠᠢ᠌ᠯᠭ᠎ᠠ ᠬᠦᠮᠦᠨ᠎ᠢ ᠭᠣᠮᠤᠳᠠᠭ᠋ᠠᠬᠤ ᠦᠭᠡᠢ》ᠭᠡᠳᠡᠭ ᠵᠶ᠋ᠡᠷ ᠰᠣᠳᠤᠨ᠎ᠠ ᠬᠡᠳᠦᠨ ᠵᠢᠯ᠎ᠤᠨ ᠰᠢᠷᠭ᠋ᠠᠭᠤ ᠴᠢᠷᠮᠠᠢ᠌ᠯᠭ᠎ᠠ᠎ᠪᠠᠷ  ᠮᠣᠩᠭᠣᠯ ᠦᠭᠡ ᠵᠢ ᠮᠣᠩᠭᠣᠯ ᠬᠦᠮᠦᠨ᠎ᠠᠴᠠ ᠴᠦ᠍  ᠳᠣᠤᠷ᠎ᠠ ᠦᠭᠡᠢ ᠤᠷᠤᠰᠤᠮ᠎ᠠ ᠲᠣᠳᠤ ᠬᠡᠯᠡᠵᠦ ᠴᠢᠳᠠᠬᠤ ᠪᠣᠯᠵᠠᠢ᠃
    ᠪᠥᠯᠬᠦᠮᠳᠡᠯ ᠰᠣᠳᠣᠨ ᠬᠣᠶᠠᠭᠤᠯᠠ ᠭᠤᠷᠪᠠᠨ ᠵᠢᠯ᠎ᠤᠨ ᠳᠠᠷᠠᠭ᠎ᠠ ᠭᠡᠷᠯᠡᠪᠡ᠃ ᠪᠥᠯᠬᠦᠮᠳᠡᠯ᠎ᠤᠨ ᠠᠮᠢᠳᠤᠷᠠᠯ᠎ᠨᠢ ᠲᠤᠩ ᠴᠦ᠍ ᠵᠢᠷᠭ᠋ᠠᠯᠲᠠᠢ ᠪᠠᠢ᠌ᠬᠤ᠎ᠳᠤ ᠠᠵᠢᠯ ᠦᠢ᠍ᠯᠡᠰ᠎ᠨᠢ ᠴᠦ᠍ ᠲᠤᠩ ᠤᠷᠤᠭᠰᠢᠲᠠᠢ ᠠᠮᠵᠢᠯᠲᠠ᠎ᠲᠠᠢ ᠪᠠᠢ᠌ᠯ᠎ᠠ᠃ ᠲᠡᠭᠦᠨ᠎ᠤ ᠬᠤᠳᠠᠯᠳᠤᠳᠠᠭ ᠪᠠᠷᠠᠭ᠎ᠠ᠎ᠨᠢ ᠰᠠᠢ᠌ᠨ ᠪᠣᠯᠬᠣᠷ ᠭᠠᠳᠠᠷ ᠮᠣᠵᠢ ᠵᠢᠨ᠎ᠬᠢᠨ ᠪᠤᠯᠢᠶᠠᠯᠳᠤᠨ ᠠᠪᠴᠦ᠂ ᠪᠥᠯᠬᠦᠮᠳᠡᠯ ᠵᠢᠨ ᠦᠢ᠍ᠯᠡᠳᠪᠦᠷᠢ᠎ᠨᠢ ᠲᠡᠳᠡᠨ᠎ᠤ ᠬᠡᠷᠡᠭᠴᠡᠭᠡ ᠵᠢ ᠬᠠᠩᠭ᠋ᠠᠵᠦ ᠳᠡᠢ᠌ᠯᠬᠦ ᠦᠭᠡᠢ ᠪᠣᠯᠣᠭᠰᠠᠨ᠎ᠠᠴᠠ  ᠲᠡᠷᠡ ᠦᠢ᠍ᠯᠡᠳᠪᠦᠷᠢ᠎ᠪᠠᠨ ᠦᠷᠭᠡᠳᠭᠡᠪᠡ᠃
      ᠵᠦᠢ᠍ᠯ ᠪᠦᠷᠢ ᠵᠢᠨ ᠴᠡᠴᠡᠭ ᠥᠩᠭᠡ ᠪᠤᠯᠢᠶᠠᠯᠳᠤᠨ ᠳᠡᠯᠭᠡᠷᠡᠵᠦ᠂ ᠪᠡᠶ᠎ᠡ᠎ᠪᠠᠨ ᠪᠣᠰᠤᠳ᠎ᠲᠤ ᠭᠠᠢ᠌ᠬᠠᠭᠤᠯᠬᠤ᠎ᠪᠠᠷ ᠣᠷᠤᠯᠳᠤᠨ᠎ᠠ᠂ ᠭᠡᠪᠡᠴᠦ ᠬᠦᠳᠡᠭᠡ ᠬᠡᠭᠡᠷ᠎ᠡ ᠡᠯᠡᠢ ᠬᠤᠯᠠᠢ᠂ ᠨᠠᠮ ᠵᠢᠮ᠂ ᠰᠢᠪᠠᠭᠤ ᠪᠤᠯᠵᠤᠮᠤᠷ ᠴᠤ᠌ ᠪᠦᠭᠴᠢᠮ ᠬᠠᠯᠠᠭᠤᠨ᠎ᠠᠴᠠ ᠵᠢᠷᠦᠬᠡᠰᠢᠶᠡᠨ ᠬᠠᠩᠭᠢᠨᠠᠮ᠎ᠠ ᠰᠠᠢ᠌ᠬᠠᠨ ᠬᠣᠭᠤᠯᠠᠢ᠎ᠪᠠᠨ ᠬᠤᠷᠢᠶᠠᠯ᠎ᠠ᠃ ᠵᠥᠪᠬᠡᠨ ᠬᠤᠷᠴᠠ ᠨᠠᠷᠠ ᠡᠬᠡ ᠭᠠᠵᠠᠷ᠎ᠢ ᠲᠦᠭᠡᠨᠡᠲᠡᠯ᠎ᠡ ᠰᠢᠷᠠᠵᠦ ᠶᠠᠭᠤ ᠨᠢᠭᠡ ᠵᠢ ᠮᠡᠳᠡᠭᠡᠯᠡᠬᠦ ᠰᠢᠭ ᠪᠠᠢ᠌ᠨ᠎ᠠ᠃ ᠪᠥᠯᠬᠦᠮᠳᠡᠯ᠎ᠤᠨ ᠠᠵᠦ ᠦᠢ᠍ᠯᠡᠳᠪᠦᠷᠢ ᠵᠢᠨ ᠡᠭᠦᠳᠡ ᠠᠶᠠᠷᠬᠠᠨ ᠨᠡᠬᠡᠭᠡᠭᠳᠡᠯ᠎ᠡ ᠃ ᠥᠨᠳᠦᠷᠬᠡᠨ ᠰᠢᠭ ᠪᠡᠶ᠎ᠡ᠎ᠲᠠᠢ᠂ ᠡᠪᠡᠰᠦᠨ ᠮᠠᠯᠠᠭ᠋ᠠᠢ ᠳᠠᠷᠤᠭᠰᠠᠨ ᠬᠦᠮᠦᠨ ᠣᠷᠦᠵᠦ  ᠢᠷᠡᠪᠡ᠃ ᠪᠥᠯᠬᠦᠮᠳᠡᠯ ᠬᠠᠵᠠᠭᠤᠯᠠᠵᠦ ᠪᠠᠢ᠌ᠭᠰᠠᠨ ᠣᠷᠤᠨ᠎ᠠᠴᠠ᠎ᠪᠠᠨ ᠪᠣᠰᠴᠦ᠂ ᠡᠨᠡ ᠬᠦᠮᠦᠨ᠎ᠢ  ᠠᠵᠢᠭᠯᠠᠭᠰᠠᠨ ᠵᠶ᠋ᠠᠨ ᠡᠨᠡ ᠶᠠᠭᠤᠨ᠎ᠤ ᠬᠦᠮᠤᠨ ᠪᠤᠢ᠂ ᠪᠠᠷᠠᠭ᠎ᠠ ᠠᠪᠬᠤ᠎ᠪᠠᠷ ᠢᠷᠡᠭᠰᠡᠨ ᠶᠤᠮ ᠤᠤ᠂ ᠮᠢᠨᠥ ᠤᠲᠠᠰᠦᠨ ᠨᠤᠮᠸᠷ ᠦᠭᠡᠢ ᠶᠤᠮ ᠤᠤ ᠭᠡᠬᠦ ᠵᠡᠷᠭᠡ ᠵᠢ ᠪᠤᠳᠤᠵᠤ ᠪᠠᠢ᠌ᠲᠠᠯ᠎ᠠ ᠥᠨᠥᠬᠢ ᠬᠦᠮᠤᠨ ᠄《ᠠᠬ᠎ᠠ ᠰᠠᠢ᠌ᠨ ᠪᠠᠢ᠌ᠨ᠎ᠠ ᠤᠤ? ᠨᠠᠮ᠎ᠠ ᠵᠢ ᠳ᠋ᠠ  ᠯᠦᠩ ᠭᠡᠳᠡᠭ᠂ ᠪᠢ ᠪᠤᠯ ᠬᠠᠷᠪᠢᠨ᠎ᠤ ᠬᠦᠮᠦᠨ᠂ ᠠᠩᠬ᠎ᠠ ᠡᠨᠡ ᠬᠤᠰᠢᠭᠤᠨ᠎ᠳᠤ ᠢᠷᠡᠵᠤ ᠪᠤᠢ᠂ ᠪᠢ ᠮᠠᠯ᠎ᠤᠨ ᠪᠣᠷᠳᠣᠭ᠎ᠠ ᠬᠤᠳᠠᠯᠳᠤᠳᠠᠭ ᠬᠦᠮᠤᠨ᠂ ᠲᠠᠨ᠎ᠤ ᠦᠢ᠍ᠯᠡᠳᠪᠦᠷᠢ᠎ᠪᠠᠨ ᠥᠷᠭᠡᠳᠭᠡᠭᠰᠡᠨ᠎ᠢ ᠰᠦᠯᠵᠢᠶᠡᠨ ᠳᠡᠭᠡᠷ᠎ᠡ᠎ᠠᠴᠠ ᠤᠯᠵᠦ ᠬᠠᠷᠠᠭ᠋ᠠᠳ ᠲᠤᠰᠬᠠᠢ᠌ᠯᠠᠨ ᠢᠷᠡᠭᠰᠡᠨ ᠶᠤᠮ᠃ ᠬᠤᠷᠰᠢᠨ ᠠᠵᠢᠯᠯᠠᠬᠤ ᠰᠠᠨᠠᠭ᠎ᠠ ᠪᠠᠢ᠌ᠨ᠎ᠠ ᠤᠤ?》 ᠭᠡᠵᠤ ᠬᠡᠯᠡᠬᠦ ᠵᠢᠨ ᠳᠠᠭ᠋ᠠᠤ ᠰᠢᠨᠠ ᠵᠢ᠎ᠨᠢ ᠲᠠᠭ᠋ᠠᠵᠤ  ᠤᠷᠤᠰᠤᠭᠰᠠᠨ ᠬᠦᠯᠤᠰᠤ᠎ᠪᠠᠨ ᠬᠠᠨᠴᠤᠢ᠎ᠪᠠᠷ ᠵᠶ᠋ᠠᠨ ᠵᠦᠯᠭᠦᠵᠦ᠂ ᠬᠠᠷᠮᠠᠨ᠎ᠠᠴᠠ᠎ᠪᠠᠨ ᠺᠤᠮᠫᠠᠨᠢ ᠵᠢᠨ ᠵᠢᠵᠢᠭ ᠺᠠᠷᠲ ᠵᠶ᠋ᠡᠨ ᠭᠠᠷᠳᠠᠭᠤᠯᠵᠤ᠄《ᠠᠬ᠎ᠠ ᠠ᠋ ᠂ ᠮᠠᠨ᠎ᠤ ᠺᠤᠮᠫᠠᠨᠢ ᠪᠤᠯ᠁》 ᠭᠡᠵᠤ ᠲᠠᠨᠢᠯᠴᠠᠭᠤᠯᠵᠦ ᠡᠬᠢᠯᠡᠪᠡ᠃ ᠪᠦᠯᠬᠦᠮᠳᠡᠯ ᠲᠡᠭᠦᠨ᠎ᠤ ᠡᠨᠡ ᠬᠦ᠌ ᠰᠢᠨᠳᠠᠷᠠᠰᠢ ᠦᠭᠡᠢ ᠵᠤᠷᠢᠭ᠎ᠲᠤ  ᠰᠡᠳᠬᠢᠯ ᠬᠥᠳᠡᠯᠦᠨ ᠮᠠᠷᠭ᠋ᠠᠰᠢ᠎ᠨᠢ ᠳᠠᠷᠤᠢ ᠪᠡᠶ᠎ᠡ ᠬᠥᠳᠡᠯᠵᠦ᠂ ᠲᠠᠬᠢᠨ ᠨᠢᠭᠡ ᠤᠳᠠᠭ᠋ᠠᠨ᠎ᠤ ᠵᠦᠪᠳᠡᠯᠴᠡᠯ᠎ᠢ ᠳᠠᠮᠵᠢᠨ ᠬᠤᠶᠠᠭᠤᠯᠠ᠎ᠪᠠᠨ ᠬᠤᠷᠰᠢᠵᠤ ᠠᠵᠢᠯᠯᠠᠬᠤ᠎ᠪᠠᠷ ᠪᠤᠯᠪᠠ᠃
      ᠪᠥᠯᠬᠦᠮᠳᠡᠯ ᠪᠠ ᠳ᠋ᠠ ᠯᠦᠩ ᠬᠣᠷᠰᠢᠨ ᠠᠵᠢᠯᠯᠠᠵᠦ ᠲᠤᠩ ᠰᠠᠢ᠌ᠨ ᠨᠠᠢ᠌ᠵᠠ ᠪᠣᠯᠤᠭᠰᠠᠨ ᠪᠠᠢ᠌ᠨ᠎ᠠ᠃ ᠨᠡᠩ ᠳ᠋ᠠ ᠯᠦᠩ ᠬᠠᠷᠪᠢᠨ᠎ᠤ ᠠᠷᠦ ᠭᠡᠷ᠎ᠠᠴᠠ᠎ᠪᠠᠨ ᠠᠶᠠᠷᠯᠠᠨ ᠭᠠᠭᠴᠠᠭ᠋ᠠᠷ ᠵᠶ᠋ᠠᠨ ᠬᠠᠷᠢ ᠨᠤᠲᠤᠭ᠎ᠲᠤ ᠴᠢᠷᠮᠠᠢ᠌ᠨ ᠲᠡᠮᠡᠴᠡᠵᠦ ᠪᠠᠢ᠌ᠬᠤ ᠵᠢ ᠦᠵᠡᠭᠰᠡᠨ ᠪᠥᠯᠬᠦᠮᠳᠡᠯ᠎ᠤᠨ ᠠᠪᠤ  ᠡᠵᠢ᠎ᠨᠢ ᠲᠡᠭᠦᠨ᠎ᠢ  ᠲᠥᠷᠥᠭᠰᠡᠨ ᠬᠦ᠍ᠦ᠎ᠲᠠᠢ᠎ᠪᠠᠨ ᠡᠭᠡᠭᠡ ᠠᠳᠠᠯᠢᠬᠠᠨ ᠰᠠᠨᠠᠵᠦ᠂ ᠳᠠᠩᠳᠠ ᠭᠡᠷ᠎ᠲᠤ᠎ᠪᠠᠨ ᠤᠷᠢᠵᠤ ᠪᠤᠳᠠᠭ᠎ᠠ ᠢᠳᠡᠭᠦᠯᠳᠡᠭ ᠪᠠᠢ᠌ᠨ᠎ᠠ᠃ ᠨᠢᠭᠡᠨ ᠤᠳᠠᠭ᠎ᠠ ᠪᠥᠯᠬᠦᠮᠳᠡᠯ᠎ᠤᠨ ᠡᠵᠢ᠎ᠨᠢ ᠳ᠋ᠠ ᠯᠦᠩ᠎ᠳᠤ ᠰᠠᠭ᠋ᠠᠭ᠎ᠤᠨ ᠭᠤᠯᠢᠷ ᠵᠶ᠋ᠠᠷ ᠬᠤᠢ᠌ᠮᠠᠭ ᠬᠠᠭ᠋ᠠᠷᠢᠵᠦ ᠦᠭᠭᠦᠭᠰᠡᠨ᠎ᠳᠤ ᠳ᠋ᠠ ᠯᠦᠩ᠄ 《ᠡᠵᠢ ᠡ᠂ ᠡᠨᠡ ᠴᠢᠨᠢ ᠴᠠᠭ᠋ᠠᠨ ᠭᠤᠯᠢᠷ ᠶᠣᠮ ᠤᠤ?  ᠠᠮᠲᠠ᠎ᠨᠢ ᠠᠳᠠᠯᠢ ᠦᠭᠡᠢ ᠰᠢᠭ ᠪᠠᠢ᠌ᠨ᠎ᠠ᠂ ᠲᠠ ᠶᠠᠭᠤ ᠬᠣᠯᠢᠭᠰᠠᠨ ᠪᠣᠢ?》 ᠭᠡᠬᠦ᠎ᠳᠤ ᠪᠥᠯᠬᠦᠮᠳᠡᠯ᠎ᠤᠨ ᠡᠵᠢ᠎ᠨᠢ ᠶᠡᠬᠡ ᠯᠡ ᠭᠠᠢ᠌ᠬᠠᠭᠰᠠᠨ ᠪᠠᠢ᠌ᠳᠠᠯ᠎ᠲᠠᠢ᠎ᠪᠠᠷ᠄《  ᠬᠡᠥᠬᠡ ᠡ᠂ ᠡᠨᠡ ᠴᠢᠨᠢ ᠰᠠᠭ᠋ᠠᠭ᠎ᠤᠨ ᠭᠤᠯᠢᠷ ᠰᠢᠳᠡ᠂ ᠠᠮᠲᠠ᠎ᠪᠠᠷ ᠠᠨᠠᠢ ᠤᠤ?》 ᠭᠡᠬᠦ᠎ᠳᠤ《ᠦᠭᠡᠢ᠂ ᠡᠨᠡ ᠴᠢᠨᠢ ᠦᠨᠡᠬᠡᠷ ᠠᠮᠲᠠᠲᠠᠢ᠂ ᠮᠠᠨ᠎ᠤ ᠨᠤᠲᠤᠭ᠎ᠲᠤ ᠡᠭᠦᠨ᠎ᠢ ᠵᠥᠪᠬᠡᠨ ᠰᠣᠨᠤᠰᠳᠠᠭ᠎ᠠᠴᠠ ᠪᠢᠰᠢ ᠶᠡᠷᠦ ᠢᠳᠡᠵᠦ ᠦᠩᠭᠡᠷᠡᠭᠰᠡᠨ ᠦᠭᠡᠢ᠂ ᠡᠨᠡ ᠴᠢᠨᠢ ᠴᠠᠭ᠋ᠠᠨ ᠭᠤᠯᠢᠷ᠎ᠠᠴᠠ ᠬᠣᠯᠠ ᠴᠤ᠌ ᠠᠮᠲᠠᠲᠠᠢ᠂ ᠶᠠᠭ᠋ᠠᠬᠢᠭᠰᠠᠨ ᠠᠮᠲᠠᠲᠠᠢ ᠢᠳᠡᠭᠡᠨ ᠪᠣᠢ》 ᠭᠡᠵᠦ ᠪᠠᠶᠠᠷᠯᠠᠭᠰᠠᠨ ᠬᠡᠷᠢᠶ᠎ᠡ ᠪᠠᠷᠬᠢᠷᠠᠭ᠎ᠠ ᠭᠡᠭᠴᠢ᠎ᠪᠠᠷ ᠦᠭᠡ᠎ᠪᠠᠨ ᠨᠣᠷᠰᠢᠵᠦ ᠯᠡ ᠪᠠᠢ᠌ᠯ᠎ᠠ ᠃ ᠡᠨᠡ ᠦᠶ᠎ᠡ᠎ᠳᠤ ᠪᠥᠯᠬᠦᠮᠳᠡᠯ᠄《  ᠠᠮᠲᠠ᠎ᠲᠠᠢ ᠰᠠᠨᠠᠭᠳᠠᠵᠤ ᠪᠠᠢ᠌ᠪᠠᠯ ᠢᠯᠡᠭᠦᠬᠡᠨ ᠢᠳᠡᠭᠡᠷᠡᠢ》 ᠭᠡᠳ ᠳᠠᠬᠢᠨ ᠶᠠᠭᠤ ᠨᠢᠭᠡ ᠵᠢ ᠪᠣᠳᠤᠵᠦ ᠣᠯᠤᠭᠰᠠᠨ ᠰᠢᠭ᠋ ᠨᠢᠳᠦᠨ᠎ᠠᠴᠠ᠎ᠨᠢ ᠤᠬᠠᠭ᠋ᠠᠨ᠎ᠤ ᠣᠴᠢ ᠪᠠᠳᠠᠷᠠᠨ᠄《ᠮᠠᠨ᠎ᠤ ᠭᠡᠷ ᠦᠨᠡᠬᠡᠷ ᠴᠤ᠌ ᠳᠤᠮᠳᠠᠳᠦ ᠵᠢᠨ ᠦᠨᠳᠦᠰᠦᠲᠡᠨ᠎ᠤ ᠬᠠᠮᠲᠦ ᠵᠢᠨ ᠴᠣᠭᠴᠠ ᠵᠢᠨ ᠤᠬᠠᠮᠰᠠᠷ᠎ᠢ ᠦᠨᠡᠨ ᠪᠣᠲᠠᠲᠠᠢ  ᠪᠠᠲᠤᠳᠬᠠᠵᠤ ᠪᠠᠢ᠌ᠨ᠎ᠠ᠂ ᠮᠠᠨ᠎ᠤ ᠭᠡᠷ᠎ᠲᠤ ᠭᠤᠷᠪᠠᠨ ᠦᠨᠳᠦᠰᠦᠲᠡᠨ ᠨᠡᠢ᠌ᠯᠡᠨ ᠠᠵᠦ ᠲᠦᠷᠦᠵᠦ ᠪᠠᠢ᠌ᠬᠤ᠎ᠪᠠᠷ ᠪᠠᠷᠠᠬᠤ ᠦᠭᠡᠢ ᠮᠢᠨᠦ ᠡᠨᠡ ᠬᠠᠷᠪᠢᠨ᠎ᠤ ᠨᠠᠢ᠌ᠵᠠ ᠴᠤ᠌ ᠮᠠᠨ᠎ᠤ ᠭᠡᠷ᠎ᠲᠤ ᠠᠭᠤᠰᠤᠨ ᠣᠷᠦᠵᠦ ᠢᠷᠡᠭᠰᠡᠨ᠃  ᠮᠦᠨ ᠴᠦ᠍ ᠪᠢ ᠠᠵᠤ ᠦᠢ᠍ᠯᠡᠳᠪᠦᠷᠢ ᠵᠢᠨ ᠪᠦᠲᠦᠭᠡᠭᠳᠡᠭᠦᠨ ᠵᠶ᠋ᠡᠨ ᠭᠠᠳᠠᠷ ᠮᠣᠵᠢ᠎ᠳᠤ ᠪᠣᠷᠤᠯᠠᠭᠤᠯᠵᠦ᠂ ᠮᠢᠨᠦ ᠡᠨᠡ ᠭᠠᠳᠠᠷ ᠮᠣᠵᠢ ᠵᠢᠨ ᠨᠠᠢ᠌ᠵᠠ ᠬᠠᠷᠢᠨ ᠮᠠᠨ᠎ᠤ ᠨᠠᠢ᠍ᠮᠠᠨ ᠬᠣᠰᠢᠭᠤᠨ᠎ᠳᠤ ᠠᠵᠤ ᠦᠢ᠍ᠯᠡᠳᠪᠦᠷᠢ ᠡᠷᠬᠢᠯᠡᠨ ᠬᠡᠳᠦᠨ ᠮᠣᠵᠢ ᠵᠢᠨ ᠬᠠᠷᠢᠴᠠᠭ᠎ᠠ ᠵᠢ ᠵᠣᠬᠢᠬᠤ ᠬᠡᠮᠵᠢᠶ᠎ᠡ᠎ᠪᠠᠷ ᠨᠢᠭᠲᠠᠷᠠᠭᠤᠯᠵᠠᠢ᠃ 〈ᠨᠠᠷᠠ᠎ᠪᠠᠨ ᠳᠠᠭ᠋ᠠᠪᠠᠯ ᠳᠠᠭ᠋ᠠᠷᠠᠬᠤ ᠦᠭᠡᠢ᠂ ᠨᠠᠮ ᠵᠶ᠋ᠠᠨ ᠳᠠᠭ᠋ᠠᠪᠠᠯ ᠪᠤᠷᠤᠭᠤᠳᠠᠬᠤ ᠦᠭᠡᠢ〉 ᠭᠡᠳᠡᠭ ᠵᠶ᠋ᠡᠷ ᠨᠠᠮ᠎ᠠᠴᠠ ᠳᠤᠮᠳᠠᠳᠦ ᠵᠢᠨ ᠦᠨᠳᠦᠰᠦᠲᠡᠨ᠎ᠤ ᠬᠠᠮᠲᠦ ᠵᠢᠨ ᠴᠣᠭᠴᠠ ᠤᠬᠠᠮᠰᠠᠷ᠎ᠢ  ᠪᠠᠲᠤᠳᠬᠠᠬᠤ ᠵᠢ ᠴᠢᠬᠤᠯᠠᠴᠢᠯᠠᠵᠦ ᠪᠠᠢ᠌ᠨ᠎ᠠ᠂ ᠡᠭᠦᠨ᠎ᠤ ᠲᠦᠯᠦᠭᠡ ᠳᠤᠮᠳᠠᠳᠦ ᠵᠢᠨ ᠠᠷᠠᠳ ᠲᠦᠮᠡᠨ ᠨᠢᠭᠡ ᠪᠦᠷᠢ ᠬᠦᠴᠦ ᠮᠡᠳᠡᠨ ᠴᠢᠷᠮᠠᠢ᠌ᠵᠦ  ᠪᠣᠢ᠂ ᠮᠠᠨ᠎ᠤ ᠨᠠᠢ᠍ᠮᠠᠨ ᠬᠣᠰᠢᠭᠤ ᠴᠤ᠌ ᠭᠡᠰᠡᠨ ᠪᠥᠬᠦ ᠴᠢᠳᠠᠯ ᠵᠶ᠋ᠡᠷ ᠵᠶ᠋ᠡᠨ ᠮᠡᠷᠡᠢ᠌ᠵᠦ ᠪᠠᠢ᠌ᠨ᠎ᠠ ᠳ᠋ᠠ》 ᠭᠡᠵᠡᠢ᠃ ᠬᠣᠭᠤᠯᠠ ᠢᠳᠡᠵᠦ ᠪᠠᠢ᠌ᠭᠰᠠᠨ ᠬᠡᠳᠦᠭᠦᠯᠡ ᠡᠭᠦᠨ᠎ᠢ ᠰᠣᠨᠤᠰᠤᠭ᠋ᠠᠳ 《ᠶᠠᠭ ᠲᠡᠢ᠌ᠮᠦ᠂ ᠶᠠᠭ ᠲᠡᠢ᠌ᠮᠦ》 ᠭᠡᠵᠡᠭᠡᠵᠦ᠂ ᠬᠦᠮᠦᠨ ᠪᠣᠯᠭ᠋ᠠᠨ᠎ᠤ ᠴᠢᠷᠠᠢ᠎ᠳᠤ  ᠪᠠᠶᠠᠷ ᠵᠢᠷᠭ᠋ᠠᠯ᠎ᠤᠨ ᠮᠦᠰᠢᠶᠡᠳᠦ ᠲᠤᠳᠤᠷᠠᠭ᠋ᠠᠳ ᠭᠡᠷ ᠲᠦᠭᠦᠷᠡᠩ ᠢᠨᠢᠶᠡᠳᠦ ᠴᠠᠯᠭᠢᠯᠠᠨ᠎ᠠ᠃
    ᠬᠦᠬᠡ ᠣᠭᠲᠠᠷᠭᠤᠢ ᠮᠢᠩᠭ᠋ᠠᠨ ᠭᠠᠵᠠᠷ ᠴᠡᠯᠮᠡᠭ᠃ ᠬᠦᠪᠦᠩ ᠡᠭᠦᠯᠡ ᠰᠠᠯᠬᠢᠨ᠎ᠤ ᠠᠶ᠎ᠠ᠎ᠪᠠᠷ ᠨᠠᠮᠢᠷᠠᠭ᠋ᠠᠳ ᠬᠦᠬᠦᠭᠡ ᠰᠢᠪᠠᠭᠤ ᠳᠣᠩᠭᠤᠳᠤᠭᠰᠠᠨ ᠠᠭᠤᠳᠠᠮ ᠬᠦᠳᠡᠭᠡ ᠠᠮᠤᠷᠯᠢᠩᠭᠤᠢ ᠰᠠᠢ᠌ᠬᠠᠨ᠃ ᠮᠣᠩᠭᠤᠯ᠂ ᠬᠢᠲᠠᠳ᠂ ᠬᠣᠲᠣᠩ ᠭᠤᠷᠪᠠᠨ ᠦᠨᠳᠦᠰᠦᠲᠡᠨ ᠵᠶ᠋ᠡᠷ ᠪᠦᠷᠢᠯᠳᠦᠭᠰᠡᠨ 《ᠪᠦᠯᠬᠦᠮᠳᠡᠯ᠎ᠤᠨ᠎ᠬᠢ》  ᠡᠨᠡ ᠰᠠᠢ᠌ᠬᠠᠨ ᠨᠤᠲᠤᠭ᠎ᠲᠤ ᠢᠩᠭᠢᠵᠦ ᠯᠠ ᠠᠮᠤᠷ ᠵᠢᠷᠭ᠋ᠠᠯᠲᠠᠢ ᠠᠵᠤ ᠲᠥᠷᠦᠨ ᠪᠣᠢ ᠠᠵᠤᠭᠤ᠃
     《ᠯᠤᠤᠬ᠎ᠠ᠎ᠤᠨ ᠭᠣᠣᠯ᠎ᠤᠨ ᠬᠦᠪᠡᠭᠡᠨ᠎ᠳᠤ
      ᠨᠣᠭᠲᠤ᠎ᠪᠠᠨ ᠴᠢᠷᠦᠭᠰᠡᠨ ᠮᠣᠷᠢ ᠡ
      ᠨᠣᠮᠤᠬᠠᠨ ᠵᠠᠩ᠎ᠲᠠᠢ ᠨᠤᠭᠤᠨᠵᠠᠶᠠᠭ᠎ᠠ
      ᠨᠤᠲᠤᠭ᠎ᠠᠴᠠ᠎ᠪᠠᠨ ᠬᠣᠯᠠ ᠵᠠᠶᠠᠭ᠋ᠠᠵᠠᠢ ᠁ 》
   ᠲᠢᠶᠠᠨᠵᠢᠨ ᠬᠣᠲᠠ ᠵᠢᠨ ᠵᠠᠩ ᠶᠢᠨ ᠬᠤᠸᠠ᠂ ᠨᠢᠩᠰᠢᠶᠠ ᠭᠠᠵᠠᠷ᠎ᠤᠨ ᠰᠣᠳᠤᠨ᠎ᠠ᠂ ᠬᠠᠷᠪᠢᠨ ᠨᠤᠲᠤᠭ᠎ᠤᠨ ᠳ᠋ᠠ ᠯᠦᠩ ᠦᠪᠡᠷ ᠦᠪᠡᠷ᠎ᠤᠨ ᠵᠶ᠋ᠡᠨ ᠰᠡᠳᠭᠢᠯ ᠵᠶ᠋ᠡᠷ ᠨᠠᠢ᠍ᠮᠠᠨ ᠨᠤᠲᠤᠭ᠎ᠤᠨ ᠬᠦᠷᠦᠰᠦᠨ ᠳᠡᠭᠡᠷ᠎ᠡ 《ᠨᠤᠭᠤᠨᠵᠠᠶᠠᠭ᠎ᠠ》 ᠵᠢ ᠬᠠᠩᠭᠢᠨᠠᠭᠤᠯᠬᠤ᠎ᠳᠤ᠎ᠪᠠᠨ ᠤᠶᠠᠷᠠᠯᠲᠠᠢ ᠰᠠᠨᠠᠭᠳᠠᠬᠤ ᠦᠭᠡᠢ ᠪᠠᠢ᠌ᠳᠠᠭ᠎ᠤᠨ ᠤᠴᠢᠷ ᠶᠠᠭᠤ ᠪᠢᠯᠡ?

            ᠵᠣᠬᠢᠶᠠᠭᠴᠢ ᠵᠢᠨ ᠬᠠᠶᠢᠭ᠄  ᠨᠠᠢ᠍ᠮᠠᠨ ᠬᠣᠰᠢᠭᠤᠨ᠎ᠤ ᠮᠣᠩᠭᠤᠯ ᠳᠤᠮᠳᠠᠳᠤ ᠰᠤᠷᠭ᠋ᠠᠭᠤᠯᠢ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠨᠤᠲᠤᠭ᠎ᠲᠤ᠎ᠨᠢ ᠬᠦᠷᠴᠦ ᠬᠢᠮᠡᠯ ᠮᠥᠴᠢ ᠲᠠᠭ᠋ᠠᠷᠠᠭᠤᠯᠵᠦ ᠥᠭᠭᠦᠭᠡᠭᠡᠳ ᠵᠡᠮᠳᠡᠭᠴᠦᠳ᠎ᠤᠨ ᠰᠡᠳᠬᠢᠯ᠎ᠢ ᠳᠤᠯᠠᠭ᠋ᠠᠯᠠᠯ᠎ᠠ
ᠰᠠᠨᠠᠭ᠋ᠠᠨ᠎ᠳᠤ ᠬᠦᠷᠦᠭᠰᠡᠨ ᠦᠢ᠍ᠯᠡᠴᠢᠯᠡᠭᠡ ᠬᠠᠩᠭ᠋ᠠᠵᠤ᠂ ᠵᠡᠮᠳᠡᠭᠴᠦᠳ᠎ᠢ ᠣᠨᠣᠴᠠᠲᠠᠢ ᠳᠡᠮᠵᠢᠨ ᠲᠤᠰᠠᠯᠠᠶ᠎ᠠ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠠᠵᠢᠯᠯᠠᠬᠤ ᠳᠤᠭᠤᠢ᠌ᠯᠠᠩ ᠲᠥᠩᠯᠢᠶᠣᠣ ᠬᠣᠲᠠ ᠪᠣᠯᠣᠨ ᠤᠯᠠᠭ᠋ᠠᠨᠬᠠᠳᠠ ᠬᠣᠲᠠ᠎ᠳᠤ ᠬᠦᠷᠴᠦ 2023 ᠣᠨ᠎ᠤ 《ᠡᠷᠡᠭᠦᠯᠵᠢᠬᠦ᠎ᠳᠤ ᠲᠤᠰᠠᠯᠠᠬᠤ ᠢᠨᠵᠸᠨ᠋ᠸᠷᠢᠩ》᠎ᠤᠨ ᠠᠵᠢᠯ ᠥᠷᠨᠢᠭᠦᠯᠪᠡ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠄ ᠰᠢᠯᠢᠳᠡᠭ ᠦᠢ᠍ᠯᠡᠴᠢᠯᠡᠭᠡ᠎ᠪᠠᠷ ᠵᠡᠮᠳᠡᠭᠴᠦᠳ᠎ᠤᠨ ᠠᠷᠠᠳ᠎ᠤᠨ ᠠᠮᠢᠳᠤᠷᠠᠯ᠎ᠢ ᠪᠠᠲᠤᠯᠠᠨ ᠰᠠᠢ᠌ᠵᠢᠷᠠᠭᠤᠯᠤᠨ᠎ᠠ
ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠤᠯ᠎ᠤᠨ ᠦᠯᠢᠭᠡᠷ ᠎ᠤᠨ ᠰᠢᠨ᠎ᠡ ᠣᠷᠴᠢᠭᠤᠯᠭ᠎ᠠ᠄ ᠰᠸ ᠮᠠ ᠭᠤᠸᠠᠡᠭ ᠭᠠᠡᠭ ᠬᠠᠭ᠋ᠠᠯᠤᠭᠰᠠᠨ᠎ᠨᠢ
 
            