ᠨᠣᠮᠢᠩᠬᠤᠸᠠᠷ ᠵᠣᠭᠢᠶᠠᠪᠠ
ᠨᠠᠢ᠍ᠮᠠᠨ ᠬᠣᠰᠢᠭᠤᠨ᠎ᠤ ᠲᠦᠪ ᠳᠠᠴᠢᠨᠲᠠᠯ᠎ᠠ᠎ᠠᠴᠠ ᠵᠡᠭᠦᠨ ᠬᠣᠢ᠌ᠰᠢ 30 ᠺᠢᠯᠤᠮᠧᠲᠷ ᠶᠠᠪᠤᠪᠠᠯ ᠳᠣᠪᠣ ᠲᠣᠯᠣᠭ᠋ᠠᠳ᠂ ᠮᠠᠩᠬ᠎ᠠ ᠵᠢᠯᠠᠭ᠎ᠠ ᠦᠷᠭᠦᠯᠵᠢᠯᠡᠭᠰᠡᠨ ᠨᠤᠲᠤᠭ ᠪᠠᠢ᠌ᠳᠠᠭ᠎ᠢ ᠪᠠᠶᠠᠨᠲᠠᠯ᠎ᠠ ᠰᠤᠮᠤ ᠭᠡᠳᠡᠭ᠃ ᠪᠠᠶᠠᠨᠲᠠᠯ᠎ᠠ ᠰᠤᠮᠤ ᠲᠠᠯ᠎ᠠ ᠨᠡᠷᠡᠢ᠌ᠳᠦᠯ᠎ᠲᠠᠢ ᠪᠣᠯᠪᠠᠴᠤ ᠬᠠᠷᠠᠭ᠎ᠠ ᠰᠤᠩᠭ᠋ᠠᠮᠠ ᠠᠭᠤᠳᠠᠮ ᠲᠠᠯ᠎ᠠ ᠠᠯᠠᠭ᠎ᠠ᠃ ᠭᠡᠪᠡᠴᠦ ᠪᠠᠬᠠᠷᠤᠯᠲᠠᠢ ᠰᠠᠢ᠌ᠬᠠᠨ ᠭᠠᠵᠠᠷ᠎ᠤᠨ ᠨᠡᠷᠡᠢ᠌ᠳᠦᠯ᠂ ᠦᠯᠢᠭᠡᠷ ᠳᠣᠮᠣᠭ᠂ ᠵᠠᠩ ᠦᠢ᠍ᠯᠡ᠂ ᠠᠮᠠᠨ ᠠᠶᠠᠯᠭᠤ᠂ ᠰᠢᠨ᠎ᠡ ᠬᠦᠭᠵᠢᠯ᠎ᠨᠢ ᠬᠣᠯᠠ ᠵᠢᠨ ᠰᠣᠨᠣᠰᠬᠠᠯ ᠣᠢ᠌ᠷ᠎ᠠ ᠵᠢᠨ ᠳᠠᠭᠤᠷᠢᠶᠠᠯ ᠪᠣᠯᠵᠣ ᠪᠠᠢ᠌ᠳᠠᠭ ᠪᠣᠯᠬᠣᠷ ᠵᠣᠨ᠎ᠤ ᠰᠠᠢ᠌ᠬᠠᠨ ᠤᠯᠠᠷᠢᠯ᠎ᠤᠨ ᠪᠦᠲᠦᠨ ᠰᠠᠢ᠌ᠨ ᠡᠳᠦᠷ᠎ᠤᠨ ᠠᠮᠠᠷᠠᠯᠲᠠ᠎ᠪᠠᠷ ᠪᠢᠳᠡ ᠪᠠᠶᠠᠨᠲᠠᠯ᠎ᠠ ᠰᠤᠮᠤᠨ᠎ᠤ ᠬᠡᠳᠦᠨ ᠠᠢ᠌ᠯ ᠵᠶ᠋ᠡᠷ ᠲᠣᠭᠣᠷᠢᠵᠤ ᠨᠢᠳᠦ ᠲᠠᠢ᠌ᠯᠵᠤ᠂ ᠰᠣᠨᠣᠷ ᠪᠠᠶᠠᠰᠬᠠᠵᠤ ᠶᠠᠪᠤᠭ᠋ᠠᠳ ᠭᠠᠨᠵᠤᠭ᠎ᠠ ᠳᠦᠭᠦᠷᠡᠩ ᠣᠯᠵᠠ᠎ᠲᠠᠢ ᠪᠤᠴᠠᠭᠰᠠᠨ ᠪᠢᠯᠡ᠃ ᠪᠢᠯᠢᠭ ᠪᠢᠷ᠎ᠤᠨ ᠬᠣᠶᠠᠷ᠎ᠤᠨ ᠮᠢᠨᠢ ᠬᠤᠷᠴᠠ᠎ᠨᠢ ᠮᠡᠬᠦᠰᠲᠡᠬᠦᠨᠢ ᠶᠠᠷᠢᠶᠠᠨ ᠦᠭᠡᠢ ᠪᠣᠯᠪᠠᠴᠤ ᠪᠠᠬᠠᠷᠬᠠᠯ ᠱᠠᠭᠰᠢᠯ ᠬᠣᠶᠠᠷ ᠮᠢᠨᠢ ᠵᠢᠷᠦᠬᠡᠨ᠎ᠠᠴᠠ ᠣᠢ᠌ᠯᠰᠤᠭ᠋ᠠᠳ ᠪᠠᠢ᠌ᠳᠠᠭ ᠪᠣᠯᠬᠣᠷ ᠲᠡᠷᠡ ᠨᠠᠨᠳᠢᠨ ᠣᠯᠵᠠ᠎ᠪᠠᠨ ᠴᠠᠢ ᠵᠢᠨ ᠵᠣᠭᠣᠭ ᠪᠣᠯᠭ᠋ᠠᠨ ᠲᠠ ᠪᠦᠬᠦᠨ᠎ᠲᠠᠢ᠎ᠪᠠᠨ ᠬᠤᠪᠢᠶᠠᠯᠴᠠᠬᠤ ᠶᠤᠮᠰᠠᠨ ᠭᠡᠵᠤ ᠪᠣᠳᠣᠯ᠎ᠠ᠃
ᠲᠤᠰᠬᠤᠨ᠎ᠤ ᠨᠡᠷᠡᠢ᠌ᠳᠦᠯ ᠲᠡᠦᠬᠡ ᠬᠦᠦᠷᠨᠢᠨ᠎ᠡ
ᠪᠠᠶᠠᠨᠲᠠᠯ᠎ᠠ ᠰᠤᠮᠤᠨ᠎ᠳᠤ 29 ᠭᠠᠴᠠᠭ᠎ᠠ ᠲᠤᠰᠬᠤᠨ᠎ᠲᠠᠢ᠃ ᠲᠤᠰᠬᠤᠨ ᠪᠦᠷᠢ ᠰᠠᠢ᠌ᠬᠠᠨ ᠮᠣᠩᠭᠣᠯ ᠨᠡᠷᠡᠢ᠌ᠳᠦᠯ᠎ᠲᠠᠢ᠃ ᠪᠠᠶᠠᠨᠲᠠᠯ᠎ᠠ᠂ ᠪᠣᠭᠣᠲᠣ᠂ ᠵᠡᠭᠡᠷᠡᠲᠦ᠂ ᠰᠢᠪᠡᠭᠡᠲᠦ᠂ ᠳᠦᠷᠪᠡᠨ ᠣᠪᠤᠭ᠎ᠠ᠂ ᠰᠠᠨᠳᠠᠢ᠂ ᠭᠤᠤ᠎ᠲᠤ ᠳᠣᠯᠣᠭ᠋ᠠᠨ ᠮᠣᠳᠣ᠂ ᠬᠣᠶᠠᠷ ᠨᠠᠭᠤᠷ᠂ ᠯᠠᠮᠠ ᠵᠢᠨ ᠲᠠᠯ᠎ᠠ᠂ ᠲᠤᠰᠠᠯᠠᠭᠴᠢ ᠵᠢᠨ ᠰᠦᠮ᠎ᠡ᠂ ᠶᠣᠰᠣᠲᠣ᠂ ᠦᠬᠡᠷ᠎ᠤᠨ ᠲᠠᠷᠢᠶ᠎ᠠ᠂ ᠰᠤᠪᠤᠷᠭ᠎ᠠ᠂ ᠨᠠᠷᠢᠨ ᠬᠣᠭᠣᠯᠠᠢ᠂ ᠦᠪᠦᠩ᠎ᠤᠨ ᠠᠢ᠌ᠯ᠂ ᠶᠡᠬᠡ ᠤᠰᠤ᠂ ᠭᠤᠤ ᠵᠢᠨ ᠣᠯᠣᠮ᠂ ᠳ᠋ᠠᠩᠬᠠᠷ᠂ ᠮᠠᠨᠳᠤᠭᠤᠯᠬᠤ ᠁ ᠭᠡᠬᠦ ᠮᠡᠲᠦ᠃ ᠡᠢ᠌ᠮᠦ ᠰᠠᠢ᠌ᠬᠠᠨ ᠨᠡᠷᠡᠢ᠌ᠳᠦᠯ᠎ᠳᠤ ᠮᠣᠩᠭᠤᠯ ᠤᠬᠠᠭ᠋ᠠᠨ᠂ ᠮᠣᠩᠭᠤᠯ ᠰᠣᠶᠣᠯ᠂ ᠮᠣᠩᠭᠤᠯ ᠲᠡᠦᠬᠡ ᠠᠭᠤᠰᠤᠨ ᠰᠢᠩᠭᠡᠵᠦ᠂ ᠪᠠᠶᠠᠨᠲᠠᠯ᠎ᠠ ᠨᠤᠲᠤᠭ᠎ᠤᠨ ᠦᠪᠡᠷᠮᠢᠴᠡ ᠣᠨᠴᠠᠯᠢᠭ᠎ᠢ ᠠᠴᠢᠶᠠᠯᠠᠨ ᠠᠭᠤᠯᠵᠤ᠂ ᠤᠷᠲᠤ ᠵᠢᠨ ᠤᠷᠲᠤ ᠴᠠᠭ ᠠᠬᠤᠢ ᠵᠢ ᠲᠤᠭᠤᠯᠤᠭᠰᠠᠭ᠋ᠠᠷ ᠢᠷᠡᠵᠡᠢ᠃ ᠲᠡᠷᠡ ᠰᠠᠢ᠌ᠬᠠᠨ᠎ᠢ ᠣᠯᠵᠠᠭᠤᠷᠬᠠᠨ ᠮᠡᠳᠡᠷᠡᠵᠦ ᠶᠠᠪᠤᠭᠰᠠᠨ᠎ᠤ ᠵᠠᠬ᠎ᠠ ᠵᠤᠬ᠎ᠠ᠎ᠠᠴᠠ ᠳᠡᠯᠭᠡᠬᠦ᠎ᠳᠤ ᠤᠬᠠᠭ᠋ᠠᠨ ᠴᠡᠯᠮᠡᠵᠦ ᠪᠣᠳᠣᠯ ᠲᠤᠩᠭ᠋ᠠᠯᠠᠭᠰᠢᠨᠠ᠃
ᠪᠠᠶᠠᠨᠲᠠᠯ᠎ᠠ᠃ ᠮᠣᠩᠭᠤᠯ ᠨᠤᠲᠤᠭ᠎ᠲᠤ ᠪᠠᠶᠠᠨᠲᠠᠯ᠎ᠠ ᠭᠡᠬᠦ ᠨᠡᠷᠡᠢ᠌ᠳᠦᠯ᠎ᠲᠠᠢ ᠭᠠᠵᠠᠷ ᠵᠠᠬ᠎ᠠ᠎ᠠᠴᠠ᠎ᠪᠠᠨ ᠠᠪᠤᠭ᠋ᠠᠳ ᠪᠠᠢ᠌ᠳᠠᠭ ᠪᠦᠭᠡᠳ ᠵᠦᠪᠬᠡᠨ ᠨᠠᠢ᠍ᠮᠠᠨ ᠬᠣᠰᠢᠭᠤᠨ᠎ᠤ ᠬᠢᠵᠠᠭ᠋ᠠᠷᠲᠤ ᠭᠤᠷᠪᠠᠨᠬᠤᠸᠠ ᠵᠢᠨ ᠪᠠᠶᠠᠨᠲᠠᠯ᠎ᠠ᠂ ᠰᠢᠷ᠎ᠠ ᠬᠣᠭᠣᠯᠠᠢ ᠵᠢᠨ ᠪᠠᠶᠠᠨᠲᠠᠯ᠎ᠠ᠂ ᠨᠠᠢ᠍ᠮᠠᠳᠤᠭ᠋ᠠᠷ ᠨᠤᠲᠤᠭ ᠪᠠᠶᠠᠨᠲᠠᠯ᠎ᠠ ᠭᠡᠵᠤ ᠭᠤᠷᠪᠠ ᠪᠤᠢ᠃ ᠪᠠᠶᠠᠨᠲᠠᠯ᠎ᠠ ᠭᠡᠬᠦ ᠨᠡᠷᠡᠢ᠌ᠳᠦᠯ ᠮᠣᠩᠭᠤᠯ ᠨᠤᠲᠤᠭ ᠵᠶ᠋ᠡᠷ ᠨᠡᠢ᠌ᠳᠡᠮ ᠬᠡᠷᠡᠭᠯᠡᠭᠳᠡᠳᠡᠭ᠎ᠨᠢ ᠲᠤᠬᠠᠢ ᠵᠢᠨ ᠣᠷᠣᠨ᠎ᠤ ᠪᠠᠢ᠌ᠭ᠋ᠠᠯᠢ ᠵᠢᠨ ᠰᠠᠢ᠌ᠬᠠᠨ᠂ ᠠᠮᠢᠳᠤᠷᠠᠯ᠎ᠤᠨ ᠪᠠᠶᠠᠯᠢᠭ᠎ᠢ ᠲᠤᠰᠬᠠᠨ ᠬᠠᠷᠠᠭᠤᠯᠤᠭᠰᠠᠨ ᠤᠳᠬ᠎ᠠ᠎ᠲᠠᠢ᠎ᠠᠴᠠ ᠭᠠᠳᠠᠨ᠎ᠠ ᠲᠠᠩᠰᠤᠭ ᠪᠠᠶᠠᠯᠢᠭ᠎ᠢ ᠵᠦᠩᠨᠡᠨ ᠪᠡᠯᠭᠡᠳᠡᠭᠰᠡᠨ ᠤᠳᠬ᠎ᠠ ᠴᠦ᠍ ᠪᠠᠢ᠌ᠭ᠎ᠠ ᠶᠤᠮ᠃ 《ᠠᠮᠠᠨ ᠪᠡᠯᠭᠡ ᠬᠠᠮᠢᠭ᠋ᠠᠰᠢ᠎ᠪᠠᠨ ᠪᠣᠯ ᠠᠰᠢᠲᠠ ᠵᠢᠨ ᠪᠡᠯᠭᠡ ᠲᠡᠢ᠌ᠰᠢ》᠎ᠪᠠᠨ ᠭᠡᠵᠤ ᠪᠡᠯᠭᠡ ᠳᠡᠮᠪᠡᠷᠡᠯᠢ ᠡᠷᠬᠢᠮᠯᠡᠳᠡᠭ ᠮᠣᠩᠭᠤᠯ ᠬᠦᠮᠦᠨ᠎ᠤ ᠤᠬᠠᠭ᠋ᠠᠨ᠎ᠠᠴᠠ ᠤᠷᠭᠤᠭᠰᠠᠨ ᠡᠨᠡ ᠰᠠᠢ᠌ᠬᠠᠨ ᠨᠡᠷᠡᠢ᠌ᠳᠦᠯ᠎ᠨᠢ ᠨᠤᠲᠤᠭ ᠨᠤᠲᠤᠭ᠎ᠤᠨ ᠠᠷᠠᠳ ᠲᠦᠮᠡᠨ᠎ᠢ ᠡᠳᠦᠷ᠎ᠠᠴᠠ ᠡᠳᠦᠷ ᠦᠭᠡᠳᠡ ᠵᠢᠨ ᠬᠡᠢ ᠮᠣᠷᠢᠲᠠᠢ ᠪᠠᠶᠠᠨ ᠴᠢᠨᠡᠭᠡᠯᠢᠭ᠂ ᠠᠵᠠ ᠵᠢᠷᠭ᠋ᠠᠯ᠎ᠲᠠᠢ ᠠᠮᠢᠳᠤᠷᠠᠭᠤᠯᠤᠭᠰᠠᠭ᠋ᠠᠷ ᠢᠷᠡᠭᠰᠡᠨ ᠶᠤᠮ᠃ ᠡᠨᠡ ᠪᠣᠯ ᠳᠡᠭᠡᠳᠦᠰ᠎ᠤᠨ ᠮᠢᠨᠢ ᠬᠣᠷᠸ᠎ᠠ ᠪᠠᠢ᠌ᠭ᠋ᠠᠯᠢ ᠵᠢᠨ ᠣᠷᠣᠰᠢᠬᠤᠢ ᠵᠣᠬᠢᠴᠠᠯ᠎ᠢ ᠲᠠᠨᠢᠵᠤ ᠤᠬᠠᠭ᠋ᠠᠷᠠᠭᠰᠠᠨ ᠮᠡᠷᠭᠡᠨ ᠤᠬᠠᠭ᠋ᠠᠨ᠃ ᠨᠠᠢ᠍ᠮᠠᠨ ᠬᠣᠰᠢᠭᠤᠨ᠎ᠤ ᠪᠠᠶᠠᠨᠲᠠᠯ᠎ᠠ ᠰᠤᠮᠤ ᠭᠡᠵᠤ ᠦᠨᠡᠬᠡᠷ 《ᠪᠠᠶᠠᠨᠲᠠᠯ᠎ᠠ᠂ ᠯᠠᠮᠠ ᠵᠢᠨ ᠲᠠᠯ᠎ᠠ》 ᠭᠡᠬᠦᠴᠢᠯᠡᠭᠰᠡᠨ ᠰᠠᠷᠠᠭᠤᠯ ᠲᠠᠯ᠎ᠠ᠎ᠲᠠᠢ᠂ 《ᠬᠣᠶᠠᠷ ᠨᠠᠭᠤᠷ᠂ ᠶᠡᠬᠡ ᠤᠰᠤ》 ᠭᠡᠬᠦᠴᠢᠯᠡᠭᠰᠡᠨ ᠨᠠᠭᠤᠷ ᠤᠰᠤ᠎ᠲᠠᠢ᠂ 《ᠭᠤᠤ᠎ᠲᠤ᠂ ᠨᠠᠷᠢᠨ ᠬᠣᠭᠣᠯᠠᠢ》 ᠭᠡᠬᠦᠴᠢᠯᠡᠭᠰᠡᠨ ᠭᠤᠤ ᠵᠢᠯᠠᠭ᠎ᠠ᠎ᠲᠠᠢ᠂ 《ᠪᠤᠭᠤᠲᠤ᠂ ᠵᠡᠭᠡᠷᠡᠲᠦ》 ᠪᠤᠭᠤ ᠵᠡᠭᠡᠷ᠎ᠡ ᠨᠠᠳᠬᠤᠨ ᠭᠦᠶᠦᠯᠳᠦᠭᠰᠡᠨ ᠲᠠᠩᠰᠤᠭ ᠪᠠᠢ᠌ᠭ᠋ᠠᠯᠢ᠎ᠲᠠᠢ ᠦᠵᠡᠰᠭᠦᠯᠡᠩᠲᠦ ᠣᠷᠣᠨ ᠪᠠᠢ᠌ᠵᠠᠢ᠃ ᠪᠠᠢ᠌ᠭ᠋ᠠᠯᠢ ᠵᠢᠨ ᠰᠠᠢ᠌ᠬᠠᠨ᠎ᠢ ᠳᠠᠭ᠋ᠠᠵᠤ ᠬᠦᠮᠦᠨ᠎ᠤ ᠰᠠᠢ᠌ᠬᠠᠨ ᠢᠵᠢᠯᠢᠰᠢᠳᠡᠭ ᠵᠢᠨ ᠵᠢᠮ᠎ᠡ᠎ᠪᠠᠷ 《ᠲᠤᠰᠠᠯᠠᠭᠴᠢ ᠵᠢᠨ ᠰᠦᠮ᠎ᠡ᠂ ᠯᠠᠮᠠ ᠵᠢᠨ ᠲᠠᠯ᠎ᠠ᠂ ᠰᠤᠪᠤᠷᠭ᠎ᠠ》 ᠭᠡᠬᠦᠴᠢᠯᠡᠭᠰᠡᠨ ᠰᠦᠮ᠎ᠡ ᠰᠤᠪᠤᠷᠭ᠎ᠠ ᠰᠡᠬᠦᠢ᠌ᠯᠴᠡᠵᠦ᠂ ᠰᠣᠶᠣᠯ ᠲᠡᠦᠬᠡ ᠬᠦᠦᠷᠨᠢᠭᠰᠡᠨ ᠰᠠᠢ᠌ᠬᠠᠨ ᠨᠤᠲᠤᠭ ᠪᠢᠯᠡ᠃
ᠪᠠᠬᠠᠷᠤᠮ᠎ᠠ ᠰᠠᠢ᠌ᠬᠠᠨ ᠪᠠᠶᠠᠨᠲᠠᠯ᠎ᠠ ᠨᠤᠲᠤᠭ ᠮᠢᠨᠢ ᠪᠠᠳᠠᠷᠠᠯ ᠬᠦᠭᠵᠢᠯ᠎ᠤᠨ ᠳᠠᠷᠬᠠᠨ ᠭᠤᠯᠤᠮᠲᠠ᠂ ᠪᠠᠭ᠋ᠠᠲᠤᠷᠯᠢᠭ ᠮᠣᠩᠭᠤᠯ᠎ᠤᠨ ᠲᠡᠦᠬᠡ ᠤᠯᠪᠠᠭ᠎ᠠ ᠂ ᠪᠠᠬᠠᠲᠤᠬᠤ ᠮᠠᠷᠭ᠋ᠠᠰᠢ ᠵᠢᠨ ᠤᠶᠠᠩᠭ᠋ᠠᠨ ᠬᠤᠷᠤᠢ ᠃
ᠰᠢᠪᠡᠭᠡᠲᠦ᠃ 《ᠰᠢᠪᠡᠭᠡᠲᠦ ᠭᠡᠳᠡᠭ᠎ᠨᠢ ᠶᠠᠮᠠᠷ ᠤᠳᠬ᠎ᠠ᠎ᠲᠠᠢ ᠪᠣᠢ?》 ᠭᠡᠵᠤ ᠬᠠᠮᠲᠤ ᠠᠶᠠᠯᠠᠭᠰᠠᠳ᠎ᠤᠨ ᠨᠢᠭᠡ᠎ᠨᠢ ᠠᠰᠠᠭᠤᠬᠤ᠎ᠳᠤ ᠪᠢ 《ᠶᠠᠭ᠋ᠠᠬᠢᠵᠤ ᠬᠠᠷᠢᠭᠤᠯᠬᠤ ᠪᠢᠯᠡ?》 ᠭᠡᠵᠤ ᠪᠠᠬᠠᠨ ᠲᠤᠯᠭ᠋ᠠᠮᠠᠳᠠᠵᠤ ᠠᠪᠤᠭᠰᠠᠨ ᠪᠢᠯᠡ᠃ ᠰᠢᠪᠡᠭᠡᠲᠦ ᠭᠡᠵᠤ ᠰᠢᠪᠡᠭᠡ᠎ᠲᠠᠢ ᠭᠠᠵᠠᠷ ᠯᠠ ᠭᠡᠰᠡᠨ ᠦᠭᠡ᠃ ᠲᠡᠭᠡᠪᠡᠯ ᠰᠢᠪᠡᠭᠡ ᠭᠡᠵᠤ ᠶᠠᠭᠤ ᠶᠤᠮ ᠪᠣᠢ? ᠨᠢᠭᠡᠳᠦᠭᠡᠷ ᠲᠠᠢ᠌ᠯᠪᠤᠷᠢ᠎ᠨᠢ ᠮᠣᠳᠣ ᠪᠤᠷᠭ᠋ᠠᠰᠤ ᠵᠡᠷᠭᠡ ᠵᠢ ᠰᠦᠯᠵᠢᠨ ᠤᠶᠠᠵᠤ ᠭᠠᠵᠠᠷ ᠬᠠᠳᠬᠤᠨ ᠪᠠᠷᠢᠭᠰᠠᠨ ᠬᠠᠰᠢᠯᠭ᠎ᠠ ᠬᠦᠷᠢᠶ᠎ᠡ᠃ ᠰᠢᠪᠡᠭᠡᠲᠦ ᠭᠡᠬᠦ ᠨᠡᠷᠡᠢ᠌ᠳᠦᠯ᠎ᠨᠢ ᠰᠢᠪᠡᠭᠡ ᠬᠠᠰᠢᠯᠭ᠎ᠠ᠎ᠲᠠᠢ ᠭᠠᠵᠠᠷ ᠭᠡᠰᠡᠨ ᠤᠳᠬ᠎ᠠ᠎ᠲᠠᠢ ᠶᠤᠮ ᠪᠣᠯᠪᠠ ᠦᠦ? ᠰᠢᠷᠣᠢ ᠵᠢᠨ ᠬᠡᠷᠡᠮ᠂ ᠲᠣᠭᠣᠰᠬᠠᠨ ᠬᠡᠷᠡᠮ ᠮᠡᠨᠳᠦᠯᠡᠭᠰᠡᠨ᠎ᠠᠴᠠ ᠰᠡᠭᠦᠯᠡᠷ ᠰᠢᠪᠡᠭᠡᠨ ᠬᠠᠰᠢᠯᠭ᠎ᠠ ᠬᠠᠷᠠᠭᠳᠠᠬᠤ᠎ᠪᠠᠨ ᠪᠣᠯᠢᠵᠤ᠂ ᠰᠢᠪᠡᠭᠡ ᠭᠡᠳᠡᠭ ᠦᠭᠡ ᠬᠠᠭᠤᠴᠢᠷᠠᠬᠤ᠎ᠳᠤ ᠬᠦᠷᠴᠡᠢ᠃ ᠬᠣᠶᠠᠳᠤᠭ᠋ᠠᠷ ᠲᠠᠢ᠌ᠯᠪᠤᠷᠢ᠎ᠨᠢ ᠬᠢᠯᠠᠭ᠋ᠠᠨᠠ ᠬᠡᠮᠡᠬᠦ ᠡᠪᠡᠰᠦᠨ᠎ᠤ ᠤᠷᠲᠤ ᠪᠦᠭᠡᠳ ᠬᠤᠷᠴᠠ ᠦᠵᠦᠭᠦᠷ᠎ᠲᠠᠢ ᠦᠷ᠎ᠡ᠃ ᠰᠢᠪᠡᠭᠡ ᠬᠢᠯᠠᠭ᠋ᠠᠨᠠ ᠣᠯᠠᠨ ᠪᠠᠢ᠌ᠭᠰᠠᠨ ᠭᠠᠵᠠᠷ ᠭᠡᠬᠦ ᠤᠳᠬ᠎ᠠ᠎ᠪᠠᠷ ᠲᠠᠢ᠌ᠯᠪᠤᠷᠢᠯᠠᠪᠠᠯ ᠨᠡᠩ ᠣᠨᠣᠪᠴᠢᠲᠠᠢ ᠴᠦ᠍ ᠶᠤᠮ ᠦᠦ? ᠡᠭᠦᠨ᠎ᠤ ᠬᠠᠷᠢᠭᠤᠯᠲᠠ ᠵᠢ ᠣᠯᠠᠨ ᠵᠢᠯ᠎ᠤᠨ ᠡᠮᠦᠨᠡᠬᠢ ᠨᠤᠲᠤᠭ ᠪᠠᠢ᠌ᠭ᠋ᠠᠯᠢᠠᠴᠠᠪᠠᠨ ᠠᠰᠠᠭᠤᠬᠤ᠎ᠠᠴᠠ ᠦᠭᠡᠷ᠎ᠡ ᠠᠷᠭ᠎ᠠ ᠠᠯᠠᠭ᠎ᠠ᠃ ᠭᠤᠷᠪᠠᠳᠤᠭ᠋ᠠᠷ ᠲᠠᠢ᠌ᠯᠪᠤᠷᠢ᠎ᠨᠢ ᠬᠦᠮᠦᠨ᠎ᠤ ᠪᠡᠯᠬᠡᠭᠦᠰᠦᠨᠤ ᠣᠷᠴᠢᠨ ᠪᠠᠢ᠌ᠬᠤ ᠣᠬᠣᠷ ᠬᠠᠪᠢᠰᠦ᠃ ᠡᠭᠦᠨ ᠵᠶ᠋ᠡᠷ ᠲᠠᠢ᠌ᠯᠪᠤᠷᠢᠯᠠᠪᠠᠯ ᠵᠣᠬᠢᠰ ᠵᠶ᠋ᠡᠷ ᠠᠨᠠᠢ᠃ ᠳᠦᠷᠪᠡᠳᠦᠭᠡᠷ ᠲᠠᠢ᠌ᠯᠪᠤᠷᠢ᠎ᠨᠢ ᠰᠢᠪᠡᠭᠡ ᠦᠨᠳᠦᠰᠦᠲᠡᠨ᠃ ᠰᠢᠪᠡᠭᠡ ᠦᠨᠳᠦᠰᠦᠲᠡᠨ ᠠᠮᠢᠳᠤᠷᠠᠵᠤ ᠪᠠᠢ᠌ᠭᠰᠠᠨ ᠭᠠᠵᠠᠷ᠃ ᠡᠭᠦᠨ ᠵᠶ᠋ᠡᠷ ᠲᠠᠢ᠌ᠯᠪᠤᠷᠢᠯᠠᠪᠠᠯ ᠮᠥᠨ ᠵᠣᠬᠢᠰ ᠦᠭᠡᠢ᠃ ᠨᠠᠢ᠍ᠮᠠᠨ ᠬᠣᠰᠢᠭᠤᠨ᠎ᠤ ᠨᠤᠲᠤᠭ ᠳᠡᠪᠢᠰᠭᠡᠷ ᠳᠡᠭᠡᠷ᠎ᠡ ᠡᠷᠲᠡᠨ᠎ᠤ ᠰᠢᠪᠡᠭᠡ ᠦᠨᠳᠦᠰᠦᠲᠡᠨ ᠠᠮᠢᠳᠤᠷᠠᠬᠤ ᠪᠣᠯᠣᠮᠵᠢ ᠪᠠᠢ᠌ᠳᠠᠭ ᠪᠣᠯᠪᠠᠴᠤ ᠮᠣᠩᠭᠤᠯᠴᠤᠳ ᠣᠪᠤᠭ ᠠᠢ᠌ᠮᠠᠭ᠂ ᠤᠭᠰᠠᠭ᠎ᠠ ᠦᠨᠳᠦᠰᠦᠲᠡᠨ᠎ᠤ ᠨᠡᠷᠡᠢ᠌ᠳᠦᠯ ᠳᠡᠭᠡᠷ᠎ᠡ 《ᠳᠤ》 ᠳᠠᠭ᠋ᠠᠪᠤᠷᠢ ᠵᠠᠯᠭ᠋ᠠᠵᠤ ᠭᠠᠵᠠᠷ᠎ᠤᠨ ᠨᠡᠷ᠎ᠡ ᠪᠣᠯᠭ᠋ᠠᠳᠠᠭ ᠵᠠᠩᠰᠢᠯ ᠪᠠᠢ᠌ᠳᠠᠭ ᠦᠭᠡᠢ᠃ ᠲᠡᠭᠡᠬᠦ᠎ᠪᠠᠷ ᠲᠤᠰ ᠳᠦᠷᠪᠡᠨ ᠲᠠᠢ᠌ᠯᠪᠤᠷᠢ᠎ᠠᠴᠠ ᠨᠢᠭᠡ ᠬᠣᠶᠠᠳᠤᠭ᠋ᠠᠷ ᠵᠢ ᠭᠣᠣᠯᠴᠢᠯᠠᠵᠤ᠂ 《ᠰᠢᠪᠡᠭᠡᠲᠦ ᠠᠢ᠌ᠯ》᠎ᠤᠨ ᠨᠡᠷ᠎ᠡ ᠵᠢᠨ ᠢᠷᠡᠯᠲᠡ ᠪᠣᠯᠭ᠋ᠠᠵᠤ ᠲᠠᠢ᠌ᠯᠪᠤᠷᠢᠯᠠᠭᠰᠠᠨ ᠮᠢᠨᠢ ᠵᠦᠪ ᠡᠰᠡᠬᠦ ᠵᠢ ᠮᠡᠳᠡᠬᠦ ᠦᠭᠡᠢ ᠯᠠ ᠳ᠋ᠠ᠃ ᠭᠡᠪᠡᠴᠦ ᠪᠢ ᠠᠯᠳᠠᠷᠲᠤ ᠵᠣᠬᠢᠶᠠᠯᠴᠢ ᠴ᠊ · ᠳᠠᠮᠳᠢᠨᠰᠦᠢ᠍ᠷᠦᠩᠤᠨ 《ᠵᠤᠭ᠋ᠠᠴᠠᠷᠠ ᠮᠣᠷᠳᠠᠭᠰᠠᠨ᠎ᠨᠢ》 ᠰᠢᠯᠦᠭ᠎ᠲᠤ᠎ᠬᠢ 《ᠡᠯᠢᠭᠡᠨ ᠶᠡᠬᠡ ᠬᠠᠳᠠᠨ᠎ᠳᠤᠨᠢ ᠪᠦᠷᠭᠦᠳ ᠰᠢᠪᠠᠭᠤ ᠬᠠᠯᠢᠭᠰᠠᠨ / ᠡᠷᠭᠢ ᠵᠢᠯᠠᠭ᠎ᠠ ᠪᠦᠭᠦᠳᠡ᠎ᠳᠤᠨᠢ ᠠᠷᠢᠶᠠᠲᠠᠨ ᠭᠦᠷᠦᠭᠡᠰᠦ ᠰᠢᠪᠡᠭᠡᠯᠡᠭᠰᠡᠨ / ᠡᠶᠡᠯᠳᠡᠭ ᠠᠭᠤᠵᠢᠮ ᠲᠣᠬᠣᠢ᠎ᠳᠤᠨᠢ ᠠᠢ᠌ᠯ ᠮᠠᠯ ᠵᠶ᠋ᠡᠷ ᠳᠦᠭᠦᠷᠦᠭᠰᠡᠨ / ᠡᠯᠳᠡᠪ ᠵᠢᠮᠢᠰ᠎ᠤᠨ ᠮᠣᠳᠣ᠎ᠪᠠᠷ ᠡᠭᠡᠯ ᠪᠡᠶ᠎ᠡ᠎ᠨᠢ ᠬᠤᠴᠢᠭᠳᠠᠭᠰᠠᠨ》 ᠭᠡᠬᠦ ᠪᠠᠳᠠᠭ᠎ᠲᠤ᠎ᠬᠢ 《ᠰᠢᠪᠡᠭᠡᠯᠡᠬᠦ》 ᠭᠡᠬᠦ ᠤᠳᠬ᠎ᠠ᠎ᠪᠠᠷ ᠲᠠᠢ᠌ᠯᠪᠤᠷᠢᠯᠠᠬᠤ ᠳᠤᠷᠠᠲᠠᠢ ᠃ ᠤᠴᠢᠷ᠎ᠨᠢ ᠡᠨᠡ ᠲᠠᠢ᠌ᠯᠪᠤᠷᠢ᠂ ᠪᠠᠶᠠᠯᠢᠭ ᠰᠠᠢ᠌ᠬᠠᠨ ᠪᠠᠶᠠᠨᠲᠠᠯ᠎ᠠ ᠨᠤᠲᠤᠭ᠎ᠤᠨ ᠪᠠᠢ᠌ᠭ᠋ᠠᠯᠢ ᠲᠡᠦᠬᠡ᠎ᠲᠠᠢ ᠨᠡᠩ ᠲᠣᠬᠢᠷᠠᠯᠴᠠᠨ᠎ᠠ᠃ ᠮᠣᠩᠭᠤᠯᠴᠤᠳ ᠪᠢᠳᠡ ᠬᠦᠮᠦᠨ ᠠᠮᠢᠲᠠᠨ ᠣᠢ ᠮᠣᠳᠣᠨ᠎ᠳᠤ ᠬᠣᠷᠭᠤᠳᠠᠨ ᠣᠷᠣᠩᠨᠠᠬᠤ ᠪᠤᠶᠤ ᠡᠭᠦᠷᠯᠡᠬᠦ ᠵᠢ 《ᠰᠢᠪᠡᠭᠡᠯᠡᠬᠦ》 ᠭᠡᠳᠡᠭ᠃ ᠶᠠᠭ ᠡᠨᠡ 《ᠰᠢᠪᠡᠭᠡᠲᠦ》 ᠭᠡᠰᠡᠨ ᠠᠢ᠌ᠯ᠎ᠤᠨ ᠨᠡᠷ᠎ᠡ ᠪᠣᠯ ᠡᠨᠡ ᠨᠤᠲᠤᠭ ᠵᠢᠨ ᠣᠢ ᠰᠢᠭᠤᠢ ᠢᠭᠴᠤ ᠰᠠᠬᠤᠯᠢᠭ᠂ ᠪᠤᠭᠤ ᠵᠡᠭᠡᠷ᠎ᠡ 《ᠰᠢᠪᠡᠭᠡᠯᠡᠨ ᠣᠷᠣᠩᠨᠠᠭᠰᠠᠨ》 ᠪᠠᠢ᠌ᠭ᠋ᠠᠯᠢ ᠵᠢᠨ ᠲᠠᠩᠰᠤᠭ ᠣᠷᠣᠨ ᠪᠠᠢ᠌ᠭᠰᠠᠨᠤ ᠭᠡᠷᠡᠴᠢ ᠪᠢᠯᠡ᠃
ᠬᠡᠯᠡᠯᠭᠡᠨ ᠦᠭᠡᠢ ᠣᠳᠤᠬᠠᠨ᠎ᠤ ᠰᠢᠪᠡᠭᠡᠲᠦ ᠵᠢᠨ ᠠᠢ᠌ᠯ ᠲᠠᠪᠤᠨ ᠲᠠᠷᠢᠶ᠎ᠠ ᠬᠠᠯᠢᠭᠤᠷᠠᠭᠰᠠᠨ ᠠᠭᠤᠳᠠᠮᠬᠠᠨ ᠲᠠᠯ᠎ᠠ᠂ ᠬᠡᠳᠦᠨ ᠵᠠᠭᠤᠨ ᠡᠷᠦᠬᠡ ᠵᠢᠭᠳᠡᠷᠡᠯᠴᠡᠭᠰᠡᠨ ᠲᠣᠮᠤᠬᠠᠨ ᠲᠣᠰᠬᠤᠨ᠂ ᠦᠢ᠍ᠯᠡᠳᠪᠦᠷᠢ᠂ ᠮᠠᠯ᠂ ᠲᠠᠷᠢᠶᠠᠯᠠᠩ ᠵᠡᠷᠭᠡᠴᠡᠨ ᠬᠦᠭᠵᠢᠭᠰᠡᠨ ᠬᠦᠭᠵᠢᠯ ᠪᠠᠳᠠᠷᠠᠯ᠎ᠲᠠᠢ ᠰᠢᠨ᠎ᠡ ᠬᠦᠳᠡᠭᠡ ᠪᠤᠯᠤᠨ᠎ᠠ᠃ ᠠᠬᠤᠢ ᠪᠠᠢ᠌ᠭ᠋ᠠᠯᠢ᠂ ᠨᠡᠢ᠌ᠭᠡᠮ ᠠᠮᠢᠳᠤᠷᠠᠯ᠎ᠤᠨ ᠬᠤᠪᠢᠷᠠᠯᠲᠠ ᠬᠦᠭᠵᠢᠯᠲᠡ ᠵᠢ ᠳᠠᠭ᠋ᠠᠵᠤ᠂ ᠭᠠᠵᠠᠷ᠎ᠤᠨ ᠪᠠᠢ᠌ᠴᠠ᠂ ᠬᠦᠷᠦᠰᠦᠨ᠎ᠤ ᠪᠦᠷᠬᠦᠴᠡ ᠲᠠᠰᠤᠷᠠᠯᠲᠠ ᠦᠭᠡᠢ ᠬᠤᠪᠢᠷᠠᠳᠠᠭ᠎ᠤᠨ ᠰᠢᠯᠲᠠᠭ᠋ᠠᠨ ᠵᠶ᠋ᠠᠷ ᠰᠢᠭᠤᠢ ᠪᠠᠯᠠᠷᠠᠵᠤ᠂ ᠰᠢᠷ᠎ᠠ ᠬᠦᠷᠦᠰᠦ ᠲᠣᠳᠤᠷᠠᠵᠤ᠂ ᠰᠢᠵᠢᠷ ᠲᠠᠷᠢᠶ᠎ᠠ ᠬᠠᠯᠢᠭᠤᠷᠠᠭᠰᠠᠨ ᠦᠨᠦᠳᠦᠷ᠎ᠤᠨ ᠥᠩᠭᠡ ᠳᠦᠷᠰᠦ᠂ ᠥᠨᠥᠳᠦᠷ᠎ᠤᠨ ᠬᠠᠷᠠᠴᠠ᠎ᠪᠠᠷ ᠭᠠᠵᠠᠷ᠎ᠤᠨ ᠨᠡᠷᠡᠢ᠌ᠳᠦᠯ᠎ᠢ ᠲᠠᠢ᠌ᠯᠪᠤᠷᠢᠯᠠᠬᠤ᠎ᠨᠢ ᠠᠷᠠᠢ ᠵᠣᠬᠢᠰ ᠦᠭᠡᠢ ᠪᠣᠯᠪᠠ ᠦᠦ ᠭᠡᠵᠦ ᠪᠣᠳᠤᠭᠳᠠᠬᠤ ᠶᠣᠮ᠃ ᠰᠢᠪᠡᠭᠡᠲᠦ ᠵᠢᠨ ᠠᠢ᠌ᠯ᠎ᠤᠨ ᠦᠩᠭᠡᠷᠡᠭᠰᠡᠨ᠎ᠤ ᠥᠩᠭᠡ ᠳᠥᠷᠰᠦ ᠵᠢ 《ᠰᠢᠪᠡᠭᠡᠲᠦ》 ᠭᠡᠬᠦ ᠭᠠᠵᠠᠷ᠎ᠤᠨ ᠨᠡᠷᠡᠢ᠌ᠳᠦᠯ ᠦᠭᠦᠯᠡᠭᠡᠳ ᠪᠠᠢ᠌ᠭ᠎ᠠ ᠮᠡᠲᠦ᠃
ᠰᠢᠪᠡᠭᠡ ᠪᠣᠶᠣ ᠰᠢᠪᠡᠭᠡᠲᠦ ᠭᠡᠬᠦ ᠭᠠᠵᠠᠷ ᠣᠷᠣᠨ᠎ᠤ ᠨᠡᠷᠡᠢ᠌ᠳᠦᠯ ᠮᠣᠩᠭᠤᠯ ᠣᠷᠣᠨ᠎ᠳᠤ ᠵᠦᠩᠳᠡᠭᠡᠨ᠃ ᠰᠢᠯᠢ ᠵᠢᠨ ᠭᠣᠣᠯ᠎ᠤᠨ ᠬᠦᠪᠡᠭᠡᠲᠦ ᠰᠢᠷ᠎ᠠ ᠬᠣᠰᠢᠭᠤ᠂ ᠪᠠᠶᠠᠨᠨᠠᠭᠤᠷ ᠠᠢ᠌ᠮᠠᠭ᠎ᠤᠨ ᠤᠷᠠᠳ᠎ᠤᠨ ᠳᠤᠮᠳᠠᠳᠤ ᠬᠣᠰᠢᠭᠤ᠂ ᠬᠢᠩᠭ᠋ᠠᠨ ᠠᠢ᠌ᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠰᠢᠭᠤ᠂ ᠯᠢᠶᠣᠣᠨᠢᠩ ᠮᠣᠵᠢ ᠵᠢᠨ ᠹᠦᠰᠢᠨᠤ ᠮᠣᠩᠭᠤᠯ ᠦᠨᠳᠦᠰᠦᠲᠡᠨ᠎ᠤ ᠦᠪᠡᠷᠲᠡᠭᠡᠨ ᠵᠠᠰᠠᠬᠤ ᠰᠢᠶᠠᠨ᠂ ᠬᠦᠷᠢᠶ᠎ᠡ ᠬᠣᠰᠢᠭᠤ ᠵᠡᠷᠭᠡ ᠭᠠᠵᠠᠷ ᠣᠷᠣᠨ ᠵᠶ᠋ᠡᠷ ᠰᠢᠪᠡᠭᠡᠲᠦ ᠪᠣᠶᠣ ᠡᠷᠭᠢ ᠵᠢᠨ ᠰᠢᠪᠡᠭᠡ ᠭᠡᠬᠦ ᠨᠡᠷᠡᠢ᠌ᠳᠦᠯ᠎ᠲᠠᠢ ᠭᠠᠵᠠᠷ ᠣᠷᠣᠨ ᠪᠠᠢ᠌ᠳᠠᠭ᠃ ᠡᠭᠦᠨ᠎ᠳᠤ ᠡᠷᠭᠢ ᠵᠢᠨ ᠰᠢᠪᠡᠭᠡ ᠭᠡᠬᠦ ᠨᠡᠷᠡᠢ᠌ᠳᠦᠯ᠎ᠨᠢ ᠰᠢᠪᠡᠭᠡ ᠬᠠᠰᠢᠶ᠎ᠠ᠎ᠠᠴᠠ ᠢᠷᠡᠯᠲᠡ᠎ᠲᠠᠢ᠂ ᠪᠣᠰᠤᠳ ᠭᠠᠵᠠᠷ ᠣᠷᠣᠨ᠎ᠤ ᠰᠢᠪᠡᠭᠡᠲᠦ ᠭᠡᠳᠡᠭ᠎ᠨᠢ ᠮᠥᠨ ᠠᠩ ᠭᠦᠷᠦᠭᠡᠰᠦ ᠰᠢᠪᠡᠭᠡᠯᠡᠭᠰᠡᠨ ᠭᠡᠬᠦ ᠤᠳᠬ᠎ᠠ᠎ᠲᠠᠢ ᠶᠤᠮ ᠪᠣᠯᠪᠠ ᠦᠦ? ᠡᠰᠡᠭᠦᠯ᠎ᠡ ᠰᠢᠪᠡᠭᠡ ᠬᠠᠰᠢᠶ᠎ᠠ? ᠶᠠᠭᠤ ᠴᠦ᠍ ᠪᠣᠯᠣᠭᠰᠠᠨ ᠨᠠᠢ᠍ᠮᠠᠨ ᠬᠣᠰᠢᠭᠤᠨ᠎ᠤ ᠰᠢᠪᠡᠭᠡᠲᠦ ᠵᠢᠨ ᠠᠢ᠌ᠯ᠎ᠤᠨ ᠨᠡᠷ᠎ᠡ 《ᠰᠢᠪᠡᠭᠡᠯᠡᠬᠦ》 ᠭᠡᠬᠦ ᠦᠭᠡᠨ᠎ᠠᠴᠠ ᠢᠷᠡᠯᠲᠡ᠎ᠲᠠᠢ ᠭᠡᠳᠡᠭ᠎ᠢ ᠳᠠᠷᠠᠭ᠎ᠠ ᠦᠷᠲᠡᠭᠡ 《ᠵᠡᠭᠡᠷᠡᠲᠦ》 ᠨᠡᠷ᠎ᠡ᠎ᠲᠠᠢ ᠠᠢ᠌ᠯ ᠲᠠᠨ᠎ᠳᠤ ᠬᠠᠷᠢᠭᠤᠯᠲᠠ ᠦᠭᠭᠦᠨ᠎ᠡ᠃
ᠵᠡᠭᠡᠷᠳᠡ (ᠵᠡᠭᠡᠷᠡᠲᠦ)᠃ ᠰᠢᠪᠡᠭᠡᠲᠦ ᠵᠢᠨ ᠠᠢ᠌ᠯ᠎ᠤᠨ ᠵᠡᠷᠭᠡᠯᠡᠳᠡᠭᠡ ᠵᠡᠭᠡᠷᠡᠲᠦ ᠵᠢᠨ ᠠᠢ᠌ᠯ ᠭᠡᠵᠤ ᠪᠠᠢ᠌ᠳᠠᠭ᠃ ᠲᠤᠰ ᠠᠢ᠌ᠯ᠎ᠳᠤ ᠬᠢᠲᠠᠳ ᠮᠣᠩᠭᠤᠯ ᠬᠣᠯᠢᠯᠳᠣᠨ ᠰᠠᠭᠤᠷᠢᠰᠢᠵᠠᠢ᠃ ᠲᠣᠰᠬᠣᠨ᠎ᠤ ᠺᠠᠳ᠋ᠷ᠎ᠤᠨ ᠠᠯᠪᠠᠯᠠᠬᠤ ᠭᠠᠵᠠᠷ ᠬᠦᠷᠬᠦ᠎ᠳᠤ ᠬᠢᠲᠠᠳ ᠮᠣᠩᠭᠤᠯ ᠦᠰᠦᠭ ᠵᠶ᠋ᠡᠷ 《 ᠪᠠᠶᠠᠨᠲᠠᠯ᠎ᠠ ᠰᠤᠮᠤ ᠵᠢᠨ ᠵᠡᠭᠡᠷᠳᠡ ᠲᠣᠰᠬᠤᠨ᠎ᠤ ᠲᠤᠰᠬᠤᠨ᠎ᠤ ᠶᠠᠪᠤᠳᠠᠯ᠎ᠳᠤ ᠬᠢᠨᠠᠯᠲᠠ ᠲᠠᠯᠪᠢᠬᠤ ᠵᠦᠪᠯᠡᠯ》 《ᠪᠠᠶᠠᠨᠲᠠᠯ᠎ᠠ ᠰᠤᠮᠤ ᠵᠢᠨ ᠵᠡᠭᠡᠷᠳᠡ ᠲᠤᠰᠬᠤᠨ᠎ᠤ ᠲᠤᠰᠬᠤᠨ᠎ᠤ ᠠᠷᠠᠳ᠎ᠤᠨ ᠵᠦᠪᠯᠡᠯ》᠂ 《ᠵᠡᠭᠡᠷᠳᠡ ᠲᠤᠰᠬᠤᠨ᠎ᠤ ᠨᠠᠮ᠎ᠤᠨ ᠡᠭᠦᠷ》 ᠭᠡᠰᠡᠨ ᠪᠢᠴᠢᠭᠡᠰᠦ ᠳᠤᠷᠠᠢ᠌ᠵᠤ ᠬᠠᠷᠠᠭᠳᠠᠨ᠎ᠠ᠃ ᠲᠤᠰ ᠭᠠᠵᠠᠷ ᠵᠡᠭᠡᠷᠳᠡ ᠮᠣᠷᠢᠲᠠᠢ ᠬᠣᠯᠪᠤᠭᠳᠠᠭᠰᠠᠨ ᠲᠡᠦᠬᠡᠨ ᠳᠣᠮᠣᠭ ᠪᠣᠢ ᠦᠦ? ᠲᠤᠰᠬᠤᠨ᠎ᠤ ᠨᠡᠷ᠎ᠡ ᠶᠠᠭᠤᠨ᠎ᠤ ᠢᠷᠡᠯᠲᠡ᠎ᠲᠠᠢ ᠶᠤᠮ ᠪᠣᠯ? ᠭᠡᠵᠤ ᠰᠣᠨᠢᠭᠤᠴᠢᠯᠠᠨ ᠠᠰᠠᠭᠤᠬᠤ᠎ᠳᠤ᠂ ᠲᠤᠰᠬᠤᠨ᠎ᠤ ᠵᠠᠯᠠᠭᠤᠬᠠᠨ ᠺᠠᠳ᠋ᠷ᠄ 《ᠮᠡᠳᠡᠬᠦ ᠦᠭᠡᠢ ᠶᠤᠮ ᠡ᠂ ᠪᠠᠷᠤᠭ ᠵᠡᠭᠡᠷᠳᠡ ᠮᠣᠷᠢᠲᠠᠢ ᠬᠣᠯᠪᠣᠭᠳᠠᠬᠤ ᠦᠯᠢᠭᠡᠷ ᠪᠠᠢ᠌ᠭᠰᠠᠨ ᠪᠠᠢ᠌ᠬᠤ》 ᠭᠡᠪᠡ᠃ ᠵᠡᠭᠡᠷᠲᠡ ᠮᠣᠷᠢᠲᠠᠢ ᠬᠣᠯᠪᠤᠭᠳᠠᠭᠰᠠᠨ ᠶᠠᠮᠠᠷ ᠰᠠᠢ᠌ᠬᠠᠨ ᠦᠯᠢᠭᠡᠷ ᠳᠣᠮᠣᠭ ᠪᠠᠢ᠌ᠳᠠᠭ ᠶᠤᠮ ᠪᠣᠯ?
ᠪᠤᠴᠠᠬᠤ ᠵᠠᠮ᠎ᠳᠤ᠎ᠪᠠᠨ ᠪᠢ 《ᠰᠢᠪᠡᠭᠡᠲᠦ》᠂ 《ᠵᠡᠭᠡᠷᠡᠲᠦ》᠂ 《ᠪᠤᠭᠤᠲᠤ》 ᠭᠤᠷᠪᠠᠭᠤᠯᠠ ᠬᠣᠯᠪᠣᠭᠳᠠᠯ᠎ᠲᠠᠢ ᠪᠠᠢ᠌ᠮᠠᠷ ᠭᠡᠵᠤ ᠲᠠᠭ᠋ᠠᠮᠠᠭᠯᠠᠨ ᠪᠣᠳᠣᠯ᠎ᠠ᠃ ᠵᠡᠭᠡᠷᠳᠡ (ᠵᠡᠭᠡᠷᠡᠲᠦ) ᠵᠢᠨ ᠠᠢ᠌ᠯ᠎ᠠᠴᠠ ᠵᠡᠭᠦᠨᠰᠢ ᠲᠦᠢ᠍ᠮᠡᠷ ᠲᠦᠩ᠂ ᠬᠣᠩᠬᠣᠷ ᠲᠦᠩ ᠵᠡᠷᠭᠡ ᠣᠢ ᠰᠢᠭᠤᠢ ᠢᠭᠴᠤ ᠰᠠᠬᠤᠯᠢᠭ ᠪᠠᠯᠠᠷ ᠲᠦᠩ᠎ᠲᠠᠢ ᠭᠠᠵᠠᠷ ᠪᠠᠢ᠌ᠭᠰᠠᠨ᠎ᠢ ᠭᠡᠷᠡᠴᠢᠯᠡᠬᠦ ᠠᠢ᠌ᠯ ᠲᠤᠰᠬᠤᠨ᠎ᠤ ᠨᠡᠷᠡᠢ᠌ᠳᠦᠯ ᠪᠠᠢ᠌ᠳᠠᠭ᠃ ᠵᠡᠭᠡᠷᠡᠲᠦ ᠵᠢᠨ ᠠᠢ᠌ᠯ᠎ᠤᠨ ᠨᠡᠷᠡᠢ᠌ᠳᠦᠯ᠎ᠨᠢ ᠮᠣᠷᠢᠨ᠎ᠤ ᠵᠢᠰᠤᠮ ᠵᠡᠭᠡᠷᠳᠡ ᠪᠢᠰᠢ᠂ ᠬᠠᠷᠢᠨ ᠪᠣᠭᠣ ᠵᠡᠭᠡᠷ᠎ᠡ ᠵᠢᠨ ᠵᠡᠭᠡᠷ᠎ᠡ ᠪᠣᠯᠬᠣ ᠵᠢ ᠡᠷᠭᠢᠨ ᠲᠣᠭᠣᠷᠢᠨᠤᠬᠢᠨᠢ ᠠᠢ᠌ᠯ ᠲᠤᠰᠬᠤᠨ᠎ᠤ ᠨᠡᠷᠡᠢ᠌ᠳᠦᠯ ᠭᠡᠷᠡᠴᠢᠯᠡᠨ᠎ᠡ᠃ ᠨᠤᠲᠤᠭ ᠪᠠᠢ᠌ᠭ᠋ᠠᠯᠢ ᠵᠢᠨ ᠲᠠᠩᠰᠤᠭ ᠰᠠᠢ᠌ᠬᠠᠨ᠎ᠤ ᠭᠡᠷᠡᠴᠢ ᠪᠣᠯᠤᠭᠰᠠᠨ ᠡᠨᠡ ᠰᠠᠢ᠌ᠬᠠᠨ ᠨᠡᠷᠡᠢ᠌ᠳᠦᠯ ᠲᠡᠷᠡ ᠴᠢᠭ ᠵᠶ᠋ᠡᠷ ᠵᠶ᠋ᠡᠨ ᠨᠠᠢ᠍ᠮᠠᠨ ᠨᠤᠲᠤᠭ᠎ᠤᠨ ᠪᠠᠢ᠌ᠭ᠋ᠠᠯᠢ ᠭᠠᠵᠠᠷ ᠵᠦᠢ ᠵᠢᠨ ᠲᠡᠦᠬᠡ ᠮᠥᠨ᠃ ᠦᠦᠬᠡ ᠲᠡᠦᠬᠡ ᠶᠠᠭᠤ ᠪᠣᠯ? ᠦᠨᠡᠨ ᠮᠦᠷᠳᠡᠯᠡᠭᠡ ᠶᠠᠭᠤ ᠪᠣᠯ? ᠭᠡᠵᠤ ᠪᠣᠳᠣᠯᠭ᠋ᠠᠰᠢᠷᠠᠨ ᠬᠠᠮᠲᠤ ᠠᠶᠠᠯᠠᠭᠰᠠᠨ ᠣᠯᠠᠨ᠎ᠤ᠎ᠪᠠᠨ ᠠᠷᠤ᠎ᠠᠴᠠ ᠭᠡᠯᠲᠦᠷᠢᠭᠰᠡᠭᠡᠷ ᠶᠠᠪᠤᠬᠤ᠎ᠳᠤ 《ᠵᠡᠭᠡᠷ᠎ᠡ ᠲᠠᠭᠰᠢᠭᠰᠠᠨ ᠭᠤᠪᠢ᠎ᠨᠢ ᠵᠡᠷᠭᠡᠯᠭᠡᠨ ᠳᠤᠮᠳᠠ᠎ᠪᠠᠨ ᠪᠤᠳᠠᠩ᠎ᠲᠠᠢ᠂ ᠵᠢᠩᠬᠢᠨᠢ ᠠᠮᠠᠷᠠᠭ ᠬᠣᠶᠠᠷ᠎ᠨᠢ ᠰᠡᠳᠭᠢᠯ ᠳᠤᠮᠳᠠ᠎ᠪᠠᠨ ᠪᠤᠳᠠᠩ᠎ᠲᠠᠢ》 ᠭᠡᠬᠦ 《ᠴᠣᠢ᠌ᠳᠠᠷ ᠨᠣᠷᠵᠢᠨ ᠬᠣᠶᠠᠷ》 ᠭᠡᠬᠦ ᠺᠢᠨᠤ᠋ ᠵᠢᠨ ᠳᠠᠭᠤᠤ ᠬᠠᠮᠢᠭ᠎ᠠ ᠨᠢᠭᠡ ᠵᠦᠭ᠎ᠠᠴᠠ ᠮᠢᠨᠦ ᠵᠦᠭ ᠤᠶᠠᠩᠭ᠋ᠠᠷᠠᠭ᠋ᠠᠳ ᠨᠠᠭ᠋ᠠᠰᠢᠯᠠᠬᠤ ᠰᠢᠭ᠋᠃ ᠡᠨᠡ ᠰᠠᠢ᠌ᠬᠠᠨ ᠢᠨᠠᠭ᠎ᠤᠨ ᠳᠠᠭᠤᠤ 《ᠵᠡᠭᠡᠷᠡᠲᠦ》 ᠵᠢᠨ ᠠᠢ᠌ᠯ᠎ᠲᠠᠢ ᠶᠠᠮᠠᠷ ᠬᠣᠯᠪᠣᠭᠳᠠᠯ ᠪᠠᠢ᠌ᠬᠤ ᠪᠢᠯᠡ? ᠭᠡᠵᠤ ᠪᠣᠳᠣᠭ᠋ᠠᠳ ᠦᠪᠡᠷ᠎ᠢ᠎ᠪᠠᠨ ᠳᠣᠭᠣᠭᠢᠯᠠᠭᠰᠠᠭ᠋ᠠᠷ ᠨᠢᠭᠡ ᠮᠡᠳᠡᠬᠦ᠎ᠳᠤ ᠬᠦᠮᠦᠰ ᠮᠠᠰᠢᠨᠳᠤ᠎ᠪᠠᠨ ᠭᠠᠷᠴᠤ ᠨᠦᠭᠦᠭᠡ ᠲᠣᠰᠬᠣᠨ ᠵᠦᠭ ᠮᠣᠷᠳᠠᠬᠤ᠎ᠪᠠᠷ ᠪᠡᠯᠡᠬᠡᠨ ᠪᠣᠯᠪᠠ᠃ ᠵᠠᠮ ᠵᠠᠭᠤᠷ᠎ᠠ ᠨᠦᠭᠦᠭᠡ ᠯᠠ 《ᠵᠡᠭᠡᠷ᠎ᠡ ᠲᠠᠭᠰᠢᠭᠰᠠᠨ ᠭᠤᠪᠢ᠎ᠨᠢ》 ᠭᠡᠬᠦ ᠳᠠᠭᠤᠤ ᠵᠢᠨ ᠠᠶ᠎ᠠ ᠪᠣᠳᠣᠭᠳᠠᠭᠰᠠᠭ᠋ᠠᠷ ᠯᠠ ᠪᠠᠢ᠌ᠪᠠ᠃ ᠲᠡᠷᠡ ᠡᠳᠦᠷ᠎ᠤᠨ ᠪᠠᠶᠠᠨᠲᠠᠯ᠎ᠠ ᠵᠢᠨ ᠭᠤᠪᠢ ᠪᠤᠳᠠᠩ ᠦᠭᠡᠢ ᠲᠤᠩᠭ᠋ᠠᠯᠠᠭ᠃ ᠪᠢ ᠮᠠᠰᠢᠨ᠎ᠤ ᠴᠣᠩᠬᠣ᠎ᠪᠠᠷ ᠪᠠᠷᠠᠯᠠᠬᠤ᠎ᠳᠤ᠎ᠪᠠᠨ ᠬᠠᠮᠢᠭ᠎ᠠ ᠨᠢᠭᠡ ᠭᠠᠵᠠᠷ᠎ᠠᠴᠠ ᠰᠦᠷᠦᠭ ᠵᠡᠭᠡᠷ᠎ᠡ ᠵᠢᠷᠪᠢᠯᠵᠡᠨ ᠦᠩᠭᠡᠷᠡᠬᠦ ᠬᠠᠷᠠᠭᠳᠠᠪᠠᠯ ᠶᠠᠭᠤᠲᠠᠢ ᠰᠠᠢ᠌ᠬᠠᠨ ᠭᠡᠵᠤ ᠬᠦᠰᠡᠯᠡᠩ᠎ᠤᠨ ᠰᠠᠢ᠌ᠬᠠᠨ᠎ᠳᠤ ᠱᠤᠮᠪᠠᠵᠤ ᠶᠠᠪᠤᠯ᠎ᠠ᠃
ᠪᠣᠭᠲᠣ (ᠪᠣᠭᠣ᠎ᠲᠤ)᠃ ᠪᠤᠭᠲᠤ ᠵᠢᠨ ᠠᠢ᠌ᠯ᠎ᠤᠨ ᠨᠡᠷ᠎ᠡ ᠵᠢᠨ ᠢᠷᠡᠯᠲᠡ ᠵᠢᠨ ᠲᠤᠬᠠᠢ ᠡᠢ᠌ᠮᠦ ᠨᠢᠭᠡ ᠰᠠᠢ᠌ᠬᠠᠨ ᠳᠣᠮᠣᠭ ᠪᠠᠢ᠌ᠳᠠᠭ᠃ ᠤᠷᠢᠳᠦ᠎ᠳᠤ ᠨᠠᠢ᠍ᠮᠠᠨ ᠬᠣᠰᠢᠭᠤᠨ᠎ᠤ ᠸᠠᠩ᠎ᠤᠨ ᠣᠢ᠌ᠷ᠎ᠠ ᠲᠦᠷᠦᠯ ᠪᠣᠯᠬᠣ ᠤᠯᠠᠭ᠋ᠠᠨ ᠵᠢᠩᠰᠡᠲᠠᠢ ᠨᠣᠶᠠᠨ᠎ᠨᠢ ᠣᠳᠣ ᠵᠢᠨ ᠪᠣᠭ᠎ᠲᠤ ᠭᠠᠴᠠᠭ᠎ᠠ ᠵᠢᠨ ᠨᠣᠶᠠᠨ᠎ᠤ ᠨᠤᠲᠤᠭ ᠭᠡᠳᠡᠭ ᠭᠠᠵᠠᠷ ᠨᠤᠲᠤᠭᠯᠠᠵᠤ ᠪᠠᠢ᠌ᠵᠠᠢ᠃ ᠲᠤᠰ ᠨᠣᠶᠠᠨ 《ᠨᠢᠳᠦ ᠵᠢ᠎ᠨᠢ ᠵᠢᠭ᠋ᠠᠪᠠᠯ ᠬᠠᠮᠠᠷ᠎ᠢ᠎ᠨᠢ ᠣᠨᠣᠭ᠋ᠠᠳᠠᠭ ᠦᠭᠡᠢ ᠴᠡᠴᠡᠨ ᠫᠣᠣᠴᠢ ᠪᠠᠢ᠌ᠵᠠᠢ᠃ ᠨᠢᠭᠡᠨ ᠤᠳᠠᠭ᠎ᠠ ᠠᠪᠠ᠎ᠳᠤ ᠭᠠᠷᠬᠤ᠎ᠳᠤ ᠲᠠᠰ ᠰᠢᠪᠠᠭᠤ ᠲᠠᠭ᠋ᠠᠷᠠᠯᠳᠤᠪᠠ ᠭᠡᠨ᠎ᠡ᠃ ᠮᠡᠷᠭᠡᠨ ᠫᠤᠤᠴᠢ ᠵᠡᠭᠦᠨ ᠨᠢᠳᠦ᠎ᠪᠠᠷ ᠵᠶ᠋ᠡᠨ ᠣᠨᠢᠯᠠᠵᠤ ᠬᠠᠷᠪᠤᠭ᠋ᠠᠳ ᠣᠨᠣᠭ᠋ᠠᠵᠤ ᠳᠡᠢ᠌ᠯᠦᠭᠰᠡᠨ ᠦᠭᠡᠢ᠂ ᠪᠠᠷᠠᠭᠤᠨ ᠨᠢᠳᠦ᠎ᠪᠠᠷ ᠵᠶ᠋ᠡᠨ ᠣᠨᠢᠯᠠᠵᠣ ᠬᠠᠷᠪᠤᠭᠰᠠᠨ ᠴᠢᠨᠢ ᠨᠢᠭᠡ ᠯᠠ ᠦᠳᠦ ᠵᠢ᠎ᠨᠢ ᠤᠨᠠᠭ᠋ᠠᠪᠠ ᠭᠡᠨ᠎ᠡ᠃ ᠲᠠᠰ᠎ᠢ ᠬᠠᠷᠪᠤᠭ᠋ᠠᠳ 《ᠰᠡᠪᠳᠦᠭᠰᠡᠨ》 ᠶᠤᠮ ᠦᠦ? ᠬᠣᠯᠠ ᠣᠢ᠌ᠷ᠎ᠠ᠎ᠳᠤ᠎ᠪᠠᠨ ᠠᠯᠳᠠᠷᠲᠠᠢ ᠮᠡᠷᠭᠡᠨ ᠫᠣᠣᠴᠢ ᠣᠨᠣᠭ᠋ᠠᠵᠤ ᠳᠡᠢ᠌ᠯᠦᠭᠰᠡᠨ ᠦᠭᠡᠢ᠎ᠳᠤ᠎ᠪᠠᠨ ᠬᠡᠲᠦᠷᠬᠡᠢ ᠵᠣᠪᠠᠭᠰᠠᠨ᠎ᠠᠴᠠ ᠪᠣᠯᠣᠭᠰᠠᠨ ᠶᠤᠮ ᠦᠦ? ᠪᠣᠣ ᠮᠡᠳᠡ᠃ ᠲᠡᠭᠦᠨ᠎ᠠᠴᠠ ᠬᠣᠢ᠌ᠰᠢ ᠨᠣᠶᠠᠨ ᠮᠠᠭᠤ ᠡᠪᠡᠳᠴᠢᠨ᠎ᠳᠤ ᠨᠡᠷᠪᠡᠭᠳᠡᠭᠡᠳ ᠵᠠᠰᠠᠪᠤᠷᠢ ᠠᠪᠤᠭᠰᠠᠨ ᠦᠭᠡᠢ ᠲᠠᠭ᠋ᠠᠯᠠᠯ ᠪᠤᠯᠵᠠᠢ᠃ ᠰᠡᠭᠦᠯᠡᠷ᠎ᠨᠢ ᠡᠳᠦᠷ ᠪᠦᠷᠢ ᠪᠦᠷᠦᠢ ᠲᠠᠰᠤᠷᠠᠬᠤ ᠦᠶ᠎ᠡ᠎ᠪᠠᠷ ᠨᠣᠶᠠᠨ᠎ᠤ ᠭᠡᠷ᠎ᠢ ᠲᠣᠭᠣᠷᠢᠭ᠋ᠠᠳ ᠬᠦᠷᠴᠢᠭᠢᠨᠡᠵᠦ ᠳᠦᠷᠴᠢᠭᠢᠨᠡᠭᠡᠳ ᠲᠡᠷᠭᠡ ᠤᠨᠣᠭᠠ ᠨᠠᠭ᠋ᠠᠰᠢ ᠴᠠᠭ᠋ᠠᠰᠢ ᠶᠠᠪᠤᠵᠤ ᠪᠠᠢ᠌ᠭ᠎ᠠ ᠰᠢᠭ᠋ ᠪᠣᠯᠬᠣᠷ ᠡᠮᠡᠰ ᠬᠡᠦᠬᠡᠳ᠎ᠨᠢ ᠠᠶᠤᠭ᠋ᠠᠳ ᠨᠡᠭᠦᠭᠡᠳ ᠶᠠᠪᠤᠴᠢᠬᠠᠭᠰᠠᠨ ᠭᠡᠨ᠎ᠡ᠃ ᠨᠣᠶᠠᠨ ᠪᠣᠭ ᠪᠣᠰᠴᠢᠬᠠᠯᠠ ᠭᠡᠳ ᠠᠢ᠌ᠯ ᠠᠢ᠌ᠮᠠᠭ᠎ᠤᠨ ᠬᠦᠮᠦᠰ᠎ᠨᠢ ᠴᠦ᠍ ᠠᠶᠤᠵᠤ ᠵᠢᠷᠦᠬᠡᠰᠢᠶᠡᠭᠡᠳ ᠪᠠᠢ᠌ᠳᠠᠭ ᠪᠣᠯᠬᠣᠷ ᠯᠠᠮᠠ ᠭᠡᠭᠡᠨ ᠵᠠᠯᠠᠵᠤ ᠳᠣᠯᠣᠭ᠎ᠠ ᠳᠣᠯᠣᠭ᠎ᠠ ᠳᠦᠴᠢ ᠶᠢᠰᠦᠨ ᠬᠣᠨᠣᠭ ᠨᠣᠮ ᠭᠦᠷᠢᠮ ᠤᠩᠰᠢᠭᠤᠯᠤᠭ᠋ᠠᠳ ᠰᠠᠶᠢ ᠪᠣᠭ ᠪᠣᠰᠬᠤ᠎ᠪᠠᠨ ᠪᠣᠯᠢᠭᠰᠠᠨ ᠭᠡᠨ᠎ᠡ᠃ ᠲᠡᠭᠦᠨ᠎ᠠᠴᠠ ᠠᠪᠤᠭ᠋ᠠᠳ ᠲᠤᠰ ᠠᠢ᠌ᠯᠢ 《ᠪᠤᠭᠲᠤ ᠵᠢᠨ ᠠᠢ᠌ᠯ》 ᠭᠡᠳᠡᠭ ᠪᠣᠯᠵᠠᠢ᠃ ᠡᠢ᠌ᠮᠦ ᠰᠠᠢ᠌ᠬᠠᠨ ᠨᠤᠲᠤᠭ᠎ᠲᠤ ᠡᠢ᠌ᠮᠦ ᠨᠢᠭᠡ ᠦᠯᠢᠭᠡᠷ ᠳᠡᠯᠭᠡᠷᠡᠨ᠎ᠡ ᠭᠡᠭᠴᠢ ᠨᠢᠭᠡᠨ ᠴᠠᠭ ᠦᠶ᠎ᠡ ᠵᠢᠨ ᠬᠦᠮᠦᠨ ᠠᠷᠠᠳ᠎ᠤᠨ ᠲᠠᠨᠢᠯᠲᠠ᠂ ᠰᠡᠳᠭᠢᠬᠦᠢ᠂ ᠰᠣᠶᠣᠯ ᠠᠷᠠᠨᠰᠢᠨ᠎ᠤ ᠢᠯᠡᠷᠡᠯ ᠪᠠᠢ᠌ᠵᠠᠢ᠃ ᠪᠤᠭᠲᠤ ᠪᠢᠰᠢ᠂ ᠪᠣᠭᠤᠲᠤ ᠪᠠᠢ᠌ᠬᠤ ᠶᠣᠰᠣᠲᠠᠢ ᠭᠡᠵᠤ ᠪᠢ ᠪᠣᠳᠣᠳᠠᠭ᠂ ᠬᠦᠰᠡᠳᠡᠭ᠃
ᠪᠣᠭᠤᠲᠤ ᠭᠡᠵᠤ ᠪᠣᠭᠣ᠎ᠲᠠᠢ ᠭᠠᠵᠠᠷ᠎ᠢ ᠨᠡᠷᠡᠢ᠌ᠳᠦᠭᠰᠡᠨ ᠰᠠᠢ᠌ᠬᠠᠨ ᠯᠠ ᠨᠡᠷ᠎ᠡ᠃ ᠮᠣᠨᠢ ᠠᠭᠤᠯᠠᠨ᠎ᠤ ᠡᠩᠭᠡᠷ᠎ᠲᠤ ᠮᠠᠨᠳᠤᠯ ᠬᠦᠭᠵᠢᠯ᠎ᠤᠨ ᠭᠢᠯᠪᠠᠭ᠎ᠠ᠎ᠪᠠᠨ ᠰᠠᠴᠤᠷᠠᠭᠤᠯᠤᠭᠰᠠᠨ ᠪᠣᠭᠣᠲᠣ ᠭᠡᠳᠡᠭ ᠲᠣᠮᠣ ᠬᠣᠲᠠ ᠪᠠᠢ᠌ᠨ᠎ᠠ ᠭᠡᠬᠦᠯᠡᠷ ᠤᠯᠠᠭ᠋ᠠᠨᠬᠠᠳᠠ ᠲᠦᠩᠯᠢᠶᠣᠣ ᠵᠢᠨ ᠳᠤᠮᠳᠠᠬᠢ ᠠᠤᠬᠠᠨ ᠬᠣᠰᠢᠭᠤ᠂ ᠨᠠᠢ᠍ᠮᠠᠨ ᠬᠣᠰᠢᠭᠤ ᠬᠣᠶᠠᠷ ᠬᠣᠰᠢᠭᠤᠨ᠎ᠳᠤ ᠴᠦ᠍ ᠪᠤᠭᠤᠲᠤ ᠭᠡᠬᠦ ᠰᠠᠢ᠌ᠬᠠᠨ ᠨᠡᠷᠡᠢ᠌ᠳᠦᠯ᠎ᠲᠠᠢ ᠠᠢ᠌ᠯ ᠲᠤᠰᠬᠤᠨ ᠪᠠᠢ᠌ᠳᠠᠭ ᠶᠤᠮ᠃ ᠠᠤᠬᠠᠨ ᠬᠣᠰᠢᠭᠤᠨ᠎ᠤ ᠪᠤᠭᠤᠲᠤ ᠵᠢᠨ ᠠᠢ᠌ᠯ᠎ᠨᠢ ᠨᠠᠢ᠍ᠮᠠᠨ ᠬᠣᠰᠢᠭᠤᠨ᠎ᠤ ᠲᠦᠪ ᠳᠠᠴᠢᠨᠲᠠᠯ᠎ᠠ᠎ᠠᠴᠠ ᠪᠠᠷᠠᠭᠤᠨ ᠡᠮᠦᠨ᠎ᠡ ᠵᠠᠭᠤ ᠢᠯᠡᠭᠦᠦ ᠺᠢᠯᠤᠮᠧᠲᠷ᠎ᠤᠨ ᠵᠠᠢᠲᠠᠢ ᠪᠠᠢ᠌ᠷᠢᠯᠠᠵᠤ᠂ ᠨᠠᠢ᠍ᠮᠠᠨ ᠬᠣᠰᠢᠭᠤᠨ᠎ᠤ ᠪᠤᠭᠤᠲᠤ᠎ᠨᠢ ᠳᠠᠴᠢᠨᠲᠠᠯ᠎ᠠ᠎ᠠᠴᠠ ᠵᠡᠭᠦᠨ ᠬᠣᠢ᠌ᠲᠠᠢ 60 ᠺᠢᠯᠤᠮᠧᠲᠷ ᠵᠠᠢ᠌ᠲᠠᠢ ᠪᠠᠢ᠌ᠷᠢᠯᠠᠳᠠᠭ᠃ ᠪᠣᠭᠣᠲᠣ ᠵᠢᠨ ᠠᠢ᠌ᠯ᠎ᠤᠨ᠎ᠬᠢᠨ ᠪᠣᠰᠤᠳ ᠬᠡᠳᠦᠨ ᠬᠦᠷᠰᠢ ᠠᠢ᠌ᠯᠲᠠᠢᠪᠠᠨ ᠠᠳᠠᠯᠢ᠎ᠪᠠᠷ ᠮᠠᠯᠵᠢᠬᠤ ᠲᠠᠷᠢᠶᠠᠯᠠᠬᠤ ᠵᠢ ᠬᠣᠣᠰᠯᠠᠭᠤᠯᠵᠤ ᠠᠮᠢᠳᠤᠷᠠᠵᠤ ᠪᠠᠢ᠌ᠳᠠᠭ᠃ ᠭᠠᠵᠠᠷ ᠨᠤᠲᠤᠭ᠎ᠨᠢ ᠮᠠᠩᠬ᠎ᠠ᠎ᠪᠠᠷ ᠭᠣᠣᠯᠯᠠᠵᠤ ᠪᠠᠢ᠌ᠭ᠎ᠠ ᠪᠣᠯᠬᠣᠷ ᠨᠠᠢ᠍ᠮᠠᠨ ᠬᠣᠰᠢᠭᠤᠨ᠎ᠤ ᠵᠤᠭ᠋ᠠᠴᠠᠯ᠎ᠤᠨ ᠦᠢ᠍ᠯᠡᠰ ᠬᠦᠭᠵᠢᠭᠦᠯᠬᠦ ᠲᠦᠯᠦᠪᠯᠡᠭᠡ᠎ᠳᠤ ᠣᠷᠣᠵᠣ᠂ ᠣᠳᠣ ᠤᠯᠤᠰ᠎ᠤᠨ A ᠳᠡᠰ᠎ᠤᠨ ᠵᠤᠭ᠋ᠠᠴᠠᠯ᠎ᠤᠨ ᠣᠷᠣᠨ ᠪᠣᠯᠵᠤ ᠬᠦᠭᠵᠢᠭᠡᠳ ᠬᠣᠯᠠ ᠣᠢ᠌ᠷ᠎ᠠ ᠵᠢᠨ ᠬᠦᠮᠦᠰ᠎ᠤᠨ ᠠᠩᠬᠠᠷᠤᠯ᠎ᠢ ᠲᠠᠲᠠᠭ᠋ᠠᠳ 《ᠨᠠᠢ᠍ᠮᠠᠨ ᠬᠣᠰᠢᠭᠤᠨ᠎ᠤ ᠪᠣᠭᠤᠲᠤ ᠵᠢᠨ ᠮᠠᠩᠬᠠᠨ᠎ᠤ ᠵᠤᠭ᠋ᠠᠴᠠᠯ᠎ᠤᠨ ᠭᠠᠵᠠᠷ》 ᠭᠡᠬᠦ ᠠᠯᠳᠠᠷ ᠤᠯᠤᠰ ᠳᠠᠶᠠᠭ᠋ᠠᠷ ᠮᠠᠨᠳᠤᠪᠠ᠃ ᠪᠦᠬᠦ ᠤᠯᠤᠰ᠎ᠤᠨ ᠬᠡᠪᠴᠢᠶᠡᠨ᠎ᠤ ᠠᠯᠳᠠᠷᠲᠤ ᠰᠡᠭᠦᠳᠡᠷᠯᠡᠭᠴᠢᠳ ᠬᠡᠳᠦᠨᠳᠡ ᠮᠣᠷᠢᠯᠠᠵᠤ᠂ ᠲᠦᠪ ᠲᠧᠯᠧᠢ᠍ᠰᠤᠨᠬᠢᠨ ᠬᠡᠳᠦᠨᠲᠡ ᠰᠠᠭ᠋ᠠᠲᠠᠵᠤ᠂ ᠲᠣᠮᠣ ᠬᠡᠪᠴᠢᠶᠡᠨ᠎ᠤ ᠬᠣᠰᠢᠭᠤᠨ ᠨᠠᠢ᠌ᠷ ᠬᠡᠳᠦᠨᠲᠡ ᠶᠠᠪᠤᠭᠳᠠᠪᠠ᠃ ᠪᠣᠭᠣ ᠤᠷᠤᠮᠳᠠᠵᠤ ᠵᠡᠭᠡᠷ᠎ᠡ ᠲᠠᠭᠰᠢᠭᠰᠠᠨ ᠪᠣᠭᠤᠲᠤ ᠵᠢᠨ ᠨᠤᠲᠤᠭ ᠦᠨᠦᠳᠦᠷ ᠪᠣᠭᠣ ᠭᠦᠷᠦᠭᠡᠰᠦ᠎ᠪᠠᠷ ᠪᠢᠰᠢ᠂ ᠪᠣᠭᠣᠷᠣᠯ ᠮᠠᠩᠬ᠎ᠠ᠎ᠪᠠᠷ ᠦᠪᠡᠷᠮᠢᠴᠡ ᠦᠵᠡᠮᠵᠢ ᠪᠣᠯᠭ᠋ᠠᠵᠤ ᠶᠢᠷᠲᠢᠨᠴᠦ ᠵᠢᠨ ᠬᠠᠷᠠᠭ᠋ᠠᠨ᠎ᠳᠤ ᠳᠡᠯᠭᠡᠭᠳᠡᠪᠡ᠃ ᠵᠠᠭᠤᠨ ᠵᠠᠭᠤᠨ᠎ᠤ ᠬᠦᠮᠦᠨ ᠪᠠᠢ᠌ᠭ᠋ᠠᠯᠢ ᠵᠢᠨ ᠣᠷᠴᠢᠯ ᠬᠤᠪᠢᠷᠠᠯ᠎ᠢ ᠳᠠᠭ᠋ᠠᠵᠤ᠂ ᠲᠦᠮᠡᠨ ᠠᠮᠢᠲᠠᠨ ᠬᠤᠪᠢᠷᠠᠵᠤ᠂ ᠮᠢᠩᠭ᠋ᠠᠨ ᠦᠵᠡᠭᠳᠡᠯ ᠢᠯᠡᠷᠡᠬᠦ ᠵᠢ ᠬᠡᠨ ᠴᠦ᠍ ᠲᠦᠰᠦᠭᠡᠯᠡᠵᠦ ᠳᠡᠢ᠌ᠯᠬᠦ ᠦᠭᠡᠢ᠃ ᠪᠤᠭᠤᠲᠠᠢ ᠨᠤᠲᠤᠭ᠎ᠲᠤ ᠪᠣᠭᠣ ᠰᠤᠭᠤ ᠵᠢᠨ ᠪᠠᠷ᠎ᠠ ᠲᠠᠰᠤᠷᠠᠭ᠋ᠠᠳ ᠬᠡᠳᠦᠢ ᠵᠢᠯ ᠪᠣᠯᠵᠤ ᠪᠠᠢ᠌ᠬᠤ ᠵᠢ ᠲᠣᠯᠭᠢᠶᠠᠯᠠᠨ ᠳᠠᠪᠠᠯᠭ᠋ᠠᠯᠠᠭᠰᠠᠨ ᠬᠦᠪᠡᠭᠡ ᠬᠢᠵᠠᠭ᠋ᠠᠷ ᠦᠭᠡᠢ ᠮᠠᠩᠬ᠎ᠠ ᠵᠢᠯᠠᠭ᠎ᠠ᠎ᠨᠢ ᠴᠡᠭᠡᠵᠢᠯᠡᠵᠦ ᠪᠠᠢ᠌ᠭ᠎ᠠ ᠶᠤᠮ ᠪᠣᠯᠪᠠ ᠦᠦ? ᠦᠨᠦᠳᠦᠷ ᠬᠣᠯᠠ ᠣᠢ᠌ᠷ᠎ᠠ ᠵᠢᠨ ᠭᠡᠢ᠌ᠴᠢᠨ ᠮᠣᠷᠢᠯᠠᠨ ᠰᠠᠭ᠋ᠠᠲᠠᠬᠤᠳᠤᠪᠠᠨ ᠬᠠᠶᠠ ᠨᠢᠭᠡ᠎ᠨᠢ 《ᠪᠣᠭᠤᠲᠤ》 ᠭᠡᠵᠤ ᠶᠠᠮᠠᠷ ᠤᠳᠬ᠎ᠠ᠎ᠲᠠᠢ ᠦᠭᠡ ᠪᠣᠢ? ᠭᠡᠭᠦᠯᠡᠷ 《ᠪᠣᠭ ᠪᠣᠰᠤᠭᠰᠠᠨ ᠭᠠᠵᠠᠷ ᠶᠤᠮ ᠭᠡᠨ᠎ᠡ᠂ ᠲᠡᠭᠡᠭᠡᠳ ᠪᠣᠭ᠎ᠲᠤ ᠭᠡᠵᠤ ᠨᠡᠷᠡᠢ᠌ᠳᠬᠦ ᠪᠣᠯᠵᠠᠢ》 ᠭᠡᠵᠤ ᠬᠠᠷᠢᠭᠤᠯᠤᠭᠰᠠᠨ ᠪᠠᠢ᠌ᠯ᠎ᠠ᠃ ᠪᠣᠭᠣᠲᠣ ᠶᠤᠮ ᠦᠦ? ᠪᠣᠭ᠎ᠲᠤ ᠶᠤᠮ ᠦᠦ? ᠪᠠᠲᠤᠲᠠᠢ ᠬᠠᠷᠢᠭᠤᠯᠲᠠ ᠪᠠᠢ᠌ᠬᠤ ᠦᠭᠡᠢ ᠃ ᠤᠴᠢᠷ᠎ᠨᠢ ᠦᠨᠦᠳᠦᠷ᠎ᠤᠨ ᠪᠣᠭᠤᠲᠤ᠎ᠳᠤ ᠪᠤᠭᠤ ᠠᠯᠠᠭ᠎ᠠ᠂ ᠪᠤᠭ ᠴᠢᠳᠭᠦᠷ ᠴᠦ᠍ ᠠᠯᠠᠭ᠎ᠠ᠃ ᠬᠠᠷᠢᠨ ᠨᠤᠲᠤᠭ ᠣᠷᠣᠨ ᠵᠶ᠋ᠡᠨ ᠦᠭᠡᠳᠡ ᠲᠠᠲᠠᠵᠤ ᠬᠡᠢ ᠮᠣᠷᠢ ᠵᠣᠯᠪᠣᠭᠠᠲᠠᠢ ᠠᠮᠢᠳᠤᠷᠠᠭ᠎ᠠ ᠭᠤᠪᠢ ᠵᠢᠨ ᠲᠡᠮᠡᠭᠡᠴᠢᠨ ᠪᠣᠢ᠃ ᠭᠣᠪᠢ ᠵᠢᠨ ᠲᠡᠮᠡᠭᠡᠴᠢᠨ ᠰᠢᠵᠢᠷ ᠳᠠᠪᠠᠯᠭ᠎ᠠ ᠦᠷᠭᠦᠯᠵᠢᠯᠡᠭᠰᠡᠨ ᠮᠠᠩᠬᠠᠨ ᠳᠠᠯᠠᠢ ᠵᠢᠨ ᠳᠤᠮᠳᠠᠭᠤᠷ ᠵᠣᠩᠵᠢᠭᠤᠯᠤᠭᠰᠠᠭ᠋ᠠᠷ ᠨᠠᠭ᠋ᠠᠰᠢᠯᠠᠨᠠ᠃ ᠵᠢᠷᠭ᠋ᠠᠬᠤ ᠨᠠᠷᠠᠨ᠎ᠤ ᠤᠯᠠᠪᠤᠷ ᠲᠤᠶᠠᠭ᠎ᠠ ᠵᠢ ᠨᠦᠮᠦᠷᠦᠭᠰᠡᠭᠡᠷ ᠲᠣᠷᠣᠢ᠌ᠨ ᠨᠠᠭ᠋ᠠᠰᠢᠯᠠᠬᠤ ᠲᠡᠷᠡ ᠰᠠᠢ᠌ᠬᠠᠨ ᠪᠠᠷ᠎ᠠ᠂ ᠬᠠᠶᠠ ᠪᠤᠭᠤ ᠰᠤᠭᠤ ᠰᠢᠭ᠋᠂ ᠬᠠᠶᠠ ᠵᠡᠭᠡᠷ᠎ᠡ ᠭᠦᠷᠦᠭᠡᠰᠦ ᠰᠢᠭ ᠬᠠᠷᠠᠭᠳᠠᠨ᠎ᠠ᠃ ᠲᠡᠷᠲᠡᠭᠡ ᠬᠣᠯᠠ ᠪᠤᠷᠭ᠋ᠠᠰᠤ ᠰᠢᠪᠠᠭ᠎ᠨᠢ ᠪᠠᠭᠰᠢᠷᠠᠵᠤ᠂ ᠪᠦᠳᠦᠭᠦᠨ ᠬᠠᠢ᠌ᠯᠠᠰᠤ᠎ᠨᠢ ᠯᠠᠭᠰᠠᠢ᠌ᠭᠰᠠᠨ ᠮᠠᠩᠬ᠎ᠠ ᠵᠢᠯᠠᠭ᠎ᠠ ᠵᠢᠨ ᠳᠤᠮᠳᠠᠭᠤᠷ ᠪᠤᠭᠤ ᠤᠷᠤᠮᠳᠠᠵᠤ ᠪᠠᠢ᠌ᠭ᠎ᠠ ᠴᠦ᠍ ᠪᠢᠯᠡ ᠦᠦ? ᠭᠦᠷᠦᠭᠡᠰᠦ ᠲᠣᠭᠯᠠᠵᠤ ᠪᠠᠢ᠌ᠭ᠎ᠠ ᠴᠦ᠍ ᠪᠢᠯᠡ ᠦᠦ? ᠪᠣᠭ᠎ᠲᠤ ᠪᠢᠰᠢ᠂ ᠪᠣᠭᠣᠲᠣ ᠨᠤᠲᠤᠭ ᠶᠤᠮ ᠡ ᠲᠣᠭᠯᠠᠭ᠋ᠠᠳ ᠨᠠᠭ᠋ᠠᠰᠢᠯᠠᠬᠤ ᠡᠷᠲᠡ ᠴᠠᠭ᠎ᠤᠨ ᠪᠤᠭᠤ ᠰᠤᠭᠤ ᠵᠢᠨ ᠭᠣᠶᠣᠮᠰᠣᠭ ᠲᠦᠷᠬᠦ ᠵᠢ ᠪᠢ ᠣᠯᠵᠣ ᠬᠠᠷᠠᠪᠠ᠃ ᠲᠡᠷᠡ ᠪᠣᠯ ᠡᠷᠲᠡᠨ᠎ᠤ᠎ᠬᠢ᠂ ᠪᠦᠷ ᠴᠦ᠍ ᠡᠷᠲᠡᠨ᠎ᠤ᠎ᠬᠢ ᠭᠤᠸ᠎ᠠ ᠰᠠᠢ᠌ᠬᠠᠨ!
ᠰᠠᠨᠳᠠᠢ᠃ ᠰᠠᠨᠳᠠᠢ ᠠᠢ᠌ᠯ᠎ᠳᠤ ᠪᠢ ᠬᠦᠷᠦᠭᠡ ᠦᠭᠡᠢ᠂ ᠭᠡᠪᠡᠴᠦ ᠰᠠᠨᠳᠠᠢ ᠭᠡᠬᠦ ᠨᠡᠷ᠎ᠡ ᠵᠢ ᠰᠣᠨᠣᠰᠤᠭᠰᠠᠭ᠋ᠠᠷ ᠤᠳᠠᠪᠠ᠂ 《ᠰᠠᠨᠳᠠᠢ (sBdBi)》 ᠭᠡᠳᠡᠭ᠎ᠨᠢ ᠶᠠᠮᠠᠷ ᠤᠳᠬ᠎ᠠ᠎ᠲᠠᠢ ᠶᠤᠮ ᠪᠣᠯ? ᠭᠡᠵᠤ ᠭᠠᠢ᠌ᠬᠠᠭᠰᠠᠭ᠋ᠠᠷ ᠤᠳᠠᠪᠠ᠃ 《ᠰᠠᠨ᠎ᠲᠠᠢ ᠲᠦᠰᠢᠭᠰᠡᠨ ᠬᠠᠳᠤᠳ》 ᠭᠡᠬᠦ ᠤᠩᠰᠢᠯᠭ᠎ᠠ ᠵᠢ ᠰᠣᠨᠣᠰᠤᠭ᠋ᠠᠳ ᠰᠠᠶᠢ 《ᠰᠠᠨᠳᠠᠢ s[nt[i》 ᠭᠡᠭᠴᠢ ᠬᠦᠨᠳᠦᠲᠦ ᠰᠠᠭᠤᠳᠠᠯ᠎ᠤᠨ ᠨᠡᠷᠡᠢ᠌ᠳᠦᠯ ᠭᠡᠵᠤ ᠮᠡᠳᠡᠯ᠎ᠡ᠃ ᠶᠡᠬᠡᠰ ᠪᠣᠭᠳᠠ ᠭᠡᠭᠡᠨ ᠬᠤᠪᠢᠯᠭ᠋ᠠᠳᠤᠨ ᠰᠠᠭᠤᠳᠠᠭ ᠨᠠᠢ᠍ᠮᠠᠨ ᠠᠷᠰᠯᠠᠨᠲᠠᠢ ᠲᠦᠰᠢᠯᠭᠡᠲᠦ ᠰᠠᠭᠤᠳᠠᠯ᠎ᠢ ᠰᠡᠨᠲᠡᠢ ᠭᠡᠳᠡᠭ ᠪᠦᠭᠡᠳ ᠲᠤᠰ ᠤᠩᠰᠢᠯᠭ᠎ᠠ᠎ᠳᠤ ᠬᠠᠭ᠋ᠠᠨ᠎ᠤ ᠰᠠᠭᠤᠳᠠᠯ᠂ ᠬᠠᠭ᠋ᠠᠨ ᠣᠷᠣ ᠵᠢ ᠵᠢᠭ᠋ᠠᠭᠰᠠᠨ ᠪᠢᠯᠡ ᠃ ᠲᠡᠭᠡᠪᠡᠯ᠂ ᠨᠠᠢ᠍ᠮᠠᠨ ᠬᠣᠰᠢᠭᠤᠨ᠎ᠤ ᠰᠠᠨᠳᠠᠢ ᠠᠢ᠌ᠯ᠂ ᠠᠯᠢ ᠦᠶ᠎ᠡ ᠵᠢᠨ ᠶᠠᠮᠠᠷ ᠬᠠᠭ᠋ᠠᠨ ᠪᠤᠶᠤ ᠭᠡᠭᠡᠨ ᠬᠤᠪᠢᠯᠭ᠋ᠠᠨ᠎ᠲᠠᠢ ᠬᠣᠯᠪᠤᠭᠳᠠᠬᠤ ᠶᠤᠮ ᠪᠣᠯ? 《ᠰᠠᠨᠳᠠᠢ s[nt[i》 ᠭᠡᠵᠤ ᠤᠩᠰᠢᠳᠠᠭ ᠪᠠᠢ᠌ᠭᠰᠠᠨ ᠵᠶ᠋ᠡᠨ ᠬᠣᠵᠢᠮ᠎ᠨᠢ 《ᠰᠠᠨᠳᠠᠢ (sBdBi)》 ᠭᠡᠵᠤ ᠤᠩᠰᠢᠬᠤ ᠪᠣᠯᠣᠭᠰᠠᠨ ᠶᠤᠮ ᠪᠣᠯᠪᠠ ᠦᠦ? 《ᠰᠠᠨᠳᠠᠢ᠌ᠯᠠᠵᠤ ᠰᠠᠭᠤᠬᠤ᠂ ᠰᠠᠨᠳᠠᠯᠢ》 ᠭᠡᠳᠡᠭ ᠦᠭᠡ᠎ᠨᠢ ᠡᠨᠡ 《ᠰᠠᠨᠳᠠᠢ (sBdBi)》 ᠪᠤᠶᠤ 《ᠰᠠᠨᠳᠠᠢ s[nt[i》 ᠭᠡᠬᠦ ᠦᠭᠡᠨ᠎ᠠᠴᠠ ᠢᠷᠡᠯᠲᠡ᠎ᠲᠠᠢ ᠶᠤᠮ ᠪᠣᠯᠪᠠ ᠦᠦ? ᠰᠠᠨᠳᠠᠢ ᠭᠡᠵᠤ ᠳᠣᠮᠣᠭ ᠪᠢᠰᠢ ᠦᠨᠡᠨ ᠦᠯᠢᠭᠡᠷ᠂ ᠪᠢᠳᠡ ᠬᠠᠷᠢᠨ ᠮᠠᠷᠲᠠᠵᠠᠢ᠂ ᠰᠠᠨᠳᠠᠢ ᠭᠡᠵᠤ ᠰᠢᠯᠦᠭ ᠪᠢᠰᠢ ᠰᠢᠯᠤᠭᠤᠨ ᠲᠡᠦᠬᠡ᠂ ᠪᠢᠳᠡ ᠨᠡᠭᠡᠷᠡᠨ ᠮᠠᠷᠲᠠᠵᠠᠢ!
ᠰᠠᠨᠳᠠᠢ ᠭᠡᠬᠦ ᠨᠡᠷᠡᠢ᠌ᠳᠦᠯ ᠪᠣᠯ ᠲᠠᠩᠰᠤᠭ ᠰᠣᠶᠣᠯ᠎ᠤᠨ ᠨᠢᠭᠡᠨ ᠰᠢᠳᠡᠮᠡᠰᠦ ᠪᠣᠯᠬᠣ ᠪᠦᠭᠡᠳ ᠲᠠᠰᠤᠷᠠᠭᠰᠠᠨ ᠲᠡᠦᠬᠡ ᠵᠢᠨ ᠨᠢᠭᠡᠨ ᠰᠦᠪᠡᠭᠴᠢ ᠮᠥᠨ᠃ ᠠᠮᠢᠳᠤᠷᠠᠯ ᠲᠡᠦᠬᠡ ᠪᠣᠯᠵᠣ ᠬᠤᠪᠢᠷᠠᠬᠤ ᠦᠶ᠎ᠡ᠎ᠳᠤ ᠠᠷᠤ᠎ᠠᠴᠠ᠎ᠨᠢ ᠳᠠᠭ᠋ᠠᠵᠤ ᠦᠭᠡ ᠦᠰᠦᠭ ᠴᠦ᠍ ᠲᠡᠦᠬᠡ ᠪᠣᠯᠵᠣ ᠬᠤᠪᠢᠷᠠᠳᠠᠭ ᠠᠵᠢ᠃ ᠬᠠᠭ᠋ᠠᠨᠲᠤ ᠲᠦᠷᠦ ᠤᠰᠠᠳᠬᠤ᠎ᠳᠤ 《ᠬᠠᠭ᠋ᠠᠨ᠂ ᠵᠢᠨᠤᠩ᠂ ᠲᠠᠪᠤᠨᠠᠩ᠂ ᠲᠦᠰᠢᠮᠡᠯ ᠁》 ᠭᠡᠬᠦᠴᠢᠯᠡᠨ ᠬᠡᠳᠦᠨ ᠵᠠᠭᠤᠨ ᠨᠡᠷ᠎ᠡ ᠲᠣᠮᠢᠶ᠎ᠠ ᠠᠮᠢᠳᠤᠷᠠᠯ᠎ᠠᠴᠠ ᠠᠷᠴᠢᠭᠳᠠᠵᠤ᠂ 《ᠰᠦᠯᠵᠢᠶ᠎ᠡ᠂ ᠵᠢᠷᠭᠢᠶ᠎ᠡ᠂ ᠵᠠᠭᠤᠴᠢᠯᠠᠭᠤᠷ》 ᠭᠡᠬᠦᠴᠢᠯᠡᠨ ᠬᠡᠳᠦᠨ ᠮᠢᠩᠭ᠎ᠠ᠂ ᠬᠡᠳᠦᠨ ᠲᠦᠮᠡᠨ ᠰᠢᠨ᠎ᠡ ᠨᠡᠷ᠎ᠡ ᠲᠣᠮᠢᠶ᠎ᠠ ᠤᠷᠭᠤᠨ ᠲᠦᠯᠵᠢᠵᠡᠢ᠃ ᠭᠠᠵᠠᠷ᠎ᠤᠨ ᠨᠡᠷ᠎ᠡ ᠪᠣᠯ ᠠᠷᠴᠢᠭᠳᠠᠰᠢ ᠦᠭᠡᠢ ᠲᠡᠦᠬᠡ᠂ ᠠᠷᠢᠯᠤᠰᠢ ᠦᠭᠡᠢ ᠤᠯᠠ ᠮᠦᠷ ᠶᠤᠮ᠃ ᠰᠧᠴᠤᠸᠠᠨ ᠮᠣᠵᠢ ᠵᠢᠨ 《ᠮᠣᠣ᠎ᠲᠠᠢ ᠠᠷᠢᠬᠢ》 ᠭᠡᠳᠡᠭ᠎ᠨᠢ 《ᠮᠣᠭ᠋ᠠᠢ᠌ᠲᠦ》 ᠭᠡᠬᠦ ᠭᠠᠵᠠᠷ᠎ᠤᠨ ᠨᠡᠷ᠎ᠡ᠎ᠠᠴᠠ ᠢᠷᠡᠯᠲᠡ᠎ᠲᠠᠢ ᠭᠡᠬᠦ᠂ 《ᠫᠦ᠋ ᠡᠯ ᠴᠠᠢ》 ᠭᠡᠳᠡᠭ᠎ᠨᠢ 《ᠪᠣᠷᠣ ᠴᠠᠢ》 ᠭᠡᠬᠦ ᠮᠣᠩᠭᠣᠯ ᠦᠭᠡᠨ᠎ᠠᠴᠠ ᠢᠷᠡᠯᠲᠡ᠎ᠲᠠᠢ ᠭᠡᠬᠦ ᠁ ᠲᠡᠷᠡ ᠪᠦᠬᠦᠨ᠎ᠤ ᠴᠠᠭ᠋ᠠᠨ᠎ᠠ᠂ ᠲᠡᠦᠬᠡ ᠰᠣᠶᠣᠯ᠂ ᠤᠯᠠ ᠮᠦᠷ᠂ ᠤᠭᠰᠠᠭ᠎ᠠ ᠭᠠᠷᠤᠯ᠎ᠳᠤ ᠬᠣᠯᠪᠣᠭᠳᠠᠬᠤ ᠦᠨᠡᠲᠦ ᠵᠦᠢ᠍ᠯ ᠬᠠᠳᠠᠭ᠋ᠠᠯᠠᠭᠳᠠᠵᠤ ᠪᠠᠢ᠌ᠳᠠᠭ᠃ ᠰᠠᠨᠳᠠᠢ ᠭᠡᠵᠤ ᠳ᠋ᠦᠩᠬᠤ ᠦᠬᠤᠸᠠᠨᠤ ᠲᠡᠦᠬᠡ ᠪᠠᠢ᠌ᠵᠤ ᠮᠡᠳᠡᠨ᠎ᠡ᠂ ᠰᠠᠨᠳᠠᠢ ᠭᠡᠵᠤ ᠯᠢᠶᠣᠣ ᠭᠢᠳᠠᠨᠤ ᠴᠠᠳᠢᠭ ᠪᠠᠢ᠌ᠵᠤ ᠮᠡᠳᠡᠨ᠎ᠡ᠂ ᠰᠠᠨᠳᠠᠢ ᠭᠡᠵᠤ ᠵᠦᠷᠴᠢᠨ ᠮᠠᠨᠵᠤ ᠵᠢᠨ ᠤᠯᠠ ᠮᠦᠷ ᠪᠠᠢ᠌ᠵᠤ ᠮᠡᠳᠡᠨ᠎ᠡ᠂ ᠰᠠᠨ᠎ᠲᠠᠢ ᠭᠡᠵᠤ ᠵᠦᠴᠢ ᠬᠠᠰᠠᠷ᠎ᠤᠨ ᠣᠷᠳᠣᠨ ᠪᠠᠢ᠌ᠵᠤ ᠴᠦ᠍ ᠮᠡᠳᠡᠨ᠎ᠡ ᠃
ᠰᠠᠨᠳᠠᠢ ᠭᠡᠭᠴᠢ ᠬᠢᠴᠢᠶᠡᠩᠭᠦᠢ ᠭᠡᠬᠦ ᠤᠳᠬ᠎ᠠ᠎ᠲᠠᠢ ᠲᠦᠪᠡᠳ ᠦᠭᠡ᠂ ᠰᠠᠨᠳᠠᠢ ᠭᠡᠬᠦ ᠨᠡᠷ᠎ᠡ᠎ᠲᠠᠢ ᠬᠦᠮᠦᠨ ᠨᠤᠲᠤᠭᠯᠠᠵᠤ ᠪᠠᠢ᠌ᠭᠰᠠᠨ ᠵᠶ᠋ᠡᠷ ᠠᠢ᠌ᠯ᠎ᠤᠨ ᠨᠡᠷ᠎ᠡ ᠡᠢ᠌ᠮᠦ ᠪᠣᠯᠪᠠ ᠭᠡᠵᠤ ᠨᠤᠲᠤᠭ᠎ᠤᠨ ᠪᠤᠭᠤᠷᠤᠯ ᠬᠠᠭᠤᠴᠢᠯᠠᠪᠠ᠃ 《ᠰᠠᠨᠳᠠᠢ s[nt[i》 ᠭᠡᠭᠴᠢ ᠶᠡᠬᠡᠰ ᠪᠣᠭᠳᠠ᠂ ᠭᠡᠭᠡᠨ ᠬᠤᠪᠢᠯᠭ᠋ᠠᠳᠤᠨ ᠰᠠᠭᠤᠳᠠᠭ ᠨᠠᠢ᠍ᠮᠠᠨ ᠠᠷᠰᠯᠠᠨᠲᠠᠢ ᠲᠦᠰᠢᠯᠭᠡᠲᠦ ᠰᠠᠭᠤᠳᠠᠯ᠎ᠢ ᠬᠡᠯᠡᠨ᠎ᠡ᠃ ᠲᠡᠭᠡᠬᠦ᠎ᠪᠠᠷ ᠰᠠᠨᠳᠠᠢ ᠭᠡᠬᠦ ᠨᠡᠷ᠎ᠡ ᠵᠢ ᠴᠢᠩᠭ᠎ᠠ ᠬᠦᠨᠳᠡᠢ ᠠᠯᠢᠪᠠᠷᠨᠢ ᠤᠩᠰᠢᠭᠰᠠᠨ ᠴᠦ᠍ ᠰᠢᠷ᠎ᠠ ᠵᠢᠨ ᠱᠠᠰᠢᠨ᠎ᠤ ᠨᠦᠯᠦᠭᠡ᠎ᠪᠠᠷ ᠲᠦᠪᠡᠳ ᠰᠣᠶᠣᠯ ᠨᠡᠪᠴᠢᠵᠦ ᠣᠷᠣᠵᠣ ᠢᠷᠡᠭᠰᠡᠨ ᠢᠮ ᠲᠡᠮᠳᠡᠭ ᠴᠦ᠍ ᠪᠠᠢ᠌ᠵᠤ ᠮᠡᠳᠡᠨ᠎ᠡ᠃ ᠯᠠᠮᠠ ᠵᠢᠨ ᠲᠠᠯ᠎ᠠ᠂ ᠰᠤᠪᠤᠷᠭ᠎ᠠ᠂ ᠲᠤᠰᠠᠯᠠᠭᠴᠢ ᠵᠢᠨ ᠰᠦᠮ᠎ᠡ ᠭᠡᠬᠦ ᠵᠡᠷᠭᠡ ᠡᠷᠭᠢᠨ ᠲᠣᠭᠣᠷᠢᠨ᠎ᠤ ᠠᠢ᠌ᠯ ᠲᠤᠰᠬᠤᠨ᠎ᠤ ᠨᠡᠷᠡᠢ᠌ᠳᠦᠯ᠎ᠠᠴᠠ ᠦᠵᠡᠪᠡᠯ ᠭᠡᠭᠡᠨ ᠬᠤᠪᠢᠯᠭ᠋ᠠᠨᠤ ᠬᠠᠷᠰᠢ ᠣᠷᠳᠣᠨ᠂ ᠬᠦᠨᠳᠦᠲᠦ ᠰᠠᠭᠤᠳᠠᠯ᠎ᠲᠠᠢ ᠬᠣᠯᠪᠣᠭᠳᠠᠯ᠎ᠲᠠᠢ ᠮᠠᠭ᠋ᠠᠳᠯᠠᠯ ᠵᠦᠪ ᠪᠠᠢ᠌ᠵᠤ ᠮᠡᠳᠡᠨ᠎ᠡ᠃ ᠮᠣᠩᠭᠤᠯᠴᠤᠳ ᠪᠢᠳᠡ ᠨᠤᠲᠤᠭᠯᠠᠵᠤ ᠰᠠᠭᠤᠭᠰᠠᠨ ᠬᠦᠮᠦᠨ᠎ᠤ ᠨᠡᠷᠡᠢ᠌ᠳᠦᠯ ᠵᠶ᠋ᠡᠷ ᠭᠠᠵᠠᠷ᠎ᠤᠨ ᠨᠡᠷ᠎ᠡ ᠪᠣᠯᠭ᠋ᠠᠬᠤ ᠵᠠᠩᠰᠢᠯ᠎ᠲᠠᠢ ᠪᠠᠢ᠌ᠳᠠᠭ᠎ᠠᠴᠠ᠎ᠨᠢ ᠦᠵᠡᠪᠡᠯ ᠰᠠᠨᠳᠠᠢ ᠪᠤᠶᠤ ᠰᠠᠨᠳᠠᠢ᠌ᠵᠠᠪ (ᠰᠠᠨᠳᠠᠢᠨᠢ ᠰᠤᠩᠳᠤᠢ ᠭᠡᠬᠦ ᠦᠭᠡᠨ᠎ᠤ ᠠᠪᠢᠶ᠎ᠠ ᠬᠤᠪᠢᠯᠪᠤᠷᠢ ᠶᠤᠮ ᠪᠣᠯᠪᠠ ᠦᠦ?) ᠭᠡᠬᠦ ᠨᠡᠷ᠎ᠡ᠎ᠲᠠᠢ ᠬᠦᠮᠦᠨ᠎ᠤ ᠨᠤᠲᠤᠭ ᠪᠠᠢ᠌ᠭᠰᠠᠨ ᠭᠡᠬᠦ᠎ᠨᠢ ᠴᠦ᠍ ᠵᠦᠪ ᠪᠠᠢ᠌ᠵᠤ ᠮᠡᠳᠡᠨ᠎ᠡ᠃ ᠲᠡᠦᠬᠡ ᠵᠢᠨ ᠤᠷᠲᠤ ᠠᠶᠠᠨ᠎ᠤ ᠳᠤᠮᠳᠠ ᠰᠠᠨ᠎ᠲᠠᠢ ᠭᠡᠬᠦ ᠦᠭᠡ ᠵᠢ ᠭᠡᠭᠡᠭᠳᠡᠭᠦᠯᠦᠭᠰᠡᠨ ᠦᠭᠡᠢ ᠬᠠᠳᠠᠭ᠋ᠠᠯᠠᠵᠤ ᠴᠢᠳᠠᠭᠰᠠᠨ ᠪᠠᠶᠠᠨᠲᠠᠯ᠎ᠠ ᠨᠤᠲᠤᠭ᠎ᠤᠨ ᠰᠠᠨᠳᠠᠢ ᠠᠢ᠌ᠯ᠎ᠤᠨ ᠬᠦᠮᠦᠨ ᠵᠣᠨ ᠮᠢᠨᠢ ᠳ᠋ᠠ!
ᠭᠠᠵᠠᠷ᠎ᠤᠨ ᠨᠡᠷ᠎ᠡ ᠪᠣᠯ ᠪᠠᠢ᠌ᠭ᠋ᠠᠯᠢ ᠵᠢᠨ ᠲᠡᠦᠬᠡ ᠮᠦᠷᠲᠡᠭᠡᠨ ᠨᠡᠢ᠌ᠭᠡᠮ᠎ᠤᠨ ᠲᠡᠦᠬᠡ ᠮᠥᠨ᠂ ᠦᠪ ᠰᠣᠶᠣᠯ ᠮᠥᠨ᠂ ᠰᠢᠨᠵᠢᠯᠡᠭᠡᠨ᠎ᠤ ᠰᠢᠨ᠎ᠡ ᠰᠡᠳᠦᠪ ᠮᠥᠨ᠃ ᠪᠠᠬᠠᠷᠤᠮ᠎ᠠ ᠰᠠᠢ᠌ᠬᠠᠨ ᠪᠠᠶᠠᠨᠲᠠᠯ᠎ᠠ ᠵᠢᠨ ᠰᠠᠢ᠌ᠬᠠᠨ ᠮᠣᠩᠭᠤᠯ ᠨᠡᠷᠡᠢ᠌ᠳᠦᠯ ᠲᠠᠨ᠎ᠳᠤ ᠶᠠᠭᠤ ᠨᠢᠭᠡ ᠵᠢ ᠤᠴᠢᠷᠯᠠᠨ᠎ᠠ᠃ ᠨᠤᠲᠤᠭ ᠤᠰᠤᠨ᠎ᠤ᠎ᠪᠠᠨ ᠲᠦᠯᠦᠭᠡ ᠪᠠᠭ᠋ᠠᠲᠤᠷᠯᠠᠨ ᠲᠡᠮᠡᠴᠡᠭᠰᠡᠨ ᠲᠤᠰᠠᠯᠠᠭᠴᠢ ᠨᠣᠶᠠᠨ᠎ᠤ ᠲᠤᠬᠠᠢ ᠳᠣᠮᠣᠭ᠂ ᠦᠬᠡᠷ᠎ᠤᠨ ᠲᠠᠷᠭᠤ ᠨᠡᠷ᠎ᠡ ᠬᠠᠢ᠌ᠷᠠᠯᠠᠭᠰᠠᠨ ᠬᠣᠰᠢᠭᠤᠨ ᠸᠠᠩ ᠤᠨ ᠲᠤᠬᠠᠢ ᠳᠣᠮᠣᠭ᠂ ᠬᠠᠷ᠎ᠠ ᠲᠠᠰ᠎ᠢ ᠬᠠᠷᠪᠤᠭ᠋ᠠᠳ ᠪᠤᠭ ᠪᠣᠯᠣᠭᠰᠠᠨ ᠮᠡᠷᠭᠡᠨ ᠬᠠᠷᠪᠤᠭ᠋ᠠᠴᠢ ᠨᠣᠶᠠᠨ᠎ᠤ ᠲᠤᠬᠠᠢ ᠳᠣᠮᠣᠭ᠂ ᠭᠡᠷ᠎ᠤᠨ ᠵᠶ᠋ᠡᠨ ᠳᠦᠷᠪᠡᠨ ᠵᠦᠭ᠎ᠲᠤ ᠳᠦᠷᠪᠡᠨ ᠣᠪᠤᠭ᠎ᠠ ᠪᠤᠰᠬᠠᠵᠤ ᠲᠡᠭᠷᠢ ᠲᠠᠬᠢᠭ᠋ᠠᠳ ᠭᠠᠢ ᠪᠠᠷᠴᠢᠳ ᠵᠶ᠋ᠡᠨ ᠵᠠᠢ᠌ᠯᠠᠭᠤᠯᠤᠭᠰᠠᠨ ᠲᠣᠮᠣ ᠪᠠᠶᠠᠨ᠎ᠤ ᠳᠣᠮᠣᠭ ᠵᠡᠷᠭᠡ᠎ᠨᠢ ᠦᠪᠡᠷ ᠦᠪᠡᠷ᠎ᠤᠨ ᠵᠶ᠋ᠡᠨ ᠦᠯᠢᠭᠡᠷ ᠲᠡᠦᠬᠡ ᠵᠢ ᠦᠭᠡᠷ᠎ᠡ ᠨᠢᠭᠡ ᠲᠠᠯ᠎ᠠ᠎ᠠᠴᠠ᠎ᠨᠢ ᠬᠠᠭᠤᠴᠢᠯᠠᠵᠤ᠂ ᠮᠣᠩᠭᠤᠯ ᠬᠦᠮᠦᠨ᠎ᠤ ᠨᠤᠲᠤᠭᠴᠢ ᠦᠵᠡᠯ᠂ ᠪᠠᠭ᠋ᠠᠲᠤᠷᠯᠢᠭ ᠦᠵᠡᠯ ᠪᠠᠬᠠᠷᠬᠠᠬᠤ ᠰᠣᠶᠣᠯ ᠰᠡᠳᠭᠢᠯᠭᠡ᠂ ᠨᠤᠲᠤᠭ ᠤᠰᠤ᠎ᠪᠠᠨ ᠬᠣᠰᠢᠭᠤᠨ ᠸᠠᠩ᠂ ᠬᠠᠭ᠋ᠠᠳ ᠨᠣᠶᠠᠳ᠎ᠲᠠᠢ ᠬᠣᠯᠪᠣᠨ ᠦᠭᠦᠯᠡᠬᠦ ᠳᠤᠷᠠᠲᠠᠢ ᠪᠠᠢ᠌ᠳᠠᠭ ᠰᠣᠶᠣᠯ ᠰᠡᠳᠭᠢᠯᠭᠡ᠂ ᠮᠡᠷᠭᠡᠨ ᠫᠤᠤᠴᠢ ᠴᠡᠴᠡᠨ ᠬᠠᠷᠪᠤᠭ᠋ᠠᠴᠢ ᠵᠢ ᠰᠢᠲᠦᠨ ᠪᠠᠬᠠᠷᠬᠠᠬᠤ ᠪᠣᠯᠪᠠᠴᠤ᠂ ᠠᠮᠢᠲᠠᠨ᠎ᠢ ᠬᠣᠷᠣᠭ᠋ᠠᠬᠤ᠂ ᠠᠯᠠᠵᠤ ᠨᠢᠲᠤᠯᠬᠤ ᠵᠢ ᠦᠪᠡᠷ᠎ᠤᠨ ᠪᠡᠶ᠎ᠡ᠎ᠳᠤ ᠭᠠᠢᠲᠠᠢ ᠭᠡᠵᠤ ᠦᠵᠡᠬᠦ ᠰᠣᠶᠣᠯ ᠰᠡᠳᠭᠢᠯᠭᠡ᠂ ᠣᠪᠣᠭ᠎ᠠ ᠪᠣᠰᠬᠠᠵᠤ ᠲᠡᠭᠷᠢ ᠲᠠᠬᠢᠬᠤ ᠵᠢ ᠡᠷᠬᠢᠮᠨᠡᠬᠦ ᠰᠣᠶᠣᠯ ᠰᠡᠳᠭᠢᠯᠭᠡ ᠵᠢ ᠬᠣᠵᠢᠮ᠎ᠤᠨ ᠬᠦᠮᠦᠰ᠎ᠲᠤ ᠦᠭᠦᠯᠡᠭᠡᠳ ᠪᠠᠢ᠌ᠭ᠎ᠠ ᠪᠢᠯᠡ᠃
ᠲᠤᠰᠠᠯᠠᠭᠴᠢ ᠵᠢᠨ ᠰᠦᠮ᠎ᠡ᠃ ᠨᠠᠢ᠍ᠮᠠᠨ ᠬᠣᠰᠢᠭᠤᠨ᠎ᠤ ᠲᠦᠪ ᠳᠠᠴᠢᠨᠳᠠᠯ᠎ᠠ᠎ᠠᠴᠠ ᠵᠡᠭᠦᠨ ᠬᠣᠢ᠌ᠰᠢ 40 ᠺᠢᠯᠤᠮᠧᠲᠷ᠎ᠤᠨ ᠵᠠᠢᠲᠠᠢ ᠰᠢᠨ᠎ᠡ ᠬᠠᠭᠤᠴᠢᠨ ᠦᠩᠭᠡ ᠳᠦᠷᠰᠦ ᠵᠢ ᠵᠡᠷᠭᠡ᠎ᠪᠠᠷ ᠢᠯᠡᠷᠡᠭᠦᠯᠦᠭᠰᠡᠨ ᠦᠪᠡᠷᠮᠢᠴᠡ ᠣᠨᠴᠠᠯᠢᠭ᠎ᠲᠠᠢ ᠲᠤᠰᠬᠤᠨ ᠪᠠᠢ᠌ᠳᠠᠭ᠎ᠢ ᠰᠦᠮ᠎ᠡ ᠵᠢᠨ ᠠᠢ᠌ᠯ ᠭᠡᠳᠡᠭ᠃ ᠰᠦᠮ᠎ᠡ ᠵᠢᠨ ᠠᠢ᠌ᠯ᠎ᠤᠨ ᠪᠦᠬᠦᠯᠢ ᠨᠡᠷ᠎ᠡ᠎ᠨᠢ ᠲᠤᠰᠠᠯᠠᠭᠴᠢ ᠵᠢᠨ ᠰᠦᠮ᠎ᠡ ᠃ ᠰᠦᠮ᠎ᠡ ᠵᠢᠨ ᠠᠢ᠌ᠯ᠎ᠤᠨ ᠦᠪᠡᠷᠮᠢᠴᠡ ᠣᠨᠴᠠᠯᠢᠭ᠎ᠨᠢ ᠴᠠᠳᠢᠭ ᠲᠡᠦᠬᠡᠨ᠎ᠠᠴᠠ ᠤᠯᠪᠠᠭ᠎ᠠ ᠬᠢᠭᠡᠳ ᠴᠠᠭ ᠲᠦᠷᠦ᠎ᠠᠴᠠ ᠴᠦ᠍ ᠭᠢᠯᠪᠠᠭ᠎ᠠ ᠬᠣᠶᠠᠷ ᠲᠠᠯ᠎ᠠ᠎ᠪᠠᠷ ᠪᠦᠲᠦᠭᠡᠭᠳᠡᠵᠡᠢ᠃ ᠲᠤᠰᠠᠯᠠᠭᠴᠢ ᠨᠣᠶᠠᠨ᠎ᠨᠢ ᠬᠡᠨ ᠪᠣᠢ? ᠬᠡᠵᠢᠶ᠎ᠡ᠂ ᠬᠡᠨ᠂ ᠶᠠᠮᠠᠷ ᠰᠢᠯᠲᠠᠭ᠋ᠠᠨ ᠵᠶ᠋ᠡᠷ ᠰᠦᠮ᠎ᠡ ᠪᠠᠢ᠌ᠭᠤᠯᠤᠭᠰᠠᠨ ᠪᠣᠢ? ᠲᠤᠰᠠᠯᠠᠭᠴᠢ ᠵᠢᠨ ᠰᠦᠮ᠎ᠡ ᠠᠢ᠌ᠯ᠎ᠳᠤ ᠬᠦᠷᠦᠭᠰᠡᠨ᠎ᠤ ᠳᠠᠷᠠᠭ᠎ᠠ ᠲᠠᠷᠢᠬᠢᠨ᠎ᠳᠤ ᠤᠷᠭᠤᠭᠰᠠᠨ ᠲᠡᠷᠢᠭᠦᠨ᠎ᠤ ᠠᠰᠠᠭᠤᠯᠲᠠ ᠮᠢᠨᠢ ᠡᠨᠡ᠃ ᠲᠠᠷᠢᠶᠠᠴᠢᠨ ᠰᠢᠯᠦᠭᠴᠢ ᠭᠡᠵᠤ ᠠᠯᠳᠠᠷᠰᠢᠭᠰᠠᠨ ᠪᠣᠣ ᠢᠦᠢ ᠮᠢᠨ (ᠨᠠᠰᠤᠠᠠᠤᠷᠲᠤ) ᠠᠪᠤᠭ᠋ᠠᠢ ᠰᠦᠮ᠎ᠡ ᠵᠢᠨ ᠠᠢ᠌ᠯ᠎ᠳᠤ ᠨᠤᠲᠤᠭ᠎ᠲᠠᠢ ᠪᠣᠯᠬᠣᠷ ᠨᠠᠷᠢᠯᠢᠭ ᠰᠠᠢ᠌ᠬᠠᠨ ᠲᠠᠢ᠌ᠯᠤᠮᠵᠢ ᠬᠢᠵᠦ ᠦᠭᠭᠦᠭᠰᠡᠨ ᠪᠢᠯᠡ᠃
ᠲᠤᠰᠠᠯᠠᠭᠴᠢ ᠭᠡᠳᠡᠭ᠎ᠨᠢ ᠴᠢᠩ ᠤᠯᠤᠰ᠎ᠤᠨ ᠦᠶ᠎ᠡ ᠵᠢᠨ ᠵᠡᠷᠭᠡ ᠭᠡᠷᠭᠡᠮ᠎ᠤᠨ ᠨᠡᠷᠡᠢ᠌ᠳᠦᠯ᠃ ᠬᠣᠰᠢᠭᠤᠨ ᠸᠠᠩ᠎ᠢ ᠲᠤᠰᠠᠯᠠᠵᠤ ᠵᠠᠰᠠᠭ᠎ᠤᠨ ᠠᠵᠢᠯ᠎ᠢ ᠬᠠᠮᠢᠶᠠᠷᠳᠠᠭ ᠨᠣᠶᠠᠨ ᠪᠣᠯᠣᠨ᠎ᠠ᠃ ᠲᠤᠰᠠᠯᠠᠭᠴᠢ ᠨᠣᠶᠠᠨ᠎ᠤ ᠠᠯᠳᠠᠷ ᠰᠧᠪᠳᠡᠨ ᠭᠡᠳᠡᠭ᠂ ᠪᠡᠶ᠎ᠡ ᠪᠢᠯᠳᠡᠷ ᠠᠪᠤᠷᠭᠤ ᠰᠦᠷ᠎ᠲᠠᠢ᠂ ᠬᠦᠴᠦ ᠴᠢᠳᠠᠯ ᠶᠡᠬᠡ᠂ ᠡᠷᠡᠯᠬᠡᠭ ᠪᠠᠭ᠋ᠠᠲᠤᠷᠯᠢᠭ᠂ ᠠᠪᠬᠠᠯᠵᠢ ᠰᠡᠷᠭᠦᠯᠡᠩ ᠪᠣᠯᠬᠣᠷ ᠬᠠᠨᠳᠤᠭᠰᠠᠨ ᠵᠦᠭ᠎ᠲᠤ ᠳᠠᠢ᠌ᠰᠤᠨ ᠦᠭᠡᠢ ᠡᠷᠡᠯᠭᠡᠭᠯᠡᠨ ᠪᠠᠢ᠌ᠯᠳᠤᠳᠠᠭ ᠪᠠᠢ᠌ᠭᠰᠠᠨ ᠭᠡᠨ᠎ᠡ᠃ ᠭᠡᠪᠡᠴᠦ ᠬᠣᠵᠢᠮ᠎ᠨᠢ ᠬᠣᠯᠠ ᠵᠢᠨ ᠨᠤᠲᠤᠭ᠎ᠲᠤ ᠦᠷᠡᠭᠳᠡᠭᠰᠡᠨ ᠪᠠᠢ᠌ᠨ᠎ᠠ᠃ ᠳᠣᠣᠷᠠᠬᠢ ᠴᠡᠷᠢᠭ᠎ᠨᠢ ᠰᠧᠪᠳᠡᠨ ᠲᠤᠰᠠᠯᠠᠭᠴᠢ ᠵᠢᠨ ᠡᠮᠦᠰᠴᠦ ᠪᠠᠢ᠌ᠭᠰᠠᠨ ᠬᠤᠶᠠᠭ ᠳᠤᠭᠤᠯᠠᠭ᠎ᠠ ᠵᠢ᠎ᠨᠢ ᠨᠠᠢ᠍ᠮᠠᠨ ᠨᠤᠲᠤᠭ᠎ᠲᠤ᠎ᠪᠠᠨ ᠠᠪᠴᠤ ᠢᠷᠡᠬᠦ᠎ᠳᠤ ᠨᠠᠢ᠍ᠮᠠᠨ ᠸᠠᠩ ᠮᠠᠰᠢᠳᠠ ᠡᠮᠭᠡᠨᠢᠨ ᠭᠠᠰᠢᠭᠤᠳᠠᠬᠤ ᠵᠢᠨ ᠬᠠᠮᠲᠤ ᠬᠦᠨᠳᠦᠳᠭᠡᠭᠰᠡᠨ ᠰᠡᠳᠭᠢᠯᠭᠡ᠎ᠪᠠᠨ ᠢᠯᠡᠳᠭᠡᠬᠦ ᠵᠢᠨ ᠲᠦᠯᠦᠭᠡ᠂ ᠬᠤᠶᠠᠭ ᠳᠤᠭᠤᠯᠠᠭ᠎ᠠ ᠵᠢ᠎ᠨᠢ ᠲᠠᠬᠢᠬᠤ ᠰᠦᠮ᠎ᠡ ᠪᠠᠢ᠌ᠭᠤᠯᠬᠤ᠎ᠪᠠᠷ ᠵᠠᠷᠯᠢᠭ ᠪᠠᠭᠤᠯᠭ᠋ᠠᠵᠠᠢ᠃
ᠰᠦᠮ᠎ᠡ ᠵᠢ ᠠᠩᠬ᠎ᠠ ᠡᠬᠢᠨ᠎ᠳᠤ᠎ᠪᠠᠨ ᠤᠤᠯ᠎ᠤᠨ ᠪᠠᠭ᠎ᠠ ᠪᠡᠷᠬᠡ ᠰᠤᠮᠤ ᠵᠢᠨ ᠶᠡᠬᠡ ᠵᠡᠭᠡᠰᠦᠲᠡᠢ ᠭᠠᠴᠠᠭ᠎ᠠ ᠵᠢᠨ ᠲᠡᠨᠳᠡ ᠪᠠᠢ᠌ᠭᠤᠯᠤᠭᠰᠠᠨ ᠪᠠ ᠬᠣᠶᠠᠳᠤᠭ᠋ᠠᠷ ᠤᠳᠠᠭ᠎ᠠ᠎ᠨᠢ ᠤᠤᠯ᠎ᠤᠨ ᠠᠩᠨᠠᠢ ᠰᠤᠮᠤ ᠵᠢᠨ ᠳᠤᠯᠴᠢᠨ ᠠᠢ᠌ᠯ᠎ᠤᠨ ᠣᠢ᠌ᠷᠠᠯᠴᠠᠭ᠎ᠠ ᠪᠠᠢ᠌ᠭᠤᠯᠤᠭᠰᠠᠨ ᠭᠡᠨ᠎ᠡ᠃ ᠭᠡᠪᠡᠴᠦ ᠬᠣᠶᠠᠷ ᠤᠳᠠᠭ᠎ᠠ ᠰᠦᠮ᠎ᠡ ᠵᠢᠨ ᠣᠷᠣᠢ ᠭᠠᠷᠭ᠋ᠠᠬᠤ ᠦᠶ᠎ᠡ᠎ᠪᠠᠷ ᠶᠡᠭᠦᠷᠡᠵᠦ ᠤᠨᠠᠭᠰᠠᠨ ᠪᠣᠯᠬᠣᠷ ᠪᠠᠢ᠌ᠭᠤᠯᠵᠤ ᠳᠡᠢ᠌ᠯᠦᠭᠰᠡᠨ ᠦᠭᠡᠢ᠃ ᠬᠣᠵᠢᠮ᠎ᠨᠢ ᠨᠠᠢ᠍ᠮᠠᠨ ᠬᠣᠰᠢᠭᠤᠨ᠎ᠤ ᠲᠦᠪ ᠳᠠᠴᠢᠨᠲᠠᠯ᠎ᠠ᠎ᠠᠴᠠ ᠵᠡᠭᠦᠨ ᠬᠣᠢ᠌ᠰᠢ 80 ᠭᠠᠵᠠᠷ᠎ᠤᠨ ᠵᠠᠢᠲᠠᠢ ᠣᠩᠭᠣᠨ ᠲᠦᠩ ᠭᠡᠳᠡᠭ ᠪᠠᠯᠠᠷ ᠰᠢᠭᠤᠢ᠎ᠲᠠᠢ ᠭᠠᠵᠠᠷ ᠰᠦᠮ᠎ᠡ ᠪᠠᠢ᠌ᠭᠤᠯᠤᠭᠰᠠᠨ ᠪᠠᠢ᠌ᠨ᠎ᠠ᠃ ᠪᠠᠢ᠌ᠨ ᠳᠠᠬᠢᠨ ᠶᠡᠭᠦᠷᠡᠨ ᠨᠤᠷᠠᠵᠤ ᠪᠠᠢ᠌ᠲᠠᠯ᠎ᠠ ᠶᠠᠭᠤᠨ᠎ᠳᠤ ᠪᠠᠢ᠌ᠨ ᠳᠠᠬᠢᠨ ᠭᠠᠵᠠᠷ ᠰᠢᠯᠵᠢᠵᠤ ᠰᠦᠮ᠎ᠡ ᠪᠠᠢ᠌ᠭᠤᠯᠤᠭᠰᠠᠨ ᠪᠣᠢ? ᠶᠠᠭᠤᠨ᠎ᠳᠤ ᠭᠠᠪᠢᠶᠠᠲᠤ ᠪᠠᠭ᠋ᠠᠲᠤᠷ᠎ᠤᠨ ᠳᠤᠭᠤᠯᠠᠭ᠎ᠠ ᠵᠢ ᠲᠠᠬᠢᠳᠠᠭ ᠶᠤᠮ ᠪᠣᠢ? ᠡᠨᠡ ᠪᠣᠯ ᠬᠦᠨᠳᠦᠳᠭᠡᠯ ᠲᠡᠲᠦᠢ ᠪᠢᠰᠢ᠂ ᠨᠢᠭᠡ ᠵᠦᠢ᠍ᠯ᠎ᠤᠨ ᠰᠢᠲᠦᠯᠭᠡ ᠪᠢᠰᠢᠷᠡᠯ᠂ ᠨᠢᠭᠡ ᠵᠦᠢ᠍ᠯ᠎ᠤᠨ ᠰᠣᠶᠣᠯ ᠰᠡᠳᠭᠢᠯᠭᠡ᠂ ᠨᠢᠭᠡ ᠵᠦᠢ᠍ᠯ᠎ᠤᠨ ᠤᠯᠠᠮᠵᠢᠯᠠᠯ ᠶᠤᠮ᠃
ᠤᠯᠠᠮᠵᠢᠯᠠᠯ ᠶᠠᠷᠢᠶᠠᠨ᠎ᠳᠤ ᠲᠤᠰᠠᠯᠠᠭᠴᠢ ᠵᠢᠨ ᠳᠤᠭᠤᠯᠠᠭ᠎ᠠ ᠮᠠᠰᠢ ᠲᠣᠮᠣ᠂ 60 ᠵᠢᠩ ᠪᠣᠳᠠᠭ᠎ᠠ ᠵᠢ ᠰᠠᠪᠠᠯᠠᠵᠤ ᠪᠠᠭᠲᠠᠳᠠᠭ ᠭᠡᠨ᠎ᠡ᠃ ᠠᠷᠠᠳ᠎ᠤᠨ ᠠᠮᠠᠨ ᠵᠣᠬᠢᠶᠠᠯ᠎ᠳᠤ ᠪᠠᠭ᠋ᠠᠲᠤᠷ ᠡᠷᠡᠰᠢ ᠦᠰᠭᠡᠨ ᠳᠦᠰᠭᠡᠨᠲᠠᠢ ᠳᠦᠷᠰᠦᠯᠡᠬᠦ᠎ᠨᠢ ᠮᠠᠰᠢ ᠣᠯᠠᠨ ᠬᠠᠷᠠᠭᠳᠠᠳᠠᠭ ᠪᠢᠯᠡ᠃ ᠡᠢ᠌ᠮᠦ᠎ᠠᠴᠠ ᠲᠤᠰᠠᠯᠠᠭᠴᠢ ᠵᠢᠨ ᠳᠤᠭᠤᠯᠠᠭ᠎ᠠ ᠵᠢ 《ᠨᠢᠭᠡ ᠳ᠋ᠧᠦ ᠬᠣᠶᠠᠷ ᠱᠧᠩ (ᠪᠠᠷᠤᠭ 60 ᠵᠢᠩ)》 ᠪᠤᠳᠠᠭ᠎ᠠ ᠰᠠᠪᠠᠯᠠᠵᠤ ᠪᠠᠭᠲᠠᠭ᠋ᠠᠨ᠎ᠠ ᠭᠡᠳᠡᠭ᠎ᠨᠢ ᠪᠠᠭ᠋ᠠᠲᠤᠷ ᠵᠠᠩᠵᠤᠨ᠎ᠤ᠎ᠪᠠᠨ ᠪᠡᠶ᠎ᠡ ᠪᠢᠯᠳᠠᠷ᠎ᠤᠨ ᠲᠣᠮᠣ᠂ ᠴᠢᠳᠠᠯ ᠬᠦᠴᠦᠨ᠎ᠤ ᠶᠡᠬᠡ ᠭᠡᠳᠡᠭ᠎ᠢ ᠳᠣᠪᠣᠢ᠌ᠯᠭ᠋ᠠᠬᠤ ᠭᠡᠰᠡᠨ ᠵᠣᠷᠢᠯᠭ᠎ᠠ᠎ᠲᠠᠢ ᠠᠵᠠᠢ᠃
ᠣᠳᠤ ᠡᠨᠳᠡ ᠵᠦᠪᠬᠡᠨ ᠮᠡᠢ᠌ᠷᠡᠨ ᠨᠣᠶᠠᠨ᠎ᠤ ᠪᠠᠭᠤᠷᠢ ᠵᠢ ᠰᠠᠬᠢᠭᠰᠠᠨ ᠪᠦᠳᠦᠭᠦᠨ ᠱᠠᠩᠰᠢ ᠦᠯᠢᠭᠡᠷ ᠳᠣᠮᠣᠭ ᠬᠦᠦᠷᠨᠢᠵᠦ᠂ ᠦᠩᠭᠡᠷᠡᠭᠰᠡᠨ ᠣᠳᠣ ᠵᠢ ᠲᠣᠯᠢᠳᠠᠨ ᠰᠦᠷᠯᠢᠭᠦᠨ ᠪᠠᠷ᠎ᠠ᠎ᠲᠠᠢ ᠰᠡᠬᠦᠢ᠌ᠨᠡ᠃ ᠪᠣᠣ ᠢᠦᠢ ᠮᠢᠨ ᠠᠪᠤᠭ᠋ᠠᠢ ᠪᠢᠳᠡᠨ᠎ᠢ ᠳᠠᠭ᠋ᠠᠭᠤᠯᠵᠤ᠂ ᠰᠠᠪᠠ᠎ᠲᠠᠢ ᠦᠵᠡᠮᠵᠢ ᠰᠢᠭ ᠤᠷᠭᠤᠭᠰᠠᠨ ᠲᠣᠮᠣ ᠱᠠᠩᠰᠢ ᠮᠣᠳᠣᠨ᠎ᠤ ᠬᠠᠵᠠᠭᠤ᠎ᠳᠤ ᠬᠦᠷᠪᠡ᠃ ᠱᠠᠩᠰᠢ ᠮᠣᠳᠣ᠎ᠨᠢ ᠲᠤᠰ ᠠᠢ᠌ᠯᠢ ᠡᠭᠦᠰᠭᠡᠨ ᠰᠠᠭᠤᠷᠢᠰᠢᠭᠰᠠᠨ ᠮᠠᠨᠢ ᠮᠡᠢ᠌ᠷᠡᠨᠤ ᠬᠣᠢ᠌ᠴᠢᠰ᠎ᠤᠨ ᠰᠠᠭᠤᠵᠤ ᠪᠠᠢ᠌ᠭᠰᠠᠨ ᠪᠠᠢ᠌ᠰᠢᠩ ᠭᠡᠷ᠎ᠤᠨ ᠡᠭᠦᠳᠡᠨ ᠬᠠᠵᠠᠭᠤ᠎ᠳᠤ ᠤᠷᠭᠤᠭᠰᠠᠨ ᠪᠠᠢ᠌ᠵᠠᠢ᠃ ᠠᠩᠬ᠎ᠠ ᠡᠬᠢᠨ᠎ᠳᠤ᠎ᠪᠠᠨ ᠨᠠᠢ᠍ᠮᠠᠨ ᠸᠠᠩ᠎ᠤᠨ ᠭᠡᠷ ᠰᠠᠯᠠᠭ᠎ᠠ ᠵᠢᠨ ᠬᠦᠬᠡ ᠵᠢᠩᠰᠡᠲᠠᠢ ᠲᠠᠢ᠌ᠵᠢ ᠮᠠᠨᠢ ᠮᠡᠢ᠌ᠷᠡᠨ᠂ ᠲᠤᠰᠠᠯᠠᠭᠴᠢ ᠵᠢᠨ ᠰᠦᠮ᠎ᠡ ᠬᠢᠭᠡᠳ ᠳᠣᠯᠣᠭ᠋ᠠᠨ ᠮᠣᠳᠣ ᠠᠢ᠌ᠯ᠎ᠤᠨ ᠳᠤᠮᠳᠠ ᠬᠡᠰᠡᠭ᠎ᠤᠨ ᠭᠠᠵᠠᠷ᠎ᠲᠤ ᠭᠡᠷ ᠬᠦᠷᠢᠶ᠎ᠡ ᠪᠠᠢ᠌ᠭᠤᠯᠵᠤ ᠰᠠᠭᠤᠷᠢᠰᠢᠭᠰᠠᠨ ᠪᠦᠭᠡᠳ ᠬᠠᠷᠠᠨᠤᠳ (ᠬᠠᠨ)᠂ ᠦᠵᠢᠶᠡᠳ (ᠦ᠋)᠂ ᠰᠢᠶᠧ᠎ᠵᠢᠨ (ᠰᠢᠶᠧ) ᠵᠡᠷᠭᠡ ᠣᠪᠣᠭᠲᠠᠳ ᠤᠷᠢᠳ ᠬᠣᠵᠢᠳ ᠲᠤᠰ ᠭᠠᠵᠠᠷ ᠢᠷᠡᠵᠦ ᠰᠠᠭᠤᠷᠢᠰᠢᠨ ᠠᠮᠢᠳᠤᠷᠠᠭᠰᠠᠨ ᠵᠶ᠋ᠡᠷ ᠰᠦᠮ᠎ᠡ ᠵᠢᠨ ᠠᠢ᠌ᠯ ᠪᠦᠷᠢᠯᠳᠦᠭᠰᠡᠨ ᠭᠡᠨ᠎ᠡ᠃
ᠳᠣᠮᠣᠭ᠎ᠤᠨ ᠰᠠᠢ᠌ᠬᠠᠨ ᠪᠠᠶᠠᠨᠲᠠᠯ᠎ᠠ ᠵᠢᠨ ᠦᠯᠢᠭᠡᠷ ᠦᠷᠭᠦᠯᠵᠢᠯᠡᠭᠰᠡᠭᠡᠷ ᠁
ᠪᠠᠬᠠᠷᠤᠯᠲᠠᠢ ᠰᠠᠢ᠌ᠬᠠᠨ ᠰᠢᠨ᠎ᠡ ᠳᠦᠷᠬᠦ
ᠰᠢᠪᠡᠭᠡᠲᠦ ᠵᠢᠨ ᠠᠢ᠌ᠯ 2019 ᠣᠨ᠎ᠳᠤ ᠪᠦᠬᠦ ᠤᠯᠤᠰ᠎ᠤᠨ ᠬᠦᠳᠡᠭᠡ ᠲᠣᠰᠬᠣᠨ᠎ᠤ ᠪᠦᠲᠦᠭᠡᠨ ᠪᠠᠢ᠌ᠭᠤᠯᠤᠯᠲᠠ ᠵᠢᠨ ᠳᠠᠭᠤᠷᠢᠶᠠᠯ ᠲᠣᠰᠬᠣᠨ ᠵᠶ᠋ᠡᠷ ᠦᠨᠡᠯᠡᠭᠳᠡᠵᠦ᠂ ᠪᠠᠶᠠᠵᠢᠯ ᠬᠦᠭᠵᠢᠯ᠎ᠤᠨ ᠵᠠᠮ ᠵᠶ᠋ᠡᠷ ᠳᠠᠭ᠋ᠠᠭᠤᠯᠤᠭᠴᠢ ᠵᠢᠱ᠌ᠢᠶᠡᠴᠢ ᠲᠤᠰᠬᠤᠨ ᠪᠣᠯᠬᠣᠷ ᠪᠢᠳᠡᠨ᠎ᠤ ᠠᠶᠠᠯᠠᠯ᠎ᠤᠨ ᠪᠠᠭ᠎ᠤᠨ᠎ᠬᠢᠨ ᠰᠢᠪᠡᠭᠡᠲᠦ ᠲᠤᠰᠬᠤᠨ᠎ᠢ ᠤᠷᠢᠳ ᠵᠶ᠋ᠠᠷ ᠵᠣᠷᠢᠭᠰᠠᠨ ᠶᠤᠮ᠃ ᠰᠢᠪᠡᠭᠡᠲᠦ ᠭᠡᠵᠤ 500 ᠢᠯᠡᠭᠦᠦ ᠡᠷᠦᠬᠡ᠎ᠲᠠᠢ ᠲᠣᠮᠣ ᠠᠢ᠌ᠯ ᠃ ᠰᠢᠨ᠎ᠡ ᠴᠠᠭ ᠦᠶ᠎ᠡ ᠵᠢᠨ ᠦᠩᠭᠡ ᠳᠦᠷᠰᠦ ᠵᠢ ᠬᠠᠷᠠᠭᠤᠯᠤᠭᠰᠠᠨ ᠪᠠᠶᠠᠨ ᠠᠢ᠌ᠯ᠃ ᠰᠢᠪᠡᠭᠡᠲᠦ ᠵᠢᠨ ᠠᠢ᠌ᠯ᠎ᠤᠨ 500 ᠡᠷᠦᠬᠡ ᠵᠢᠨ ᠳᠣᠲᠤᠷ᠎ᠠ᠂ 460 ᠭᠠᠷᠤᠢ ᠡᠷᠦᠬᠡ᠎ᠨᠢ 《ᠤᠨᠤᠯᠭ᠎ᠠ》᠎ᠳᠤ ᠬᠡᠷᠡᠭᠯᠡᠬᠦ ᠬᠤᠪᠢ ᠵᠢᠨ ᠵᠢᠵᠢᠭ ᠮᠠᠰᠢᠨ᠎ᠲᠠᠢ ᠭᠡᠵᠤ ᠲᠤᠰᠬᠤᠨ᠎ᠤ ᠳᠠᠷᠤᠭ᠎ᠠ᠎ᠠᠴᠠ ᠣᠮᠣᠭ ᠪᠠᠷᠳᠠᠮ ᠲᠠᠨᠢᠯᠴᠠᠭᠤᠯᠵᠤ ᠪᠠᠢ᠌ᠯ᠎ᠠ᠃
《ᠲᠠᠨ᠎ᠤ ᠠᠢ᠌ᠯ᠎ᠤᠨ᠎ᠬᠢᠨ ᠮᠠᠯ ᠲᠡᠵᠢᠭᠡᠳᠡᠭ ᠦᠦ?》 ᠭᠡᠬᠦᠯᠡᠷ ᠳᠠᠷᠤᠭ᠎ᠠ ᠭᠤᠸᠠᠢ᠄
《ᠲᠡᠵᠢᠭᠡᠵᠦ ᠪᠠᠢ᠌ᠨ᠎ᠠ᠂ ᠪᠦᠬᠦ ᠲᠣᠰᠬᠤᠨ᠎ᠤ ᠮᠠᠯ᠎ᠤᠨ ᠲᠤᠭ᠎ᠠ ᠬᠡᠳᠦᠨ ᠮᠢᠩᠭ᠎ᠠ ᠬᠦᠷᠴᠡᠢ》 ᠭᠡᠨ᠎ᠡ᠃
《 ᠬᠠᠮᠤᠭ᠎ᠤᠨ ᠣᠯᠠᠨ ᠮᠠᠯ᠎ᠲᠠᠢ ᠡᠷᠦᠬᠡ ᠵᠢᠨ ᠦᠬᠡᠷ ᠬᠡᠳᠦᠢ ᠪᠠᠢ᠌ᠭ᠎ᠠ ᠪᠣᠢ?》 ᠭᠡᠪᠡᠯ
《200 ᠢᠯᠡᠭᠦᠦ ᠲᠤᠯᠤᠭᠰᠠᠨ ᠪᠠᠢ᠌ᠨ᠎ᠠ》 ᠭᠡᠨ᠎ᠡ᠃
200 ᠦᠬᠡᠷ ᠭᠡᠳᠡᠭ ᠴᠢᠨᠢ ᠮᠠᠨ᠎ᠤ ᠨᠠᠢ᠍ᠮᠠᠨ ᠬᠣᠰᠢᠭᠤᠨ᠎ᠳᠤ ᠲᠣᠮᠣ ᠪᠠᠶᠠᠨ᠎ᠳᠤ ᠲᠣᠭ᠋ᠠᠴᠠᠭᠳᠠᠨ᠎ᠠ᠃ ᠮᠠᠯ ᠵᠶ᠋ᠡᠷ ᠵᠣᠭᠰᠣᠬᠣ ᠦᠦ? ᠲᠠᠷᠢᠶ᠎ᠠ᠎ᠲᠠᠢ᠂ ᠦᠢ᠍ᠯᠡᠳᠪᠦᠷᠢ᠎ᠲᠠᠢ᠃ ᠲᠤᠰᠬᠤᠨ᠎ᠤ ᠳᠠᠷᠤᠭ᠎ᠠ ᠪᠢᠳᠡᠨ᠎ᠢ ᠳᠠᠭ᠋ᠠᠭᠤᠯᠵᠤ᠂ 《ᠮᠠᠩᠬᠠᠨ ᠳᠤᠲᠤᠷᠭ᠎ᠠ᠎ᠲᠠᠢ ᠳᠤᠮᠳᠠᠳᠤ ᠤᠯᠤᠰ · ᠳᠡᠯᠭᠡᠨ ᠦᠵᠡᠭᠦᠯᠦᠯᠭᠡ ᠵᠢᠨ ᠣᠷᠳᠣᠨ》 《ᠦᠪᠦᠷ ᠮᠣᠩᠭᠤᠯ᠎ᠤᠨ ᠢ ᠯᠢ ᠰᠢᠨ ᠵᠦᠩ ᠨᠦᠩ ᠺᠣᠮᠫᠠᠨᠢ》᠎ᠳᠤ ᠳᠠᠭ᠋ᠠᠭᠤᠯᠵᠤ ᠠᠪᠠᠴᠢᠪᠠ᠃ ᠵᠠᠮ᠎ᠤᠨ ᠡᠮᠦᠨ᠎ᠡ ᠲᠠᠯ᠎ᠠ᠎ᠳᠤ ᠳᠤᠲᠤᠷᠭ᠎ᠠ ᠵᠢᠨ ᠲᠠᠷᠢᠶ᠎ᠠ ᠬᠠᠯᠢᠭᠤᠷᠠᠵᠤ᠂ ᠲᠠᠷᠢᠶ᠎ᠠ ᠵᠢᠨ ᠦᠵᠦᠭᠦᠷ᠎ᠲᠤ᠎ᠬᠢ ᠨᠣᠭᠣᠭ᠋ᠠᠨ ᠦᠩᠭᠡ᠎ᠲᠠᠢ ᠫᠠᠢ᠌ᠰᠠ ᠢᠯᠡᠷᠬᠡᠢ᠌ᠯᠡᠯ ᠳᠡᠭᠡᠷ᠎ᠡ 《ᠲᠤᠰ ᠭᠠᠵᠠᠷ ᠬᠣᠪᠤᠷ ᠴᠤᠬᠠᠭ ᠰᠢᠪᠠᠭᠤᠳ᠎ᠤᠨ ᠴᠡᠩᠭᠡᠯ᠎ᠤᠨ ᠣᠷᠣᠨ ᠶᠤᠮ᠂ ᠬᠠᠤᠯᠢ ᠶᠣᠰᠤᠭ᠋ᠠᠷ ᠬᠠᠮᠠᠭ᠋ᠠᠯᠠᠵᠠᠭ᠋ᠠᠶᠠ》 ᠭᠡᠰᠡᠨ ᠦᠰᠦᠭ ᠳᠤᠷᠠᠢ᠌ᠨ᠎ᠠ᠃ ᠵᠠᠮ᠎ᠤᠨ ᠬᠣᠢ᠌ᠲᠦ ᠲᠠᠯ᠎ᠠ᠎ᠳᠤ ᠺᠣᠮᠫᠠᠨᠢ ᠵᠢᠨ ᠬᠣᠶᠠᠷ ᠳᠠᠪᠬᠤᠷ ᠠᠰᠠᠷ ᠰᠢᠯ ᠪᠣᠯᠣᠷ ᠦᠩᠭᠡ᠎ᠪᠠᠷ ᠬᠢᠯᠠᠯᠵᠠᠨ ᠬᠠᠷᠠᠭᠳᠠᠨ᠎ᠠ᠃ ᠠᠰᠠᠷ᠎ᠤᠨ ᠡᠭᠦᠳᠡᠨ ᠳᠡᠭᠡᠷ᠎ᠡ 《ᠲᠦᠩᠯᠢᠶᠣᠣ ᠬᠣᠲᠠ ᠵᠢᠨ ᠲᠠᠷᠢᠶᠠᠯᠠᠩ᠎ᠤᠨ ᠰᠢᠨᠵᠢᠯᠡᠭᠡᠨ᠎ᠤ ᠬᠦᠷᠢᠶᠡᠯᠡᠩ᠎ᠤᠨ ᠮᠠᠩᠬᠠᠨ ᠳᠤᠲᠤᠷᠭ᠎ᠠ ᠵᠢᠨ ᠰᠤᠳᠤᠯᠭ᠋ᠠᠨ᠎ᠤ ᠭᠠᠵᠠᠷ》 ᠭᠡᠬᠦ ᠦᠰᠦᠭ᠎ᠲᠠᠢ᠃ ᠪᠢᠳᠡᠨ᠎ᠢ ᠬᠦᠷᠬᠦ᠎ᠳᠤ ᠶᠠᠭ ᠰᠠᠶᠢᠬᠠᠨ ᠴᠠᠢ᠌ᠯᠭ᠋ᠠᠭᠰᠠᠨ ᠳᠣᠲᠣᠷᠭ᠎ᠠ ᠲᠡᠭᠡᠭᠡᠭᠰᠡᠨ ᠬᠣᠶᠠᠷ ᠲᠣᠮᠣ ᠮᠠᠰᠢᠨ ᠲᠡᠷᠭᠡ ᠬᠦᠷᠴᠦ ᠢᠷᠡᠭᠡᠳ ᠬᠦᠮᠦᠷᠭᠡ᠎ᠳᠤ ᠣᠷᠤᠭᠤᠯᠬᠤ᠎ᠪᠠᠷ ᠪᠠᠢ᠌ᠪᠠ᠃ ᠳᠤᠲᠤᠷᠭ᠎ᠠ ᠵᠢᠨ ᠦᠩᠭᠡ᠂ ᠬᠡᠯᠪᠡᠷᠢ ᠳᠦᠷᠰᠦ᠎ᠨᠢ ᠤᠭᠤᠲᠠᠨᠤ ᠭᠠᠳᠠᠨ᠎ᠠ᠎ᠠᠴᠠ ᠲᠣᠳᠣ ᠬᠠᠷᠠᠭᠳᠠᠨ᠎ᠠ᠃ ᠺᠣᠮᠫᠠᠨᠢ᠎ᠨᠢ ᠰᠢᠪᠡᠭᠡᠲᠦ ᠵᠢᠨ ᠠᠢ᠌ᠯ᠎ᠳᠤ ᠪᠠᠢ᠌ᠪᠠᠴᠤ ᠳᠤᠲᠤᠷᠭ᠎ᠠ᠎ᠨᠢ ᠬᠠᠷᠢᠨ ᠪᠠᠶᠠᠨᠲᠠᠯ᠎ᠠ ᠰᠤᠮᠤᠨ᠎ᠤ ᠪᠣᠰᠤᠳ ᠠᠢ᠌ᠯ ᠲᠤᠰᠬᠤᠨ ᠵᠶ᠋ᠡᠷ ᠴᠦ᠍ ᠲᠠᠷᠢᠵᠤ ᠪᠠᠢ᠌ᠭ᠎ᠠ ᠠᠵᠢ᠃
ᠰᠢᠨᠵᠢᠯᠡᠭᠡ ᠮᠡᠷᠭᠡᠵᠢᠯ᠎ᠤᠨ ᠰᠢᠨ᠎ᠡ ᠨᠡᠭᠡᠭᠡᠯᠲᠡ ᠲᠠᠰᠤᠷᠠᠯᠲᠠ ᠦᠭᠡᠢ ᠮᠡᠨᠳᠦᠯᠡᠬᠦ ᠵᠢ ᠳᠠᠭ᠋ᠠᠯᠳᠤᠨ ᠮᠠᠩᠬᠠᠨ ᠨᠤᠲᠤᠭ᠎ᠲᠤ ᠤᠰᠤᠨ ᠲᠤᠳᠤᠷᠭ᠎ᠠ ᠲᠠᠷᠢᠬᠤ ᠪᠣᠯᠣᠭᠰᠠᠨ᠎ᠨᠢ ᠡᠯᠡᠰᠦ ᠮᠠᠩᠬ᠎ᠠ᠎ᠪᠠᠷ ᠭᠣᠣᠯᠯᠠᠭᠰᠠᠨ ᠪᠠᠶᠠᠨᠲᠠᠯ᠎ᠠ ᠨᠤᠲᠤᠭ᠎ᠤᠨ ᠨᠢᠭᠡ ᠶᠡᠬᠡ ᠬᠤᠪᠢᠷᠠᠯᠲᠠ ᠪᠣᠯᠬᠣ ᠶᠤᠮ᠃ ᠨᠤᠲᠤᠭ ᠰᠢᠷᠣᠢ᠂ ᠬᠦᠷᠦᠩᠭᠡ ᠮᠦᠩᠭᠦ᠂ ᠬᠦᠮᠦᠨ᠎ᠤ ᠬᠦᠴᠦᠨ ᠵᠡᠷᠭᠡ ᠲᠠᠯ᠎ᠠ ᠵᠢ ᠨᠠᠷᠢᠯᠢᠭ ᠰᠤᠳᠤᠯᠤᠭᠰᠠᠨ ᠰᠠᠭᠤᠷᠢᠨ ᠳᠡᠭᠡᠷ᠎ᠡ ᠰᠤᠮᠤ ᠪᠠᠯᠭ᠋ᠠᠰᠤ ᠪᠤᠯᠭ᠋ᠠᠨ ᠦᠪᠡᠷ ᠦᠪᠡᠷ᠎ᠤᠨ ᠵᠶ᠋ᠡᠨ ᠬᠣᠷᠸ᠎ᠠ ᠲᠣᠬᠢᠷᠠᠭᠤᠯᠭ᠎ᠠ ᠬᠢᠭᠰᠡᠨ᠎ᠠᠴᠠ ᠮᠠᠩᠬᠠᠨ ᠳᠤᠲᠤᠷᠭ᠎ᠠ ᠂ ᠵᠢᠮᠢᠰ᠂ ᠬᠠᠯᠠᠭᠤᠨ ᠨᠣᠭᠣᠭ᠎ᠠ᠂ ᠡᠮ᠎ᠤᠨ ᠮᠠᠲ᠋ᠧᠷᠢᠶᠠᠯ ᠲᠠᠷᠢᠬᠤ ᠭᠡᠬᠦ ᠮᠡᠲᠦ᠎ᠪᠠᠷ ᠲᠠᠷᠢᠮᠠᠯ᠎ᠤᠨ ᠦᠢ᠍ᠯᠡᠰ ᠡᠷᠬᠢᠯᠡᠬᠦ ᠵᠢᠴᠢ ᠮᠦᠭᠦ ᠪᠣᠢ᠌ᠵᠢᠭᠤᠯᠬᠤ᠂ ᠮᠠᠯ ᠲᠡᠵᠢᠭᠡᠬᠦ᠂ ᠵᠤᠭ᠋ᠠᠴᠠᠯ᠎ᠤᠨ ᠦᠢ᠍ᠯᠡᠰ ᠡᠷᠬᠢᠯᠡᠬᠦ᠂ ᠦᠢ᠍ᠯᠡᠳᠪᠦᠷᠢ ᠪᠠᠢ᠌ᠭᠤᠯᠬᠤ ᠁ ᠭᠡᠬᠦ ᠮᠡᠲᠦ ᠵᠢᠨ ᠠᠳᠠᠯᠢ ᠪᠣᠰᠤ ᠵᠢᠨ ᠡᠵᠡᠩᠨᠡᠬᠦ ᠬᠡᠯᠪᠡᠷᠢ᠎ᠲᠠᠢ ᠠᠳᠠᠯᠢ ᠪᠣᠰᠤ ᠵᠢᠨ ᠠᠮᠢᠳᠤᠷᠠᠯ᠎ᠤᠨ ᠵᠠᠮ ᠨᠠᠢ᠍ᠮᠠᠨ ᠬᠣᠰᠢᠭᠤᠨ᠎ᠤ ᠬᠦᠳᠡᠭᠡ ᠲᠣᠰᠬᠤᠨ᠎ᠤ ᠠᠷᠠᠳ ᠲᠦᠮᠡᠨ᠎ᠤ ᠡᠮᠦᠨ᠎ᠡ ᠳᠤᠷᠠᠢ᠌ᠭᠰᠠᠨ ᠪᠠᠢ᠌ᠨ᠎ᠠ᠃ ᠰᠢᠪᠡᠭᠡᠲᠦ ᠵᠢᠨ ᠠᠢ᠌ᠯ᠎ᠤᠨ ᠮᠠᠩᠬᠠᠨ ᠳᠤᠲᠤᠷᠭ᠎ᠠ ᠵᠢᠨ ᠰᠤᠳᠤᠯᠭ᠋ᠠᠨ᠎ᠤ ᠭᠠᠵᠠᠷ ᠪᠣᠯ ᠲᠡᠳᠡᠭᠡᠷ᠎ᠤᠨ ᠳᠣᠲᠤᠷᠠᠬᠢ ᠨᠢᠭᠡ᠎ᠨᠢ ᠶᠤᠮ᠃ ᠨᠠᠮ ᠵᠠᠰᠠᠭ᠎ᠤᠨ ᠵᠦᠪ ᠤᠳᠤᠷᠢᠳᠤᠯᠭ᠎ᠠ ᠬᠢᠭᠡᠳ ᠰᠤᠳᠤᠯᠭ᠋ᠠᠨ᠎ᠤ ᠭᠠᠵᠠᠷ᠎ᠤᠨ᠎ᠬᠢᠨ᠎ᠤ ᠮᠡᠷᠭᠡᠵᠢᠯ᠎ᠤᠨ ᠵᠢᠯᠤᠭᠤᠳᠤᠯᠭ᠎ᠠ ᠵᠢᠴᠢ ᠨᠤᠲᠤᠭ᠎ᠤᠨ ᠠᠷᠠᠳ᠎ᠤᠨ ᠬᠦᠳᠡᠯᠮᠦᠷᠢᠴᠢ ᠬᠣᠶᠠᠷ ᠭᠠᠷ ᠵᠶ᠋ᠡᠷ ᠰᠢᠮᠡᠲᠡᠢ᠂ ᠠᠮᠲᠠᠲᠠᠢ ᠳᠤᠲᠤᠷᠭ᠎ᠠ ᠬᠣᠯᠠ ᠣᠢ᠌ᠷ᠎ᠠ ᠵᠢᠨ ᠬᠦᠮᠦᠰ᠎ᠤᠨ ᠬᠣᠭᠣᠯᠠᠨ ᠰᠢᠷᠡᠭᠡᠨ ᠳᠡᠭᠡᠷ᠎ᠡ ᠳᠡᠯᠭᠡᠭᠳᠡᠵᠦ᠂ ᠪᠠᠶᠠᠨᠲᠠᠯ᠎ᠠ ᠨᠤᠲᠤᠭ᠎ᠤᠨ ᠠᠷᠠᠳ ᠲᠦᠮᠡᠨ᠎ᠢ ᠪᠠᠶᠠᠵᠢᠯ᠎ᠤᠨ ᠵᠠᠮ ᠦᠭᠡᠳᠡ ᠬᠦᠲᠦᠯᠵᠡᠢ᠃ ᠳᠣᠲᠣᠭᠰᠢ ᠣᠷᠣᠬᠣ᠎ᠳᠤ ᠭᠣᠶᠣ ᠭᠣᠶᠣ ᠬᠠᠢ᠌ᠷᠴᠠᠭ ᠪᠣᠭᠣᠯᠲᠠᠲᠠᠢ ᠳᠤᠲᠤᠷᠭ᠎ᠠ ᠳᠡᠯᠭᠡᠨ ᠦᠵᠡᠭᠦᠯᠵᠦ ᠪᠠᠢ᠌ᠭ᠎ᠠ ᠪᠦᠭᠡᠳ 《ᠪᠦᠬᠦ ᠤᠯᠤᠰ᠎ᠤᠨ ᠰᠢᠨᠵᠢᠯᠡᠬᠦ ᠤᠬᠠᠭ᠋ᠠᠨ᠎ᠢ ᠲᠦᠭᠡᠮᠡᠯᠵᠢᠭᠦᠯᠦᠭᠰᠡᠨ ᠵᠢᠱ᠌ᠢᠶᠡᠴᠢ ᠲᠠᠷᠢᠶᠠᠯᠠᠬᠤ ᠲᠣᠰᠬᠤᠨ》 ᠭᠡᠬᠦ ᠬᠦᠬᠢᠭᠦᠯᠦᠯ᠎ᠤᠨ ᠲᠡᠮᠳᠡᠭ ᠬᠢᠭᠡᠳ ᠳᠤᠮᠳᠠᠳᠤ ᠤᠯᠤᠰ᠎ᠤᠨ ᠢᠳᠡᠭᠡᠨ ᠤᠮᠳᠠᠭ᠋ᠠᠨ᠎ᠤ ᠠᠮᠤᠷ ᠲᠦᠪᠰᠢᠨ᠎ᠤ ᠣᠨ᠎ᠤ ᠬᠤᠷᠠᠯ᠎ᠤᠨ ᠵᠦᠪᠯᠠᠯ᠎ᠠᠴᠠ ᠦᠨᠡᠯᠡᠨ ᠬᠦᠬᠢᠭᠦᠯᠦᠭᠰᠡᠨ 《ᠲᠧᠩ ᠰᠢᠦᠸᠠᠢ ᠵᠢᠶᠦ᠋ᠨ ᠨᠦᠬᠦᠷ᠎ᠲᠤ᠂ 2015 ᠣᠨ᠎ᠤ ᠪᠦᠬᠦ ᠤᠯᠤᠰ᠎ᠤᠨ ᠢᠳᠡᠭᠡᠨ ᠤᠮᠳᠠᠭ᠋ᠠᠨ᠎ᠤ ᠠᠮᠤᠷ ᠲᠦᠪᠰᠢᠨ᠎ᠤ ᠲᠠᠯ᠎ᠠ᠎ᠪᠠᠷ ᠰᠢᠯᠢᠳᠡᠭ ᠬᠠᠮᠢᠶᠠᠷᠤᠭᠴᠢ》 ᠭᠡᠬᠦ ᠬᠦᠬᠢᠭᠦᠯᠦᠯ᠎ᠤᠨ ᠲᠡᠮᠳᠡᠭ ᠵᠡᠷᠭᠡ ᠬᠡᠳᠦ ᠬᠡᠳᠦᠨ ᠫᠠᠢ᠌ᠰᠠ ᠲᠡᠮᠳᠡᠭ ᠳᠤᠷᠠᠢ᠌ᠨ᠎ᠠ᠃ ᠲᠠᠷᠢᠶᠠᠯᠠᠩ᠎ᠤᠨ ᠦᠢ᠍ᠯᠡᠰ᠎ᠨᠢ ᠬᠦᠷᠦᠰᠦ ᠰᠢᠷᠣᠢ᠂ ᠦᠷ᠎ᠡ᠂ ᠪᠣᠷᠳᠣᠭᠣᠷ ᠵᠢᠴᠢ ᠮᠠᠰᠢᠨᠴᠢᠯᠠᠬᠤ ᠵᠡᠷᠭᠡ ᠪᠦᠬᠦ ᠲᠠᠯ᠎ᠠ ᠵᠢᠨ ᠬᠦᠭᠵᠢᠯᠲᠡ᠎ᠲᠠᠢ ᠰᠢᠨ᠎ᠡ ᠴᠠᠭ ᠦᠶ᠎ᠡ᠎ᠳᠤ ᠣᠷᠣᠭᠰᠠᠨ᠎ᠤ ᠬᠡᠪ ᠳᠠᠭᠤᠷᠢᠶᠠᠯ ᠪᠣᠯ ᠶᠠᠭ ᠡᠨᠡ ᠰᠢᠪᠡᠭᠡᠲᠦ ᠲᠣᠰᠬᠤᠨ ᠪᠣᠯᠣᠨ᠎ᠠ᠃
ᠺᠤᠮᠫᠠᠨᠢ ᠵᠢᠨ ᠬᠣᠶᠠᠳᠤᠭ᠋ᠠᠷ ᠳᠠᠪᠬᠤᠷ᠎ᠲᠤ ᠭᠣᠶᠣ ᠬᠢᠴᠡ᠎ᠲᠠᠢ ᠮᠣᠳᠣᠨ ᠰᠢᠷᠡᠭᠡ ᠰᠠᠨᠳᠠᠯᠢᠨᠦᠭᠦᠳᠢ ᠳᠡᠯᠭᠡᠭᠰᠡᠨ᠎ᠨᠢ ᠵᠣᠴᠢᠯᠠᠬᠤ ᠦᠷᠦᠭᠡ ᠭᠡᠵᠤ ᠲᠣᠬᠢᠷᠠᠭᠤᠯᠤᠭᠰᠠᠨ ᠪᠣᠯᠣᠯᠲᠠᠢ᠃ ᠲᠡᠢ᠌ᠮᠦ ᠡ᠂ ᠰᠢᠪᠡᠭᠡᠲᠦ ᠲᠤᠰᠬᠤᠨ᠎ᠤ ᠪᠠᠶᠠᠵᠢᠯ ᠬᠦᠭᠵᠢᠯ᠎ᠤᠨ ᠰᠢᠨ᠎ᠡ ᠳᠦᠷᠰᠦ ᠵᠢ ᠦᠵᠡᠶ᠎ᠡ᠂ ᠰᠤᠷᠤᠯᠴᠠᠶ᠎ᠠ ᠭᠡᠵᠤ ᠠᠯᠤᠰ᠎ᠤᠨ ᠭᠡᠢ᠌ᠴᠢᠨ ᠴᠠᠭ ᠦᠷᠭᠦᠯᠵᠢ ᠮᠣᠷᠢᠯᠠᠨ ᠰᠠᠭ᠋ᠠᠳᠠᠬᠤᠨᠢ ᠮᠡᠳᠡᠭᠡᠵᠢ ᠵᠢᠨ ᠬᠡᠷᠡᠭ᠃
ᠵᠡᠭᠡᠷᠡᠲᠦ᠃ ᠠᠶᠠᠨ᠎ᠤ ᠪᠠᠭ᠎ᠤᠨ᠎ᠬᠢᠨ᠎ᠤ ᠲᠡᠷᠭᠡ ᠵᠢᠭᠳᠡᠷᠡᠨ ᠮᠦᠷᠯᠡᠭᠦᠯᠦᠭᠰᠡᠨ ᠬᠣᠷᠢ ᠭᠤᠴᠢᠨ ᠬᠦᠯᠡᠮᠵᠢ ᠵᠢᠨ ᠫᠧᠩ᠎ᠤᠨ ᠲᠡᠷᠭᠡᠳᠡ ᠬᠦᠷᠦᠭᠰᠡᠨ᠎ᠨᠢ ᠵᠡᠭᠡᠷᠡᠲᠦ ᠵᠢᠨ ᠠᠢ᠌ᠯ᠎ᠤᠨ ᠮᠦᠬᠦ ᠪᠣᠢ᠌ᠵᠢᠭᠤᠯᠬᠤ ᠰᠠᠭᠤᠷᠢᠨ ᠭᠠᠵᠠᠷ ᠪᠠᠢ᠌ᠵᠠᠢ᠃ ᠵᠡᠭᠡᠷ᠎ᠡ᠎ᠳᠦ ᠭᠠᠴᠠᠭ᠎ᠠ᠎ᠨᠢ ᠵᠡᠭᠡᠷᠡᠲᠦ ᠬᠢᠭᠡᠳ ᠬᠤᠵᠢᠷ᠎ᠲᠤ ᠬᠣᠶᠠᠷ ᠠᠢ᠌ᠯ ᠵᠶ᠋ᠡᠷ ᠪᠦᠷᠢᠯᠳᠦᠭᠰᠡᠨ 500 ᠢᠯᠡᠭᠦᠦ ᠡᠷᠦᠬᠡ᠎ᠲᠠᠢ ᠴᠢᠨᠡᠭᠡᠯᠢᠭ ᠠᠢ᠌ᠯ ᠪᠣᠯᠣᠨ᠎ᠠ᠃
ᠨᠤᠲᠤᠭ ᠰᠢᠷᠣᠢ ᠵᠢᠨ ᠣᠨᠴᠠᠯᠢᠭ ᠵᠶ᠋ᠡᠨ ᠦᠨᠳᠦᠰᠦᠯᠡᠵᠦ᠂ ᠣᠢ ᠰᠢᠭᠤᠢ᠂ ᠮᠠᠯ᠂ ᠲᠠᠷᠢᠶ᠎ᠠ ᠭᠤᠷᠪᠠᠨ ᠲᠠᠯ᠎ᠠ᠎ᠪᠠᠷ ᠤᠯᠠᠮᠵᠢᠯᠠᠯᠲᠤ ᠠᠷᠭ᠎ᠠ ᠬᠡᠯᠪᠡᠷᠢ ᠵᠢᠨ ᠣᠷᠣᠯᠭ᠎ᠠ ᠵᠢ ᠲᠦᠰᠢᠵᠦ ᠠᠮᠢᠳᠤᠷᠠᠵᠤ ᠪᠠᠢ᠌ᠭᠰᠠᠨ ᠵᠡᠭᠡᠷᠡᠲᠦ ᠲᠤᠰᠬᠤᠨ᠎ᠤ᠎ᠬᠢᠨ ᠰᠢᠨ᠎ᠡ ᠴᠠᠭ ᠡᠷᠡᠨ᠎ᠤ ᠠᠯᠬᠤᠭ᠎ᠠ ᠵᠢ ᠳᠠᠭ᠋ᠠᠵᠤ᠂ ᠦᠭᠡᠷᠡᠴᠢᠯᠡᠯᠲᠡ ᠨᠡᠭᠡᠭᠡᠯᠲᠡ ᠵᠢᠨ ᠴᠢᠭᠯᠡᠯᠲᠡ᠂ ᠲᠦᠷᠦ ᠵᠢᠨ ᠪᠣᠳᠣᠯᠭ᠎ᠠ ᠵᠢ ᠳᠠᠭ᠋ᠠᠵᠤ ᠡᠷᠴᠢᠮ᠎ᠲᠠᠢ ᠤᠷᠤᠭᠰᠢᠯᠠᠵᠤ ᠪᠠᠢ᠌ᠭ᠎ᠠ ᠠᠵᠢ᠃ ᠵᠠᠬ᠎ᠠ ᠳᠡᠯᠭᠡᠭᠦᠷ᠎ᠤᠨ ᠪᠠᠢ᠌ᠳᠠᠯ᠎ᠢ ᠰᠢᠨᠵᠢᠵᠦ᠂ ᠭᠠᠵᠠᠷ᠎ᠤᠨ ᠠᠰᠢᠭ᠎ᠢ ᠲᠡᠭᠷᠢ ᠵᠢᠨ ᠵᠦᠢ᠎ᠳᠤ ᠨᠡᠢ᠌ᠴᠡᠭᠦᠯᠦᠨ ᠬᠦᠮᠦᠨ᠎ᠤ ᠰᠡᠳᠭᠢᠯ᠎ᠳᠤ ᠨᠡᠢ᠌ᠴᠡᠭᠦᠯᠵᠦ ᠡᠵᠡᠩᠨᠡᠬᠦ᠎ᠨᠢ ᠵᠡᠭᠡᠷᠡᠲᠦ ᠵᠢᠨ ᠠᠢ᠌ᠯ᠎ᠤᠨ ᠣᠨᠴᠠᠯᠢᠭ ᠭᠡᠯᠲᠡᠢ᠃ ᠲᠡᠳᠡ ᠬᠠᠯᠠᠭᠤᠨ ᠨᠣᠭᠣᠭ᠎ᠠ ᠲᠠᠷᠢᠵᠤ᠂ ᠲᠠᠯ᠎ᠠ ᠠᠭᠯᠠᠭ ᠪᠦᠷᠬᠦᠲᠡᠯ᠎ᠡ ᠤᠯᠠᠢ᠌ᠯᠭ᠋ᠠᠵᠤ᠂ ᠲᠠᠯ᠎ᠠ ᠭᠠᠵᠠᠷ᠎ᠤᠨ ᠠᠰᠢᠭ ᠰᠢᠮ᠎ᠡ ᠵᠢ ᠳᠠᠶᠠᠭ᠋ᠠᠷ ᠣᠯᠠᠨ᠎ᠳᠤ ᠲᠠᠨᠢᠭᠤᠯᠵᠤ ᠪᠠᠢ᠌ᠪᠠ᠃ ᠲᠡᠳᠡ ᠲᠦᠩᠬᠦᠢ᠌ᠭᠰᠡᠨ ᠲᠠᠩᠬᠠᠢ᠌ᠭᠰᠠᠨ ᠲᠠᠷᠪᠤᠰ ᠵᠶ᠋ᠡᠨ ᠲᠦᠩᠯᠢᠶᠣᠣ ᠱᠧᠨᠶᠠᠩ ᠬᠦᠷᠲᠡᠯ᠎ᠡ ᠠᠮᠰᠠᠭᠤᠯᠵᠤ ᠪᠠᠢ᠌ᠪᠠ᠃ ᠲᠡᠳᠡ ᠦᠬᠡᠷ ᠬᠣᠨᠢ ᠢᠮᠠᠭ᠎ᠠ ᠠᠳᠤᠭᠤ ᠳᠦᠷᠪᠡᠨ ᠬᠣᠰᠢᠭᠤ ᠮᠠᠯ᠎ᠢ ᠡᠷᠦᠬᠡ ᠪᠣᠯᠭ᠋ᠠᠨ᠎ᠤ ᠪᠠᠢ᠌ᠳᠠᠯ᠎ᠳᠤ᠎ᠪᠠᠨ ᠵᠣᠬᠢᠴᠠᠭᠤᠯᠵᠤ ᠠᠷᠠᠴᠢᠯᠠᠨ ᠲᠡᠵᠢᠭᠡᠭᠡᠳ ᠪᠠᠢ᠌ᠩᠭᠤ ᠵᠢᠨ ᠣᠷᠣᠯᠭ᠎ᠠ᠎ᠪᠠᠨ ᠪᠣᠯᠭ᠋ᠠᠳᠠᠭ᠃ ᠲᠡᠳᠡ ᠣᠳᠣ ᠮᠦᠷᠯᠡᠨ ᠵᠢᠭᠳᠡᠷᠡᠭᠰᠡᠨ ᠮᠦᠬᠦ ᠵᠢᠨ ᠫᠧᠩ ᠵᠣᠬᠢᠶᠠᠭ᠋ᠠᠳ ᠮᠦᠭᠦ ᠪᠣᠢ᠌ᠵᠢᠭᠤᠯᠵᠤ ᠪᠠᠢ᠌ᠭ᠎ᠠ ᠠᠵᠢ᠃ ᠮᠠᠯ ᠵᠶ᠋ᠡᠨ ᠠᠷᠠᠴᠢᠯᠠᠭ᠋ᠠᠳ ᠲᠠᠷᠢᠶ᠎ᠠ᠎ᠪᠠᠨ ᠲᠠᠷᠢᠳᠠᠭ᠎ᠨᠢ ᠦᠵᠡᠬᠦ᠎ᠳᠤ ᠤᠯᠠᠮᠵᠢᠯᠠᠯᠲᠤ ᠠᠵᠤ ᠠᠬᠤᠢ᠂ ᠤᠯᠠᠮᠵᠢᠯᠠᠯᠲᠤ ᠠᠮᠢᠳᠤᠷᠠᠯ ᠰᠢᠭ᠋ ᠪᠣᠯᠪᠠᠴᠤ ᠵᠠᠬ᠎ᠠ ᠳᠡᠯᠭᠡᠬᠦᠷ᠂ ᠬᠠᠩᠭ᠋ᠠᠯᠭ᠎ᠠ ᠪᠣᠷᠣᠯᠠᠭᠤᠯᠭ᠎ᠠ᠂ ᠮᠡᠷᠭᠡᠵᠢᠯ ᠭᠡᠬᠦᠴᠢᠯᠡᠨ ᠴᠠᠭ ᠡᠷᠡᠨ᠎ᠤ ᠰᠢᠨ᠎ᠡ ᠬᠠᠨᠳᠤᠰᠢ᠂ ᠰᠢᠨ᠎ᠡ ᠬᠦᠭᠵᠢᠯᠲᠠᠢ ᠤᠶᠠᠯᠳᠤᠨ ᠡᠵᠡᠩᠨᠡᠬᠦ᠎ᠨᠢ ᠵᠡᠭᠡᠷᠡᠲᠦ ᠵᠢᠨ ᠠᠢ᠌ᠯ᠎ᠤᠨ ᠰᠢᠨ᠎ᠡ ᠳᠦᠷᠰᠦ᠂ ᠰᠢᠨ᠎ᠡ ᠠᠭᠤᠷ ᠠᠮᠢᠰᠬᠤᠯ᠂ ᠰᠢᠨ᠎ᠡ ᠠᠮᠢᠳᠤᠷᠠᠯ ᠪᠠᠢ᠌ᠵᠠᠢ᠃
ᠡᠨᠳᠡ ᠵᠡᠭᠡᠷ᠎ᠡ ᠬᠠᠷᠠᠭᠳᠠᠭᠰᠠᠨ ᠦᠭᠡᠢ᠂ ᠵᠡᠭᠡᠷᠳᠡ ᠮᠣᠷᠢ ᠴᠦ᠍ ᠬᠠᠷᠠᠭᠳᠠᠭᠰᠠᠨ ᠦᠭᠡᠢ᠃ ᠵᠡᠷᠭᠡᠯᠡᠨ ᠰᠣᠨᠣᠯᠵᠠᠭᠰᠠᠨ ᠮᠦᠭᠦ ᠵᠢᠨ ᠫᠧᠩ ᠣᠨᠴᠠ ᠵᠢᠨ ᠦᠵᠡᠮᠵᠢ ᠪᠣᠯᠵᠣ ᠨᠣᠲᠣᠭ ᠵᠶ᠋ᠡᠨ ᠴᠢᠮᠡᠨ ᠠᠷᠤ᠎ᠳᠤ ᠬᠣᠴᠤᠷᠪᠠ᠃
ᠲᠤᠰᠠᠯᠠᠭᠴᠢ ᠵᠢᠨ ᠰᠦᠮ᠎ᠡ᠃ ᠴᠠᠭ ᠦᠶ᠎ᠡ ᠤᠷᠤᠭᠰᠢᠯᠠᠭᠰᠠᠭ᠋ᠠᠷ᠃ ᠲᠤᠰᠠᠯᠠᠭᠴᠢ ᠵᠢᠨ ᠰᠦᠮ᠎ᠡ ᠵᠢᠨ ᠠᠢ᠌ᠯ᠎ᠤᠨ᠎ᠬᠢᠨ ᠠᠷᠪᠠ ᠵᠢ ᠪᠦᠷᠬᠦᠭᠦᠯᠬᠦ ᠲᠦᠷᠦ ᠵᠢᠨ ᠪᠣᠳᠣᠯᠭ᠎ᠠ ᠵᠢ ᠤᠭᠲᠤᠨ ᠠᠪᠴᠢᠷᠠᠵᠠᠢ᠃ ᠠᠢ᠌ᠯ ᠪᠣᠯᠭ᠋ᠠᠨ᠎ᠳᠤ ᠵᠠᠰᠠᠮᠠᠯ ᠵᠠᠮ ᠨᠡᠪᠲᠡᠷᠡᠵᠦ᠂ ᠡᠷᠦᠬᠡ ᠪᠣᠯᠭ᠋ᠠᠨ ᠲᠣᠭᠣᠰᠬᠠᠨ ᠭᠡᠷ ᠪᠠᠷᠢᠵᠤ᠂ ᠶᠠᠳᠠᠭᠤ ᠬᠦᠴᠢᠷᠳᠡᠯ᠎ᠲᠠᠢ ᠪᠠᠢ᠌ᠳᠠᠯ᠎ᠠᠴᠠ ᠠᠩᠭᠢᠵᠢᠷᠠᠬᠤ ᠪᠣᠯᠪᠠ᠃ ᠲᠡᠷᠡ ᠳᠤᠮᠳᠠ᠂ ᠰᠢᠨ᠎ᠡ ᠬᠠᠭᠤᠴᠢᠨ ᠳᠦᠷᠰᠦ ᠪᠠᠢ᠌ᠳᠠᠯ᠎ᠢ ᠵᠡᠷᠭᠡ᠎ᠪᠡᠷ ᠬᠠᠷᠠᠭᠤᠯᠤᠭᠰᠠᠨ ᠦᠪᠡᠷᠮᠢᠴᠡ ᠣᠨᠴᠠᠯᠢᠭ᠎ᠲᠠᠢ ᠠᠢ᠌ᠯ ᠲᠤᠰᠬᠤᠨ ᠢᠯᠡᠷᠡᠭᠰᠡᠨ ᠪᠠᠢ᠌ᠨ᠎ᠠ᠃
ᠰᠦᠮ᠎ᠡ ᠵᠢᠨ ᠠᠢ᠌ᠯ᠎ᠤᠨ ᠳᠤᠮᠳᠠᠭᠤᠷ ᠬᠣᠢ᠌ᠰᠢ ᠤᠷᠤᠭᠰᠢ ᠵᠠᠰᠠᠭᠰᠠᠨ ᠼᠸᠮᠸᠨ᠋ᠲ ᠵᠠᠮ᠎ᠲᠠᠢ᠃ ᠵᠠᠮ᠎ᠤᠨ ᠪᠠᠷᠠᠭᠤᠨ ᠲᠠᠯ᠎ᠠ᠎ᠳᠤ ᠰᠢᠨ᠎ᠡ ᠪᠠᠷᠢᠭᠰᠠᠨ ᠸᠠᠭ᠋ᠠᠷ ᠲᠣᠭᠣᠰᠬᠠᠨ ᠪᠠᠢ᠌ᠰᠢᠩ ᠵᠢᠭᠳᠡᠷᠡᠵᠦ 《ᠰᠢᠨ᠎ᠡ ᠠᠢ᠌ᠯ》 ᠪᠣᠯᠵᠠᠢ᠃ ᠵᠠᠮ᠎ᠤᠨ ᠵᠡᠭᠦᠨ ᠲᠠᠯ᠎ᠠ᠎ᠳᠤ ᠤᠨᠠᠵᠤ ᠲᠤᠰᠬᠤ ᠠᠶᠤᠯ ᠦᠭᠡᠢ ᠰᠢᠨᠡᠬᠡᠨ ᠰᠢᠷᠣᠢ ᠵᠢᠨ ᠪᠠᠢ᠌ᠰᠢᠩᠤᠳᠠᠴᠠ 18 ᠪᠠᠢ᠌ᠰᠢᠩ᠎ᠢ ᠬᠠᠭᠤᠴᠢᠨ ᠲᠤᠰᠬᠤᠨ᠎ᠤ ᠠᠮᠢᠳᠤᠷᠠᠯ᠎ᠤᠨ ᠦᠩᠭᠡ ᠳᠦᠷᠰᠦ ᠵᠢ ᠬᠠᠳᠠᠭ᠋ᠠᠯᠠᠬᠤ᠂ ᠳᠡᠯᠭᠡᠨ ᠦᠵᠡᠭᠦᠯᠬᠦ᠎ᠪᠠᠷ ᠦᠯᠡᠳᠡᠭᠡᠵᠡᠢ᠃ ᠭᠡᠬᠦ᠎ᠳᠤ᠎ᠪᠠᠨ ᠲᠤᠰᠬᠤᠨ᠎ᠤ ᠬᠠᠭᠤᠴᠢᠨ ᠰᠠᠭᠤᠷᠢᠨ᠎ᠢ ᠰᠢᠨ᠎ᠡ ᠡᠷᠡᠨ᠎ᠤ ᠵᠤᠭ᠋ᠠᠴᠠᠯ᠎ᠤᠨ ᠦᠢ᠍ᠯᠡᠰ ᠂ ᠬᠣᠷᠰᠢᠶᠠᠵᠢᠯ᠎ᠤᠨ ᠦᠢ᠍ᠯᠡᠰ᠂ ᠵᠠᠬ᠎ᠠ ᠳᠡᠯᠭᠡᠭᠦᠷ᠎ᠤᠨ ᠠᠵᠤ ᠦᠢ᠍ᠯᠡᠰ ᠵᠡᠷᠭᠡ᠎ᠲᠠᠢ ᠬᠣᠯᠪᠤᠭᠳᠠᠭᠤᠯᠵᠤ᠂ 《ᠰᠦᠮ᠎ᠡ ᠵᠢᠨ ᠠᠢ᠌ᠯ᠎ᠤᠨ ᠠᠷᠠᠳ᠎ᠤᠨ ᠵᠠᠩ ᠦᠢ᠍ᠯᠡ ᠵᠢᠨ ᠦᠵᠡᠭᠦᠯᠦᠯᠭᠡ》 《ᠰᠦᠮ᠎ᠡ ᠵᠢᠨ ᠠᠢ᠌ᠯ᠎ᠤᠨ ᠲᠠᠷᠢᠶᠠᠯᠠᠩ᠎ᠤᠨ ᠬᠣᠷᠰᠢᠶᠠᠵᠢᠯ᠎ᠤᠨ ᠺᠣᠮᠫᠠᠨᠢ》 《ᠰᠦᠮ᠎ᠡ ᠵᠢᠨ ᠠᠢ᠌ᠯ᠎ᠤᠨ ᠴᠣᠯ ᠪᠠᠢ᠌ᠭ᠋ᠠᠯᠢᠯᠢᠭ ᠴᠠᠭ᠋ᠠᠨ ᠢᠳᠡᠭᠡᠨ᠎ᠤ ᠦᠢ᠍ᠯᠡᠰ ᠺᠣᠮᠫᠠᠨᠢ》 ᠁ ᠵᠡᠷᠭᠡ ᠵᠢ ᠪᠠᠢ᠌ᠭᠤᠯᠵᠤ᠂ ᠲᠤᠰᠬᠤᠨ᠎ᠤ ᠠᠷᠠᠳ᠎ᠤᠨ ᠤᠯᠠᠮᠵᠢᠯᠠᠯᠲᠤ ᠵᠠᠩ ᠦᠢ᠍ᠯᠡ ᠵᠢ ᠣᠷᠣᠨ ᠰᠠᠭᠤᠴᠠ᠂ ᠡᠳ᠋ᠯᠡᠯ ᠬᠡᠷᠡᠭᠰᠡᠯ᠂ ᠢᠳᠡᠭᠡᠨ ᠤᠮᠳᠠᠭ᠋ᠠᠨ᠂ ᠨᠠᠭ᠋ᠠᠳᠤᠮ ᠲᠣᠭᠯᠠᠭ᠋ᠠᠮ ᠵᠡᠷᠭᠡ ᠲᠠᠯ᠎ᠠ᠎ᠪᠠᠷ ᠲᠤᠰᠬᠠᠨ ᠬᠠᠷᠠᠭᠤᠯᠵᠤ᠂ ᠬᠣᠯᠠ ᠣᠢ᠌ᠷ᠎ᠠ ᠵᠢᠨ ᠵᠤᠭ᠋ᠠᠴᠢᠭᠴᠢᠳᠤᠨ ᠲᠠᠭ᠋ᠠᠰᠢᠶᠠᠯ ᠮᠠᠭᠲᠠᠭ᠋ᠠᠯ᠎ᠢ ᠣᠯᠵᠣ ᠪᠠᠢ᠌ᠭ᠎ᠠ ᠠᠵᠠᠢ᠃
ᠪᠣᠣ ᠢᠦᠢ ᠮᠢᠨ (ᠨᠠᠰᠤᠠᠠᠤᠷᠲᠤ) ᠠᠪᠤᠭ᠋ᠠᠢ ᠪᠢᠳᠡᠨ᠎ᠢ ᠳᠠᠭ᠋ᠠᠭᠤᠯᠵᠤ ᠰᠢᠷᠣᠢ ᠵᠢᠨ ᠬᠡᠷᠡᠮ᠎ᠲᠠᠢ᠂ ᠬᠣᠶᠠᠷ ᠠᠯᠳᠠ ᠦᠷᠭᠡᠨ᠂ ᠠᠯᠳᠠ ᠦᠨᠳᠦᠷ ᠰᠢᠪᠡᠭᠡ ᠡᠭᠦᠳᠡ᠎ᠲᠠᠢ ᠲᠣᠮᠣ ᠬᠦᠷᠢᠶ᠎ᠡ ᠵᠢᠨ ᠲᠡᠨᠳᠡ ᠬᠦᠷᠦᠭᠡᠳ᠄ 《ᠵᠠ᠂ ᠡᠨᠡ ᠪᠣᠯ ᠮᠠᠨ᠎ᠤ ᠲᠤᠰᠠᠯᠠᠭᠴᠢ ᠵᠢᠨ ᠰᠦᠮ᠎ᠡ ᠠᠢ᠌ᠯ᠎ᠤᠨ 〈ᠮᠠᠩᠬᠠᠨ ᠴᠡᠴᠡᠷᠯᠢᠭ〉 ᠪᠣᠯᠣᠨ᠎ᠠ》 ᠭᠡᠵᠤ ᠲᠠᠨᠢᠯᠴᠠᠭᠤᠯᠪᠠ᠃ ᠮᠠᠩᠬᠠᠨ ᠴᠡᠴᠡᠷᠯᠢᠭ᠎ᠨᠢ ᠵᠢᠵᠢᠭᠬᠡᠨ ᠨᠠᠭᠤᠷ᠂ ᠨᠠᠭᠤᠷ᠎ᠤᠨ ᠬᠦᠪᠡᠭᠡᠨ᠎ᠤ ᠮᠠᠩᠬ᠎ᠠ᠂ ᠰᠡᠷᠢᠭᠦᠴᠡᠬᠦ ᠲᠢᠩᠬᠢᠮ᠂ ᠮᠣᠳᠣᠨ ᠬᠦᠭᠦᠷᠭᠡ᠂ ᠵᠡᠭᠡᠰᠦ ᠬᠤᠯᠤᠰᠤ᠎ᠪᠠᠷ ᠡᠯᠪᠡᠭᠰᠡᠨ ᠲᠣᠮᠣ ᠰᠢᠬᠦᠷ ᠵᠡᠷᠭᠡ᠎ᠪᠠᠷ ᠪᠦᠷᠢᠯᠳᠦᠵᠦ᠂ ᠴᠠᠭ ᠰᠤᠨᠳᠠᠯᠠᠵᠤ ᠡᠷᠳᠡ ᠵᠠᠭᠤᠨ᠎ᠤ ᠣᠷᠴᠢᠨ ᠲᠣᠭᠣᠷᠢᠨ᠎ᠳᠤ ᠣᠴᠢᠭᠰᠠᠨ ᠰᠢᠭ᠋ ᠰᠠᠨᠠᠭᠳᠠᠭᠤᠯᠤᠨ᠎ᠠ᠃ ᠵᠢᠵᠢᠭᠬᠡᠨ ᠨᠠᠭᠤᠷ᠎ᠨᠢ ᠦᠨᠡᠨ᠎ᠳᠤ᠎ᠪᠠᠨ ᠵᠣᠬᠢᠶᠠᠮᠠᠯ ᠨᠠᠭᠤᠷ ᠪᠠᠢ᠌ᠵᠠᠢ ᠃ ᠵᠣᠨ᠎ᠤ ᠴᠠᠭ᠎ᠲᠤ ᠤᠮᠪᠠᠯᠲᠠ ᠵᠢᠨ ᠭᠠᠵᠠᠷ᠂ ᠡᠪᠦᠯ᠎ᠤᠨ ᠤᠯᠠᠷᠢᠯ᠎ᠳᠤ ᠮᠦᠰᠦ ᠲᠡᠰᠢᠯᠲᠡ ᠵᠢᠨ ᠲᠠᠯᠠᠪᠤᠷ ᠪᠣᠯᠭ᠋ᠠᠵᠤ᠂ ᠲᠤᠰᠬᠤᠨ᠎ᠤ ᠠᠷᠠᠳ᠎ᠤᠨ ᠠᠵᠢᠯ᠎ᠤᠨ ᠴᠢᠯᠦᠭᠡᠨ᠎ᠤ ᠵᠤᠭ᠎ᠠ ᠴᠡᠩᠬᠡᠯ᠎ᠤᠨ ᠲᠠᠯᠠᠪᠤᠷ ᠪᠣᠯᠵᠤ ᠪᠠᠢ᠌ᠭ᠎ᠠ ᠶᠤᠮ ᠪᠠᠢ᠌ᠨ᠎ᠠ᠃
ᠮᠠᠩᠬᠠᠨ ᠴᠡᠴᠡᠷᠯᠢᠭ᠎ᠤᠨ ᠡᠮᠦᠨᠡᠭᠦᠷ ᠼᠸᠮᠸᠨ᠋ᠲ ᠵᠠᠮ᠎ᠲᠠᠢ᠃ ᠵᠠᠮ᠎ᠤᠨ ᠡᠮᠦᠨ᠎ᠡ ᠲᠠᠯ᠎ᠠ᠎ᠳᠤ 《ᠦᠨᠳᠦᠰᠦᠲᠡᠨ᠎ᠤ ᠵᠠᠩ ᠦᠢ᠍ᠯᠡ ᠵᠢᠨ ᠦᠵᠡᠭᠦᠯᠦᠯᠭᠡ ᠵᠢᠨ ᠬᠦᠷᠢᠶᠡᠯᠡᠩ》 ᠪᠣᠢ᠃ ᠪᠢᠳᠡ ᠤᠷᠢᠳ ᠵᠶ᠋ᠠᠷ ᠤᠯᠠᠮᠵᠢᠯᠠᠯᠲᠤ ᠡᠳ᠋ᠯᠡᠯ ᠬᠡᠷᠡᠭᠰᠡᠯ᠎ᠤᠨ ᠦᠵᠡᠭᠦᠯᠦᠯᠭᠡ ᠵᠢᠨ ᠭᠡᠷ᠎ᠲᠤ ᠬᠦᠷᠪᠡᠯ᠂ ᠳᠡᠪᠢᠭᠦᠷ᠂ ᠫᠣᠣᠯᠣᠣ᠂ ᠪᠣᠯᠣ᠂ ᠠᠨᠵᠢᠰᠤ᠂ ᠠᠪᠳᠠᠷ᠎ᠠ ᠬᠣᠷᠭᠣ ᠁ ᠵᠡᠷᠭᠡ ᠪᠤᠷᠭ᠋ᠠᠰᠤ ᠮᠣᠳᠣ᠎ᠪᠠᠷ ᠭᠣᠣᠯ ᠮᠠᠲ᠋ᠧᠷᠢᠶᠠᠯ ᠪᠣᠯᠭ᠋ᠠᠭᠰᠠᠨ ᠮᠠᠰᠢ ᠣᠯᠠᠨ ᠵᠦᠢ᠍ᠯ᠎ᠢ ᠳᠡᠯᠭᠡᠨ ᠦᠵᠡᠭᠦᠯᠵᠦ ᠪᠣᠢ᠂ ᠵᠢᠪᠡᠷᠡᠬᠦ ᠦᠭᠡᠢ ᠲᠡᠮᠦᠷ᠂ ᠰᠦᠯᠢᠶᠣᠣ ᠮᠠᠲ᠋ᠧᠷᠢᠶᠠᠯ᠎ᠢ ᠡᠭᠦᠳᠦᠨ ᠪᠦᠲᠦᠭᠡᠭᠰᠡᠨᠤ ᠳᠠᠷᠠᠭ᠎ᠠ ᠡᠳᠡᠭᠡᠷ ᠵᠦᠢ᠍ᠯ ᠣᠳᠣ ᠨᠢᠭᠡᠨᠲᠡ ᠭᠡᠷᠡᠭᠯᠡᠬᠦ᠎ᠪᠠᠨ ᠪᠣᠯᠢᠵᠤ᠂ ᠶᠣᠰᠤᠲᠠᠢ 《ᠬᠠᠭᠤᠴᠢᠨ ᠶᠠᠭᠤᠮ᠎ᠠ ᠤᠯᠠ ᠪᠣᠯᠵᠣ᠂ ᠰᠢᠨ᠎ᠡ ᠶᠠᠭᠤᠮ᠎ᠠ ᠵᠤᠯᠠ ᠪᠣᠯᠵᠠᠢ》᠃ ᠭᠡᠪᠡᠴᠦ ᠡᠷᠲᠡᠨ᠎ᠤ ᠮᠣᠩᠭᠤᠯᠴᠤᠳ᠎ᠤᠨ ᠤᠬᠠᠭ᠋ᠠᠨ᠎ᠤ ᠬᠤᠷᠴᠠ᠂ ᠭᠠᠷᠤᠨ ᠤᠷ᠎ᠠ᠎ᠨᠢ ᠲᠡᠮᠳᠡᠭᠯᠡᠨ ᠦᠯᠡᠳᠡᠭᠰᠡᠨ ᠡᠳᠡᠭᠡᠷ ᠵᠦᠢ᠍ᠯᠡᠰ ᠲᠡᠦᠬᠡᠨ ᠴᠠᠭ ᠦᠶ᠎ᠡ ᠵᠢᠨ ᠰᠢᠨᠵᠢ ᠲᠡᠮᠳᠡᠭ ᠪᠣᠯᠵᠤ᠂ ᠲᠤᠰᠠᠯᠠᠭᠴᠢ ᠵᠢᠨ ᠰᠦᠮ᠎ᠡ ᠲᠤᠰᠬᠤᠨ᠎ᠤ ᠠᠷᠠᠳ᠎ᠤᠨ ᠠᠮᠢᠳᠤᠷᠠᠯ᠎ᠤᠨ ᠤᠯᠠ ᠮᠦᠷ᠎ᠢ ᠬᠠᠷᠠᠭᠤᠯᠵᠤ ᠪᠠᠢ᠌ᠳᠠᠭ ᠵᠶ᠋ᠡᠷ ᠵᠶ᠋ᠡᠨ ᠬᠣᠪᠣᠷ ᠨᠠᠨᠳᠢᠨ ᠶᠤᠮ᠃
ᠦᠵᠡᠭᠦᠯᠦᠯᠭᠡ ᠵᠢᠨ ᠭᠡᠷ᠎ᠠᠴᠠ ᠤᠷᠤᠭᠰᠢᠯᠠᠵᠤ ᠡᠮᠦᠨ᠎ᠡ ᠬᠦᠷᠢᠶᠡᠨ᠎ᠳᠤ ᠣᠷᠣᠪᠠᠯ ᠬᠠᠭᠤᠴᠢᠨ ᠴᠠᠭ᠎ᠤᠨ ᠰᠤᠷᠭ᠋ᠠᠭᠤᠯᠢ ᠵᠢᠨ ᠬᠦᠷᠢᠶᠡᠨ᠎ᠤ ᠳᠡᠯᠭᠡᠨ ᠦᠵᠡᠭᠦᠯᠦᠯᠭᠡ ᠪᠠᠢ᠌ᠵᠠᠢ᠃ ᠬᠦᠷᠢᠶ᠎ᠡ ᠬᠠᠰᠢᠶ᠎ᠠ᠎ᠨᠢ ᠰᠢᠷᠣᠢ ᠵᠢᠨ ᠬᠡᠷᠡᠮ ᠵᠶ᠋ᠡᠷ ᠪᠤᠰᠬᠠᠭᠳᠠᠵᠤ᠂ ᠠᠩᠭᠢ ᠵᠢᠨ ᠭᠡᠷ᠎ᠨᠢ ᠴᠦ᠍ ᠰᠢᠷᠣᠢ ᠵᠢᠨ ᠪᠠᠢ᠌ᠰᠢᠩ᠃ ᠬᠦᠷᠢᠶᠡᠨ ᠳᠤᠮᠳᠠᠬᠢ ᠰᠠᠭᠰᠤᠨ ᠪᠦᠮᠪᠦᠭᠡ ᠵᠢᠨ ᠲᠠᠯᠠᠪᠤᠷ ᠵᠢᠴᠢ ᠰᠢᠷᠣᠢ᠎ᠪᠠᠷ ᠪᠠᠷᠢᠭᠰᠠᠨ ᠫᠢᠩᠫᠠᠩ ᠪᠦᠮᠪᠦᠭᠡ ᠵᠢᠨ ᠰᠢᠷᠡᠭᠡ ᠲᠡᠦᠬᠡ ᠦᠭᠦᠯᠡᠵᠦ ᠤᠭᠲᠤᠪᠠ᠃ ᠳᠣᠲᠣᠭᠰᠢ ᠣᠷᠣᠪᠠᠯ ᠪᠦᠭᠦᠳᠡ ᠵᠢ ᠰᠢᠷᠣᠢ᠎ᠪᠠᠷ ᠪᠠᠷᠢᠭᠰᠠᠨ ᠪᠠᠭᠰᠢ ᠵᠢᠨ ᠬᠢᠴᠢᠶᠡᠯᠯᠡᠬᠦ ᠰᠢᠷᠡᠭᠡ᠂ ᠰᠤᠷᠤᠭᠴᠢ ᠵᠢᠨ ᠰᠤᠷᠤᠯᠴᠠᠬᠤ ᠰᠠᠨᠳᠠᠯᠢ ᠰᠢᠷᠡᠭᠡ᠂ ᠬᠢᠰᠠ ᠵᠡᠷᠭᠡ ᠬᠠᠷᠠᠭᠳᠠᠪᠠ᠃ 20 ᠳ᠋ᠤᠭ᠋ᠠᠷ ᠵᠠᠭᠤᠨ᠎ᠤ ᠳᠠᠯᠠᠭ᠋ᠠᠳ ᠣᠨ ᠪᠣᠯᠲᠠᠯ᠎ᠠ ᠵᠠᠷᠢᠮ ᠠᠢ᠌ᠯ ᠲᠤᠰᠬᠤᠨ᠎ᠳᠤ ᠡᠢ᠌ᠮᠦᠷᠬᠦᠦ ᠨᠦᠬᠦᠴᠡᠯ ᠳᠣᠣᠷ᠎ᠠ ᠰᠤᠷᠭ᠋ᠠᠭᠤᠯᠢ ᠡᠷᠬᠢᠯᠡᠵᠦ ᠪᠠᠢ᠌ᠭᠰᠠᠨ ᠪᠢᠯᠡ᠃ ᠬᠠᠷᠢᠴᠠᠭᠤᠯᠤᠯ ᠪᠠᠢ᠌ᠮᠠᠨᠵᠢᠨ ᠰᠠᠶᠢ ᠨᠡᠢ᠌ᠭᠡᠮ᠎ᠤᠨ ᠬᠦᠭᠵᠢᠯᠲᠡ ᠳᠠᠪᠰᠢᠯᠲᠠ ᠶᠠᠮᠠᠷ ᠪᠣᠯᠬᠣ ᠵᠢ ᠨᠡᠩ ᠲᠣᠳᠤᠷᠬᠠᠢ ᠣᠢ᠌ᠯᠠᠭ᠋ᠠᠨ᠎ᠠ᠂ ᠬᠠᠷᠢᠴᠠᠭᠤᠯᠤᠯ ᠪᠠᠢ᠌ᠮᠠᠨᠵᠢᠨ ᠰᠠᠶᠢ ᠣᠳᠣᠬᠢ ᠰᠠᠢ᠌ᠨ ᠰᠠᠢ᠌ᠬᠠᠨ ᠠᠮᠢᠳᠤᠷᠠᠯ ᠵᠶ᠋ᠡᠨ ᠨᠠᠨᠳᠢᠩᠨᠠᠬᠤ ᠵᠢ ᠮᠡᠳᠡᠨ᠎ᠡ᠂ ᠬᠠᠷᠢᠴᠠᠭᠤᠯᠤᠯ ᠪᠠᠢ᠌ᠮᠠᠨᠵᠢᠨ ᠰᠠᠶᠢ ᠴᠠᠭ ᠦᠶ᠎ᠡ ᠵᠢᠨ ᠬᠠᠷᠢᠭᠤᠴᠠᠯᠭ᠎ᠠ ᠭᠡᠳᠡᠭ ᠶᠠᠭᠤ ᠭᠡᠳᠡᠭ᠎ᠢ ᠮᠡᠳᠡᠨ᠎ᠡ᠃ ᠲᠡᠭᠡᠬᠦ᠎ᠪᠠᠷ ᠲᠤᠰᠠᠯᠠᠭᠴᠢ ᠵᠢᠨ ᠰᠦᠮ᠎ᠡ ᠵᠢᠨ᠎ᠬᠢᠨ᠎ᠤ ᠳᠡᠯᠭᠡᠨ ᠦᠵᠡᠭᠦᠯᠦᠯᠭᠡ᠎ᠨᠢ ᠮᠠᠰᠢ ᠴᠢᠬᠤᠯᠠ ᠤᠳᠬ᠎ᠠ ᠠᠭᠤᠯᠭ᠎ᠠ᠎ᠲᠠᠢ᠃ ᠨᠠᠢ᠍ᠮᠠᠨ ᠬᠣᠰᠢᠭᠤᠨ᠎ᠤ ᠨᠡᠯᠢᠶᠡᠳ ᠬᠡᠳᠦᠨ ᠠᠢ᠌ᠯ ᠲᠤᠰᠬᠤᠨ᠎ᠳᠤ ᠡᠢ᠌ᠮᠦᠷᠬᠦᠦ ᠬᠠᠭᠤᠴᠢᠨ ᠴᠠᠭ᠎ᠤᠨ ᠡᠳ᠋ᠯᠡᠯ ᠬᠡᠷᠡᠭᠰᠡᠯ᠎ᠢ ᠳᠡᠯᠭᠡᠨ ᠦᠵᠡᠭᠦᠯᠬᠦ ᠲᠤᠰᠬᠠᠢ ᠦᠷᠦᠭᠡ ᠪᠠᠢ᠌ᠭᠤᠯᠤᠭᠰᠠᠨ᠎ᠨᠢ ᠨᠡᠢ᠌ᠳᠡᠯᠢᠭ ᠲᠠᠯ᠎ᠠ᠎ᠲᠠᠢ ᠪᠦᠭᠡᠳ ᠪᠠᠰᠠ ᠦᠪᠡᠷᠮᠢᠴᠡ ᠲᠠᠯ᠎ᠠ᠎ᠲᠠᠢ ᠶᠤᠮ᠃
ᠬᠠᠭᠤᠴᠢᠨ ᠰᠤᠷᠭ᠋ᠠᠭᠤᠯᠢ ᠵᠢᠨ ᠬᠦᠷᠢᠶᠡᠨ᠎ᠤ ᠳᠡᠷᠭᠡᠳᠡᠬᠢ ᠪᠠᠢ᠌ᠰᠢᠩ ᠪᠣᠯ ᠰᠢᠨ᠎ᠡ ᠬᠠᠭᠤᠴᠢᠨ᠎ᠤ ᠬᠣᠯᠪᠤᠭ᠋ᠠᠰᠤ ᠪᠣᠯᠤᠭᠰᠠᠨ ᠬᠦᠳᠡᠭᠡ ᠠᠢ᠌ᠯ᠎ᠤᠨ ᠬᠣᠭᠣᠯᠠᠨ ᠭᠡᠷ ᠪᠣᠯᠣᠨ᠎ᠠ᠃ ᠬᠣᠭᠣᠯᠠᠨ ᠭᠡᠷ᠎ᠤᠨ ᠨᠣᠭᠣᠭ᠎ᠠ ᠴᠠᠭ᠎ᠠ᠂ ᠮᠢᠬ᠎ᠠ ᠲᠠᠷᠢᠶ᠎ᠠ ᠶᠠᠭᠤ ᠪᠦᠬᠦᠨ᠎ᠨᠢ ᠲᠤᠰ ᠠᠢ᠌ᠯ᠎ᠤᠨ ᠨᠤᠲᠤᠭ᠎ᠤᠨ ᠭᠠᠷᠤᠯᠲᠠ᠃ ᠡᠵᠡᠩᠨᠡᠭᠴᠢ ᠪᠣᠯᠣᠨ ᠦᠢ᠍ᠯᠡᠴᠢᠯᠡᠭᠴᠢ᠎ᠨᠢ ᠪᠦᠷ ᠲᠤᠰ ᠠᠢ᠌ᠯ᠎ᠤᠨ᠎ᠬᠢ᠃ ᠬᠣᠭᠣᠯᠠᠨ ᠭᠡᠷ᠎ᠨᠢ ᠰᠢᠪᠠᠷ ᠪᠠᠢ᠌ᠰᠢᠩ᠂ ᠬᠠᠨᠵᠤ᠂ ᠵᠤᠤᠬ᠎ᠠ᠂ ᠬᠣᠪᠣᠩ ᠵᠡᠷᠭᠡ᠎ᠪᠠᠷ ᠵᠶ᠋ᠡᠨ ᠬᠠᠭᠤᠴᠢᠨ ᠴᠠᠭ᠎ᠤᠨ ᠦᠩᠭᠡ ᠳᠦᠷᠰᠦ ᠵᠢ ᠬᠠᠷᠠᠭᠤᠯᠵᠤ᠂ ᠬᠤᠭᠤᠯᠠᠨ ᠭᠡᠷ ᠡᠵᠡᠩᠨᠡᠬᠦ ᠠᠷᠭ᠎ᠠ ᠬᠡᠯᠪᠡᠷᠢ᠂ ᠣᠢ᠌ᠯᠠᠭ᠋ᠠᠨᠳᠠᠬᠤᠨᠤ ᠲᠠᠯ᠎ᠠ᠎ᠪᠠᠷ ᠰᠢᠨ᠎ᠡ ᠴᠠᠭ᠎ᠤᠨ ᠵᠠᠬ᠎ᠠ ᠳᠡᠯᠭᠡᠭᠦᠷ᠎ᠤᠨ ᠠᠵᠤ ᠠᠬᠤᠢ᠌ᠯᠠᠯ᠎ᠲᠠᠢ ᠨᠡᠢ᠌ᠯᠡᠭᠡᠳ ᠰᠢᠨ᠎ᠡ ᠬᠦᠳᠡᠭᠡ ᠲᠤᠰᠬᠤᠨ᠎ᠤ ᠦᠩᠭᠡ ᠭᠠᠯᠪᠢᠷᠢ ᠬᠠᠷᠠᠭᠤᠯᠵᠤ ᠴᠢᠳᠠᠭᠰᠠᠨ ᠬᠡᠪ ᠳᠠᠭᠤᠷᠢᠶᠠᠯ ᠪᠣᠯᠵᠠᠢ᠃
ᠲᠤᠰᠠᠯᠠᠭᠴᠢ ᠵᠢᠨ ᠰᠦᠮ᠎ᠡ ᠠᠢ᠌ᠯ᠎ᠤᠨ᠎ᠬᠢᠨ ᠵᠤᠭ᠋ᠠᠴᠠᠯ᠎ᠤᠨ ᠦᠢ᠍ᠯᠡᠰ ᠵᠶ᠋ᠡᠷ ᠭᠣᠣᠯ ᠲᠦᠪ ᠪᠣᠯᠭ᠋ᠠᠵᠤ᠂ ᠵᠤᠭ᠋ᠠᠴᠠᠭᠴᠢᠳᠤᠨ ᠱᠠᠭ᠋ᠠᠷᠳᠠᠯᠭ᠎ᠠ ᠵᠢᠴᠢ ᠣᠷᠣᠨ ᠨᠤᠲᠤᠭ᠎ᠤᠨ ᠭᠠᠵᠠᠷ ᠰᠢᠷᠤᠢ᠂ ᠭᠠᠷᠤᠯᠳᠠ᠂ ᠤᠯᠠᠮᠵᠢᠯᠠᠯᠲᠤ ᠠᠵᠤ ᠠᠬᠤᠢ ᠵᠡᠷᠭᠡ᠎ᠪᠠᠷ ᠦᠨᠳᠦᠰᠦᠯᠡᠯ ᠪᠣᠯᠭ᠋ᠠᠭ᠋ᠠᠳ 《ᠲᠤᠰᠠᠯᠠᠭᠴᠢ ᠵᠢᠨ ᠰᠦᠮ᠎ᠡ ᠬᠤᠷᠤᠳ》 《ᠲᠤᠰᠠᠯᠠᠭᠴᠢ ᠵᠢᠨ ᠰᠦᠮ᠎ᠡ ᠪᠤᠷᠴᠠᠭ᠎ᠤᠨ ᠡᠭᠡᠳᠡᠩ》 《ᠲᠤᠰᠠᠯᠠᠭᠴᠢ ᠵᠢᠨ ᠰᠦᠮ᠎ᠡ ᠭᠦᠵᠡᠯᠵᠡᠭᠡᠨ᠎ᠡ》 《ᠲᠤᠰᠠᠯᠠᠭᠴᠢ ᠵᠢᠨ ᠰᠦᠮ᠎ᠡ ᠦᠵᠦᠮ》 《ᠲᠤᠰᠠᠯᠠᠭᠴᠢ ᠵᠢᠨ ᠰᠦᠮ᠎ᠡ ᠲᠠᠷᠪᠤᠰ》 ᠁ ᠭᠡᠬᠦ ᠮᠡᠲᠦ᠎ᠪᠠᠷ ᠠᠢ᠌ᠯ ᠤᠰᠤᠨ᠎ᠤ ᠲᠤᠰᠬᠠᠢ ᠮᠠᠷᠺ ᠲᠡᠮᠳᠡᠭ᠎ᠢ ᠡᠭᠦᠳᠦᠨ ᠪᠦᠲᠦᠭᠡᠭᠡᠳ ᠠᠶᠠᠯᠠᠨ ᠵᠤᠭ᠋ᠠᠴᠠᠭᠴᠢᠳᠲᠤ ᠴᠣᠯ ᠪᠠᠢ᠌ᠭ᠋ᠠᠯᠢᠯᠢᠭ ᠢᠳᠡᠭᠡᠨ ᠤᠮᠳᠠᠭ᠋ᠠᠨ᠎ᠢ ᠬᠠᠩᠭ᠋ᠠᠳᠠᠭ᠎ᠠᠴᠠ ᠰᠢᠨ᠎ᠡ ᠬᠦᠳᠡᠭᠡ ᠵᠢᠨ ᠰᠢᠨ᠎ᠡ ᠵᠠᠮ᠎ᠢ ᠨᠡᠭᠡᠭᠡᠭᠰᠡᠨ ᠰᠢᠯᠢᠳᠡᠭ ᠲᠤᠰᠬᠤᠨ ᠪᠣᠯᠵᠤ ᠬᠣᠯᠠ ᠣᠢ᠌ᠷ᠎ᠠ᠎ᠳᠤ ᠠᠯᠳᠠᠷᠰᠢᠭᠰᠠᠨ ᠪᠠᠢ᠌ᠨ᠎ᠠ᠃
2017 ᠣᠨ᠎ᠤ 5 ᠳ᠋ᠤᠭ᠋ᠠᠷ ᠰᠠᠷ᠎ᠠ᠎ᠳᠤ᠂ ᠪᠦᠬᠦ ᠲᠤᠰᠬᠤᠨ᠎ᠤ ᠠᠷᠠᠳ ᠬᠤᠪᠢ ᠤᠷᠤᠭᠤᠯᠵᠤ 《ᠦᠪᠦᠷ ᠮᠣᠩᠭᠤᠯ᠎ᠤᠨ ᠰᠦᠮ᠎ᠡ ᠵᠢᠨ ᠠᠢ᠌ᠯ᠎ᠤᠨ ᠠᠷᠠᠳ᠎ᠤᠨ ᠵᠠᠩ ᠦᠢ᠍ᠯᠡ ᠵᠢᠨ ᠰᠡᠯᠡᠭᠦᠴᠡᠯ ᠵᠤᠭ᠋ᠠᠴᠠᠯ᠎ᠤᠨ ᠺᠣᠮᠫᠠᠨᠢ》 ᠵᠢ ᠪᠦᠷᠢᠳᠭᠡᠭᠦᠯᠦᠨ ᠪᠠᠢ᠌ᠭᠤᠯᠤᠭᠰᠠᠨ᠎ᠠᠴᠠ ᠪᠦᠬᠦ ᠲᠤᠰᠬᠤᠨ᠎ᠤ ᠠᠷᠠᠳ ᠲᠦᠮᠡᠨ ᠭᠠᠴᠠᠭ᠋ᠠᠨ᠎ᠤ ᠤᠳᠤᠷᠢᠳᠤᠯᠭ᠎ᠠ᠂ ᠺᠣᠮᠫᠠᠨᠢ ᠵᠢᠨ ᠤᠳᠤᠷᠢᠳᠤᠯᠭ᠎ᠠ ᠵᠢᠨ ᠲᠤᠭᠤᠷᠢᠨ᠎ᠳᠤ ᠪᠦᠯᠬᠦᠮᠳᠡᠨ ᠨᠢᠭᠲᠠᠷᠠᠵᠤ᠂ ᠺᠣᠮᠫᠠᠨᠢ ᠵᠢᠨ ᠡᠵᠡᠩᠨᠡᠬᠦ ᠠᠷᠭ᠎ᠠ ᠬᠡᠯᠪᠡᠷᠢ᠎ᠪᠠᠨ ᠲᠠᠰᠤᠷᠠᠯᠲᠠ ᠦᠭᠡᠢ ᠦᠭᠡᠷᠡᠴᠢᠯᠡᠨ ᠰᠢᠯᠢᠳᠡᠭᠵᠢᠭᠦᠯᠵᠦ᠂ ᠪᠠᠶᠠᠨ ᠬᠦᠴᠦᠷᠬᠡᠭ᠂ ᠡᠶ᠎ᠡ ᠵᠣᠬᠢᠴᠠᠯᠲᠤ᠂ ᠠᠵᠠ ᠵᠢᠷᠭ᠋ᠠᠯ᠎ᠲᠠᠢ ᠠᠢ᠌ᠯ ᠲᠤᠰᠬᠤᠨ ᠣᠢ᠌ᠷ᠎ᠠ ᠵᠢᠨ ᠬᠦᠮᠦᠰ᠎ᠲᠤ ᠱᠠᠭᠰᠢᠭᠳᠠᠵᠤ᠂ ᠬᠣᠯᠠ ᠵᠢᠨ ᠰᠣᠨᠣᠰᠬᠤᠯᠠᠩ᠎ᠳᠤ ᠳᠠᠭᠤᠷᠢᠰᠴᠠᠢ᠃
ᠵᠤᠨ᠎ᠤ ᠰᠠᠢ᠌ᠬᠠᠨ ᠤᠯᠠᠷᠢᠯ᠎ᠳᠤ ᠵᠦᠢ᠍ᠯ᠎ᠤᠨ ᠰᠢᠪᠠᠭᠤᠳ ᠰᠢᠭᠤᠢ᠎ᠪᠠᠨ ᠪᠠᠶᠠᠰᠬᠠᠵᠤ ᠡᠭᠡᠰᠢᠭᠯᠡᠭᠡᠳ᠂ ᠵᠢᠷᠬᠢᠷ᠎ᠡ ᠮᠡᠯᠡᠬᠡᠢ ᠬᠣᠭᠣᠯᠠᠢ ᠨᠡᠢ᠌ᠯᠡᠭᠦᠯᠦᠨ ᠬᠠᠩᠭᠢᠨᠠᠭᠤᠯᠤᠭᠰᠠᠨ ᠪᠠᠶᠠᠨᠲᠠᠯ᠎ᠠ ᠨᠤᠲᠤᠭ ᠠᠷᠤ᠎ᠳᠤ ᠬᠤᠴᠤᠷᠴᠤ ᠪᠢᠳᠡᠨ᠎ᠤ ᠭᠠᠯ ᠠᠶᠠᠨ ᠪᠤᠴᠠᠬᠤ ᠵᠠᠮ ᠵᠶ᠋ᠡᠨ ᠡᠯᠭᠦᠪᠡ᠃ ᠵᠠᠮ᠎ᠤᠨ ᠬᠠᠵᠠᠭᠤ᠎ᠪᠠᠷ ᠡᠷᠳᠡᠨᠢ ᠰᠢᠰᠢ ᠵᠢᠨ ᠲᠠᠷᠢᠶ᠎ᠠ ᠤᠷᠭᠤᠴᠠ᠎ᠪᠠᠨ ᠭᠠᠢ᠌ᠬᠠᠭᠤᠯᠤᠨ ᠬᠦᠬᠡᠷᠡᠨ ᠨᠣᠭᠤᠭ᠋ᠠᠷᠠᠭ᠋ᠠᠳ᠂ ᠦᠩ ᠵᠢᠯ᠎ᠤᠨ ᠪᠠᠢ᠌ᠳᠠᠯ ᠬᠠᠷᠠᠭᠳᠠᠨ᠎ᠠ᠃ ᠲᠠᠷᠢᠮᠠᠯ ᠦᠭᠡᠢ ᠭᠠᠵᠠᠷ ᠵᠶ᠋ᠡᠷ ᠡᠯᠳᠡᠪ ᠵᠦᠢ᠍ᠯ᠎ᠤᠨ ᠤᠷᠭᠤᠮᠠᠯ ᠦᠩᠭᠡ ᠢᠯᠭ᠋ᠠᠷᠠᠭᠤᠯᠤᠨ ᠪᠠᠭᠰᠢᠷᠠᠭ᠋ᠠᠳ ᠬᠠᠶᠠ ᠬᠡᠷᠡᠮᠦ ᠠᠯᠢᠶᠠᠷᠬᠠᠨ ᠰᠤᠮᠤᠳᠠᠵᠤ᠂ ᠬᠠᠶᠠ ᠭᠤᠷᠭᠤᠤᠯ ᠳᠡᠪᠳᠡᠷᠢᠨ ᠨᠢᠰᠦᠭᠡᠳ ᠪᠠᠶᠠᠨ ᠬᠦᠳᠡᠭᠡ ᠵᠢᠨ ᠭᠤᠸ᠎ᠠ ᠰᠠᠢ᠌ᠬᠠᠨ᠎ᠢ ᠳᠡᠯᠡᠬᠡᠢ ᠵᠢᠨ ᠬᠠᠷᠠᠭ᠋ᠠᠨ᠎ᠳᠤ ᠳᠡᠯᠭᠡᠭᠳᠡᠨ᠎ᠡ᠃
ᠴᠠᠳᠢᠭ ᠲᠡᠦᠬᠡ ᠵᠢᠨ ᠪᠠᠶᠠᠯᠢᠭ ᠬᠠᠳᠠᠭ᠋ᠠᠯᠠᠮᠵᠢ᠎ᠲᠠᠢ᠂ ᠴᠠᠭ᠎ᠤᠨ ᠦᠩᠭᠡ ᠵᠢᠨ ᠪᠠᠬᠠᠷᠤᠮ᠎ᠠ ᠭᠢᠯᠪᠠᠭ᠎ᠠ᠎ᠲᠠᠢ ᠪᠠᠶᠠᠨᠲᠠᠯ᠎ᠠ ᠨᠤᠲᠤᠭ ᠰᠠᠢ᠌ᠬᠠᠨ!
ᠵᠣᠬᠢᠶᠠᠭᠴᠢ ᠵᠢᠨ ᠬᠠᠶᠢᠭ᠄ ᠨᠠᠢ᠍ᠮᠠᠨ ᠬᠣᠰᠢᠭᠤᠨ᠎ᠤ ᠮᠣᠩᠭᠤᠯ ᠳᠤᠮᠳᠠᠳᠤ ᠰᠤᠷᠭ᠋ᠠᠭᠤᠯᠢ